ᠦᠵᠦᠮᠦᠴᠢᠨ ᠨᠤᠲᠤᠭ- ᠣᠤᠠᠬᠠᠨᠵᠢᠷᠭᠠᠯ ᠪᠢᠯᠢᠭ᠌ᠪᠠᠭᠠᠲᠤᠷҮзэмчин нутаг-однханжаргал билэгбаатар
ᠦᠵᠦᠮᠦᠴᠢᠨ ᠨᠤᠲᠤᠭ
ᠠᠨᠳᠠ ᠬᠠᠮᠲᠤᠯᠢᠭ ᠳᠠᠭᠤᠯᠠᠨ᠎ᠠ
ᠣᠤᠠᠬᠠᠨᠵᠢᠷᠭᠠᠯ ᠪᠢᠯᠢᠭ᠌ᠪᠠᠭᠠᠲᠤᠷ
ᠦᠭᠡ ᠠᠶ᠎ᠠ ᠄ ᠰ · ᠡᠯᠳᠡᠩᠭᠡ
ᠮᠠᠩᠨᠤᠭ ᠴᠤ᠌ ᠲᠠᠯ᠎ᠠ ᠶ᠋ᠢᠨ ᠢ᠋ᠶ᠋ᠡᠨ ᠠᠭᠤᠳᠠᠮ ᠬᠥᠨᠳᠡᠢ ᠪᠡᠷ
ᠮᠥᠩᠭᠥᠨ ᠭᠣᠣᠯ ᠦ᠋ᠳ ᠮᠢᠷᠠᠯᠵᠠᠨ ᠤᠷᠤᠰᠤᠨ᠎ᠠ
ᠮᠠᠨᠠᠨ ᠲᠠᠢ ᠠᠭᠤᠯᠠ ᠶ᠋ᠢᠨ ᠢ᠋ᠶ᠋ᠡᠨ ᠵᠢᠮᠢᠰ ᠲᠡᠢ ᠣᠢ ᠪᠠᠷ ᠨᠢ
ᠮᠠᠭᠲᠠᠭᠠᠯᠴᠢᠨ ᠬᠥᠬᠥᠭᠡ ᠳᠠᠭᠤᠤ ᠪᠠᠨ ᠳᠠᠭᠤᠯᠠᠨ᠎ᠠ
ᠠᠢ ᠬᠥ ᠠᠢ ᠬᠥ
ᠥᠰᠴᠦ ᠲᠥᠷᠥᠭᠰᠡᠨ ᠦᠵᠦᠮᠦᠴᠢᠨ ᠨᠤᠲᠤᠭ ᠤ᠋ᠨ ᠢ᠋ᠶ᠋ᠠᠨ
ᠦᠵᠡᠰᠬᠦᠯᠡᠩᠲᠦ ᠪᠦᠬᠦᠨ ᠊ᠢ ᠪᠠᠬᠠᠷᠬᠠᠭᠠᠳ ᠪᠠᠷᠠᠨ᠎ᠠ ᠤᠤ ᠳᠠ
ᠠᠭᠤᠯᠠ ᠬᠥᠪᠴᠢ ᠳ᠋ᠦ᠍ ᠪᠡᠨ ᠠᠭᠤᠷᠬᠠᠢ ᠡᠷᠳᠡᠨᠢ ᠲᠡᠢ
ᠠᠭᠤᠳᠠᠮ ᠲᠠᠯ᠎ᠠ ᠳ᠋ᠤ᠌ ᠪᠠᠨ ᠪᠠᠶᠠᠨ ᠰᠦᠷᠦᠭ ᠲᠡᠢ
ᠺᠤᠮᠫᠠᠶ᠋ᠢᠨ ᠲᠣᠭᠯᠠᠭᠤᠯᠤᠭᠰᠠᠨ
ᠠᠯᠲᠠᠨ ᠲᠠᠷᠢᠶ᠎ᠠ ᠲᠠᠢ
ᠬᠣᠲᠠ ᠬᠥᠳᠡᠭᠡ ᠦᠭᠡᠢ ᠪᠠᠶᠠᠨ ᠵᠢᠷᠭᠠᠯ ᠲᠠᠢ
ᠠᠢ ᠬᠥ ᠠᠢ ᠬᠥ
ᠥᠷᠨᠢᠨ ᠬᠥᠭᠵᠢᠭᠰᠡᠨ ᠦᠵᠦᠮᠦᠴᠢᠨ ᠨᠤᠲᠤᠭ ᠤ᠋ᠨ ᠢ᠋ᠶ᠋ᠠᠨ
ᠦᠵᠡᠰᠬᠦᠯᠡᠩᠲᠦ ᠪᠦᠬᠦᠨ ᠊ᠢ ᠳᠠᠭᠤᠯᠠᠭᠠᠳ ᠪᠠᠷᠠᠨ᠎ᠠ ᠤᠤ ᠳᠠ
ᠠᠯᠳᠠᠷᠲᠤ ᠬᠤᠭᠤᠷᠴᠢᠨ ᠤ᠋ ᠮᠣᠷᠢᠨ ᠬᠤᠭᠤᠷ ᠬᠦᠩᠭᠢᠨᠡᠭᠰᠡᠨ
ᠠᠷᠢᠭᠤᠨ ᠬᠥᠳᠡᠯᠮᠦᠷᠢ ᠶ᠋ᠢᠨ ᠢᠷᠠᠭᠤ ᠳᠠᠭᠤᠤ ᠴᠤᠤᠷᠢᠶᠠᠳᠠᠭᠰᠠᠨ
ᠠᠶ᠋ᠢᠷᠠᠭ ᠲᠠᠷᠠᠭ ᠠᠩᠬᠢᠯᠤᠨ ᠬᠥᠭᠡᠰᠦᠷᠡᠭᠰᠡᠨ
ᠠᠰᠢᠳᠠ ᠶ᠋ᠢᠨ ᠵᠢᠷᠭᠠᠯ ᠢ᠋ᠶ᠋ᠠᠨ ᠪᠡᠯᠭᠡᠯᠡᠨ ᠵᠥᠩᠨᠡᠭᠰᠡᠨ
ᠠᠢ ᠬᠥ ᠠᠢ ᠬᠥ
ᠠᠯᠲᠠᠨ ᠥᠯᠥᠭᠡᠢ
ᠦᠵᠦᠮᠦᠴᠢᠨ ᠨᠤᠲᠤᠭ ᠤ᠋ᠨ ᠢ᠋ᠶ᠋ᠠᠨ
ᠠᠯᠤᠰ ᠢᠷᠡᠭᠡᠳᠦᠢ ᠶ᠋ᠢ ᠳᠠᠭᠤᠯᠠᠭᠠᠳ ᠪᠠᠷᠠᠨ᠎ᠠ ᠤᠤ ᠳᠠ
ᠠᠢ ᠬᠥ ᠠᠢ ᠬᠥ
ᠥᠰᠴᠦ ᠲᠥᠷᠥᠭᠰᠡᠨ ᠦᠵᠦᠮᠦᠴᠢᠨ ᠨᠤᠲᠤᠭ ᠤ᠋ᠨ ᠢ᠋ᠶ᠋ᠠᠨ
ᠦᠵᠡᠰᠬᠦᠯᠡᠩᠲᠦ ᠪᠦᠬᠦᠨ ᠊ᠢ ᠪᠠᠬᠠᠷᠬᠠᠭᠠᠳ ᠪᠠᠷᠠᠨ᠎ᠠ ᠤᠤ ᠳᠠ
ᠪᠠᠬᠠᠷᠬᠠᠭᠠᠳ ᠪᠠᠷᠠᠨ᠎ᠠ ᠤᠤ ᠳᠠ
ᠦᠰᠦᠭ ᠠᠮᠢᠯᠠᠭᠤᠯᠤᠭᠴᠢ ᠄ ᠬᠠᠰᠴᠢᠮᠡᠭ
