ᠪᠠᠲᠤ ᠬᠠᠭᠠᠨ 8-10ᠴᠠᠭᠠᠨ ᠲᠠᠢᠷᠠᠩ ᠤ᠋ᠳ ᠲᠤᠰᠠᠯᠠᠭᠲᠤᠨ-ᠰᠢᠭᠤᠷᠭ᠎ᠠ ᠲᠠᠯᠪᠢᠪᠠBat khaan Бат хаан-ᠷᠣᠮᠠᠨ
ᠠᠷᠪᠠ ᠂ ᠴᠠᠭᠠᠨ ᠲᠠᠢᠷᠠᠩ ᠤ᠋ᠳ ᠲᠤᠰᠠᠯᠠᠭᠲᠤᠨ
ᠭᠤᠷᠪᠠᠨ ᠬᠣᠨᠣᠭ ᠴᠠᠰᠤ ᠦᠷᠭᠦᠯᠵᠢᠯᠡᠨ ᠣᠷᠣᠪᠠ᠂ ᠰᠠᠯᠬᠢ ᠤᠯᠠᠮ ᠬᠦᠴᠦᠲᠡᠢ ᠪᠣᠯᠵᠤ ᠨᠠᠷᠠᠰᠤᠨ ᠤ᠋ ᠣᠷᠣᠢ ᠪᠠᠷ ᠬᠦᠩᠭᠢᠨᠡᠨ ᠬᠥᠩᠭᠡᠨ ᠴᠠᠰᠤ ᠶ᠋ᠢ ᠡᠨᠳᠡ ᠲᠡᠨᠳᠡ ᠣᠪᠣᠭᠠᠯᠠᠵᠤ ᠪᠠᠢᠲᠠᠯ᠎ᠠ ᠰᠠᠨᠠᠭ᠎ᠠ ᠣᠯᠤᠭᠰᠠᠨ ᠮᠡᠲᠦ ᠴᠠᠰᠤᠨ ᠬᠣᠩᠬᠣᠷ ᠤ᠋ᠳ ᠢ᠋ ᠦᠯᠢᠶᠡᠨ ᠵᠠᠢᠯᠠᠭᠤᠯᠵᠤ ᠥᠭᠡᠷ᠎ᠡ ᠭᠠᠵᠠᠷ ᠬᠥᠭᠡᠭᠡᠭᠰᠡᠭᠡᠷ ᠴᠠᠰᠤᠨ ᠬᠥᠪᠡᠭᠡ ᠶ᠋ᠢ ᠰᠢᠨ᠎ᠡ ᠪᠡᠷ ᠪᠤᠰᠬᠠᠨ᠎ᠠ᠂ ᠪᠠᠢᠯᠳᠤᠭᠠᠨ ᠤ᠋ ᠬᠦᠷᠢᠶᠡᠨ ᠦ᠌ ᠪᠡᠶ᠎ᠡ ᠪᠡᠶ᠎ᠡ ᠪᠡᠨ ᠰᠢᠬᠠᠴᠠᠯᠳᠤᠭᠰᠠᠨ ᠨᠠᠮᠬᠠᠨ ᠣᠪᠣᠬᠠᠢ ᠨᠦᠬᠡᠨ ᠭᠡᠷ ᠦ᠋ᠳ ᠪᠢᠲᠡᠭᠦᠦ ᠴᠠᠭᠠᠨ ᠴᠠᠰᠤᠨ ᠨᠥᠮᠥᠷᠭᠡ ᠨᠥᠮᠥᠷᠴᠡᠢ᠃
ᠰᠢᠷᠦᠭᠦᠳᠡᠬᠦ ᠰᠢᠭᠤᠷᠭᠠᠨ ᠠ᠋ᠴᠠ ᠠᠮᠢᠲᠠᠨ ᠪᠦᠬᠦᠨ ᠠᠮᠢ ᠵᠤᠯᠪᠠᠵᠤ ᠬᠣᠷᠭᠣᠳᠠᠭᠰᠠᠨ ᠠᠪᠠᠴᠤ ᠭᠠᠭᠴᠠᠬᠠᠨ ᠬᠥᠮᠦᠨ ᠳᠣᠪᠣ ᠲᠣᠯᠣᠭᠠᠢ ᠶ᠋ᠢᠨ ᠳᠡᠭᠡᠷ᠎ᠡ ᠨᠣᠮᠣᠬᠠᠨ ᠵᠣᠭᠰᠣᠬᠤ ᠨᠢ ᠠᠶᠤᠩᠭᠠᠨ ᠳ᠋ᠤ᠌ ᠰᠠᠷᠨᠢᠭᠤᠯᠤᠭᠰᠠᠨ ᠬᠠᠭᠤᠴᠢᠨ ᠬᠤᠰᠤᠨ ᠮᠣᠳᠣᠨ ᠤ᠋ ᠬᠣᠵᠤᠤᠯ᠎ᠠ ᠰᠢᠭ᠋ ᠬᠠᠷᠠᠭᠳᠠᠨ᠎ᠠ᠃ ᠠᠩ ᠤ᠋ᠨ ᠠᠷᠠᠰᠤᠨ ᠬᠤᠪᠴᠠᠰᠤ ᠲᠠᠢ᠂ ᠤᠷᠲᠤ ᠮᠣᠳᠣᠨ ᠡᠭᠴᠡ ᠶ᠋ᠢ ᠴᠢᠩᠭ᠎ᠠ ᠲᠤᠯᠵᠤ᠂ ᠰᠠᠯᠬᠢᠨ ᠳ᠋ᠤ᠌ ᠲᠠᠭᠤᠭᠳᠠᠭᠰᠠᠨ ᠬᠥᠩᠭᠡᠨ ᠴᠠᠰᠤ ᠴᠠᠭᠠᠨ ᠰᠡᠭᠦᠳᠡᠷ ᠮᠡᠲᠦ ᠭᠦᠶᠦᠬᠦ ᠬᠣᠭᠣᠰᠣᠨ ᠲᠠᠯ᠎ᠠ ᠤᠷᠤᠭᠤ ᠬᠠᠨᠳᠤᠨ ᠴᠢᠩᠭ᠎ᠠ ᠤᠶᠠᠩᠭᠠᠯᠠᠨ ᠦᠭᠡ ᠶᠠᠷᠢᠨ᠎ᠠ᠃ ᠰᠢᠭᠤᠷᠭ᠎ᠠ ᠦᠯᠢᠶᠡᠭᠰᠡᠭᠡᠷ ᠪᠠᠢᠬᠤ ᠳ᠋ᠤ᠌ ᠲᠡᠷᠡ ᠬᠥᠮᠦᠨ ᠬᠠᠰᠬᠢᠷᠴᠤ ᠴᠤ᠌ ᠦᠵᠡᠨ᠎ᠡ᠂ ᠠᠶᠠᠷᠬᠠᠨ ᠰᠢᠪᠡᠨᠡᠭᠡᠳ ᠴᠦ᠍ ᠶᠠᠷᠢᠨ᠎ᠠ᠄
— ᠮᠢᠨᠦ ᠪᠡᠶ᠎ᠡ ᠡᠭᠦᠳᠡ ᠪᠡᠷ ᠭᠠᠷᠤᠭᠠᠳ ᠠᠲᠠᠷ ᠭᠠᠵᠠᠷ᠂ ᠠᠭᠤᠳᠠᠮ ᠪᠡᠯᠴᠢᠭᠡᠷ ᠠᠯᠤᠰ ᠤ᠋ᠨ ᠨᠤᠲᠤᠭ ᠢ᠋ ᠴᠢᠭᠯᠡᠵᠦ ᠭᠦᠨ ᠣᠢ ᠤᠷᠤᠭᠤ ᠬᠥᠯᠳᠡᠭᠦᠦ ᠭᠣᠷᠣᠬᠠᠨ ᠤ᠋ ᠡᠷᠭᠢᠨ ᠳ᠋ᠦ᠍ ᠵᠤᠵᠠᠭᠠᠨ ᠬᠠᠭ ᠬᠥᠪᠳᠥ ᠬᠥᠭᠡᠷᠦᠭᠰᠡᠨ ᠳᠡᠭᠡᠷ᠎ᠡ ᠬᠥᠭᠰᠢᠨ ᠴᠠᠷᠠᠰᠤᠨ ᠮᠣᠳᠣ ᠤᠷᠭᠤᠵᠤ ᠪᠠᠢᠳᠠᠭ᠂ ᠲᠡᠨᠳᠡ ᠠᠯᠠᠲ᠋ᠠᠶᠠᠷ ᠤ᠋ᠨ ᠭᠠᠯᠲᠤ ᠴᠢᠯᠠᠭᠤ ᠬᠡᠪᠲᠡᠨ᠎ᠡ᠃ ᠲᠡᠷᠡ ᠴᠢᠯᠠᠭᠤᠨ ᠤ᠋ ᠳᠣᠣᠷ᠎ᠠ ᠭᠢᠨᠵᠢ ᠬᠦᠯᠢᠭ ᠦᠭᠡᠢ ᠳᠣᠯᠣᠭᠠᠨ ᠡᠪᠦᠭᠡᠨ ᠳᠣᠯᠣᠭᠤᠯᠠ ᠪᠠᠨ ᠠᠮᠢᠳᠤᠷᠠᠨ᠎ᠠ᠃ ᠪᠢ ᠲᠡᠷᠡ ᠡᠷᠳᠡᠨᠢ ᠶ᠋ᠢᠨ ᠭᠠᠯᠲᠤ ᠴᠢᠯᠠᠭᠤ ᠶ᠋ᠢ ᠪᠤᠯᠭᠤ ᠲᠠᠲᠠᠵᠤ ᠡᠪᠦᠭᠡᠳ ᠢ᠋ ᠳᠠᠭᠤᠳᠠᠨ ᠲᠣᠩᠭᠣᠢᠨ ᠶᠣᠰᠣᠯᠠᠭᠠᠳ᠄ ᠡᠷᠬᠢᠮ ᠡᠪᠦᠭᠡᠳ ᠮᠢᠨᠢ ᠲᠡᠮᠦᠷ ᠠᠪᠳᠠᠷ᠎ᠠ ᠨᠤᠭᠤᠳ ᠢ᠋ᠶ᠋ᠠᠨ ᠨᠡᠭᠡᠭᠡᠵᠦ ᠴᠠᠭᠠᠨ ᠲᠠᠢᠷᠠᠩ ᠨᠤᠭᠦᠳ ᠢ᠋ᠶ᠋ᠡᠨ ᠳᠡᠯᠪᠢ! ᠲᠡᠷᠡ ᠲᠠᠢᠷᠠᠩ ᠨᠤᠭᠦᠳ ᠣᠭᠲᠠᠷᠭᠤᠢ ᠪᠠᠷ ᠨᠢᠰᠦᠭ᠂ ᠰᠠᠯᠬᠢ ᠰᠢᠭᠤᠷᠭ᠎ᠠ ᠶ᠋ᠢ ᠳᠡᠭᠳᠡᠭᠡᠭ᠂ ᠲᠠᠲ᠋ᠠᠷ ᠤ᠋ᠨ ᠬᠣᠣᠷᠲᠤ ᠴᠡᠷᠢᠭ ᠦ᠋ᠳ ᠢ᠋ ᠴᠠᠰᠤ ᠪᠠᠷ ᠪᠤᠯᠠᠵᠤ ᠲᠡᠰᠬᠢᠮ᠎ᠡ ᠬᠦᠢᠲᠡᠨ ᠳ᠋ᠦ᠍ ᠬᠥᠯᠳᠡᠭᠡᠭ᠃ ᠲᠠᠲ᠋ᠠᠷ᠂ ᠲᠠᠲ᠋ᠠᠷ᠂ ᠬᠠᠷᠭᠢᠰ ᠬᠡᠷᠴᠡᠭᠡᠢ ᠶ᠋ᠢᠨ ᠡᠭᠦᠯᠳᠡᠷ᠂ ᠡᠷᠡᠮᠳᠡᠭ ᠵᠡᠷᠡᠮᠳᠡᠭ ᠡᠴᠡ ᠢᠯᠡᠭᠦᠦ ᠡᠷᠡᠮᠳᠡᠭ ᠵᠡᠷᠡᠮᠳᠡᠭ! ᠴᠢ ᠮᠢᠨᠦ ᠨᠤᠲᠤᠭ ᠲᠤ᠌ ᠶᠠᠭᠤᠨ ᠳ᠋ᠤ᠌ ᠢᠷᠡᠪᠡ! ᠰᠠᠯᠬᠢ ᠰᠢᠭᠤᠷᠭ᠎ᠠ ᠶ᠋ᠢᠨ ᠬᠣᠢᠨ᠎ᠠ ᠠ᠋ᠴᠠ ᠴᠢᠯᠠᠭᠤᠨ ᠠᠭᠤᠯᠠ ᠶ᠋ᠢᠨ ᠴᠢᠨᠠᠳᠤ ᠤᠷᠤᠭᠤ ᠴᠢ ᠥᠪᠡᠷ ᠢ᠋ᠶ᠋ᠡᠨ ᠭᠦᠶᠦᠨ ᠵᠠᠢᠯᠠᠬᠤ ᠦᠭᠡᠢ ᠪᠣᠯ ᠪᠢ ᠴᠢᠮᠠᠶ᠋ᠢ ᠦᠨᠳᠦᠰᠦ ᠪᠡᠷ ᠴᠢᠨᠢ ᠰᠤᠭᠤ ᠲᠡᠳᠡᠨ ᠬᠥᠬᠡᠷᠡᠬᠦ ᠲᠠᠯ᠎ᠠ ᠶ᠋ᠢᠨ ᠴᠠᠭᠠᠨ᠎ᠠ ᠭᠠᠷᠲᠠᠯ᠎ᠠ ᠲᠠᠶᠠᠭᠳᠠᠨ᠎ᠠ᠃ ᠴᠢ ᠲᠡᠨᠳᠡ ᠲᠣᠭᠣᠰᠣᠨ ᠤ᠋ ᠰᠢᠷᠬᠡᠭ ᠰᠢᠭ᠌ ᠬᠠᠲᠠᠵᠤ ᠬᠣᠴᠣᠷᠤᠨ᠎ᠠ᠂ ᠡᠪᠡᠰᠦᠨ ᠦ᠌ ᠰᠢᠷᠬᠡᠭ ᠰᠢᠭ᠌ ᠬᠠᠮᠲᠤᠷᠠᠵᠤ ᠦᠯᠡᠳᠡᠨ᠎ᠡ ᠳ᠋ᠠ! ᠲᠡᠭᠡᠬᠦ ᠳ᠋ᠦ᠍ ᠪᠤᠷᠤᠭᠤ ᠪᠠᠨ ᠮᠡᠳᠡᠪᠡᠴᠦ ᠬᠣᠵᠢᠮᠳᠠᠭᠰᠠᠨ ᠪᠠᠢᠨ᠎ᠠ᠃
ᠬᠡᠯᠡᠭᠰᠡᠨ ᠦᠭᠡ ᠪᠡᠨ ᠪᠢ ᠲᠡᠮᠦᠷ ᠴᠣᠣᠵᠢ ᠪᠠᠷ ᠴᠣᠣᠵᠢᠯᠠᠵᠤ ᠲᠦᠯᠬᠢᠭᠦᠷ ᠢ᠋ ᠨᠢ ᠡᠷᠳᠡᠨᠢ ᠶ᠋ᠢᠨ ᠴᠠᠭᠠᠨ ᠴᠢᠯᠠᠭᠤᠨ ᠤ᠋ ᠳᠣᠭᠤᠤᠷ ᠰᠢᠲᠠᠨ᠎ᠠ! ᠴᠣᠣᠵᠢᠨ ᠤ᠋ ᠥᠷᠭᠡᠰᠦ ᠬᠡᠳᠦᠢ ᠪᠥᠬᠡ ᠪᠣᠯᠪᠠᠴᠤ( ᠪᠣᠯᠪᠠᠰᠤ ) ᠮᠢᠨᠦ ᠦᠭᠡ ᠲᠡᠳᠦᠢ ᠮᠡᠷᠭᠡᠨ᠁ ᠮᠢᠨᠦ ᠬᠠᠷᠢᠶᠠᠯ ᠢ᠋ ᠲᠠᠨᠠᠷ ᠬᠡᠢ ᠠᠭᠠᠷ᠂ ᠰᠢᠭᠤᠷᠭ᠎ᠠ᠂ ᠰᠠᠯᠬᠢ᠂ ᠤᠰᠤᠨ ᠦᠶᠡᠷ᠂ ᠶᠠᠭᠤ ᠪᠠᠷ ᠴᠤ᠌ ᠲᠠᠢᠯᠵᠤ ᠴᠢᠳᠠᠬᠤ ᠦᠭᠡᠢ᠃ ᠮᠠᠨ ᠤ᠋ ᠴᠡᠷᠢᠭ ᠬᠦᠴᠦᠲᠡᠢ᠂ ᠵᠢᠷᠦᠬᠡ ᠮᠢᠨᠢ ᠵᠣᠷᠢᠭᠲᠠᠢ᠂ ᠦᠭᠡ ᠮᠢᠨᠢ ᠬᠠᠲᠠᠭᠤ ᠪᠠᠲᠤ᠂ ᠪᠠᠭᠠᠲᠤᠷ ᠤ᠋ᠳ ᠤ᠋ᠨ ᠵᠡᠭᠦᠳᠦ ᠨᠣᠢᠷ ᠠ᠋ᠴᠠ ᠢᠯᠡᠭᠦᠦ᠂ ᠬᠦᠴᠦᠨ ᠴᠢᠳᠠᠯ ᠠ᠋ᠴᠠ ᠢᠯᠡᠭᠦᠦ᠃ ᠬᠡᠷᠡᠭ ᠵᠣᠷᠢᠭ ᠮᠢᠨᠢ ᠪᠦᠲᠦᠨ᠎ᠡ᠃ ᠬᠡᠯᠡᠬᠦ ᠦᠭᠡ ᠪᠡᠨ ᠲᠡᠭᠦᠰᠬᠡᠶᠡ᠃ ᠮᠢᠨᠦ ᠬᠠᠷᠢᠶᠠᠯ ᠶᠠᠭᠤ ᠶ᠋ᠢ ᠴᠦ᠍ ᠳᠡᠢᠯᠦᠨ᠎ᠡ 》ᠭᠡᠪᠡ᠃
ᠰᠠᠯᠬᠢ ᠰᠢᠭᠤᠷᠭ᠎ᠠ ᠶᠸᠯᠸᠢ᠌ᠴᠢ ᠶ᠋ᠢᠨ ᠬᠠᠷᠢᠶᠠᠯ ᠳ᠋ᠤ᠌ ᠠᠪᠲᠠᠭᠰᠠᠨ ᠮᠡᠲᠦ ᠳᠠᠬᠢᠨ ᠬᠦᠴᠦᠲᠡᠢ ᠪᠡᠷ ᠡᠷᠭᠢᠯᠳᠦᠵᠦ ᠬᠤᠢᠯᠠᠷᠠᠨ᠂ ᠶᠠᠷᠢᠭᠴᠢ ᠶ᠋ᠢ ᠰᠢᠷᠦᠭᠦᠨ ᠰᠠᠯᠬᠢ ᠤᠨᠠᠭᠠᠬᠤ ᠭᠡᠵᠦ ᠳᠣᠭᠳᠣᠯᠤᠭᠤᠯᠪᠠ᠃
ᠥᠭᠡᠷ᠎ᠡ ᠵᠦᠭ ᠡᠴᠡ ᠬᠥᠮᠦᠨ ᠦ᠌ ᠳᠠᠭᠤ ᠰᠣᠨᠣᠰᠳᠠᠪᠠ᠃
一 ᠬᠥᠶᠢ! ᠠᠮᠢᠳᠤ ᠬᠥᠮᠦᠰ ᠪᠠᠢᠨ᠎ᠠ ᠤᠤ! ᠠᠮᠢ ᠠᠪᠤᠷᠠ!
ᠶᠸᠯᠸᠢ᠌ᠴᠢ᠂
一 ᠨᠠᠰᠢ ᠪᠠᠨ ᠶᠠᠪᠤ ᠠ᠋᠂ ᠡᠨᠳᠡ ᠪᠠᠢᠨ᠎ᠠ᠃
ᠪᠤᠭᠤᠷᠤᠯ ᠮᠠᠨᠠᠨ ᠤ᠋ ᠳᠣᠲᠣᠷ᠎ᠠ ᠠ᠋ᠴᠠ ᠨᠢᠭᠡᠨ ᠰᠡᠭᠦᠳᠡᠷ ᠭᠠᠷᠴᠤ ᠢᠷᠡᠪᠡ᠂ ᠬᠣᠢᠨ᠎ᠠ ᠠ᠋ᠴᠠ ᠨᠢ ᠳᠠᠭᠠᠯᠳᠤᠨ ᠬᠣᠶᠠᠷ ᠰᠡᠭᠦᠳᠡᠷ ᠭᠠᠷᠪᠠ᠃
— ᠠᠮᠤᠷ ᠪᠠᠢᠨ᠎ᠠ ᠤᠤ! ᠪᠢᠳᠡ ᠬᠠᠮᠢᠭ᠎ᠠ ᠶᠠᠪᠤᠨ᠎ᠠ?
— ᠴᠢ ᠵᠣᠷᠢᠭᠰᠠᠨ ᠭᠠᠵᠠᠷ ᠢ᠋ᠶ᠋ᠠᠨ ᠢᠷᠡᠭᠰᠡᠨ ᠪᠣᠯᠤᠯᠲᠠᠢ᠂ ᠲᠠᠲ᠋ᠠᠷ ᠢ᠋ ᠳᠡᠢᠯᠬᠦ ᠪᠡᠷ ᠶᠠᠪᠤᠭ᠎ᠠ ᠤᠤ?
— ᠳᠡᠭᠡᠯ ᠦᠭᠡᠢ ᠶᠠᠭᠠᠬᠢᠬᠤᠪ᠂ ᠮᠡᠳᠡᠭᠡᠵᠢ ᠶ᠋ᠢᠨ ᠬᠡᠷᠡᠭ᠃ ᠪᠢᠳᠡ ᠠᠷᠪᠠᠨ ᠭᠤᠷᠪᠠ ᠮᠢᠨᠦ ᠬᠦᠦ᠂ ᠲᠤᠯᠤ ( ? ) ᠮᠢᠨᠢ ᠥᠬᠢᠳ᠁
— ᠪᠦᠲᠦᠨ ᠬᠣᠷᠢᠶ᠎ᠠ ᠴᠡᠷᠢᠭ ᠪᠠᠢᠨ᠎ᠠ᠃ ᠪᠢᠳᠡ ᠪᠠᠰᠠ ᠡᠨᠳᠡ ᠲᠠᠲ᠋ᠠᠷ ᠤ᠋ᠨ ᠥᠭᠡᠳᠡ ᠡᠴᠡ ᠵᠡᠪᠰᠡᠭ ᠢ᠋ᠶ᠋ᠡᠨ ᠬᠤᠷᠴᠠᠯᠠᠵᠤ ᠪᠠᠢᠨ᠎ᠠ᠃
— ᠪᠢᠳᠡ ᠸᠠᠩ ᠭᠸᠤᠷᠬᠢ ᠸᠰᠸᠸᠤᠯᠤᠳᠤᠸᠢ᠍ᠴ ᠤ᠋ᠨ ᠴᠡᠷᠢᠭ ᠦ᠋ᠨ ᠬᠣᠷᠢᠶᠠᠨ ᠤ᠋ ᠰᠠᠭᠤᠷᠢ ᠶ᠋ᠢ ᠡᠷᠢᠵᠦ ᠶᠠᠪᠤᠨ᠎ᠠ᠃
— ᠠᠵᠠ ᠵᠠᠶᠠᠭ᠎ᠠ ᠲᠠᠢ ᠲᠠᠨᠠᠷ ᠲᠥᠭᠡᠷᠢᠵᠡᠢ᠃ ᠡᠢᠮᠦ ᠴᠦ᠍ ᠤᠴᠢᠷ ᠠ᠋ᠴᠠ ᠣᠢ ᠶ᠋ᠢᠨ ᠴᠠᠰᠤᠨ ᠬᠣᠩᠬᠣᠷ ᠲᠤ᠌ ᠰᠢᠭᠢᠳᠦᠭᠰᠡᠨ ᠥᠬᠡᠢ ᠲᠠᠨᠠᠷ ᠢᠷᠡᠵᠡᠢ᠃ ᠮᠢᠨᠦ ᠬᠣᠢᠨ᠎ᠠ ᠠ᠋ᠴᠠ ᠭᠢᠰᠬᠢᠭᠰᠡᠨ ᠭᠠᠵᠠᠷ ᠭᠢᠰᠬᠢᠵᠦ ᠶᠠᠪᠤᠵᠠᠭᠠᠭᠲᠤᠨ᠃ ᠲᠡᠭᠡᠬᠦ ᠦᠭᠡᠢ ᠪᠣᠯ ᠬᠥᠪᠳᠥ ᠨᠠᠮᠤᠭ ᠲᠠᠨᠠᠷ ᠢ᠋ ᠰᠣᠷᠣᠵᠤ ᠴᠢᠳᠬᠥᠷ ᠰᠢᠮᠨᠤᠰ ᠤ᠋ᠳ ᠲᠥᠭᠡᠷᠢᠭᠦᠯᠵᠦ ᠵᠣᠪᠠᠭᠠᠪᠠᠯ ᠨᠠᠷᠠᠰᠤᠨ ᠮᠣᠳᠣᠨ ᠤ᠋ ᠳᠤᠮᠳᠠᠭᠤᠷ ᠰᠥᠨᠢᠵᠢᠨ ᠲᠡᠨᠦᠬᠦ ᠪᠣᠯᠤᠨ᠎ᠠ᠃
一 ᠵᠠ᠂ ᠵᠠ! ᠷᠶᠡᠽᠡᠨ ᠦ᠌ ᠬᠢᠨ᠂ ᠣᠢ ᠮᠣᠳᠣᠨ ᠤ᠋ ᠬᠢᠨ᠂ ᠬᠠᠷᠢ ᠶ᠋ᠢᠨ ᠬᠥᠮᠦᠰ ᠨᠠᠰᠢ ᠪᠠᠨ ᠶᠠᠪᠤᠭᠲᠤᠨ᠃ ᠴᠥᠮ ᠨᠠᠰᠢ ᠪᠠᠨ ᠲᠦᠷᠭᠡᠨ ᠣᠢᠷᠠᠳᠤᠭᠲᠤᠨ! ᠠᠶᠠᠭᠦᠢ ᠪᠣᠯ ᠡᠨᠡ ᠡᠪᠦᠭᠡᠨ ᠣᠷᠬᠢᠵᠤ ᠣᠳᠤᠨ᠎ᠠ ᠰᠢᠦ᠁
ᠨᠢᠭᠡᠨ ᠳᠠᠭᠤ ᠪᠠᠷ ᠴᠢᠩᠭ᠎ᠠ ᠬᠠᠰᠬᠢᠷᠤᠯᠳᠤᠨ᠎ᠠ᠂
— ᠡᠴᠢᠭᠡ ᠮᠢᠨᠢ᠂ ᠪᠢᠳᠡ ᠪᠦᠭᠦᠳᠡᠭᠡᠷ ᠣᠴᠢᠵᠠᠭᠠᠵᠤ ᠶᠠᠪᠤᠨ᠎ᠠ ᠭᠡᠪᠡ᠃
— ᠴᠢ ᠶᠠᠮᠠᠷ ᠬᠥᠮᠦᠰ ᠲᠡᠢ ᠶᠠᠪᠤᠭ᠎ᠠ ᠶᠤᠮ ᠪᠣᠢ? ᠭᠡᠵᠦ ᠡᠪᠦᠭᠡᠨ ᠠᠰᠠᠭᠤᠪᠠ᠃
— ᠠ᠂ ᠡᠳᠡ ᠨᠠᠷ ᠠᠷᠪᠠᠨ ᠬᠣᠶᠠᠷ ᠨᠢ ᠮᠢᠨᠦ ᠬᠦᠦ᠂ ᠪᠠᠰᠠ ᠥᠬᠢᠳ ᠪᠣᠢ᠁ ᠥᠬᠢᠳ ᠲᠠᠲ᠋ᠠᠷ ᠲᠸ᠋ ᠪᠠᠷᠢᠭᠳᠠᠵᠤ ᠪᠠᠢᠭᠠᠳ ᠤᠷᠭᠤᠵᠤ ᠭᠠᠷᠤᠭᠰᠠᠨ ᠶᠤᠮ᠂ ᠣᠳᠣ ᠪᠠᠰᠠ ᠪᠠᠢᠯᠳᠤᠬᠤ ᠬᠦᠰᠡᠯ ᠲᠡᠢ᠃
— ᠲᠡᠳᠡᠨ ᠦ᠌ ᠨᠡᠷ᠎ᠡ ᠲᠥᠷᠥ ᠪᠠ ᠴᠣᠭ ᠵᠠᠯᠢ ᠨᠢ ᠥᠷᠨᠢᠲᠦᠭᠡᠢ᠃
ᠪᠦᠭᠦᠳᠡᠭᠡᠷ ᠮᠥᠷᠥ ᠮᠥᠷᠥ ᠪᠡᠷ ᠢ᠋ᠶ᠋ᠡᠨ ᠴᠤᠪᠤᠷᠠᠯᠳᠤᠨ ᠠᠴᠠ ᠮᠣᠳᠣ ᠶ᠋ᠢ ᠲᠤᠯᠵᠤ ᠶᠠᠪᠤᠵᠠᠭᠠᠪᠠ᠃ ᠲᠦᠷᠦᠭᠦᠨ ᠳ᠋ᠦ᠍ᠨᠢ ᠲᠠᠲ᠋ᠠᠷ ᠤ᠋ᠨ ᠥᠭᠡᠳᠡ ᠡᠴᠡ ᠰᠠᠯᠬᠢ ᠰᠢᠭᠤᠷᠭ᠎ᠠ ᠶ᠋ᠢ ᠲᠠᠯᠪᠢᠭᠰᠠᠨ ᠡᠪᠦᠭᠡᠳ ᠮᠠᠩᠯᠠᠢᠯᠠᠪᠠ᠃ ᠳᠠᠷᠠᠭ᠎ᠠ ᠨᠢ ᠰᠠᠶᠢ ᠶ᠋ᠢᠨ ᠢᠷᠡᠭᠰᠡᠨ ᠨᠡᠬᠡᠢ ᠬᠤᠪᠴᠠᠰᠤ ᠲᠠᠢ᠂ ᠡᠷᠡᠭᠦᠯ ᠴᠢᠭᠢᠷᠠᠭ ᠪᠡᠶ᠎ᠡ ᠲᠡᠢ᠂ ᠪᠣᠭᠣᠨᠢ ᠬᠥᠯ ᠲᠡᠢ᠂ ᠥᠷᠭᠡᠨ ᠪᠡᠶ᠎ᠡ ᠲᠡᠢ ᠪᠠᠭᠠᠪᠠᠭᠠᠢ ᠶ᠋ᠢᠨ ᠣᠪᠣᠷ ᠲᠠᠢ ᠷᠶᠡᠽᠡᠨ ᠦ᠌ ᠬᠥᠮᠦᠰ ᠶᠠᠪᠤᠪᠠ᠃
ᠷᠶᠡᠽᠡᠨ ᠦ᠌ ᠬᠢᠨ ᠬᠥᠯᠳᠡᠭᠰᠡᠨ ᠭᠣᠣᠯ ᠤ᠋ᠨ ᠴᠠᠭᠠᠨ᠎ᠠ ᠭᠠᠷᠤᠮᠠᠭᠴᠠ᠂ ᠰᠢᠭᠤᠷᠭᠠᠨ ᠠ᠋ᠴᠠ ᠨᠢᠭᠤᠭᠳᠠᠨ ᠬᠣᠷᠭᠣᠳᠠᠭᠰᠠᠨ ᠣᠷᠣᠰ ᠴᠡᠷᠢᠭ ᠦ᠋ᠨ ᠣᠯᠠᠨ ᠨᠦᠬᠡᠨ ᠭᠡᠷ ᠦ᠋ᠳ ᠢ᠋ ᠬᠠᠷᠠᠪᠠ᠃ ᠤᠷᠲᠤ ᠪᠠᠷ ᠴᠤᠪᠤᠷᠠᠭᠤᠯᠤᠨ ᠪᠠᠢᠭᠤᠯᠤᠭᠰᠠᠨ ᠨᠦᠬᠡᠨ ᠭᠡᠷ ᠦ᠋ᠳ ᠨᠢ ᠴᠠᠰᠤᠨ ᠬᠣᠩᠬᠣᠷ ᠤ᠋ᠳ ᠤ᠋ᠨ ᠳᠣᠲᠣᠷ᠎ᠠ ᠪᠠᠷᠤᠭ ᠢᠯᠭᠠᠷᠠᠬᠤ ᠦᠭᠡᠢ ᠠᠵᠢ᠃ ᠭᠠᠭᠴᠠᠬᠦ ᠴᠣᠩᠬᠣ᠂ ᠳᠡᠭᠡᠪᠦᠷ ᠦ᠋ᠨ ᠨᠦᠬᠡ ᠪᠡᠷ ᠰᠠᠪᠰᠠᠬᠤ ᠤᠲᠤᠭ᠎ᠠ ( ᠤᠲᠤᠭᠠᠨ ᠠ᠋ᠴᠠ ) ᠨᠢ ᠴᠠᠰᠤᠨ ᠳᠣᠣᠷ᠎ᠠ ᠬᠥᠮᠦᠨ ᠣᠷᠣᠰᠢᠨ᠎ᠠ᠂ ᠲᠡᠨᠳᠡ ᠳᠤᠯᠠᠭᠠᠨ ᠰᠠᠪᠠᠨ ᠳᠣᠲᠣᠷ᠎ᠠ ᠱᠥᠯᠥ ᠲᠡᠢ ᠬᠣᠭᠣᠯᠠ ᠪᠤᠴᠠᠯᠵᠤ᠂ ᠣᠷᠣᠰ ᠤ᠋ᠳ ᠬᠦᠦᠷᠨᠢᠨ ᠰᠠᠭᠤᠵᠤ ᠪᠠᠢᠬᠤ ᠨᠢ ᠮᠡᠳᠡᠭᠳᠡᠨ᠎ᠡ᠃
ᠦᠰᠦᠭ ᠠᠮᠢᠯᠠᠭᠤᠯᠤᠭᠴᠢ᠄ ᠪᠠᠶᠠᠨᠴᠡᠴᠡᠭ 1᠂ ᠠᠯᠲᠠᠨᠴᠢᠮᠡᠭ 1᠂ ᠬᠦᠦᠳᠠᠭᠠᠭᠤᠯ 1᠂ ᠬᠡᠷᠡᠶ᠋ᠢᠳ ᠂ ᠮᠥᠩᠬᠡᠨᠠᠰᠤᠨ 1
ᠬᠢᠨᠠᠭᠴᠢ᠄ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 4᠂ ᠠᠷᠢᠭᠤᠨ 4
