ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  4 Эрдэнэ тунамал нэрт судар оршив - 4 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  4 Эрдэнэ тунамал нэрт судар оршив - 4

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  4 Эрдэнэ тунамал нэрт судар оршив - 4

ᠠᠩᠭᠢᠯᠠᠯ:ᠲᠡᠦᠬᠡ ᠰᠣᠶᠣᠯ
2023-05-13

346

ᠡᠷᠳᠡᠨᠢ ᠲᠤᠨᠤᠮᠠᠯ ᠨᠡᠷᠡᠲᠦ ᠰᠤᠳᠤᠷ ᠣᠷᠣᠰᠢᠪᠠ -  4


       ᠰᠢᠷ᠎ᠠ ᠯᠤᠤ ᠵᠢᠯ᠎ᠡ① ᠠᠯᠲᠠᠨ ᠬᠠᠭᠠᠨ ᠣᠢᠷᠠᠳ ᠢᠷᠭᠡᠨ ᠳ᠋ᠦ᠍ᠷ ᠠᠶᠠᠯᠠᠵᠤ ᠂ 
       ᠰᠢᠯᠤᠭᠤᠨ ᠤᠬᠠᠭᠠᠲᠤ ᠤᠶᠨᠨᠴᠤ ᠵᠥᠩᠭᠢᠨ ᠬᠠᠲᠤᠨ ᠢ᠋ ᠠᠪᠤᠭᠠᠳ ᠬᠠᠢᠳᠠᠭ ᠮᠣᠷᠳᠠᠵᠤ ᠂ 
       ᠰᠠᠢᠬᠠᠨ ᠨᠡᠷᠡᠲᠦ ᠭᠠᠵᠠᠷ᠎ᠠ ᠠᠭᠤᠷᠠᠭ② ᠢ᠋ᠶ᠋ᠠᠨ ᠲᠡᠨᠳᠡ ᠰᠠᠭᠤᠯᠭᠠᠵᠤ ᠂ 
       ᠰᠢᠮᠳᠠᠵᠤ ᠠᠯᠲᠠᠢ ᠬᠠᠨ ③ ᠢ᠋ ᠶᠣᠷᠢᠨ ᠠᠶᠠᠯᠠᠵᠤ ᠣᠣᠳᠠ ᠲᠤᠲᠤᠮ ᠨᠡᠷᠡᠲᠦ ᠭᠠᠵᠠᠷ᠎ᠠ ᠬᠦᠷᠦᠭᠰᠡᠨ ᠳ᠋ᠦ᠍ᠷ ᠂  
       ᠬᠢᠷᠭᠤᠳ ᠤᠯᠤᠰ ᠤ᠋ᠨ ᠵᠢᠭᠡᠬᠡᠨ ᠠᠬ᠎ᠠ ᠲᠡᠷᠢᠭᠦᠲᠡᠨ ᠨᠣᠶᠠᠳ ᠢᠨᠦ᠍ ᠲᠡᠨᠳᠡ ᠠᠭᠰᠠᠨ ᠠᠵᠤᠭᠤ ᠂ 
       ᠭᠡᠭᠡᠨ ᠬᠠᠭᠠᠨ ᠂ ᠴᠡᠷᠢᠭ ᠢ᠋ᠶ᠋ᠡᠨ ᠠᠪᠤᠭᠠᠳ ᠲᠡᠳᠡᠨ ᠦ᠌ ᠳᠤᠮᠳᠠ ᠡᠬᠢᠯᠡᠵᠦ ᠪᠠᠭᠤᠭᠰᠠᠨ ᠳ᠋ᠤᠷ ᠂ 
       ᠬᠡᠯᠡᠯᠴᠡᠵᠦ ᠲᠡᠭᠦᠨᠴᠡ ᠤᠷᠢᠳᠠ ᠬᠣᠲᠠ ᠪᠣᠯᠤᠭᠰᠠᠨ ᠢ᠋ᠶ᠋ᠠᠨ ᠳᠤᠷᠠᠳᠴᠤ ᠵᠢᠭᠡᠬᠡᠨ ᠠᠬ᠎ᠠ ᠲᠡᠷᠢᠭᠦᠲᠡᠨ ᠂ 
       ᠭᠡᠮ ᠦᠭᠡᠢ ᠬᠥᠪᠡᠭᠦᠳ ᠤᠯᠤᠰ ᠢ᠋ᠶ᠋ᠠᠨ ᠠᠪᠤᠭᠠᠳ ᠣᠷᠣᠵᠤ ᠢᠷᠡᠪᠡᠢ ᠡᠵᠡᠨ ᠬᠠᠭᠠᠨ ᠳ᠋ᠤᠷ ᠃ 
       ᠪᠠᠶᠠᠰᠬᠤᠯᠠᠩᠲᠤ ᠠᠯᠲᠠᠨ ᠬᠠᠭᠠᠨ ᠤ᠋ ᠠᠴᠢ ᠢᠨᠦ ᠨᠠᠮᠤᠲᠠᠢ ᠰᠡᠴᠡᠨ ᠨᠣᠶᠠᠨ ④ ᠮᠠᠩᠭᠢᠷ ᠪᠠᠭᠠᠲᠤᠷ ᠲᠠᠢᠵᠢ ᠬᠣᠶᠠᠷ ᠂ 
— — — — 
① ᠰᠢᠷ᠎ᠠ ᠡᠷ᠎ᠡ ᠯᠤᠤ ᠵᠢᠯ ᠃ ᠯᠦᠩ ᠴᠢᠩ ᠦ᠋ᠨ ᠬᠣᠶᠠᠳᠤᠭᠠᠷ ᠣᠨ ( 1568 ᠣᠨ )᠃ 
②《 ᠬᠤᠸᠠ ᠢ ᠶ᠋ᠢ ᠢᠦᠢ 》 (华夷译语 ) ᠪᠢᠴᠢᠭ ᠲᠦ᠍ 阿兀鲁黑 ᠭᠡᠵᠦ 《 ᠮᠢᠩ ᠱᠢ ᠯᠦ᠍ 》 (明实录) ᠪᠢᠴᠢᠭ ᠲᠦ᠍ ᠳᠥᠭᠥᠮᠴᠢᠯᠡᠨ奥鲁 ᠭᠡᠵᠦ ᠪᠢᠴᠢᠵᠡᠢ ᠃ ᠴᠡᠷᠢᠭ ᠢ᠋ ᠳᠠᠭᠠᠯᠳᠤᠨ ᠶᠠᠪᠤᠵᠤ ᠪᠠᠢᠭ᠎ᠠ ᠡᠬᠡᠨᠡᠷ ᠬᠡᠦᠬᠡᠳ ᠦ᠋ᠨ ᠰᠠᠭᠤᠷᠢᠰᠢᠯ ᠭᠠᠵᠠᠷ ᠢ᠋ ᠬᠡᠯᠡᠨ᠎ᠡ ᠃ 
③ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤ᠋ᠨ ᠪᠠᠷᠠᠭᠤᠨ ᠬᠢᠵᠠᠭᠠᠷ ᠢ᠋ᠶ᠋ᠠᠷ ᠪᠠᠢᠭ᠎ᠠ ᠠᠯᠲᠠᠢ ᠠᠭᠤᠯᠠ ᠃ 
④ ᠰᠡᠩᠭᠡ ᠳᠦᠭᠦᠷᠡᠩ ᠬᠠᠭᠠᠨ ᠤ᠋ ᠶᠡᠬᠡ ᠬᠥᠪᠡᠭᠦᠨ ᠃ ᠪᠠᠰᠠ ᠨᠠᠮᠣᠲᠠᠢ ᠴᠦᠷᠦᠭᠡ ᠬᠣᠩ ᠲᠠᠢᠵᠢ ᠭᠡᠨ᠎ᠡ ᠃ ᠳᠥᠭᠥᠮᠴᠢᠯᠡᠨ ᠴᠦᠷᠦᠭᠡ ᠬᠣᠩ ᠲᠠᠢᠵᠢ ᠭᠡᠵᠦ ᠬᠢᠲᠠᠳ ᠪᠢᠴᠢᠭ ᠲᠦ᠍ ᠴᠧ ᠯᠢ ᠺᠧ (扯力克 ) ᠭᠡᠵᠦ ᠪᠢᠴᠢᠳᠡᠭ ᠃  

       ᠪᠠᠪᠤᠷ ᠂ ᠪᠠᠳᠠᠩᠬᠠᠢ ᠬᠣᠶᠠᠷ ᠯᠤᠭ᠎ᠠ ᠵᠣᠯᠭᠠᠯᠳᠤᠵᠤ ᠪᠦᠷ ᠦ᠋ᠨ ᠂ 
       ᠪᠠᠳᠠᠩᠬᠠᠢ ᠨᠡᠷᠡᠲᠦ ᠨᠣᠶᠠᠨ ᠢ᠋ ᠳᠠᠭᠤᠳᠠᠵᠤ ᠣᠷᠣᠭᠤᠯᠤᠭᠠᠳ ᠳᠠᠷᠤᠢ ᠳ᠋ᠤᠷ ᠂ 
       ᠪᠠᠰᠠ ᠪᠠᠷ ᠠᠯᠲᠠᠨ ᠬᠠᠭᠠᠨ ᠡᠪᠦᠭᠡ ᠳ᠋ᠦ᠍ᠷ ᠢ᠋ᠶ᠋ᠠᠨ ᠮᠥᠷᠭᠥᠭᠦᠯᠵᠦ ᠵᠣᠯᠭᠠᠭᠤᠯᠤᠭᠰᠠᠨ ᠠᠵᠤᠭᠤ ᠃ 
       ᠲᠡᠷᠡ ᠠᠶᠠᠨ ᠠ᠋ᠴᠠ ᠬᠠᠷᠢᠯ ᠦᠭᠡᠢ ᠪᠠᠭ ᠨᠡᠷᠡᠲᠦ ᠭᠠᠵᠠᠷ᠎ᠠ ᠰᠠᠭᠤᠬᠤᠢ ᠴᠠᠭ ᠲᠤᠷ ᠂ 
       ᠳᠡᠭᠡᠳᠦ ᠲᠥᠷᠥᠯᠬᠢᠲᠦ ᠤᠶᠠᠨᠴᠤ ᠵᠥᠩᠭᠢᠨ ᠬᠠᠲᠤᠨ ᠠ᠋ᠴᠠ ᠨᠢᠭᠡᠨ ᠬᠥᠪᠡᠭᠦᠨ ᠡᠰᠡᠩᠯᠡᠭᠰᠡᠨ ᠳ᠋ᠦ᠍ᠷ ᠂ 
       ᠲᠠᠩᠰᠢ ᠬᠠᠭᠠᠨ ᠲᠡᠷᠢᠭᠦᠲᠡᠨ ᠬᠠᠮᠤᠭ ᠶᠡᠬᠡ ᠤᠯᠤᠰ ᠪᠠᠶᠠᠰᠬᠤᠯᠠᠩᠲᠤ ᠮᠠᠯᠢᠶᠠᠭᠤᠳ ᠤ᠋ᠨ ᠬᠤᠷᠢᠮ ᠬᠢᠵᠦ ᠂ 
       ᠲᠡᠷᠡ ᠬᠥᠪᠡᠭᠦᠨ ᠢ᠋ ᠪᠤᠳᠠᠰᠢᠷᠢ ① ᠭᠡᠮᠡᠨ ᠨᠡᠷᠡᠯᠡᠵᠦ ᠣᠢᠷᠠᠳ ᠤ᠋ᠨ ᠡᠷᠬᠡᠨ ᠢ᠋ ᠥᠮᠴᠢᠯᠡᠭᠦᠯᠦᠭᠰᠡᠨ ᠪᠥᠯᠥᠭᠡ ᠃ 
— — — — 
①ᠵᠥᠩᠭᠡᠨ ᠬᠠᠲᠤᠨ ᠤ᠋ ᠲᠥᠷᠥᠭᠰᠡᠨ ᠬᠥᠪᠡᠭᠦᠨ ᠪᠤᠳᠠᠰᠢᠷᠢ ᠭᠡᠰᠡᠨ ᠡᠨᠡ ᠲᠡᠮᠳᠡᠭᠯᠡᠯ ᠡᠴᠡ ᠂ ᠪᠢᠳᠡ ᠲᠠᠢᠮᠢᠩ ᠤᠯᠤᠰ ᠤ᠋ᠨ ᠦᠶ᠎ᠡ ᠳ᠋ᠡᠬᠢ ᠬᠢᠲᠠᠳ ᠰᠤᠷᠪᠤᠯᠵᠢ ᠪᠢᠴᠢᠭ ᠲᠦ᠍ ᠨᠡᠷ᠎ᠡ ᠭᠠᠷᠤᠭᠰᠠᠨ ᠰᠠᠨ ᠨᠢᠶᠠᠩ ᠽᠢ (三娘子 ) ᠭᠡᠭᠴᠢ ᠨᠢ ᠵᠦᠩᠬᠢᠨ ᠬᠠᠲᠤᠨ ᠯᠠᠪᠲᠠᠢ ᠮᠥᠨ ᠪᠣᠯᠬᠤ ᠶ᠋ᠢ ᠭᠦᠢᠴᠡᠳ ᠲᠣᠳᠣᠯᠠᠵᠤ ᠪᠣᠯᠤᠨ᠎ᠠ ᠃ ᠪᠤᠳᠠᠰᠢᠷᠢ ᠶ᠋ᠢ ᠬᠢᠲᠠᠳ ᠪᠢᠴᠢᠭ ᠲᠦ᠍  ᠪᠦ ᠲᠠ ᠱᠢ ᠯᠢ (不他失礼 ) ᠭᠡᠵᠦ ᠪᠢᠴᠢᠳᠡᠭ ᠃ ᠲᠡᠷᠡ ᠬᠦ᠌ ᠰᠠᠨ ᠨᠢᠶᠠᠩ ᠽᠢ ᠪᠠ ᠪᠤᠳᠠᠰᠢᠷᠢ ᠶ᠋ᠢᠨ ᠡᠬᠡ ᠬᠥᠪᠡᠭᠦᠨ ᠦ᠌ ᠬᠠᠷᠢᠴᠠᠬ᠎ᠠ ᠶ᠋ᠢᠨ ᠲᠤᠬᠠᠢ ᠬᠢᠲᠠᠳ ᠪᠢᠴᠢᠭ ᠲᠦ᠍ ᠲᠡᠮᠳᠡᠭᠯᠡᠭᠰᠡᠨ ᠵᠦᠢᠯ ᠣᠯᠠᠨ ᠪᠣᠢ ᠃ ᠵᠢᠱ᠌ᠢᠶᠡᠯᠡᠪᠡᠯ ᠂ 《 ᠸᠠᠨ ᠯᠢ ᠦ ᠬᠦᠩ ᠯᠦ᠍ 》 ᠪᠢᠴᠢᠭ ᠲᠡᠬᠢ ᠪᠤᠳᠠᠰᠢᠷᠢ ᠪᠠ ᠱᠠ ᡂᠢ ᠰᠢᠩ(沙赤星) ᠦ᠋ᠨ ᠨᠠᠮᠲᠠᠷ ᠲᠤ᠌ ᠥᠭᠦᠯᠡᠭᠰᠡᠨ ᠨᠢ ᠄ 《 ᠪᠣᠳᠠᠰᠢᠷᠢ ᠪᠣᠯᠪᠠᠰᠤ ᠠᠯᠲᠠᠨ ᠤ᠋ ᠳᠣᠯᠣᠳᠤᠭᠠᠷ ᠬᠥᠪᠡᠭᠦᠨ ᠪᠥᠯᠥᠭᠡ ᠁ ᠰᠠᠨ ᠨᠢᠶᠠᠩ ᠽᠢ᠎ᠡᠴᠡ ᠲᠥᠷᠥᠭᠰᠡᠨ ᠬᠥᠪᠡᠭᠦᠨ ᠭᠡᠮᠡᠨ ᠠᠯᠲᠠᠨ ᠲᠡᠭᠦᠨ ᠢ᠋ ᠶᠡᠬᠡᠯ᠎ᠡ ᠡᠩᠬᠦᠷᠡᠢᠯᠡᠬᠦ ᠠᠵᠢ 》 ᠭᠡᠵᠡᠢ ᠃ ᠮᠥᠨ ᠳᠡᠭᠡᠷ᠎ᠡ ᠥᠭᠦᠯᠡᠭᠰᠡᠨ ᠪᠢᠴᠢᠭ ᠲᠡᠬᠢ ᠰᠠᠨ ᠨᠢᠶᠠᠩ ᠽᠢ ᠶ᠋ᠢᠨ ᠨᠠᠮᠲᠠᠷ ᠲᠤ᠌ ᠲᠡᠮᠳᠡᠭᠯᠡᠭᠰᠡᠨ ᠨᠢ ᠄ 《 ᠡᠨᠡ ᠦᠶ᠎ᠡ ᠳ᠋ᠦ᠍ᠷ ᠰᠠᠨ ᠨᠢᠶᠠᠩ ᠽᠢ ᠬᠠᠰ ᠲᠠᠮᠠᠭ᠎ᠠ ᠪᠠ ᠴᠡᠷᠢᠭ ᠦ᠋ᠨ ᠲᠡᠮᠳᠡᠭ ᠢ᠋ ᠨᠢᠭᠤᠨ ᠳᠠᠷᠤᠵᠤ ᠲᠡᠭᠦᠨ ᠦ᠌ ᠡᠩᠬᠦᠷᠡᠢ ᠬᠥᠪᠡᠭᠦᠨ ᠪᠣᠳᠠᠰᠢᠷᠢ ᠳ᠋ᠤᠷ ᠥᠭᠬᠦ ᠭᠡᠮᠡᠨ ᠪᠣᠳᠣᠭᠰᠠᠨ ᠤ᠋ ᠣᠴᠢᠷ᠎ᠠ ᠴᠦᠷᠦᠭᠡ ᠯᠦ᠍ᠭᠡ ᠡᠶ᠎ᠡ ᠡᠪᠳᠡᠷᠡᠵᠦᠬᠦᠢ ᠃ ᠲᠡᠭᠦᠨᠴᠡ ᠴᠦᠷᠦᠭᠡ ᠥᠪᠡᠷ ᠦ᠋ᠨ ᠪᠡᠶ᠎ᠡ ᠶᠦ᠍ᠭᠡᠨ ᠸᠠᠩ ᠭᠡᠮᠡᠨ ᠡᠷᠭᠦᠮᠵᠢᠯᠡᠪᠡᠢ 》 ᠭᠡᠵᠡᠢ ᠃ ᠡᠭᠦᠨᠴᠡ ᠬᠢᠨᠠᠵᠤ ᠦᠵᠡᠪᠡᠯ ᠂ ᠵᠦᠩᠭᠢᠨ ᠬᠠᠲᠤᠨ ᠨᠢ ᠪᠣᠳᠠᠰᠢᠷᠢ ᠶ᠋ᠢᠨ ᠲᠥᠷᠥᠭᠰᠡᠨ ᠡᠬᠡ ᠮᠥᠨ ᠪᠥᠭᠡᠳ ᠪᠣᠳᠠᠰᠢᠷᠢ ᠨᠢ ᠰᠠᠨ ᠨᠢᠶᠠᠩ ᠽᠢ᠎ᠡᠴᠡ ᠲᠥᠷᠥᠭᠰᠡᠨ ᠬᠥᠪᠡᠭᠦᠨ ᠯᠠᠪ ᠪᠣᠯᠬᠤ ᠲᠤᠯᠠ ᠵᠦᠩᠭᠢᠨ ᠬᠠᠲᠤᠨ ᠨᠢ ᠬᠢᠲᠠᠳ ᠪᠢᠴᠢᠭ ᠲᠦ᠍ ᠥᠭᠦᠯᠡᠳᠡᠭ ᠰᠠᠨ ᠨᠢᠶᠠᠩ ᠽᠢ ᠭᠡᠭᠴᠢ ᠮᠥᠨ ᠪᠣᠯᠬᠤ ᠨᠢ ᠰᠡᠵᠢᠭᠯᠡᠯ ᠦᠭᠡᠢ ᠪᠢᠯᠡ᠃ ᠬᠢᠲᠠᠳ ᠪᠢᠴᠢᠭ ᠲᠦ᠍ ᠰᠠᠨ ᠨᠢᠶᠠᠩ ᠽᠢ ᠶ᠋ᠢᠨ ᠨᠡᠷ᠎ᠡ ᠶ᠋ᠢ ᠶᠧ ᠡᠯ ᠺᠧ ᠳ᠋ᠦ᠍ ( 也儿克兔 ) ᠬᠠᠲᠤᠨ ᠬᠡᠮᠡᠬᠦ ᠪᠤᠶᠤ ᠪᠠᠰᠠ ᠺᠧ ᠳ᠋ᠦ᠍ (克兔 ) ᠬᠠᠲᠤᠨ ᠭᠡᠳᠡᠭ᠃᠃ ᠭᠡᠲᠡᠯ᠎ᠡ ᠮᠣᠩᠭᠣᠯ ᠰᠤᠷᠪᠤᠯᠵᠢ ᠪᠢᠴᠢᠭ ᠡᠴᠡ  ᠠᠵᠢᠭᠯᠠᠪᠠᠯ ᠡᠨᠡ ᠨᠢ ᠰᠠᠨ ᠨᠢᠶᠠᠩ ᠽᠢ ᠶ᠋ᠢᠨ ᠨᠡᠷ᠎ᠡ ᠪᠤᠰᠤ ᠃ ᠶᠧ ᠡᠯ ᠺᠧ ᠳ᠋ᠦ᠍ ᠭᠡᠮᠡᠨ  ᠪᠢᠴᠢᠭᠰᠡᠨ ᠤᠴᠢᠷ ᠪᠣᠯ ᠬᠠᠷᠢᠨ 《 ᠡᠷᠬᠡᠲᠦ 》 ᠭᠡᠰᠡᠨ ᠡᠷᠬᠡ ᠶ᠋ᠢ ᠠᠪᠢᠶᠠᠴᠢᠯᠠᠨ ᠲᠡᠮᠳᠡᠭᠯᠡᠭᠰᠡᠨ ᠲᠡᠳᠦᠢ ᠪᠢᠯᠡ ᠃ ᠡᠨᠡ ᠦᠭᠡ ᠶ᠋ᠢ ᠣᠯᠠᠩᠬᠢ ᠳ᠋ᠠᠭᠠᠨ ᠲᠣᠳᠣᠳᠬᠠᠯ ᠦᠭᠡ ᠪᠡᠷ ᠬᠡᠷᠡᠭᠯᠡᠵᠦ ᠪᠠᠢᠳᠠᠭ ᠃ ᠵᠢᠱ᠌ᠢᠶᠡᠯᠡᠪᠡᠯ ᠄ ᠡᠷᠬᠡᠲᠦ ᠰᠡᠴᠡᠨ ᠬᠠᠭᠠᠨ ᠂ ᠡᠷᠬᠡᠲᠦ ᠮᠡᠷᠭᠡᠨ ᠵᠢᠨᠦᠩ ᠂ ᠡᠷᠬᠡᠲᠦ ᠠᠯᠲᠠᠨ ᠬᠠᠭᠠᠨ ᠭᠡᠬᠦ ᠮᠡᠲᠦ ᠃ ᠰᠠᠨ ᠨᠢᠶᠠᠩ ᠽᠢ ᠪᠣᠯ ᠠᠯᠲᠠᠨ ᠬᠠᠭᠠᠨ ᠤ᠋ ᠡᠩᠬᠦᠷᠡᠢ ᠲᠠᠲᠠᠪᠤᠷᠢ ᠪᠣᠯᠬᠤ ᠲᠤᠯᠠ ᠲᠡᠭᠦᠨ ᠢ᠋ ᠡᠷᠬᠡᠲᠦ ᠬᠠᠲᠤᠨ ᠭᠡᠵᠦ ᠡᠷᠭᠦᠮᠵᠢᠯᠡᠨ ᠳᠠᠭᠤᠳᠠᠬᠤ ᠨᠢ ᠵᠦᠢ ᠶ᠋ᠢᠨ ᠬᠡᠷᠡᠭ ᠃ ᠬᠢᠲᠠᠳ ᠪᠢᠴᠢᠭ ᠲᠦ᠍ ᠪᠠᠢᠭ᠎ᠠ ᠺᠧ ᠳ᠋ᠦ᠍ ᠬᠠᠳᠠᠨ ᠭᠡᠰᠡᠨ ᠨᠢ ᠶᠧ ᠡᠯ ᠺᠧ ᠳ᠋ᠦ᠍ ᠬᠠᠲᠤᠨ ᠭᠡᠰᠡᠨ ᠦ᠌ ᠳᠥᠭᠥᠮᠴᠢᠯᠡᠯ ᠮᠥᠨ ᠭᠡᠵᠦ ᠦᠵᠡᠬᠦ ᠶ᠋ᠢᠨ ᠬᠠᠮᠲᠤ ᠺᠧ ᠳ᠋ᠦ᠍ ᠭᠡᠳᠡᠭ ᠨᠢ ᠬᠤᠳᠠᠭᠠᠷ ᠭᠡᠰᠡᠨ ᠦᠭᠡ ᠶ᠋ᠢ ᠬᠢᠲᠠᠳ ᠦᠰᠦᠭ ᠢ᠋ᠶ᠋ᠡᠷ ᠠᠪᠢᠶᠠᠴᠢᠯᠠᠨ ᠲᠡᠮᠳᠡᠭᠯᠡᠭᠰᠡᠨ ᠦᠭᠡ ᠮᠥᠨ ᠪᠤᠶᠤ ᠭᠡᠵᠦ ᠦᠵᠡᠪᠡᠯ ᠨᠡᠩ ᠵᠦᠢᠲᠡᠢ ᠪᠢᠯᠡ ᠃三娘子 ᠭᠡᠳᠡᠭ ᠨᠢ ᠭᠤᠲᠠᠭᠠᠷ ᠬᠠᠲᠤᠨ ᠭᠡᠰᠡᠨ ᠢ᠋ ᠤᠳᠬᠠᠴᠢᠯᠠᠨ ᠣᠷᠴᠢᠭᠤᠯᠤᠭᠰᠠᠨ ᠦᠭᠡ ᠃ ᠡᠢᠮᠦ ᠶ᠋ᠢᠨ ᠲᠤᠯᠠ 《ᠮᠢᠩ ᠱᠢ ᠵᠢᠢ ᠱᠢ ᠪᠧᠨ ᠮᠦᠸᠧ 》ᠪᠢᠴᠢᠭ ᠲᠡᠬᠢ ᠪᠠᠷᠠᠭᠤᠨ ᠣᠷᠣᠨ ᠤ᠋ ᠬᠥᠮᠦᠨ ᠦ᠌ ᠠᠯᠪᠠ  ᠪᠠᠷᠢᠴᠠᠭ᠎ᠠ ᠭᠡᠬᠦ ᠪᠦᠯᠦᠭ ᠲᠦ᠍ 《俺答接可兔哈屯号日三娘子 》 ᠭᠡᠵᠦ ᠪᠢᠴᠢᠭᠰᠡᠨ ᠨᠢ ᠴᠢᠪ ᠭᠡᠮᠡᠨ ᠵᠦᠢ ᠳ᠋ᠦ᠍ ᠨᠡᠢᠴᠡᠬᠦ ᠪᠣᠯᠪᠠ ᠃ ᠰᠠᠨ ᠨᠢᠶᠠᠩ ᠽᠢ ᠭᠡᠬᠦ ᠭᠤᠲᠠᠭᠠᠷ ᠬᠠᠲᠤᠨ ᠤ᠋ ᠲᠥᠷᠬᠥᠮ ᠬᠠᠮᠢᠭ᠎ᠠ ᠪᠣᠯᠬᠤ ᠲᠤᠬᠠᠢ ᠬᠢᠲᠠᠳ ᠰᠤᠷᠪᠤᠯᠵᠢ ᠪᠢᠴᠢᠭ ᠲᠦ᠍ ᠠᠳᠠᠯᠢ ᠪᠤᠰᠤ ᠭᠤᠷᠪᠠᠨ ᠵᠦᠢᠯ ᠢ᠋ᠶ᠋ᠡᠷ ᠥᠭᠦᠯᠡᠵᠡᠢ ᠃ ᠠᠯᠲᠠᠨ ᠬᠠᠭᠠᠨ ᠤ᠋ ᠵᠢᠭᠡ ᠥᠬᠢᠨ ᠭᠡᠬᠦ ᠂ ᠪᠠᠰᠠ ᠠᠯᠲᠠᠨ ᠬᠠᠭᠠᠨ ᠤ᠋ ᠠᠴᠢ ᠪᠡᠷᠢ ᠭᠡᠬᠦ ᠂ ᠳᠠᠬᠢᠪᠠᠯ ᠪᠠᠰᠠ ᠰᠢᠦᠸᠠᠨ ᠳᠠ (宣大 ) ᠭᠠᠵᠠᠷ ᠤ᠋ᠨ ᠶᠠᠩᠬᠠᠨ ᠭᠡᠳᠡᠭ ᠃ ᠡᠳᠡᠭᠡᠷ ᠪᠣᠯ ᠴᠥᠮ ᠡᠰᠢ ᠪᠠᠷᠢᠮᠲᠠ ᠦᠭᠡᠢ ᠳᠡᠮᠡᠢ ᠥᠭᠦᠯᠡᠭᠰᠡᠨ ᠵᠦᠢᠯ ᠪᠣᠯᠤᠨ᠎ᠠ ᠃ ᠲᠤᠰ ᠨᠣᠮ ᠳ᠋ᠠᠬᠢ ᠲᠡᠮᠳᠡᠭᠯᠡᠯ ᠢ᠋ ᠦᠨᠳᠦᠰᠦᠯᠡᠪᠡᠯ   ᠵᠦᠩᠬᠢᠨ ᠬᠠᠲᠤᠨ  (ᠳᠠᠷᠤᠢ ᠰᠠᠨ ᠨᠢᠶᠠᠩ ᠽᠢ) ᠪᠣᠯ ᠣᠢᠷᠠᠳ ᠤ᠋ᠨ ᠬᠢᠷᠭᠤᠳ ᠠᠢᠮᠠᠭ ᠤ᠋ᠨ ᠲᠦᠷᠦᠭᠦᠦ ᠵᠢᠭᠡᠬᠡᠨ ᠠᠬ᠎ᠠ ᠶ᠋ᠢᠨ ᠥᠬᠢᠨ ᠮᠥᠨ ᠃ ᠨᠠᠷᠢᠨ ᠤᠴᠢᠷ ᠢ᠋ ᠣᠯᠳᠣᠢ ᠮᠢᠨᠦ ᠪᠢᠴᠢᠭᠰᠡᠨ 《 ᠰᠠᠨ ᠨᠢᠶᠠᠩ ᠽᠢ ᠶ᠋ᠢᠨ ᠰᠢᠨᠵᠢᠯᠡᠭᠡᠨ ( ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠰᠡᠳᠬᠦᠯ ᠂1981 ᠣᠨ ᠂ ᠬᠣᠶᠠᠳᠤᠭᠠᠷ ᠬᠤᠭᠤᠴᠠᠭ᠎ᠠ ) ᠬᠡᠮᠡᠬᠦ ᠦᠭᠦᠯᠡᠯ᠎ᠡᠴᠡ ᠯᠠᠪᠯᠠᠮᠤ ᠃ 

       ᠲᠡᠨᠳᠡᠴᠡ ᠬᠠᠷᠢᠵᠤ ᠪᠠᠭᠤᠭᠠᠳ ᠰᠡᠴᠡ ᠣᠢᠷᠠᠳ ᠤᠯᠤᠰ ᠤ᠋ᠨ ᠵᠢᠭᠡᠬᠡᠨ ᠠᠬ᠎ᠠ 
       ᠲᠡᠷᠢᠭᠦᠲᠡᠨ ᠨᠣᠶᠠᠳ ᠲᠤᠷ ᠢᠨᠤ ᠳᠡᠭᠡᠳᠦ ᠪᠣᠭᠳᠠ ᠴᠢᠩᠭᠢᠰ ᠬᠠᠭᠠᠨ ᠬᠢᠲᠤᠭ᠎ᠠ ᠪᠡᠬᠢ ① ᠶ᠋ᠢ ᠲᠠᠢᠰᠢ  ᠪᠣᠯᠤᠭᠰᠠᠨ ᠤ᠋ ᠶᠣᠰᠣᠭᠠᠷ 
— — — —
①1208 ᠣᠨ ᠳ᠋ᠤ᠌ ᠴᠢᠩᠭᠢᠰ ᠬᠠᠭᠠᠨ ᠤ᠋ ᠠᠬᠠᠮᠠᠳ ᠬᠥᠪᠡᠭᠦᠨ ᠵᠣᠴᠢ ᠳ᠋ᠤ᠌ ᠣᠷᠣᠵᠤ ᠥᠭ᠌ᠭᠦᠭ᠌ᠰᠡᠨ ᠣᠢᠷᠠᠳ ᠤ᠋ᠨ ᠨᠣᠶᠠᠨ ᠤ᠋ ᠨᠡᠷ᠎ᠡ ᠃   

       ᠲᠡᠷᠡ ᠤᠴᠢᠷ ᠲᠤᠷ ᠶᠡᠬᠡ ᠬᠥᠪᠡᠭᠦᠨ ᠳ᠋ᠦ᠍ᠷ ᠢᠨᠤ ᠣᠪᠠᠳᠠᠢ ᠳ᠋ᠤᠷ ᠲᠠᠢᠰᠢ ᠴᠣᠯᠠ ᠰᠣᠶᠣᠷᠬᠠᠪᠠᠢ ᠃ 
       ᠳᠡᠭᠦᠨᠠᠷ ᠲᠤᠷ ᠢᠨᠤ ᠬᠣᠯᠣᠢᠬᠠᠨ ᠴᠡᠴᠡᠭᠡᠨ ᠬᠣᠶᠠᠷᠢ ᠦᠭᠭᠦᠭᠰᠡᠨ ᠦ᠌ ᠶᠣᠰᠣᠭᠠᠷ ᠂① 
       ᠪᠣᠳᠢᠰᠤᠩ ᠲᠥᠷᠥᠯ ᠬᠢ ᠳ᠋ᠦ᠍ ᠠᠯᠲᠠᠨ ᠬᠠᠭᠠᠨ ᠥᠪᠡᠷ ᠦ᠋ᠨ ᠦᠷᠡᠰ ᠢ᠋ᠶ᠋ᠡᠨ ᠮᠠᠨᠵᠤᠰᠢᠷᠢ ᠰᠦᠮᠪᠦᠷ ᠠᠪᠠᠬᠠᠢ ᠬᠣᠶᠠᠷ ᠂ 
       ᠪᠦᠬᠡᠭᠦᠳᠠᠢ ᠡᠬᠡᠢ ᠴᠢᠩᠰᠠᠩ ᠬᠣᠶᠠᠷ ᠲᠤ᠌ ᠰᠣᠶᠣᠷᠬᠠᠵᠤ ᠬᠦᠷᠭᠡᠨ ᠪᠣᠯᠭᠠᠪᠠ ᠂ 
       ᠪᠣᠭᠳᠠ ᠴᠢᠩᠭᠢᠰ ᠬᠠᠭᠠᠨ ᠢᠨᠠᠯᠴᠢ ᠲᠥᠷᠥᠯᠴᠢ ᠬᠣᠶᠠᠷ ᠬᠦᠷᠭᠡᠨ ᠪᠣᠯᠭᠠᠭᠰᠠᠨ ᠤ᠋ ᠶᠣᠰᠣᠭᠠᠷ 
       ᠪᠣᠯᠵᠢᠮᠲᠠᠶ᠎ᠠ ᠦᠷᠡᠰ ᠢ᠋ᠶ᠋ᠡᠨ ᠰᠣᠶᠣᠷᠬᠠᠵᠤ ᠦᠷᠡᠴᠢᠯᠡᠨ ᠠᠰᠠᠷᠠᠵᠤ ᠠᠯᠪᠠᠲᠤ ᠪᠣᠯᠭᠠᠭᠰᠠᠨ ᠰᠢᠯᠲᠠᠭᠠᠨ ᠲᠡᠢᠮᠦ ᠪᠥᠯᠥᠭᠡ ᠃ 
       ᠳᠡᠭᠦᠨᠦ ᠬᠣᠢᠨ᠎ᠠ ᠲᠡᠬᠡᠷᠡ ᠲᠡᠭᠷᠢ ᠶ᠋ᠢᠨ ᠵᠠᠶᠠᠭᠠᠪᠡᠷ ᠬᠢᠲᠠᠳ ᠮᠣᠩᠭᠣᠯ ᠬᠣᠶᠠᠷ ᠤ᠋ᠨ 
       ᠲᠡᠭᠰᠢ ᠲᠥᠷᠥ ᠵᠣᠬᠢᠴᠠᠵᠤ ᠰᠠᠢᠨ ᠴᠠᠭ ᠪᠣᠯᠬᠤ ᠶ᠋ᠢᠨ ᠰᠢᠯᠲᠠᠭᠠᠨ ᠢᠨᠤ ᠬᠡᠮᠡᠪᠡᠰᠦ ᠂ 
       ᠲᠡᠮᠦᠷ ᠬᠤᠲᠤᠭ ᠲᠤ᠌ ᠡᠷᠡ ᠮᠣᠷᠢᠨ ᠵᠢᠯ᠎ᠠ② ᠳᠠᠢᠴᠢᠩ ᠡᠵᠡᠢ ᠲᠠᠢᠵᠢ③ ᠡᠬᠢᠯᠡᠵᠦ ᠂ 
— — — —
① 《ᠮᠣᠩᠭᠣᠯ ᠤ᠋ᠨ ᠨᠢᠭᠤᠴᠠ ᠲᠣᠪᠴᠢᠶᠠᠨ 》 ᠳ᠋ᠤ᠌ ᠂ ᠴᠢᠩᠭᠢᠰ ᠬᠠᠭᠠᠨ ᠢ᠋ᠶ᠋ᠠᠷ ᠬᠢᠲᠤᠬ᠎ᠠ ᠪᠡᠬᠢ ᠶ᠋ᠢ ᠮᠣᠩᠭᠣᠯ ᠳ᠋ᠤᠷ ᠣᠷᠣᠵᠤ ᠢᠷᠡᠪᠡ ᠭᠡᠮᠡᠨ ᠰᠣᠶᠣᠷᠬᠠᠵᠤ ᠲᠡᠭᠦᠨ ᠦ᠌ ᠬᠥᠪᠡᠭᠦᠨ ᠢᠨᠠᠯᠴᠢ ᠳ᠋ᠤᠷ ᠥᠪᠡᠷ ᠦ᠋ᠨ ᠴᠡᠴᠡᠭᠡᠨ ᠨᠡᠷᠡᠲᠦ ᠥᠬᠢᠨ ᠢ᠋ᠶ᠋ᠡᠨ ᠥᠭᠪᠡ ᠃ ᠢᠨᠠᠯᠴᠢ ᠶ᠋ᠢᠨ ᠠᠬ᠎ᠠ ᠲᠦᠷᠦᠯᠴᠢ ᠳ᠋ᠦ᠍ ᠵᠣᠴᠢ ᠶ᠋ᠢᠨ ᠥᠬᠢᠨ ᠬᠣᠯᠤᠢᠬᠠᠨ ᠢ᠋ ᠥᠭᠴᠦ ᠬᠣᠲᠠ ᠤᠷᠤᠭ ᠪᠣᠯᠤᠯᠴᠠᠪᠠ ᠭᠡᠳᠡᠭ ᠃ ᠷᠠᠰᠢᠳ᠋ ᠤ᠋ᠨ 《 ᠲᠡᠦᠬᠡ ᠶ᠋ᠢᠨ ᠴᠢᠭᠤᠯᠭᠠᠨ 》 ᠳ᠋ᠤ᠌ ᠲᠡᠮᠳᠡᠭᠯᠡᠭᠰᠡᠨ ᠨᠢ ᠡᠭᠦᠨ ᠲᠡᠢ ᠪᠠᠬᠠᠨ ᠠᠳᠠᠯᠢ ᠦᠭᠡᠢ ᠃ ᠲᠡᠭᠦᠨ ᠳ᠋ᠦ᠍ ᠴᠢᠩᠭᠢᠰ ᠬᠠᠭᠠᠨ ᠲᠦᠷᠦᠯᠴᠢ ᠳ᠋ᠦ᠍ ᠴᠡᠴᠡᠭᠡᠨ ᠢ᠋ ᠥᠭᠪᠡ ᠂ ᠢᠨᠠᠯᠴᠢ ᠳ᠋ᠤ᠌ ᠬᠣᠯᠣᠢᠬᠠᠨ ᠢ᠋ ᠥᠭᠪᠡ ᠭᠡᠵᠡᠢ ᠃ 
② ᠲᠥᠪᠡᠳ ᠦ᠋ᠨ ᠣᠨ ᠲᠣᠭᠠᠯᠠᠯ ᠂ ᠮᠣᠩᠭᠣᠯ ᠤ᠋ᠨ ᠣᠨ ᠲᠣᠭᠠᠯᠠᠯ ᠤ᠋ᠨ ᠴᠠᠭᠠᠨ ᠡᠷ᠎ᠡ ᠮᠣᠷᠢᠨ ᠵᠢᠯ   ᠯᠤᠭᠡ ᠲᠣᠬᠢᠷᠠᠮᠤᠢ ᠃ ᠯᠦᠩ ᠴᠢᠩ ᠦ᠋ᠨ ᠳᠥᠲᠥᠭᠡᠷ ᠣᠨ (1570 ) ᠃  
③ ᠠᠯᠲᠠᠨ ᠬᠠᠭᠠᠨ ᠤ᠋ ᠭᠤᠲᠠᠭᠠᠷ ᠬᠥᠪᠡᠭᠦᠨ ᠲᠥᠪᠡᠳ ᠲᠠᠢᠵᠢ ᠶ᠋ᠢᠨ ᠬᠥᠪᠡᠭᠦᠨ ᠃ ᠬᠢᠲᠠᠳ ᠪᠢᠴᠢᠭ ᠲᠦ᠍ ᠨᠠ ᠵᠢᠢ ( 那吉 ) ᠪᠤᠶᠤ ᠪᠠ ᠬᠠᠨ ᠨᠠ ᠵᠢᠢ (把汉那吉 ) ᠭᠡᠳᠡᠭ ᠃ ᠪᠠᠰᠠ ᠲᠠ ᠴᠧᠩ ᠲᠠᠢᠵᠢ( 大成太吉 )ᠭᠡᠳᠡᠭ ᠃ 

       ᠲᠡᠨᠳᠡᠴᠡ ᠨᠠᠢ᠍ᠮᠠᠨ ᠰᠠᠷ᠎ᠠ ᠨᠢᠭᠤᠴᠠ ᠨᠡᠷᠡᠲᠦ ᠬᠣᠲᠠ ① ᠪᠠᠷ ᠣᠷᠣᠭᠰᠠᠨ ᠤ᠋ ᠬᠣᠢᠨ᠎ᠠ ᠠ᠋ᠴᠠ  ᠢᠨᠦ᠂ 
       ᠭᠠᠶ᠋ᠢᠬᠠᠮᠰᠢᠬᠲᠤ ᠠᠯᠲᠠᠨ ᠬᠠᠭᠠᠨ ᠶᠡᠬᠡ ᠴᠡᠷᠢᠭ ᠢ᠋ᠶ᠋ᠡᠨ ᠠᠪᠤᠭᠠᠳ ᠬᠢᠲᠠᠳ ᠲᠤᠷ ᠠᠶᠠᠯᠠᠵᠤ ᠂ 
       ᠬᠠᠮᠤᠵᠤ ᠨᠢᠭᠤᠴᠠ ᠨᠡᠷᠡᠲᠦ ᠬᠣᠲᠠ ᠶ᠋ᠢ ᠬᠤᠷᠢᠶᠠᠵᠤ ᠠᠪᠬᠤ ᠶ᠋ᠢᠨ ᠤᠷᠢᠳᠠ  ᠪᠥᠭᠡᠳ ᠂ 
       ᠬᠠᠨ ᠲᠩᠷᠢ ᠶ᠋ᠢᠨ ᠵᠠᠶᠠᠭᠠᠪᠡᠷ ᠬᠢᠲᠠᠳ ᠤᠯᠤᠰ ᠤ᠋ᠨ ᠨᠣᠶᠠᠳ ᠬᠡᠯᠡᠯᠴᠡᠵᠦ ᠡᠶᠡᠳᠦᠨ  ᠂ 
       ᠬᠠᠷᠠ ᠬᠢᠲᠠᠳ ᠤ᠋ᠨ ᠨᠣᠶᠠᠨ ᠪᠦᠴᠢᠬᠲᠠᠢ ②ᠨᠡᠷᠡᠲᠦ ᠬᠥᠮᠦᠨ ᠢ᠋ ᠢᠯᠡᠭᠡᠵᠦ ᠪᠦᠷ ᠦ᠋ᠨ ᠂ 
— — — —
①《 ᠶᠠᠨ ᠯᠢ ᠡᠦ ᠬᠦᠩ ᠯᠦ᠍ 》 ᠪᠢᠴᠢᠭ ᠲᠡᠬᠢ ᠠᠯᠲᠠᠨ ᠤ᠋ ᠴᠡᠳᠢᠭ ᠲᠤᠷ ᠥᠭᠦᠯᠡᠭᠰᠡᠨ ᠨᠢ《 ᠡᠵᠡᠢ ᠪᠣᠯᠤᠨ ᠲᠡᠭᠦᠨ ᠦ᠌ ᠡᠬᠡᠨᠡᠷ ᠪᠠᠢᠵᠢ ᠬᠢᠭᠡᠳ ᠠ ᠯᠢ ᠬᠡ (阿力哥) ᠭᠡᠬᠦ  ᠨᠡᠷᠡᠲᠦ ᠬᠥᠮᠦᠨ ᠨᠡᠢᠲᠡ ᠠᠷᠪᠠᠭᠤᠯᠠ ᠮᠣᠷᠳᠠᠵᠤ ᠠᠷᠪᠠᠨ ᠭᠤᠷᠪᠠᠨ ᠮᠣᠷᠢ ᠬᠥᠲᠥᠯᠵᠦ ᠂ ᠪᠠᠢ ᠬᠤ᠌  ᠪᠤᠤ (败胡堡) ᠴᠠᠢᠵᠠ ᠳ᠋ᠤᠷ ᠢᠷᠡᠵᠦ ᠪᠤᠭᠤᠮᠳᠠᠨ᠎ᠠ ᠣᠷᠣᠬᠤ ᠶ᠋ᠢ ᠭᠤᠶᠤᠪᠠᠢ 》 ᠭᠡᠪᠡ ᠃ ᠲᠤᠰ ᠨᠣᠮ ᠤ᠋ᠨ ᠬᠣᠢᠨ᠎ᠠ ᠬᠡᠰᠡᠭ ᠲᠦ᠍ ᠠᠯᠲᠠᠨ ᠨᠢᠭᠤᠴᠠ ᠬᠣᠲᠠ ᠶ᠋ᠢ ᠶᠡᠬᠡᠯ᠎ᠡ ᠳᠣᠪᠲᠣᠯᠤᠨ ᠳᠠᠭᠠᠷᠢᠭᠰᠠᠨ ᠭᠡᠬᠦ ᠪᠠ ᠲᠡᠭᠦᠨᠴᠢᠯᠡᠨ ᠬᠢᠲᠠᠳ ᠰᠤᠷᠪᠤᠯᠵᠢ ᠪᠢᠴᠢᠭ ᠲᠦ᠍ ᠪᠠᠢᠭ᠎ᠠ ᠡᠨᠡ ᠬᠦ᠌ ᠳᠣᠪᠲᠣᠯᠤᠨ ᠳᠠᠭᠠᠷᠢᠭᠰᠠᠨ ᠲᠡᠢᠨ ᠦ᠌ ᠲᠤᠬᠠᠢ ᠲᠡᠮᠳᠡᠭᠯᠡᠯ ᠢ᠋ ᠦᠨᠳᠦᠰᠦᠯᠡᠪᠡᠯ ᠂ ᠨᠢᠭᠤᠴᠠ ᠬᠣᠲᠠ ᠭᠡᠳᠡᠭ ᠨᠢ ᠪᠠᠢ ᠬᠤ᠌ ᠪᠦᠦ ᠴᠠᠢᠵᠠ ᠪᠤᠰᠤ ᠃ 《  ᠲᠠ ᠢᠨ ᠯᠧᠦ  ᠶ᠋ᠢᠢ 》 (大隐楼集) ᠪᠢᠴᠢᠭ ᠦ᠋ᠨ ᠠᠷᠪᠠᠨ ᠵᠢᠷᠭᠤᠳᠤᠭᠠᠷ ᠪᠣᠳᠢ ᠳ᠋ᠤ᠌ ᠲᠡᠮᠳᠡᠭᠯᠡᠭᠰᠡᠨ ᠨᠢ ᠂ ᠠᠯᠲᠠᠨ ᠡᠨᠡ ᠤᠳᠠᠭ᠎ᠠ ᠴᠡᠷᠢᠭ ᠣᠷᠣᠬᠤᠢ ᠳ᠋ᠠᠭᠠᠨ ᠭᠤᠷᠪᠠᠨ ᠵᠠᠮ ᠬᠤᠪᠢᠶᠠᠯᠠᠨ ᠳᠠᠢᠯᠠᠪᠠ ᠃ ᠰᠡᠩᠭᠡ ᠳᠦᠭᠦᠷᠡᠩ ᠬᠣᠶᠠᠷ ᠲᠦᠮᠡᠨ ᠴᠡᠷᠢᠭ ᠠᠪᠤᠨ ᠾᠦᠩ ᠽᠢ  ᠪᠦᠦ (宏赐堡)ᠴᠠᠢᠵᠠ ᠪᠠᠷ ᠣᠷᠣᠵᠤ ᠵᠠᠬᠢᠷᠠᠭᠠᠨ ᠤ᠋ ᠬᠣᠲᠠᠨ ᠳ᠋ᠤᠷ ᠣᠢᠷᠠᠲᠤᠨ ᠣᠴᠢᠪᠠ ᠃ ᠶᠦᠩᠰᠢᠶᠡᠪᠦ ᠳᠠᠢᠴᠢᠩ ᠲᠠᠢᠵᠢ ᠨᠢᠭᠡᠨ ᠲᠦᠮᠡᠨ ᠴᠡᠷᠢᠭ ᠠᠪᠤᠨ  ᠸᠧᠢ ᠶᠤᠸᠠᠨ (威远) ᠤ᠋ ᠵᠦᠭ ᠴᠢᠭᠯᠡᠵᠦ ᠣᠷᠣᠪᠠ ᠃ ᠠᠯᠲᠠᠨ ᠥᠪᠡᠷ ᠦ᠋ᠨ ᠪᠡᠶ᠎ᠡ ᠪᠡᠷ ᠶᠡᠬᠡ ᠴᠡᠷᠢᠭ ᠶᠦ᠍ᠭᠡᠨ ᠳᠠᠢᠴᠢᠯᠠᠨ ᠫᠢᠩ ᠯᠦ᠍ (平鲁) ᠵᠦᠭ ᠣᠷᠣᠵᠠᠢ ᠭᠡᠪᠡ ᠃ ᠡᠭᠦᠨᠴᠡ ᠦᠵᠡᠪᠡᠯ᠂ ᠨᠢᠭᠤᠴᠠ ᠬᠣᠲᠠ ᠭᠡᠳᠡᠭ ᠨᠢ ᠫᠢᠩ  ᠯᠦ᠍ ᠥᠭᠦᠯᠡᠵᠡᠢ ᠃ ᠪᠠᠢ ᠬᠤ᠌ ᠪᠤᠤ ᠴᠠᠢᠵᠠ ᠪᠣᠯ ᠫᠧᠩ ᠯᠦ᠍ ᠬᠣᠲᠠ ᠶ᠋ᠢᠨ ᠬᠠᠷᠢᠶᠠᠨ ᠳ᠋ᠤ᠌ ᠪᠠᠢᠭᠰᠠᠨ ᠨᠢᠭᠡᠨ ᠬᠢᠵᠠᠭᠠᠷ ᠤ᠋ᠨ ᠴᠠᠢᠵᠠ ᠪᠣᠯᠤᠨ᠎ᠠ ᠃ ᠡᠭᠦᠨᠴᠡ ᠲᠤᠰ ᠨᠣᠮ ᠳ᠋ᠤ᠌ ᠳᠠᠢᠴᠢᠩ ᠡᠵᠡᠢ ᠨᠢᠭᠤᠴᠠ ᠬᠣᠲᠠ ᠪᠠᠷ ᠬᠢᠲᠠᠳ ᠤ᠋ᠨ ᠬᠢᠵᠠᠭᠠᠷ ᠤ᠋ᠨ ᠳᠣᠲᠣᠷ᠎ᠠ ᠣᠷᠣᠪᠠ ᠭᠡᠵᠦ ᠲᠡᠮᠳᠡᠭᠯᠡᠵᠦ ᠪᠠᠢᠬᠤ ᠨᠢ ᠬᠢᠲᠠᠳ ᠰᠣᠷᠪᠣᠯᠴᠢ ᠳ᠋ᠠᠬᠢ ᠲᠡᠮᠳᠡᠭᠯᠡᠯ ᠯᠦ᠍ᠭᠡ ᠮᠥᠨ ᠳᠡᠮᠡᠢ ᠵᠦᠷᠢᠶᠡᠨ ᠦᠭᠡᠢ ᠪᠣᠯᠠᠢ ᠃ 
② ᠪᠦᠴᠢᠬᠲᠠᠢ  ᠪᠣᠯ ᠳᠡᠢᠮᠢᠩ ᠤᠯᠤᠰ ᠤ᠋ᠨ ᠡᠯᠴᠢᠨ ᠪᠦᠦ ᠴᠥᠩ ᠳᠧ (鲍崇德) ᠶ᠋ᠢ ᠬᠡᠯᠡᠵᠦ ᠪᠠᠢᠨ᠎ᠠ ᠃ 

        《ᠡᠷᠬᠡᠲᠦ ᠪᠣᠭᠳᠠ ᠭᠡᠭᠡᠨ ᠦ᠌ ᠬᠠᠭᠠᠨ ᠠᠢᠯᠠᠳᠲᠤᠨ ᠰᠣᠶᠣᠷᠬᠠᠮᠤ ᠂ 
       ᠡᠨᠡ ᠬᠣᠲᠠ ᠶ᠋ᠢ ᠬᠤᠷᠢᠶᠠᠵᠤ ᠠᠪᠬᠤᠢ ᠪᠠᠨ ᠲᠦᠷᠭᠡᠨ ᠲᠣᠭᠲᠠᠮᠤ ᠂ 
       ᠡᠷᠬᠡ ᠬᠥᠪᠡᠭᠦᠨ ᠢ᠋ ᠴᠢᠨᠦ ᠥᠭᠭᠦᠭᠡᠳ ᠨᠠᠢᠷᠠᠯᠳᠤᠵᠤ ᠂ 
       ᠡᠩᠬᠡᠵᠢᠵᠦ ᠬᠢᠲᠠᠳ ᠮᠣᠩᠭᠣᠯ ᠤ᠋ᠨ ᠲᠥᠷᠥ ᠵᠣᠬᠢᠴᠠ ᠢᠷ᠎ᠡ ᠰᠠᠩ ① ᠭᠠᠷᠭᠠᠶ᠎ᠠ 》 ᠬᠡᠮᠡᠭᠰᠡᠨ ᠳ᠋ᠦ᠍ᠷ ᠂ 
       ᠠᠯᠲᠠᠨ ᠰᠡᠴᠡᠨ ᠬᠠᠭᠠᠨ ᠳᠣᠲᠣᠬ᠎ᠠ ᠳ᠋ᠤ᠌ ᠲᠡᠭᠦᠨᠡᠷ ᠲᠦᠰᠢᠮᠡᠳ ᠯᠦ᠍ᠭᠡ ᠪᠡᠨ ᠡᠢᠨ ᠵᠥᠪᠯᠡᠯᠳᠦᠷᠦᠨ : 
       《 ᠠᠷᠭ᠎ᠠ ᠵᠠᠯᠢ  ᠶᠡᠬᠡᠲᠦ ᠬᠢᠲᠠᠳ ᠤᠯᠤᠰ ᠢ᠋ ᠶᠠᠭᠠᠬᠢᠨ ᠢᠲᠡᠭᠡᠮᠦᠢ ? 
       ᠠᠯᠢᠪᠠ ᠦᠨᠡᠨ ᠬᠤᠳᠠᠯ ᠢ᠋  ᠢᠨᠦ ᠮᠡᠳᠡᠵᠦ ᠲᠡᠩᠰᠡᠬᠦ ᠶ᠋ᠢᠨ  ᠲᠤᠯᠠᠳᠠ ᠂ 
       ᠠᠷᠢᠭᠤᠨ ᠤᠬᠠᠭᠠᠲᠤ ᠲᠦᠰᠢᠮᠡᠳ ᠢ᠋ ᠡᠯᠴᠢ ᠣᠷᠣᠭᠤᠯᠪᠠᠰᠤ ᠰᠠᠢᠨ ᠪᠤᠶᠤ ! 》》 ᠬᠡᠮᠡᠯᠳᠦᠭᠡᠳ ᠂ 
       ᠭᠡᠭᠡᠨ ᠰᠡᠳᠬᠢᠯ ᠳ᠋ᠡᠭᠡᠨ ᠤᠬᠠᠵᠤ ᠬᠠᠭᠠᠨ ᠦᠢᠵᠡᠩ  ᠵᠠᠢᠰᠠᠩ ᠲᠤᠭᠤᠴᠢ ② ᠳᠠᠢᠰᠢ ᠲᠡᠷᠢᠭᠦᠲᠡᠨ ᠂ 
— — — —
① ᠢᠷ᠎ᠡ ᠭᠡᠳᠡᠭ ᠨᠢ ᠬᠥᠪᠡᠭᠡ  ᠢᠷᠮᠡᠭ ᠭᠡᠰᠡᠨ ᠤᠳᠬ᠎ᠠ ᠲᠠᠢ ᠃ ᠰᠠᠩ ᠭᠡᠬᠦ ᠦᠭᠡ ᠶ᠋ᠢᠨ ᠤᠭ ᠤᠳᠬ᠎ᠠ ᠨᠢ ᠠᠮᠤ ᠪᠤᠳᠠᠭ᠎ᠠ ᠬᠠᠳᠠᠭᠠᠯᠠᠬᠤ ᠭᠠᠵᠠᠷ ᠢ᠋ ᠬᠡᠯᠡᠨ᠎ᠡ ᠂ ᠬᠣᠵᠢᠮ ᠲᠠᠷᠢᠶᠠᠨ ᠤ᠋  ᠲᠦᠷᠢᠶᠡᠰᠦ ᠶ᠋ᠢ ᠬᠡᠯᠡᠬᠦ ᠪᠣᠯᠵᠠᠢ ᠃ ᠢᠷ᠎ᠡ ᠰᠠᠩ ᠭᠡᠪᠡᠯ ᠥᠪᠡᠷ ᠦ᠋ᠨ ᠬᠠᠷᠢᠶᠠᠨ ᠳ᠋ᠤ᠌ ᠪᠠᠢᠭ᠎ᠠ ᠵᠠᠬ᠎ᠠ ᠭᠠᠵᠠᠷ ᠠ᠋ᠴᠠ  ᠲᠠᠲᠠᠪᠤᠷᠢᠯᠠᠬᠤ ᠲᠠᠷᠢᠶᠠᠨ ᠲᠦᠷᠢᠶᠡᠰᠦ ᠪᠣᠯᠤᠨ᠎ᠠ ᠃ ᠲᠦᠷᠦᠭᠦᠦ ᠭᠠᠷᠤᠭᠰᠠᠨ ᠰᠠᠩ  ᠲᠠᠲᠠᠯᠭ᠎ᠠ ᠭᠡᠬᠦ ᠦᠭᠡ ᠶ᠋ᠢᠨ ᠤᠳᠬ᠎ᠠ ᠯᠣᠬ᠎ᠠ ᠠᠳᠠᠯᠢ ᠃ 
② ᠬᠢᠲᠠᠳ ᠪᠢᠴᠢᠭ ᠲᠦ᠍ ᠳ᠋ᠦ᠍ ᠬᠤ᠌ ᡁᠢ (土忽智) ᠪᠤᠶᠤ ᠳ᠋ᠤ᠌  ᠭᠦ ᡂᠢ (土骨赤) ᠭᠡᠵᠦ ᠪᠢᠴᠢᠳᠡᠭ ᠃ ᠦᠢᠵᠠᠩ ᠵᠠᠢᠰᠠᠩ ᠪᠣᠯ ᠲᠡᠭᠦᠨ ᠦ᠌ ᠴᠣᠯᠠ ᠪᠣᠯᠤᠨ᠎ᠠ ᠃ 

       ᠭᠡᠮ ᠦᠭᠡᠢ ᠲᠠᠪᠤᠨ ᠰᠠᠢᠨ ᠬᠥᠮᠦᠨ① ᠊ᠢ ᠬᠢᠲᠠᠳ ᠤ᠋ᠨ ᠡᠯᠴᠢ ᠯᠦᠭᠡ ᠣᠷᠣᠭᠤᠯᠤᠭᠰᠠᠨ ᠤᠴᠢᠷ ᠲᠤᠷ ᠂ 
       ᠺᠠᠷᠣᠳᠢ ᠮᠡᠲᠦ ᠶᠡᠬᠡ ᠬᠦᠴᠦᠲᠦ ᠳᠦᠭᠦᠷᠡᠩ ᠰᠡᠩᠭᠡ ᠨᠣᠶᠠᠨ ᠴᠡᠷᠢᠭ ᠢ᠋ᠶ᠋ᠡᠷ ᠡᠬᠢᠯᠡᠵᠦ ᠂ 
       ᠬᠡᠲᠦᠷᠬᠡᠶ᠎ᠡ ᠣᠷᠣᠭᠠᠳ ᠳᠡᠢᠮᠢᠩ ᠬᠠᠭᠠᠨ ᠤ᠋ ᠲᠥᠷᠥᠯ ᠦ᠋ᠨ ᠤᠯᠠᠭᠠᠨ ᠭᠡᠷ ᠊ᠢ ② ᠲᠦᠢᠮᠡᠷᠳᠦᠭ᠌ᠰᠡᠨ ᠳ᠋ᠦ᠍ᠷ ᠂  
       ᠨᠠᠩᠭᠢᠶᠠᠳ ᠤᠯᠤᠰ ᠤ᠋ᠨ ᠶᠡᠬᠡ ᠪᠠᠭ᠎ᠠ ᠨᠣᠶᠠᠳ ᠰᠣᠴᠢᠨ ᠠᠶᠤᠵᠤ ᠪᠡᠶᠠᠨᠳᠠᠷᠠ ᠨᠡᠷᠡᠲᠦ ᠲᠦᠩᠰᠢ ᠪᠡᠷ ᠂ 
       ᠨᠡᠢᠰᠡᠬᠦ ᠮᠡᠲᠦ ᠵᠥᠭᠡᠯᠡᠨ ᠦᠭᠡᠰ ᠢ᠋ᠶ᠋ᠡᠷ 《 ᠳᠡᠭᠦᠦ ᠴᠢᠨᠦ ᠡᠰᠡᠨ ᠪᠤᠶᠤ ᠭᠠᠷᠭᠠᠵᠤ ᠥᠭᠰᠦ ! 
       ᠨᠡᠷ᠎ᠡ ᠰᠠᠩ ᠬᠤᠳᠠᠯ ᠳ᠋ᠤ᠌ ᠭᠠᠷᠭᠠᠵᠤ ᠬᠢᠲᠠᠳ ᠮᠣᠩᠭᠣᠯ ᠤ᠋ᠨ ᠲᠥᠷᠥ ᠵᠣᠬᠢᠴᠠᠶ᠎ᠠ ᠂ ᠡᠭᠦᠨ ᠡᠴᠡ ᠤᠯᠠᠮ ᠂ 
       ᠨᠡᠩ ᠦᠯᠡᠮᠵᠢ ᠤᠯᠠᠭᠠᠨ ᠭᠡᠷ ᠊ᠢ ᠲᠦᠢᠮᠡᠷᠢᠳᠬᠦᠢ ᠪᠡᠨ ᠲᠣᠭᠲᠠᠮᠤ ! 》 ᠭᠡᠮᠡᠨ ᠢᠯᠡᠭᠡᠭᠰᠡᠨ ᠳ᠋ᠦ᠍ᠷ ᠂  
       ᠠᠳᠤᠰᠠ ③ᠨᠡᠷᠡᠲᠦ ᠲᠦᠰᠢᠮᠡᠯ ᠢ᠋  ᠬᠢᠲᠠᠳ ᠤ᠋ᠨ ᠡᠯᠴᠢ ᠯᠦᠭᠡ ᠬᠠᠮᠲᠤ ᠨᠢᠭᠡᠨ᠎ᠡ ᠂ 
       《 ᠠᠶ᠎ᠠ ! ᠳᠡᠭᠦᠦ ᠮᠢᠨᠦ ᠲᠠᠢᠮᠢᠩ  ᠡᠵᠡᠢ ④ᠮᠢᠨᠦ ᠡᠰᠡᠨ ᠪᠤᠶᠤ ᠦᠵᠡᠵᠦ ᠢᠷ᠎ᠡ ! 》ᠭᠡᠮᠡᠨ ᠢᠯᠡᠭᠡᠪᠡᠰᠦ ᠂ 
— — — —  
①ᠲᠤᠬᠠᠢ ᠶ᠋ᠢᠨ ᠦᠶ᠎ᠡ ᠳ᠋ᠦ᠍ 《 ᠰᠠᠢᠨ ᠬᠥᠮᠦᠨ 》 ᠭᠡᠰᠡᠨ ᠳ᠋ᠦ᠍ ᠪᠠᠰᠠ ᠣᠨᠳᠣᠣ ᠨᠢᠭᠡᠨ ᠵᠦᠢᠯ ᠦ᠋ᠨ ᠠᠭᠤᠯᠭ᠎ᠠ ᠠᠭᠤᠯᠤᠭᠳᠠᠵᠤ ᠪᠠᠢᠳᠠᠭ ᠃ ᠠᠯᠪᠠᠲᠤ ᠨᠠᠷ ᠤ᠋ᠨ ᠳᠣᠲᠣᠷ᠎ᠠ ᠴᠢᠨᠡᠭᠡᠯᠢᠭ ᠡᠷᠦᠬᠡ ᠶ᠋ᠢ ᠪᠠᠰᠠ 《 ᠰᠠᠢᠨ ᠬᠥᠮᠦᠨ 》 ᠭᠡᠨ᠎ᠡ ᠃ 
② ᠪᠡᠭᠡᠵᠢᠩ ᠬᠣᠲᠠ ᠶ᠋ᠢᠨ ᠲᠡᠭᠦᠷᠭᠡ ᠳ᠋ᠦ᠍ ᠪᠠᠢᠬᠤ ᠠᠷᠪᠠᠨ ᠭᠤᠷᠪᠠᠨ ᠣᠩᠭᠣᠨ ᠭᠡᠳᠡᠭ ᠨᠢ ᠮᠢᠩ ᠤᠯᠤᠰ ᠤ᠋ᠨ ᠬᠠᠳ ᠤ᠋ᠨ ᠣᠩᠭᠣᠨ ᠢ᠋ ᠵᠢᠭᠠᠵᠤ ᠪᠣᠢ ᠃ 
③ᠬᠢᠲᠠᠳ ᠪᠢᠴᠢᠭ ᠲᠦ᠍ ᠶᠠ ᠳ᠋ᠤ᠌ ᠱᠠᠨ (亚都善 ) ᠭᠡᠨ᠎ᠡ ᠃ 
④ᠳᠡᠢᠮᠢᠩ ᠡᠵᠡᠢ ᠪᠣᠯ ᠡᠮᠦᠨ᠎ᠡ ᠭᠠᠷᠤᠭᠰᠠᠨ ᠳᠠᠢᠴᠢᠩ ᠡᠵᠡᠢ ᠶ᠋ᠢᠨ ᠡᠨᠳᠡᠭᠦᠦ ᠪᠢᠴᠢᠯᠭᠡ ᠪᠣᠯᠤᠨ᠎ᠠ ᠃ 

       ᠠᠮᠤᠭᠤᠯᠠᠩ ᠨᠤᠲᠠ ᠳᠠᠢᠮᠢᠩ ᠬᠠᠭᠠᠨ ① ᠬᠥᠪᠡᠭᠦᠨ ᠮᠡᠲᠦ  ᠰᠠᠭᠤᠬᠤᠢ ᠶ᠋ᠢ ᠦᠵᠡᠵᠦ ᠠᠢᠯᠠᠳᠬᠠᠪᠠᠰᠤ ᠂ 
       ᠠᠰᠤᠷᠤ ᠮᠠᠰᠢ ᠪᠡᠶᠡᠰᠴᠦ ᠭᠠᠯ ᠢ᠋ ᠰᠥᠨᠥᠭᠡᠨ ᠳᠥᠷᠥᠨᠢ ᠬᠦᠰᠡᠵᠦ ᠰᠠᠭᠤᠬᠤᠢ ᠴᠠᠭ ᠲᠤᠷ ᠂ 
       ᠭᠦᠨ ᠪᠢᠯᠢᠭᠲᠦ ᠣᠢᠵᠠᠩ ᠴᠡᠢᠰᠠᠩ ᠲᠤᠭᠤᠴᠢ ᠳᠠᠢᠰᠢ ᠲᠡᠷᠢᠭᠦᠲᠡᠨ ᠢ᠋ ᠬᠢᠲᠠᠳ ᠤ᠋ᠨ ᠡᠯᠴᠢ ᠯᠦᠭᠡ᠂ 
       ᠬᠦᠷᠴᠦ ᠬᠢᠲᠠᠳ ᠤ᠋ᠨ ᠰᠤᠯᠠᠩ ᠳᠤᠣᠳᠠᠯᠠᠩ ②ᠲᠡᠷᠢᠭᠦᠯᠡᠨ ᠨᠣᠶᠠᠳ ᠲᠤᠷ ᠢᠨᠦ ᠥᠭᠦᠯᠡᠷᠦᠨ : 
       《 ᠬᠥᠪᠡᠭᠦᠨ ᠢ᠋ ᠴᠢᠨᠦ ᠭᠠᠷᠭᠠᠵᠤ ᠥᠭᠭᠦᠭᠡᠳ ᠶᠡᠬᠡ ᠲᠥᠷᠥ ᠨᠡᠢᠯᠡᠶ᠎ᠡ ᠂ ᠬᠣᠲᠠ ᠬᠤᠷᠢᠶᠠᠬᠤ ᠪᠠᠨ ᠲᠣᠭᠲᠠᠮᠤ ! ᠭᠡᠮᠡᠨ  
       ᠬᠦᠨᠳᠦᠯᠡᠵᠦ ᠠᠯᠲᠠᠨ ᠰᠡᠴᠡᠨ ᠬᠠᠭᠠᠨ ᠳ᠋ᠤᠷ ᠠᠢᠯᠠᠳᠬᠠᠭᠰᠠᠨ ᠦᠭᠡ ᠪᠡᠷ ᠲᠠᠨ ᠳ᠋ᠤᠷ ᠮᠠᠨᠢ ᠢᠯᠡᠭᠡᠪᠡᠢ ᠃ 
       ᠶᠣᠷᠣ ᠲᠠ ᠨᠠᠶᠠᠨ ᠲᠦᠮᠡᠨ ᠬᠢᠲᠠᠳ ③ ᠣᠯᠠᠨ ᠭᠡᠮᠡᠨ ᠶᠡᠬᠡᠷᠬᠡᠵᠦ ᠪᠦᠦ ᠰᠠᠨᠠ ᠂ 
— — — — 
①ᠳᠡᠢᠮᠢᠩ ᠤᠯᠤᠰ ᠤ᠋ᠨ ᠮᠦ᠍ᠽᠦᠩ  (穆宗 ) ᠮᠥᠩ ᠴᠢᠩ ᠬᠠᠭᠠᠨ ᠢ᠋ ᠵᠢᠭᠠᠵᠤ ᠪᠣᠢ ᠃  
②ᠰᠤᠯᠠᠩ ᠭᠡᠳᠡᠭ ᠨᠢ ᠬᠢᠲᠠᠳ ᠤ᠋ᠨ ᠱᠢ ᠯᠠᠩ (侍郎 ) ᠭᠡᠳᠡᠭ ᠢ᠋ ᠮᠣᠩᠭᠣᠯ ᠢ᠋ᠶ᠋ᠠᠷ ᠲᠡᠮᠳᠡᠭᠯᠡᠭᠰᠡᠨ ᠪᠣᠯᠤᠯᠲᠠᠢ ᠃ ᠪᠠᠰᠠ ᠰᠤᠯᠠᠩ ᠨᠣᠶᠠᠨ ᠭᠡᠳᠡᠭ ᠃ ᠳᠤᠤᠳᠠᠯᠠᠩ ᠭᠡᠳᠡᠭ ᠨᠢ ᠬᠢᠲᠠᠳ ᠤ᠋ᠨ ᠳ᠋ᠦᠦ ᠳᠠᠩ  (都堂 ) ᠭᠡᠰᠡᠨ ᠢ᠋ ᠮᠣᠩᠭᠣᠯ ᠢ᠋ᠶ᠋ᠠᠷ ᠳᠣᠣᠳᠠᠩ ᠭᠡᠵᠦ ᠪᠢᠴᠢᠳᠡᠭ ᠦ᠋ᠨ ᠪᠤᠷᠤᠭᠤ ᠪᠢᠴᠢᠯᠭᠡ ᠪᠣᠯᠤᠨ᠎ᠠ ᠃ ᠳᠡᠢᠮᠢᠩ ᠤᠯᠤᠰ ᠤ᠋ᠨ ᠵᠠᠰᠠᠭ ᠤ᠋ᠨ ᠪᠠᠢᠭᠤᠯᠤᠮᠵᠢ ᠳ᠋ᠤ᠌ ᠴᠠᠭᠳᠠᠨ ᠪᠠᠢᠴᠠᠭᠠᠬᠤ ᠬᠦᠷᠢᠶᠡᠯᠡᠩ (都察院 ) ᠦ᠋ᠨ ᠨᠣᠶᠠᠳ ᠢ᠋ ᠳ᠋ᠥᠦ ᠳᠠᠩ ᠭᠡᠬᠦ ᠪᠤᠶᠤ ᠭᠠᠳᠠᠭᠰᠢ ᠲᠣᠮᠢᠯᠠᠭᠳᠠᠨ ᠶᠡᠷᠦᠩᠬᠡᠢ ᠵᠠᠬᠢᠷᠤᠭᠴᠢ ᠪᠤᠶᠤ ᠴᠠᠭᠳᠠᠨ ᠵᠣᠬᠢᠶᠠᠭᠴᠢ ᠪᠣᠯᠣᠭᠰᠠᠳ ᠢ᠋ ᠪᠠᠰᠠ ᠳ᠋ᠥᠦ ᠳᠠᠩ ᠭᠡᠵᠦ ᠨᠡᠷᠡᠯᠡᠳᠡᠭ ᠃ ᠡᠨᠳᠡ ᠪᠠᠢᠭ᠎ᠠ ᠰᠤᠯᠠᠩ ᠲᠤᠤᠳᠠᠩ ᠭᠡᠳᠡᠭ ᠨᠢ ᠲᠠᠢᠮᠢᠩ ᠤᠯᠤᠰ ᠤ᠋ᠨ ᠲᠠᠯ᠎ᠠ᠎ᠠᠴᠠ ᠨᠠᠢᠷᠠᠮᠳᠠᠯ ᠤ᠋ᠨ ᠬᠡᠯᠡᠯᠴᠡᠭᠡ ᠬᠢᠬᠦ ᠶ᠋ᠢ ᠪᠠᠷᠢᠮᠲᠠᠯᠠᠵᠤ ᠪᠠᠢᠭᠰᠠᠨ ᠰᠢᠦᠸᠠᠨ ᠲᠠ (宣大 ) ᠶ᠋ᠢᠨ ᠶᠡᠷᠦᠩᠬᠡᠢ ᠵᠠᠬᠢᠷᠤᠭᠴᠢ ᠸᠠᠩ ᠴᠥᠩ ᠬᠦ᠌ (王崇古 ) ᠵᠢᠴᠢ ᠳᠠ ᠲᠦᠩ ᠦ᠋ᠨ ᠴᠠᠭᠳᠠᠨ ᠵᠣᠬᠢᠶᠠᠭᠴᠢ ᠹᠠᠩ ᠹᠧᠩ ᠱᠢ (方逢时 ) ᠨᠠᠷ ᠢ᠋ ᠬᠡᠯᠡᠵᠦ ᠪᠣᠢ ᠃ 
③ᠲᠠᠢᠮᠢᠩ ᠤᠯᠤᠰ ᠤ᠋ᠨ ᠦᠶ᠎ᠡ ᠳ᠋ᠦ᠍ ᠮᠣᠩᠭᠣᠯᠴᠤᠳ ᠢ᠋ᠶ᠋ᠠᠷ ᠬᠢᠲᠠᠳ ᠬᠥᠮᠦᠨ ᠢ᠋ ᠥᠪᠡᠷ ᠦ᠋ᠨ ᠳᠥᠴᠢᠨ ᠲᠦᠮᠡᠨ ᠮᠣᠩᠭᠣᠯ᠎ᠠᠴᠠ ᠨᠢᠭᠡᠨ ᠳᠠᠬᠢᠨ ᠢᠯᠡᠭᠦᠦ ᠬᠥᠮᠦᠨ ᠠᠮᠠ ᠲᠠᠢ ᠭᠡᠵᠦ ᠦᠵᠡᠳᠡᠭ ᠲᠤᠯᠠ ᠨᠠᠶᠠᠨ ᠲᠦᠮᠡᠨ ᠬᠢᠲᠠᠳ ᠭᠡᠵᠦ ᠬᠡᠯᠡᠳᠡᠭ ᠃ ᠡᠨᠡ ᠮᠡᠲᠦ ᠥᠭᠦᠯᠡᠭᠰᠡᠨ ᠵᠦᠢᠯᠡᠰ ᠬᠢᠲᠠᠳ ᠰᠤᠷᠪᠤᠯᠵᠢ ᠪᠢᠴᠢᠭ ᠲᠦ᠍ ᠮᠥᠨ ᠦᠯᠡᠳᠡᠭᠳᠡᠵᠦ ᠪᠣᠢ ᠃ 《 ᠰᠠᠨ ᠶᠦᠨ ᠴᠦ᠍  ᠵᠢᠦᠢ ᠺᠡᠦ 》 ᠭᠡᠬᠦ ᠪᠢᠴᠢᠭ ᠲᠡᠬᠢ ᠲᠡᠮᠳᠡᠭᠯᠡᠯ ᠢ᠋ ᠦᠨᠳᠦᠰᠦᠯᠡᠪᠡᠯ ᠂ ᠯᠦᠩ ᠴᠢᠩ ᠦ᠋ᠨ ᠲᠠᠪᠤᠳᠤᠭᠠᠷ ᠣᠨ 《 1571 》 ᠦ᠌ ᠲᠠᠪᠤᠳᠤᠭᠠᠷ ᠰᠠᠷ᠎ᠠ ᠳ᠋ᠤ᠌ ᠠᠯᠲᠠᠨ ᠬᠠᠭᠠᠨ ᠱᠦᠨ  ᠢ ᠸᠠᠩ (顺义王) ᠴᠣᠯᠠ ᠡᠷᠭᠦᠮᠵᠢᠯᠡᠭᠳᠡᠬᠦ ᠦᠶ᠎ᠡ ᠳ᠋ᠦ᠍ ᠵᠠᠷᠯᠢᠭ ᠪᠠᠭᠤᠯᠭᠠᠨ ᠂ 《 ᠳᠤᠮᠳᠠᠳᠤ ᠤᠯᠤᠰ ᠤ᠋ᠨ ᠬᠥᠮᠦᠨ ᠢᠷᠭᠡᠨ ᠨᠠᠶᠠᠨ ᠲᠦᠮᠡ ᠂ ᠤᠮᠠᠷᠠᠲᠤ ᠮᠣᠩᠭᠣᠯ ᠤ᠋ᠨ ᠬᠥᠮᠦᠨ ᠢᠷᠭᠡᠨ ᠳᠥᠴᠢᠨ ᠲᠦᠮᠡ ᠪᠤᠶᠤ ᠂ ᠲᠠ ᠪᠦᠬᠦᠨ ᠰᠣᠨᠣᠰᠴᠤ ᠠᠲᠤᠭᠠᠢ ᠂ ᠪᠢ ᠪᠡᠷ ᠴᠠᠭᠠᠵᠠ ᠶᠣᠰᠣᠨ ᠢ᠋ ᠲᠠᠷᠬᠠᠭᠠᠬᠤ ᠪᠣᠯᠤᠮᠤᠢ ᠃ ᠮᠠᠨ ᠤ᠋ ᠮᠣᠩᠭᠣᠯ ᠤ᠋ᠨ ᠤᠯᠠᠭᠠᠨ ᠨᠢᠯᠬ᠎ᠠ ᠬᠡᠦᠬᠡᠳ ᠥᠰᠦᠭᠡᠳ ᠡᠷ᠎ᠡ ᠶ᠋ᠢᠨ ᠲᠤᠢᠯ ᠳ᠋ᠤ᠌ ᠬᠦᠷᠦᠭᠰᠡᠨ ᠴᠦ᠍ ᠂ ᠤᠨᠠᠬ᠎ᠠ ᠳᠠᠭ᠎ᠠ ᠥᠰᠦᠭᠡᠳ ᠠᠭᠲᠠ ᠮᠣᠷᠢᠨ ᠪᠣᠯᠤᠭᠰᠠᠨ ᠴᠤ᠌ ᠂ ᠪᠢᠳᠡ ᠪᠡᠷ ᠳᠤᠮᠳᠠᠳᠤ ᠤᠯᠤᠰ ᠤ᠋ᠨ ᠬᠢᠯᠢ ᠳ᠋ᠦ᠍ᠷ ᠥᠨᠢᠳᠡ ᠬᠠᠯᠳᠠᠬᠤ ᠦᠭᠡᠢ 》 ᠭᠡᠵᠡᠢ ᠃ 

       ᠶᠡᠬᠡ ᠲᠥᠷᠥ ᠴᠠᠭ ᠤ᠋ᠨ ᠬᠦᠷᠳᠦᠨ ᠮᠡᠲᠦ ᠡᠷᠭᠢᠬᠦ ᠮᠡᠳᠡᠭᠡ ᠦᠭᠡᠢ ᠪᠣᠢ ᠂ 
       ᠶᠡᠭᠦᠳᠬᠡᠯ ᠦᠭᠡᠢ ᠲᠥᠷᠥ ᠲᠣᠭᠲᠠᠪᠠᠰᠤ ᠭᠠᠳᠠᠨ᠎ᠠ ᠳᠣᠲᠣᠨ᠎ᠠ ᠵᠢᠷᠭᠠᠮᠤ ᠂ 
       ᠶᠡᠬᠡ ᠬᠠᠭᠠᠨ ᠤ᠋ ᠵᠠᠷᠯᠢᠭ ᠢ᠋ᠶ᠋ᠠᠷ ᠬᠥᠪᠡᠭᠦᠨ ᠢ᠋ ᠢᠨᠦ ᠭᠠᠷᠭᠠᠵᠤ ᠥᠭ᠌ᠭᠦᠭᠦᠯᠪᠡᠰᠦ ᠠᠮᠤᠷ ᠪᠤᠶᠤ ᠃ 
       ᠳᠥᠴᠢᠨ ᠲᠦᠮᠡᠨ ᠮᠣᠩᠭᠣᠯ ᠲᠤᠰ ᠲᠤᠰ ᠪᠦᠷᠢ ᠰᠢᠬᠠᠵᠤ ᠮᠣᠷᠳᠠᠭᠠᠳ ᠂ 
       ᠳᠥᠷᠪᠡᠯᠵᠢᠨ ᠶᠡᠬᠡ ᠬᠣᠲᠠ①  ᠪᠠᠯᠭᠠᠳ ᠢ᠋ ᠲᠠᠨ ᠤ᠋ ᠬᠡᠮᠬᠡᠯᠵᠦ ᠪᠦᠷ ᠦ᠋ᠨ ᠂ 
       ᠲᠥᠷᠥ ᠶᠣᠰᠣᠨ ᠢ᠋ ᠲᠠᠨᠤ ᠠᠪᠤᠭᠠᠳ ᠡᠷᠲᠡᠨ ᠦ᠌ ᠮᠡᠲᠦ ᠪᠣᠯᠭᠠᠮᠤᠢ 
       ᠲᠡᠭᠦᠪᠡᠷ ᠳᠠᠢᠴᠢᠩ ᠡᠵᠡᠢ ᠶ᠋ᠢ ᠭᠠᠷᠭ᠎ᠠ ᠲᠠᠢᠫᠢᠩ ᠶᠡᠬᠡ ᠲᠥᠷᠥ ᠨᠡᠢᠯᠡᠶ᠎ᠡ ᠬᠡᠮᠡᠭᠰᠡᠨ ᠳ᠋ᠦ᠍ᠷ ᠂ 
— — — —
① ᠲᠡᠢᠮᠢᠩ ᠤᠯᠤᠰ ᠤ᠋ᠨ ᠨᠡᠢᠰᠯᠡᠯ ᠪᠠᠢᠭᠰᠠᠨ ᠣᠳᠣ ᠶ᠋ᠢᠨ ᠪᠡᠭᠡᠵᠢᠩ ᠢ᠋ ᠵᠢᠭᠠᠵᠤ ᠪᠣᠢ ᠃ 《 ᠬᠠᠳ ᠤ᠋ᠨ ᠦᠨᠳᠦᠰᠦᠨ ᠬᠤᠷᠢᠶᠠᠩᠭᠤᠢ ᠠᠯᠲᠠᠨ ᠲᠣᠪᠴᠢ 》 ᠳ᠋ᠤ᠌ ᠡᠭᠦᠨ ᠢ᠋ ᠳᠥᠷᠪᠡᠯᠵᠢᠨ ᠶᠡᠬᠡ ᠳᠠᠢᠳᠤ ᠬᠣᠲᠠ ᠭᠡᠳᠡᠭ ᠃ 

       ᠬᠢᠲᠠᠳ ᠤ᠋ᠨ ᠰᠤᠯᠠᠩ ᠳᠤᠤᠳᠠᠯᠠᠩ ᠲᠡᠷᠢᠭᠦᠲᠡᠨ ᠶᠡᠬᠡ ᠪᠠᠭ᠎ᠠ ᠨᠣᠶᠠᠳ ᠢᠨᠦ᠍ ᠵᠥᠪᠰᠢᠶᠡᠭᠡᠳ ᠂ 
       ᠬᠬᠢᠷ ᠦᠭᠡᠢ ᠶᠡᠬᠡ ᠲᠥᠷᠥ ᠠᠢᠯᠠᠪᠠᠰᠤ ᠳᠠᠢᠴᠢᠩ ᠡᠵᠡᠢ ᠶ᠋ᠢ ᠥᠭᠭᠦᠭᠡᠳ ᠂ 
       ᠬᠢᠩ ᠦᠭᠡᠢ ᠨᠡᠷ᠎ᠡ ᠰᠠᠩ ᠭᠠᠷᠭᠠᠶ᠎ᠠ ᠭᠡᠮᠡᠨ ᠲᠡᠳᠡ ᠡᠯᠴᠢᠰ ᠢ᠋ ᠶᠡᠬᠡᠳᠡ ᠬᠦᠨᠳᠦᠯᠡᠵᠦ ᠂ 
       ᠬᠢᠴᠢᠶᠡᠵᠦ ᠬᠠᠭᠠᠨ ᠳ᠋ᠤᠷ ᠠᠢᠯᠠᠳᠬᠠᠵᠤ ᠨᠡᠪᠲᠡᠷᠡᠵᠦ ᠢᠷ᠎ᠡ ᠭᠡᠮᠡᠨ ᠬᠠᠷᠢᠨ ᠪᠠᠰᠠ ᠢᠯᠡᠭᠡᠭᠰᠡᠨ ᠳ᠋ᠦ᠍ᠷ ᠂ 
       ᠲᠡᠳᠡᠭᠡᠷ ᠡᠯᠴᠢᠰ ᠢ᠋ ᠬᠦᠷᠴᠦ ᠬᠠᠭᠠᠨ ᠡᠬᠢᠯᠡᠨ ᠬᠠᠮᠤᠭ ᠪᠦᠭᠦᠳᠡ ᠶ᠋ᠢ ᠪᠦᠷᠢᠨ᠎ᠡ ᠠᠢᠯᠠᠳᠬᠠᠭᠰᠠᠨ ᠳ᠋ᠤᠷ ᠂ 
       ᠳᠠᠢᠴᠢᠩ ᠡᠵᠡᠢ ᠶ᠋ᠢ ᠥᠭᠪᠡᠰᠦ ᠶᠡᠬᠡ ᠲᠥᠷᠥ ᠨᠡᠢᠯᠡᠶ᠎ᠡ ᠭᠡᠮᠡᠨ ᠵᠥᠪᠰᠢᠶᠡᠯᠳᠦᠭᠡᠳ ᠂ 
       ᠳᠠᠷᠤᠢ ᠳ᠋ᠤᠷ ᠪᠠᠰᠠ ᠦᠢᠵᠡᠩ ᠵᠠᠢᠰᠠᠩ ᠲᠤᠭᠤᠴᠢ ᠠᠳᠠᠰ᠎ᠠ① ᠲᠡᠷᠢᠭᠦᠲᠡᠨ ᠢ᠋ ᠣᠷᠣᠭᠤᠯᠤᠭᠰᠠᠨ ᠳ᠋ᠤᠷ ᠂ 
       ᠳᠠᠢᠴᠢᠩ ᠡᠵᠡᠢ ᠶ᠋ᠢ ᠭᠠᠷᠭᠠᠵᠤ ᠥᠭᠭᠦᠭᠡᠳ ᠬᠠᠭᠠᠨ ᠡᠴᠢᠭᠡ ᠳ᠋ᠦ᠍ᠷ  ᠢᠨᠦ᠍ ᠵᠣᠯᠭᠠᠭᠤᠯᠤᠭᠰᠠᠨ ᠠᠵᠤᠭᠤ ᠃ 
       ᠭᠠᠢᠬᠠᠮᠰᠢᠭ᠋ ᠪᠣᠭᠳᠠ ᠠᠯᠲᠠᠨ ᠬᠠᠭᠠᠨ ᠬᠠᠮᠤᠭ ᠢ᠋ᠶ᠋ᠠᠷ ᠮᠣᠷᠳᠠᠵᠤ  ᠱᠢᠬᠠᠭ᠍ᠰᠠᠨ ᠳ᠋ᠤᠷ ᠂ 
       ᠬᠠᠲᠠᠭᠤ ᠶᠡᠬᠡ ᠬᠦᠴᠦᠲᠦ ᠰᠡᠩᠭᠡ ᠨᠣᠶᠠᠨ ᠤᠷᠢᠳᠠ ᠬᠦᠷᠴᠦ ᠤᠯᠠᠭᠠᠨ ᠭᠡᠷ ᠢ᠋ ᠲᠦᠢᠮᠡᠷᠳᠡᠬᠦᠢ ᠳ᠋ᠦ᠍ᠷ ᠂ 
       ᠬᠠᠷᠢᠲᠠᠨ ᠬᠢᠲᠠᠳ ᠥᠪᠡᠷ ᠦ᠋ᠨ ᠡᠷᠬᠡ ᠳ᠋ᠦ᠍ᠷ ᠣᠷᠣᠵᠤ ᠳᠡᠭᠦᠦ ᠶ᠋ᠢ ᠢᠨᠦ᠍ ᠥᠭᠭᠦᠭᠰᠡᠨ ᠳ᠋ᠦ᠍ᠷ ᠂ 
       ᠬᠠᠭᠠᠨ ᠡᠬᠢᠯᠡᠨ ᠬᠠᠮᠤᠭ ᠪᠦᠭᠦᠳᠡ ᠪᠠᠶᠠᠰᠤᠯᠴᠠᠵᠤ ᠬᠠᠷᠢᠵᠤ ᠪᠠᠭᠤᠪᠠᠢ ᠬᠣᠨᠢᠨ ᠵᠢᠯ ② ᠳ᠋ᠦ᠍ᠷ ᠃ 
— — — —
①ᠡᠮᠦᠨ᠎ᠡ ᠬᠡᠰᠡᠭ ᠲᠦ᠍ ᠭᠠᠷᠤᠭᠰᠠᠨ ᠠᠳᠤᠰᠠ ᠶ᠋ᠢᠨ ᠣᠨᠳᠣᠣ ᠪᠢᠴᠢᠯᠭᠡ ᠃ 
② ᠴᠠᠭᠠᠨ ᠡᠮ᠎ᠡ ᠬᠣᠨᠢᠨ ᠵᠢᠯ ᠂ ᠯᠦᠩ ᠴᠢᠩ ᠦ᠋ᠨ ᠲᠠᠪᠤᠳᠤᠭᠠᠷ ᠣᠨ ( 1571 )᠃  

       ᠥᠱᠢᠶᠡᠲᠦ ᠳᠠᠢᠰᠤᠨ ᠢ᠋ ᠦᠵᠡᠪᠡᠰᠦ ᠥᠯᠥᠰᠦᠭᠰᠡᠨ ᠪᠦᠷᠭᠦᠳ ᠮᠡᠲᠦ ᠳᠣᠪᠲᠣᠯᠤᠨ ᠶᠠᠪᠤᠭᠴᠢ᠂ 
       ᠥᠪᠴᠢ ᠬᠤᠶᠠᠭᠯᠠᠭᠠᠳ ᠠᠭᠲᠠ ᠲᠡᠮᠡᠭᠡᠨ ᠲᠡᠭᠡᠷᠡ ᠪᠢᠰᠢᠭᠤᠨ᠎ᠠ ᠬᠠᠷᠠᠢᠵᠤ ᠣᠨᠣᠭᠴᠢ ᠂ 
       ᠦᠯᠡᠮᠵᠢ ᠪᠣᠭᠳᠠ ᠠᠯᠲᠠᠨ ᠬᠠᠭᠠᠨ ᠡᠴᠢᠭᠡ ᠶᠥᠭᠡᠨ ᠬᠠᠲᠠᠭᠤ ᠪᠡᠷᠬᠡ ᠦᠢᠯᠡᠰ ᠢ᠋ ᠪᠦᠲᠦᠭᠡᠭᠴᠢ᠂ 
       ᠦᠨᠡᠨ ᠵᠣᠷᠢᠭ ᠲᠤ᠌ ᠬᠠᠲᠠᠭᠤ ᠶᠡᠬᠡ ᠬᠦᠴᠦᠲᠦ ᠳᠦᠭᠦᠷᠡᠩ ᠰᠡᠩᠭᠡ ᠨᠣᠶᠠᠨ ᠪᠥᠯᠥᠭᠡ ᠃ 

       ᠲᠡᠭᠦᠨ ᠦ᠌ ᠬᠣᠢᠨ᠎ᠠ ᠴᠠᠭᠠᠨ ᠬᠣᠨᠢᠨ ᠵᠢᠯ ᠦ᠋ᠨ ᠳᠥᠷᠪᠡᠨ ᠰᠠᠷᠠ ᠲᠦᠰᠢᠶᠡᠲᠦ ᠠᠯᠲᠠᠨ ᠰᠡᠴᠡᠨ ᠬᠠᠭᠠᠨ 
       ᠳᠡᠭᠦᠨᠡᠷ ᠡᠴᠡ ᠬᠠᠷᠠᠴᠢᠨ ① ᠤ᠋  ᠬᠦᠨᠳᠦᠯᠡᠨ ᠬᠠᠭᠠᠨ ᠂ ᠶᠦᠩᠰᠢᠶᠠᠪᠤ ᠶ᠋ᠢᠨ ᠳᠠᠢᠴᠢᠩ ᠨᠣᠶᠠᠨ ᠂ ᠣᠷᠳᠣᠰ ᠤ᠋ᠨ ᠰᠡᠴᠡᠨ ᠨᠣᠶᠠᠨ②
       ᠲᠡᠷᠢᠭᠦᠲᠡᠨ ᠪᠠᠷᠠᠭᠤᠨ ᠭᠤᠷᠪᠠᠨ ᠲᠦᠮᠡᠨ ᠢ᠋ᠶ᠋ᠡᠷ ᠬᠢᠲᠠᠳ ᠤᠯᠤᠰ ᠢ᠋ ᠰᠢᠬᠠᠵᠤ ᠮᠣᠷᠳᠠᠭᠠᠳ 
       ᠲᠡᠭᠰᠢ ᠪᠡᠷ ᠶᠡᠬᠡ ᠲᠥᠷᠥ ᠬᠡᠯᠡᠯᠴᠡᠬᠦ ᠶ᠋ᠢᠨ ᠲᠤᠯᠠ ᠵᠡᠭᠡᠷ᠎ᠡ ᠬᠠᠭᠠᠯᠭ᠎ᠠ ③ ᠶ᠋ᠢᠨ ᠭᠠᠳᠠᠨ᠎ᠠ ᠪᠠᠭᠤᠵᠤ᠂ 
       ᠬᠢᠲᠠᠳ ᠤ᠋ᠨ ᠵᠠᠩ ᠰᠦᠯᠡᠭ ④ ᠲᠡᠷᠢᠭᠦᠲᠡᠨ ᠶᠡᠬᠡ ᠪᠠᠭ᠎ᠠ ᠨᠣᠶᠠᠳ ᠡᠷᠦ ᠳᠣᠲᠣᠷ᠎ᠠ ᠬᠤᠷᠠᠵᠤ᠂ 
— — — —
① ᠠᠢᠮᠠᠭ ᠤ᠋ᠨ ᠨᠡᠷ᠎ᠡ ᠃ ᠬᠢᠲᠠᠳ ᠪᠢᠴᠢᠭ ᠲᠣᠷ 哈剌嗔 ᠭᠡᠨ᠎ᠡ ᠃ ᠤᠤᠯ ᠨᠢ ᠶᠦᠩᠰᠢᠶᠠᠪᠤ ᠂ ᠠᠰᠤᠳ ᠵᠡᠷᠭᠡ ᠠᠢᠮᠠᠭ ᠲᠠᠢ ᠬᠠᠮᠲᠤ ᠶᠦᠩᠰᠢᠶᠠᠪᠤ ᠲᠦᠮᠡᠨ ᠳ᠋ᠦ᠍ ᠬᠠᠷᠢᠶᠠᠯᠠᠭᠳᠠᠵᠤ ᠪᠠᠢᠵᠠᠢ᠃ ᠶᠦᠩᠰᠢᠶᠠᠪᠤ ᠂ ᠠᠰᠤᠳ ᠠᠢᠮᠠᠭ ᠢ᠋  ᠠᠯᠲᠠᠨ ᠬᠠᠭᠠᠨ ᠤ᠋ ᠳᠡᠭᠦᠦ ᠪᠣᠵᠢᠳᠠᠷᠠ(  ᠪᠣᠳᠢᠳᠠᠷᠠ )ᠡᠵᠡᠯᠡᠭᠰᠡᠨ ᠦ᠌  ᠬᠣᠢᠨ᠎ᠠ ᠬᠠᠷᠠᠴᠢᠨ ᠬᠣᠪᠢᠨ ᠳ᠋ᠠᠭᠠᠨ ᠨᠢᠭᠡᠨ ᠵᠠᠰᠠᠭ ᠵᠠᠬᠢᠷᠭᠠᠨ ᠤ᠋ ᠨᠢᠭᠡᠴᠢ ᠪᠣᠯᠵᠠᠢ᠃ 
② ᠮᠡᠷᠭᠡᠨ ᠵᠢᠨᠦᠩ ᠦ᠋ᠨ ᠠᠴᠢ ᠬᠤᠲᠤᠭᠲᠠᠢ ᠰᠡᠴᠡᠨ ᠬᠣᠩ ᠲᠠᠢᠵᠢ ᠶ᠋ᠢᠨ ᠳᠥᠲᠡᠯᠡᠭᠰᠡᠨ ᠳᠠᠭᠤᠳᠠᠯᠭ᠎ᠠ᠃ ᠬᠢᠲᠠᠳ ᠪᠢᠴᠢᠭ ᠲᠦ᠍ ᠴᠢᠶᠧ ᠶ᠋ᠢᠨ  (切尽 ) ᠭᠡᠨ᠎ᠡ ᠃ 
③ ᠸᠠᠨ ᠯᠢ (万历  ) ᠶ᠋ᠢᠨ ᠨᠠᠢ᠍ᠮᠠᠳᠤᠭᠠᠷ ᠣᠨ (1580 ) ᠳ᠋ᠤ᠌ ᠠᠯᠲᠠᠨ ᠬᠠᠭᠠᠨ ᠤ᠋ ᠮᠣᠷᠢᠨ ᠠᠯᠪᠠ ᠪᠠᠷᠢᠬᠤ ᠢᠯᠡᠳᠬᠡᠯ ᠪᠢᠴᠢᠭ ᠲᠦ᠍ ᠵᠠᠩ ᠭᠡᠷ ᠠᠮᠠᠰᠠᠷ ᠭᠡᠵᠦ ᠪᠣᠢ᠂ ᠴᠥᠮ ᠵᠠᠩ ᠵᠢᠶᠠ ᠺᠧᠦ (张家口 ) ᠶ᠋ᠢ ᠥᠭᠦᠯᠡᠵᠡᠢ᠃ 
④ᠡᠭᠦᠨ ᠢ᠋ ᠸᠠᠩ  ᠰᠤᠯᠠᠩ ᠭᠡᠪᠡᠯ ᠲᠠᠭᠠᠷᠠᠨ᠎ᠠ ᠃ ᠰᠢᠦᠸᠠᠨ  ᠲᠠ ᠶ᠋ᠢᠨ ᠶᠡᠷᠦᠩᠬᠡᠢ ᠵᠠᠬᠢᠷᠤᠭᠴᠢ ᠸᠠᠩ  ᠽᠦᠩ ᠬᠦ᠌ ( 王崇古 ) ᠶ᠋ᠢ ᠥᠭᠦᠯᠡᠵᠦ ᠪᠣᠢ ᠃  

       ᠬᠢᠲᠠᠳ ᠤ᠋ᠨ ᠲᠠᠢᠮᠢᠩ ᠬᠠᠭᠠᠨ ᠮᠣᠩᠭᠣᠯ ᠤ᠋ᠨ ᠠᠯᠲᠠᠨ ᠬᠠᠭᠠᠨ ᠳ᠋ᠤᠷ ᠰᠦᠢ ᠸᠠᠩ ① ᠬᠡᠮᠡᠬᠦ ᠬᠦᠨᠳᠦ ᠴᠣᠯᠠ ᠡᠷᠭᠦᠵᠦ᠂ 
       ᠬᠢᠴᠢᠶᠡᠵᠦ ᠲᠥᠷᠥ ᠳ᠋ᠦ᠍ᠷ ᠲᠤᠰᠠᠯᠠᠭᠰᠠᠨ ᠨᠣᠶᠠᠳ ᠲᠤᠷ ᠲᠣᠳᠤᠯᠢᠬᠤ ‍ᠵᠠᠨᠵᠤᠩ ᠴᠣᠯᠠ ᠰᠣᠶᠣᠷᠬᠠᠵᠤ᠂ 
       ᠭᠬᠢᠷ ᠦᠭᠡᠢ ᠶᠡᠬᠡ ᠲᠥᠷᠥ ᠶ᠋ᠢ ᠪᠡᠬᠢᠯᠡᠯᠳᠦᠭᠰᠡᠨ ᠨᠣᠶᠠᠳ ᠰᠠᠢᠳ ᠲᠤᠷ ᠲᠣᠰᠪᠣᠷᠢ ᠴᠣᠯᠠ ᠨᠡᠷ᠎ᠡ ᠥᠭᠴᠦ᠂ 
       ᠠᠯᠲᠠᠨ ᠲᠠᠮᠠᠭ᠎ᠠ ᠠᠯᠲᠠᠲᠤ ᠰᠢᠷ᠎ᠠ ᠪᠢᠴᠢᠭ ᠭᠠᠷᠭᠠᠵᠤ ᠥᠭᠭᠦᠭᠡᠳ᠂ 
       ᠠᠰᠤᠷᠤ ᠮᠠᠰᠢ ᠠᠯᠲᠠᠨ ᠮᠥᠩᠭᠥᠨ ᠲᠡᠷᠢᠭᠦᠲᠡᠨ ᠡᠳ᠋ ᠠᠭᠤᠷᠠᠰᠤᠨ ᠨᠤᠭᠤᠳ ᠪᠠ᠂ 
       ᠠᠷᠢᠶᠠᠲᠠᠨ ᠪᠠᠷᠰ ᠢᠷᠪᠢᠰ ᠪᠤᠯᠠᠭ᠎ᠠ ᠬᠠᠯᠢᠭᠤ ᠬᠢᠭᠡᠳ ᠡᠯᠳᠡᠪ ᠵᠦᠢᠯ ᠲᠠᠨ ᠪᠠ᠂ 
       ᠠᠭᠤᠢ ᠶᠡᠬᠡ ᠮᠠᠩᠨᠤᠭ ᠬᠡᠮᠡᠷᠯᠢᠭ ᠲᠡᠷᠢᠭᠦᠲᠡᠨ ᠡᠯᠳᠡᠪ  ᠵᠦᠢᠯ ᠦ᠋ᠨ ᠳᠡᠪᠡᠯ ᠬᠤᠪᠴᠠᠰᠤᠨ ᠢ᠋ ᠥᠭᠪᠡᠢ᠃ 
       ᠬᠠᠭᠠᠨ ᠡᠬᠢᠯᠡᠨ ᠭᠤᠷᠪᠠᠨ ᠲᠦᠮᠡᠨ ᠦ᠌ ᠨᠣᠶᠠᠳ ᠠᠯᠢᠮᠠᠳ ᠰᠠᠨᠠᠭᠰᠠᠨ ᠢ᠋ ᠳᠤᠷᠠᠳᠤᠭᠰᠠᠨ ᠳ᠋ᠤᠷ᠂ 
       ᠭᠠᠢᠬᠠᠮᠰᠢᠭ ᠨᠠᠷᠠ ᠰᠠᠩ ᠲᠤᠭᠤᠯᠠᠵᠤ ᠦᠯᠦ ᠪᠣᠯᠬᠤ ᠣᠯᠠᠨ ᠵᠦᠢᠯ ᠢ᠋᠂ 
       ᠬᠠᠨᠳᠠᠯᠠ ᠰᠡᠳᠬᠢᠯ ᠳ᠋ᠦ᠍ᠷ ᠣᠷᠣᠬᠤ ᠮᠡᠲᠦ ᠠᠯᠢ ᠳᠠᠭᠠᠯᠠᠭᠰᠠᠨ ᠢ᠋᠂ 
       ᠭᠠᠷᠭᠠᠵᠤ ᠥᠭᠪᠡᠢ ᠣᠨ ᠰᠠᠷᠠ ᠳ᠋ᠤᠷ ᠲᠠᠰᠤᠷᠠᠯ ᠦᠭᠡᠢ ᠲᠤᠰ ᠪᠤᠷᠢ᠃ 
       ᠣᠷᠳᠣᠰ ᠲᠦᠮᠡᠨ ᠳᠥᠷᠪᠡᠯᠵᠢᠨ ᠬᠣᠲᠠ② ᠶ᠋ᠢᠨ ᠰᠤᠯᠠᠩ ᠳ᠋ᠤ᠌ ᠠᠲᠠᠭ᠎ᠠ③  ᠲᠠᠨ ᠬᠠᠭᠠᠯᠬᠠᠰ ᠢ᠋ᠶ᠋ᠠᠷ᠂ 
— — — —
① ᠱᠦᠨ ᠢ ᠸᠠᠩ  (顺义王 ) ᠢ᠋ ᠢᠩᠭᠢᠵᠦ ᠲᠥᠯᠥᠪᠴᠢᠯᠡᠨ ᠲᠡᠮᠳᠡᠭᠯᠡᠵᠡᠢ᠃ 
② ᠯᠦᠩ ᠴᠢᠩ ᠦ᠋ᠨ ᠵᠢᠷᠭᠤᠳᠤᠭᠠᠷ ᠣᠨ (1572 ) ᠲᠤ᠌ ᠣᠷᠳᠣᠰ ᠤ᠋ᠨ ᠨᠤᠶᠠᠨᠳᠠᠷᠠ ᠵᠢᠨᠦᠩ ᠪᠠ ᠲᠡᠭᠦᠨ ᠦ᠌ ᠦᠶᠡᠯᠢᠳ ᠬᠥᠪᠡᠭᠦᠨ ᠰᠡᠴᠡᠨ ᠨᠣᠶᠠᠨ ᠲᠠᠨ ᠳᠡᠢᠮᠢᠩ ᠤᠯᠤᠰ ᠯᠤᠭ᠎ᠠ ᠠᠷᠠᠯᠵᠢᠶ᠎ᠠ ᠨᠡᠪᠲᠡᠷᠡᠬᠦ ᠶ᠋ᠢ ᠭᠤᠶᠤᠴᠢᠯᠠᠭᠰᠠᠨ ᠳ᠋ᠤ᠌ ᠲᠡᠢᠮᠢᠩ ᠦ᠋ᠨ ᠵᠠᠰᠠᠭ ᠤ᠋ᠨ ᠭᠠᠵᠠᠷ ᠠ᠋ᠴᠠ ᠾᠦᠩ ᠱᠠᠨ ᠳ᠋ᠦ᠋ᠨ (红山墩) ᠪᠠ ᠴᠢᠩ ᠱᠦᠢ ᠢᠩ (清水营) ᠭᠡᠬᠦ ᠬᠣᠶᠠᠷ ᠭᠠᠵᠠᠷ ᠲᠤ᠌ ᠠᠷᠠᠯᠵᠢᠶ᠎ᠠ ᠬᠢᠯᠴᠡᠬᠦ ᠶ᠋ᠢ ᠵᠥᠪᠰᠢᠶᠡᠷᠡᠨ ᠂  ᠵᠢᠨᠦᠩ ᠳ᠋ᠦ᠍ ᠪᠦᠬᠦᠨ ᠢ᠋ ᠵᠠᠬᠢᠷᠬᠤ ᠬᠠᠮᠲᠤ ᠮᠡᠳᠡᠭᠡᠴᠢ (都督同知) ᠶ᠋ᠢᠨ ᠲᠤᠰᠢᠶᠠᠯ ᠣᠯᠭᠤᠵᠠᠢ ᠃ ᠮᠣᠩᠭᠣᠯ ᠢ᠋ᠶ᠋ᠠᠷ ᠾᠦᠩ ᠱᠠᠨ ᠳ᠋ᠦᠨ ᠭᠡᠬᠦ ᠶ᠋ᠢ ᠬᠣᠩᠰᠠᠷ ᠬᠣᠲᠠ ᠂ ᠴᠢᠩ ᠱᠦᠢ ᠢᠩ ᠭᠡᠬᠦ ᠶ᠋ᠢ ᠰᠠᠩ ᠬᠣᠲᠠᠭᠡᠵᠦ ᠥᠭᠦᠯᠡᠵᠡᠢ ᠃ ᠳᠥᠷᠪᠡᠯᠵᠢᠨ ᠬᠣᠲᠠ ᠭᠡᠳᠡᠭ ᠨᠢ ᠬᠣᠩᠰᠠᠷ ᠬᠣᠲᠠ ᠪᠠ ᠰᠠᠩ ᠬᠣᠲᠠ ᠶ᠋ᠢ ᠬᠠᠷᠢᠶᠠᠯᠠᠬᠤ ᠯᠢᠩ ᠵᠧᠦ (灵州) ᠬᠣᠲᠠ ᠃ 
③  ᠠᠲᠠᠭ᠎ᠠ ᠭᠡᠳᠡᠭ ᠨᠢ  ᠭᠠᠳᠠᠭ᠎ᠠ ᠶ᠋ᠢᠨ ᠣᠨᠳᠣᠣ ᠪᠢᠴᠢᠯᠭᠡ ᠪᠣᠯᠤᠨ᠎ᠠ ᠃  

       ᠣᠬᠢ ᠲᠦᠮᠡᠳ ᠦ᠋ᠨ ᠭᠡᠭᠡᠨ ᠬᠠᠭᠠᠨ ᠴᠠᠭᠠᠨ ᠬᠣᠲᠠ ① ᠶ᠋ᠢᠨ  ᠰᠤᠯᠠᠩ ᠳ᠋ᠤ᠌  ᠭᠠᠳᠠᠭ᠎ᠠ ᠲᠠᠨ ᠬᠠᠭᠠᠯᠬᠠᠰ ᠢ᠋ᠶ᠋ᠠᠷ ᠂ 
       ᠣᠨᠴᠠᠯᠠᠵᠤ  ᠬᠠᠷᠠᠴᠢᠨ ᠵᠦᠩᠰᠢᠶᠡᠪᠦ ᠶ᠋ᠢᠨ ② ᠮᠢ᠌ᠠᠩ ᠬᠣᠲᠠ ③ ᠶ᠋ᠢᠨ ᠰᠤᠯᠠᠩ ᠳ᠋ᠤ᠌ ᠭᠠᠳᠠᠭᠠᠲᠠᠨ ᠬᠠᠭᠠᠯᠬᠠᠰ ᠢ᠋ᠶ᠋ᠠᠷ 
— — — —
①《 ᠸᠠᠨ ᠯᠢ  ᠡᠦ ᠬᠥᠭ ᠯᠦ᠍ 》 ᠪᠢᠴᠢᠭ ᠲᠠᠬᠢ ᠠᠯᠲᠠᠨ ᠤ᠋ ᠴᠡᠳᠢᠭ ᠲᠦ᠍ ᠥᠭᠦᠯᠡᠭᠰᠡᠨ ᠨᠢ ᠂ ᠯᠦᠩ  ᠴᠢᠩ ᠦ᠋ᠨ ᠲᠠᠪᠤᠳᠤᠭᠠᠷ ᠣᠨ 《 1571 ᠣᠨ 》 ᠤ᠋ ᠲᠠᠪᠤᠳᠤᠭᠠᠷ ᠰᠠᠷ᠎ᠠ ᠶ᠋ᠢᠨ ᠬᠣᠷᠢᠨ ᠨᠠᠢ᠍ᠮᠠᠨ ᠤ᠋ ᠡᠳᠦᠷ ᠡᠴᠡ ᠵᠢᠷᠭᠤᠳᠤᠭᠠᠷ ᠰᠠᠷ᠎ᠠ ᠶ᠋ᠢᠨ ᠠᠷᠪᠠᠨ ᠳᠥᠷᠪᠡᠨ ᠦ᠌ ᠡᠳᠦᠷ ᠪᠣᠯᠲᠠᠯ᠎ᠠ  ᠳᠧ ᠱᠧᠩ ᠪᠦᠦ (德胜堡) ᠴᠠᠢᠵᠠ ᠳ᠋ᠤ᠌ ᠠᠷᠠᠯᠵᠢᠶ᠎ᠠ ᠬᠢᠭᠰᠡᠨ ᠳ᠋ᠦ᠍ ᠠᠯᠲᠠᠨ ᠢ᠋ᠶ᠋ᠠᠷ 1370 ᠭᠠᠷᠤᠢ ᠠᠳᠤᠭᠤ ᠠᠷᠠᠯᠵᠢᠵᠤ ᠨᠢᠭᠡ ᠲᠦᠮᠡ ᠲᠠᠪᠤᠨ ᠵᠠᠭᠤ ᠳᠥᠴᠢ ᠢᠯᠡᠭᠦᠦ ᠯᠠᠩ ᠮᠥᠩᠭᠥ ᠣᠯᠵᠠᠢ ᠭᠡᠪᠡ ᠃ ᠴᠠᠭᠠᠨ ᠬᠣᠲᠠ ᠭᠡᠳᠡᠭ ᠨᠢ 《  ᠡᠦ ᠪᠧᠢ ᡁᠢ》 ᠪᠢᠴᠢᠭ ᠲᠦ᠍ ᠲᠡᠮᠳᠡᠭᠯᠡᠭᠰᠡᠨ (插汉合托) ᠪᠣᠯᠬᠤ ᠪᠥᠭᠡᠳ ᠳᠧ  ᠱᠧᠩ ᠪᠦᠦ ᠴᠠᠢᠵᠠ ᠶ᠋ᠢ ᠬᠠᠷᠢᠶᠠᠯᠠᠬᠤ ᠶᠠᠩ ᠾᠧ ᠬᠣᠲᠠ (阳和城) ᠶ᠋ᠢ ᠵᠢᠭᠠᠵᠠᠢ ᠃ 
②《 ᠢᠨ  》᠂ ᠭᠡᠭᠴᠢ ᠨᠢ ᠢᠯᠡᠭᠦᠦ ᠦᠰᠦᠭ ᠃ 
③《 ᠶᠠᠨ ᠯᠢ ᠡᠦ ᠬᠥᠭ ᠯᠦ᠍ 》 ᠪᠢᠴᠢᠭ ᠲᠠᠬᠢ ᠠᠯᠲᠠᠨ ᠤ᠋ ᠴᠡᠳᠢᠭ ᠲᠤ᠌ ᠥᠭᠦᠯᠡᠭᠰᠡᠨ ᠨᠢ ᠂ ᠯᠦᠩ ᠴᠢᠩ ᠦ᠋ᠨ ᠲᠠᠪᠤᠳᠤᠭᠠᠷ ᠣᠨ ᠤ᠋ ᠵᠢᠷᠭᠤᠭᠠᠨ ᠰᠠᠷ᠎ᠠ ᠶ᠋ᠢᠨ ᠠᠷᠪᠠᠨ ᠭᠤᠷᠪᠠᠨ ᠠ᠋ᠴᠠ ᠬᠣᠷᠢᠨ ᠵᠢᠷᠭᠤᠭᠠᠨ ᠤ᠋ ᠡᠳᠦᠷ ᠬᠦᠷᠲᠡᠯ᠎ᠡ ᠵᠠᠩ ᠭᠡᠷ ᠠᠮᠠᠰᠠᠷ (张家口) ᠲᠤᠷ ᠠᠷᠠᠯᠵᠢᠶ᠎ᠠ ᠨᠡᠭᠡᠭᠡᠭᠰᠡᠨ᠎ᠡ ᠬᠠᠷᠠᠴᠢᠨ ᠤ᠋ ᠬᠦᠨᠳᠦᠯᠡᠨ ᠬᠠᠭᠠᠨ ᠪᠠ ᠵᠦᠩᠰᠢᠶᠡᠪᠦ ᠶ᠋ᠢᠨ ᠳᠠᠢᠴᠢᠩ ᠲᠠᠢᠵᠢ ᠨᠠᠷ ᠨᠡᠢᠲᠡ 1993 ᠠᠭᠲᠠ ᠠᠷᠠᠯᠵᠢᠵᠤ ᠨᠢᠭᠡ ᠲᠦᠮᠡ ᠲᠠᠪᠤᠨ  ᠮᠢᠩᠭ᠎ᠠ ᠬᠣᠶᠠᠷ ᠵᠠᠭᠤ ᠳᠠᠯᠠᠨ ᠳᠣᠯᠣᠭᠠᠨ ᠯᠠᠩ ᠮᠥᠩᠭᠥ ᠣᠯᠵᠤᠬᠤᠢ ᠭᠡᠪᠡ ᠃ ᠡᠨᠳᠡ  ᠮᠢ᠌ᠠᠩ ᠬᠣᠲᠠ ᠭᠡᠵᠦ ᠪᠢᠴᠢᠭᠰᠡᠨ ᠨᠢ ᠵᠠᠩ ᠭᠡᠷ ᠠᠮᠠᠰᠠᠷ ᠢ᠋ ᠬᠠᠷᠢᠶᠠᠯᠠᠬᠤ  ᠰᠢᠸᠠᠩ ᠬᠣᠲᠠ (宣镇) ᠶ᠋ᠢ  ᠡᠨᠳᠡᠭᠦᠦ ᠪᠢᠴᠢᠭᠰᠡᠨ ᠪᠣᠯᠤᠯᠲᠠᠢ ᠃ 

       ᠦᠯᠡᠮᠵᠢ ᠮᠠᠰᠢ ᠨᠡᠷ᠎ᠡ ᠰᠠᠩ ᠬᠤᠳᠠᠯᠳᠤ ᠭᠠᠷᠭᠠᠭᠰᠠᠨ ᠤᠴᠢᠷ ᠢᠨᠦ ᠲᠡᠢᠮᠦ ᠪᠥᠯᠥᠭᠡ ᠂ 
       ᠮᠥᠨ ᠬᠦ᠌ ᠲᠡᠷᠡ ᠴᠢᠭᠤᠯᠭᠠᠨ ᠲᠡᠬᠡᠷᠡ ᠶᠡᠬᠡ ᠲᠥᠷᠥ ᠰᠡᠰᠢᠭ ᠦᠭᠡᠢ ᠪᠣᠯᠲᠤᠭᠠᠢ ᠭᠡᠮᠡᠨ ᠂ 
       ᠮᠣᠩᠭᠣᠯ ᠬᠢᠲᠠᠳ ᠬᠣᠶᠠᠷ ᠶᠡᠬᠡ ᠤᠯᠤᠰ ᠴᠢᠭᠤᠯᠵᠤ ᠳᠠᠪᠲᠠᠨ ᠂ 
       ᠮᠥᠩᠬᠡ ᠲᠡᠭᠷᠢ ᠳ᠋ᠦ᠍ᠷ ᠰᠠᠴᠤᠯᠢ ᠰᠠᠴᠤᠵᠤ ᠠᠮᠠᠨ ᠠᠯᠳᠠᠯᠳᠤᠵᠤ ᠪᠡᠬᠢᠯᠡᠨ ᠂ 
       ᠮᠥᠨ ᠲᠡᠭᠦᠨ ᠡᠴᠡ ᠬᠤᠢᠨᠠᠬᠠᠰ ᠢ᠋ ᠶᠡᠬᠡ ᠲᠥᠷᠥ ᠲᠣᠭᠲᠠᠭᠰᠠᠨ ᠰᠢᠯᠲᠠᠭᠠᠨ ᠢᠨᠦ ᠪᠥᠯᠥᠭᠡ ᠃ ᠮᠥᠨ ᠬᠦ᠌ ᠂ 
       ᠲᠡᠷᠡ ᠴᠢᠭᠤᠯᠠᠭᠠᠨ ᠲᠡᠭᠡᠷᠡ ᠬᠢᠲᠠᠳ ᠮᠣᠩᠭᠣᠯ ᠤ᠋ᠨ ᠶᠡᠬᠡ ᠪᠠᠬ᠎ᠠ ᠨᠣᠶᠠᠳ ᠪᠦᠭᠦᠳᠡᠭᠡᠷ ᠂ 
       ᠳᠡᠭᠡᠳᠦ ᠪᠣᠭᠳᠠ ᠠᠯᠲᠠᠨ ᠬᠠᠭᠠᠨ ᠤ᠋  ᠵᠠᠷᠯᠢᠭ ᠤ᠋ᠨ ᠶᠣᠰᠣᠭᠠᠷ ᠵᠣᠪᠠᠨ ᠶᠠᠪᠤᠵᠤ ᠂ 
       ᠳᠠᠢᠪᠢᠩ ᠶᠡᠬᠡ ᠲᠥᠷᠥ ᠶ᠋ᠢ ᠲᠣᠭᠲᠠᠭᠠᠵᠤ ᠳᠠᠢᠴᠢᠩ ᠡᠵᠡᠢ ᠶ᠋ᠢ ᠠᠴᠢᠷᠠᠪᠠ ᠬᠡᠮᠡᠵᠦ ᠂ 
       ᠳᠠᠷᠬᠠᠨ ᠰᠢᠭᠦᠯᠡᠩᠭᠡ ① ᠳ᠋ᠦ᠍ ᠦᠢᠵᠠᠩ ᠵᠠᠢᠰᠠᠩ ᠴᠣᠯᠠ ᠰᠣᠶᠣᠷᠬᠠᠵᠤ ᠳ᠋ᠠᠢ ᠳᠠᠷᠬᠠᠨ ② ᠪᠣᠯᠭᠠᠪᠠᠢ ᠃ 
— — — —
① ᠰᠢᠭᠦᠯᠡᠩᠭᠡ ᠪᠣᠯ ᠲᠤᠭᠤᠴᠢ ᠶ᠋ᠢᠨ ᠲᠤᠰᠢᠶᠠᠯ ᠨᠡᠷ᠎ᠡ ᠪᠣᠯᠤᠮᠤᠢ ᠃ ᠬᠢᠲᠠᠳ ᠪᠢᠴᠢᠭ ᠲᠣᠷ 收令哥 ᠭᠡᠵᠦ ᠪᠢᠴᠢᠳᠡᠭ ᠃ 
②《 ᠰᠠᠨ  ᠶᠦᠨ ᠴᠢᠦ ᠵᠦᠢ  ᠺᠡᠦ 》 ᠪᠢᠴᠢᠭ ᠲᠡᠬᠢ ᠮᠣᠩᠭᠣᠯ ᠦᠭᠡ ᠶ᠋ᠢᠨ ᠲᠠᠢᠯᠪᠤᠷᠢ ᠳ᠋ᠤ᠌ ᠳᠠᠷᠬᠠᠨ ᠭᠡᠬᠦ ᠦᠭᠡ ᠶ᠋ᠢ ᠲᠠᠢᠯᠪᠤᠷᠢᠯᠠᠨ ᠥᠭᠦᠯᠡᠭᠰᠡᠨ ᠨᠢ  ᠄ 《ᠮᠣᠩᠭᠣᠯ ᠤ᠋ᠨ ᠲᠠᠢᠵᠢ ᠶ᠋ᠢᠨ ᠬᠠᠷᠢᠶᠠᠲᠤ ᠪᠣᠯᠣᠭᠰᠠᠳ ᠲᠡᠢᠨ ᠪᠠᠢᠯᠳᠤᠭᠠᠨ ᠤ᠋ ᠳᠤᠮᠳᠠ ᠮᠣᠷᠢᠨ ᠠ᠋ᠴᠠᠭᠠᠨ  ᠣᠢᠴᠢᠭᠰᠠᠨ ᠲᠠᠢᠵᠢ ᠶ᠋ᠢ ᠡᠷᠭᠦᠨ ᠪᠤᠰᠬᠠᠵᠤ ᠠᠮᠢᠨ ᠢ᠋ ᠠᠪᠤᠷᠠᠭᠰᠠᠳ ᠪᠤᠶᠤ ᠡᠰᠡᠬᠦᠯ᠎ᠡ ᠲᠡᠢᠨ ᠪᠠᠢᠯᠳᠤᠭᠠᠨ ᠤ᠋ ᠳᠤᠮᠳᠠ ᠲᠠᠢᠵᠢ ᠬᠥᠮᠦᠨ ᠢ᠋ ᠠᠪᠤᠷᠠᠨ ᠲᠤᠰᠠᠯᠠᠭᠴᠢᠳ ᠲᠤ᠌ ᠡᠨᠡ ᠴᠣᠯᠠ ᠶ᠋ᠢ ᠣᠯᠭᠣᠨ᠎ᠠ ᠃ ᠮᠥᠨ ᠲᠡᠭᠦᠨᠴᠢᠯᠡᠨ ᠲᠠᠢᠵᠢ ᠬᠥᠮᠦᠨ ᠢ᠋ ᠠᠪᠤᠷᠠᠬᠤ ᠶ᠋ᠢᠨ ᠲᠥᠯᠥᠭᠡ ᠥᠪᠡᠷ ᠦ᠋ᠨ ᠪᠡᠶ᠎ᠡ ᠨᠥᠭᠴᠢᠭᠰᠡᠨ ᠪᠣᠯᠬᠤᠯ᠎ᠠ ᠲᠡᠭᠦᠨ ᠦ᠌ ᠲᠥᠷᠥᠭᠰᠡᠨ ᠬᠥᠪᠡᠭᠦᠨ ᠪᠠ ᠠᠴᠢ ᠨᠠᠷ ᠲᠤ᠌ ᠪᠠᠰᠠ ᠡᠨᠡ ᠴᠣᠯᠠ ᠶ᠋ᠢ ᠣᠯᠭᠣᠨ᠎ᠠ ᠃ ᠪᠠᠰᠠ ᠵᠦᠢᠯ ᠪᠦᠷᠢ ᠶ᠋ᠢᠨ  ᠤᠷᠠᠯᠢᠭᠴᠢᠳ ᠭᠠᠷ ᠤ᠋ᠨ ᠤᠷᠠᠨ ᠢ᠋ᠶ᠋ᠠᠷ ᠡᠯᠳᠡᠪ ᠰᠣᠨᠢᠨ ᠭᠠᠢᠬᠠᠮᠰᠢᠭ᠍ᠲᠤ ᠡᠳ᠋ᠯᠡᠯ ᠬᠡᠷᠡᠭᠯᠡᠬᠦᠨ ᠢ᠋ ᠦᠢᠯᠡᠳᠦᠭᠰᠡᠨ ᠪᠣᠯ ᠮᠥᠨ ᠡᠨᠡ ᠴᠣᠯᠠ ᠶ᠋ᠢ ᠣᠯᠭᠣᠨ᠎ᠠ 》 ᠭᠡᠵᠡᠢ ᠃ 《 ᠮᠣᠩᠭᠣᠯ ᠤ᠋ᠨ ᠵᠠᠩ ᠰᠣᠷᠲᠠᠬᠳ 》 (北虎风俗) ᠲᠤ᠌  ᠲᠡᠮᠳᠡᠭᠯᠡᠭᠰᠡᠨ ᠡᠴᠡ ᠦᠵᠡᠪᠡᠯ ᠂ ᠳᠠᠷᠬᠠᠨ ᠳ᠋ᠤ᠌ ᠳᠣᠣᠷᠠᠬᠢ ᠮᠡᠲᠦ ᠳᠥᠷᠪᠡᠨ ᠳᠡᠰ ᠢ᠋ᠶ᠋ᠠᠷ ᠴᠣᠯᠠ ᠣᠯᠭᠣᠳᠠᠭ : 《 ᠬᠥᠩᠭᠡᠨ ᠭᠠᠪᠢᠶᠠᠲᠠᠨ ᠳ᠋ᠤ᠌ ᠪᠠᠭᠠᠲᠤᠷ ᠳᠠᠷᠬᠠᠨ (把都儿打儿汉)᠂ ᠬᠦᠨᠳᠦ ᠭᠠᠪᠢᠶᠠᠲᠠᠨ ᠳ᠋ᠤ᠌ ᠣᠢᠵᠠᠩ ᠳᠠᠷᠬᠠᠨ (威静打儿汉) ᠴᠣᠯᠠ ᠥᠭᠳᠡᠭ ᠃ ᠡᠭᠦᠨ ᠡᠴᠡ ᠶᠡᠬᠡ ᠭᠠᠪᠢᠶᠠᠲᠠᠨ ᠳ᠋ᠤ᠌ ᠦᠢ ᠳᠠᠷᠬᠠᠨ (威打儿汉) ᠴᠣᠯᠠ ᠥᠭᠭᠦᠮᠦᠢ 》 ᠭᠡᠵᠡᠢ ᠃ ᠡᠨᠡ ᠳᠥᠷᠪᠡᠨ ᠳᠡᠰ ᠦ᠋ᠨ  ᠳᠠᠷᠬᠠᠨ ᠤ᠋ ᠳᠣᠲᠣᠷ᠎ᠠ ᠬᠠᠷᠢᠨ ᠮᠣᠩᠭᠣᠯ ᠰᠤᠷᠪᠤᠯᠵᠢ ᠪᠢᠴᠢᠭ ᠲᠦ᠍ ᠣᠯᠠᠨ ᠭᠠᠷᠳᠠᠭ ᠳ᠋ᠠᠢ ᠳᠠᠷᠬᠠᠨ ᠭᠡᠵᠦ ᠦᠭᠡᠢ ᠂ ᠬᠠᠷᠢᠨ ᠮᠣᠩᠭᠣᠯ ᠰᠤᠷᠪᠤᠯᠵᠢ ᠪᠢᠴᠢᠭ ᠲᠦ᠍ ᠶᠡᠷᠦ ᠡᠴᠡ ᠭᠠᠷᠳᠠᠭ ᠦᠭᠡᠢ ᠦᠢ ᠳᠠᠷᠬᠠᠨ ᠢ᠋  ᠲᠡᠮᠳᠡᠭᠯᠡᠵᠡᠢ ᠃ ᠪᠢᠳᠡ ᠡᠭᠦᠨ ᠢ᠋ ᠡᠷᠲᠡᠨ ᠦ᠌ ᠮᠣᠩᠭᠣᠯ ᠪᠢᠴᠢᠭ ᠲᠦ᠍ ᠦᠭᠡ ᠶ᠋ᠢᠨ ᠳᠡᠭᠡᠷ᠎ᠡ ᠣᠷᠣᠬᠤ  《 ᠳ᠋ᠡ‍ 》 ᠦᠰᠦᠭ ᠢ᠋ 《᠊ᠳ᠊   》 ᠭᠡᠵᠦ ᠪᠢᠴᠢᠳᠡᠭ ᠪᠠᠢᠳᠠᠯ  ᠯᠤᠭ᠎ᠠ ᠬᠠᠷᠢᠴᠠᠭᠤᠯᠤᠨ ᠰᠢᠨᠵᠢᠯᠡᠪᠡᠯ ᠂ ᠡᠨᠳᠡ ᠪᠢᠴᠢᠭᠳᠡᠭᠰᠡᠨ《 ᠦᠢ ᠳᠠᠷᠬᠠᠨ  》 ᠭᠡᠳᠡᠭ ᠨᠢ 《ᠤ᠋ᠨ᠌ᠢ ᠳᠠᠷᠬᠠᠨ 》 ᠭᠡᠵᠦ ᠪᠢᠴᠢᠭᠰᠡᠨ ᠡᠷᠲᠡᠨ ᠦ᠌ ᠪᠢᠴᠢᠯᠭᠡ ᠶ᠋ᠢ 《 ᠦᠢ ᠳᠠᠷᠬᠠᠨ 》 ᠭᠡᠵᠦ ᠠᠨᠳᠠᠭᠤᠷᠠᠨ ᠲᠡᠮᠳᠡᠭᠯᠡᠭᠰᠡᠨ ᠪᠠᠢᠬ᠎ᠠ ᠭᠡᠵᠦ ᠪᠣᠳᠣᠨ᠎ᠠ ᠃ 

       ᠬᠢᠲᠠᠳ ᠮᠣᠩᠭᠣᠯ ᠤ᠋ᠨ ᠶᠡᠬᠡ ᠲᠥᠷᠥ ᠶ᠋ᠢ ᠠᠢᠯᠡᠭᠦᠯᠪᠡ ᠭᠡᠮᠡᠨ ᠲᠠᠢᠮᠢᠩ ᠬᠠᠭᠠᠨ ᠂ 
       ᠬᠬᠢᠷ ᠦᠭᠡᠢ ᠬᠣᠶᠠᠷ ᠶᠡᠬᠡ ᠤᠯᠤᠰ ᠢ᠋ ᠠᠮᠤᠭᠤᠯᠪᠠ ᠬᠡᠮᠡᠵᠦ ᠠᠴᠢᠯᠠᠨ ᠂ 
       ᠬᠢᠴᠢᠶᠡᠵᠦ ᠶᠠᠪᠤᠭᠰᠠᠨ ᠤ᠋ ᠲᠤᠯᠠ ᠭᠥᠯᠥᠭᠡ ᠳ᠋ᠦ᠍ ᠴᠢᠬᠣᠢ ᠴᠣᠯᠠ ᠰᠢᠷᠠ ᠪᠢᠴᠢᠭ ᠰᠣᠶᠣᠷᠬᠠᠪᠠᠢ ᠂ 
       ᠬᠢᠩ ᠬᠢᠩ ᠢ᠋ᠶ᠋ᠡᠷ ᠳᠠᠮ ᠯᠠᠨ ᠲᠤᠰᠠᠯᠠᠯᠳᠤᠭᠰᠠᠨ ᠤ᠋ ᠲᠤᠯᠠ ᠲᠤᠭᠤᠴᠢ ᠳᠠᠢᠰᠢ ᠂  ᠠᠳᠤᠰᠠ ᠬᠣᠶᠠᠷ ᠢ᠋ ᠲᠡᠢ ᠳᠠᠷᠬᠠᠨ ᠪᠣᠯᠭᠠᠪᠠᠢ ᠃ 
       ᠴᠠᠭᠯᠠᠰᠢ ᠦᠭᠡᠢ ᠠᠯᠲᠠᠨ ᠬᠠᠭᠠᠨ ᠡᠬᠢᠯᠡᠨ ᠭᠤᠷᠪᠠᠨ ᠲᠦᠮᠡᠨ ᠦ ᠨᠣᠶᠠᠳ ᠂ 
       ᠴᠠᠭᠠᠵᠠᠯᠠᠵᠤ ᠬᠢᠲᠠᠳ ᠮᠣᠩᠭᠣᠯ ᠤ᠋ᠨ ᠲᠥᠷᠥ ᠶ᠋ᠢ ᠬᠡᠯᠡᠯᠳᠦᠵᠦ ᠪᠠᠷᠢᠯᠳᠤᠭᠠᠳ ᠂ 
       ᠴᠠᠭ ᠦᠭᠡᠢ ᠶᠡᠬᠡ ᠰᠠᠩ ᠬᠤᠳᠠᠯ ᠳ᠋ᠤ᠌ ᠲᠤᠷᠯᠠᠭᠰᠠᠨ ᠢ᠋ᠶ᠋ᠠᠨ ᠠᠪᠤᠭᠠᠳ ᠂ 
       ᠴᠠᠭᠠᠨ ᠬᠣᠨᠢᠨ ᠵᠢᠯ᠎ᠠ ᠬᠬᠢᠷ ᠨᠠᠭᠤᠷ① ᠤ᠋ᠨ ᠤᠮᠠᠷ᠎ᠠ ᠡᠭᠦᠳᠡᠨ ᠴᠣᠯ ᠨᠡᠷᠡᠲᠦ ᠭᠠᠵᠠᠷ᠎ᠠ ᠬᠠᠷᠢᠵᠤ ᠪᠠᠭᠤᠪᠠᠢ ᠃ 
       ᠲᠡᠭᠦᠨ ᠡᠴᠡ ᠬᠣᠢᠨᠠᠭᠰᠢᠳᠠ ᠬᠢᠲᠠᠳ ᠮᠣᠩᠭᠣᠯ ᠤ᠋ᠨ ᠶᠡᠬᠡ ᠲᠥᠷᠥ ᠲᠣᠭᠲᠠᠵᠤ ᠂ 
       ᠲᠡᠭᠰᠢ ᠶᠡᠬᠡ ᠤᠯᠤᠰ ᠬᠥᠯ ᠬᠦᠰᠡᠷ᠎ᠡ ᠭᠠᠷ ᠭᠠᠵᠠᠷ᠎ᠠ ᠠᠮᠤᠵᠤ 
       ᠲᠠᠶᠤᠨ ᠶᠡᠬᠡ ᠤᠯᠤᠰ ᠢ᠋ ᠦᠯᠡᠮᠵᠢ ᠮᠠᠰᠢ ᠵᠢᠷᠭᠠᠭᠤᠯᠵᠤ ᠂ 
       ᠳᠠᠢᠪᠢᠩ ᠶᠡᠬᠡ ᠲᠥᠷᠥ ᠲᠣᠭᠲᠠᠭᠰᠠᠨ ᠢᠨᠤ ᠲᠡᠢᠮᠦ ᠪᠥᠯᠥᠭᠡ ᠃ 
       ᠭᠠᠢᠬᠠᠮᠰᠢᠭ ᠪᠣᠭᠳᠠ ᠠᠯᠲᠠᠨ ᠬᠠᠭᠠᠨ ᠡᠭᠦᠨ ᠡᠴᠡ ᠳᠡᠭᠡᠭᠰᠢᠳᠡ ᠢᠳᠡ ᠨᠠᠰᠤᠨ ᠳ᠋ᠤᠷ ᠢ᠋ᠶ᠋ᠠᠨ ᠂ 
       ᠬᠠᠳᠠᠩᠭᠤᠢ ᠪᠡᠷᠬᠡ ᠦᠢᠯᠡᠰ ᠢ᠋ᠶ᠋ᠡᠷ ᠬᠠᠲᠠᠭᠤᠵᠢᠨ ᠶᠠᠪᠤᠵᠤ ᠂ 
       ᠭᠠᠳᠠᠭᠠᠳᠤ ᠳᠥᠴᠢᠨ ᠲᠠᠪᠤᠨ ᠶᠡᠬᠡ ᠪᠠᠢᠷᠢ ᠠᠪᠴᠤ ᠪᠦᠷ ᠦ᠋ᠨ ᠂ 
       ᠬᠠᠷᠢᠲᠠᠨ ᠳᠠᠢᠰᠤᠨ ᠢ᠋ ᠥᠪᠡᠷ ᠦ᠋ᠨ ᠡᠷᠬᠡ ᠳ᠋ᠦ᠍ᠷ ᠢ᠋ᠶ᠋ᠡᠨ ᠣᠷᠣᠭᠤᠯᠤᠭᠰᠠᠨ ᠶᠠᠪᠤᠳᠠᠯ ᠢᠨᠤ ᠲᠡᠢᠮᠦ ᠪᠥᠯᠥᠭᠡ ᠃ 
      
— — — —
① 《ᠮᠣᠩᠭᠣᠯ ᠤ᠋ᠨ ᠵᠠᠩ ᠰᠤᠷᠲᠠᠬᠤᠨ 》 (北虏风俗 ) ᠭᠡᠬᠦ ᠪᠢᠴᠢᠭ ᠲᠦ᠍ ᠺᠧ ᠡᠯ ( 克儿) ᠭᠡᠵᠦ ᠪᠢᠴᠢᠵᠦ ᠲᠠᠢᠴᠢᠩ ᠤᠯᠤᠰ ᠤ᠋ᠨ ᠦᠶ᠎ᠡ ᠳ᠋ᠡᠬᠢ ᠬᠢᠲᠠᠳ ᠪᠢᠴᠢᠭ ᠲᠦ᠍ ᠺᠧ ᠡᠯ ᠪᠧ( 奇儿泊 ) ᠭᠡᠵᠦ ᠲᠡᠮᠳᠡᠭᠯᠡᠪᠡ ᠃ᠤᠯᠠᠭᠠᠨᠴᠠᠪ ᠠᠢᠮᠠᠭ ᠤ᠋ᠨ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤᠨ ᠳ᠋ᠤ᠌ ᠪᠠᠢᠭ᠎ᠠ 黄旗海 ᠶ᠋ᠢᠨ ᠮᠣᠩᠭᠣᠯ ᠨᠡᠷ᠎ᠡ ᠪᠣᠯᠤᠨ᠎ᠠ ᠃ ᠠᠰᠠᠷᠠᠯᠲᠤ ᠠᠪᠤᠭᠠᠢ ᠶ᠋ᠢᠨ ᠮᠣᠩᠭᠣᠯᠴᠢᠯᠠᠭᠰᠠᠨ 《 ᠮᠣᠩᠭᠣᠯ ᠤ᠋ᠨ ᠵᠠᠩ ᠰᠤᠷᠲᠠᠬᠤᠨ ᠤ᠋ ᠲᠡᠮᠳᠡᠭᠯᠡᠯ 》 ᠳ᠋ᠦ᠍ 克儿 ᠶ᠋ᠢ 《 ᠬᠡᠭᠡᠷ᠎ᠡ 》 ᠭᠡᠮᠡᠨ ᠣᠷᠴᠢᠭᠤᠯᠤᠭᠰᠠᠨ ᠠᠨᠤ ᠪᠤᠷᠤᠭᠤ ᠪᠣᠯᠪᠠ ᠃ 

       ᠳᠡᠭᠡᠷ᠎ᠡ ᠲᠡᠭᠷᠢ ᠶ᠋ᠢᠨ ᠵᠠᠶᠠᠭ᠎ᠠ ᠪᠠᠷ ᠲᠥᠷᠥᠭᠰᠡᠨ 
       ᠲᠡᠯᠡᠬᠡᠷ ᠳ᠋ᠠᠬᠢᠨ ᠤ᠋ ᠡᠵᠡᠨ ᠪᠣᠭᠳᠠ ᠠᠯᠲᠠᠨ ᠰᠡᠴᠡᠨ  ᠬᠠᠭᠠᠨ ᠂ 
       ᠳᠡᠭᠡᠳᠦ ᠪᠡᠭᠰᠪᠠ  ᠯᠠᠮᠠ ᠂ ᠰᠡᠴᠡᠨ ᠬᠠᠭᠠᠨ ① ᠬᠣᠶᠠᠷ ᠤ᠋ᠨ ᠪᠠᠢᠭᠤᠯᠤᠭᠰᠠᠨ ᠂ 
       ᠳᠡᠩᠰᠡᠯ ᠦᠭᠡᠢ ᠨᠣᠮ ᠤ᠋ᠨ ᠱᠠᠰᠢᠨ ᠢ᠋ ② ᠲᠥᠷᠥ ᠶ᠋ᠢ ᠰᠠᠨᠠᠵᠤ ᠪᠦᠷ ᠦ᠋ᠨ ᠃ 
       ᠡᠳᠦᠷ ᠦᠯᠦ ᠤᠮᠠᠷᠲᠠᠨ ᠂ ᠰᠥᠨᠢ ᠦᠯᠦ ᠤᠮᠳᠠᠨ ᠂ 
       ᠡᠷᠬᠡᠲᠦ ᠭᠡᠭᠡᠨ ᠰᠡᠳᠬᠢᠯ ᠳ᠋ᠡᠭᠡᠨ ᠬᠦᠰᠡᠵᠦ ᠶᠠᠪᠤᠨ ᠠᠲᠠᠯ᠎ᠠ ᠂ 
       ᠡᠷᠲᠡᠨ ᠦ᠌ ᠬᠤᠷᠢᠶᠠᠭᠰᠠᠨ ᠪᠤᠶᠠᠨ  ᠢᠷᠦᠭᠡᠯ ᠦ᠋ᠨ ᠬᠦᠴᠦᠨ ᠢ᠋ᠶ᠋ᠡᠷ ᠂ 
       ᠡᠮ᠎ᠡ ᠴᠠᠭᠠᠨ ᠬᠣᠨᠢᠨ ᠵᠢᠯ᠎ᠠ ③ᠠᠰᠢᠩ ᠬᠡᠮᠡᠬᠦ ᠯᠠᠮᠠ ④ ᠢᠷᠡᠵᠦ ᠪᠦᠷ ᠦ᠋ᠨ ᠃ 
       ᠠᠯᠲᠠᠨ ᠰᠡᠴᠡᠨ ᠬᠠᠭᠠᠨ᠎ᠠ ᠡᠢᠨ ᠭᠡᠮᠡᠨ ᠠᠢᠯᠠᠳᠬᠠᠨ ᠤᠴᠢᠷ ᠤ᠋ᠨ 
       《 ᠠᠢ ! ᠶᠡᠬᠡ ᠬᠠᠭᠠᠨ ᠲᠥᠷᠥᠯ ᠲᠤᠲᠤᠮ ᠪᠤᠷᠬᠠᠨ ᠤ᠋ ᠴᠢᠭᠤᠯᠭᠠᠨ ᠬᠤᠷᠢᠶᠠᠭᠰᠠᠨ ᠢ᠋ᠶ᠋ᠠᠷ ᠂ 
       ᠠᠩᠬᠠᠨ ᠤ᠋ ᠳᠡᠭᠡᠳᠦ ᠬᠠᠭᠠᠨ ᠬᠥᠮᠦᠨ ᠪᠣᠯᠤᠨ ᠲᠥᠷᠥᠭᠰᠡᠨ ᠴᠢᠨᠦ ᠡᠨᠡ ᠪᠤᠶᠤ ! 
— — — —
① ᠬᠤᠪᠢᠯᠠᠢ ᠰᠡᠴᠡᠨ ᠬᠠᠭᠠᠨ ᠢ᠋ ᠥᠭᠦᠯᠡᠵᠦ ᠪᠣᠢ ᠃ 
② 《ᠱᠠᠰᠢᠨ ᠢ᠋ 》 ᠭᠡᠳᠡᠭ ᠨᠢ 《 ᠱᠠᠰᠢᠨ 》 ᠤ᠋ ᠭᠡᠰᠡᠨ ᠦᠭᠡ᠃ 
③ᠯᠦᠩ ᠴᠢᠩ ᠦ᠋ᠨ ᠲᠠᠪᠤᠳᠤᠭᠠᠷ ᠣᠨ (1571 ) 
④ᠠᠰᠢᠩ ᠯᠠᠮᠠ ᠭᠡᠳᠡᠭ ᠨᠢ  ᠠᠯᠢᠭ (阿哩克 )ᠠᠢᠮᠠᠭ ᠤ᠋ᠨ ᠬᠥᠮᠦᠨ ᠪᠣᠯᠬᠤ ᠣᠴᠢᠷ᠎ᠠ 《 ᠡᠷᠳᠡᠨᠢ ᠶ᠋ᠢᠨ ᠲᠣᠪᠴᠢ 》 ᠳ᠋ᠤ᠌  ᠠᠯᠢᠭ ᠯᠠᠮᠠ ᠭᠡᠵᠡᠢ᠃ 

       ᠠᠷᠢᠭᠤᠨ᠎ᠠ ᠦᠯᠡᠮᠵᠢ ᠮᠠᠰᠢ ᠡᠨᠡ ᠨᠠᠰᠤᠨ ᠳ᠋ᠤᠷ ᠢ᠋ᠶ᠋ᠠᠨ ᠪᠤᠷᠬᠠᠨ ᠤ᠋ ᠱᠠᠰᠢᠨ ᠨᠣᠮ ᠤ᠋ᠳ ᠢ᠋ ᠳᠡᠯᠭᠡᠷᠡᠭᠦᠯᠦᠭᠡᠳ ᠂ 
       ᠪᠤᠷᠰᠠᠩ ᠬᠤᠸᠠᠷᠠᠭ ① ᠦ᠋ᠳ ᠦ᠋ᠨ ᠠᠢᠮᠠᠭ ᠤ᠋ᠳ ᠢ᠋ ᠲᠣᠭᠲᠠᠭᠠᠵᠤ ᠂ 
       ᠪᠤᠶᠠᠨ ᠪᠡᠯᠭᠡ ᠪᠢᠯᠢᠭ ᠦ᠋ᠨ ᠴᠢᠭᠤᠯᠭᠠᠨ ᠢ᠋ ᠬᠤᠷᠢᠶᠠᠪᠠᠰᠤ ᠡᠯ᠎ᠡ ᠂ 
       ᠪᠣᠭᠳᠠ ᠴᠢᠬᠢᠷᠸᠠᠲᠠᠢ ᠬᠠᠭᠠᠨ ᠮᠡᠲᠦ ᠬᠣᠲᠠᠯᠠ ᠲᠠ ᠠᠯᠳᠠᠷᠰᠢᠮᠤᠢ  ᠢ᠋ ᠎ᠡ  ᠴᠢ! 
       ᠬᠡᠵᠢᠶ᠎ᠡ ᠡᠨᠡ ᠨᠠᠰᠤᠨ ᠤ᠋ ᠡᠴᠦᠰ ᠲᠦ᠍ᠷ ᠬᠦᠷᠪᠡᠰᠦ ᠡᠯᠡ ᠂ 
       ᠬᠡᠲᠦᠷᠬᠡᠶ᠎ᠡ ᠪᠤᠷᠬᠠᠨ ᠤ᠋ ᠬᠤᠲᠤᠭ ᠲᠤᠷ ᠬᠦᠷᠦᠭᠡᠳ ᠂ 
       ᠭᠡᠯᠭᠦ ᠬᠠᠮᠤᠭ ᠠᠮᠢᠲᠠᠨ ᠢ᠋ ᠨᠢᠭᠦᠯᠡᠰ ᠦ᠋ᠨ ᠤᠳᠣᠷᠢᠳᠳᠤᠮᠤᠢ ᠶ᠋ᠢ ᠠ᠋ ᠴᠢ! 》 
       ᠭᠡᠮᠡᠨ ᠨᠣᠮᠯᠠᠨ ᠠᠷᠢᠭᠤᠨ᠎ᠠ ᠠᠢᠯᠠᠳᠬᠠᠨ ᠥᠴᠢᠭᠰᠡᠨ ᠳ᠋ᠦ᠍ᠷ ᠃ 
       ᠲᠡᠨᠳᠡ ᠡᠴᠡ ᠠᠯᠲᠠᠨ ᠬᠠᠭᠠᠨ ᠠᠰᠢᠩ  ᠯᠠᠮᠠ ᠠ᠋ᠴᠠ ᠡᠢᠨ ᠠᠰᠠᠭᠤᠷᠤᠨ: 
       《 ᠲᠡᠳᠡᠭᠡᠷ ᠥᠭᠦᠯᠡᠭᠰᠡᠨ ᠦᠭᠡ ᠴᠢᠨᠦ ᠣᠶᠤᠨ ᠳ᠋ᠤᠷ ᠮᠢᠨᠦ ᠣᠷᠣᠪᠠᠢ ᠂ 
— — — —
①ᠪᠤᠷᠰᠠᠩ ᠭᠡᠳᠡᠭ ᠨᠢ ᠣᠯᠠᠨ ᠲᠣᠭᠠᠲᠠᠨ ᠂ ᠪᠦᠯᠦᠭ ᠭᠡᠰᠡᠨ ᠤᠳᠬ᠎ᠠ ᠲᠠᠢ ᠃ ᠬᠤᠸᠠᠷᠠᠭ ᠢ᠋ ᠪᠠᠰᠠ ᠬᠤᠪᠠᠷᠠᠭ ᠭᠡᠵᠦ ᠪᠢᠴᠢᠬᠦ ᠨᠢ ᠪᠣᠢ ᠃ ᠪᠤᠷᠰᠠᠩ ᠬᠤᠸᠠᠷᠠᠭ ᠭᠡᠭᠴᠢ ᠨᠢ ᠬᠤᠸᠠᠷᠠᠭ ᠨᠠᠷ ᠢ᠋ ᠥᠭᠦᠯᠡᠭᠰᠡᠨ ᠦᠭᠡ ᠪᠣᠯᠤᠨ᠎ᠠ ᠃ 

       ᠲᠡᠢᠨ ᠢ᠋ᠶ᠋ᠡᠷ ᠪᠥᠭᠡᠰᠦ ᠭᠤᠷᠪᠠᠨ ᠡᠷᠳᠡᠨᠢ ᠬᠡᠮᠡᠬᠦ ᠶᠠᠮᠪᠠᠷ ᠪᠣᠢ ? 》 ᠬᠡᠮᠡᠪᠡᠰᠦ ᠂ 
       ᠲᠡᠷᠡ ᠯᠠᠮᠠ ᠵᠠᠷᠯᠢᠭ ᠪᠣᠯᠵᠤ 《 ᠭᠤᠷᠪᠠᠨ ᠡᠷᠳᠡᠨᠢ ᠬᠡᠮᠡᠬᠦ ᠪᠤᠶᠤ ᠠᠳᠠᠯᠢᠳᠬᠠᠰᠤᠭᠠᠢ ᠪᠢ ᠂ 
       ᠪᠤᠷᠬᠠᠨ ᠂ ᠨᠣᠮ ᠂ ᠪᠤᠷᠰᠠᠩ ᠬᠤᠸᠠᠷᠠᠭ ᠡᠨᠡ ᠭᠤᠷᠪᠠᠨ ᠪᠣᠯᠠᠢ ᠂ 
       ᠪᠤᠷᠬᠠᠨ ᠢ᠋ ᠡᠷᠢᠨ ᠪᠠᠷᠢᠭᠰᠠᠨ ᠢ᠋ᠶ᠋ᠠᠷ ᠪᠤᠰᠤ ᠲᠡᠭᠷᠢ ᠨᠡᠷ᠎ᠡ ᠦᠯᠦ ᠮᠥᠷᠭᠥᠭᠳᠡᠬᠦᠢ ᠂ 
       ᠪᠣᠭᠳᠠ ᠨᠣᠮ ᠢ᠋ ᠡᠷᠢᠨ ᠪᠠᠷᠢᠭᠰᠠᠨ ᠢ᠋ᠶ᠋ᠠᠷ ᠪᠤᠰᠤᠳ ᠤ᠋ᠨ ᠠᠮᠢᠨ ᠳ᠋ᠤᠷ ᠬᠣᠣᠷ ᠦᠯᠦ ᠬᠦᠷᠭᠡᠭᠳᠡᠬᠦᠢ ᠂ 
       ᠪᠤᠷᠰᠠᠩ ᠬᠤᠸᠠᠷᠠᠭ ᠤ᠋ᠳ ᠢ᠋ ᠡᠷᠢᠨ ᠪᠠᠷᠢᠭᠰᠠᠨ ᠢ᠋ᠶ᠋ᠠᠷ ᠪᠤᠰᠣᠴᠠᠷ ᠲᠡᠷᠰ ᠦᠵᠡᠯᠲᠡᠨ ᠢ᠋ ᠦᠯᠦ ᠪᠢᠰᠢᠷᠡᠭᠳᠡᠬᠦᠢ 》᠂ ᠭ
       ᠡᠮᠡᠨ ᠨᠣᠮᠯᠠᠨ ᠠᠢᠯᠠᠳᠬᠠᠨ ᠤᠬᠠᠭᠤᠯᠵᠤ ᠪᠦᠷ ᠦ᠋ᠨ ᠂ 
       ᠭᠡᠲᠦᠯᠭᠡᠭᠴᠢ ᠬᠣᠩᠰᠢᠮ ᠪᠤᠸᠠᠳᠢᠰᠠᠳᠤᠸᠠ① ᠶ᠋ᠢᠨ ᠵᠢᠷᠭᠤᠭᠠᠨ ᠦᠰᠦᠭ ᠢ᠋ ᠂ 
       ᠭᠡᠭᠡᠨ ᠬᠠᠭᠠᠨ ᠬᠠᠲᠤᠨ ᠵᠥᠩᠬᠢᠨ ᠡᠬᠢᠯᠡᠨ ᠬᠠᠮᠤᠭ ᠪᠦᠭᠦᠳᠡ ᠳ᠋ᠦ᠍ᠷ ᠤᠳᠤᠷᠢᠭᠤᠯᠰᠤᠨ ᠢ᠋ ᠦᠵᠡᠭᠦᠯᠵᠦ ᠂ 
       ᠭᠡᠮ ᠦᠭᠡᠢ 0) ᠤᠸᠠ ᠮᠠ᠋ ᠸᠢ ᠫᠠᠳ᠋ᠮᠸ‍ 0) ② ᠾᠤᠤ ᠬᠡᠮᠡᠵᠦ ᠬᠢᠴᠢᠶᠡᠭᠳᠡᠬᠦᠢ ᠃ 
— — — —
①ᠰᠠᠨᠰᠷᠺᠷᠢᠲ ᠦᠭᠡbodhisattva ᠭᠡᠳᠡᠭ ᠦ᠋ᠨ ᠠᠪᠢᠶᠠᠴᠢᠯᠠᠭᠰᠠᠨ ᠣᠷᠴᠢᠭᠤᠯᠭ᠎ᠠ ᠪᠣᠯᠤᠨ᠎ᠠ ᠂ ᠹᠦᠰᠠ ᠬᠡᠮᠡᠬᠦ ᠤᠳᠬ᠎ᠠ ᠲᠠᠢ ᠃ ᠬᠣᠩᠰᠢᠮ ᠪᠤᠸᠠᠳᠢᠰᠠᠳᠤᠸᠠ ᠶ᠋ᠢ ᠪᠠᠰᠠ ᠬᠣᠩᠰᠢᠮ ᠪᠣᠳᠢᠰᠤᠩ ᠂ ᠬᠣᠩᠰᠢᠮ ᠪᠣᠳᠢᠰᠠᠲᠤ ᠪᠤᠶᠤ ᠠᠷᠢᠶᠠᠪᠠᠯᠤ ᠭᠡᠳᠡᠭ ᠃  ᠬᠢᠲᠠᠳ ᠢ᠋ᠶ᠋ᠡᠷ ᠭᠤᠸᠠᠨ ᠶᠢᠨ  ᠹᠦᠰᠡ (观音菩萨) ᠭᠡᠨ᠎ᠡ᠃ 
②ᠳ᠋ᠦᠨ ᠬᠤᠸᠠᠩ(燉煌) ᠳ᠋ᠠᠬᠢ ᠮᠦᠸᠧ ᠭᠣᠣ  ᠺᠦ(莫高窟)  ᠠᠭᠤᠢ ᠳ᠋ᠠᠬᠢ ᠶᠤᠸᠠᠨ ᠤᠯᠤᠰ ᠤ᠋ᠨ ᠦᠶ᠎ᠡ ᠶ᠋ᠢᠨ ᠬᠥᠰᠢᠶ᠎ᠡ ᠴᠢᠯᠠᠭᠤᠨ ᠤ᠋ ᠪᠢᠴᠢᠭ ᠲᠦ᠍ ᠤᠤᠮ ᠮᠠᠨᠢ ᠪᠠᠳᠮᠢ ᠬᠣᠩ ᠭᠡᠵᠦ ᠪᠢᠴᠢᠵᠡᠢ ᠃