ᠡᠵᠢ - ᠭ ᠂ ᠴᠢᠩᠪᠠᠭᠠᠲᠤᠷ Ээж – Г . Чинбаатар
ᠡᠵᠢ
— ᠨᠠᠭᠠᠴᠤ ᠡᠮᠡᠭᠡ ᠶ᠋ᠢᠨ ᠶ᠋ᠢᠡᠨ ᠳᠠᠯᠠᠨ ᠭᠤᠷᠪᠠᠨ
ᠨᠠᠰᠤᠨ ᠪ ᠪᠠᠶᠠᠷ ᠲᠤ ᠵᠣᠷᠢᠭᠤᠯᠪᠠ
ᠭ · ᠴᠢᠩᠪᠠᠭᠠᠲᠤᠷ
ᠦᠨᠢᠶ᠎ᠡ ᠲᠤᠭᠤᠯ ᠨᠡᠶ᠋ᠢᠯᠡᠯᠡ ᠭᠡᠵᠦ ᠬᠣᠷᠮᠣᠢ ᠳ᠋ᠠᠭᠠᠨ ᠪᠦᠲᠦᠴᠢᠭᠰᠡᠨ ᠡᠵᠢ
ᠦᠥᠷ ᠰᠥᠨᠢ ᠶ᠋ᠢᠨ ᠭᠡᠭᠡ ᠪᠡᠷ ᠵᠠᠯᠠᠨ ᠳᠡᠭᠡᠷ᠎ᠡ ᠶᠠᠭᠠᠷᠠᠭᠰᠠᠨ ᠯᠠ ᠡᠵᠢ
ᠠᠮᠢᠲᠠᠨ ᠪᠦᠬᠦᠨ ᠊ᠢ ᠥᠷᠥ ᠡᠪᠡᠤᠠᠴᠦ 《 ᠬᠥᠭᠡᠷᠦᠬᠦᠢ 》 ᠬᠡᠯᠡᠭᠰᠡᠨ ᠡᠵᠢ
ᠠᠴᠢᠲᠠᠨ ᠪᠦᠬᠦᠨ ᠊ᠢ ᠰᠠᠨᠠᠵᠤ ᠰᠡᠤᠠᠬᠢᠯ ᠳ᠋ᠡᠭᠡᠨ ᠳᠠᠭᠠᠳᠬᠠᠭᠰᠠᠨ ᠡᠵᠢ
ᠳᠠᠶ᠋ᠢᠨ ᠠ᠋ᠴᠠ ᠡᠭᠡᠵᠦ ᠢᠷᠡᠬᠦ ᠰᠢᠭ᠌ ᠬᠣᠲᠠ ᠠ᠋ᠴᠠ ᠨᠠᠮᠠᠶ᠋ᠢ ᠬᠠᠷᠢᠬᠤ ᠳ᠋ᠤ᠌
ᠳᠠᠭᠠᠬᠢ ᠲᠠᠢ ᠮᠠᠩᠨᠠᠢ ᠶ᠋ᠢ ᠮᠢᠨᠢ ᠦᠨᠦᠷᠯᠡᠨ ᠰᠦᠢᠳ ᠪᠣᠯᠲᠠᠭ ᠯᠠ ᠡᠵᠢ
ᠪᠥᠬᠥᠶ᠋ᠢᠵᠦ ᠥᠨᠥᠰᠦᠭᠦᠯᠳᠡᠭ ᠪᠣᠯᠤᠭᠰᠠᠨ ᠡᠷ᠎ᠡ ᠬᠥᠮᠦᠨ ᠊ᠢ ᠲᠡᠭᠡᠲᠡᠯ᠎ᠡ
ᠪᠣᠶ᠋ᠢᠲᠣᠭ ᠲᠠᠢ ᠬᠡᠦᠬᠡᠳ ᠶᠤᠮ ᠰᠢᠭ᠌ ᠬᠠᠵᠠᠭᠤ ᠳ᠋ᠠᠭᠠᠨ ᠡᠷᠬᠡᠯᠡᠭᠦᠯᠳᠡᠭ ᠡᠵᠢ
ᠡᠨᠡ ᠬᠥᠮᠦᠨ ᠶ᠋ᠢᠡᠷ ᠪᠢ
ᠠᠷᠭᠠᠲᠠᠭᠤᠯᠵᠤ ᠂ ᠠᠯᠠᠭᠠᠲᠠᠭᠤᠯᠵᠤ ᠥᠰᠦᠭᠰᠡᠨ ᠶᠤᠮ
ᠡᠨᠡ ᠬᠥᠮᠦᠨ ᠊ᠢ ᠪᠢ
ᠠᠶᠤᠯᠭᠠᠵᠤ ᠂ ᠵᠣᠪᠠᠭᠠᠵᠤ ᠬᠥᠮᠦᠨ ᠪᠣᠯᠤᠭᠰᠠᠨ ᠶᠤᠮ
ᠡᠨᠡ ᠬᠥᠮᠦᠨ ᠊ᠢ ᠪᠢ
ᠦᠯᠭᠡᠵᠦ ᠂ ᠬᠣᠷᠮᠤᠶ᠋ᠢᠲᠠᠵᠤ ᠲᠣᠷᠨᠢᠬᠰᠠᠨ ᠶᠤᠮ
ᠡᠨᠡ ᠬᠥᠮᠦᠨ ᠶ᠋ᠢᠡᠷ ᠪᠢ ᠢᠷᠥᠭᠡᠯᠭᠡᠵᠦ ᠂ ᠬᠥᠯᠢᠶᠡᠯᠭᠡᠵᠥ ᠡᠷ᠎ᠡ ᠪᠣᠯᠤᠭᠰᠠᠨ ᠶᠤᠮ
ᠪᠤᠷᠬᠠᠨ ᠳ᠋ᠤ᠌ ᠰᠦᠵᠢᠭᠯᠡᠬᠦ ᠦᠭᠡᠢ ᠬᠥᠮᠦᠨ ᠴᠤ᠌
ᠡᠵᠢ ᠳ᠋ᠡᠭᠡᠨ ᠰᠦᠵᠢᠭᠯᠡᠳᠡᠭ ᠶᠤᠮ
ᠪᠣᠭᠲᠠ ᠬᠠᠭᠠᠳ ᠲᠤ ᠮᠥᠷᠭᠥᠭᠡ ᠦᠭᠡᠢ ᠬᠥᠮᠦᠨ ᠴᠤ᠌
ᠡᠵᠢ ᠳ᠋ᠡᠭᠡᠨ ᠰᠥᠬᠥᠷᠡᠵᠦ ᠵᠣᠯᠭᠠᠲᠠᠭ ᠶᠤᠮ
ᠠᠶᠤᠵᠤ ᠤᠤᠯᠬ᠋ᠠ ᠠᠯᠲᠠᠬᠤ ᠳ᠋ᠠᠭᠠᠨ ᠴᠤ᠌
ᠮᠠᠭᠤ ᠡᠵᠢ ᠪᠡᠨ ᠳᠠᠭᠤᠳᠠᠳᠠᠭ ᠶᠤᠮ
ᠠᠶᠤᠯᠭᠠᠵᠤ ᠳᠣᠭᠣᠯᠠᠩ ᠨᠢᠯᠪᠤᠰᠤ ᠳᠡᠭᠦᠵᠢᠯᠡᠬᠦ ᠳ᠋ᠡᠭᠡᠨ ᠴᠤ᠌
ᠮᠠᠭᠤ ᠡᠵᠢ ᠪᠡᠷ ᠶ᠋ᠢᠡᠨ ᠠᠷᠭᠠᠲᠠᠭᠤᠯᠲᠠᠭ ᠶᠤᠮ
ᠶᠠᠭ ᠯᠠ ᠮᠢᠨᠦ ᠡᠵᠢ ᠰᠢᠭ᠌ ᠡᠭᠡᠯ ᠦ᠋ᠨ ᠡᠭᠡᠯ ᠡᠬᠡ ᠬᠥᠮᠦᠨ
ᠢᠵᠠᠭᠤᠷ ᠭᠠᠯᠪᠠ ᠶ᠋ᠢᠨ ᠲᠡᠷᠲᠡᠭᠡ ᠡᠴᠡ ᠬᠥᠮᠦᠨ ᠲᠥᠷᠥᠯᠬᠢᠲᠡᠨ ᠊ᠢ ᠲᠡᠪᠡᠷᠢᠭᠰᠡᠭᠡᠷ
ᠴᠠᠭ ᠦᠶ᠎ᠡ ᠪᠦᠬᠦᠨ ᠊ᠢ ᠥᠯᠥᠭᠡᠢ ᠲᠡᠢ ᠨᠢᠯᠬ᠎ᠠ ᠰᠢᠭ᠋ ᠪᠦᠪᠠᠶ᠋ᠢᠯᠠᠨ
ᠴᠢᠯᠠᠭᠤᠨ ᠵᠡᠪᠰᠡᠭ ᠦ᠋ᠨ ᠦᠦᠷ ᠡᠴᠡ ᠥᠨᠥᠲᠥᠷ ᠲᠦ ᠬᠦᠷᠭᠡᠭᠰᠡᠨ ᠪᠢᠰᠢ ᠦᠦ
ᠬᠣᠶᠠᠷ ᠶᠡᠬᠡ ᠲᠢᠪ ᠦ᠋ᠨ ᠬᠣᠶ᠋ᠢᠮᠣᠷ ᠵᠠᠪᠢᠯᠠᠭᠰᠠᠨ ᠳᠡᠭᠡᠳᠦ ᠮᠢᠨᠢ ᠬᠦᠷᠲᠡᠯ᠎ᠡ
ᠬᠣᠨᠢ ᠬᠤᠷᠠᠬ᠋ᠠ ᠪᠠᠨ ᠪᠠᠷᠠᠲᠠᠭᠰᠠᠨ ᠡᠵᠢ ᠳ᠋ᠡᠭᠡᠨ ᠰᠦᠭᠦᠳᠳᠡᠭ ᠪᠠᠶ᠋ᠢᠬᠰᠠᠨ ᠶᠤᠮ
ᠬᠣᠯᠠ ᠶ᠋ᠢᠨ ᠳᠠᠶ᠋ᠢᠨ ᠳ᠋ᠤ᠌ ᠮᠣᠷᠲᠠᠬᠤ ᠪᠠᠷ ᠭᠠᠩ ᠳᠥᠷᠥᠭᠡ ᠵᠢᠭᠢᠬᠦ ᠳ᠋ᠤᠨᠢ
ᠬᠣᠶᠠᠷ ᠬᠠᠨᠴᠤᠢ ᠳ᠋ᠠᠭᠠᠨ ᠨᠢᠯᠪᠤᠰᠤ ᠲᠠᠢ ᠡᠵᠢ ᠨᠢ ᠦᠯᠡᠳᠡᠳᠡᠭ ᠪᠠᠶ᠋ᠢᠬᠰᠠᠨ ᠶᠤᠮ
ᠥᠭᠡᠯᠦᠨ ᠡᠵᠢ ᠶ᠋ᠢᠨ ᠡᠪᠦᠷ ᠳᠡᠭᠡᠷ᠎ᠡ ᠶᠢᠰᠦᠭᠡᠢ ᠶ᠋ᠢᠨ ᠬᠡᠦᠬᠡᠳ ᠦ᠋ᠳ ᠥᠰᠴᠦ
ᠦᠨᠳᠦᠷᠯᠢᠭ ᠦ᠋ᠨ ᠨᠢᠭᠡᠨ ᠠᠶ᠋ᠢᠮᠠᠭ ᠬᠦᠲᠦᠰᠦᠨ ᠳᠡᠪᠡᠯ ᠲᠡᠢ ᠲᠣᠷᠨᠢᠬᠰᠠᠨ ᠶᠤᠮ
ᠦᠭᠡᠯᠦᠨ ᠡᠵᠢ ᠶ᠋ᠢᠨ ᠤᠲᠤᠮ — ᠰᠠᠶ᠋ᠢᠬᠠᠨ ᠮᠣᠩᠭᠣᠯ ᠡᠬᠡᠴᠦᠳ
ᠦᠷ᠎ᠡ ᠶ᠋ᠢᠨ ᠦᠷ᠎ᠡ ᠳ᠋ᠤ᠌ ᠡᠨᠡ ᠳᠣᠮᠣᠭ ᠊ᠢ ᠪᠦᠪᠡᠢ ᠶ᠋ᠢᠨ ᠳᠠᠭᠤᠤ ᠲᠠᠢ ᠶᠠᠷᠢᠬᠰᠠᠨ ᠶᠤᠮ
ᠰᠠᠨᠴᠢᠬ ᠦ᠋ᠨ ᠦᠰᠦ ᠶ᠋ᠢ ᠨᠢ ᠬᠢᠷᠠᠭᠤᠲᠠᠲᠠᠯᠠ ᠮᠠᠭᠤ ᠡᠵᠢ ᠪᠡᠨ
ᠰᠠᠨᠠᠭᠤᠯᠬᠤ ᠂ ᠬᠠᠷᠠᠭᠤᠯᠬᠤ ᠠ᠋ᠴᠠ ᠣᠨᠲᠣᠣ ᠶᠠᠭᠤ ᠪᠠᠷ ᠵᠢᠷᠭᠠᠭᠠᠪᠠ ᠳ᠋ᠠ ᠂
ᠪᠢ ᠴᠢᠨᠢ ᠰᠠᠷ᠎ᠠ ᠰᠢᠨ᠎ᠡ ᠶ᠋ᠢᠨ ᠮᠡᠨᠲᠦ ᠪᠡᠷ ᠨᠤᠲᠤᠭ ᠲᠠᠭᠠᠨ ᠬᠠᠷᠢᠬᠤ ᠠ᠋ᠴᠠ ᠥᠭᠡᠷ᠎ᠡ
ᠰᠠᠨᠠᠬ᠋᠎ᠠ ᠪᠣᠲᠣᠯ ᠬᠣᠶᠠᠷ ᠊ᠢ ᠨᠢ ᠶᠠᠭᠠᠬᠢᠵᠤ ᠯᠡ ᠲᠠᠶ᠋ᠢᠤᠠᠬᠤᠷᠠᠭᠤᠯᠪᠠ ᠳ᠋ᠠ ᠂ ᠪᠢ ᠴᠢᠨᠢ
ᠪᠥᠷᠲᠥᠶ᠋ᠢᠵᠦ ᠬᠣᠴᠣᠷᠤᠭᠰᠠᠨ ᠮᠠᠭᠤ ᠡᠵᠢ ᠳ᠋ᠡᠭᠡᠨ ᠰᠠᠶ᠋ᠢᠨ ᠶᠠᠪᠤᠬ᠋᠎ᠠ ᠪᠠᠨ ᠳᠣᠭᠣᠯᠭᠠᠬᠤ ᠰᠢᠭ᠋
ᠪᠦᠲᠦᠨ ᠵᠢᠷᠭᠠᠯ ᠦ᠋ᠨ ᠠᠮᠲᠠ ᠥᠭᠡᠷ᠎ᠡ ᠶᠠᠭᠤ ᠪᠠᠶ᠋ᠢᠬᠤ ᠪᠤᠢ ᠳ᠋ᠠ
ᠡᠷᠬᠡᠯᠡᠵᠦ ᠥᠰᠦᠭᠰᠡᠨ ᠬᠦᠦ ᠨᠢ ᠬᠢᠢᠮᠣᠷᠢ ᠲᠠᠢ ᠶᠠᠪᠤᠬᠤ ᠠ᠋ᠴᠠ ᠣᠨᠲᠣᠣ
ᠡᠵᠢ ᠬᠥᠮᠦᠨ ᠪ ᠵᠢᠷᠭᠠᠯ ᠣᠨᠲᠣᠣ ᠶᠠᠭᠤ ᠪᠠᠶ᠋ᠢᠬᠤ ᠪᠤᠢ ᠳ᠋ᠠ
ᠪᠦᠪᠡᠢ ᠂ ᠢᠷᠥᠭᠡᠯ ᠬᠣᠶᠠᠷ ᠶ᠋ᠢᠠᠷ ᠱᠠᠩᠨᠠᠭᠤᠯᠲᠠᠭ
ᠠᠵᠠ ᠲᠠᠢ ᠬᠥᠮᠦᠨ ᠳ᠋ᠠ ᠪᠢ
ᠪᠦᠲᠦᠷᠢᠵᠦ ᠣᠶ᠋ᠢᠴᠢᠬᠤ ᠳ᠋ᠤ᠌ ᠮᠢᠨᠢ ᠠᠷᠭᠠᠲᠠᠲᠠᠭ
ᠡᠵᠢ ᠲᠡᠢ ᠬᠥᠮᠦᠨ ᠳ᠋ᠠ ᠪᠢ
ᠰᠦᠨ ᠶᠡᠬᠡ ᠳᠠᠯᠠᠢ ᠶ᠋ᠢᠨ ᠴᠠᠭᠠᠲᠤ ᠠ᠋ᠴᠠ ᠴᠤ᠌ ᠲᠡᠮᠡᠦᠯᠵᠦ ᠬᠠᠷᠢᠬᠤ
ᠭᠡᠷ ᠲᠡᠢ ᠬᠥᠮᠦᠨ ᠳ᠋ᠠ ᠪᠢ
ᠰᠦᠮᠪᠦᠷ ᠶᠡᠬᠡ ᠠᠭᠤᠯᠠᠨ ᠠ᠋ᠴᠠ ᠴᠤ᠌ ᠢᠯᠡᠭᠦᠦ
ᠰᠥᠭᠥᠤᠠᠴᠦ ᠮᠦᠷᠭᠦᠳᠡᠭ ᠲᠩᠷᠢ ᠲᠡᠢ ᠬᠥᠮᠦᠨ ᠳ᠋ᠠ ᠪᠢ
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠣᠤᠠᠬᠠᠨᠰᠣᠠ᠋ ᠂ ᠰᠡᠬᠡᠭᠡᠷᠡᠯ
