ᠲᠤᠩᠭᠠᠯᠠᠭ ᠲᠠᠮᠢᠷ4-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
ᠠᠩᠭᠢᠯᠠᠯ:ᠲᠤᠭᠤᠵᠢ ᠷᠣᠮᠠᠨТоож роман 2023-10-11
2378
《ᠬᠣᠭᠣᠯᠠ ᠰᠠᠢᠲᠠᠢ ᠨᠣᠬᠠᠢ ᠢᠩᠭᠢᠵᠦ ᠰᠠᠢᠨ ᠬᠤᠴᠠᠳᠠᠭ》 - ᠳᠥᠷᠪᠡᠳᠦᠭᠡᠷ ᠪᠦᠯᠦᠭ ᠨᠢᠭᠡ ᠵᠤᠨ ᠤ᠋ ᠰᠠᠢᠬᠠᠨ ᠥᠷᠯᠥᠭᠡ ᠭᠠᠳᠠᠨ᠎ᠠ ᠨᠢ ᠮᠠᠯ ᠪᠠᠭᠰᠢᠷᠠᠭᠰᠠᠨ ᠢᠲᠡᠭᠡᠯᠲᠦ ᠶ᠋ᠢᠨ ᠬᠣᠲᠠ ᠬᠥᠯ ᠬᠥᠭᠵᠢᠭᠡᠨ ᠶᠡᠬᠡᠲᠡᠢ ᠠᠵᠢ᠃ ᠨᠡᠢᠲᠡ ᠲᠠᠪᠤᠨ ᠭᠡᠷ ᠪᠠᠢᠭ᠎ᠠ ᠶ᠋ᠢᠨ ᠵᠡᠭᠦᠨ ᠬᠣᠢᠲᠤ ᠲᠠᠯ᠎ᠠ ᠶ᠋ᠢᠨ ᠳᠥᠷᠪᠡᠨ ᠬᠠᠨ᠎ᠠ ᠲᠠᠢ ᠵᠢᠵᠢᠭ ᠴᠠᠭᠠᠨ ᠭᠡᠷ ᠡᠴᠡ ᠪᠤᠰᠤᠳ ᠤ᠋ᠨ ᠲᠣᠭᠣᠨᠣ ᠡᠴᠡ ᠬᠠᠷ᠎ᠠ ᠮᠣᠳᠣᠨ ᠤ᠋ ᠥᠳᠬᠡᠨ ᠪᠠᠷᠠᠭᠠᠨ ᠤᠲᠤᠭ᠎ᠠ ᠡᠷᠴᠢᠯᠡᠨ ᠭᠠᠷᠤᠨ᠎ᠠ᠃ ᠡᠨᠡ ᠤᠲᠤᠭ᠎ᠠ ᠪᠣ...