ᠡᠬᠡ ᠣᠷᠣᠨ - ᠲ ᠂ ᠭᠣᠮᠪᠣᠵᠠᠪ Эх орон - Т ᠂ Гомбожав
ᠡᠬᠡ ᠣᠷᠣᠨ
ᠲ ᠂ ᠭᠣᠮᠪᠣᠵᠠᠪ
1
ᠰᠠᠬᠠᠯ ᠨᠢ ᠪᠤᠭᠤᠷᠤᠯᠰᠢᠬᠰᠠᠨ ᠠᠪᠤᠷᠭᠤ ᠮᠤᠲᠤ ᠂ ᠨᠠᠮᠠᠶ᠋ᠢ
ᠰᠠᠯᠠᠭᠠᠨ ᠳᠡᠭᠡᠷ᠎ᠡ ᠪᠡᠨ ᠨᠠᠪᠴᠢᠯᠠᠯᠠ
ᠣᠨ ᠲᠣᠭᠠᠯᠠᠯ ᠦ᠋ᠨ ᠲᠣᠷᠲᠣᠮ ᠰᠢᠨ᠎ᠡ ᠵᠠᠭᠤᠨ ᠶ᠋ᠢᠠᠷ
ᠣᠷᠴᠢᠯᠠᠩ ᠦ᠋ᠨ ᠬᠠᠷᠠᠬ᠋᠎ᠠ ᠮᠢᠯᠢᠶᠠᠵᠤ
ᠣᠷᠣᠨ ᠴᠠᠭ ᠦ᠋ᠨ ᠭᠣᠶ᠋ᠢᠲᠠᠬᠠᠨ ᠲᠥᠪᠰᠢᠨ ᠳᠡᠭᠡᠷ᠎ᠡ
ᠪᠢ ᠳᠤᠪ ᠳᠤᠭᠤᠶ᠋ᠢᠬᠠᠨ ᠤᠷᠭᠤᠯ᠎ᠠ
2
ᠠᠲᠤᠷᠢᠶ᠎ᠠ ᠳᠦᠭᠦᠷᠡᠩ ᠡᠪᠦᠭᠡᠨ ᠴᠢᠷᠠᠢ
ᠢᠮᠠᠭᠲᠠ ᠮᠢᠨᠦ ᠪᠣᠲᠣᠯ ᠊ᠢ
ᠢᠨᠢᠶᠡᠵᠦ ᠣᠬᠢᠯᠠᠵᠤ ᠴᠢᠲᠠᠲᠠᠭ ᠦᠭᠡᠢ
ᠬᠠᠲᠤᠨ ᠭᠣᠣᠯ ᠦ᠋ᠨ
ᠬᠠᠮᠤᠬ ᠨᠠᠷᠢᠬᠠᠨ ᠤᠨᠲᠤᠷᠤᠯ ᠵᠦᠭ ᠲᠣᠮᠢᠯᠠᠨ᠎ᠠ
ᠲᠡᠨᠲᠡᠬᠢ
ᠦᠬᠡᠷ ᠦ᠋ᠨ ᠱᠠᠬ᠋ᠠ ᠴᠢᠨᠡᠭᠡᠨ
ᠥᠨᠲᠡᠭᠡᠨ ᠴᠢᠯᠠᠭᠤ ᠨᠢᠭᠡᠪᠦᠷᠢ ᠨᠢ
ᠦᠭᠡ ᠶᠠᠷᠢᠵᠤ
ᠥᠰᠥᠭᠡᠢ ᠵᠠᠯᠭᠠᠨ ᠱᠣᠭᠰᠢᠵᠤ ᠢᠷᠡᠭᠰᠡᠨ
ᠡᠲᠦᠷ ᠬᠣᠨᠣᠭ ᠦ᠋ᠳ ᠦ᠋ᠨ ᠰᠥ᠋ ᠪᠡᠷ
ᠪᠢᠯᠢᠭ ᠊ᠢ ᠮᠢᠨᠢ ᠤᠭᠵᠢᠨ᠎ᠠ
ᠲᠡᠭᠡᠬᠦ ᠪᠡᠷ ᠨᠢ ᠂ ᠨᠠᠲᠠᠲᠤ
ᠲᠤᠩ ᠬᠠᠭᠤᠴᠢᠨ ᠥᠩᠭᠡ ᠪᠣᠲᠣᠭ ᠰᠢᠩᠭᠡᠯ᠎ᠡ
3
ᠳᠡᠯ ᠶ᠋ᠢᠡᠨ ᠵᠠᠭᠤᠯᠴᠠᠭᠰᠠᠨ ᠲᠦᠮᠡᠨ ᠠᠲᠤᠭᠤᠳ
ᠳᠠᠪᠬᠢᠯᠳᠤᠵᠤ ᠥᠩᠭᠡᠷᠡᠯ᠎ᠡ
ᠳᠡᠷᠭᠡᠳᠡ ᠨᠢ ᠪᠢ
ᠶᠠᠭᠤ ᠴᠦ᠍ ᠣᠯᠵᠤ ᠬᠠᠷᠠᠬ᠋᠎ᠠ ᠦᠭᠡᠢ ᠲᠣᠷᠮᠣᠯᠵᠠᠵᠤ ᠪᠠᠶ᠋ᠢᠪᠠ
ᠳᠡᠨᠵᠢ ᠮᠢᠨᠢ ᠬᠣᠪᠠᠬᠠᠶ᠋ᠢᠷᠠᠬ᠋ᠠ ᠦᠭᠡᠢ
ᠳᠡᠭᠡᠳᠦ ᠡᠴᠡ ᠬᠣᠴᠣᠷᠠᠭᠠᠭᠰᠠᠨ ᠵᠠᠶᠠᠭᠠᠨ ᠪ ᠮᠢᠨᠢ ᠬᠥᠬᠥ
ᠳᠠᠩᠳᠠ ᠢᠪᠢᠯᠦᠩᠬᠡᠨ ᠪᠠᠶ᠋ᠢᠨ᠎ᠠ ᠡ
ᠣᠯᠠᠨ ᠮᠢᠩᠭᠠᠨ ᠬᠤᠷᠠᠬ᠋ᠠ ᠲᠤᠭᠤᠯ
ᠣᠩᠭᠣᠨ ᠪᠣᠰᠤᠬ᠋᠎ᠠ ᠠᠭᠤᠯᠠᠰ ᠦ᠋ᠨ ᠬᠠᠮᠲᠤ
ᠡᠮᠦᠨ᠎ᠡ ᠴᠢᠨᠢ ᠪᠢ ᠰᠢᠲᠤᠷᠭᠤᠬᠠᠨ ᠰᠥᠭᠥᠲᠦᠭᠡᠳ ᠬᠥᠬᠥᠬᠦ ᠳ᠋ᠦ᠍
ᠡᠬᠡ ᠭᠠᠵᠠᠷ ᠵᠥᠪ ᠵᠥᠭᠡᠯᠡᠬᠡᠨ ᠣᠪᠣᠯᠵᠠᠨ᠎ᠠ
ᠴᠢᠨᠦᠬᠢ ᠭᠡᠳᠡᠭ ᠶ᠋ᠢᠡᠨ ᠪᠢ ᠢᠩᠬᠢᠵᠦ
ᠴᠢᠰᠤᠨ ᠪ ᠥᠩᠭᠡ ᠪᠡᠷ ᠲᠠᠨᠢᠬᠰᠠᠨ ᠶᠤᠮ ᠡ
4
ᠲᠠᠯ᠎ᠠ ᠶ᠋ᠢᠨ ᠮᠢᠩᠭᠠᠨ ᠴᠣᠪᠣᠬ᠋ᠠ ᠪᠠᠷ
ᠲᠠᠨ ᠪ ᠮᠢᠨᠢ
ᠪᠠᠶᠠᠷ ᠭᠣᠨᠢᠬ ᠦ᠋ᠨ ᠨᠢᠯᠪᠤᠰᠤ ᠴᠥᠷᠬᠦᠯᠡᠯᠲᠦᠨ ᠤᠤᠠᠬᠤ ᠶ᠋ᠢ ᠬᠠᠷᠠᠵᠤ
ᠤᠷᠤᠭᠤᠯ ᠶ᠋ᠢᠠᠨ ᠰᠢᠩᠬᠤᠲᠠᠭᠰᠠᠨ ᠲᠡᠲᠡᠭᠡᠷ ᠡᠲᠦᠷ ᠦ᠋ᠳ ᠊ᠢ ᠥᠷᠥ ᠡᠪᠡᠲᠦᠯᠡ
ᠵᠢᠭᠦᠷ ᠭᠡᠵᠦ ᠪᠣᠯᠴᠢᠩ ᠳᠡᠭᠡᠷ᠎ᠡ ᠴᠢᠨᠢ ᠬᠠᠨᠲᠠᠭᠰᠠᠨ
ᠵᠡᠭᠦᠦ ᠶ᠋ᠢᠨ ᠣᠯᠠᠨ ᠰᠢᠷᠬᠠᠨ ᠠ᠋ᠴᠠ
ᠡᠭᠡᠲᠡᠩ ᠴᠠᠭᠠᠨ ᠭᠠᠰᠢᠭᠤᠲᠠᠯ ᠳᠤᠰᠤᠯᠠᠬᠤ ᠶ᠋ᠢ ᠴᠢᠩᠨᠠᠵᠤ
ᠶᠠᠰᠤ ᠨᠢ ᠬᠠᠷᠠᠯᠠᠭᠰᠠᠨ ᠲᠡᠲᠡᠭᠡᠷ ᠭᠠᠷ ᠦ᠋ᠳ ᠊ᠢ
ᠴᠠᠪᠴᠢᠵᠤ ᠰᠠᠭᠤᠯ᠎ᠠ
ᠲᠡᠷᠡ ᠡᠲᠦᠷ ᠡᠴᠡ ᠡᠬᠢᠯᠡᠵᠦ ᠂ ᠪᠢ
ᠠᠨᠠᠭᠠᠬᠤ ᠤᠬᠠᠭᠠᠨ ᠪ ᠳᠦᠷᠪᠡᠨ ᠦᠨᠲᠦᠰᠦ ᠶ᠋ᠢ
ᠠᠪᠤ ᠶ᠋ᠢᠨ ᠶ᠋ᠢᠡᠨ ᠭᠠᠷ ᠠ᠋ᠴᠠ ᠳᠤᠰᠤᠭᠰᠠᠨ ᠪᠢᠯᠡ
5
ᠭᠡᠷᠡᠯ ᠰᠡᠭᠦᠲᠡᠷ ᠬᠠᠷᠰᠢᠨ ᠡᠷᠭᠢᠬᠦ ᠬᠣᠷᠸ᠋᠎ᠠ ᠳ᠋ᠦ᠍
ᠭᠡᠷ ᠮᠢᠨᠢ ᠬᠠᠷᠠᠩᠭᠤᠢ ᠪᠣᠯᠬᠤ ᠠ᠋ᠴᠠ ᠠᠶᠤᠬᠤ ᠳ᠋ᠠᠭᠠᠨ
ᠴᠢᠨᠦᠬᠢ ᠪᠡᠨ ᠳᠡᠭᠡᠷ᠎ᠡ
ᠲᠤᠩ ᠣᠯᠠᠨ ᠴᠤᠩᠬᠤ ᠵᠢᠷᠤᠯ᠎ᠠ
ᠰᠤᠲᠠᠰᠤᠨ ᠳ᠋ᠦ᠍ ᠴᠢᠨᠢ ᠴᠢᠰᠤ ᠵᠠᠩᠭᠢᠰᠴᠢᠬᠠᠬᠤ ᠠ᠋ᠴᠠ ᠬᠢᠴᠢᠶᠡᠬᠦ ᠳ᠋ᠡᠭᠡᠨ
ᠰᠤᠯᠠ ᠵᠤᠭᠠᠴᠠᠨ ᠠᠯᠬᠤᠯᠠᠬᠤ ᠳ᠋ᠠᠭᠠᠨ ᠴᠦ᠍
ᠵᠠᠮ ᠦ᠋ᠨ ᠵᠢᠵᠢᠭ ᠴᠢᠯᠠᠭᠤᠨ ᠊ᠢ ᠵᠠᠶ᠋ᠢᠰᠬᠠᠨ ᠢᠰᠭᠦᠯᠵᠦ ᠶᠠᠪᠤᠯ᠎ᠠ ᠂ ᠂ ᠂ ᠂
ᠴᠢᠨᠦᠬᠢ ᠪᠡᠨ ᠬᠣᠯᠠ ᠨᠢᠰᠬᠦ ᠭᠦᠰᠡᠯ ᠶ᠋ᠢᠡᠷ
ᠴᠠᠭ ᠳᠦᠭᠦᠷᠡᠩ ᠠᠮᠢᠰᠬᠤᠯᠯᠠᠨ
ᠴᠣᠶ᠋ᠢᠯᠣᠨ ᠪᠣᠰᠬᠤ ᠪᠦᠷᠭᠦᠳ ᠊ᠢ ᠰᠦᠷᠦᠭ ᠰᠦᠷᠦᠭ ᠶ᠋ᠢᠡᠷ ᠳᠠᠭᠤᠳᠠᠵᠤ
᠂ ᠂ ᠂ ᠂ ᠂ ᠂ ᠂ ᠂
ᠤᠨᠲᠠᠷᠠᠲᠠᠭ ᠦᠭᠡᠢ ᠭᠠᠭᠴᠠᠬᠠᠨ ᠵᠤᠯᠠ ᠶ᠋ᠢ
ᠳᠤᠨᠳᠠᠷᠠᠳᠠᠭ ᠦᠭᠡᠢ ᠪᠠᠶᠠᠨ ᠳᠤᠰᠤ ᠪᠠᠷ ᠶ᠋ᠢᠠᠨ ᠮᠥᠩᠬᠡ ᠠᠰᠠᠭᠠᠵᠤ ᠬᠠᠩᠭᠢᠨᠠᠯ᠎ᠠ!
6
ᠨᠡᠷ᠎ᠡ ᠪᠡᠷ ᠴᠢᠨᠢ ᠤᠶᠠᠩᠭᠠᠷᠠᠬᠤ ᠪᠣᠲᠣᠯ ᠳ᠋ᠦ᠍
ᠨᠢᠭᠡ ᠰᠢᠷᠬᠡᠭ ᠡᠪᠡᠰᠦ ᠬᠢᠭᠡᠳ
ᠠᠷᠪᠠᠨ ᠲᠦᠮᠡᠨ ᠠᠭᠤᠯᠠ ᠬᠣᠶᠠᠷ
ᠠᠲᠠᠯᠢᠬᠠᠨ ᠬᠦᠨᠲᠦ ᠰᠠᠨᠠᠭᠲᠠᠨ᠎ᠠ
ᠵᠠᠶᠠᠬ᠋᠎ᠠ ᠪᠠᠷ ᠴᠢᠨᠢ ᠭᠡᠯᠬᠢᠶᠡᠷᠡᠬᠦ
ᠵᠡᠭᠦᠲᠦᠨ ᠳ᠋ᠦ᠍
ᠴᠥᠯ ᠦ᠋ᠨ ᠪᠠᠯᠠᠷ ᠪᠠᠶ᠋ᠢᠰᠢᠩ ᠬᠢᠭᠡᠳ
ᠬᠣᠲᠠ ᠶ᠋ᠢᠨ ᠠᠪᠤᠷᠭᠤ ᠠᠰᠠᠷ ᠬᠣᠶᠠᠷ
ᠢᠵᠢᠯᠢᠬᠡᠨ ᠲᠣᠲᠣᠨᠤ ᠬᠠᠷᠠᠭᠲᠠᠨ᠎ᠠ
ᠴᠢᠩᠬᠢᠬᠦ ᠳ᠋ᠡᠭᠡᠨ ᠂ ᠮᠢᠨᠦ ᠬᠥᠯ
ᠴᠢᠨᠦᠬᠢ ᠪᠡᠨ ᠲᠤᠮᠤ ᠠᠯᠠᠭᠠᠨ ᠳᠡᠭᠡᠷ᠎ᠡ
ᠬᠦᠨᠲᠦ ᠮᠥᠷᠲᠡᠭᠡᠨ ᠬᠥᠩᠭᠡᠬᠡᠨ
ᠠᠮᠢᠰᠬᠤᠬ᠋ᠠ ᠲᠡᠮᠲᠡᠭᠯᠡᠨ ᠠᠶᠠᠯᠠᠬᠤ ᠪᠣᠯᠤᠨ᠎ᠠ ᠡ!
7
ᠠᠯᠤᠰ ᠵᠠᠭᠤᠨ ᠪ ᠲᠡᠭᠷᠢ ᠶ᠋ᠢᠨ
ᠠᠮᠠᠷᠠᠭ ᠬᠣᠶᠠᠷ ᠨᠢᠲᠦ
ᠴᠢᠮ᠎ᠠ ᠳᠡᠭᠡᠷ᠎ᠡ ᠠᠯᠲᠠᠨ ᠰᠢᠷᠭᠠᠯ ᠭᠡᠷᠡᠯᠲᠦᠨ᠎ᠡ
ᠲᠡᠷᠡ ᠬᠣᠯᠠ ᠶ᠋ᠢᠨ ᠵᠠᠢ ᠤᠷᠤᠭᠤ
ᠲᠡᠭᠷᠢᠯᠢᠭ ᠰᠠᠶ᠋ᠢᠬᠠᠨ ᠬᠡᠶ᠋ᠢᠷᠬᠡᠵᠦ
ᠴᠢ ᠮᠢᠨᠢ
ᠠᠷᠪᠠᠨ ᠳᠠᠪᠬᠤᠷ ᠬᠤᠪᠴᠠᠰᠤ ᠪᠠᠨ
ᠨᠢᠭᠡᠯᠡ ᠬᠠᠪᠤᠷ ᠶ᠋ᠢᠠᠷ ᠲᠠᠶ᠋ᠢᠯᠵᠤ ᠣᠷᠬᠢᠭᠠᠳ ᠪᠣᠰᠤᠯ᠎ᠠ ᠪᠢᠯᠡ
ᠪᠢ
ᠠᠮᠢ ᠨᠠᠰᠤᠨ ᠪ ᠪᠠᠨ ᠬᠡᠪᠡᠷᠡᠭᠬᠡᠨ ᠨᠤᠮᠤ ᠶ᠋ᠢ
ᠠᠯᠢᠪᠠ ᠪᠦᠬᠦᠨ ᠪ ᠴᠢᠨᠢ ᠲᠥᠯᠥᠭᠡ
ᠬᠢᠵᠠᠭᠠᠷ ᠦᠭᠡᠢ ᠲᠡᠯᠡᠵᠦ ᠵᠣᠭᠰᠣᠯ᠎ᠠ ᠡ!
8
ᠡᠬᠡ ᠣᠷᠣᠨ ᠮᠢᠨᠢ ᠠ᠋
1988 ᠂ 9
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠤᠭᠴᠢ ᠰᠠᠷᠠᠨ᠎ᠠ
ᠬᠢᠨᠠᠭᠴᠢ ᠄ ᠭᠠᠸᠠ
2023 ᠂ 5 ᠂ 13 ᠪ ᠡᠲᠦᠷ
