ᠪᠠᠲᠤ ᠬᠠᠭᠠᠨ 2-12ᠢᠵᠢᠯ ᠮᠥᠷᠡᠨ ᠢ᠋ ᠭᠠᠲᠤᠯᠤᠭᠰᠠᠨ ᠨᠢ-ᠪᠠᠲᠤ ᠬᠠᠭᠠᠨ ᠥᠷᠥᠨ᠎ᠡ ᠵᠦᠭ ᠲᠦ᠍ ᠬᠥᠳᠡᠯᠦᠯ᠎ᠡ-Bat khaan Бат хаан-ᠷᠣᠮᠠᠨ
ᠠᠩᠭᠢᠯᠠᠯ:ᠲᠤᠭᠤᠵᠢ ᠷᠣᠮᠠᠨТоож роман 2025-09-27
405
ᠠᠷᠪᠠᠨ ᠬᠣᠶᠠᠷ ᠢᠵᠢᠯ ᠮᠥᠷᠡᠨ ᠢ᠋ ᠭᠠᠲᠤᠯᠤᠭᠰᠠᠨ ᠨᠢ ᠲᠡᠭᠦᠨ ᠡᠴᠡ ᠢᠵᠢᠯ ᠮᠥᠷᠡᠨ ᠳ᠋ᠦ᠍ ᠬᠦᠷᠦᠮᠡᠭᠴᠡ ᠪᠦᠬᠦ ᠮᠣᠩᠭᠣᠯ— ᠲᠠᠲ᠋ᠠᠷ ᠴᠡᠷᠢᠭ ᠢ᠋ ᠭᠤᠷᠪᠠᠨ ᠡᠳᠦᠷ ᠦ᠋ᠨ ᠳᠣᠲᠣᠷ᠎ᠠ ᠮᠥᠷᠡᠨ ᠢ᠋ ᠭᠠᠲᠤᠯᠵᠤ᠂ ᠲᠡᠷᠲᠡᠭᠡ ᠡᠷᠭᠢᠨ ᠳᠡᠭᠡᠷ᠎ᠡ ᠭᠠᠷᠬᠤ ᠲᠤᠰᠢᠶᠠᠯ ᠢ᠋ ᠶᠡᠬᠡ ᠵᠠᠩᠵᠤᠨ ᠠ᠋ᠴᠠ ᠥᠭᠴᠡᠢ᠃ ᠶᠠᠭᠠᠷᠠᠯᠲᠠᠢ ᠡᠯᠴᠢᠳ ᠴᠡᠷᠢᠭ ᠦ᠋ᠨ ᠬᠦᠷᠢᠶᠡᠨ ᠳᠣᠲᠣᠭᠤᠷ ᠳᠠᠪᠬᠢᠯᠳᠤᠪᠠ᠃ ᠵᠠᠷᠢᠮ ᠴᠡᠷᠢᠭ ᠦ᠋ᠨ ᠠᠩᠭᠢ ᠬᠦᠷᠦᠯᠴᠡᠨ ᠢᠷᠡᠭᠡ ᠦᠭᠡᠢ᠂...