ᠫᠢᠲ᠋ᠸᠷ ᠫᠠᠨПитэр Пэн _ Peter Pan
ᠫᠢᠲ᠋ᠸᠷ ᠫᠠᠨ
ᠯᠣᠨᠳᠣᠨ ᠳ᠋ᠤ᠌ ᠯᠢᠸᠸᠼᠠᠳ᠋᠂ ᠳ᠋ᠠᠷᠯᠢᠩ ᠤ᠋ᠨ ᠭᠡᠷ ᠪᠦᠯᠢ ᠠᠮᠢᠳᠤᠷᠠᠳᠠᠭ ᠪᠠᠢᠯ᠎ᠠ ᠃ᠲᠡᠳᠡᠨ ᠦ᠌ ᠠᠪᠤ ᠡᠵᠢ ᠭᠤᠷᠪᠠᠨ ᠬᠡᠦᠬᠡᠳ ᠲᠡᠢ ᠠᠢᠯ ᠂ ᠮᠠᠢᠺᠤᠯ᠂ ᠵᠢᠶᠤᠤᠨ᠂ ᠪᠠᠰᠠ ᠤᠤᠭᠠᠨ ᠥᠬᠢᠨ ᠸᠸᠨᠳᠢ ᠃ ᠸᠸᠨᠳᠢ ᠪᠣᠯ ᠬᠠᠢᠷ᠎ᠠ ᠲᠠᠲᠠᠮ᠎ᠠ ᠥᠬᠢᠨ᠂ ᠦᠷᠭᠦᠯᠵᠢ ᠳᠡᠭᠦᠦ ᠨᠠᠷ ᠢ᠋ᠶ᠋ᠠᠨ ᠬᠠᠷᠠᠵᠤ ᠠᠰᠠᠷᠠᠨ᠎ᠠ᠃ ᠲᠡᠳᠡᠨ ᠦ᠌ ᠳ᠋ᠦ᠍ ᠨᠢᠭᠡ ᠬᠡᠦᠬᠡᠳ ᠠᠰᠠᠷᠠᠭᠴᠢ ᠪᠣᠢ᠃ ᠲᠡᠷᠡ ᠠᠰᠠᠷᠠᠭᠴᠢ ᠨᠢ ᠨᠠᠨ᠎ᠠ ᠭᠡᠳᠡᠭ᠂ ᠲᠣᠮᠣ ᠨᠢᠦᠫᠣᠣᠨᠳ᠋ ᠯᠸᠨᠳ᠋ ᠡᠭᠦᠯᠳᠡᠷ ᠦ᠋ᠨ ᠨᠣᠬᠠᠢ
《ᠬᠠᠮ ᠬᠠᠮ》᠂《ᠠ》《ᠢ》《ᠠᠥᠴ》᠂
《ᠫᠢᠲ᠋ᠸᠷ ᠫᠠᠨ ᠡᠨᠳᠡ ᠪᠠᠢᠳᠠᠭ ᠴᠤ᠌ ᠪᠣᠯᠤᠭᠠᠰᠠᠢ᠂ ᠫᠢᠲ᠋ᠸᠷ ᠫᠠᠨ᠂ ᠠᠬᠠᠮᠠᠳ ᠳᠠᠬᠢ ᠂ ᠲᠩᠷᠢ》ᠮᠠᠷᠭᠠᠰᠢ ᠣᠷᠣᠢ ᠨᠢ ᠨᠣᠶᠠᠨ ᠬᠠᠲᠤᠭᠲᠠᠢ ᠳ᠋ᠠᠷᠯᠢᠩ ᠨᠠᠷ ᠴᠡᠩᠭᠡᠭᠦᠨ ᠳ᠋ᠦ᠍ ᠶᠠᠪᠤᠬᠤ ᠭᠡᠵᠦ ᠪᠠᠢᠯ᠎ᠠ᠃
《ᠵᠢᠶᠤᠤᠨ᠂ ᠮᠠᠢᠺᠤᠯ᠂ ᠸᠸᠨᠳᠢ᠂ ᠪᠢᠳᠡ ᠶᠠᠪᠤᠯ᠎ᠠ ᠰᠢᠦ》
ᠭᠤᠷᠪᠠᠨ ᠬᠡᠦᠬᠡᠳ ᠨᠢ ᠪᠠᠭᠤᠵᠤ ᠢᠷᠡᠵᠦ ᠡᠵᠢ ᠳ᠋ᠦ᠍ ᠪᠡᠨ ᠲᠡᠪᠡᠷᠢᠭᠦᠯᠦᠯᠡ᠃ᠬᠡᠦᠬᠡᠳ ᠦ᠋ᠳ ᠪᠤᠴᠠᠵᠤ ᠤᠨᠲᠠᠯᠭ᠎ᠠ ᠶ᠋ᠢᠨ ᠥᠷᠥᠭᠡᠨ ᠳ᠋ᠦ᠍ ᠪᠡᠨ ᠣᠴᠢᠭᠠᠳ ᠤᠨᠲᠠᠵᠠᠭᠠᠯᠠ᠃ ᠲᠤᠩ ᠤᠳᠠᠯ ᠦᠭᠡᠢ ᠳᠡᠭᠡᠪᠦᠷ ᠳᠡᠭᠡᠷ᠎ᠡ ᠨᠢ ᠭᠡᠷᠡᠯ ᠲᠣᠰᠤᠯ᠎ᠠ᠃ ᠫᠢᠲ᠋ᠸᠷ ᠫᠠᠨ ᠂ᠲᠩᠷᠢ ᠪᠸᠸᠯ ᠬᠣᠶᠠᠷ ᠡᠷᠭᠢᠵᠦ ᠢᠷᠡᠵᠡᠢ᠃ ᠫᠢᠲ᠋ᠸᠷ ᠫᠠᠨ ᠴᠣᠩᠬᠣ ᠶ᠋ᠢ ᠠᠭᠠᠵᠢᠭᠤᠬᠠᠨ ᠨᠡᠭᠡᠭᠡᠭᠡᠳ ᠪᠠᠢᠰᠢᠩ ᠤᠷᠤᠭᠤ ᠰᠢᠷᠭᠤᠵᠤ ᠣᠷᠣᠪᠠ᠃ ᠲᠩᠷᠢ ᠪᠸᠸᠯ ᠪᠠᠢᠰᠢᠩ ᠤ᠋ᠨ ᠪᠤᠯᠤᠩ ᠪᠦᠷᠢ ᠪᠡᠷ ᠨᠢᠰᠴᠦ᠂ ᠴᠢᠮᠡᠭᠡ ᠭᠠᠷᠭᠠᠵᠤ ᠶᠠᠭᠤᠮ᠎ᠠ ᠬᠡᠦᠮ᠎ᠡ ᠤᠨᠠᠭᠠᠵᠤ ᠡᠬᠢᠯᠡᠯ᠎ᠡ᠃
《ᠰᠢᠦᠢ᠂ᠪᠢᠲᠡᠭᠡᠢ ᠴᠢᠮᠡᠭᠡ ᠭᠠᠷᠭ᠎ᠠ ᠰᠡᠷᠢᠴᠢᠬᠡᠨᠡ ᠰᠢᠲᠠ》
ᠲᠩᠷᠢ ᠪᠸᠸᠯ᠂ ᠫᠢᠲ᠋ᠸᠷ ᠫᠠᠨ ᠤ᠋ ᠰᠡᠭᠦᠳᠡᠷ ᠨᠢᠭᠤᠭᠳᠠᠭᠰᠠᠨ ᠱᠦᠭᠦᠢ ᠶ᠋ᠢ ᠨᠡᠭᠡᠭᠡᠯ᠎ᠡ᠃
《ᠫᠢᠲ᠋ᠸᠷ᠂ ᠰᠡᠭᠦᠳᠡᠷ ᠢ᠋ᠶ᠋ᠡᠨ ᠪᠠᠷᠢᠵᠤ ᠠᠪᠬᠤ ᠨᠢ ᠲᠡᠷᠡ 》
《ᠠ᠂ ᠴᠢᠮ᠎ᠠ ᠶ᠋ᠢ ᠳᠠᠬᠢᠭᠠᠳ ᠯᠠ ᠤᠶᠠᠬᠤ ᠠ᠋ᠴᠠ》
ᠫᠢᠲ᠋ᠸᠷ ᠫᠠᠨ ᠪᠦᠬᠦᠢ ᠠᠷᠭ᠎ᠠ ᠪᠠᠨ ᠬᠡᠷᠡᠭᠯᠡᠵᠦ ᠰᠡᠭᠦᠳᠡᠷ ᠢ᠋ᠶ᠋ᠡᠨ ᠪᠡᠬᠢᠯᠡᠭᠰᠡᠨ ᠴᠦ᠍ ᠪᠣᠯᠤᠭᠰᠠᠨ ᠦᠭᠡᠢ᠃
《ᠰᠢᠦᠢ᠂ ᠪᠢᠲᠡᠭᠡᠢ ᠬᠥᠳᠡᠯ》
ᠭᠡᠪᠡᠴᠦ ᠸᠸᠨᠳᠢ ᠵᠸᠨᠨᠢ ᠬᠣᠶᠠᠷ ᠪᠣᠰᠴᠤ ᠫᠢᠲ᠋ᠸᠷ ᠫᠠᠨ ᠢ᠋ ᠭᠠᠢᠬᠠᠨ ᠭᠥᠯᠢᠷᠡᠵᠦ ᠪᠠᠢᠪᠠ᠃
《ᠦ᠋ ᠂ ᠦᠭᠡᠢ》《ᠴᠢ ᠬᠡᠨ ᠪᠣᠢ?ᠡᠨᠳᠡ ᠶᠠᠭᠤ ᠬᠢᠵᠦ ᠪᠠᠢᠭ᠎ᠠ ᠶᠤᠮ ᠪᠣᠢ ?》
《ᠪᠢ ᠪᠣᠯ ᠫᠢᠲ᠋ᠸᠷ ᠫᠠᠨ》
《ᠪᠢ ᠰᠡᠭᠦᠳᠡᠷ ᠢ᠋ᠶ᠋ᠡᠨ ᠪᠤᠴᠠᠭᠠᠵᠤ ᠤᠶᠠᠬᠤ ᠭᠡᠵᠦ ᠬᠢᠴᠢᠶᠡᠵᠦ ᠪᠠᠢᠨ᠎ᠠ》
《ᠨᠠᠳᠠ ᠳ᠋ᠤ᠌ ᠥᠭᠴᠢᠬᠡ᠂ ᠪᠢ ᠤᠶᠠᠭᠠᠳ ᠥᠭᠭᠦᠶ᠎ᠡ》
ᠸᠸᠨᠳᠢ ᠰᠡᠭᠦᠳᠡᠷ ᠢ᠋ ᠨᠢ ᠤᠲᠠᠰᠤ ᠵᠡᠭᠦᠦ ᠪᠡᠷ ᠣᠶᠣᠵᠤ ᠡᠬᠢᠯᠡᠯ᠎ᠡ᠃ ᠸᠸᠨᠳᠢ ᠣᠶᠣᠵᠤ ᠪᠠᠢᠬᠤ ᠬᠣᠭᠣᠷᠣᠨᠳᠣ ᠫᠢᠲ᠋ᠸᠷ ᠫᠠᠨ ᠲᠡᠭᠦᠨ ᠳ᠋ᠦ᠍ ᠦᠯᠢᠭᠡᠷ ᠦ᠋ᠨ ᠣᠷᠣᠨ ᠤ᠋ ᠲᠤᠬᠠᠢ ᠶᠠᠷᠢᠵᠤ ᠥᠭᠪᠡ᠃ ᠫᠢᠲ᠋ᠸᠷ ᠫᠠᠨ ᠦᠯᠢᠭᠡᠷ ᠦ᠋ᠨ ᠣᠷᠣᠨ ᠳ᠋ᠤ᠌ ᠠᠯᠳᠠᠭᠳᠠᠭᠰᠠᠨ ᠬᠡᠦᠬᠡᠳ ᠲᠡᠢ ᠬᠠᠮᠲᠤ ᠠᠮᠢᠳᠤᠷᠠᠳᠠᠭ᠃ ᠲᠡᠷᠡ ᠥᠪᠡᠷ ᠢ᠋ᠶ᠋ᠡᠨ ᠠᠯᠳᠠᠭᠳᠠᠭᠰᠠᠨ ᠬᠡᠦᠬᠡᠳ ᠦ᠋ᠨ ᠠᠬᠠᠮᠠᠳ᠃ ᠲᠡᠷᠡ ᠸᠸᠨᠳᠢ ᠶ᠋ᠢᠨ ᠲᠡᠦᠬᠡ ᠶ᠋ᠢ ᠬᠥᠪᠡᠭᠦᠳ ᠲᠦ᠍ ᠶᠠᠷᠢᠳᠠᠭ᠃ᠲᠩᠷᠢ ᠪᠸᠸᠯ ᠬᠠᠷᠢᠨ ᠡᠨᠡ ᠬᠦ ᠨᠥᠬᠥᠷᠯᠡᠯ ᠳ᠋ᠦ᠍ ᠠᠲᠠᠭᠠᠷᠬᠠᠵᠠᠢ᠃
《ᠦ᠂ ᠬᠥᠥᠭ᠂ ᠴᠢ ᠦᠨᠡᠬᠡᠷ ᠠᠳᠠᠯ ᠶᠠᠪᠤᠳᠠᠯ ᠲᠠᠢ ᠠᠮᠢᠳᠤᠷᠠᠬᠤ ᠶᠤᠮ ᠠ᠋》
《ᠴᠢ ᠨᠠᠳᠠ ᠲᠠᠢ ᠬᠠᠮᠲᠤ ᠶᠠᠪᠤᠮᠠᠷ ᠪᠠᠢᠨ᠎ᠠ ᠤᠤ?》
《ᠪᠣᠯᠬᠤ ᠶᠤᠮ ?ᠮᠢᠨᠦ ᠳᠡᠭᠦᠦ ᠴᠣ ᠭᠡᠰᠡᠨ ᠶᠠᠪᠤᠵᠤ ᠪᠣᠯᠬᠤ ᠤᠤ? 》
《ᠠ?》《ᠥ ᠂ ᠲᠡᠢᠮᠦ ᠠ᠋᠂ ᠪᠣᠯᠬᠤ ᠦᠭᠡᠢ ᠶᠠᠭᠤ ᠪᠠᠢᠨ᠎ᠠ ?ᠴᠢ ᠬᠥᠪᠡᠭᠦᠳ ᠦ᠋ᠨ ᠡᠵᠢ ᠨᠢ ᠪᠣᠯᠵᠤ ᠦᠳᠡᠰᠢ ᠶ᠋ᠢᠨ ᠦᠯᠢᠭᠡᠷ ᠶᠠᠷᠢᠵᠤ ᠥᠭᠴᠦ ᠪᠠᠢᠵᠤ ᠪᠣᠯᠤᠨ᠎ᠠ》᠃
《ᠪᠣᠯᠴᠢᠬᠠᠯ᠎ᠠ᠂ᠣᠳᠣ ᠰᠡᠭᠦᠳᠡᠷ ᠴᠢᠨᠢ ᠵᠢᠭᠤᠲᠠᠵᠤ ᠴᠢᠳᠠᠬᠤ ᠦᠭᠡᠢ᠃ᠪᠢ ᠵᠢᠶᠤᠤᠨ᠂ ᠮᠠᠢᠺᠤᠯ ᠬᠣᠶᠠᠷ ᠢ᠋ ᠰᠡᠷᠢᠭᠡᠭᠡᠳ ᠲᠡᠭᠡᠶ᠎ᠡ》
《ᠪᠠᠶᠠᠷᠯᠠᠯ᠎ᠠ᠂ ᠸᠸᠨᠳᠢ》
ᠫᠢᠲ᠋ᠸᠷ ᠲᠠᠯᠠᠷᠬᠠᠯ ᠤ᠋ᠨ ᠪᠡᠯᠡᠭ ᠪᠣᠯᠭᠠᠵᠤ᠂ ᠸᠸᠨᠳᠢ ᠳ᠋ᠦ᠍ ᠬᠣᠰᠢᠭ᠎ᠠ ᠲᠠᠢ ᠵᠡᠭᠦᠯᠲᠡ ᠥᠭᠪᠡ᠃ᠸᠸᠨᠳᠢ᠂ ᠵᠢᠶᠤᠤᠨ᠂ ᠮᠠᠢᠺᠤᠯ ᠬᠣᠶᠠᠷ ᠢ᠋ ᠫᠢᠲ᠋ᠸᠷ ᠫᠠᠨ ᠲᠠᠢ ᠲᠠᠨᠢᠯᠴᠠᠭᠤᠯᠤᠯ᠎ᠠ᠃ ᠬᠣᠶᠠᠷ ᠳᠡᠭᠦᠦ ᠨᠢ ᠫᠢᠲ᠋ᠸᠷ ᠫᠠᠨ ᠢ᠋ ᠬᠠᠷᠠᠭᠠᠳ ᠬᠣᠶᠠᠭᠤᠯᠠ ᠪᠠᠨ ᠪᠠᠶᠠᠷᠯᠠᠪᠠ᠃
《ᠠᠯᠢᠪ᠂ ᠨᠢᠰᠴᠦ ᠡᠬᠢᠯᠡᠶ᠎ᠡ᠂ ᠶᠡᠬᠡ ᠤᠷᠲᠤ ᠠᠳᠠᠯ ᠶᠠᠪᠤᠳᠠᠯ ᠰᠢᠦ》
《ᠭᠡᠬᠦ ᠳ᠋ᠦ᠍ ᠪᠡᠨ ᠪᠢᠳᠡ ᠨᠢᠰᠴᠦ ᠴᠢᠳᠠᠳᠠᠭ ᠦᠭᠡᠢ》
《ᠡᠨᠡ ᠠᠮᠠᠷᠬᠠᠨ᠂ ᠲᠣᠯᠣᠭᠠᠢ ᠳ᠋ᠤ᠌ ᠪᠠᠨ ᠯᠠ ᠢᠲᠡᠭᠡᠬᠦ ᠬᠡᠷᠡᠭᠲᠡᠢ᠃ ᠪᠠᠰᠠ ᠵᠢᠭᠠᠬᠠᠨ ᠰᠢᠳᠢᠲᠦ ᠨᠤᠨᠲᠠᠭ ᠬᠡᠷᠡᠭᠲᠡᠢ᠃ ᠨᠠᠰᠢ ᠢᠷ᠎ᠡ᠂ ᠲᠩᠷᠢ》
ᠵᠢᠭᠠᠬᠠᠨ ᠲᠠᠲᠠᠭᠠᠯᠵᠠᠵᠤ ᠪᠠᠢᠭᠠᠳ ᠲᠡᠭᠷᠢ ᠪᠸᠸᠯ ᠲᠡᠳᠡᠨ ᠳᠡᠭᠡᠷ᠎ᠡ ᠰᠢᠳᠢᠲᠦ ᠲᠣᠭᠣᠰᠣ ᠰᠠᠴᠤᠯ᠎ᠠ᠃
《ᠨᠢᠰᠬᠦ ᠳ᠋ᠦ᠍ ᠪᠡᠯᠡᠨ ᠤᠤ??》
《ᠲᠡᠢᠮᠦ ᠠ᠋》
《ᠵᠠ ᠲᠡᠭᠡᠪᠡᠯ ᠶᠠᠪᠤᠵᠠᠭᠠᠶ᠎ᠠ》
ᠢᠩᠭᠢᠭᠡᠳ ᠲᠡᠳᠡᠨ ᠦ᠌ ᠠᠳᠠᠯ ᠶᠠᠪᠤᠳᠠᠯ ᠡᠬᠢᠯᠡᠯ᠎ᠡ᠃ᠵᠠᠮ ᠳ᠋ᠤ᠌ ᠪᠠᠨ ᠲᠡᠳᠡ ᠯᠣᠨᠳᠣᠨ ᠪᠦᠷᠸᠢᠭ᠂ ᠴᠠᠭᠳᠠᠭᠠᠳᠤ ᠴᠣᠩᠬᠣ ᠶ᠋ᠢᠨ ᠳᠡᠭᠡᠭᠦᠷ ᠥᠩᠭᠡᠷᠡᠵᠦ᠂ ᠤᠳᠠᠯ ᠦᠭᠡᠢ ᠡᠭᠦᠯᠡᠨ ᠳᠡᠭᠡᠭᠦᠷ ᠨᠢᠰᠴᠦ ᠡᠬᠢᠯᠡᠪᠡ᠃ᠥᠷᠯᠥᠭᠡ ᠨᠢ ᠨᠠᠷᠠᠨ ᠤ᠋ ᠠᠩᠬᠠᠨ ᠤ᠋ ᠲᠤᠶᠠᠭ᠎ᠠ ᠲᠤᠰᠬᠤ ᠳ᠋ᠤ᠌ ᠲᠡᠳᠡ ᠳᠡᠯᠡᠬᠡᠢ ᠶ᠋ᠢᠨ ᠬᠠᠮᠤᠭ ᠤ᠋ᠨ ᠲᠣᠮᠣ ᠪᠠᠷᠢᠯᠭ᠎ᠠ ᠶ᠋ᠢ ᠬᠠᠷᠠᠪᠠ᠃ᠴᠠᠰᠢ ᠪᠠᠨ ᠵᠢᠭᠠᠬᠠᠨ ᠨᠢᠰᠦᠭᠡᠳ ᠲᠡᠳᠡ ᠦᠯᠢᠭᠡᠷ ᠦ᠋ᠨ ᠣᠷᠣᠨ ᠢ᠋ ᠬᠠᠷᠠᠯ᠎ᠠ᠃ᠣᠢᠷ᠎ᠠ ᠬᠠᠪᠢ ᠶ᠋ᠢ ᠨᠢ ᠬᠠᠷᠠᠬᠤ ᠪᠠᠷ ᠵᠥᠭᠡᠯᠡᠨ ᠡᠭᠦᠯᠡᠨ ᠳᠡᠭᠡᠷ᠎ᠡ ᠪᠠᠭᠤᠪᠠ᠃
《ᠦᠨᠡᠬᠡᠷ ᠰᠠᠢᠬᠠᠨ ᠶᠤᠮ ᠠ᠋!》
《ᠬᠠᠷ᠎ᠠ ᠳᠠ᠂ ᠲᠡᠷᠡ ᠪᠣᠯ ᠯᠤᠤᠰ ᠤ᠋ᠨ ᠳᠠᠭᠢᠨᠢ ᠶ᠋ᠢᠨ ᠪᠤᠯᠤᠩ》 《ᠬᠦᠢ! ᠫᠢᠲ᠋ᠸᠷ᠂ ᠲᠡᠷᠡ ᠤᠲᠤᠭ᠎ᠠ ᠬᠠᠮᠢᠭ᠎ᠠ ᠠ᠋ᠴᠠ ᠭᠠᠷᠤᠭᠠᠳ ᠪᠠᠢᠨ᠎ᠠ?》
《ᠲᠡᠷᠡ ᠪᠣᠯ ᠤᠯᠠᠭᠠᠨ ᠢᠨᠳᠢᠶᠠᠨ ᠣᠲᠣᠭ᠂ ᠮᠠᠰᠴᠢ᠂ ᠠᠬᠠᠮᠠᠳ ᠳᠠᠬᠢ ᠪᠣᠯᠤᠨ ᠲᠡᠭᠦᠨ ᠦ᠌ ᠳᠠᠯᠠᠢ ᠶ᠋ᠢᠨ ᠳᠡᠭᠡᠷᠡᠮᠴᠢᠳ ᠦ᠋ᠨ ᠪᠠᠢᠳᠠᠭ ᠵᠢᠶᠤᠤᠳᠢ ᠷᠤᠤᠵᠢ ᠶ᠋ᠢᠨ ᠬᠥᠯᠭᠡ ᠶ᠋ᠢ ᠬᠠᠢᠬᠤᠷᠬᠤ ᠦᠭᠡᠢ ᠣᠷᠬᠢᠵᠤ ᠪᠣᠳᠣᠬᠤ ᠦᠭᠡᠢ᠃ ᠳᠡᠬᠢ ᠪᠣᠯ ᠬᠠᠮᠤᠭ ᠤ᠋ᠨ ᠳᠣᠭᠰᠢᠨ ᠳᠠᠯᠠᠢ ᠶ᠋ᠢᠨ ᠳᠡᠭᠡᠷᠡᠮᠴᠢᠨ ᠶᠦᠮ᠂ ᠭᠡᠪᠡᠴᠦ ᠲᠡᠷᠡ ᠮᠠᠲᠠᠷ ᠠ᠋ᠴᠠ ᠠᠶᠤᠳᠠᠭ ᠶᠤᠮ》《ᠬᠠ! ᠬᠠ! ᠬᠠ!》
《ᠶᠠᠭᠠᠬᠢᠭᠠᠳ ?》
《ᠨᠢᠭᠡ ᠤᠳᠠᠭ᠎ᠠ ᠪᠢ ᠳᠠᠬᠢ ᠲᠠᠢ ᠲᠤᠯᠤᠯᠳᠤᠵᠤ ᠪᠠᠢᠭᠠᠳ ᠢᠯᠳᠦ ᠪᠡᠷ ᠭᠠᠷ ᠢ᠋ ᠨᠢ ᠲᠠᠰᠤ ᠴᠠᠪᠴᠢᠭᠰᠠᠨ》
《ᠠ!》
《ᠮᠠᠲᠠᠷ ᠭᠠᠷ ᠢ᠋ ᠨᠢ ᠢᠳᠡᠴᠢᠬᠡᠭᠡᠳ ᠠᠮᠲᠠᠨ ᠳ᠋ᠤ᠌ ᠨᠢ ᠣᠷᠣᠭᠠᠳ ᠳᠠᠬᠢ ᠶ᠋ᠢ ᠢᠳᠡᠬᠦ ᠭᠡᠵᠦ ᠳᠠᠭᠠᠭᠠᠳ ᠶᠠᠪᠤᠳᠠᠭ ᠶᠤᠮ᠃ ᠲᠡᠭᠡᠭᠡᠳ ᠠᠵᠠ ᠲᠠᠭᠠᠷᠠᠵᠤ ᠂ ᠮᠠᠲᠠᠷ ᠭᠠᠷ ᠲᠠᠢ ᠨᠢ ᠬᠠᠮᠲᠤ ᠴᠠᠭ ᠢ᠋ ᠨᠢ ᠢᠳᠡᠭᠰᠡᠨ ᠯᠡ ᠳᠡ᠃ ᠲᠡᠭᠡᠭᠡᠳ《ᠴᠢᠭ ᠴᠠᠭ ᠴᠢᠭ ᠴᠠᠭ》 ᠭᠡᠵᠦ ᠳᠤᠤᠭᠠᠷᠤᠭᠠᠳ᠂ ᠮᠠᠲᠠᠷ ᠣᠢᠷᠠᠲᠤᠬᠤ ᠪᠠᠷ ᠳᠠᠬᠢ ᠳ᠋ᠤ᠌ ᠠᠩᠬᠠᠷᠤᠭᠤᠯᠳᠠᠭ ᠶᠤᠮ᠃
ᠲᠡᠷᠡ ᠦᠶ᠎ᠡ ᠳ᠋ᠦ᠍ ᠳᠠᠯᠠᠢ ᠶ᠋ᠢᠨ ᠳᠡᠭᠡᠷᠡᠮᠴᠢᠳ ᠦ᠋ᠨ ᠨᠢᠭᠡ ᠨᠢ ᠲᠡᠳᠡᠨ ᠢ᠋ ᠳᠤᠷᠠᠨ ᠢ᠋ᠶ᠋ᠠᠷ ᠣᠯᠵᠤ ᠬᠠᠷᠠᠪᠠ᠃
《ᠠᠬᠠᠮᠠᠳ! ᠠᠬᠠᠮᠠᠳ ᠠ᠋! ᠪᠢ ᠫᠢᠲ᠋ᠸᠷ ᠫᠠᠨ ᠪᠣᠯᠤᠨ ᠲᠡᠭᠦᠨ ᠦ᠌ ᠨᠥᠬᠥᠳ ᠢ᠋ ᠬᠠᠷᠠᠯ᠎ᠠ》ᠠᠬᠠᠮᠠᠳ ᠳᠠᠬᠢ ᠲᠠᠪᠴᠠᠩ ᠳᠡᠭᠡᠷ᠎ᠡ ᠭᠠᠷᠴᠤ ᠦᠨᠡᠨ ᠡᠰᠡᠬᠦ ᠶ᠋ᠢ ᠰᠢᠯᠭᠠᠬᠤ ᠪᠠᠷ ᠳᠤᠷᠠᠨ ᠢ᠋ ᠠᠪᠤᠯ᠎ᠠ᠃
《ᠪᠤᠰᠢᠭᠤᠬᠠᠨ ᠰᠢᠭ᠋ ᠶᠡᠬᠡ ᠫᠤᠤ ᠪᠡᠯᠡᠳᠦᠭᠡᠳ ᠫᠢᠲ᠋ᠸᠷ ᠤᠷᠤᠭᠤ ᠴᠢᠭᠯᠡᠭᠦᠯ᠃ᠭᠠᠯᠯᠠ! ᠭᠠᠯᠯᠠ ! ᠭᠠᠯᠯᠠᠭᠠᠳ!》《ᠡᠨᠡ ᠤᠳᠠᠭ᠎ᠠ ᠲᠡᠷᠡ ᠮᠠᠭᠤ ᠶ᠋ᠢ ᠠᠮᠢᠳᠤ ᠦᠯᠡᠳᠡᠭᠡᠬᠦ ᠦᠭᠡᠢ ᠳᠡ》
《ᠲᠦᠩ!》
《ᠬᠦᠢ ! ᠬᠠᠷ᠎ᠠ ᠳᠠ᠂ᠪᠥᠮᠪᠥᠭᠡ ᠪᠠᠢᠨ᠎ᠠ᠂ ᠡᠭᠦᠨ ᠢ᠋ᠶ᠋ᠡᠷ ᠲᠣᠭᠯᠠᠶ᠎ᠠ》
《ᠡᠨᠡ ᠪᠥᠮᠪᠥᠭᠡ ᠪᠢᠰᠢ᠂ᠡᠨᠡ ᠶᠡᠬᠡ ᠫᠤᠤ ᠶ᠋ᠢᠨ ᠰᠤᠮᠤ ᠪᠠᠢᠨ᠎ᠠ᠂ ᠬᠣᠯᠠ ᠵᠣᠭᠰᠣᠵᠠᠭᠠᠶᠠ!》
《ᠲᠡᠭᠡ! ᠬᠡᠦᠬᠡᠳ ᠦ᠋ᠳ ᠢ᠋ ᠠᠶᠤᠯ ᠦᠭᠡᠢ ᠭᠠᠵᠠᠷ ᠤᠷᠤᠭᠤ ᠶᠠᠪᠤᠭᠤᠯ᠂ ᠪᠢ ᠬᠠᠷᠢᠨ ᠳᠠᠬᠢ ᠶ᠋ᠢᠨ ᠤᠴᠢᠷ ᠢ᠋ ᠣᠯᠤᠶ᠎ᠠ 》
ᠲᠩᠷᠢ ᠪᠸᠸᠯ ᠸᠸᠨᠳᠢ ᠡᠴᠡ ᠰᠠᠯᠤᠭᠠᠳ ᠬᠣᠷᠣᠨ ᠰᠠᠨᠠᠭ᠎ᠠ ᠡᠪᠦᠷᠯᠡᠪᠡ᠃
《ᠸᠸᠨᠳᠢ! ᠴᠢ ᠡᠨᠳᠡ ᠪᠠᠢᠵᠤ ᠪᠠᠢ᠃ ᠪᠢ ᠡᠷᠭᠢᠭᠡᠳ ᠢᠷᠡᠨ᠎ᠡ》《ᠠ᠂ ᠵᠠ᠂ ᠪᠣᠯᠭᠣᠮᠵᠢᠲᠠᠢ ᠶᠠᠪᠤᠭᠠᠷᠠᠢ!》
ᠲᠡᠷᠡ ᠵᠢᠶᠤᠤᠨ᠂ ᠮᠠᠢᠺᠤᠯ ᠬᠣᠶᠠᠷ ᠤ᠋ᠨ ᠭᠠᠷ ᠠ᠋ᠴᠠ ᠪᠠᠷᠢᠵᠤ ᠶᠠᠪᠤᠭᠰᠠᠭᠠᠷ ᠡᠷᠭᠢ ᠳᠡᠭᠡᠷ᠎ᠡ ᠪᠠᠭᠤᠯᠭᠠᠪᠠ᠃ ᠸᠸᠨᠳᠢ ᠲᠩᠷᠢ ᠳ᠋ᠦ᠍ ᠶᠡᠬᠡ ᠫᠤᠤ ᠶ᠋ᠢᠨ ᠰᠤᠮᠤ ᠠ᠋ᠴᠠ ᠪᠤᠯᠲᠠᠭᠠᠳ ᠵᠣᠪᠠᠵᠤ ᠪᠠᠢᠬᠤ ᠬᠣᠭᠣᠷᠣᠨᠳᠣ ᠫᠢᠲ᠋ᠸᠷ ᠫᠠᠨ ᠰᠢᠭᠤᠳ ᠳᠠᠬᠢ ᠤᠷᠤᠭᠤ ᠶᠠᠪᠤᠯ᠎ᠠ᠃
《ᠳᠠᠭᠢ ! ᠳᠠᠬᠢᠭᠠᠳ ᠨᠢᠭᠡ ᠳᠠᠬᠢ ᠭᠠᠷ ᠲᠠᠢ ᠪᠣᠯᠬᠤ ᠶ᠋ᠢ ᠬᠦᠰᠡᠭᠡ ᠤᠤ? ᠢᠷᠡᠭᠡᠳ ᠨᠠᠮ᠎ᠠ ᠶ᠋ᠢ ᠪᠠᠷᠢᠯ ᠳᠠ》
ᠳ᠋ᠠᠬᠢ ᠫᠤᠤ ᠪᠠᠨ ᠭᠠᠷᠭᠠᠵᠤ ᠢᠷᠡᠭᠡᠳ ᠫᠢᠲ᠋ᠸᠷ ᠫᠠᠨ ᠢ᠋ ᠫᠤᠤᠳᠠᠵᠤ ᠡᠬᠢᠯᠡᠪᠡ᠃ ᠫᠢᠲ᠋ᠸᠷ ᠪᠦᠬᠦ ᠰᠤᠮᠤᠨ ᠠ᠋ᠴᠠ ᠶᠠᠭ ᠰᠢᠪᠠᠭᠤ ᠰᠢᠭ᠋ ᠪᠣᠯᠲᠠᠯ᠎ᠠ᠃ᠲᠩᠷᠢ ᠪᠸᠸᠯ ᠠᠯᠳᠠᠭᠳᠠᠭᠰᠠᠨ ᠬᠡᠦᠬᠡᠳ ᠡᠴᠡ ᠲᠤᠰᠠᠯᠠᠮᠵᠢ ᠭᠤᠶᠤᠵᠠᠢ᠃ᠲᠡᠨᠳᠡ ᠠᠯᠳᠠᠭᠳᠠᠭᠰᠠᠨ ᠬᠥᠪᠡᠭᠦᠳ ᠪᠠᠢᠯ᠎ᠠ᠃ ᠲᠤᠤᠺᠢᠰ᠂ᠨᠢᠫᠸᠰ᠂ᠰᠯᠠᠢᠺᠢ᠂ᠺᠦᠺᠢ ᠪᠠᠰᠠ ᠢᠬᠢᠷ᠎ᠡ ᠨᠦ᠍ᠭᠦᠳ᠃《ᠬᠥᠪᠡᠭᠦᠳ ᠠ᠋᠂ ᠫᠢᠲ᠋ᠸᠷ ᠫᠠᠨ ᠨᠠᠮ᠎ᠠ ᠶ᠋ᠢ ᠲᠡᠷᠡ ᠸᠸᠨᠳᠢ ᠰᠢᠪᠠᠭᠤ ᠶ᠋ᠢ ᠠᠯᠠ ᠭᠡᠰᠡᠨ》
《ᠪᠢᠳᠡ ᠫᠢᠲ᠋ᠸᠷ ᠦ᠋ᠨ ᠲᠤᠰᠢᠶᠠᠯ ᠢ᠋ ᠳᠠᠭᠠᠬᠤ ᠶᠣᠰᠣᠲᠠᠢ᠃ᠰᠢᠪᠠᠭᠤ ᠤᠷᠤᠭᠤ ᠣᠨᠢᠯᠠ》ᠬᠥᠪᠡᠭᠦᠳ ᠨᠤᠮᠤ ᠰᠤᠮᠤ ᠪᠠᠨ ᠠᠭᠰᠠᠨ ᠸᠸᠨᠳᠢ ᠤᠷᠤᠭᠤ ᠣᠨᠢᠯᠠᠯᠠ᠃ᠸᠸᠨᠳᠢ ᠪᠤᠰᠤᠳ ᠢ᠋ ᠪᠡᠨ ᠬᠠᠢᠭᠰᠠᠭᠠᠷ ᠯᠠ ᠶᠠᠪᠤᠯ᠎ᠠ᠃
《ᠫᠢᠲ᠋ᠸᠷ ᠫᠠᠨ᠂ ᠵᠢᠶᠤᠤᠨ᠂ ᠮᠠᠢᠺᠤᠯ᠂ᠲᠩᠷᠢ ᠪᠸᠸᠯ᠂ᠲᠠ ᠨᠠᠷ ᠬᠠᠮᠢᠭ᠎ᠠ ᠪᠠᠢᠨ᠎ᠠ ?》ᠨᠢᠫᠸᠰ ᠰᠤᠮᠤ ᠪᠠᠨ ᠶᠠᠭ ᠸᠸᠨᠳᠢ ᠶ᠋ᠢᠨ ᠴᠡᠭᠡᠵᠢ ᠤᠷᠤᠭᠤ ᠬᠠᠷᠪᠤᠵᠤ᠂ ᠪᠤᠲᠠᠨ ᠳᠤᠮᠳᠠ ᠤᠨᠠᠭᠠᠯ᠎ᠠ᠃ᠠᠯᠳᠠᠭᠳᠠᠭᠰᠠᠨ ᠬᠦᠪᠡᠭᠦᠦᠳ ᠬᠠᠷᠪᠤᠵᠤ ᠤᠨᠠᠭᠠᠭᠰᠠᠨ ᠰᠢᠪᠠᠭᠤ ᠪᠠᠨ ᠬᠠᠷᠠᠬᠤ ᠪᠠᠷ ᠭᠦᠶᠦᠯᠳᠦᠪᠡ᠃《ᠮᠠᠭᠤ ᠬᠤᠯᠴᠢᠭᠠᠷ ᠫᠢᠲ᠋ᠸᠷ ᠫᠠᠨ᠂ ᠡᠨᠳᠡ ᠬᠦᠷᠦᠭᠡᠳ ᠢᠷ᠎ᠡ ᠯᠡ ᠳᠡ 》
《ᠵᠠ ᠶᠠᠭᠠᠬᠢᠬᠤᠪ ᠬᠡᠷᠪᠡ ᠴᠢ ᠬᠦᠰᠡᠪᠡᠯ 》᠃ ᠫᠢᠲ᠋ᠸᠷ ᠫᠠᠨ ᠢᠯᠳᠦ ᠪᠡᠨ ᠪᠠᠷᠢᠨ ᠭᠠᠵᠠᠷ ᠪᠠᠭᠤᠯ᠎ᠠ᠃ ᠲᠡᠷᠡ ᠬᠣᠶᠠᠷ ᠢᠯᠳᠦ ᠪᠡᠷ ᠲᠤᠯᠤᠯᠳᠤᠵᠤ ᠡᠬᠢᠯᠡᠪᠡ᠃ᠴᠢᠭ ᠴᠠᠭ᠂ ᠴᠢᠭ ᠴᠠᠭ᠂ ᠴᠢᠭ ᠴᠠᠭ᠂ ᠴᠠᠭ ᠤ᠋ᠨ ᠴᠢᠮᠡᠭᠡ ᠠᠬᠠᠮᠠᠳ ᠳᠠᠬᠢ ᠶ᠋ᠢ ᠰᠠᠳᠠᠷᠠᠭᠤᠯᠤᠯᠠ᠃
《ᠮᠠᠲᠠᠷ ᠡᠷᠭᠢᠭᠡᠳ ᠢᠷᠡᠵᠡᠢ ᠂ ᠡᠷᠭᠢᠭᠡᠳ ᠢᠷᠡᠭᠰᠡᠨ ᠪᠠᠢᠨ᠎ᠠ》ᠥᠯᠥᠰᠬᠦᠯᠡᠩ ᠮᠠᠲᠠᠷ ᠠᠬᠠᠮᠠᠳ ᠳᠠᠬᠢ ᠶ᠋ᠢ ᠵᠠᠯᠭᠢᠬᠤ ᠪᠠᠷ ᠢᠷᠡᠵᠡᠢ᠃ᠠᠬᠠᠮᠠᠳ ᠳᠠᠬᠢ ᠠᠶᠤᠵᠤ ᠬᠥᠯᠭᠡ ᠤᠷᠤᠭᠤ ᠪᠠᠨ ᠵᠢᠭᠤᠲᠠᠯ᠎ᠠ᠃《ᠬᠠ ᠬᠠ ᠬᠠ》 《ᠬᠥᠥᠭ᠂ ᠬᠠᠷ᠎ᠠ ᠳᠠ᠂ ᠥᠬᠢᠨ ᠪᠠᠢᠨ᠎ᠠ》
《ᠬᠥᠭᠡᠷᠦᠬᠦᠨ ᠥᠬᠢᠨ 》
《ᠲᠩᠷᠢ ᠴᠢ ᠶᠠᠭᠠᠬᠢᠭᠠᠳ ᠪᠢᠳᠡᠨ ᠳ᠋ᠦ᠍ ᠡᠭᠦᠨ ᠢ᠋ ᠠᠯᠠ ᠭᠡᠵᠦ ᠬᠡᠯᠡᠭᠰᠡᠨ ᠪᠣᠢ?》
ᠫᠢᠲ᠋ᠸᠷ ᠫᠠᠨ ᠲᠡᠨᠳᠡ ᠵᠢᠶᠤᠤᠨ᠂ ᠮᠠᠢᠺᠦᠯ ᠬᠣᠶᠠᠷ ᠲᠠᠢ ᠬᠠᠮᠲᠤ ᠢᠷᠡᠯ᠎ᠡ᠃
《ᠸᠸᠨᠳᠢ ᠶᠠᠭᠠᠬᠢᠭ᠎ᠠ ᠪᠣᠢ? ᠬᠡᠨ ᠰᠤᠮᠤ ᠶ᠋ᠢ ᠬᠠᠷᠪᠤᠭᠰᠠᠨ ᠪᠣᠢ?》
ᠲᠩᠷᠢ ᠮᠣᠳᠣ ᠤᠷᠤᠭᠤ ᠨᠢᠰᠴᠦ ᠨᠢᠭᠤᠭᠳᠠᠪᠠ᠃
《ᠲᠩᠷᠢ ᠪᠸᠢᠢᠯ ᠪᠢᠳᠡᠨ ᠳ᠋ᠦ᠍ ᠫᠢᠲ᠋ᠸᠷ ᠫᠠᠨ ᠠᠯᠠ ᠭᠡᠵᠦ ᠲᠤᠰᠢᠶᠠᠭᠰᠠᠨ ᠭᠡᠵᠦ ᠬᠡᠯᠡᠭᠰᠡᠨ᠃ᠨᠠᠭᠠᠳᠤᠬᠢ ᠴᠢᠨᠢ ᠰᠢᠪᠠᠭᠤ ᠭᠡᠰᠡᠨ》
《ᠠ᠂ᠲᠩᠷᠢ ᠂ ᠪᠠᠢᠭ᠎ᠠ ᠭᠠᠵᠠᠷ ᠲᠠᠭᠠᠨ ᠪᠠᠢᠭᠠᠷᠠᠢ᠃ ᠨᠠᠳᠠ ᠳ᠋ᠤ᠌ ᠳᠠᠬᠢᠵᠤ ᠬᠡᠵᠢᠶ᠎ᠡ ᠴᠦ᠍ ᠴᠢᠷᠠᠢ ᠪᠠᠨ ᠪᠤᠤ ᠬᠠᠷᠠᠭᠤᠯ》᠃
《ᠠ᠂ ᠠ᠂ ᠸᠸᠨᠳᠢ ᠴᠢ ᠶᠠᠭᠠᠬᠢᠴᠢᠬᠠᠪᠠ? ᠨᠢᠳᠦ ᠪᠡᠨ ᠨᠡᠭᠡᠭᠡᠭᠡᠴᠢ ᠳᠡ》
ᠫᠢᠲ᠋ᠸᠷ ᠴᠡᠭᠡᠵᠢᠨ ᠡᠴᠡ ᠨᠢ ᠰᠤᠮᠤ ᠶ᠋ᠢ ᠰᠤᠭᠤᠯᠤᠭᠠᠳ᠂ᠰᠤᠮᠤ ᠨᠢ ᠴᠢᠰᠤ ᠪᠣᠯᠤᠭ᠎ᠠ ᠦᠭᠡᠢ ᠶ᠋ᠢ ᠬᠠᠷᠠᠯ᠎ᠠ᠃ ᠸᠸᠨᠳᠢ ᠳ᠋ᠦ᠍ ᠥᠭᠭᠦᠭᠰᠡᠨ ᠬᠣᠰᠢᠭ᠎ᠠ ᠶ᠋ᠢᠨ ᠵᠡᠭᠦᠯᠲᠡ ᠶ᠋ᠢ ᠤᠨᠤᠭᠰᠠᠨ ᠪᠠᠢᠵᠠᠢ᠃ ᠸᠸᠨᠳᠢ ᠠᠭᠠᠵᠢᠭᠤᠬᠠᠨ ᠨᠢᠳᠦ ᠪᠡᠨ ᠨᠡᠭᠡᠭᠡᠯ᠎ᠡ᠃
《ᠫᠢᠲ᠋ᠸᠷ᠂ ᠪᠢ ᠴᠢᠮ᠎ᠠ ᠶ᠋ᠢ ᠬᠠᠢᠵᠤ ᠪᠠᠢᠯ᠎ᠠ》᠃《ᠪᠢ ᠡᠨᠳᠡ ᠪᠠᠢᠨ᠎ᠠ᠃ ᠪᠠᠢᠰᠢᠩ ᠤᠷᠤᠭᠤ ᠣᠷᠣᠶ᠎ᠠ》
《ᠴᠢ ᠪᠢᠳᠡᠨ ᠳ᠋ᠦ᠍ ᠦᠳᠡᠰᠢ ᠶ᠋ᠢᠨ ᠦᠯᠢᠭᠡᠷ ᠶᠠᠷᠢᠵᠤ ᠥᠭᠭᠦᠯ ᠳᠡ》
《ᠲᠡᠢᠮᠦ ᠠ᠋᠂ ᠲᠡᠭᠡᠶ᠎ᠡ᠃ᠪᠢ ᠴᠢᠮ᠎ᠠ ᠳ᠋ᠤ᠌ ᠦᠨᠡᠰᠦᠭᠡᠯᠵᠢᠨ ᠦ᠌ ᠦᠯᠢᠭᠡᠷ ᠶᠠᠷᠢᠵᠤ ᠥᠭᠭᠦᠶ᠎ᠡ》
《ᠲᠡᠢᠮᠦ ᠠ᠋᠂ᠲᠡᠢᠮᠦ ᠠ᠋᠂ ᠲᠡᠢᠮᠦ ᠠ᠋!》
ᠮᠠᠷᠭᠠᠰᠢ ᠨᠢ ᠲᠡᠳᠡ ᠯᠤᠤᠰ ᠤ᠋ᠨ ᠳᠠᠭᠢᠨᠢ ᠶ᠋ᠢᠨ ᠪᠤᠯᠤᠩ ᠳ᠋ᠤ᠌ ᠣᠴᠢᠬᠤ ᠪᠠᠷ ᠶᠠᠪᠤᠯ᠎ᠠ᠃
ᠦᠵᠡᠰᠬᠦᠯᠡᠩᠲᠦ ᠯᠤᠤᠰ ᠤ᠋ᠨ ᠳᠠᠭᠢᠨᠢ ᠨᠤᠭᠤᠳ ᠫᠢᠲ᠋ᠸᠷ ᠦ᠋ᠨ ᠨᠠᠢᠵᠠ ᠠᠵᠠᠢ᠃ ᠭᠡᠨᠡᠳᠲᠡ᠂ ᠨᠢᠭᠡ ᠬᠥᠮᠦᠨ ᠬᠠᠰᠬᠢᠷᠪᠠ᠃ 《ᠳᠠᠯᠠᠢ ᠶ᠋ᠢᠨ ᠳᠡᠭᠡᠷᠡᠮᠴᠢᠳ᠂ᠨᠢᠭᠤᠭᠳᠠᠭᠠᠷᠠᠢ !》ᠪᠦᠭᠦᠳᠡ ᠬᠠᠳᠠᠨ ᠤ᠋ ᠠᠷᠤ ᠳ᠋ᠤ᠌ ᠨᠢᠭᠤᠭᠳᠠᠯ᠎ᠠ᠃ ᠫᠢᠲ᠋ᠸᠷ ᠸᠸᠨᠳᠢ ᠬᠣᠶᠠᠷ ᠳᠠᠯᠠᠢ ᠶ᠋ᠢᠨ ᠳᠡᠭᠡᠷᠡᠮᠴᠢᠳ ᠢᠨᠳᠢᠶᠠᠨ ᠭᠦᠩᠵᠦ ᠮᠠᠱ ᠰᠠᠷᠠᠨ ᠢ᠋ ᠪᠠᠷᠢᠭᠰᠠᠨ ᠪᠠᠢᠬᠤ ᠶ᠋ᠢ ᠬᠠᠷᠠᠯ᠎ᠠ᠃ ᠳᠠᠯᠠᠢ ᠶ᠋ᠢᠨ ᠳᠡᠭᠡᠷᠡᠮᠴᠢᠳ ᠭᠦᠩᠵᠦ ᠶ᠋ᠢ ᠬᠠᠳᠠᠨ ᠳᠡᠭᠡᠷ᠎ᠡ ᠣᠷᠬᠢᠯ᠎ᠠ᠃
《ᠦ᠋᠂ ᠦᠭᠡᠢ ᠮᠠᠱ ᠰᠠᠷᠠᠨ᠃ ᠪᠢ ᠲᠡᠭᠦᠨ ᠢ᠋ ᠠᠪᠤᠷᠠᠬᠤ ᠶᠣᠰᠣᠲᠠᠢ》
ᠫᠢᠲ᠋ᠸᠷ ᠲᠡᠭᠡᠭᠡᠳ ᠠᠬᠠᠮᠠᠳ ᠳᠠᠬᠢ ᠶ᠋ᠢᠨ ᠬᠣᠭᠣᠯᠠᠢ ᠪᠠᠷ ᠳᠠᠭᠤᠷᠢᠶᠠᠵᠤ ᠡᠬᠢᠯᠡᠪᠡ
《ᠨᠠᠭᠠᠳᠤᠬᠢ ᠪᠠᠨ ᠰᠤᠯᠠᠯᠠ!》
《ᠲᠡᠭᠡ ᠳᠡ ᠠᠬᠠᠮᠠᠳ ᠠ᠋᠂ ᠲᠠ ᠪᠢᠳᠡᠨ ᠳ᠋ᠦ᠍ ᠡᠨᠡ ᠤᠴᠢᠷ ᠢ᠋ ᠲᠤᠰᠢᠶᠠᠭᠰᠠᠨ ᠰᠢᠲᠠ》᠃
《ᠨᠠᠭᠠᠳᠤᠬᠢ ᠪᠠᠨ ᠰᠤᠯᠠᠯᠠ ! ᠲᠡᠨᠡᠭ ᠮᠢᠨᠢ᠂ ᠡᠨᠡ ᠪᠢᠳᠡᠨ ᠦ᠌ ᠫᠢᠲ᠋ᠸᠷ ᠫᠠᠨ ᠢ᠋ ᠪᠠᠷᠢᠬᠤ ᠰᠢᠨ᠎ᠡ ᠠᠷᠭ᠎ᠠ᠂ ᠣᠢᠯᠠᠭᠠᠪᠠ ᠤᠤ?》
《ᠮᠡᠳᠡᠯ᠎ᠡ᠂ ᠠᠬᠠᠮᠠᠳ ᠠ᠋》
ᠳᠠᠯᠠᠢ ᠶ᠋ᠢᠨ ᠳᠡᠭᠡᠷᠡᠮᠴᠢᠳ ᠮᠠᠱ ᠰᠠᠷᠠᠨ ᠢ᠋ ᠰᠤᠯᠠᠯᠠᠯᠠ᠃ ᠭᠦᠩᠵᠦ ᠲᠡᠷᠡ ᠳᠠᠷᠤᠢ ᠢᠨᠳᠢᠶᠠᠨ ᠭᠣᠣᠯ ᠤᠷᠤᠭᠤ ᠪᠠᠨ ᠪᠤᠴᠠᠵᠤ ᠭᠦᠶᠦᠯ᠎ᠡ᠃ ᠠᠬᠠᠮᠠᠳ ᠳᠠᠬᠢ ᠶᠠᠭᠤ ᠪᠣᠯᠤᠭᠰᠠᠨ ᠢ᠋ ᠣᠯᠵᠤ ᠮᠡᠳᠡᠭᠡᠳ᠂ ᠫᠢᠲ᠋ᠸᠷ ᠳᠡᠭᠡᠷᠡᠮᠴᠢᠳ ᠢ᠋ ᠨᠢ ᠬᠠᠭᠤᠷᠤᠭᠰᠠᠨ ᠢ᠋ ᠣᠢᠯᠠᠭᠠᠯ᠎ᠠ᠃ᠳᠠᠭᠢ ᠮᠠᠰᠢ ᠶᠡᠬᠡ ᠠᠭᠤᠷᠯᠠᠯ᠎ᠠ᠃
《ᠣᠳᠣ ᠬᠠᠩᠭᠠᠯᠲᠠᠲᠠᠢ᠂ ᠲᠡᠷᠡ ᠮᠠᠭᠤ ᠫᠢᠲ᠋ᠸᠷ ᠫᠠᠨ ᠰᠤᠷᠠᠭ ᠢ᠋ᠶ᠋ᠠᠨ ᠦᠯᠡᠳᠡᠭᠡᠪᠡ᠃ᠪᠢ ᠴᠢᠮ᠎ᠠ ᠳᠡᠭᠡᠷ᠎ᠡ ᠣᠴᠢᠯ᠎ᠠ᠂ ᠫᠢᠲ᠋ᠸᠷ ᠫᠠᠨ》
ᠲᠡᠷᠡ ᠣᠷᠣᠢ ᠸᠸᠨᠳᠢ ᠬᠡᠦᠬᠡᠳ ᠦ᠋ᠳ ᠲᠦ᠍ ᠡᠴᠢᠭᠡ ᠡᠬᠡ ᠪᠡᠨ ᠣᠷᠬᠢᠨ ᠦᠯᠢᠭᠡᠷ ᠦ᠋ᠨ ᠣᠷᠣᠨ ᠤᠷᠤᠭᠤ ᠨᠢᠰᠦᠭᠰᠡᠨ ᠬᠡᠦᠬᠡᠳ ᠦ᠋ᠳ ᠦ᠋ᠨ ᠲᠠᠯ᠎ᠠ ᠪᠠᠷ ᠶᠠᠷᠢᠪᠠ᠃ ᠲᠡᠳᠡᠨ ᠦ᠌ ᠡᠴᠢᠭᠡ ᠡᠬᠡ ᠨᠢ ᠬᠡᠦᠬᠡᠳ ᠦ᠋ᠳ ᠢ᠋ᠶ᠋ᠡᠨ ᠶᠡᠬᠡ ᠰᠠᠨᠠᠵᠤ ᠪᠠᠢᠭ᠎ᠠ᠂ ᠬᠡᠦᠬᠡᠳ ᠦ᠋ᠳ ᠦᠯᠢᠭᠡᠷ ᠦ᠋ᠨ ᠣᠷᠣᠨ ᠳ᠋ᠤ᠌ ᠬᠠᠢᠷᠠᠲᠠᠢ ᠴᠤ᠌ ᠡᠴᠢᠭᠡ ᠡᠬᠡ ᠪᠡᠨ ᠣᠭᠲᠣ ᠮᠠᠷᠲᠠᠭ᠎ᠠ ᠦᠭᠡᠢ ᠭᠡᠵᠡᠢ᠃
《ᠪᠢᠳᠡᠨ ᠦ᠌ ᠠᠶᠠᠯᠠᠯ ᠲᠠᠢ ᠠᠳᠠᠯᠢᠬᠠᠨ ᠶᠤᠮ ᠰᠢᠦ》
《ᠠ᠂ ᠲᠡᠢᠮᠦ ᠠ᠋᠂ ᠡᠨᠡ ᠪᠢᠳᠡᠨ ᠦ᠌ ᠲᠤᠬᠠᠢ ᠦᠯᠢᠭᠡᠷ》
《ᠠᠪᠤ ᠡᠵᠢ ᠨᠢ ᠵᠠᠷᠢᠮ ᠳ᠋ᠤ᠌ ᠪᠠᠨ ᠬᠡᠦᠬᠡᠳ ᠦ᠋ᠳ ᠢ᠋ᠶ᠋ᠡᠨ ᠮᠠᠷᠲᠠᠳᠠᠭ ᠃ ᠥᠭᠡᠷ᠎ᠡ ᠬᠡᠦᠬᠡᠳ ᠦ᠋ᠳ ᠲᠡᠳᠡᠨ ᠦ᠌ ᠣᠷᠣ ᠶ᠋ᠢ ᠡᠵᠡᠯᠡᠳᠡᠭ》
《ᠠ᠂ ᠮᠠᠨ ᠤ᠋ ᠠᠪᠤ ᠡᠵᠢ ᠪᠢᠳᠡᠨ ᠢ᠋ ᠬᠦᠯᠢᠶᠡᠵᠦ ᠪᠠᠢᠭ᠎ᠠ᠃ᠪᠢᠳᠡ ᠣᠳᠣ ᠭᠡᠷ ᠲᠡᠭᠡᠨ ᠬᠠᠷᠢᠬᠤ ᠶᠣᠰᠣᠲᠠᠢ᠃ᠮᠠᠷᠭᠠᠰᠢ ᠥᠷᠯᠥᠭᠡ ᠪᠢᠳᠡ ᠶᠠᠪᠤᠶ᠎ᠠ》
《ᠭᠡᠬᠦ ᠳ᠋ᠦ᠍ ᠪᠡᠨ ᠬᠡᠨ ᠪᠢᠳᠡᠨ ᠳ᠋ᠦ᠍ ᠦᠯᠢᠭᠡᠷ ᠶᠠᠷᠢᠵᠤ ᠥᠭᠴᠦ ᠪᠠᠢᠭ᠎ᠠ ᠶᠤᠮ ᠪᠣᠢ?》
《ᠲᠠᠨᠠᠷ ᠴᠣ ᠭᠡᠰᠡᠨ ᠶᠠᠪᠤᠬᠤ ᠦᠭᠡᠢ ᠶᠦ᠍ᠮ ᠤᠤ? ᠪᠢᠳᠡᠨ ᠲᠡᠢ ᠬᠠᠮᠲᠤ ᠠᠮᠢᠳᠤᠷᠠᠵᠤ ᠪᠣᠯᠤᠨ᠎ᠠ ᠰᠢᠲᠠ》
《ᠭᠣᠶᠣ ᠳᠠ᠂ ᠭᠡᠷ ᠪᠦᠯᠢ ᠲᠡᠢ ᠪᠠᠢᠬᠤ ᠰᠠᠢᠬᠠᠨ ᠳᠠ》
《ᠲᠡᠢᠮᠦ ᠠ᠋᠂ ᠭᠣᠶᠣ ᠳᠠ᠂ ᠭᠣᠶᠣ ᠳᠠ᠂ᠬᠠ ᠬᠠ》
《ᠫᠢᠲ᠋ᠸᠷ᠂ᠴᠢ ᠪᠢᠳᠡᠨ ᠲᠡᠢ ᠬᠠᠮᠲᠤ ᠶᠠᠪᠤᠬᠤ ᠦᠭᠡᠢ ᠶᠦ᠍ᠮ ?》
《ᠲᠠᠨᠠᠷ ᠪᠦᠭᠦᠳᠡ ᠤᠳᠠᠬᠤ ᠦᠭᠡᠢ ᠲᠣᠮᠣ ᠪᠣᠯᠤᠨ᠎ᠠ ᠂ ᠪᠢ ᠬᠡᠦᠬᠡᠳ ᠢ᠋ᠶ᠋ᠡᠷ ᠢ᠋ᠶ᠋ᠡᠨ ᠪᠠᠢᠮᠠᠷ ᠪᠠᠢᠨ᠎ᠠ᠃ᠪᠢ ᠲᠣᠮᠣᠴᠤᠤᠯ ᠢ᠋ᠶ᠋ᠠᠷ ᠶᠠᠭᠤ ᠬᠢᠬᠦ ᠪᠡᠨ ᠵᠢᠭᠠᠯᠭᠠᠵᠤ ᠠᠮᠢᠳᠤᠷᠠᠮᠠᠷ ᠦᠭᠡᠢ ᠰᠢᠦ ᠳᠡ》
ᠮᠠᠷᠭᠠᠰᠢ ᠪᠦᠬᠦ ᠨᠠᠢᠵᠠ ᠨᠤᠭᠤᠳ ᠨᠢ ᠶᠠᠪᠤᠵᠤ᠂ᠥᠪᠡᠷ ᠢ᠋ᠶ᠋ᠡᠨ ᠭᠣᠣᠨᠢ ᠭᠠᠭᠴᠠᠭᠠᠷ ᠢ᠋ᠶ᠋ᠠᠨ ᠦᠯᠡᠳᠡᠨ᠎ᠡ ᠭᠡᠵᠦ ᠫᠢᠲ᠋ᠸᠷ ᠫᠠᠨ ᠭᠤᠨᠢᠭᠯᠠᠯᠠ᠃
ᠥᠷᠯᠥᠭᠡ ᠪᠡᠷ ᠬᠡᠦᠬᠡᠳ ᠦ᠋ᠳ ᠪᠠᠢᠰᠢᠩ ᠠ᠋ᠴᠠ ᠶᠠᠪᠤᠯ᠎ᠠ᠃ ᠫᠢᠲ᠋ᠸᠷ ᠲᠡᠳᠡᠨ ᠢ᠋ ᠶᠠᠪᠤᠬᠤ ᠦᠶ᠎ᠡ ᠳ᠋ᠦ᠍ ᠭᠠᠷᠴᠤ ᠬᠠᠷᠠᠭᠰᠠᠨ ᠦᠭᠡᠢ᠃ᠠᠬᠠᠮᠠᠳ ᠳᠠᠬᠢ ᠶ᠋ᠢᠨ ᠳᠠᠯᠠᠢ ᠶ᠋ᠢᠨ ᠳᠡᠭᠡᠷᠡᠮᠴᠢᠳ ᠣᠢᠷᠠᠬᠠᠨ ᠨᠢᠭᠤᠭᠳᠠᠵᠤ ᠪᠠᠢᠯ᠎ᠠ᠃ᠲᠡᠳᠡ ᠪᠦᠬᠦ ᠬᠡᠦᠬᠡᠳ ᠦ᠋ᠳ ᠢ᠋ ᠪᠠᠷᠢᠵᠤ ᠬᠦᠯᠢᠭᠡᠳ ᠂ ᠳᠠᠯᠠᠢ ᠶ᠋ᠢᠨ ᠳᠡᠭᠡᠷᠡᠮᠴᠢᠨ ᠦ᠌ ᠬᠥᠯᠭᠡ ᠳ᠋ᠦ᠍ ᠠᠪᠠᠴᠢᠵᠠᠢ ᠃ ᠲᠩᠷᠢ ᠪᠸᠸᠯ ᠮᠣᠳᠣᠨ ᠤ᠋ ᠣᠷᠣᠢ ᠳᠡᠭᠡᠷ᠎ᠡ ᠡᠴᠡ ᠲᠡᠳᠡᠨ ᠢ᠋ ᠬᠠᠷᠠᠵᠤ ᠪᠠᠢᠪᠠ᠃
《ᠪᠤᠷᠬᠠᠨ ᠮᠢᠨᠢ! ᠫᠢᠲ᠋ᠸᠷ ᠫᠠᠨ ᠬᠠᠷᠠᠵᠤ ᠪᠠᠢᠭ᠎ᠠ᠃ᠪᠢ ᠲᠡᠭᠦᠨ ᠳ᠋ᠦ᠍ ᠰᠠᠨᠠᠭᠤᠯᠬᠤ ᠶᠣᠰᠣᠲᠠᠢ》᠃
《ᠫᠢᠲ᠋ᠸᠷ᠂ ᠫᠢᠲ᠋ᠸᠷ᠂ ᠴᠢ ᠬᠠᠮᠢᠭ᠎ᠠ ᠪᠠᠢᠨ᠎ᠠ? ᠫᠢᠲ᠋ᠸᠷ?》
《ᠶᠠᠭᠤ ᠪᠣᠯᠤᠭ᠎ᠠ ᠪᠣᠢ ᠲᠩᠷᠢ?》
《ᠶᠠᠪᠤᠵᠠᠭᠠᠶ᠎ᠠ! ᠨᠠᠢᠵᠠ ᠨᠤᠭᠤᠳ ᠢ᠋ᠶ᠋ᠠᠨ ᠠᠪᠤᠷᠠᠶ᠎ᠠ᠂ ᠳᠠᠯᠠᠢ ᠶ᠋ᠢᠨ ᠳᠡᠭᠡᠷᠡᠮᠴᠢᠳ ᠲᠡᠳᠡᠨ ᠢ᠋ ᠪᠠᠷᠢᠴᠢᠬᠠᠯ᠎ᠠ》᠃
《ᠦ᠋᠂ ᠵᠠ ᠶᠠᠪᠤᠵᠤ ᠠᠬᠠᠮᠠᠳ ᠳᠠᠬᠢ ᠪᠠᠷ ᠮᠠᠲᠠᠷ ᠬᠣᠭᠣᠯᠠᠯᠠᠶᠠ》᠃
ᠳᠠᠯᠠᠢ ᠶ᠋ᠢᠨ ᠳᠡᠭᠡᠷᠡᠮᠴᠢᠳ ᠦ᠋ᠨ ᠬᠥᠯᠭᠡ ᠳᠡᠭᠡᠷ᠎ᠡ ᠬᠡᠦᠬᠡᠳ ᠦ᠋ᠳ ᠢ᠋ ᠪᠦᠭᠦᠳᠡ ᠶ᠋ᠢ ᠨᠢ ᠬᠦᠯᠢᠵᠡᠢ᠃
《ᠲᠠᠨᠠᠷ ᠮᠠᠲᠠᠷ ᠲᠤ᠌ ᠲᠡᠭᠦᠰ ᠡᠳᠦᠷ ᠦ᠋ᠨ ᠬᠣᠭᠣᠯᠠ ᠪᠣᠯᠵᠤ᠂ᠬᠠᠷᠢᠨ ᠮᠠᠲᠠᠷ ᠨᠠᠮ᠎ᠠ ᠶ᠋ᠢ ᠡᠭᠦᠷᠢᠳᠡ ᠥᠷᠥᠰᠢᠶᠡᠨ᠎ᠡ》᠃《ᠴᠢᠮ᠎ᠠ ᠶ᠋ᠢ ᠪᠠᠷᠢᠯ᠎ᠠ ᠳᠠ ᠂ ᠳ᠋ᠠᠬᠢ 》
ᠠᠬᠠᠮᠠᠳ ᠳᠠᠬᠢ ᠫᠢᠲ᠋ᠸᠷ ᠫᠠᠨ ᠲᠠᠢ ᠢᠯᠳᠦ ᠪᠡᠷ ᠲᠤᠯᠤᠯᠳᠤᠵᠤ ᠡᠬᠢᠯᠡᠯ᠎ᠡ᠃ ᠫᠢᠲ᠋ᠸᠷ ᠢᠳᠡ ᠪᠡᠷ ᠤᠬᠤᠰᠬᠢᠨ ᠳᠠᠭᠠᠷᠢᠵᠤ᠂ ᠳ᠋ᠠᠬᠢ ᠲᠠᠩᠭᠢᠰ ᠤᠷᠤᠭᠤ ᠤᠨᠠᠯ᠎ᠠ᠃ ᠦ ᠦ᠂ ᠦ ᠦ ᠮᠠᠲ᠋ᠧᠷ ᠠᠬᠠᠮᠠᠳ ᠳᠠᠬᠢ ᠶ᠋ᠢ ᠪᠦᠭᠦᠳᠡ ᠶ᠋ᠢ ᠨᠢ ᠵᠠᠯᠭᠢᠴᠢᠬᠠᠪᠠ᠃ᠢᠩᠭᠢᠭᠡᠳ ᠠᠬᠠᠮᠠᠳ ᠳᠠᠬᠢ ᠦᠭᠡᠢ ᠪᠣᠯᠤᠭᠰᠠᠨ ᠶᠤᠮ᠃ ᠲᠩᠷᠢ ᠪᠸᠸᠯ ᠬᠡᠦᠬᠡᠳ ᠦ᠋ᠳ ᠢ᠋ ᠰᠤᠯᠠᠯᠠᠯᠠ᠃ ᠲᠡᠳᠡ ᠪᠦᠭᠦᠳᠡ ᠲᠩᠷᠢ ᠪᠸᠸᠯ ᠢ᠋ ᠲᠣᠭᠣᠷᠢᠨ ᠴᠤᠭᠯᠠᠪᠠ᠃
《ᠴᠢ ᠵᠣᠷᠢᠭᠲᠠᠢ ᠶᠤᠮ ᠠ᠋᠂ ᠫᠢᠲ᠋ᠸᠷ᠃ ᠶᠠᠭ ᠯᠠ ᠦᠯᠢᠭᠡᠷ ᠲᠦ᠍ ᠭᠠᠷᠳᠠᠭ ᠪᠠᠭᠠᠲᠤᠷ ᠰᠢᠭ᠋᠃ᠪᠢ ᠣᠳᠣ ᠬᠡᠦᠬᠡᠳ ᠦ᠋ᠳ ᠲᠦ᠍ ᠴᠢᠨᠦ ᠲᠡᠦᠬᠡ ᠶ᠋ᠢ ᠶᠠᠷᠢᠬᠤ ᠪᠣᠯᠤᠨ᠎ᠠ》
《ᠵᠠ ᠵᠠ᠂ ᠨᠡᠷ᠎ᠡ ᠲᠥᠷᠥ ᠶ᠋ᠢᠨ ᠬᠡᠷᠡᠭ ᠪᠠᠢᠨ᠎ᠠ ᠂ ᠠᠯᠢᠪ᠂ ᠶᠠᠪᠤᠬᠤ ᠳ᠋ᠤ᠌ ᠪᠠᠨ ᠪᠡᠯᠡᠳ᠂ ᠡᠰᠡᠬᠦᠯ᠎ᠡ ᠲᠠᠨᠠᠷ ᠴᠢᠨᠢ ᠪᠣᠳᠣᠯ ᠢ᠋ᠶ᠋ᠠᠨ ᠥᠭᠡᠷᠡᠴᠢᠯᠡᠴᠢᠬᠡᠪᠡ ᠤᠤ?》 ᠠ ᠬᠠ ᠬᠠ 《ᠫᠢᠲ᠋ᠸᠷ! ᠪᠢᠳᠡᠨ ᠲᠡᠢ ᠬᠠᠮᠲᠤ ᠶᠠᠪᠤᠯ ᠳᠠ》《ᠪᠢ ᠪᠣᠯ ᠬᠡᠵᠢᠶ᠎ᠡ ᠴᠦ᠍ ᠲᠣᠮᠣ ᠪᠣᠯᠳᠠᠭ ᠦᠭᠡᠢ ᠫᠢᠲ᠋ᠸᠷ ᠫᠠᠨ᠂ ᠪᠢ ᠴᠢᠮ᠎ᠠ ᠶ᠋ᠢ ᠭᠡᠷ ᠲᠦ᠍ ᠴᠢᠨᠢ ᠬᠦᠷᠲᠡᠯ᠎ᠡ ᠳᠠᠭᠠᠵᠤ ᠶᠠᠪᠤᠶ᠎ᠠ》《ᠲᠡᠢᠮᠦ ᠠ᠋!》 ᠲᠡᠳᠡ ᠪᠦᠭᠦᠳᠡ ᠯᠣᠨᠳᠣᠨ ᠤᠷᠤᠭᠤ ᠬᠥᠳᠡᠯᠦᠯ᠎ᠡ᠃ ᠸᠸᠨᠳᠢ ᠶ᠋ᠢᠨ ᠡᠴᠢᠭᠡ ᠡᠬᠡ ᠨᠢ ᠬᠡᠦᠬᠡᠳ ᠦ᠋ᠳ ᠢ᠋ᠶ᠋ᠡᠨ ᠳᠠᠬᠢᠨ ᠬᠠᠷᠠᠭᠰᠠᠨ ᠳ᠋ᠤ᠌ ᠪᠠᠨ ᠪᠠᠶᠠᠷᠯᠠᠪᠠ᠃ ᠨᠣᠶᠠᠨ ᠬᠠᠲᠤᠭᠲᠠᠢ ᠳ᠋ᠠᠷᠯᠢᠩ ᠨᠠᠷ ᠸᠸᠨᠳᠢ᠂ ᠵᠢᠶᠤᠤᠨ᠂ ᠮᠠᠢᠺᠦᠯ ᠭᠤᠷᠪᠠ ᠶ᠋ᠢ ᠲᠡᠪᠡᠷᠢᠯ᠎ᠡ᠃
《ᠨᠢᠭᠡ ᠠᠯᠢ ᠡᠳᠦᠷ ᠡᠷᠭᠢᠵᠦ ᠢᠷᠡᠨ᠎ᠡ ᠭᠡᠵᠦ ᠮᠡᠳᠡᠭᠰᠡᠨ ᠶᠦᠮ ᠠ᠋》
《ᠲᠠ ᠨᠠᠷ ᠢ᠋ ᠮᠠᠰᠢ ᠶᠡᠬᠡ ᠰᠠᠨᠠᠭᠰᠠᠨ ᠰᠢᠦ ᠬᠡᠦᠬᠡᠳ ᠦ᠋ᠳ ᠠ᠋ 》
《ᠡᠨᠡ ᠬᠡᠦᠬᠡᠳ ᠦ᠋ᠳ ᠬᠡᠨ ᠪᠣᠢ ᠸᠸᠨᠳᠢ?》
《ᠡᠨᠡ ᠪᠣᠯ ᠠᠯᠳᠠᠭᠳᠠᠭᠰᠠᠨ ᠬᠥᠪᠡᠭᠦᠳ ᠲᠤᠤᠺᠢᠰ᠂ᠨᠢᠫᠸᠰ᠂ᠰᠯᠠᠢᠺᠢ᠂ᠺᠦᠺᠢ ᠪᠠᠰᠠ ᠢᠬᠢᠷ᠎ᠡ ᠬᠡᠦᠬᠡᠳ ᠂ᠪᠢᠳᠡᠨ ᠲᠡᠢ ᠠᠮᠢᠳᠤᠷᠠᠬᠤ ᠪᠠᠷ ᠦᠯᠢᠭᠡᠷ ᠦ᠋ᠨ ᠣᠷᠣᠨ ᠠ᠋ᠴᠠ ᠢᠷᠡᠭᠰᠡᠨ ᠶᠦᠮ᠃ ᠪᠢᠳᠡᠨ ᠲᠡᠢ ᠦᠯᠡᠳᠡᠵᠦ ᠪᠣᠯᠤᠨ᠎ᠠ ᠤᠤ?》
ᠲᠡᠢᠮᠦ ᠠ᠋! ᠮᠡᠳᠡᠭᠡᠵᠢ
《ᠲᠡᠢᠮᠦ !ᠲᠡᠢᠮᠦ ! ᠲᠡᠢᠮᠦ ᠠ᠋!》
ᠫᠢᠲ᠋ᠸᠷ ᠴᠣᠩᠬᠣᠨ ᠤ᠋ ᠭᠠᠳᠠᠨ᠎ᠠ ᠬᠥᠪᠴᠦ ᠪᠠᠢᠯ᠎ᠠ᠃
《ᠫᠢᠲ᠋ᠸᠷ ᠂ ᠴᠢ ᠰᠢᠢᠳᠪᠦᠷᠢ ᠪᠡᠨ ᠳᠠᠬᠢᠨ ᠪᠣᠳᠣᠬᠤ ᠦᠭᠡᠢ ᠶᠦ᠍ᠮ ᠤᠤ?》
《ᠪᠢ ᠦᠯᠢᠭᠡᠷ ᠦ᠋ᠨ ᠣᠷᠣᠨ ᠳ᠋ᠤ᠌ ᠪᠠᠨ ᠦᠯᠡᠳᠡᠨ᠎ᠡ᠃ ᠲᠡᠨᠳᠡ ᠪᠠᠢᠪᠠᠯ ᠪᠢ ᠲᠣᠮᠣ ᠪᠣᠯᠬᠤ ᠦᠭᠡᠢ》《ᠲᠡᠭᠡᠪᠡᠯ ᠪᠠᠶᠠᠷᠲᠠᠢ ᠫᠢᠲ᠋ᠸᠷ᠂ ᠪᠢᠳᠡ ᠴᠢᠮ᠎ᠠ ᠪᠠᠨ ᠰᠠᠨᠠᠨ᠎ᠠ》《ᠪᠠᠶᠠᠷᠲᠠᠢ ! ᠸᠸᠨᠳᠢ᠂ ᠪᠠᠶᠠᠷᠲᠠᠢ ᠬᠥᠪᠡᠭᠦᠳ ᠠ᠋᠂ ᠨᠠᠮ᠎ᠠ ᠶ᠋ᠢ ᠪᠢᠲᠡᠭᠡᠢ ᠮᠠᠷᠲᠠᠭᠠᠷᠠᠢ》 ᠫᠢᠲ᠋ᠸᠷ ᠫᠠᠨ ᠂ ᠲᠩᠷᠢ ᠪᠸᠸᠯ ᠬᠣᠶᠠᠷ ᠰᠠᠯᠬᠤ ᠶᠣᠰᠣ ᠬᠢᠭᠡᠳ ᠦᠯᠢᠭᠡᠷ ᠦ᠋ᠨ ᠣᠷᠣᠨ ᠤᠷᠤᠭᠤ ᠨᠢᠰᠦᠨ ᠣᠳᠤᠯ᠎ᠠ᠃
ᠦᠰᠦᠭ ᠠᠮᠢᠯᠠᠭᠤᠯᠤᠭᠰᠠᠨ ᠨᠢ ᠄ ᠰᠡᠴᠡᠨᠲᠤᠶᠠᠭ᠎ᠠ᠂
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠭᠠᠷᠮ᠎ᠠ᠂ ᠬᠠᠨᠳᠠᠵᠠᠪ᠂ ᠾᠦᠩ ᠸᠧᠢ
