ᠵᠠᠩᠭᠠᠷ ᠤ᠋ᠨ ᠣᠷᠣᠰᠢᠯ ᠪᠦᠯᠦᠭ ᠦ᠋ᠨ ᠠᠷᠪᠠᠨ ᠬᠣᠶᠠᠳᠤᠭᠠᠷ ᠬᠡᠰᠡᠭᠯᠡᠯ-ᠡᠷᠬᠡ ᠬᠠᠷ᠎ᠠ ᠨᠢᠳᠦᠨ ᠪᠠᠭᠠᠲᠤᠷЖангарын оршил бөлгийн арван хоёрдугаар хэсэглэл-эрх хар нүдэн баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠣᠷᠣᠰᠢᠯ ᠪᠦᠯᠦᠭ ᠦ᠋ᠨ ᠠᠷᠪᠠᠨ ᠬᠣᠶᠠᠳᠤᠭᠠᠷ ᠬᠡᠰᠡᠭᠯᠡᠯ-ᠡᠷᠬᠡ ᠬᠠᠷ᠎ᠠ ᠨᠢᠳᠦᠨ ᠪᠠᠭᠠᠲᠤᠷЖангарын оршил бөлгийн арван хоёрдугаар хэсэглэл-эрх хар нүдэн баатар

ᠵᠠᠩᠭᠠᠷ ᠤ᠋ᠨ ᠣᠷᠣᠰᠢᠯ ᠪᠦᠯᠦᠭ ᠦ᠋ᠨ ᠠᠷᠪᠠᠨ ᠬᠣᠶᠠᠳᠤᠭᠠᠷ ᠬᠡᠰᠡᠭᠯᠡᠯ-ᠡᠷᠬᠡ ᠬᠠᠷ᠎ᠠ ᠨᠢᠳᠦᠨ ᠪᠠᠭᠠᠲᠤᠷЖангарын оршил бөлгийн арван хоёрдугаар хэсэглэл-эрх хар нүдэн баатар

ᠠᠩᠭᠢᠯᠠᠯ:ᠲᠤᠤᠯᠢᠰ
2023-05-12

726

ᠡᠷᠬᠡ ᠬᠠᠷ᠎ᠠ ᠨᠢᠳᠦᠨ ᠪᠠᠭᠠᠲᠤᠷ

ᠡᠷᠬᠡ ᠬᠠᠷ᠎ᠠ ᠨᠢᠳᠦᠨ ᠪᠠᠭᠠᠲᠤᠷ᠂
ᠠᠯᠳᠠᠷ ᠨᠣᠶᠠᠨ ᠪᠣᠭᠳᠠ ᠵᠠᠩᠭᠠᠷ ᠤ᠋ᠨ᠂
ᠠᠷᠪᠠᠨ ᠬᠣᠶᠠᠷ ᠪᠠᠭᠠᠲᠤᠷ ᠤ᠋ᠨ ᠨᠢᠭᠡ ᠨᠢ᠂
ᠵᠠᠶᠠᠭᠠᠴᠢ ᠠᠯᠳᠠᠷ ᠬᠠᠭᠠᠨ ᠤ᠋ ᠬᠥᠪᠡᠭᠦᠨ
ᠡᠷᠬᠡ ᠬᠠᠷ᠎ᠠ ᠨᠢᠳᠦᠨ  ᠢ᠋ ᠬᠡᠯᠡᠭᠡᠳ ᠦᠵᠡᠳᠡᠭ ᠪᠣᠯᠬᠤᠯ᠎ᠠ᠂
ᠨᠠᠶᠠᠨ ᠭᠣᠣᠯ ᠤ᠋ᠨ ᠬᠤᠯᠤᠰᠤᠨ ᠠ᠋ᠴᠠ᠂
ᠠᠷᠠᠢᠬᠠᠨ ᠣᠯᠳᠠᠭᠰᠠᠨ ᠰᠢᠷ᠎ᠠ ᠯᠢᠩᠪᠦ ᠶ᠋ᠢ᠂
ᠬᠤᠯᠤᠰᠤᠨ ᠳᠣᠲᠣᠷᠠᠬᠢ ᠬᠤᠨ ᠤ᠋ ᠳᠠᠭᠤᠨ᠂
ᠨᠠᠭᠤᠷ ᠤ᠋ᠨ ᠳᠣᠲᠣᠷᠠᠬᠢ ᠨᠤᠭᠤᠰᠤᠨ ᠤ᠋ ᠳᠠᠭᠤᠨ ᠭᠠᠷᠭᠠᠨ ᠲᠠᠲᠠᠳᠠᠭ ᠭᠡᠨ᠎ᠡ ᠯᠡ᠂
ᠳᠠᠯᠤ ᠡᠭᠡᠮ ᠢ᠋ᠶ᠋ᠡᠷ ᠢ᠋ᠶ᠋ᠡᠨ ᠳᠠᠯᠠᠨ ᠤ᠋ ᠱᠠᠪᠠ ᠳᠠᠭᠠᠳᠠᠭ ᠭᠡᠨ᠎ᠡ ᠯᠡ᠂
ᠳᠠᠪᠤᠰᠠᠭ ᠤ᠋ᠨ ᠡᠬᠢ ᠪᠡᠷ ᠢ᠋ᠶ᠋ᠡᠨ
ᠳᠠᠯᠠᠨ ᠵᠢᠳᠠ ᠶ᠋ᠢᠨ ᠦᠵᠦᠭᠦᠷ ᠳᠠᠭᠠᠳᠠᠭ ᠭᠡᠨ᠎ᠡ ᠯᠡ᠂
ᠡᠷᠳᠡᠨᠢ ᠶ᠋ᠢᠨ ᠬᠣᠩᠭᠣᠷ ᠬᠦᠯᠦᠭ ᠲᠡᠢ᠂
ᠡᠭᠡᠮ ᠳᠠᠯᠤ ᠲᠠᠢ ᠶᠠᠭᠤᠮᠠᠨ ᠤ᠋᠂
ᠳᠣᠣᠷ᠎ᠠ ᠨᠢ ᠲᠣᠰᠴᠤ ᠦᠵᠡᠭᠡᠳ ᠦᠭᠡᠢ᠂
ᠵᠠᠶᠠᠭᠠᠴᠢ ᠠᠯᠳᠠᠷ ᠬᠠᠭᠠᠨ ᠤ᠋ ᠬᠥᠪᠡᠭᠦᠨ᠂
ᠡᠷᠬᠡ ᠬᠠᠷ᠎ᠠ ᠨᠢᠳᠦᠨ ᠭᠡᠵᠦ ᠬᠡᠯᠡᠳᠡᠭ ᠰᠠᠨᠵᠠᠢ ᠭᠡᠨ᠎ᠡ ᠯᠡ᠃
ᠦᠭᠡᠰ ᠦ᠋ᠨ ᠲᠠᠢᠯᠪᠤᠷᠢ᠄
1
 ᠱᠠᠪᠠ᠁ ᠰᠢᠷᠬ᠎ᠠ᠃
2
᠂ ᠰᠠᠭᠠᠳᠠᠭ᠁ ᠨᠤᠮᠤ᠃
3
᠂ ᠡᠭᠡᠮ᠁ ᠮᠥᠷᠥ᠃


   ᠂ ᠨᠠᠷᠠᠰᠤ ᠪᠢᠴᠢᠵᠦ ᠲᠡᠮᠳᠡᠭᠯᠡᠪᠡ᠃

 

ᠡᠷᠬᠡ ᠬᠠᠷ᠎ᠠ ᠨᠢᠳᠦᠨ ᠪᠠᠭᠠᠲᠤᠷ ᠤᠨ ᠲᠠᠢᠯᠤᠮᠵᠢ