ᠬᠠᠪᠤᠷ ᠡᠷᠲᠡ – ᠪ᠂ ᠪᠦᠷᠢᠨᠪᠡᠬᠢ Хавар эрт – Б ᠂ Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠡᠷᠲᠡ – ᠪ᠂ ᠪᠦᠷᠢᠨᠪᠡᠬᠢ Хавар эрт – Б ᠂ Бүрэнбэх

ᠬᠠᠪᠤᠷ ᠡᠷᠲᠡ – ᠪ᠂ ᠪᠦᠷᠢᠨᠪᠡᠬᠢ Хавар эрт – Б ᠂ Бүрэнбэх

2023-05-13

292

ᠬᠠᠪᠤᠷ ᠡᠷᠲᠡ


     ᠬᠥᠪᠡᠭᠡ ᠦᠭᠡᠢ ᠪᠢᠳᠤᠷᠢᠶᠠᠨ ᠬᠥᠬᠡ ᠣᠭᠲᠠᠷᠭᠤᠢ ᠃ ᠬᠠᠰ ᠴᠠᠭᠠᠨ ᠂ ᠴᠠᠰᠤ ᠴᠠᠭᠠᠨ ᠡᠭᠦᠯᠡ ᠃ ᠲᠡᠭᠦᠨ ᠦ᠌ ᠨᠠᠭᠠᠭᠤᠷ ᠬᠡᠳᠦᠨ ᠤᠷᠠᠨ ᠬᠠᠷᠢᠶᠠᠴᠠᠢ ᠭᠡᠨᠡᠳᠲᠡ ᠳᠡᠭᠡᠭᠰᠢ ᠂ ᠭᠡᠨᠡᠳᠲᠡ ᠳᠣᠭᠣᠭᠰᠢ ᠂ ᠭᠡᠨᠡᠳᠲᠡ ᠵᠥᠷᠢᠯᠳᠦᠨ ᠂ ᠭᠡᠨᠡᠳᠲᠡ ᠵᠡᠷᠭᠡᠴᠡᠵᠦ ᠪᠡᠶᠡᠰᠦᠨ  ᠨᠢᠰᠦᠯᠬᠢᠯᠡᠭᠰᠡᠭᠡᠷ ᠬᠡᠦᠬᠡᠨ ᠬᠠᠪᠤᠷ ᠤ᠋ᠨ ᠢᠷᠡᠭᠰᠡᠨ ᠢ᠋ ᠬᠥᠳᠡᠭᠡ ᠨᠤᠲᠤᠭ ᠲᠤ᠌ ᠶᠠᠭᠠᠷᠠᠨ ᠮᠡᠳᠡᠭᠡᠯᠡᠨ᠎ᠡ ᠃  
     ᠨᠢᠰᠬᠦ ᠰᠢᠪᠠᠭᠤ ᠠ᠋ ᠂ ᠨᠢᠰᠬᠦ ᠰᠢᠪᠠᠭᠤ ᠠ᠋ ᠂ ᠨᠢᠭᠡᠳᠦᠯ ᠦ᠋ᠨ ᠬᠠᠪᠤᠷ ᠴᠢᠮ᠎ᠠ ᠠᠴᠠ ᠤᠷᠢᠲᠠᠵᠠᠢ ᠰᠢᠦ ᠄  
     ᠬᠢᠵᠠᠭᠠᠷ ᠦᠭᠡᠢ ᠰᠢᠷᠠᠩᠭᠤᠢ ᠨᠣᠭᠣᠭᠠᠨ ᠲᠠᠯ᠎ᠠ ᠃ ᠬᠤᠨ ᠴᠠᠭᠠᠨ ᠂ ᠲᠤᠩ ᠴᠠᠭᠠᠨ ᠰᠦᠷᠦᠭ ᠃ ᠲᠡᠭᠦᠨ ᠦ᠌ ᠴᠠᠭᠠᠭᠤᠷ ᠬᠠᠷ᠎ᠠ ᠬᠠᠯᠢᠭᠤᠨ ᠮᠣᠷᠢᠲᠠᠢ ᠬᠡᠳᠦᠨ ᠬᠣᠨᠢᠴᠢᠨ ᠬᠡᠦᠬᠡᠨ ᠬᠡᠰᠡᠭ ᠡᠰᠢ ᠪᠡᠨ ᠂ ᠬᠡᠰᠡᠭ ᠳᠠᠰᠢ ᠪᠠᠨ ᠂ ᠬᠡᠰᠡᠭ ᠪᠥᠭᠡᠮᠨᠡᠷᠡᠵᠦ ᠂ ᠬᠡᠰᠡᠭ ᠲᠠᠷᠬᠠᠵᠤ ᠂ ᠪᠡᠶᠡᠰᠦᠨ ᠳᠠᠪᠬᠢᠯᠳᠤᠭᠰᠠᠭᠠᠷ ᠨᠢᠭᠡᠳᠦᠯ ᠦ᠋ᠨ ᠬᠣᠨᠢᠨ  ᠰᠦᠷᠦᠭ ᠡᠴᠡ ᠲᠥᠯ ᠲᠤᠰᠤᠨ᠎ᠠ ᠃ 
     ᠨᠢᠰᠦᠨ ᠳᠠᠪᠬᠢᠭᠴᠡᠢ ᠲᠡᠳᠡᠭᠡᠷ ᠬᠣᠨᠢᠴᠢᠨ ᠬᠡᠦᠬᠡᠨ ᠨᠦ᠍ᠭᠦᠳ ᠨᠢ ᠨᠢᠭᠡᠳᠦᠯ ᠦ᠋ᠨ ᠬᠠᠪᠤᠷ ᠤ᠋ᠨ ᠬᠠᠷᠢᠶᠠᠴᠠᠢ ᠪᠢᠰᠢᠦ !
     ᠬᠠᠢᠯᠤᠭᠰᠠᠨ ᠴᠠᠰᠤᠨ ᠤ᠋ ᠨᠠᠷᠢᠨ ᠤᠷᠤᠰᠬᠠᠯ ᠃ ᠬᠡᠰᠦᠭᠰᠡᠨ ᠭᠠᠵᠠᠷ ᠤ᠋ᠨ ᠵᠥᠭᠡᠯᠡᠨ ᠱᠢᠷᠤᠢ ᠃ ᠤᠷᠢᠬᠠᠨ ᠰᠠᠯᠬᠢᠨ ᠬᠠᠶᠠ ᠰᠡᠷᠴᠢᠭᠢᠨᠡᠨ ᠂ ᠬᠠᠶᠠ ᠵᠣᠭᠰᠣᠵᠤ ᠂ ᠬᠠᠶᠠ ᠴᠢᠩᠭᠠᠷᠠᠨ ᠂ ᠬᠠᠶᠠ ᠨᠠᠮᠠᠭᠷᠠᠭᠰᠠᠭᠠᠷ ᠴᠢᠭᠢᠭ ᠦ᠋ᠨ ᠦᠨᠦᠷ ᠂ ᠱᠢᠷᠤᠢ ᠶ᠋ᠢᠨ ᠦᠨᠦᠷ ᠂ ᠵᠤᠯᠵᠠᠭ᠎ᠠ ᠨᠣᠭᠣᠭᠠᠨ ᠤ᠋ ᠦᠨᠦᠷ ᠢ᠋ ᠲᠠᠯ᠎ᠠ ᠳᠦᠭᠦᠷᠡᠩ ᠬᠠᠩᠬᠤᠯᠤᠭᠤᠯᠤᠨ ᠦᠯᠢᠶᠡᠵᠦ ᠬᠡᠦᠬᠡᠨ ᠬᠠᠪᠤᠷ ᠤ᠋ᠨ ᠬᠦᠷᠴᠦ ᠢᠷᠡᠭᠰᠡᠨ ᠢ᠋ ᠬᠥᠳᠡᠭᠡ ᠨᠤᠲᠤᠭ ᠲᠤ᠌ ᠶᠠᠭᠠᠷᠠᠨ ᠮᠡᠳᠡᠭᠡᠯᠡᠨ᠎ᠡ ᠃  
     ᠠᠩᠬᠢᠯᠬᠤ ᠦᠨᠦᠷ ᠠ᠋ ᠂ ᠠᠩᠬᠢᠯᠬᠤ ᠦᠨᠦᠷ ᠠ᠋ ᠂ ᠠᠯᠠᠢ ᠬᠡᠳᠦᠢᠨ ᠬᠠᠪᠤᠷ ᠪᠣᠯᠵᠠᠢ ᠰᠢᠦ ᠄ 
     ᠨᠢᠭᠡᠳᠦᠯ ᠦ᠋ᠨ ᠰᠠᠭᠠᠯᠢᠴᠢᠳ ᠤ᠋ᠨ ᠳᠠᠭᠤᠤ ᠶ᠋ᠢᠨ ᠠᠶᠠᠯᠭᠤ ᠬᠠᠶᠠ ᠲᠣᠳᠣᠷᠬᠠᠢ ᠂ ᠬᠠᠶᠠ ᠪᠠᠯᠠᠷᠬᠠᠢ ᠂ ᠬᠠᠶᠠ ᠤᠷᠲᠤ ᠂ ᠬᠠᠶᠠ ᠪᠤᠭᠤᠢ ᠂ ᠰᠣᠨᠣᠰᠳᠠᠵᠤ ᠤᠭᠤᠷᠠᠭ ᠤ᠋ᠨ ᠦᠨᠦᠷ ᠂  ᠰᠦᠨ ᠦ᠌ ᠦᠨᠦᠷ ᠂ ᠵᠥᠭᠡᠬᠡᠢ ᠶ᠋ᠢᠨ ᠦᠨᠦᠷ ᠢ᠋ ᠠᠢᠯ ᠤ᠋ᠨ ᠵᠠᠬ᠎ᠠ ᠂ ᠬᠦᠷᠢᠶᠡᠨ ᠦ᠌ ᠴᠠᠭᠠᠨ᠎ᠠ ᠂ ᠭᠡᠷ ᠦ᠋ᠨ ᠭᠠᠳᠠᠨ᠎ᠠ ᠬᠥᠪᠦᠭᠦᠯᠦᠨ ᠠᠪᠴᠢᠷᠠᠨ᠎ᠠ ᠃ 
     ᠬᠥᠪᠦᠨ ᠠᠩᠭᠢᠯᠠᠬᠤ ᠴᠠᠭᠠᠨ ᠢᠳᠡᠭᠡᠨ ᠦ᠌ ᠦᠨᠦᠷ ᠨᠢ ᠬᠥᠳᠡᠭᠡ ᠶ᠋ᠢᠨ ᠬᠠᠪᠤᠷ ᠤ᠋ᠨ ᠠᠭᠤᠷ ᠪᠢᠰᠢᠦ !
     ᠴᠡᠩᠬᠡᠷ ᠤᠨᠢᠶᠠᠷ ᠣᠷᠢᠶᠠᠭᠰᠠᠨ ᠮᠠᠨᠤᠬᠤ ᠶ᠋ᠢᠨ ᠪᠣᠷᠣ ᠬᠠᠳᠠᠨ ᠤ᠋ ᠡᠩᠭᠡᠷ ᠢ᠋ᠶ᠋ᠡᠷ ᠰᠦ ᠴᠠᠭᠠᠨ ᠂ ᠰᠤᠪᠤᠳ ᠴᠠᠭᠠᠨ ᠭᠦᠢᠯᠡᠰᠦᠨ ᠴᠡᠴᠡᠭ ᠦ᠋ᠨ ᠴᠣᠮᠣᠷᠯᠢᠭ ᠪᠠᠭᠯᠠᠷᠠᠨ ᠰᠠᠭᠤᠵᠤ ᠵᠠᠷᠢᠮ ᠨᠢ ᠠᠩᠭᠠᠰᠬᠢᠵᠦ ᠂ ᠵᠠᠷᠢᠮ ᠨᠢ ᠬᠠᠮᠬᠢᠭᠰᠠᠭᠠᠷ ᠥᠷᠯᠥᠭᠡ ᠥᠩᠭᠡᠷᠡᠬᠦ ᠨᠢᠭᠡᠳᠦᠯ ᠦ᠋ᠨ ᠬᠣᠨᠢᠴᠢᠨ ᠳ᠋ᠤ᠌᠂ ᠦᠳᠡᠰᠢ ᠳᠠᠭᠠᠷᠢᠬᠤ ᠨᠢᠭᠡᠳᠦᠯ ᠦ᠋ᠨ ᠠᠳᠤᠭᠤᠴᠢᠨ ᠳ᠋ᠤ᠌ ᠲᠣᠯᠤᠠᠭᠠᠢ ᠪᠠᠨ ᠲᠣᠬᠢᠯᠵᠤ ᠬᠡᠦᠬᠡᠨ ᠬᠠᠪᠤᠷ ᠤ᠋ᠨ ᠬᠦᠷᠴᠦ ᠢᠷᠡᠭᠰᠡᠨ ᠢ᠋ ᠬᠥᠳᠡᠭᠡ ᠨᠤᠲᠤᠭ ᠲᠤ᠌ ᠶᠠᠭᠠᠷᠠᠨ ᠮᠡᠳᠡᠭᠡᠯᠡᠨ᠎ᠡ ᠃  
     ᠪᠢᠲᠡᠭᠦᠦ ᠴᠣᠮᠣᠷᠯᠢᠭ ᠠ᠋ ᠂ ᠪᠢᠲᠡᠭᠦᠦ ᠴᠣᠮᠣᠷᠯᠢᠭ ᠠ᠋ ᠂ ᠪᠢᠳᠡ ᠶ᠋ᠢᠨ ᠬᠠᠪᠤᠷ ᠴᠢᠮ᠎ᠠ ᠠ᠋ᠴᠠ ᠤᠷᠢᠲᠠᠵᠠᠢ ᠰᠢᠦ ᠄
     ᠨᠢᠭᠡᠳᠦᠯ ᠦ᠋ᠨ ᠬᠡᠦᠬᠡᠳ ᠦ᠋ᠨ ᠴᠡᠴᠡᠷᠯᠢᠭ ᠦ᠋ᠨ ᠭᠠᠳᠠᠨ᠎ᠠ ᠂ ᠴᠡᠴᠡᠭ ᠰᠢᠭ᠋ ᠤᠯᠠᠭᠠᠨ ᠠᠯᠴᠢᠭᠤᠷ ᠲᠠᠢ ᠂ ᠨᠠᠪᠴᠢ ᠰᠢᠭ᠋ ᠨᠣᠭᠣᠭᠠᠨ ᠬᠤᠪᠴᠠᠰᠤ ᠲᠠᠢ ᠪᠦᠯᠦᠭ ᠬᠡᠦᠬᠡᠳ ᠦ᠋ᠨ ᠵᠠᠷᠢᠮ ᠨᠢ ᠭᠦᠶᠦᠨ ᠂ ᠵᠠᠷᠢᠮ ᠨᠢ ᠦᠰᠦᠷᠬᠢᠯᠡᠵᠦ ᠂ ᠵᠠᠷᠢᠮ ᠨᠢ ᠪᠥᠵᠢᠭᠯᠡᠨ ᠂ ᠵᠠᠷᠢᠮ ᠨᠢ ᠳᠠᠭᠤᠯᠠᠭᠰᠠᠭᠠᠷ ᠮᠠᠨᠳᠤᠨ ᠭᠠᠷᠬᠤ ᠥᠷᠯᠥᠭᠡ ᠶ᠋ᠢᠨ ᠠᠯᠲᠠᠨ ᠨᠠᠷᠠᠨ ᠢ᠋ ᠮᠠᠷᠢᠶᠠᠲᠠᠢ ᠵᠢᠵᠢᠭ ᠭᠠᠷ ᠢ᠋ᠶ᠋ᠠᠷ ᠢ᠋ᠶ᠋ᠠᠨ ᠲᠣᠰᠣᠨ ᠠᠪᠤᠨ᠎ᠠ ᠃  
     ᠮᠠᠭᠰᠢᠨ ᠲᠣᠭᠯᠠᠵᠤ ᠪᠠᠢᠭ᠎ᠠ ᠡᠳᠡᠭᠡᠷ ᠬᠡᠦᠬᠡᠳ ᠨᠢ ᠮᠠᠯᠴᠢᠳ ᠤ᠋ᠨ ᠬᠠᠪᠤᠷ ᠤ᠋ᠨ ᠴᠡᠴᠡᠭ ᠪᠢᠰᠢᠦ !
                              1961 .4