ᠶᠢᠷᠲᠢᠨᠴᠦ ᠶᠢᠨ ᠭᠤᠷᠪᠠ – < ᠡ᠊ > ᠶ᠋ᠢᠨ ᠠᠶ᠋ᠢᠮᠠᠭ (1) Ертөнцийн гурав – < Э > ин аймаг (1) ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – < ᠡ᠊ > ᠶ᠋ᠢᠨ ᠠᠶ᠋ᠢᠮᠠᠭ (1) Ертөнцийн гурав – < Э > ин аймаг (1)

ᠶᠢᠷᠲᠢᠨᠴᠦ ᠶᠢᠨ ᠭᠤᠷᠪᠠ – < ᠡ᠊ > ᠶ᠋ᠢᠨ ᠠᠶ᠋ᠢᠮᠠᠭ (1) Ертөнцийн гурав – < Э > ин аймаг (1)

2023-05-13

443

ᠶᠢᠷᠲᠢᠨᠴᠦ ᠶᠢᠨ ᠭᠤᠷᠪᠠ – < ᠡ᠊ > ᠶ᠋ᠢᠨ ᠠᠶ᠋ᠢᠮᠠᠭ


  
            ᠭᠤᠷᠪᠠᠨ ᠴᠠᠭᠠᠨ 
    ᠡᠷᠲᠡᠨᠢ ᠶ᠋ᠢᠨ ᠵᠦᠢᠯ ᠡᠴᠡ ᠬᠠᠰ ᠨᠢᠭᠡ ᠴᠠᠭᠠᠨ 
    ᠡᠲᠯᠡᠯ ᠦ᠋ᠨ ᠵᠦᠢᠯ ᠡᠴᠡ ᠣᠣ᠎ᠠ ᠨᠢᠭᠡ ᠴᠠᠭᠠᠨ 
    ᠡᠪᠦᠯ ᠦ᠋ᠨ ᠴᠠᠭ ᠲᠤ ᠴᠠᠰᠤ ᠨᠢᠭᠡ ᠴᠠᠭᠠᠨ 
  
           ᠭᠤᠷᠪᠠᠨ ᠰᠢᠷ᠎ᠠ 
    ᠡᠷᠲᠡᠨᠢ ᠳ᠋ᠦ᠍ ᠠᠯᠲᠠ ᠨᠢᠭᠡ ᠰᠢᠷ᠎ᠠ 
    ᠡᠳ᠋ ᠲᠤ ᠵᠠᠩᠴᠢ ᠨᠢᠭᠡ ᠰᠢᠷ᠎ᠠ 
    ᠢᠲᠡᠭᠡᠨ ᠳ᠋ᠦ᠍ ᠤᠭᠤᠷᠠᠭ ᠨᠢᠭᠡ ᠰᠢᠷ᠎ᠠ 

           ᠭᠤᠷᠪᠠᠨ ᠰᠢᠷ᠎ᠠ
    ᠡᠮᠦᠰᠬᠦᠢ ᠳ᠋ᠦ᠍ ᠵᠠᠩᠴᠢ ᠨᠢᠭᠡ ᠰᠢᠷ᠎ᠠ
    ᠣᠭᠲᠠᠷᠭᠤᠢ ᠳ᠋ᠦ᠍ ᠨᠠᠷᠠ ᠨᠢᠭᠡ ᠰᠢᠷ᠎ᠠ
    ᠤᠤᠭᠤᠬᠤᠢ ᠳ᠋ᠦ᠍ ᠤᠭᠤᠷᠠᠭ ᠨᠢᠭᠡ ᠰᠢᠷ᠎ᠠ

            ᠭᠤᠷᠪᠠᠨ ᠨᠣᠭᠣᠭᠠᠨ
    ᠡᠯᠢᠭᠡ ᠨᠢ ᠬᠠᠷ᠎ᠠ ᠪᠣᠯᠪᠠᠴᠤ ᠰᠥᠰᠥ ᠨᠢ ᠨᠣᠭᠣᠭᠠᠨ
    ᠤᠰᠤ ᠨᠢ ᠬᠠᠷ᠎ᠠ ᠪᠣᠯᠪᠠᠴᠤ ᠵᠠᠮᠠᠭ ᠨᠢ ᠨᠣᠭᠣᠭᠠᠨ
    ᠬᠠᠲᠠ ᠨᠢ ᠬᠠᠷ᠎ᠠ ᠪᠣᠯᠪᠠᠴᠤ ᠬᠠᠭᠲᠠ ᠨᠢ ᠨᠣᠭᠣᠭᠠᠨ

           ᠭᠤᠷᠪᠠᠨ ᠴᠠᠭᠠᠨ
    ᠡᠩ ᠲᠡᠢ ᠡᠴᠡ ᠢᠰᠡᠭᠡᠢ ᠨᠢᠭᠡ ᠴᠠᠭᠠᠨ
    ᠡᠪᠳᠡᠷᠡᠳᠡᠭ ᠡᠴᠡ ᠬᠠᠰ ᠨᠢᠭᠡ ᠴᠠᠭᠠᠨ
    ᠡᠪᠡᠷ ᠲᠡᠢ ᠡᠴᠡ ᠢᠮᠠᠬ᠋᠎ᠠ ᠨᠢᠭᠡ ᠴᠠᠭᠠᠨ

          ᠭᠤᠷᠪᠠᠨ ᠴᠠᠭᠠᠨ
    ᠡᠮ ᠦ᠋ᠨ ᠵᠦᠢᠯ ᠡᠴᠡ ᠨᠤᠨᠲᠠᠭ ᠨᠢᠭᠡ ᠴᠠᠭᠠᠨ
    ᠢᠲᠡᠭᠡᠨ ᠪ ᠵᠦᠢᠯ ᠡᠴᠡ ᠰᠦ᠋ ᠨᠢᠭᠡ ᠴᠠᠭᠠᠨ
    ᠡᠷᠬᠡᠲᠡᠨ ᠪ ᠵᠦᠢᠯ ᠡᠴᠡ ᠰᠡᠤᠠᠬᠢᠯ ᠨᠢᠭᠡ ᠴᠠᠭᠠᠨ

          ᠭᠤᠷᠪᠠᠨ ᠤᠯᠠᠭᠠᠨ
    ᠡᠷᠡᠭᠴᠢᠨ ᠲᠠᠬᠢᠶ᠎ᠠ ᠶ᠋ᠢᠨ ᠴᠡᠴᠡᠭ᠋ ᠨᠢᠭᠡ ᠤᠯᠠᠭᠠᠨ
    ᠡᠭᠡᠮᠦᠭ ᠰᠦᠢᠬᠡ ᠶ᠋ᠢᠨ ᠱ᠌ᠢᠷᠦ ᠨᠢᠭᠡ ᠤᠯᠠᠭᠠᠨ
    ᠡᠨᠡᠷᠢᠯᠲᠦ ᠯᠠᠮᠠ ᠶ᠋ᠢᠨ ᠣᠷᠬᠢᠮᠵᠢ ᠨᠢᠭᠡ ᠤᠯᠠᠭᠠᠨ

          ᠭᠤᠷᠪᠠᠨ ᠬᠠᠷ᠎ᠠ
    ᠡᠲᠦᠷ ᠦ᠋ᠨ ᠨᠠᠷᠠᠨ ᠪ ᠰᠡᠭᠦᠲᠡᠷ ᠨᠢ ᠬᠠᠷ᠎ᠠ
    ᠡᠯᠢᠭᠡ ᠮᠠᠭᠤᠲᠠᠨ ᠪ ᠵᠢᠷᠦᠬᠡ ᠨᠢ ᠬᠠᠷ᠎ᠠ
    ᠡᠯᠵᠢᠭᠡ ᠮᠠᠯ ᠦ᠋ᠨ ᠲᠤᠭᠤᠷᠠᠢ ᠨᠢ ᠬᠠᠷ᠎ᠠ

         ᠭᠤᠷᠪᠠᠨ ᠬᠠᠷᠠᠩᠭᠤᠢ
     ᠡᠷᠲᠡᠮ ᠦᠭᠡᠢ ᠬᠥᠮᠦᠨ ᠨᠢᠭᠡ ᠬᠠᠷᠠᠩᠭᠤᠢ
     ᠰᠠᠷᠠ ᠦᠭᠡᠢ ᠰᠥᠨᠢ ᠨᠢᠭᠡ ᠬᠠᠷᠠᠩᠭᠤᠢ
     ᠬᠣᠨᠢ ᠦᠭᠡᠢ ᠬᠣᠲᠠ ᠨᠢᠭᠡ ᠬᠠᠷᠠᠩᠭᠤᠢ

        ᠭᠤᠷᠪᠠᠨ ᠪᠠᠷᠠᠭᠠᠨ
    ᠡᠷᠲᠡᠮ ᠦᠭᠡᠢ ᠬᠥᠮᠦᠨ ᠪ ᠲᠠᠷᠢᠬᠢ ᠨᠢᠭᠡ ᠪᠠᠷᠠᠭᠠᠨ
    ᠥᠨᠥᠴᠢᠨ ᠬᠥᠮᠦᠨ ᠪ ᠡᠯᠢᠭᠡ ᠨᠢᠭᠡ ᠪᠠᠷᠠᠭᠠᠨ
    ᠦᠬᠡᠷ ᠦᠭᠡᠢ ᠠᠶ᠋ᠢᠯ ᠦ᠋ᠨ ᠬᠣᠲᠠ ᠨᠢᠭᠡ ᠪᠠᠷᠠᠭᠠᠨ

          ᠭᠤᠷᠪᠠᠨ ᠴᠢᠮᠡᠭ
    ᠡᠷᠲᠡᠨᠢ ᠴᠢᠯᠠᠭᠤ ᠠᠭᠤᠯᠠᠨ ᠪ ᠴᠢᠮᠡᠭ
    ᠡᠶᠡᠯᠳᠡᠭ ᠵᠠᠩ ᠬᠥᠮᠦᠨ ᠪ ᠴᠢᠮᠡᠭ
    ᠡᠷᠲᠡᠮ ᠮᠡᠲᠡᠯᠭᠡ ᠪᠦᠬᠦᠨ ᠪ ᠴᠢᠮᠡᠭ

           ᠭᠤᠷᠪᠠᠨ ᠴᠢᠮᠡᠭ
    ᠡᠯᠡᠰᠦᠨ ᠭᠣᠪᠢ ᠳ᠋ᠦ᠍ ᠲᠡᠮᠡᠭᠡ ᠨᠢᠭᠡ ᠴᠢᠮᠡᠭ
    ᠡᠵᠡᠭᠦᠢ ᠲᠠᠯ᠎ᠠ ᠳ᠋ᠦ᠍ ᠮᠣᠲᠣ ᠨᠢᠭᠡ ᠴᠢᠮᠡᠭ
    ᠡᠨᠡ ᠪᠡᠶ᠎ᠡ ‍ᠳ᠋ᠦ᠍ ᠡᠷᠳᠡᠮ ᠨᠢᠭᠡ ᠴᠢᠮᠡᠭ

          ᠭᠤᠷᠪᠠᠨ ᠰᠠᠶ᠋ᠢᠨ
    ᠡᠯᠴᠢ ‍ᠶ᠋ᠢᠨ ᠡᠪ ᠎ᠲᠠᠢ ᠨᠢ ᠨᠢᠭᠡ ᠰᠠᠶ᠋ᠢᠨ
    ᠡᠮᠴᠢ ‍ᠶ᠋ᠢᠨ ᠢᠪᠡᠭᠡᠯ ᠎ᠲᠠᠢ ᠨᠢ ᠨᠢᠭᠡ ᠰᠠᠶ᠋ᠢᠨ
    ᠡᠷᠳᠡᠮ ‍ᠤᠨ ᠭᠦᠨ ᠨᠢ ᠨᠢᠭᠡ ᠰᠠᠶ᠋ᠢᠨ

         ᠭᠤᠷᠪᠠᠨ ᠰᠠᠶ᠋ᠢᠬᠠᠨ
    ᠡᠷᠭᠢᠵᠦ ᠨᠢᠰᠬᠦ ᠡᠷᠪᠡᠬᠡᠢ ᠨᠢᠭᠡ ᠰᠠᠶ᠋ᠢᠬᠠᠨ
    ᠡᠭᠡᠴᠢ ᠳᠡᠭᠦᠦ ᠬᠠᠮᠲᠤ ᠨᠢᠭᠡ ᠰᠠᠶ᠋ᠢᠬᠠᠨ
    ᠡᠷᠳᠡᠮ ᠨᠣᠮ ᠭᠦᠨ ᠨᠢᠭᠡ ᠰᠠᠶ᠋ᠢᠬᠠᠨ

         ᠭᠤᠷᠪᠠᠨ ᠰᠠᠶ᠋ᠢᠬᠠᠨ
    ᠡᠪᠦᠯ ᠴᠠᠭ ‍ᠤᠨ ᠴᠠᠰᠤ ᠨᠢᠭᠡ ᠰᠠᠶ᠋ᠢᠬᠠᠨ
    ᠡᠩᠬᠡ ᠠᠮᠤᠷ ‍ᠤᠨ ᠵᠢᠷᠭᠠᠯ ᠨᠢᠭᠡ ᠰᠠᠶ᠋ᠢᠬᠠᠨ
    ᠡᠴᠢᠭᠡ ᠡᠬᠡ ‍ᠶ᠋ᠢᠨ ᠰᠤᠷᠭᠠᠯ ᠨᠢᠭᠡ ᠰᠠᠶ᠋ᠢᠬᠠᠨ

         ᠭᠤᠷᠪᠠᠨ ᠰᠠᠶ᠋ᠢᠬᠠᠨ
    ᠡᠭᠦᠯᠡ ᠦᠭᠡᠢ ᠡᠳᠦᠷ ᠨᠢᠭᠡ ᠰᠠᠶ᠋ᠢᠬᠠᠨ
    ᠡᠪᠡᠳᠴᠢᠨ ᠦᠭᠡᠢ ᠪᠡᠶ᠎ᠡ ᠨᠢᠭᠡ ᠰᠠᠶ᠋ᠢᠬᠠᠨ
    ᠡᠪᠳᠡᠷᠡᠯ ᠦᠭᠡᠢ ᠠᠮᠢᠳᠤᠷᠠᠯ ᠨᠢᠭᠡ ᠰᠠᠶ᠋ᠢᠬᠠᠨ

        ᠭᠤᠷᠪᠠᠨ ᠬᠣᠯᠪᠣᠭ᠎ᠠ
    ᠡᠴᠢᠭᠡ ᠡᠬᠡ ᠴᠢᠰᠤᠨ ‍ᠤ ᠬᠣᠯᠪᠣᠭ᠎ᠠ
    ᠡᠷ᠎ᠡ ᠡᠮ᠎ᠡ ᠨᠠᠰᠤᠨ ‍ᠤ ᠬᠣᠯᠪᠣᠭ᠎ᠠ
    ᠡᠮᠡᠭᠡᠯ ᠮᠣᠷᠢ ᠵᠠᠮ ‍ᠤᠨ ᠬᠣᠯᠪᠣᠭ᠎ᠠ

         ᠭᠤᠷᠪᠠᠨ ᠬᠡᠯᠬᠢᠶ᠎ᠡ
    ᠡᠴᠢᠭᠡ ᠡᠬᠡ ᠲᠥᠷᠥᠯ ‍ᠤᠨ ᠬᠡᠯᠬᠢᠶ᠎ᠡ
    ᠡᠷᠳᠡᠮ ᠰᠣᠶᠣᠯ ᠲᠥᠷᠥ ‍ᠶ᠋ᠢᠨ ᠬᠡᠯᠬᠢᠶ᠎ᠡ
    ᠤᠨᠢ ᠲᠡᠷᠡᠮ᠎ᠡ ᠭᠡᠷ ‍ᠤᠨ ᠬᠡᠯᠬᠢᠶ᠎ᠡ

          ᠭᠤᠷᠪᠠᠨ ᠴᠡᠮᠴᠡᠭᠡᠷ
    ᠡᠭᠦᠯᠡ ᠎ᠪᠠᠨ ᠬᠥᠭᠡᠭᠡᠭᠰᠡᠨ ᠲᠩᠷᠢ ᠴᠡᠮᠴᠡᠭᠡᠷ
    ᠦᠨᠡᠰᠦ ᠎ᠪᠠᠨ ᠭᠠᠷᠭᠠᠭᠰᠠᠨ ᠲᠤᠯᠭ᠎ᠠ ᠴᠡᠮᠴᠡᠭᠡᠷ
    ᠦᠰᠦ ᠎ᠪᠠᠨ ᠰᠠᠮᠨᠠᠭᠰᠠᠨ ᠠᠪᠠᠭᠠᠢ ᠴᠡᠮᠴᠡᠭᠡᠷ

          ᠭᠤᠷᠪᠠᠨ ᠬᠠᠶ᠋ᠢᠷᠠᠬᠠᠨ
    ᠡᠯᠵᠢᠭᠡᠨ ᠴᠢᠬᠢᠨ ᠳ᠋ᠦ᠍ ᠡᠷᠳᠡᠨᠢ ᠨᠢᠭᠡ ᠬᠠᠶ᠋ᠢᠷᠠᠬᠠᠨ
    ᠡᠷᠭᠢᠭᠦᠦ ᠠᠮᠢᠲᠠᠨ ᠳ᠋ᠦ᠍ ᠡᠷᠳᠡᠮ ᠨᠢᠭᠡ ᠬᠠᠶ᠋ᠢᠷᠠᠬᠠᠨ
    ᠡᠯᠡᠰᠦ ᠮᠠᠩᠬᠠᠨ ᠳ᠋ᠦ᠍ ᠤᠰᠤ ᠨᠢᠭᠡ ᠬᠠᠶ᠋ᠢᠷᠠᠬᠠᠨ

         ᠭᠤᠷᠪᠠᠨ ᠬᠦᠨᠳᠦ
    ᠡᠴᠡᠭᠰᠡᠨ ᠮᠣᠷᠢᠨ ᠳ᠋ᠦ᠍ ᠡᠮᠡᠭᠡᠯ ᠬᠦᠨᠳᠦ
    ᠶᠠᠳᠠᠭᠰᠠᠨ ᠬᠥᠮᠦᠨ ‍ᠳ᠋ᠦ᠍ ᠴᠢᠬᠢ ᠬᠦᠨᠳᠦ
    ᠢᠴᠢᠭᠰᠡᠨ ᠬᠥᠮᠦᠨ ᠳ᠋ᠦ᠍ ᠦᠭᠡ ᠬᠦᠨᠳᠦ

         ᠭᠤᠷᠪᠠᠨ ᠪᠠᠶᠠᠨ
    ᠡᠷᠳᠡᠮ ᠨᠣᠮ ᠳᠡᠭᠡᠳᠦ ᠪᠠᠶᠠᠨ
    ᠦᠷ᠎ᠡ ᠬᠡᠦᠬᠡᠳ ᠳᠤᠮᠳᠠ ᠪᠠᠶᠠᠨ
    ᠡᠳ᠋ ᠮᠥᠩᠭᠥ ᠠᠳᠠᠭ ᠪᠠᠶᠠᠨ

         ᠭᠤᠷᠪᠠᠨ ᠬᠦᠨᠳᠦ
    ᠡᠷ᠎ᠡ ᠴᠢᠳᠠᠯ ᠎ᠲᠠᠢ ᠪᠣᠯᠭᠠᠭᠰᠠᠨ ᠡᠴᠢᠭᠡ ᠡᠬᠡ ‍ᠶ᠋ᠢᠨ ᠰᠡᠳᠬᠢᠯ ᠬᠦᠨᠳᠦ
    ᠡᠷᠬᠡ ᠴᠢᠯᠥᠭᠡ ᠎ᠲᠠᠢ ᠪᠣᠯᠭᠠᠭᠰᠠᠨ ᠰᠣᠳᠣ ᠨᠠᠮ ‍ᠤᠨ ᠠᠴᠢ ᠬᠦᠨᠳᠦ
    ᠡᠷᠳᠡᠮ ᠮᠡᠳᠡᠯᠭᠡ ᠎ᠲᠠᠢ ᠪᠣᠯᠭᠠᠭᠰᠠᠨ ᠠᠴᠢᠲᠤ ᠪᠠᠭᠰᠢ ‍ᠶ᠋ᠢᠨ ᠡᠨᠡᠷᠢᠯ ᠬᠦᠨᠳᠦ

         ᠭᠤᠷᠪᠠᠨ ᠬᠠᠶ᠋ᠢᠷᠠᠬᠠᠨ
    ᠡᠨᠡ ᠪᠡᠶ᠎ᠡ ᠳ᠋ᠦ᠍ ᠡᠷᠳᠡᠮ ᠰᠤᠷᠬᠤ ᠦᠭᠡᠢ ᠨᠢᠭᠡ ᠬᠠᠶ᠋ᠢᠷᠠᠬᠠᠨ
    ᠡᠨᠡ ᠡᠳᠦᠷ ‍ᠢ ᠰᠤᠯᠠ ᠎ᠪᠡᠷ ᠥᠩᠭᠡᠷᠡᠭᠦᠯᠬᠦ ᠨᠢᠭᠡ ᠬᠠᠶ᠋ᠢᠷᠠᠬᠠᠨ
    ᠡᠨᠡ ᠨᠠᠰᠤᠨ ᠳ᠋ᠦ᠍ ᠪᠤᠶᠠᠨ ᠦᠢᠯᠡᠳᠬᠦ ᠦᠭᠡᠢ ᠨᠢᠭᠡ ᠬᠠᠶ᠋ᠢᠷᠠᠬᠠᠨ

         ᠭᠤᠷᠪᠠᠨ ᠪᠠᠶᠠᠨ
    ᠡᠷᠳᠡᠮ ᠎ᠲᠠᠢ ᠬᠥᠮᠦᠨ ᠨᠢᠭᠡ ᠪᠠᠶᠠᠨ
    ᠥᠷᠢ ᠦᠭᠡᠢ ᠬᠥᠮᠦᠨ ᠨᠢᠭᠡ ᠪᠠᠶᠠᠨ
    ᠬᠡᠦᠬᠡᠳ ᠎ᠲᠠᠢ ᠬᠥᠮᠦᠨ ᠨᠢᠭᠡ ᠪᠠᠶᠠᠨ

         ᠭᠤᠷᠪᠠᠨ ᠬᠦᠨᠳᠦ
    ᠡᠷᠭᠦᠭᠡᠳ ᠠᠪᠬᠤ ᠳ᠋ᠦ᠍ ᠴᠢᠯᠠᠭᠤ ᠨᠢᠭᠡ ᠬᠦᠨᠳᠦ
    ᠡᠷᠭᠢᠴᠡᠭᠦᠯᠦᠭᠡᠳ ᠪᠣᠳᠣᠬᠤ ᠳ᠋ᠦ᠍ ᠰᠡᠳᠬᠢᠯ ᠨᠢᠭᠡ ᠬᠦᠨᠳᠦ
    ᠡᠶᠡᠳᠡᠭᠡᠳ ᠰᠠᠭᠤᠬᠤ ᠳ᠋ᠦ᠍ ᠨᠥᠬᠥᠷ ᠨᠢᠭᠡ ᠬᠦᠨᠳᠦ


       
         ᠭᠤᠷᠪᠠᠨ ᠬᠦᠨᠳᠦ
    ᠡᠷᠭᠦᠵᠦ ᠪᠠᠶ᠋ᠢᠲᠠᠯ᠎ᠠ ᠴᠢᠯᠠᠭᠤ ᠬᠦᠨᠳᠦ   
    ᠥᠭᠴᠦ ᠪᠠᠶ᠋ᠢᠲᠠᠯ᠎ᠠ ᠬᠦᠷᠭᠡᠨ ᠬᠦᠨᠲᠦ
    ᠡᠷᠭᠢᠭᠦᠦ ᠪᠠᠶ᠋ᠢᠲᠠᠯ᠎ᠠ ᠯᠠᠮᠠ ᠬᠦᠨᠲᠦ

         ᠭᠤᠷᠪᠠᠨ ᠬᠥᠩᠭᠡᠨ
    ᠡᠷᠭᠦᠬᠦ ᠳ᠋ᠦ᠍ ᠨᠠᠰᠤ  ᠨᠢᠭᠡ ᠬᠥᠩᠭᠡᠨ 
    ᠬᠡᠶ᠋ᠢᠰᠬᠦ ᠳ᠋ᠦ᠍ ᠦᠲᠦ ᠨᠢᠭᠡ ᠬᠥᠩᠭᠡᠨ 
    ᠤᠷᠤᠰᠬᠤ ᠳ᠋ᠦ᠍ ᠤᠰᠤ ᠨᠢᠭᠡ ᠬᠥᠩᠭᠡᠨ

           ᠭᠤᠷᠪᠠᠨ ᠪᠣᠭᠣᠨᠢ
    ᠡᠷᠲᠡᠮ ᠪᠠᠭᠠᠲᠤ ᠶ᠋ᠢᠨ ᠪᠣᠲᠣᠯᠬ᠋᠎ᠠ ᠪᠣᠭᠣᠨᠢ  
    ᠡᠨᠡᠷᠢᠯ ᠮᠠᠭᠤᠲᠤ ᠶ᠋ᠢᠨ ᠨᠠᠰᠤ ᠪᠣᠭᠣᠨᠢ
    ᠡᠪ ᠮᠠᠭᠤᠲᠤ ᠶ᠋ᠢᠨ ᠨᠥᠬᠦᠷᠯᠡᠯ ᠪᠣᠭᠣᠨᠢ

          ᠭᠤᠷᠪᠠᠨ ᠠᠷᠢᠭᠤᠨ
    ᠡᠨᠡᠷᠢᠯᠲᠦ ᠡᠵᠢ ᠶ᠋ᠢᠨ ᠰᠦ᠋ ᠨᠢᠭᠡ ᠠᠷᠢᠭᠤᠨ
    ᠡᠴᠢᠭᠡ ᠬᠥᠮᠦᠨ ᠪ ᠰᠡᠤᠠᠬᠢᠯ ᠨᠢᠭᠡ ᠠᠷᠢᠭᠤᠨ
    ᠡᠷᠲᠡᠮᠲᠦ ᠪᠠᠭᠰᠢ ᠶ᠋ᠢᠨ ᠰᠤᠷᠭᠠᠯ ᠨᠢᠭᠡ ᠠᠷᠢᠭᠤᠨ

           ᠭᠤᠷᠪᠠᠨ ᠠᠷᠢᠭᠤᠨ
    ᠡᠬᠡ ᠬᠥᠮᠦᠨ ᠪ ᠰᠡᠤᠠᠬᠢᠯ ᠨᠢᠭᠡ ᠠᠷᠢᠭᠤᠨ
    ᠡᠬᠡ ᠣᠷᠣᠨᠴᠢ ᠶ᠋ᠢᠨ ᠵᠢᠤᠠᠬᠦᠯ ᠨᠢᠭᠡ ᠠᠷᠢᠭᠤᠨ
    ᠡᠩᠬᠡ ᠲᠠᠶ᠋ᠢᠪᠤᠩ ᠦ᠋ᠨ ᠦᠢᠯᠡᠰ ᠨᠢᠭᠡ ᠠᠷᠢᠭᠤᠨ

           ᠭᠤᠷᠪᠠᠨ ᠳᠤᠯᠬᠢᠨ
    ᠡᠷᠬᠢ ᠡᠴᠡ ᠪᠠᠭᠤᠬᠤ ᠤᠰᠤ ᠨᠢᠭᠡ ᠳᠤᠯᠬᠢᠨ
    ᠦᠨᠲᠦᠷ ᠡᠴᠡ ᠪᠠᠭᠤᠬᠤ ᠴᠢᠯᠠᠭᠤ ᠨᠢᠭᠡ ᠳᠤᠯᠬᠢᠨ
    ᠥᠯᠦᠩ ᠡᠴᠡ ᠨᠣᠴᠣᠬᠤ ᠭᠠᠯ ᠨᠢᠭᠡ ᠳᠤᠯᠬᠢᠨ

           ᠭᠤᠷᠪᠠᠨ ᠭᠠᠯᠵᠠᠭᠤ
    ᠡᠪᠡᠰᠦᠨ ᠳ᠋ᠦ᠍ ᠣᠷᠣᠭᠰᠠᠨ ᠲᠦᠢᠮᠡᠷ ᠨᠢᠭᠡ ᠭᠠᠯᠵᠠᠭᠤ
    ᠡᠮᠡᠭᠡᠯ ᠶ᠋ᠢᠡᠨ ᠬᠥᠨᠭᠭᠡᠯᠡᠭᠰᠡᠨ ᠮᠣᠷᠢ ᠨᠢᠭᠡ ᠭᠠᠯᠵᠠᠭᠤ
    ᠡᠷᠬᠢ ᠪᠡᠨ ᠬᠠᠯᠢᠬᠰᠠᠨ ᠤᠰᠤ ᠨᠢᠭᠡ ᠭᠠᠯᠵᠠᠭᠤ

           ᠭᠤᠷᠪᠠᠨ ᠰᠢᠪᠰᠢᠭ
    ᠡᠷ᠎ᠡ ᠳᠤᠮᠳᠠ ᠡᠮ᠎ᠡ ᠡᠴᠡ ᠰᠠᠯᠬᠤ ᠨᠢᠭᠡ ᠰᠢᠪᠰᠢᠭ
    ᠤᠰᠤᠨ ᠳᠤᠮᠳᠠ ᠣᠩᠭᠣᠴᠠ ᠠ᠋ᠴᠠ ᠰᠠᠯᠬᠤ ᠨᠢᠭᠡ ᠰᠢᠪᠰᠢᠭ
    ᠵᠠᠮ ᠳᠤᠮᠳᠠ ᠮᠣᠷᠢᠨ ᠠ᠋ᠴᠠ ᠰᠠᠯᠬᠤ ᠨᠢᠭᠡ ᠰᠢᠪᠰᠢᠭ

            ᠭᠤᠷᠪᠠᠨ ᠭᠡᠮᠰᠢᠯ
    ᠡᠬᠡ ᠪᠡᠨ ᠠᠯᠲᠠᠭᠰᠠᠨ ᠦᠷ᠎ᠡ ᠨᠢᠭᠡ ᠭᠡᠮᠰᠢᠯ
    ᠡᠮ᠎ᠡ ᠪᠡᠨ ᠠᠯᠲᠠᠭᠰᠠᠨ ᠡᠷ᠎ᠡ ᠨᠢᠭᠡ ᠭᠡᠮᠰᠢᠯ
    ᠦᠷ᠎ᠡ ᠪᠡᠨ ᠠᠯᠲᠠᠭᠰᠠᠨ ᠡᠴᠢᠭᠡ ᠨᠢᠭᠡ ᠭᠡᠮᠰᠢᠯ

           ᠭᠤᠷᠪᠠᠨ ᠪᠡᠷᠬᠡ
    ᠡᠨᠡᠷᠢᠯ ᠦᠭᠡᠢ ᠯᠠᠮᠠ ᠪᠠᠷ ᠰᠢᠲᠦᠭᠡᠨ ᠬᠢᠬᠦ ᠪᠡᠷᠬᠡ
    ᠡᠷᠯᠢᠭ ᠠᠲᠠᠯᠢ ᠬᠥᠮᠦᠨ ᠲᠡᠢ ᠤᠲᠠᠭᠠᠨ ᠰᠠᠭᠤᠬᠤ ᠪᠡᠷᠬᠡ
    ᠡᠯᠵᠢᠭᠡ ᠠᠲᠠᠯᠢ ᠡᠬᠡᠨᠡᠷ ᠲᠡᠢ ᠨᠠᠰᠤᠨ ᠳ᠋ᠠᠭᠠᠨ ᠠᠮᠢᠲᠤᠷᠠᠬᠤ ᠪᠡᠷᠬᠡ

          ᠭᠤᠷᠪᠠᠨ ᠭᠡᠴᠡᠭᠦᠦ
    ᠡᠪᠲᠡᠬᠦ ᠳ᠋ᠦ᠍ ᠤᠰᠤ ᠨᠢᠭᠡ ᠭᠡᠴᠡᠭᠦᠦ
    ᠡᠯᠲᠡᠬᠦ ᠳ᠋ᠦ᠍ ᠠᠷᠠᠰᠤ ᠨᠢᠭᠡ ᠭᠡᠴᠡᠭᠦᠦ
    ᠡᠷᠡᠬᠡᠯᠡᠬᠦ ᠳ᠋ᠦ᠍ ᠥᠯᠦᠰᠬᠦ ᠨᠢᠭᠡ ᠭᠡᠴᠡᠭᠦᠦ

          ᠭᠤᠷᠪᠠᠨ ᠭᠡᠴᠡᠭᠦᠦ
    ᠡᠷ᠎ᠡ ᠳᠤᠮᠳᠠ ᠡᠮ᠎ᠡ ᠡᠴᠡ ᠪᠡᠨ ᠰᠠᠯᠬᠤ ᠨᠢᠭᠡ ᠭᠡᠴᠡᠭᠦᠦ
    ᠡᠭᠡᠷᠡᠮ᠎ᠡ ᠲᠠᠯ᠎ᠠ ᠳ᠋ᠦ᠍ ᠮᠣᠷᠢ ᠠ᠋ᠴᠠ ᠪᠠᠨ ᠰᠠᠯᠬᠤ ᠨᠢᠭᠡ ᠭᠡᠴᠡᠭᠦᠦ
    ᠡᠩᠬᠦᠷᠡᠢ ᠪᠠᠬ᠋᠎ᠠ ᠳ᠋ᠦ᠍ ᠡᠬᠡ ᠡᠴᠡ ᠪᠡᠨ ᠰᠠᠯᠬᠤ ᠨᠢᠭᠡ ᠭᠡᠴᠡᠭᠦᠦ

          ᠭᠤᠷᠪᠠᠨ ᠭᠡᠯᠲᠡᠭᠡᠢ
    ᠡᠷᠬᠡᠲᠡᠨ ᠪ ᠵᠤᠶ᠋ᠢᠯ ᠠ᠋ᠴᠠ ᠴᠢᠬᠢ ᠨᠢᠭᠡ ᠭᠡᠯᠲᠡᠭᠡᠢ
    ᠡᠳ᠋ ᠦ᠋ᠨ ᠵᠤᠶ᠋ᠢᠯ ᠠ᠋ᠴᠠ ᠳᠣᠮᠪᠣ ᠨᠢᠭᠡ ᠭᠡᠯᠲᠡᠭᠡᠢ
    ᠡᠷᠲᠡᠨᠢ ᠶ᠋ᠢᠨ ᠵᠤᠶ᠋ᠢᠯ ᠠ᠋ᠴᠠ ᠳᠤᠩ ᠨᠢᠭᠡ ᠭᠡᠯᠲᠡᠭᠡᠢ

           ᠭᠤᠷᠪᠠᠨ ᠴᠣᠬᠣᠷ
    ᠡᠪᠦᠯ ᠦ᠋ᠨ ᠴᠠᠭ ᠦ᠋ᠨ ᠠᠭᠤᠯᠠ ᠨᠢᠭᠡ ᠴᠣᠬᠣᠷ
    ᠥᠨᠲᠡᠭᠡ ᠬᠠᠷᠠᠭᠴᠢ ᠶ᠋ᠢᠨ ᠨᠢᠭᠤᠷ ᠨᠢᠭᠡ ᠴᠣᠬᠣᠷ
    ᠦᠯᠡᠲᠡᠭᠡᠵᠦ ᠣᠩᠰᠢᠬᠴᠢ ᠶ᠋ᠢᠨ ᠮᠡᠲᠡᠯᠭᠡ ᠨᠢᠭᠡ ᠴᠣᠬᠣᠷ

           ᠭᠤᠷᠪᠠᠨ ᠬᠣᠯᠠ
    ᠡᠴᠡᠭᠰᠡᠨ ᠮᠣᠷᠢᠨ ᠳ᠋ᠦ᠍ ᠭᠠᠵᠠᠷ ᠨᠢᠭᠡ ᠬᠣᠯᠠ 
    ᠡᠪ ᠮᠠᠭᠤᠲᠤ ᠳ᠋ᠦ᠍ ᠨᠥᠬᠥᠷ ᠨᠢᠭᠡ ᠬᠣᠯᠠ
    ᠥᠯᠥᠰᠦᠭᠰᠡᠨ ᠬᠥᠮᠦᠨ ᠳ᠋ᠦ᠍ ᠡᠲᠦᠷ ᠨᠢᠭᠡ ᠬᠣᠯᠠ

          ᠭᠤᠷᠪᠠᠨ ᠲᠡᠨᠡᠭ
    ᠡᠷᠬᠢᠮ ᠲᠡᠨᠡᠭ ᠮᠣᠷᠢ ᠎ᠪᠠᠨ ᠮᠠᠭᠲᠠᠨ᠎ᠠ
    ᠳᠤᠮᠳᠠ ᠲᠡᠨᠡᠭ ᠡᠮ᠎ᠡ ᠎ᠪᠡᠨ ᠮᠠᠭᠲᠠᠨ᠎ᠠ
    ᠠᠳᠠᠭ ᠲᠡᠨᠡᠭ ᠪᠡᠶ᠎ᠡ ᠎ᠪᠡᠨ ᠮᠠᠭᠲᠠᠨ᠎ᠠ
 
          ᠭᠤᠷᠪᠠᠨ ᠦᠭᠡᠢ
    ᠡᠯᠢᠭᠡ ᠪᠦᠲᠦᠨ ᠬᠥᠮᠦᠨ ᠦᠭᠡᠢ
    ᠮᠥᠴᠢᠷ ᠪᠦᠲᠦᠨ ᠮᠣᠳᠣ ᠦᠭᠡᠢ
    ᠦᠰᠦ ᠪᠦᠲᠦᠨ ᠲᠣᠯᠣᠭᠠᠢ ᠦᠭᠡᠢ

          ᠭᠤᠷᠪᠠᠨ ᠦᠭᠡᠢ
    ᠡᠳᠦᠷ ‍ᠢᠶ᠋ᠡᠷ ᠲᠥᠭᠡᠷᠢᠭᠰᠡᠨ ᠬᠥᠮᠦᠨ ᠬᠠᠰᠬᠢᠷᠬᠤ ᠦᠭᠡᠢ
    ᠥᠯᠥᠨ ‍ᠢᠶ᠋ᠡᠷ ᠡᠪᠡᠳᠡᠭᠰᠡᠨ ᠬᠥᠮᠦᠨ ᠶᠣᠶ᠋ᠢᠯᠠᠬᠤ ᠦᠭᠡᠢ
    ᠥᠪᠡᠷ ᠎ᠲᠡᠭᠡᠨ ᠤᠨᠠᠭᠰᠠᠨ ᠬᠡᠦᠬᠡᠳ ᠣᠬᠢᠯᠠᠬᠤ ᠦᠭᠡᠢ

          ᠭᠤᠷᠪᠠᠨ ᠪᠡᠭᠡᠷᠡᠭ
    ᠡᠭᠦᠷ ‍ᠢᠶ᠋ᠡᠨ ᠵᠠᠰᠠᠭᠰᠠᠨ ᠦᠭᠡᠢ ᠰᠢᠪᠠᠭᠤ ᠪᠡᠭᠡᠷᠡᠭ
    ᠡᠪᠦᠯ ‍ᠢᠶ᠋ᠡᠷ ᠮᠡᠷᠳᠡᠭᠰᠡᠨ ᠠᠮᠢᠳᠤᠷᠠᠯ ᠪᠡᠭᠡᠷᠡᠭ
    ᠡᠪᠦᠯᠵᠢᠶ᠎ᠡ ᠪᠠᠭᠤᠴᠠ ᠦᠭᠡᠢ ᠮᠠᠯ ᠪᠡᠭᠡᠷᠡᠭ

          ᠭᠤᠷᠪᠠᠨ ᠬᠡᠴᠡᠭᠦᠦ
    ᠡᠷᠴᠢᠯᠡᠨ ᠬᠡᠶ᠋ᠢᠰᠬᠦ ᠰᠢᠭᠤᠷᠭᠠᠨ ᠨᠢᠭᠡ ᠬᠡᠴᠡᠭᠦᠦ
    ᠦᠶᠡᠷᠯᠡᠨ ᠱᠤᠤᠭᠢᠬᠤ ᠤᠰᠤ ᠨᠢᠭᠡ ᠬᠡᠴᠡᠭᠦᠦ
    ᠳᠦᠷᠡᠯᠵᠡᠨ ᠨᠣᠴᠣᠬᠤ ᠲᠤᠶ᠋ᠢᠮᠤᠷ ᠨᠢᠭᠡ ᠬᠡᠴᠡᠭᠦᠦ

          ᠭᠤᠷᠪᠠᠨ ᠭᠦᠢᠴᠡᠳᠬᠡᠬᠦ
    ᠡᠴᠢᠭᠡ ᠡᠬᠡ ‍ᠶ᠋ᠢ ᠡᠯᠪᠡᠷᠢᠯ ‍ᠢᠶ᠋ᠡᠷ ᠭᠦᠢᠴᠡᠳᠬᠡᠬᠦ
    ᠡᠪᠦᠭᠡᠳ ᠭᠦᠭᠰᠢᠳ ‍ᠢ ᠬᠦᠨᠳᠦᠯᠡᠯ ‍ᠢᠶ᠋ᠡᠷ ᠭᠦᠢᠴᠡᠳᠬᠡᠬᠦ
    ᠡᠩ ‍ᠦᠨ ᠬᠥᠮᠦᠰ ‍ᠢ ᠨᠠᠶ᠋ᠢᠷ ‍ᠢᠶ᠋ᠠᠷ ᠭᠦᠢᠴᠡᠳᠬᠡᠬᠦ

          ᠭᠤᠷᠪᠠᠨ ᠪᠠᠭ᠎ᠠ
    ᠡᠷᠡᠬᠡ ᠦᠭᠡᠢ ᠡᠬᠡᠨᠡᠷ ᠡᠮᠡᠰ ᠨᠢᠭᠡ ᠪᠠᠭ᠎ᠠ
    ᠡᠪᠡᠰᠦ ᠦᠭᠡᠢ ᠨᠠᠭᠤᠷ ᠴᠥᠭᠥᠷᠥᠮ ᠨᠢᠭᠡ ᠪᠠᠭ᠎ᠠ
    ᠡᠷ᠎ᠡ ᠦᠭᠡᠢ ᠦᠬᠢᠨ ᠴᠢᠪᠠᠭᠠᠨᠴᠠ ᠨᠢᠭᠡ ᠪᠠᠭ᠎ᠠ
        
          ᠭᠤᠷᠪᠠᠨ ᠳᠠᠪᠬᠤᠷᠭ᠎ᠠ ᠎ᠲᠠᠢ
    ᠡᠪᠡᠰᠦᠲᠦ ᠳᠡᠯᠡᠬᠡᠢ ᠴᠠᠰᠤᠨ ᠳᠠᠪᠬᠤᠷᠭ᠎ᠠ ᠎ᠲᠠᠢ
    ᠦᠨᠳᠦᠷ ᠲᠡᠭᠷᠢ ᠡᠭᠦᠯᠡᠨ ᠳᠠᠪᠬᠤᠷᠭ᠎ᠠ ᠎ᠲᠠᠢ
    ᠥᠷᠭᠡᠨ ᠳᠠᠯᠠᠢ ᠮᠥᠰᠥᠨ ᠳᠠᠪᠬᠤᠷᠭ᠎ᠠ ᠎ᠲᠠᠢ

          ᠭᠤᠷᠪᠠᠨ ᠵᠥᠷᠢᠭᠦᠦ
    ᠡᠪᠡᠷ ᠦᠭᠡᠢ ᠡᠯᠵᠢᠭᠡ ᠨᠢᠭᠡ ᠵᠥᠷᠢᠭᠦᠦ
    ᠡᠶ᠎ᠡ ᠦᠭᠡᠢ ᠬᠥᠮᠦᠨ ᠨᠢᠭᠡ ᠵᠥᠷᠢᠭᠦᠦ
    ᠡᠮ᠎ᠡ ᠦᠭᠡᠢ ᠯᠠᠮᠠ ᠨᠢᠭᠡ ᠵᠥᠷᠢᠭᠦᠦ

          ᠭᠤᠷᠪᠠᠨ ᠴᠤᠭᠯᠠᠭ᠎ᠠ
    ᠡᠯᠵᠢᠭᠡᠨ ‍ᠦ ᠴᠤᠭᠯᠠᠭ᠎ᠠ ᠦᠨᠡᠰᠦᠨ ᠳᠡᠭᠡᠷ᠎ᠡ
    ᠡᠮᠡᠰ ‍ᠦᠨ ᠴᠤᠭᠯᠠᠭ᠎ᠠ ᠦᠭᠡᠨ ᠳᠡᠭᠡᠷ᠎ᠡ
    ᠡᠷᠡᠰ ‍ᠦᠨ ᠴᠤᠭᠯᠠᠭ᠎ᠠ ᠠᠵᠢᠯ ᠳᠡᠭᠡᠷ᠎ᠡ

          ᠭᠤᠷᠪᠠᠨ ᠬᠠᠯᠠᠲᠠᠢ
    ᠡᠮᠨᠡᠭ ᠮᠣᠷᠢ ᠡᠵᠡᠨ ᠳ᠋ᠡᠭᠡᠨ ᠨᠢᠭᠡ ᠬᠠᠯᠠᠲᠠᠢ
    ᠡᠭᠳᠡᠭᠦᠦ ᠰᠠᠨᠠᠭ᠎ᠠ ᠪᠡᠶ᠎ᠡ ᠳ᠋ᠡᠭᠡᠨ ᠨᠢᠭᠡ ᠬᠠᠯᠠᠲᠠᠢ
    ᠡᠷᠡᠭᠦᠦ ᠡᠷ᠎ᠡ ᠡᠮ᠎ᠡ ᠳ᠋ᠡᠭᠡᠨ ᠨᠢᠭᠡ ᠬᠠᠯᠠᠲᠠᠢ

          ᠭᠤᠷᠪᠠᠨ ᠶᠡᠬᠡ
    ᠡᠴᠢᠭᠡ ᠦᠭᠡᠢ ᠬᠦᠦ ‍ᠶ᠋ᠢᠨ ᠲᠣᠯᠣᠭᠠᠢ ᠨᠢ ᠶᠡᠬᠡ
    ᠡᠬᠡ ᠦᠭᠡᠢ ᠬᠡᠦᠬᠡᠨ ‍ᠦ ᠬᠦᠬᠦ ᠨᠢ ᠶᠡᠬᠡ
    ᠡᠷᠳᠡᠮ ᠦᠭᠡᠢ ᠬᠥᠮᠦᠨ ‍ᠦ ᠣᠮᠣᠭ ᠨᠢ ᠶᠡᠬᠡ

          ᠭᠤᠷᠪᠠᠨ ᠠᠴᠢᠲᠠᠢ
    ᠨᠠᠨ ᠪᠡᠶ᠎ᠡ ‍ᠶ᠋ᠢ ᠥᠰᠬᠡᠭᠰᠡᠨ ᠡᠵᠢ ᠠᠴᠢᠲᠠᠢ
    ᠡᠷᠬᠡ ᠴᠢᠯᠥᠭᠡ ᠣᠯᠭᠣᠭᠰᠠᠨ ᠨᠠᠮ ᠠᠴᠢᠲᠠᠢ
    ᠡᠷᠳᠡᠮ ᠮᠡᠳᠡᠯᠭᠡ ‍ᠶ᠋ᠢ ᠰᠤᠷᠭᠠᠭᠰᠠᠨ ᠪᠠᠭᠰᠢ ᠠᠴᠢᠲᠠᠢ

          ᠭᠤᠷᠪᠠᠨ ᠬᠦᠢᠲᠡᠨ
    ᠡᠵᠡᠨ ᠮᠠᠭᠤᠲᠤ ‍ᠶ᠋ᠢᠨ ᠬᠣᠷᠣᠭ᠎ᠠ ᠬᠦᠢᠲᠡᠨ
    ᠡᠬᠡ ᠮᠠᠭᠤᠲᠤ ‍ᠶ᠋ᠢᠨ ᠬᠣᠭᠣᠯᠠ ᠬᠦᠢᠲᠡᠨ
    ᠡᠪ ᠮᠠᠭᠤᠲᠤ ‍ᠶ᠋ᠢᠨ ᠴᠢᠷᠠᠢ ᠬᠦᠢᠲᠡᠨ

          ᠭᠤᠷᠪᠠᠨ ᠰᠢᠨᠵᠢ
    ᠡᠳ᠋ ‍ᠢᠶ᠋ᠡᠨ ᠠᠷᠪᠢᠨ ᠰᠢᠨᠵᠢᠪᠡᠯ ᠡᠪᠳᠡᠯᠡᠬᠦ ‍ᠶ᠋ᠢᠨ ᠰᠢᠨᠵᠢ
    ᠡᠯᠳᠡᠪ ‍ᠢᠶ᠋ᠡᠷ ᠠᠷᠪᠢᠨ ᠠᠭᠠᠰᠢᠯᠠᠪᠠᠯ ᠵᠢᠭᠰᠢᠭᠳᠡᠬᠦ ‍ᠶ᠋ᠢᠨ ᠰᠢᠨᠵᠢ
    ᠡᠷᠬᠢᠯᠡᠵᠦ ᠠᠷᠪᠢᠨ ᠠᠭᠠᠰᠢᠯᠠᠪᠠᠯ ᠴᠣᠬᠢᠬᠲᠠᠬᠤ ᠶ᠋ᠢᠨ ᠰᠢᠨᠵᠢ
      
         ᠭᠤᠷᠪᠠᠨ  ᠡᠪᠡᠤᠠᠴᠢᠲᠡᠢ
    ᠡᠴᠢᠭᠡ ᠳ᠋ᠡᠭᠡᠨ  ᠡᠷᠬᠡᠲᠡᠢ  ᠬᠡᠦᠬᠡᠳ ᠬᠦᠯ ᠡᠪᠡᠤᠠᠴᠢᠲᠡᠢ
    ᠡᠷ᠎ᠡ ᠳ᠋ᠡᠭᠡᠨ ᠡᠷᠬᠡᠲᠡᠢ ᠡᠮᠡᠰ ᠲᠣᠯᠣᠭᠠᠢ ᠡᠪᠡᠤᠠᠴᠢᠲᠡᠢ
    ᠡᠵᠡᠨ ᠳ᠋ᠡᠭᠡᠨ ᠡᠷᠬᠡᠲᠡᠢ ᠵᠠᠷᠤᠴᠠ ᠡᠯᠲᠡᠪ ᠦ᠋ᠨ ᠡᠪᠡᠤᠠᠴᠢᠲᠡᠢ
      
           ᠭᠤᠷᠪᠠᠨ ᠶᠠᠲᠠᠭᠤ
    ᠡᠷᠲᠡᠮ ᠨᠣᠮ ᠦᠭᠡᠢ ᠨᠢᠭᠡ ᠶᠠᠲᠠᠭᠤ
    ᠡᠳ᠋ ᠬᠥᠷᠥᠩᠭᠡ ᠦᠭᠡᠢ ᠨᠢᠭᠡ ᠶᠠᠲᠠᠭᠤ
    ᠡᠪ ᠡᠶ᠎ᠡ ᠦᠭᠡᠢ ᠨᠢᠭᠡ ᠶᠠᠲᠠᠭᠤ
     
           ᠭᠤᠷᠪᠠᠨ ᠦᠨᠡᠨ
    ᠡᠪᠦᠯ ᠦ᠋ᠨ ᠬᠦᠢᠲᠡᠨ ᠬᠠᠪᠤᠷ ᠲᠤ ᠭᠡᠳᠡᠭ ᠦᠨᠡᠨ
    ᠡᠪᠦᠭᠡᠳ ᠦ᠋ᠨ ᠰᠤᠷᠭᠠᠯ ᠬᠡᠦᠬᠡᠳ ᠲᠦ ᠭᠡᠳᠡᠭ ᠦᠨᠡᠨ
    ᠡᠴᠢᠭᠡ ᠶ᠋ᠢᠨ ᠰᠡᠤᠠᠬᠢᠯ ᠦᠷ᠎ᠡ ᠳ᠋ᠦ᠍ ᠭᠡᠳᠡᠭ ᠦᠨᠡᠨ
      
          ᠭᠤᠷᠪᠠᠨ ᠪᠣᠯᠤᠨ᠎ᠠ
    ᠡᠭᠦᠯᠡ ᠤᠲᠠᠪᠠᠯ ᠪᠣᠷᠣᠭᠠᠨ ᠪᠣᠯᠤᠨ᠎ᠠ
    ᠥᠬᠢᠳ ᠥᠲᠡᠯᠪᠡᠯ ᠡᠮᠡᠭᠡ ᠪᠣᠯᠤᠨ᠎ᠠ
    ᠥᠷᠢ ᠶᠡᠬᠡᠤᠠᠬᠡᠪᠡᠯ ᠡᠪᠡᠤᠠᠴᠢᠨ ᠪᠣᠯᠤᠨ᠎ᠠ
     
          ᠭᠤᠷᠪᠠᠨ ᠲᠠᠨᠢᠬᠲᠠᠬᠤ ᠦᠭᠡᠢ
    ᠡᠮᠦᠰᠴᠦ ᠵᠡᠭᠦᠬᠦ ᠨᠢ ᠰᠠᠶ᠋ᠢᠨ ᠪᠣᠯ ᠦᠭᠡᠭᠦᠦ ᠪᠠᠶᠠᠨ ᠨᠢ ᠲᠠᠨᠢᠬᠲᠠᠬᠤ ᠦᠭᠡᠢ
    ᠦᠭᠡ ᠠᠷᠪᠢᠨ ᠬᠡᠯᠡᠬᠦ ᠦᠭᠡᠢ ᠪᠣᠯ ᠮᠡᠷᠭᠡᠨ ᠮᠤᠩᠬᠠᠭ ᠨᠢ ᠲᠠᠨᠢᠬᠲᠠᠬᠤ ᠦᠭᠡᠢ
    ᠡᠯᠲᠡᠪ ᠮᠠᠭᠤ ᠪᠠᠷ ᠠᠭᠠᠰᠢᠯᠠᠬᠤ ᠦᠭᠡᠢ ᠪᠣᠯ ᠰᠠᠶ᠋ᠢᠨ ᠮᠠᠭᠤ ᠨᠢ ᠲᠠᠨᠢᠬᠲᠠᠬᠤ ᠦᠭᠡᠢ
       
          ᠭᠤᠷᠪᠠᠨ ᠦᠵᠡᠨ᠎ᠡ
    ᠡᠭᠦᠯᠡ ᠠᠷᠢᠯᠪᠠᠯ ᠨᠠᠷᠠ ᠶ᠋ᠢ ᠨᠢᠭᠡ ᠣᠯᠵᠤ ᠦᠵᠡᠨ᠎ᠡ
    ᠥᠰᠢᠶᠡᠲᠡᠨ ᠠᠷᠢᠯᠪᠠᠯ ᠰᠠᠶ᠋ᠢᠨ ᠊ᠢ ᠨᠢᠭᠡ ᠣᠯᠵᠤ ᠦᠵᠡᠨ᠎ᠡ
    ᠡᠪᠡᠤᠠᠴᠢᠨ ᠠᠷᠢᠯᠪᠠᠯ ᠵᠢᠷᠭᠠᠯ ᠊ᠢ ᠨᠢᠭᠡ ᠣᠯᠵᠤ ᠦᠵᠡᠨ᠎ᠡ
      
         ᠭᠤᠷᠪᠠᠨ ᠪᠢᠰᠢ
    ᠡᠯᠵᠢᠭᠡ ᠪᠣᠯᠭᠠᠨ ᠰᠠᠷᠠᠯ ᠪᠢᠰᠢ
    ᠡᠵᠢ ᠪᠣᠯᠭᠠᠨ ᠪᠤᠭᠤᠷᠤᠯ ᠪᠢᠰᠢ
    ᠡᠷᠡᠰ ᠪᠣᠯᠭᠠᠨ ᠰᠠᠬᠠᠯᠲᠠᠢ ᠪᠢᠰᠢ

         ᠭᠤᠷᠪᠠᠨ ᠬᠣᠪᠣᠷ
    ᠡᠲᠦᠷ ᠦ᠋ᠨ ᠣᠲᠣ ᠨᠢᠭᠡ ᠬᠣᠪᠣᠷ
    ᠡᠪᠦᠯ ᠦ᠋ᠨ ᠴᠡᠴᠡᠭ ᠨᠢᠭᠡ ᠬᠣᠪᠣᠷ
    ᠦᠲᠡᠰᠢ ᠶ᠋ᠢᠨ ᠰᠣᠯᠣᠩᠬ᠋᠎ᠠ ᠨᠢᠭᠡ ᠬᠣᠪᠣᠷ
      
         ᠭᠤᠷᠪᠠᠨ ᠡᠰᠡ ᠤᠷᠭᠤᠬᠤ
    ᠡᠯᠵᠢᠭᠡᠨ ᠳ᠋ᠦ᠍ ᠡᠪᠡᠷ ᠡᠰᠡ ᠤᠷᠭᠤᠬᠤ
    ᠡᠮᠡᠰ ᠲᠦ ᠰᠠᠬᠠᠯ ᠡᠰᠡ ᠤᠷᠭᠤᠬᠤ
    ᠡᠭᠦᠯᠡᠨ ᠳ᠋ᠦ᠍ ᠤᠷᠭᠤᠮᠠᠯ ᠡᠰᠡ ᠤᠷᠭᠤᠬᠤ
      
          ᠭᠤᠷᠪᠠᠨ ᠪᠤᠷᠤᠭᠤ
    ᠡᠮᠦᠰᠬᠦ ᠶ᠋ᠢ ᠦᠵᠡᠪᠡᠯ ᠲᠠᠭᠠᠷᠠᠬᠤ ᠨᠢᠭᠡ ᠪᠤᠷᠤᠭᠤ
    ᠢᠲᠡᠬᠦ ᠶ᠋ᠢ ᠦᠵᠡᠪᠡᠯ ᠥᠯᠥᠰᠬᠦ ᠨᠢᠭᠡ ᠪᠤᠷᠤᠭᠤ
    ᠡᠮᠡᠰ ᠊ᠢ ᠦᠵᠡᠪᠡᠯ ᠵᠠᠪᠬᠠᠶ᠋ᠢᠷᠠᠬᠤ ᠨᠢᠭᠡ ᠪᠤᠷᠤᠭᠤ
      
          ᠭᠤᠷᠪᠠᠨ ᠲᠤᠩᠭᠠᠯᠠᠭ
    ᠡᠭᠦᠯᠡ ᠦᠭᠡᠢ ᠡᠲᠤᠷ ᠨᠢᠭᠡ ᠲᠤᠩᠭᠠᠯᠠᠭ
    ᠡᠪᠡᠤᠠᠴᠢᠨ ᠦᠭᠡᠢ ᠪᠡᠶ᠎ᠡ ᠨᠢᠭᠡ ᠲᠤᠩᠭᠠᠯᠠᠭ
    ᠡᠷᠢᠶᠡᠪᠦᠷ ᠦᠭᠡᠢ ᠲᠣᠯᠢ ᠨᠢᠭᠡ ᠲᠤᠩᠭᠠᠯᠠᠭ
      
          ᠭᠤᠷᠪᠠᠨ ᠭᠠᠮᠰᠢᠬ
    ᠡᠵᠡᠨ ᠪ ᠡᠨᠲᠡᠭᠦᠦ ᠠᠷᠠᠳ ᠦ᠋ᠨ ᠭᠠᠮᠰᠢᠬ
    ᠬᠠᠭᠠᠨ ᠪ ᠬᠠᠵᠠᠭᠠᠢ ᠬᠠᠷᠠᠴᠤ ᠶ᠋ᠢᠨ ᠭᠠᠮᠰᠢᠬ
    ᠤᠯᠤᠰ ᠦ᠋ᠨ ᠬᠢᠮᠤᠷᠠᠯ ᠣᠯᠠᠨ ᠪ ᠭᠠᠮᠰᠢᠬ
      
           ᠭᠤᠷᠪᠠᠨ ᠪᠣᠲᠣᠬᠤ
    ᠡᠭᠡᠯ ᠶᠡᠷᠦ ᠶ᠋ᠢᠨ ᠤᠯᠤᠰ ᠡᠳ᠋ ᠮᠠᠯ ᠣᠯᠠᠨ ᠊ᠢ ᠰᠠᠶ᠋ᠢᠨ ᠎ᠳ᠋ᠦ᠍ᠷ ᠪᠣᠲᠣᠬᠤ
    ᠡᠷᠬᠢᠮ ᠳᠡᠭᠡᠳᠦ ᠨᠣᠮᠴᠢᠨ ᠥᠭᠯᠢᠭᠡ ᠡᠷᠭᠦᠭᠰᠡᠨ ᠊ᠢ ᠰᠠᠶ᠋ᠢᠨ ᠎ᠳ᠋ᠦ᠍ᠷ ᠪᠣᠲᠣᠬᠤ
    ᠡᠭᠦᠷᠢᠲᠡ ᠵᠠᠭᠠᠲᠦᠨᠠᠬᠤ ᠬᠠᠮᠠᠭᠤᠲᠠᠨ ᠮᠠᠭᠠᠵᠢᠬᠰᠠᠨ ᠊ᠢ ᠵᠢᠷᠭᠠᠯ ᠎ᠳ᠋ᠦ᠍ᠷ ᠪᠣᠲᠣᠬᠤ
      
            ᠭᠤᠷᠪᠠᠨ ᠨᠢᠴᠦᠭᠦᠨ
    ᠡᠭᠡᠯ ᠤᠰᠤ ᠡᠪᠡᠰᠦ ᠦᠭᠡᠢ ᠬᠠᠯᠴᠠᠭᠠᠢ ᠲᠣᠭᠣᠷᠢᠨ ᠨᠢᠴᠦᠭᠦᠨ
    ᠡᠬᠢᠯᠡᠭᠴᠢ ᠡᠵᠡᠨ ᠨᠣᠶᠠᠨ ᠦᠭᠡᠢ ᠠᠯᠪᠠᠲᠤ ᠤᠯᠤᠰ ᠨᠢᠴᠦᠭᠦᠨ
    ᠡᠵᠡᠯᠡᠭᠴᠢ ᠡᠷ᠎ᠡ ᠨᠥᠬᠥᠷ ᠦᠭᠡᠢ ᠵᠠᠯᠠᠭᠤ ᠡᠬᠡᠨᠡᠷ ᠨᠢᠴᠦᠭᠦᠨ
      

   ᠦᠰᠦᠭ ᠠᠮᠢᠯᠠᠭᠤᠯᠤᠭᠴᠢ ᠄   ᠣᠶᠤᠨᠲᠤᠨᠠᠯ ᠂  ᠳ᠋ᠦ᠋ᠩ ᠹᠧᠩ ᠂  ᠬᠠᠷᠠᠨᠤᠳ ᠲᠤᠶᠠᠭ᠎ᠠ ᠂  ᠮᠢᠩᠭᠠᠳ ᠴᠢᠮᠡᠭ ᠂ ᠬᠠᠲᠠᠴᠢ ᠤᠷᠠᠨ᠎ᠠ
            ᠬᠢᠨᠠᠭᠴᠢ ᠄   ᠮᠢᠩᠭᠠᠳ ᠴᠢᠮᠡᠭ ᠂   ᠬᠠᠷᠠᠨᠤᠳ ᠲᠤᠶᠠᠭ᠎ᠠ ᠂