ᠮᠡᠷᠭᠡᠨ ᠭᠠᠯᠠᠭᠤ ᠲᠡᠨᠡᠭ ᠮᠡᠯᠡᠬᠡᠢ ᠶᠢᠨ ᠦᠯᠢᠭᠡᠷ-ᠬᠡᠦᠬᠡᠳ ᠦᠨ ᠦᠯᠢᠭᠡᠷМэргэн галуу тэнэг мэлхийн үлгэр _ Хүүхдийн үлгэр _ Mergen galuu teneg melhiin
ᠮᠡᠷᠭᠡᠨ ᠭᠠᠯᠠᠭᠤ ᠲᠡᠨᠡᠭ ᠮᠡᠯᠡᠬᠡᠢ ᠶᠢᠨ ᠦᠯᠢᠭᠡᠷ
ᠡᠷᠲᠡ ᠤᠷᠢᠳᠤ ᠶᠢᠨ ᠴᠠᠭ ᠲᠤ ᠨᠢᠭᠡᠨ ᠴᠥᠭᠦᠷᠦᠮ ᠳᠦ ᠬᠣᠶᠠᠷ ᠭᠠᠯᠠᠭᠤ ᠨᠢᠭᠡ ᠲᠡᠨᠡᠭ ᠮᠡᠯᠡᠬᠡᠢ ᠬᠠᠮᠲᠤ ᠠᠮᠢᠳᠤᠷᠠᠳᠠᠭ ᠪᠠᠢᠵᠠᠢ᠃ ᠪᠣᠷᠣᠭ᠎ᠠ ᠬᠤᠷ᠎ᠠ ᠣᠷᠣᠬᠤ ᠦᠭᠡᠢ ᠤᠳᠠᠭᠰᠠᠨ ᠪᠣᠯᠬᠣᠷ ᠭᠠᠩ ᠭᠠᠴᠢᠭ ᠨᠦᠷᠢᠯᠡᠵᠦ ᠴᠥᠭᠥᠷᠥᠮ ᠤᠨ ᠤᠰᠤ ᠰᠢᠷᠭᠢᠬᠦ ᠳᠦ ᠬᠦᠷᠴᠡᠢ᠃ ᠬᠣᠶᠠᠷ ᠭᠠᠯᠠᠭᠤ ᠥᠭᠡᠷ᠎ᠡ ᠨᠠᠭᠤᠷ ᠤᠷᠤᠭᠤ ᠨᠢᠰᠬᠦ ᠡᠴᠡ ᠥᠭᠡᠷ᠎ᠡ ᠠᠷᠭ᠎ᠠ ᠦᠭᠡᠢ ᠳᠤ ᠬᠦᠷᠴᠡᠢ᠃ ᠭᠡᠪᠡᠴᠦ ᠲᠡᠷᠡ ᠬᠣᠶᠠᠷ ᠤᠳᠠᠭᠠᠨ ᠨᠠᠢᠵᠠᠯᠠᠵᠤ ᠨᠥᠬᠥᠷᠯᠡᠭᠰᠡᠨ ᠮᠡᠯᠡᠬᠡᠢ ᠨᠠᠢᠵᠠ ᠶᠢ ᠪᠠᠨ ᠣᠷᠬᠢᠭᠠᠳ ᠶᠠᠪᠤᠬᠤ ᠠᠴᠠ ᠶᠡᠬᠡᠳᠡ ᠥᠷᠦ ᠡᠪᠡᠳᠴᠦ ᠴᠢ ᠪᠢᠳᠡᠨ ᠲᠠᠢ ᠬᠠᠮᠲᠤ ᠶᠠᠪᠤᠭᠠᠴᠢ! ᠭᠡᠵᠡᠢ᠃ ᠮᠡᠯᠡᠬᠡᠢ ᠬᠡᠳᠦᠢᠪᠡᠷ ᠬᠠᠮᠲᠤ ᠶᠠᠪᠤᠬᠤ ᠶᠢ ᠬᠦᠰᠡᠵᠦ ᠶᠠᠪᠤᠵᠤ ᠴᠢᠳᠠᠬᠤ ᠦᠭᠡᠢ ᠭᠡᠳᠡᠭ ᠢᠶᠡᠨ ᠮᠡᠳᠡᠭᠡᠳ ᠄ 《ᠬᠡᠩ᠂ ᠲᠠ ᠬᠣᠶᠠᠷ ᠳᠠᠯᠠᠪᠴᠢ ᠪᠠᠨ ᠳᠡᠯᠭᠡᠭᠡᠳ ᠯᠠ ᠨᠢᠰᠦᠭᠡᠳ ᠶᠠᠪᠤᠴᠢᠬᠠᠨ᠎ᠠ᠂ ᠬᠠᠷᠢᠨ ᠪᠢ ᠬᠥᠯ ᠢᠶᠡᠷ ᠢᠶᠡᠨ ᠳᠡᠪᠬᠡᠷᠦᠭᠡᠳ ᠳᠡᠪᠬᠡᠷᠦᠭᠡᠳ ᠲᠠ ᠬᠣᠶᠠᠷ ᠢ ᠶᠠᠭᠠᠬᠢᠵᠤ ᠴᠤ᠌ ᠭᠦᠢᠴᠡᠭᠦᠪ ᠳ᠋ᠠ!》 ᠭᠡᠵᠡᠢ᠃
ᠰᠠᠢᠬᠠᠨ ᠰᠡᠳᠭᠢᠯᠲᠦ ᠬᠣᠶᠠᠷ ᠭᠠᠯᠠᠭᠤ ᠨᠢᠭᠡᠨ ᠮᠡᠷᠭᠡᠨ ᠰᠠᠨᠠᠭ᠎ᠠ ᠣᠯᠣᠭᠰᠠᠨ
ᠶᠤᠮᠰᠠᠨᠵᠠᠢ᠃ ᠢᠩᠭᠢᠭᠡᠳ ᠲᠡᠷᠡ ᠬᠣᠶᠠᠷ ᠨᠢᠭᠡ ᠪᠤᠷᠭᠠᠰᠤ ᠶᠢᠨ ᠤᠷᠳᠤᠬᠠᠨ ᠮᠥᠴᠢᠷ ᠠᠪᠤᠭᠠᠳ ᠮᠡᠯᠡᠬᠡᠢ ᠳᠦ
ᠢᠩᠭᠢᠵᠦ ᠬᠡᠯᠡᠵᠡᠢ᠄ 《 ᠴᠢ ᠡᠨᠡ ᠮᠣᠳᠣᠨ ᠠᠴᠠ ᠠᠮᠠ ᠪᠠᠷ ᠢᠶᠠᠨ ᠵᠠᠭᠤᠭᠠᠳ ᠶᠠᠪᠤ ᠂ ᠬᠠᠷᠢᠨ
ᠪᠢᠳᠡ ᠬᠣᠶᠠᠷ ᠦᠵᠦᠭᠦᠷ ᠡᠴᠡ ᠨᠢ ᠳᠠᠮᠵᠢᠯᠠᠭᠠᠳ ᠨᠢᠰᠦᠶ᠎ᠡ᠃ ᠬᠠᠷᠢᠨ ᠴᠢ ᠵᠠᠮ ᠳᠠᠭᠠᠨ ᠣᠭᠲᠣ ᠳᠤᠤᠭᠠᠷᠴᠤ
ᠪᠣᠯᠬᠤ ᠦᠭᠡᠢ ᠰᠢᠦ! ᠠᠮᠠ ᠪᠠᠨ ᠠᠩᠭᠠᠢᠪᠠᠯ ᠤᠨᠠᠵᠤ ᠦᠬᠦᠨ᠎ᠡ ᠰᠢᠦ!》 ᠭᠡᠬᠦ ᠳᠦ ᠮᠡᠯᠡᠬᠡᠢ ᠮᠠᠰᠢ ᠶᠡᠬᠡ
ᠪᠠᠶᠠᠷᠯᠠᠨ ᠲᠡᠷᠡ ᠳᠣᠣᠷ᠎ᠠ ᠨᠢ ᠄ 《ᠲᠡᠭᠡᠶ᠎ᠡ᠂
ᠲᠡᠭᠡᠶ᠎ᠡ》 ᠭᠡᠵᠦ ᠵᠥᠪᠰᠢᠶᠡᠷᠡᠵᠡᠢ᠃ ᠲᠡᠭᠡᠭᠡᠳ ᠬᠣᠶᠠᠷ ᠭᠠᠯᠠᠭᠤ ᠮᠡᠯᠡᠬᠡᠢ ᠶᠢ ᠪᠤᠷᠭᠠᠰᠤᠨ ᠠᠴᠠ
ᠵᠠᠭᠤᠯᠭᠠᠭᠠᠳ ᠥᠪᠡᠷᠰᠡᠳ ᠢᠶᠡᠨ ᠬᠣᠶᠠᠷ ᠲᠠᠯ᠎ᠠ ᠠᠴᠠ ᠨᠢ ᠳᠠᠮᠵᠢᠯᠠᠭᠠᠳ ᠨᠢᠰᠴᠦ ᠭᠡᠨ᠎ᠡ᠃ ᠥᠨᠳᠥᠷ ᠲᠦ ᠭᠠᠷᠴᠤ ᠦᠵᠡᠭᠡ ᠦᠭᠡᠢ ᠮᠡᠯᠡᠬᠡᠢ ᠠᠭᠤᠯᠠ
ᠨᠢᠷᠤᠭᠤ᠂ ᠠᠢᠯ ᠠᠮᠢᠲᠠᠨ᠂ ᠭᠣᠣᠯ ᠤᠰᠤ᠂ ᠠᠳᠤᠭᠤ ᠮᠠᠯ ᠭᠡᠳ ᠪᠦᠬᠦ ᠵᠦᠢᠯ ᠦᠨ ᠳᠡᠭᠡᠭᠦᠷ ᠬᠥᠭᠡᠷᠦᠨ
ᠨᠢᠰᠴᠦ ᠶᠠᠪᠤᠭ᠎ᠠ ᠳᠠᠭᠠᠨ ᠣᠩᠭᠢᠷᠠᠵᠤ ᠥᠪᠡᠷ ᠢᠶᠡᠨ
ᠨᠢᠰᠴᠦ ᠶᠠᠪᠤᠭ᠎ᠠ ᠶᠤᠮ ᠰᠢᠭ᠋ ᠯᠠ
ᠳᠣᠲᠣᠷ᠎ᠠ ᠪᠠᠨ ᠶᠡᠬᠡᠳᠡ ᠪᠠᠬᠠᠷᠬᠠᠨ ᠬᠥᠭᠡᠷᠴᠦ ᠶᠠᠪᠤᠲᠠᠯ᠎ᠠ ᠭᠡᠨᠡᠳᠲᠡ ᠲᠣᠣᠷ᠎ᠠ ᠠᠴᠠ ᠨᠢ ᠬᠡᠦᠬᠡᠳ ᠦᠳ᠄ 《
ᠬᠥᠶᠢ! ᠬᠥᠶᠢ! ᠲᠡᠭᠦᠨ ᠢ
ᠬᠠᠷ᠎ᠠ ᠳ᠋ᠠ! ᠮᠡᠯᠡᠬᠡᠢ ᠨᠢᠰᠴᠦ ᠶᠠᠪᠤᠨ᠎ᠠ᠂ ᠶᠠᠮᠠᠷ ᠤᠬᠠᠭᠠᠨ ᠲᠠᠢ ᠮᠡᠯᠡᠬᠡᠢ ᠪᠣᠢ?ᠬᠣᠶᠠᠷ ᠭᠠᠯᠠᠭᠤ ᠶᠢ ᠵᠠᠷᠤᠴᠠᠯᠠᠵᠤ ᠶᠠᠪᠤᠭ᠎ᠠ ᠶᠤᠮ ᠪᠠᠢᠨ᠎ᠠ》 ᠭᠡᠵᠦ ᠬᠠᠰᠬᠢᠷᠤᠯᠳᠤᠬᠤ ᠨᠢ
ᠰᠣᠨᠤᠰᠳᠠᠵᠠᠢ᠃
ᠡᠭᠦᠨ ᠢ ᠰᠣᠨᠣᠰᠣᠭᠰᠠ ᠮᠡᠯᠡᠬᠡᠢ ᠶᠡᠬᠡᠳᠡ ᠪᠠᠶᠠᠷᠯᠠᠨ ᠬᠥᠭᠡᠷᠴᠦ
᠄ 《 ᠲᠡᠢᠮᠦ ᠡ᠂ ᠪᠢ ᠡᠨᠡ ᠠᠷᠭ᠎ᠠ ᠶᠢ ᠪᠣᠳᠣᠵᠤ ᠣᠯᠣᠭᠰᠠᠨ ᠶᠤᠮ》 ᠭᠡᠵᠦ
ᠬᠡᠯᠡᠬᠦ ᠭᠡᠳ ᠠᠮᠠ ᠪᠠᠨ ᠠᠩᠭᠠᠢᠲᠠᠯ᠎ᠠ ᠵᠠᠭᠤᠭᠰᠠᠨ ᠪᠤᠷᠭᠠᠰᠤ ᠪᠠᠨ ᠠᠯᠳᠠᠵᠤ ᠭᠠᠵᠠᠷ ᠲᠤ ᠨᠢᠴᠠ ᠤᠨᠠᠵᠤ ᠭᠡᠨ᠎ᠡ᠃
ᠣᠩᠭᠢᠷᠠᠭ᠎ᠠ ᠵᠠᠩ ᠣᠯᠢᠭ ᠦᠭᠡᠢ ᠭᠡᠳᠡᠭ ᠦᠨ ᠦᠯᠢᠭᠡᠷ ᠡᠨᠡ ᠪᠢᠯᠡ!
ᠦᠰᠦᠭ ᠠᠮᠢᠯᠠᠭᠤᠭᠰᠠᠨ ᠨᠢ᠄ ᠪᠦᠷᠢᠨᠴᠡᠴᠡᠭ
ᠦᠰᠦᠭ ᠬᠢᠨᠠᠭᠰᠠᠨ ᠨᠢ᠄ ᠨᠣᠮᠤᠴᠢᠨ· ᠪᠢᠯᠢᠭ᠂ ᠾᠦᠩ ᠸᠸᠢ᠂ ᠣᠶᠤᠨ᠂ ᠨᠠᠷᠠᠨ᠎ᠠ
