ᠡᠪᠦᠯ ᠤᠨ ᠳᠣᠲᠣᠷ᠎ᠠ ᠬᠠᠪᠤᠷ ( ᠮᠥᠴᠡᠯᠭᠡ ᠰᠢᠯᠦᠭ ) – ᠪ᠂ ᠪᠦᠷᠢᠨᠪᠡᠬᠢ Өвлийн дотор хавар ( Мөчлөг шүлэг ) – Б ᠂ Бүрэнбэх
ᠴᠠᠰᠤᠨ ᠤ᠋ ᠳᠣᠲᠣᠷ᠎ᠠ ᠴᠡᠴᠡᠭ
ᠤᠮᠠᠷᠠᠲᠤ ᠳᠠᠯᠠᠨ ᠬᠠᠷ᠎ᠠ ᠠᠭᠤᠯᠠᠨ ᠤ᠋ ᠱᠣᠪᠬᠣ ᠣᠷᠭᠢᠯ ᠨᠢᠭᠡᠨᠲᠡ ᠴᠠᠭᠠᠨ ᠮᠥᠩᠭᠥᠨ ᠲᠤᠭᠤᠯᠭ᠎ᠠ ᠡᠮᠦᠰᠴᠦ ᠂ ᠡᠮᠦᠨᠡᠲᠦ ᠲᠦᠮᠡᠳ ᠦ᠋ᠨ ᠲᠠᠯ᠎ᠠ ᠶ᠋ᠢᠨ ᠣᠢ ᠰᠢᠭᠤᠢ ᠭᠦᠨ ᠰᠢᠷ᠎ᠠ ᠨᠥᠮᠥᠷᠭᠡ ᠡᠭᠡᠯᠳᠦᠷᠭᠡᠯᠡᠨ ᠂ ᠬᠥᠬᠡᠬᠣᠲᠠ ᠶ᠋ᠢᠨ ᠡᠮᠦᠨᠡᠭᠦᠷ ᠮᠤᠷᠤᠢᠨ ᠤᠷᠤᠰᠴᠤ ᠪᠦᠬᠦᠢ ᠳᠠᠬᠤ ᠶ᠋ᠢᠨ ᠭᠣᠣᠯ ᠪᠠᠰᠠ ᠨᠢᠮᠭᠡᠨ ᠬᠠᠰ ᠤ᠋ᠨ ᠪᠦᠰᠡ ᠶ᠋ᠢ ᠪᠦᠰᠡᠯᠡᠵᠡᠢ ᠃ ᠡᠨᠡ ᠦᠶ᠎ᠡ ᠬᠥᠬᠡᠬᠣᠲᠠ ᠶ᠋ᠢᠨ ᠬᠢᠨ ᠬᠢᠷᠠᠭᠤ ᠰᠢᠭᠦᠳᠡᠷᠢ ᠲᠡᠢ ᠤᠷᠤᠯᠳᠤᠭᠠᠨ ᠬᠢᠵᠦ ᠂ ᠰᠠᠯᠬᠢ ᠰᠢᠭᠤᠷᠭᠠᠨ ᠲᠠᠢ ᠤᠷᠤᠯᠳᠤᠭᠠᠨ ᠬᠢᠵᠦ ᠴᠠᠰᠤ ᠮᠥᠰᠥ ᠲᠡᠢ ᠤᠷᠤᠯᠳᠤᠭᠠᠨ ᠬᠢᠵᠦ ᠂ ᠴᠡᠭᠡᠯᠬᠡᠨ ᠬᠠᠪᠤᠷ ᠢ᠋ ᠤᠷᠢᠨ ᠂ ᠴᠡᠴᠡᠭ ᠬᠤᠸᠠᠷ ᠢ᠋ ᠲᠠᠷᠢᠨ᠎ᠠ ᠃
ᠴᠡᠴᠡᠭ ᠂ ᠮᠣᠩᠭᠣᠯ ᠨᠤᠲᠤᠭ ᠤ᠋ᠨ ᠢᠷᠭᠤᠢ ᠴᠡᠴᠡᠭ ᠪᠢᠰᠢ ᠃ ᠢᠷᠭᠤᠢ ᠴᠡᠴᠡᠭ ᠦ᠋ᠨ ᠳᠡᠯᠭᠡᠷᠡᠬᠦ ᠨᠢ ᠡᠷᠲᠡ ᠪᠣᠯᠪᠠᠴᠤ ᠵᠤᠯᠭᠠᠷᠠᠬᠤ ᠨᠢ ᠮᠥᠨ ᠬᠤᠷᠳᠤᠨ ᠃ ᠴᠡᠴᠡᠭ ᠂ ᠰᠠᠷᠠᠯᠠᠩ ᠴᠡᠴᠡᠭ ᠪᠢᠰᠢ ᠂ ᠰᠠᠷᠠᠯᠠᠩ ᠴᠡᠴᠡᠭ ᠵᠤᠨ ᠯᠠ ᠤᠷᠭᠤᠬᠤ ᠡᠴᠡ ᠪᠢᠰᠢ ᠡᠪᠦᠯ ᠮᠦᠰᠢᠶᠡᠵᠦ ᠯᠡ ᠴᠢᠳᠠᠬᠤ ᠦᠭᠡᠢ ᠃ ᠴᠡᠴᠡᠭ ᠂ ᠪᠡᠷᠢ ᠴᠡᠴᠡᠭ ᠪᠢᠰᠢ ᠃ ᠪᠡᠷᠢ ᠴᠡᠴᠡᠭ ᠦᠵᠡᠬᠦ ᠳ᠋ᠦ᠍ ᠰᠠᠢᠬᠠᠨ ᠪᠣᠯᠪᠠᠴᠤ ᠥᠭᠲᠡᠭᠡᠨ ᠠᠪᠤᠪᠠᠯ ᠠᠰᠢᠭ ᠬᠡᠷᠡᠭᠰᠡᠯ ᠢ᠋ᠶ᠋ᠡᠷ ᠬᠣᠮᠰᠠ ᠃ ᠡᠨᠡ ᠴᠡᠴᠡᠭ ᠢ᠋ ᠪᠢᠳᠡ ᠮᠠᠤ ᠽᠧ ᠳ᠋ᠦᠩ ᠦ᠋ᠨ ᠦᠶ᠎ᠡ ᠶ᠋ᠢᠨ ᠮᠣᠩᠭᠣᠯᠴᠤᠳ ᠤ᠋ᠨ ᠦᠷᠡᠯᠡᠨ ᠲᠠᠷᠢᠵᠤ ᠪᠠᠢᠭ᠎ᠠ ᠦᠶ᠎ᠡ ᠶ᠋ᠢᠨ ᠦᠶ᠎ᠡ ᠶ᠋ᠢᠨ ᠮᠥᠩᠬᠡ ᠴᠡᠴᠡᠭ ᠭᠡᠵᠦ ᠨᠡᠷᠡᠯᠡᠵᠡᠭᠡᠳᠡᠭ ᠶᠦ᠍ᠮ᠃ ᠴᠡᠴᠡᠭ ᠂ ᠰᠢᠵᠢᠷ ᠠᠯᠲᠠᠨ ᠪᠣᠯᠣᠳ ᠴᠡᠴᠡᠭ ᠠ᠋ !
ᠪᠣᠯᠣᠳ ᠴᠡᠴᠡᠭ ᠢ᠋ ᠮᠦᠰᠢᠶᠡᠯᠭᠡᠨ ᠳᠡᠯᠭᠡᠷᠡᠭᠦᠯᠬᠦ ᠶ᠋ᠢᠨ ᠲᠥᠯᠥᠭᠡ ᠬᠣᠲᠠ ᠶ᠋ᠢᠨ ᠬᠠᠭᠤᠴᠢᠨ ᠬᠡᠷᠡᠮ ᠦ᠋ᠨ ᠲᠣᠯᠣᠭᠠᠢ ᠳᠡᠭᠡᠷ᠎ᠡ ᠲᠤᠭ ᠳᠠᠯᠪᠠᠭ᠎ᠠ ᠮᠢᠷᠠᠯᠵᠠᠨ ᠬᠡᠢᠰᠴᠦ ᠬᠡᠷᠡᠮ ᠦ᠋ᠨ ᠤᠭ ᠲᠤ᠌ ᠲᠡᠷᠭᠡ ᠤᠨᠤᠭ᠎ᠠ ᠴᠤᠪᠤᠷᠠᠨ ᠦᠷᠭᠦᠯᠵᠢᠯᠡᠵᠦ᠂ ᠤᠷᠭ᠎ᠠ ᠪᠠᠷᠢᠭᠰᠠᠨ ᠭᠠᠷ ᠴᠤ᠌ ᠨᠢᠭᠡ ᠣᠪᠣᠭ᠎ᠠ ᠬᠦᠳᠡᠷ᠂ ᠪᠢᠷ ᠴᠢᠮᠬᠢᠭᠰᠡᠨ ᠭᠠᠷ ᠴᠤ᠌ ᠨᠢᠭᠡ ᠳᠠᠮᠨᠠᠭᠤᠷ ᠨᠡᠭᠦᠷᠡᠰᠦ ᠁ ᠬᠥᠮᠦᠰ ᠪᠦᠬᠦ ᠬᠦᠴᠦᠨ ᠴᠢᠳᠠᠯ᠂ ᠢᠯᠴᠢ ᠬᠠᠯᠭᠤᠨ ᠢ᠋ᠶ᠋ᠠᠨ ᠪᠡᠶᠡᠰᠦᠨ ᠭᠠᠷᠭᠠᠬᠤ ᠳ᠋ᠤ᠌᠄
ᠡᠪᠦᠯ ᠦ᠋ᠨ ᠳᠣᠲᠣᠷ᠎ᠠ ᠬᠠᠪᠤᠷ ᠡᠰᠡᠨᠢᠵᠦ
ᠴᠠᠰᠤᠨ ᠤ᠋ ᠳᠣᠲᠣᠷ᠎ᠠ ᠴᠡᠴᠡᠭ ᠰᠠᠭᠤᠨ᠎ᠠ ᠃
ᠠᠪᠤᠷᠭᠤ ᠬᠥᠭᠵᠢᠮ
ᠮᠣᠲ᠋ᠣᠷ ᠤ᠋ᠨ ᠳᠠᠭᠤᠨ ᠂ ᠲᠡᠷᠭᠡᠨ ᠦ᠌ ᠴᠢᠮᠡᠭᠡᠨ ᠂ ᠠᠯᠤᠬ᠎ᠠ ᠶ᠋ᠢᠨ ᠳᠣᠷᠭᠢᠶᠠᠨ ᠂ ᠬᠥᠳᠡᠯᠮᠦᠷᠢ ᠶ᠋ᠢᠨ ᠴᠤᠤᠷᠢᠶᠠᠨ ᠂ ᠴᠣᠬᠢᠯᠭ᠎ᠠ ᠲᠠᠭᠠᠷᠠᠯᠳᠤᠵᠤ ᠠᠢᠵᠠᠮ ᠴᠣᠬᠢᠴᠠᠨ ᠠᠪᠤᠷᠭᠤ ᠬᠥᠭᠵᠢᠮ ᠪᠣᠯᠵᠤ ᠂ ᠪᠣᠯᠣᠳ ᠰᠢᠷᠡᠮᠦ ᠬᠠᠢᠯᠤᠭᠤᠯᠬᠤ ᠲᠠᠯᠠᠪᠠᠢ ᠳᠡᠭᠡᠷ᠎ᠡ ᠡᠴᠡ ᠳᠥᠷᠪᠡᠨ ᠵᠦᠭ ᠲᠦ᠍ ᠨᠢᠰᠦᠨ ᠰᠠᠳᠠᠷᠠᠨᠠ ᠃ ᠮᠠᠨ ᠤ᠋ ᠪᠠᠭᠠᠲᠤᠷᠯᠢᠭ ᠦᠢᠯᠡ ᠬᠡᠷᠡᠭ ᠦ᠋ᠨ ᠬᠥᠭᠵᠢᠮ ᠂ ᠴᠠᠭ ᠦᠶ᠎ᠡ ᠶ᠋ᠢᠨ ᠬᠥᠭᠵᠢᠮ ᠂ ᠪᠣᠯᠣᠳ ᠲᠡᠮᠦᠷ ᠦ᠋ᠨ ᠬᠥᠭᠵᠢᠮ ᠠ᠋ ! ᠨᠣᠮᠢᠨ ᠳᠠᠯᠠᠢ ᠶ᠋ᠢᠨ ᠳᠠᠪᠠᠯᠭᠠᠨ ᠤᠤ ? ᠨᠣᠭᠣᠭᠠᠨ ᠬᠠᠳᠠᠨ ᠤ᠋ ᠢᠰᠬᠡᠷᠦᠭᠡᠨ ᠦᠦ? ᠮᠥᠰᠥᠨ ᠠᠭᠤᠯᠠᠨ ᠤ᠋ ᠳᠡᠯᠪᠡᠷᠡᠭᠡᠨ ᠦᠦ? ᠮᠥᠩᠭᠥᠨ ᠴᠠᠰᠤᠨ ᠤ᠋ ᠬᠦᠷᠬᠢᠷ᠎ᠡ ᠦᠦ?
ᠨᠡᠩ ᠬᠦᠴᠦᠲᠡᠢ ᠪᠡᠷ ᠬᠦᠩᠭᠢᠨᠡᠲᠦᠭᠡᠢ !
ᠬᠠᠩᠭᠠᠢ ᠲᠡᠷᠭᠡᠨ ᠦ᠌ ᠳᠣᠩᠰᠣᠯᠭ᠎ᠠ ᠂ ᠬᠠᠱᠠᠩ ᠦᠬᠡᠷ ᠦ᠋ᠨ ᠠᠯᠬᠤᠭ᠎ᠠ ᠂ ᠬᠥᠳᠡᠭᠡ ᠴᠤᠪᠤᠭᠰᠠᠨ ᠲᠡᠮᠡᠭᠡᠨ ᠵᠢᠩ ᠦ᠋ᠨ ᠥᠨᠥᠴᠢᠨ ᠬᠣᠩᠬᠣᠨ ᠤ᠋ ᠭᠢᠩᠰᠢᠭᠡ ᠂ ᠬᠥᠯᠳᠡᠭᠦᠦ ᠳ᠋ᠦ᠍ ᠳᠠᠪᠬᠢᠭᠰᠠᠨ ᠭᠠᠭᠴᠠ ᠮᠣᠷᠢᠨ ᠤ᠋ ᠬᠥᠩᠭᠡᠨ ᠲᠤᠭᠤᠷᠠᠢ ᠶ᠋ᠢᠨ ᠴᠢᠮᠡᠭᠡ ᠶ᠋ᠢ ᠪᠣᠳᠣᠪᠠᠯ ᠡᠨᠡ ᠨᠢ ᠶᠠᠭᠠᠬᠢᠭᠰᠠᠨ ᠠᠭᠤᠤ ᠶᠡᠬᠡ ᠬᠥᠭᠵᠢᠯᠲᠡ ᠪᠣᠢ!
ᠨᠡᠩ ᠬᠦᠴᠦᠲᠡᠢ ᠪᠡᠷ ᠬᠦᠩᠭᠢᠨᠡᠲᠦᠭᠡᠢ !
ᠲᠦᠮᠡᠨ ᠠᠭᠲᠠᠨ ᠤ᠋ ᠲᠦᠪᠦᠷᠭᠡᠨ ᠲᠡᠭᠦᠨ ᠦ᠌ ᠳᠣᠲᠣᠷ᠎ᠠ ᠠ᠋ᠴᠠ ᠰᠣᠨᠣᠰᠳᠠᠵᠤ᠂ ᠲᠡᠦᠬᠡ ᠶ᠋ᠢᠨ ᠬᠦᠷᠳᠦᠨ ᠦ᠌ ᠲᠦᠷᠴᠢᠭᠢᠨᠡᠭᠡᠨ ᠲᠡᠭᠦᠨ ᠦ᠌ ᠳᠣᠲᠣᠷ᠎ᠠ ᠠ᠋ᠴᠠ ᠳᠤᠭᠤᠯᠳᠠᠨ᠎ᠠ᠃ ᠪᠤᠷᠭᠠᠰᠤᠨ ᠤᠷᠭ᠎ᠠ ᠬᠥᠰᠢᠭᠰᠡᠨ ᠪᠠᠭᠤᠷᠠᠢ ᠦᠨᠳᠦᠰᠦᠲᠡᠨ ᠂ ᠪᠣᠯᠣᠳ ᠪᠦᠷᠢᠶ᠎ᠡ ᠡᠷᠭᠢᠭᠦᠯᠦᠭᠰᠡᠨ ᠴᠢᠭᠢᠷᠠᠭ ᠦᠨᠳᠦᠰᠦᠲᠡᠨ ᠪᠣᠯᠵᠤ ᠪᠠᠢᠬᠤ ᠶᠡᠬᠡ ᠠᠯᠬᠤᠯᠲᠠ ᠶ᠋ᠢᠨ ᠬᠥᠯ ᠦ᠋ᠨ ᠴᠢᠮᠡᠭᠡ ᠮᠥᠨ ᠲᠡᠭᠦᠨ ᠦ᠌ ᠳᠣᠲᠣᠷ᠎ᠠ ᠲᠣᠪ ᠲᠣᠳᠣᠬᠠᠨ ᠃
ᠡᠨᠡᠬᠦ ᠬᠥᠭᠵᠢᠮ ᠦ᠋ᠨ ᠳᠠᠭᠤᠨ ᠳ᠋ᠤ᠌ ᠂ ᠮᠠᠨ ᠤ᠋ ᠦᠨᠳᠦᠰᠦᠲᠡᠨ ᠮᠠᠨᠳᠤᠬᠤ ᠨᠠᠷᠠᠨ ᠤ᠋ ᠵᠦᠭ ᠲᠦᠷᠭᠡᠯᠡᠨ ᠳᠠᠪᠬᠢᠨ᠎ᠠ᠃
ᠣᠳᠣ ᠬᠢᠭᠡᠳ ᠳ᠋ᠧᠩ
ᠪᠣᠯᠣᠳ ᠰᠢᠷᠠᠮᠤ ᠬᠠᠢᠯᠠᠭᠤᠯᠵᠤ ᠳᠠᠢᠴᠢᠨ ᠹᠷᠣᠨᠲ ᠳᠡᠭᠡᠷ᠎ᠡ ᠤᠲᠤᠭ᠎ᠠ ᠂ ᠲᠣᠭᠣᠰᠣ ᠂ ᠠᠭᠤᠷ ᠡᠪᠬᠡᠷᠡᠯᠳᠦᠨ ᠡᠭᠡᠳᠡᠷᠡᠵᠦ ᠬᠥᠷᠥᠰᠥᠲᠦ ᠠᠯᠲᠠᠨ ᠳᠡᠯᠡᠬᠡᠢ ᠡᠴᠡ ᠬᠥᠬᠡ ᠮᠥᠩᠭᠥᠨ ᠣᠭᠲᠠᠷᠭᠤᠢ ᠥᠭᠡᠳᠡ ᠮᠠᠴᠤᠯᠬᠢᠯᠠᠨᠠ᠃ ᠬᠥᠬᠡ ᠮᠥᠩᠭᠥᠨ ᠣᠭᠲᠠᠷᠭᠤᠢ ᠳ᠋ᠠᠬᠢ ᠬᠥᠪᠰᠡᠭᠡᠷ ᠴᠠᠭᠠᠨ ᠡᠭᠦᠯᠡ ᠬᠦᠵᠦᠭᠦᠦ ᠪᠡᠨ ᠰᠤᠩᠭᠠᠨ ᠳᠠᠯᠠᠪᠴᠢ ᠪᠠᠨ ᠳᠡᠯᠭᠡᠵᠦ ᠬᠥᠷᠥᠰᠥᠲᠦ ᠠᠯᠲᠠᠨ ᠳᠡᠯᠡᠬᠡᠢ ᠤᠷᠤᠭᠤ ᠰᠢᠭᠦᠷᠦᠯᠬᠢᠯᠡᠨᠠ ᠃
ᠡᠭᠦᠯᠡ ᠴᠦ᠍ ᠤᠲᠤᠭ᠎ᠠ ᠰᠢᠭ᠋᠂
ᠤᠲᠤᠭ᠎ᠠ ᠴᠤ᠌ ᠡᠭᠦᠯᠡ ᠮᠡᠲᠦ᠃
ᠤᠲᠤᠭᠠᠨ ᠤ᠋ ᠴᠠᠭᠠᠨ᠎ᠠ ᠂ ᠲᠣᠭᠣᠰᠣᠨ ᠤ᠋ ᠳᠤᠮᠳᠠ ᠂ ᠡᠭᠦᠯᠡᠨ ᠦ᠌ ᠳᠣᠣᠷ᠎ᠠ ᠂ ᠲᠡᠮᠦᠷ ᠪᠣᠯᠪᠠᠰᠤᠷᠠᠭᠤᠯᠬᠤ ᠭᠠᠯ ᠤ᠋ᠨ ᠳᠥᠯᠥ ᠡᠨᠳᠡ ᠲᠡᠨᠳᠡ ᠳᠦᠷᠡᠯᠵᠡᠨ ᠥᠷᠪᠥᠯᠵᠡᠵᠦ ᠣᠭᠲᠠᠷᠭᠤᠢ ᠶ᠋ᠢᠨ ᠪᠠᠷᠠᠭᠤᠨ ᠬᠠᠶᠠᠭᠠᠨ᠎ᠠ ᠲᠤᠰᠤᠭᠰᠠᠨ ᠰᠢᠩᠭᠢᠬᠦ ᠨᠠᠷᠠᠨ ᠤ᠋ ᠤᠯᠠᠪᠢᠷ ᠲᠤᠶᠠᠭ᠎ᠠ ᠲᠠᠢ ᠥᠩᠭᠡ ᠮᠥᠷᠥᠢᠴᠡᠨᠡ ᠃ ᠰᠢᠩᠭᠡᠭᠰᠡᠨ ᠨᠠᠷᠠᠨ ᠤ᠋ ᠤᠯᠠᠪᠢᠷ ᠲᠤᠶᠠᠭ᠎ᠠ ᠥᠷᠥᠨ᠎ᠡ ᠠᠯᠤᠰ ᠠ᠋ᠴᠠ ᠨᠢᠭᠤᠷ ᠢ᠋ᠶ᠋ᠠᠨ ᠤᠯᠠᠪᠠᠯᠵᠠᠭᠤᠯᠵᠤ ᠲᠡᠮᠦᠷ ᠪᠣᠯᠪᠠᠰᠤᠷᠠᠭᠤᠯᠬᠤ ᠭᠠᠯ ᠤ᠋ᠨ ᠳᠥᠯᠥ ᠲᠡᠢ ᠵᠢᠰᠦ ᠪᠡᠨ ᠲᠠᠭᠠᠷᠠᠭᠤᠯᠤᠨ᠎ᠠ ᠃
ᠲᠤᠶᠠᠭ᠎ᠠ ᠴᠤ᠌ ᠭᠠᠯ ᠰᠢᠭ᠋᠂
ᠭᠠᠯ ᠴᠤ᠌ ᠲᠤᠶᠠᠭ᠎ᠠ ᠮᠡᠲᠦ᠃
ᠬᠣᠲᠠ ᠶ᠋ᠢᠨ ᠬᠡᠷᠡᠮ ᠦ᠋ᠨ ᠤᠭ ᠠ᠋ᠴᠠ ᠣᠷᠣᠢ ᠬᠦᠷᠲᠡᠯ᠎ᠡ ᠂ ᠬᠣᠲᠠ ᠶ᠋ᠢᠨ ᠬᠡᠷᠡᠮ ᠦ᠋ᠨ ᠣᠷᠣᠢ ᠠᠴᠠ ᠣᠭᠲᠠᠷᠭᠤᠢ ᠲᠤᠯᠲᠠᠯ᠎ᠠ ᠴᠠᠬᠢᠯᠭᠠᠨ ᠳ᠋ᠧᠩ ᠵᠢᠭᠳᠡᠷᠡᠨ ᠪᠥᠭᠡᠮᠨᠡᠷᠡᠵᠦ ᠂ ᠵᠤᠵᠠᠭᠠᠷᠠᠨ ᠪᠥᠭᠡᠮᠨᠡᠷᠡᠵᠦ ᠂ ᠵᠤᠵᠠᠭᠠᠷᠠᠨ ᠰᠢᠩᠭᠡᠷᠡᠭᠰᠡᠭᠡᠷ ᠲᠦᠮᠡᠨ ᠪᠣᠳᠠᠰ ᠤ᠋ᠨ ᠪᠠᠷ᠎ᠠ ᠰᠡᠭᠦᠳᠡᠷ ᠦ᠋ᠨ ᠡᠨᠳᠡᠭᠡ ᠲᠡᠷᠲᠡᠭᠡ ᠂ ᠳᠡᠭᠡᠷ᠎ᠡ ᠳᠣᠣᠷ᠎ᠠ ᠳᠤᠯᠠᠯᠵᠠᠨ ᠭᠢᠯᠪᠠᠯᠵᠠᠨ᠎ᠠ ᠃ ᠡᠩ ᠳᠡᠯᠡᠬᠡᠢ ᠡᠴᠡ ᠭᠡᠷᠡᠯᠲᠦ ᠰᠤᠪᠤᠳ ᠢ᠋ ᠲᠡᠭᠡᠭᠡᠰᠢ ᠪᠡᠨ ᠰᠠᠴᠤᠵᠤ ᠪᠠᠢᠭ᠎ᠠ ᠶᠤᠮ ᠤᠤ ?᠂ ᠡᠰᠡᠷᠸ᠎ᠠ ᠲᠩᠷᠢ ᠶ᠋ᠢᠨ ᠪᠣᠯᠣᠷ ᠡᠷᠢᠬᠡᠨ ᠦ᠌ ᠬᠡᠯᠬᠢᠶ᠎ᠡ ᠲᠠᠰᠤᠷᠠᠴᠢᠬᠠᠭᠠᠳ ᠣᠳᠣᠨ ᠰᠣᠯᠢᠷ ᠳᠣᠭᠣᠭᠰᠢ ᠪᠠᠨ ᠰᠤᠪᠤᠷᠠᠯᠳᠤᠨ ᠪᠠᠭᠤᠵᠤ ᠪᠠᠢᠭ᠎ᠠ ᠶᠤᠮ ᠤᠤ ?
ᠣᠳᠣ ᠴᠤ᠌ ᠳ᠋ᠧᠩ ᠰᠢᠭ ᠂
ᠳ᠋ᠧᠩ ᠴᠦ᠍ ᠣᠳᠣ ᠮᠡᠲᠦ ᠃
ᠡᠳᠡᠭᠡᠷ ᠪᠠᠢᠭᠠᠯᠢ ᠶ᠋ᠢᠨ ᠦᠵᠡᠭᠳᠡᠯ ᠦ᠋ᠨ ᠳᠤᠮᠳᠠ ᠂ ᠮᠠᠨ ᠤ᠋ ᠦᠶ᠎ᠡ ᠶ᠋ᠢᠨ ᠪᠠᠭᠠᠲᠤᠷ ᠂ ᠰᠠᠯᠬᠢᠨ ᠢ᠋ ᠤᠷᠢᠨ ᠡᠭᠦᠯᠡ ᠶ᠋ᠢ ᠨᠡᠭᠦᠯᠭᠡᠵᠦ ᠂ ᠣᠳᠣᠨ ᠢ᠋ ᠵᠢᠭᠡᠯᠡᠨ ᠬᠠᠷᠠᠩᠭᠤᠢ ᠶ᠋ᠢ ᠦᠯᠳᠡᠵᠦ ᠂ ᠦᠷ᠎ᠡ ᠶ᠋ᠢᠨ ᠦᠷ᠎ᠡ ᠳ᠋ᠦ᠍ ᠵᠤᠯᠭᠠᠷᠠᠰᠢ ᠦᠭᠡᠢ ᠮᠥᠩᠬᠡ ᠂ ᠡᠪᠦᠯ ᠦ᠋ᠨ ᠡᠪᠦᠯ ᠳ᠋ᠦ᠍ ᠬᠤᠪᠠᠬᠠᠢᠷᠠᠰᠢ ᠦᠭᠡᠢ ᠪᠥᠬᠡ ᠰᠢᠵᠢᠷ ᠠᠯᠲᠠᠨ ᠴᠡᠴᠡᠭ ᠢ᠋ ᠲᠠᠷᠢᠨ᠎ᠠ ᠃
ᠬᠥᠮᠦᠨ ᠴᠦ᠍ ᠰᠠᠬᠢᠭᠤᠯᠰᠤᠨ ᠰᠢᠭ᠋ ᠂
ᠰᠠᠬᠢᠭᠤᠯᠰᠤᠨ ᠴᠤ᠌ ᠬᠥᠮᠦᠨ ᠮᠡᠲᠦ ᠃
ᠴᠡᠴᠡᠭ ᠳᠡᠯᠭᠡᠷᠡᠬᠦ ᠦᠶᠡᠰ
ᠠᠯᠲᠠᠨ ᠴᠡᠴᠡᠭ ᠳᠡᠯᠭᠡᠷᠡᠯ᠎ᠡ᠄
ᠬᠠᠶᠠᠯᠠᠭᠰᠠᠨ ᠪᠤᠲᠠᠷᠭᠠᠨ᠎ᠠ ᠂ ᠪᠣᠯᠣᠳ ᠤ᠋ᠨ ᠣᠴᠢᠨ ᠳ᠋ᠤ᠌ ᠬᠡᠰᠦᠨ ᠥᠭᠴᠦ ᠰᠢᠭᠦᠳᠡᠷᠢ ᠶ᠋ᠢᠨ ᠲᠣᠰᠣ ᠳᠡᠯᠡᠬᠡᠢ ᠳ᠋ᠦ᠍ ᠰᠦᠷᠴᠢᠭᠳᠡᠨᠡ ᠃ ᠪᠠᠭᠤᠭᠰᠠᠨ ᠴᠠᠰᠤ ᠂ ᠪᠣᠯᠣᠳ ᠤ᠋ᠨ ᠣᠴᠢᠨ ᠳ᠋ᠤ᠌ ᠬᠠᠢᠯᠤᠨ ᠥᠭᠴᠦ ᠬᠤᠷ᠎ᠠ ᠶ᠋ᠢᠨ ᠤᠰᠤ ᠡᠭᠦᠯᠡᠨ ᠳ᠋ᠦ᠍ ᠬᠣᠮᠠᠭᠯᠠᠭᠲᠠᠨᠡ ᠃ ᠬᠥᠯᠳᠡᠭᠰᠡᠨ ᠭᠠᠵᠠᠷ ᠤᠶᠠᠷᠠᠨ ᠵᠥᠭᠡᠯᠡᠷᠡᠵᠦ ᠨᠣᠢᠲᠠᠨ ᠦᠷᠡᠰ ᠢ᠋ ᠰᠢᠷᠣᠢ ᠳ᠋ᠤ᠌ ᠲᠥᠯᠵᠢᠭᠦᠯᠦᠨᠡ ᠃ ᠪᠠᠷᠢᠯᠳᠤᠭᠰᠠᠨ ᠮᠥᠰᠥ ᠬᠠᠭᠠᠷᠠᠨ ᠳᠡᠯᠪᠡᠷᠡᠵᠦ ᠤᠷᠤᠰᠬᠠᠯ ᠢ᠋ ᠮᠢᠷᠠᠯᠵᠢᠭᠣᠯᠣᠨ ᠭᠠᠯᠠᠭᠤ ᠶ᠋ᠢ ᠳᠠᠭᠤᠳᠠᠨ᠎ᠠ᠃
ᠠᠯᠲᠠᠨ ᠴᠡᠴᠡᠭ ᠳᠡᠯᠭᠡᠷᠡᠯ᠎ᠡ ᠄
ᠪᠣᠯᠣᠳ ᠤ᠋ᠨ ᠣᠴᠢ ᠳᠠᠬᠤ ᠶ᠋ᠢᠨ ᠭᠣᠣᠯ ᠤ᠋ᠨ ᠤᠷᠤᠰᠬᠠᠯ ᠳ᠋ᠤ᠌ ᠦᠰᠦᠷᠦᠨ ᠲᠤᠰᠤᠭᠰᠠᠨ ᠳ᠋ᠤ᠌ ᠠᠯᠲᠠᠨ ᠵᠢᠭᠠᠰᠤ ᠲᠡᠨᠳᠡ ᠢᠷᠭᠠᠯᠠᠨᠠ ᠃ ᠪᠣᠯᠣᠳ ᠤ᠋ᠨ ᠣᠴᠢ ᠳᠠᠯᠠᠨ ᠬᠠᠷ᠎ᠠ ᠠᠭᠤᠯᠠ ᠶ᠋ᠢᠨ ᠣᠷᠭᠢᠯ ᠳ᠋ᠤ᠌ ᠬᠠᠷᠪᠤᠨ ᠬᠦᠷᠦᠭᠰᠡᠨ ᠳ᠋ᠦ᠍ ᠠᠯᠲᠠᠨ ᠪᠤᠭᠤ ᠲᠡᠨᠳᠡ ᠲᠣᠭᠯᠠᠨ᠎ᠠ ᠃ ᠪᠣᠯᠣᠳ ᠤ᠋ᠨ ᠣᠴᠢ ᠤᠰᠤᠲᠤ ᠶ᠋ᠢᠨ ᠬᠠᠷᠠᠭᠠᠨ᠎ᠠ ᠶ᠋ᠢᠨ ᠰᠠᠯᠠᠭᠠᠨ ᠳᠡᠭᠡᠷ᠎ᠡ ᠰᠠᠳᠠᠷᠠᠨ ᠤᠨᠠᠭᠰᠠᠨ ᠳ᠋ᠤ᠌ ᠠᠯᠲᠠᠨ ᠭᠤᠷᠭᠤᠤᠯᠳᠠᠢ ᠲᠡᠨᠳᠡ ᠳᠣᠩᠭᠣᠳᠤᠨ᠎ᠠ ᠃
ᠠᠯᠲᠠᠨ ᠴᠡᠴᠡᠭ ᠳᠡᠯᠭᠡᠷᠡᠯ᠎ᠡ ᠄
ᠡᠭᠦᠨ ᠡᠴᠡ ᠬᠣᠢᠰᠢ ᠠᠯᠲᠠᠨ ᠲᠡᠮᠡᠭᠡ ᠵᠣᠭᠳᠣᠷ ᠢ᠋ᠶ᠋ᠠᠨ ᠬᠡᠢᠰᠬᠡᠨ ᠂ ᠮᠥᠩᠭᠥᠨ ᠠᠵᠢᠷᠭ᠎ᠠ ᠳᠡᠯ ᠢ᠋ᠶ᠋ᠡᠨ ᠪᠣᠰᠬᠠᠵᠤ ᠂ ᠲᠡᠮᠦᠷ ᠪᠤᠬ᠎ᠠ ᠡᠪᠡᠷ ᠢ᠋ᠶ᠋ᠡᠨ ᠰᠡᠷᠡᠢᠯᠭᠡᠨ ᠂ ᠨᠣᠮᠢᠨ ᠲᠠᠯ᠎ᠠ ᠭᠡᠷᠡᠯ ᠰᠠᠴᠤᠷᠠᠭᠤᠯᠤᠨ᠎ᠠ ᠃
ᠬᠥᠬᠡ ᠣᠭᠲᠠᠷᠭᠤᠢ ᠳ᠋ᠤ᠌ ᠮᠥᠩᠭᠥᠨ ᠭᠣᠣᠯ ᠪᠠᠢᠨ᠎ᠠ ᠭᠡᠬᠦᠯᠡᠷ ᠬᠥᠷᠥᠰᠥᠲᠦ ᠳᠡᠯᠡᠬᠡᠢ ᠳ᠋ᠦ᠍ ᠪᠠᠰᠠ ᠠᠯᠲᠠᠨ ᠮᠥᠷᠡᠨ ᠤᠷᠤᠰᠤᠨ᠎ᠠ ᠃
1958 —1960
