ᠮᠥᠯᠵᠢᠯ ᠳᠦ ᠮᠢᠩᠭᠠᠨ ᠠᠷᠭ᠎ᠠ ᠲᠠᠢ – ᠬᠠᠰᠪᠠᠷᠰ Мөлжилд мянган аргатай – Хасбарс
ᠠᠩᠭᠢᠯᠠᠯ:ᠨᠠᠢᠷᠠᠭᠤᠯᠤᠯ ᠥᠭᠦᠯᠡᠯᠭᠡНайруулал өгүүллэг 2023-04-11
483
ᠮᠥᠯᠵᠢᠯ ᠳᠦ ᠮᠢᠩᠭᠠᠨ ᠠᠷᠭ᠎ᠠ ᠲᠠᠢ ᠳᠠᠷᠮᠠᠵᠠᠪ ᠡᠨᠡ ᠬᠡᠳᠦᠨ ᠡᠳᠦᠷ ᠲᠣᠩ ᠤᠷᠮ᠎ᠠ ᠦᠭᠡᠢ ᠭᠡᠷ ᠲᠡᠭᠡᠨ ᠰᠠᠭᠤᠵᠤ ᠪᠠᠶ᠋ᠢᠪᠠ ᠃ ᠤᠴᠢᠷ ᠨᠢ ᠶᠣᠰᠢ ᠭᠡᠳᠡᠭ ᠪᠠᠶᠠᠨ ᠤ᠋ ᠳ᠋ᠤ᠌ ᠨᠢᠭᠡ ᠪᠢᠷᠠᠭᠤ ᠪᠠᠷ ᠵᠢᠷᠭᠤᠭᠠᠨ ᠰᠠᠷ᠎ᠠ ᠬᠦᠴᠦ ᠶᠠᠪᠤᠭᠠᠳ ᠭᠠᠷᠴᠤ ᠢᠷᠡᠬᠦ ᠦᠶ᠎ᠡ ᠳ᠋ᠦ᠍ ᠶᠣᠰᠢ ᠪᠠᠶᠠᠨ ᠄ 《 ᠴᠢᠮᠠᠲᠤ ᠥᠭᠬᠦ ᠭᠡᠰᠡᠨ ᠪᠢᠷᠠᠭᠤ ᠰᠢᠪᠠᠷᠳᠠᠭᠠᠳ ᠦᠬᠦᠴᠢᠬᠡᠵᠡᠢ 》 ᠭᠡᠳ ᠶᠠᠭᠤ ᠴᠤ᠌ ᠥᠭᠭᠦᠭᠰᠡᠨ ᠦᠭᠡᠢ ᠃ ᠶᠣᠰᠢ ᠪᠠᠶᠠᠨ ᠤ᠋ ᠬᠠ...