ᠪᠠᠲᠤ ᠬᠠᠭᠠᠨ 4-01ᠣᠷᠣᠰ ᠤ᠋ᠨ ᠡᠯᠴᠢᠨ ᠪᠠᠲᠤ ᠬᠠᠭᠠᠨ ᠳ᠋ᠤ᠌ ᠢᠷᠡᠪᠡ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ
ᠳᠥᠷᠪᠡᠳᠦᠭᠡᠷ ᠪᠦᠯᠦᠭ ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ
ᠣᠷᠣᠰ ᠤ᠋ᠨ ᠪᠦᠬᠦ ᠭᠠᠵᠠᠷ ᠢ᠋ ᠪᠠᠷᠤᠭᠯᠠᠵᠤ ᠬᠥᠨᠥᠭᠡᠨ ᠬᠣᠭᠣᠰᠣᠷᠠᠭᠤᠯᠵᠤ ᠬᠡᠳᠦᠨ ᠵᠠᠭᠤᠨ ᠮᠢᠩᠭᠠᠨ ᠬᠥᠮᠦᠨ ᠦ᠌ ᠠᠮᠢ ᠶ᠋ᠢ ᠵᠠᠯᠭᠢᠨ ᠮᠠᠨ ᠤ᠋ ᠡᠬᠡ ᠣᠷᠣᠨ ᠢ᠋ ᠲᠦᠢᠮᠡᠷ ᠡᠪᠳᠡᠷᠡᠯ ᠢ᠋ᠶ᠋ᠡᠷ ᠪᠦᠷᠬᠦᠵᠦ ᠳᠣᠷᠣᠮᠵᠢᠯᠠᠭᠰᠠᠨ᠂ ᠡᠭᠦᠨ ᠰᠢᠭ᠌ ᠠᠶᠤᠯᠲᠠᠢ ᠳᠣᠪᠲᠣᠯᠭᠠᠨ ᠮᠠᠨ ᠤ᠋ ᠪᠦᠬᠦ ᠲᠡᠦᠬᠡᠨ ᠳ᠋ᠦ᠍ ᠪᠠᠢᠭ᠎ᠠ ᠦᠭᠡᠢ ᠪᠥᠭᠡᠳ ᠮᠠᠨ ᠤ᠋ ᠡᠴᠢᠭᠡ ᠡᠪᠦᠭᠡᠳ ᠦ᠋ᠨ ᠰᠠᠨᠠᠭ᠎ᠠ ᠰᠡᠳᠬᠢᠯ ᠢ᠋ ᠡᠢᠮᠦ ᠶᠡᠬᠡᠪᠡᠷ ᠳᠣᠭᠳᠣᠯᠤᠭᠤᠯᠤᠭᠰᠠᠨ ᠲᠠᠲ᠋ᠠᠷ ᠤ᠋ᠨ ᠳᠣᠷᠣᠮᠵᠢᠯᠠᠯ ᠢ᠋ ᠠᠷᠠᠳ ᠲᠦᠮᠡᠨ ᠡᠴᠡ ᠵᠠᠨᠤᠨ ᠵᠦᠬᠡᠭᠰᠡᠭᠡᠷ ᠪᠠᠢᠨ᠎ᠠ᠃
(ᠮᠢᠯᠯᠧᠷ ᠦ᠋ᠨ ᠦᠯᠢᠭᠡᠷ ᠡᠴᠡ ᠠᠪᠤᠪᠠ)
ᠨᠢᠭᠡ ᠣᠷᠣᠰ ᠤ᠋ᠨ ᠡᠯᠴᠢᠨ ᠪᠠᠲᠤ ᠬᠠᠭᠠᠨ ᠳ᠋ᠤ᠌ ᠢᠷᠡᠪᠡ
ᠲᠠᠲ᠋ᠠᠷ ᠤ᠋ᠳ ᠤ᠋ᠨ ᠲᠦᠷᠢᠮᠡᠬᠡᠢᠯᠡᠭᠴᠢᠳ ᠦ᠋ᠨ ᠳᠡᠪᠰᠢᠯᠲᠡ ᠶ᠋ᠢᠨ ᠲᠤᠬᠠᠢ ᠰᠣᠨᠣᠰᠳᠠᠬᠤ ᠨᠢ ᠠᠶᠤᠮᠰᠢᠭᠲᠠᠢ ᠤᠴᠢᠷ ᠸᠠᠩ ᠫᠧᠲ᠋ᠷ ᠵᠡᠷᠯᠢᠭ ᠲᠠᠯ᠎ᠠ ᠳ᠋ᠤ᠌ ᠣᠳᠬᠤ ᠶ᠋ᠢᠨ ᠡᠮᠦᠨ᠎ᠡ ᠰᠠᠢᠲᠤᠷ ᠡᠷᠭᠢᠴᠡᠭᠦᠯᠦᠨ ᠪᠣᠳᠣᠵᠤ ᠲᠥᠬᠥᠭᠡᠷᠬᠦ ᠬᠡᠷᠡᠭ ᠲᠡᠢ ᠪᠠᠢᠯ᠎ᠠ᠃ ᠹᠧᠦᠲᠦᠷ ᠬᠡᠳᠦᠢ ᠵᠠᠯᠠᠭᠤ ᠪᠣᠯᠪᠠᠴᠤ ᠶᠣᠰᠣᠲᠠᠢ ᠭᠡᠷ ᠲᠣᠯᠣᠭᠠᠢᠯᠠᠬᠤ ᠡᠵᠡᠨ ᠪᠥᠭᠡᠳ ᠲᠡᠭᠦᠨ ᠦ᠌ ᠬᠤᠷᠴᠠ ᠨᠢᠳᠦᠨ ᠡᠴᠡ ᠶᠠᠭᠤ ᠴᠥ᠍ ᠮᠤᠯᠲᠤᠷᠠᠵᠤ ᠪᠠᠢᠭᠰᠠᠨ ᠦᠭᠡᠢ ᠪᠢᠯᠡ᠃ ᠲᠡᠷᠡ ᠣᠯᠠᠨ ᠵᠦᠭ ᠡᠴᠡ ᠢᠷᠡᠭᠰᠡᠨ ᠸᠠᠩ᠂ ᠵᠠᠢᠰᠠᠩ᠂ ᠵᠠᠩᠭᠢ ᠨᠠᠷ ᠪᠣᠯᠤᠨ ᠬᠣᠲᠠ ᠶ᠋ᠢᠨ ᠵᠡᠭᠡᠯᠢ ᠪᠡᠷ ᠳᠦᠭᠦᠷᠡᠩ ᠠᠴᠢᠶ᠎ᠠ ᠲᠡᠷᠭᠡ ᠲᠡᠢ ᠲᠠᠷᠢᠶᠠᠴᠢᠳ ᠲᠠᠢ ᠴᠥᠮ ᠲᠡᠢ ᠨᠢ ᠶᠠᠷᠢᠯᠴᠠᠵᠤ᠂ ᠡᠳᠡᠭᠡᠷ ᠬᠥᠮᠦᠰ ᠣᠷᠣᠰ ᠤ᠋ᠨ ᠭᠠᠵᠠᠷ ᠣᠷᠣᠨ ᠤ᠋ ᠲᠥᠯᠥᠭᠡ ᠬᠦᠴᠦ ᠲᠡᠢ ᠲᠡᠮᠡᠴᠡᠬᠦ ᠡᠰᠡᠬᠦ ᠶ᠋ᠢ ᠮᠡᠳᠡᠬᠦ ᠶ᠋ᠢᠨ ᠲᠤᠯᠠ ᠮᠥᠨ ᠲᠠᠲ᠋ᠠᠷ ᠤ᠋ᠨ ᠬᠠᠭᠠᠨ ᠲᠠᠢ ᠤᠴᠠᠷᠠᠵᠤ᠂ ᠬᠡᠷᠬᠢᠨ ᠶᠠᠭᠤᠨ ᠤ᠋ ᠲᠤᠬᠠᠢ ᠶᠠᠷᠢᠯᠴᠠᠨ ᠲᠣᠭᠲᠠᠬᠤ ᠵᠡᠷᠭᠡ ᠪᠡᠨ ᠲᠥᠯᠥᠪᠯᠡᠵᠦ ᠪᠠᠢᠯ᠎ᠠ᠃ ᠪᠢᠳᠡ ᠥᠪᠡᠷᠰᠡᠳ ᠦ᠋ᠨ ᠴᠡᠭᠡᠵᠢ ᠪᠡᠷ ᠡᠬᠢᠨ ᠦ᠌ ᠴᠣᠬᠢᠯᠲᠠ ᠶ᠋ᠢ ᠬᠠᠯᠬᠠᠯᠠᠨ᠎ᠠ᠂ ᠪᠢᠳᠡᠨ ᠦ᠌ ᠲᠥᠯᠥᠭᠡ ᠪᠤᠤ ᠠᠶᠤᠭᠲᠤᠨ ᠭᠡᠵᠦ ᠴᠥᠮ ᠨᠢᠭᠡ ᠦᠭᠡ ᠬᠡᠯᠡᠳᠡᠭ ᠪᠠᠢᠯ᠎ᠠ᠃
ᠰᠦᠽᠳ᠋ᠠᠯᠢ ᠶ᠋ᠢᠨ ᠬᠥᠮᠦᠰ ᠮᠠᠨ ᠤ᠋ ᠠᠢᠯ ᠵᠡᠷᠭᠡᠯᠡᠭᠡ ᠪᠣᠯᠪᠠᠴᠤ ᠤᠷᠢᠳᠤ ᠶ᠋ᠢᠨ ᠠᠳᠠᠯᠢ ᠮᠠᠨ ᠤ᠋ ᠳ᠋ᠤ᠌ ᠲᠤᠰᠠᠯᠠᠬᠤ ᠳᠤᠷ᠎ᠠ ᠦᠭᠡᠢ᠂ ᠬᠠᠷᠢᠨ ᠴᠤ᠌ ᠷᠶᠠᠽᠠᠨ ᠤ᠋ ᠬᠢᠨ ᠬᠦᠴᠦᠨ ᠮᠡᠬᠦᠰᠳᠡᠬᠦ ᠳ᠋ᠦ᠍ ᠪᠠᠶᠠᠷᠯᠠᠨ᠎ᠠ ᠪᠢᠵᠡ? ᠰᠦᠽᠳ᠋ᠠᠯᠢ ᠶ᠋ᠢᠨ ᠬᠢᠨ ᠦ᠌ ᠡᠷᠡᠮᠡᠯᠵᠡᠭᠡ ᠪᠡᠷ ᠪᠣᠯ ᠸᠯᠠᠳ᠋ᠢᠮᠢᠷᠰᠺ ᠤ᠋ᠨ ᠸᠠᠩ ᠷᠶᠠᠽᠠᠨ ᠤ᠋ ᠶᠠᠳᠠᠷᠠᠬᠤ ᠳ᠋ᠤ᠌ ᠲᠡᠭᠦᠨ ᠢ᠋ ᠥᠪᠡᠷ ᠦ᠋ᠨ ᠬᠣᠷᠮᠣᠢ ᠳᠣᠣᠷ᠎ᠠ ᠳᠠᠯᠳᠠᠯᠠᠨ ᠨᠢᠭᠤᠵᠤ᠂ ᠲᠡᠭᠦᠨ ᠦ᠌ ᠬᠠᠭᠤᠴᠢᠨ ᠪᠠᠶ᠋ᠢᠷᠢ ᠤ᠋ᠳ ᠢ᠋ᠶ᠋ᠠᠷ ᠮᠣᠷᠢ ᠪᠠᠨ ᠬᠠᠷᠢᠭᠤᠯᠤᠨ᠎ᠠ ᠭᠡᠵᠦ ᠪᠣᠳᠣᠵᠤ ᠪᠠᠢᠭ᠎ᠠ ᠪᠢᠵᠡ? ᠪᠢᠳᠡ ᠶᠠᠭᠠᠬᠢᠭᠰᠠᠨ ᠴᠤ᠌ ᠡᠢᠮᠦ ᠳ᠋ᠦ᠍ ᠬᠦᠷᠭᠡᠬᠦ ᠦᠭᠡᠢ ᠭᠡᠬᠦ ᠵᠡᠷᠭᠡ ᠪᠡᠷ ᠶᠠᠷᠢᠯᠴᠠᠳᠠᠭ ᠪᠠᠢᠯ᠎ᠠ᠃
ᠶᠡᠬᠡᠮᠰᠦᠭ ᠸᠯᠠᠳ᠋ᠢᠮᠢᠷᠰᠺ ᠤ᠋ᠨ ᠶᠡᠬᠡ ᠸᠠᠩ ᠬ᠌ᠸᠣᠷᠭᠢ ᠸᠰᠸᠸᠣᠯᠤᠳ᠋ᠤᠸᠢᠴ᠂ ᠲᠠᠲ᠋ᠠᠷ ᠤ᠋ᠨ ᠳᠠᠭᠤ ᠴᠥᠭᠡᠨ ᠲᠡᠢ ᠭᠡᠶᠦᠷᠬᠡᠦ ᠡᠯᠴᠢᠨ ᠨᠠᠷ ᠲᠠᠢ ᠶᠠᠭᠤ ᠵᠥᠪᠯᠡᠭᠰᠡᠨ ᠢ᠋ ᠬᠡᠨ ᠴᠦ᠍ ᠮᠡᠳᠡᠭᠰᠡᠨ ᠦᠭᠡᠢ ᠪᠢᠯᠡ᠃ ᠲᠡᠷᠡ ᠨᠢ ᠥᠪᠡᠷ ᠦ᠋ᠨ ᠢ᠋ᠶ᠋ᠡᠨ ᠠᠰᠢᠭ ᠲᠤᠰᠠ ᠶ᠋ᠢᠨ ᠲᠤᠯᠠᠳᠠ ᠲᠡᠳᠡᠭᠡᠷ ᠵᠢᠷᠲᠠᠭᠠᠢ ᠨᠢᠳᠦᠲᠡᠨ ᠳ᠋ᠦ᠍ ᠶᠠᠭᠤ ᠭᠡᠵᠦ ᠠᠮᠠ ᠬᠡᠯᠡ ᠥᠭᠭᠦᠭᠰᠡᠨ ᠨᠢ ᠲᠣᠳᠣᠷᠬᠠᠢ ᠦᠭᠡᠢ ᠪᠠᠢᠵᠠᠢ᠃ ᠬᠤᠪᠴᠠᠰᠤ ᠪᠠᠨ ᠲᠠᠢᠯᠤᠭᠤᠯᠵᠤ ᠳᠡᠭᠡᠷᠡᠮᠳᠡᠭᠦᠯᠦᠭᠰᠡᠨ ᠺᠢᠫᠴᠠᠺ ᠤ᠋ᠨ ᠬᠠᠭᠠᠳ ᠤ᠋ᠳ ᠵᠡᠷᠯᠢᠭ ᠲᠠᠯ᠎ᠠ ᠠ᠋ᠴᠠ ᠬᠦᠷᠴᠦ ᠢᠷᠡᠵᠡᠭᠡᠭᠰᠡᠨ ᠪᠥᠭᠡᠳ ᠲᠡᠳᠡᠨ ᠦ᠌ ᠶᠠᠷᠢᠬᠤ ᠨᠢ᠄
— ᠲᠠᠲ᠋ᠠᠷ ᠮᠣᠩᠭᠣᠯᠴᠤᠳ ᠶᠠᠮᠠᠷ ᠴᠤ᠌ ᠬᠥᠮᠦᠨ ᠢ᠋ ᠦᠷᠦ ᠡᠪᠡᠳᠳᠡᠭ ᠦᠭᠡᠢ᠂ ᠪᠠᠰᠠ ᠥᠪᠡᠷ ᠦ᠋ᠨ ᠦᠭᠡᠨ ᠳ᠋ᠦ᠍ ᠡᠵᠡᠨ ᠪᠣᠯᠳᠠᠭ ᠦᠭᠡᠢ ᠭᠡᠵᠡᠭᠡᠪᠡ᠃
ᠤᠷᠢᠳᠤ ᠠᠷᠪᠠᠭᠠᠳ ᠮᠢᠩᠭᠠᠨ ᠲᠣᠯᠣᠭᠠᠢ ᠠᠳᠤᠭᠤ ᠲᠠᠢ ᠪᠠᠢᠭᠰᠠᠨ ᠫᠣᠯᠤᠸᠸᠼᠠ ᠶ᠋ᠢᠨ ᠨᠢᠭᠡ ᠬᠠᠭᠠᠨ ᠥᠪᠡᠷ ᠦ᠋ᠨ ᠵᠠᠷᠤᠴᠠ ᠶ᠋ᠢᠨ ᠬᠠᠮᠲᠤ ᠭᠤᠷᠪᠠᠬᠠᠨ ᠮᠣᠷᠢ ᠲᠠᠢ ᠬᠦᠷᠴᠦ ᠢᠷᠡᠵᠦ ᠬᠡᠯᠡᠭᠰᠡᠨ ᠨᠢ᠄
— ᠲᠠᠲ᠋ᠠᠷ ᠤ᠋ᠳ ᠡᠯᠴᠢ ᠶᠠᠪᠤᠭᠤᠯᠵᠤ ᠬᠡᠯᠡᠭᠰᠡᠨ ᠨᠢ᠄ ᠲᠠᠨᠠᠷ ᠪᠦᠷᠢᠨ ᠳᠦᠭᠦᠷᠡᠩ ᠢ᠋ᠶ᠋ᠡᠷ ᠪᠢᠳᠡᠨ ᠦ᠌ ᠮᠠᠲᠠᠯ ᠳ᠋ᠤ᠌ ᠣᠷᠣᠵᠤ ᠥᠭᠭᠦᠭᠲᠦᠨ! ᠲᠡᠭᠡᠪᠡᠯ ᠪᠢᠳᠡ ᠲᠠᠨᠠᠷ ᠲᠤ᠌ ᠭᠠᠷ ᠬᠦᠷᠬᠦ ᠦᠭᠡᠢ᠂ ᠪᠢᠳᠡ ᠲᠠᠨ ᠤ᠋ ᠪᠦᠬᠦ ᠠᠭᠲᠠ ᠠᠳᠤᠭᠤ ᠪᠣᠯᠤᠨ ᠮᠠᠯ ᠰᠦᠷᠦᠭ ᠢ᠋ ᠥᠪᠡᠷ ᠲᠦ᠍ ᠴᠢᠨᠢ ᠦᠯᠡᠳᠡᠭᠡᠨ᠎ᠡ
ᠵᠠᠢᠰᠠᠩ᠂ ᠵᠠᠩᠭᠢ ᠨᠠᠷ ᠪᠣᠯᠤᠨ ᠬᠣᠲᠠ ᠶ᠋ᠢᠨ ᠵᠡᠭᠡᠯᠢ ᠪᠡᠷ ᠳᠦᠭᠦᠷᠡᠩ ᠠᠴᠢᠶ᠎ᠠ ᠲᠡᠷᠭᠡ ᠲᠡᠢ ᠲᠠᠷᠢᠶᠠᠴᠢᠳ ᠲᠠᠢ ᠴᠥᠮ ᠲᠡᠢ ᠨᠢ ᠶᠠᠷᠢᠯᠴᠠᠵᠤ᠂ ᠡᠳᠡᠭᠡᠷ ᠬᠥᠮᠦᠰ ᠣᠷᠣᠰ ᠤ᠋ᠨ ᠭᠠᠵᠠᠷ ᠣᠷᠣᠨ ᠤ᠋ ᠲᠥᠯᠥᠭᠡ ᠬᠦᠴᠦ ᠲᠡᠢ ᠲᠡᠮᠡᠴᠡᠬᠦ ᠡᠰᠡᠬᠦ ᠶ᠋ᠢ ᠮᠡᠳᠡᠬᠦ ᠶ᠋ᠢᠨ ᠲᠤᠯᠠ ᠮᠥᠨ ᠲᠠᠲ᠋ᠠᠷ ᠤ᠋ᠨ ᠬᠠᠭᠠᠨ ᠲᠠᠢ ᠤᠴᠠᠷᠠᠵᠤ᠂ ᠬᠡᠷᠬᠢᠨ ᠶᠠᠭᠤᠨ ᠤ᠋ ᠲᠤᠬᠠᠢ ᠶᠠᠷᠢᠯᠴᠠᠨ ᠲᠣᠭᠲᠠᠬᠤ ᠵᠡᠷᠭᠡ ᠪᠡᠨ ᠲᠥᠯᠥᠪᠯᠡᠵᠦ ᠪᠠᠢᠯ᠎ᠠ᠃ ᠪᠢᠳᠡ ᠥᠪᠡᠷᠰᠡᠳ ᠦ᠋ᠨ ᠴᠡᠭᠡᠵᠢ ᠪᠡᠷ ᠡᠬᠢᠨ ᠦ᠌ ᠴᠣᠬᠢᠯᠲᠠ ᠶ᠋ᠢ ᠬᠠᠯᠬᠠᠯᠠᠨ᠎ᠠ᠂ ᠪᠢᠳᠡᠨ ᠦ᠌ ᠲᠥᠯᠥᠭᠡ ᠪᠤᠤ ᠠᠶᠤᠭᠲᠤᠨ ᠭᠡᠵᠦ ᠴᠥᠮ ᠨᠢᠭᠡ ᠦᠭᠡ ᠬᠡᠯᠡᠳᠡᠭ ᠪᠠᠢᠯ᠎ᠠ᠃
ᠰᠦᠽᠳ᠋ᠠᠯᠢ ᠶ᠋ᠢᠨ ᠬᠥᠮᠦᠰ ᠮᠠᠨ ᠤ᠋ ᠠᠢᠯ ᠵᠡᠷᠭᠡᠯᠡᠭᠡ ᠪᠣᠯᠪᠠᠴᠤ ᠤᠷᠢᠳᠤ ᠶ᠋ᠢᠨ ᠠᠳᠠᠯᠢ ᠮᠠᠨ ᠤ᠋ ᠳ᠋ᠤ᠌ ᠲᠤᠰᠠᠯᠠᠬᠤ ᠳᠤᠷ᠎ᠠ ᠦᠭᠡᠢ᠂ ᠬᠠᠷᠢᠨ ᠴᠤ᠌ ᠷᠶᠠᠽᠠᠨ ᠤ᠋ ᠬᠢᠨ ᠬᠦᠴᠦᠨ ᠮᠡᠬᠦᠰᠳᠡᠬᠦ ᠳ᠋ᠦ᠍ ᠪᠠᠶᠠᠷᠯᠠᠨ᠎ᠠ ᠪᠢᠵᠡ? ᠰᠦᠽᠳ᠋ᠠᠯᠢ ᠶ᠋ᠢᠨ ᠬᠢᠨ ᠦ᠌ ᠡᠷᠡᠮᠡᠯᠵᠡᠭᠡ ᠪᠡᠷ ᠪᠣᠯ ᠸᠯᠠᠳ᠋ᠢᠮᠢᠷᠰᠺ ᠤ᠋ᠨ ᠸᠠᠩ ᠷᠶᠠᠽᠠᠨ ᠤ᠋ ᠶᠠᠳᠠᠷᠠᠬᠤ ᠳ᠋ᠤ᠌ ᠲᠡᠭᠦᠨ ᠢ᠋ ᠥᠪᠡᠷ ᠦ᠋ᠨ ᠬᠣᠷᠮᠣᠢ ᠳᠣᠣᠷ᠎ᠠ ᠳᠠᠯᠳᠠᠯᠠᠨ ᠨᠢᠭᠤᠵᠤ᠂ ᠲᠡᠭᠦᠨ ᠦ᠌ ᠬᠠᠭᠤᠴᠢᠨ ᠪᠠᠶ᠋ᠢᠷᠢ ᠤ᠋ᠳ ᠢ᠋ᠶ᠋ᠠᠷ ᠮᠣᠷᠢ ᠪᠠᠨ ᠬᠠᠷᠢᠭᠤᠯᠤᠨ᠎ᠠ ᠭᠡᠵᠦ ᠪᠣᠳᠣᠵᠤ ᠪᠠᠢᠭ᠎ᠠ ᠪᠢᠵᠡ? ᠪᠢᠳᠡ ᠶᠠᠭᠠᠬᠢᠭᠰᠠᠨ ᠴᠤ᠌ ᠡᠢᠮᠦ ᠳ᠋ᠦ᠍ ᠬᠦᠷᠭᠡᠬᠦ ᠦᠭᠡᠢ ᠭᠡᠬᠦ ᠵᠡᠷᠭᠡ ᠪᠡᠷ ᠶᠠᠷᠢᠯᠴᠠᠳᠠᠭ ᠪᠠᠢᠯ᠎ᠠ᠃
ᠶᠡᠬᠡᠮᠰᠦᠭ ᠸᠯᠠᠳ᠋ᠢᠮᠢᠷᠰᠺ ᠤ᠋ᠨ ᠶᠡᠬᠡ ᠸᠠᠩ ᠬ᠌ᠸᠣᠷᠭᠢ ᠸᠰᠸᠸᠣᠯᠤᠳ᠋ᠤᠸᠢᠴ᠂ ᠲᠠᠲ᠋ᠠᠷ ᠤ᠋ᠨ ᠳᠠᠭᠤ ᠴᠥᠭᠡᠨ ᠲᠡᠢ ᠭᠡᠶᠦᠷᠬᠡᠦ ᠡᠯᠴᠢᠨ ᠨᠠᠷ ᠲᠠᠢ ᠶᠠᠭᠤ ᠵᠥᠪᠯᠡᠭᠰᠡᠨ ᠢ᠋ ᠬᠡᠨ ᠴᠦ᠍ ᠮᠡᠳᠡᠭᠰᠡᠨ ᠦᠭᠡᠢ ᠪᠢᠯᠡ᠃ ᠲᠡᠷᠡ ᠨᠢ ᠥᠪᠡᠷ ᠦ᠋ᠨ ᠢ᠋ᠶ᠋ᠡᠨ ᠠᠰᠢᠭ ᠲᠤᠰᠠ ᠶ᠋ᠢᠨ ᠲᠤᠯᠠᠳᠠ ᠲᠡᠳᠡᠭᠡᠷ ᠵᠢᠷᠲᠠᠭᠠᠢ ᠨᠢᠳᠦᠲᠡᠨ ᠳ᠋ᠦ᠍ ᠶᠠᠭᠤ ᠭᠡᠵᠦ ᠠᠮᠠ ᠬᠡᠯᠡ ᠥᠭᠭᠦᠭᠰᠡᠨ ᠨᠢ ᠲᠣᠳᠣᠷᠬᠠᠢ ᠦᠭᠡᠢ ᠪᠠᠢᠵᠠᠢ᠃ ᠬᠤᠪᠴᠠᠰᠤ ᠪᠠᠨ ᠲᠠᠢᠯᠤᠭᠤᠯᠵᠤ ᠳᠡᠭᠡᠷᠡᠮᠳᠡᠭᠦᠯᠦᠭᠰᠡᠨ ᠺᠢᠫᠴᠠᠺ ᠤ᠋ᠨ ᠬᠠᠭᠠᠳ ᠤ᠋ᠳ ᠵᠡᠷᠯᠢᠭ ᠲᠠᠯ᠎ᠠ ᠠ᠋ᠴᠠ ᠬᠦᠷᠴᠦ ᠢᠷᠡᠵᠡᠭᠡᠭᠰᠡᠨ ᠪᠥᠭᠡᠳ ᠲᠡᠳᠡᠨ ᠦ᠌ ᠶᠠᠷᠢᠬᠤ ᠨᠢ᠄
— ᠲᠠᠲ᠋ᠠᠷ ᠮᠣᠩᠭᠣᠯᠴᠤᠳ ᠶᠠᠮᠠᠷ ᠴᠤ᠌ ᠬᠥᠮᠦᠨ ᠢ᠋ ᠦᠷᠦ ᠡᠪᠡᠳᠳᠡᠭ ᠦᠭᠡᠢ᠂ ᠪᠠᠰᠠ ᠥᠪᠡᠷ ᠦ᠋ᠨ ᠦᠭᠡᠨ ᠳ᠋ᠦ᠍ ᠡᠵᠡᠨ ᠪᠣᠯᠳᠠᠭ ᠦᠭᠡᠢ ᠭᠡᠵᠡᠭᠡᠪᠡ᠃
ᠤᠷᠢᠳᠤ ᠠᠷᠪᠠᠭᠠᠳ ᠮᠢᠩᠭᠠᠨ ᠲᠣᠯᠣᠭᠠᠢ ᠠᠳᠤᠭᠤ ᠲᠠᠢ ᠪᠠᠢᠭᠰᠠᠨ ᠫᠣᠯᠤᠸᠸᠼᠠ ᠶ᠋ᠢᠨ ᠨᠢᠭᠡ ᠬᠠᠭᠠᠨ ᠥᠪᠡᠷ ᠦ᠋ᠨ ᠵᠠᠷᠤᠴᠠ ᠶ᠋ᠢᠨ ᠬᠠᠮᠲᠤ ᠭᠤᠷᠪᠠᠬᠠᠨ ᠮᠣᠷᠢ ᠲᠠᠢ ᠬᠦᠷᠴᠦ ᠢᠷᠡᠵᠦ ᠬᠡᠯᠡᠭᠰᠡᠨ ᠨᠢ᠄
— ᠲᠠᠲ᠋ᠠᠷ ᠤ᠋ᠳ ᠡᠯᠴᠢ ᠶᠠᠪᠤᠭᠤᠯᠵᠤ ᠬᠡᠯᠡᠭᠰᠡᠨ ᠨᠢ᠄ ᠲᠠᠨᠠᠷ ᠪᠦᠷᠢᠨ ᠳᠦᠭᠦᠷᠡᠩ ᠢ᠋ᠶ᠋ᠡᠷ ᠪᠢᠳᠡᠨ ᠦ᠌ ᠮᠠᠲᠠᠯ ᠳ᠋ᠤ᠌ ᠣᠷᠣᠵᠤ ᠥᠭᠭᠦᠭᠲᠦᠨ! ᠲᠡᠭᠡᠪᠡᠯ ᠪᠢᠳᠡ ᠲᠠᠨᠠᠷ ᠲᠤ᠌ ᠭᠠᠷ ᠬᠦᠷᠬᠦ ᠦᠭᠡᠢ᠂ ᠪᠢᠳᠡ ᠲᠠᠨ ᠤ᠋ ᠪᠦᠬᠦ ᠠᠭᠲᠠ ᠠᠳᠤᠭᠤ ᠪᠣᠯᠤᠨ ᠮᠠᠯ ᠰᠦᠷᠦᠭ ᠢ᠋ ᠥᠪᠡᠷ ᠲᠦ᠍ ᠴᠢᠨᠢ ᠦᠯᠡᠳᠡᠭᠡᠨ᠎ᠡ ᠭᠡᠪᠡ᠃ ᠲᠡᠭᠦᠨ ᠢ᠋ ᠦᠨᠡᠮᠰᠢᠭᠡᠳ ᠪᠠᠲᠤ ᠬᠠᠭᠠᠨ ᠤ᠋ ᠬᠥᠯ ᠳ᠋ᠦ᠍ ᠰᠥᠭᠥᠳᠦᠭᠰᠡᠨ ᠴᠢᠨᠢ ᠲᠡᠷᠡ ᠡᠳᠦᠷ ᠲᠡᠭᠡᠨ ᠬᠣᠨᠢ ᠰᠢᠭ᠋ ᠠᠷᠠᠰᠤ ᠪᠠᠨ ᠬᠠᠭᠤᠯᠤᠭᠤᠯᠤᠭᠰᠠᠨ᠂ ᠲᠠᠲ᠋ᠠᠷ ᠤ᠋ᠳ ᠲᠡᠳᠡᠨᠡᠷ ᠢ᠋ ᠠᠯᠪᠠᠳᠠᠵᠤ ᠠᠳᠤᠭᠤᠴᠢ ᠪᠠᠨ ᠪᠣᠯᠭᠠᠪᠠ ᠭᠡᠵᠡᠢ᠃ ᠲᠡᠭᠡᠭᠡᠳ ᠲᠡᠲ᠋ᠠᠷ ᠤ᠋ᠳ ᠤ᠋ᠨ ᠰᠠᠢᠷᠬᠠᠬᠤ ᠨᠢ᠂
— ᠪᠢᠳᠡ ᠺᠢᠫᠴᠡᠺ ᠦ᠋ᠨ ᠲᠠᠯ᠎ᠠ ᠳ᠋ᠤ᠌ ᠲᠦᠷ ᠠᠮᠠᠷᠠᠵᠤ ᠪᠠᠢᠯ᠎ᠠ᠂ ᠮᠣᠷᠢᠳ ᠢ᠋ᠶ᠋ᠠᠨ ᠲᠡᠵᠢᠭᠡᠵᠦ ᠠᠪᠤᠭᠠᠳ ᠣᠷᠣᠰ ᠤ᠋ᠳ ᠳᠠᠰᠢ ᠳᠣᠪᠲᠣᠯᠵᠤ᠂ ᠪᠢᠳᠡᠨᠡᠷ ᠮᠣᠵᠢ ᠨᠤᠭᠤᠳ ᠢ᠋ ᠠᠪᠠᠯᠠᠵᠤ᠂ ᠬᠣᠲᠠ ᠨᠤᠭᠤᠳ ᠢ᠋ ᠤᠲᠠᠰᠤᠨ ᠤ᠋ ᠵᠠᠩᠭᠢᠯᠠᠭ᠎ᠠ ᠮᠡᠲᠦ ᠬᠦᠪᠪᠦᠭᠦᠯᠦᠨ ᠠᠪᠴᠤ ᠶᠠᠭᠤ ᠪᠠᠢᠳᠠᠭ ᠢ᠋ ᠨᠢ ᠬᠣᠭᠣᠰᠣᠯᠠᠨ ᠳᠡᠭᠡᠷᠡᠮᠳᠡᠵᠡᠭᠡᠨᠡ ᠭᠡᠵᠡᠭᠡᠨ᠎ᠡ᠃
—ᠠᠢ᠂ ᠷᠶᠡᠽᠡᠨ ᠦ᠌ ᠨᠥᠬᠥᠳ ᠮᠢᠨᠢ ᠦᠬᠦᠯ ᠦ᠋ᠨ ᠲᠡᠢᠨ ᠳ᠋ᠦ᠍ ᠪᠡᠯᠡᠳᠬᠡᠭᠲᠦᠨ᠃ ᠲᠠᠲ᠋ᠠᠷ ᠤ᠋ᠨ ᠢᠳᠬᠠᠯᠭ᠎ᠠ ᠶ᠋ᠢ ᠪᠤᠤ ᠦᠨᠡᠮᠰᠢᠭᠲᠦᠨ! ᠭᠡᠵᠡᠢ᠃
ᠬᠦᠩ ᠹᠸᠤᠳᠦᠷ ᠶᠦᠷᠢᠶᠸᠸᠢ᠍ᠴᠢ ᠶᠡᠷᠦ ᠡᠴᠡ ᠠᠶᠤᠬᠤ ᠶ᠋ᠢ ᠮᠡᠳᠡᠳᠡᠭ ᠦᠭᠡᠢ ᠪᠥᠭᠡᠳ ᠪᠠᠭ᠎ᠠ ᠨᠠᠰᠤᠨ ᠠ᠋ᠴᠠ ᠰᠠᠢᠨ ᠠᠩᠴᠢᠨ ᠪᠥᠭᠡᠳ ᠪᠠᠭᠠᠪᠠᠭᠠᠢ ᠪᠠ ᠪᠠᠷᠰ ᠠᠩᠨᠠᠵᠤ ᠣᠢ ᠬᠥᠪᠴᠢ ᠳ᠋ᠦ᠍ ᠭᠠᠪᠰᠢᠭᠠᠢᠯᠠᠨ ᠶᠠᠪᠤᠳᠠᠭ ᠪᠠᠢᠵᠠᠢ᠃ ᠣᠳᠣ ᠪᠠᠲᠤ ᠬᠠᠭᠠᠨ ᠤ᠋ ᠯᠠᠭᠧᠷ ᠲᠦ᠍ ᠣᠴᠢᠬᠤ ᠪᠠᠷ ᠰᠢᠢᠳᠦᠭᠰᠡᠨ᠂ ᠡᠭᠦᠨ ᠳ᠋ᠦ᠍ ᠤᠷᠢᠳ ᠨᠢᠭᠡᠨᠲᠡ ᠬᠦᠴᠦᠲᠦ ᠠᠷᠢᠶᠠᠲᠠᠨ ᠤ᠋ ᠥᠭᠡᠳᠡ ᠡᠴᠡ ᠶᠠᠪᠤᠳᠠᠭ ᠪᠠᠢᠭᠰᠠᠨ ᠪᠣᠯ ᠣᠳᠣ ᠬᠦᠴᠦ ᠬᠦᠷᠬᠦ ᠦᠭᠡᠢ ᠪᠣᠯ ᠠᠷᠭ᠎ᠠ ᠪᠠᠷ ᠠᠪ ᠭᠡᠰᠡᠨ ᠦᠭᠡ ᠶ᠋ᠢ ᠳᠠᠭᠠᠬᠤ ᠪᠠᠷ ᠰᠢᠢᠳᠴᠡᠢ᠃
ᠶᠠᠪᠤᠬᠤ ᠳ᠋ᠤ᠌ ᠴᠥᠮ ᠪᠡᠯᠡᠨ ᠪᠣᠯᠵᠤ ᠬᠦᠩ ᠶᠠᠷᠢᠬᠤ ᠬᠡᠯᠡᠯᠴᠡᠬᠦ ᠵᠦᠢᠯ ᠢ᠋ᠶ᠋ᠡᠨ ᠪᠦᠭᠦᠳᠡ ᠶ᠋ᠢ ᠭᠦᠢᠴᠡᠳᠬᠡᠭᠰᠡᠨ᠃ ᠪᠡᠯᠡᠭ ᠦ᠋ᠳ ᠢ᠋ ᠰᠣᠩᠭᠣᠨ ᠠᠪᠴᠤ ᠰᠠᠢᠨ ᠠᠪᠳᠠᠷ᠎ᠠ᠂ ᠪᠣᠭᠴᠣ ᠵᠡᠷᠭᠡ ᠳ᠋ᠦ᠍ ᠬᠢᠵᠦ᠂ ᠵᠠᠷᠢᠮ ᠢ᠋ ᠨᠢ ᠮᠣᠷᠢᠨ ᠳᠡᠭᠡᠷ᠎ᠡ ᠪᠡᠨ ᠲᠡᠩᠨᠡᠵᠦ᠂ ᠵᠠᠷᠢᠮ ᠢ᠋ ᠨᠢ ᠠᠴᠢᠶᠠᠨ ᠳ᠋ᠠᠭᠠᠨ ᠠᠴᠢᠶᠠᠯᠠᠵᠠᠢ᠃ ᠠᠷᠢᠬᠢ ᠲᠠᠢ ᠪᠠᠨ ᠬᠢᠵᠦ ᠪᠢᠲᠡᠭᠦᠯᠡᠭᠰᠡᠨ ᠰᠢᠪᠡᠷ ᠳᠣᠮᠪᠣ ᠪᠠ ᠫᠢᠸᠣ᠋ ᠲᠠᠢ ᠮᠣᠳᠣᠨ ᠭᠠᠩ ᠤ᠋ᠳ ᠢ᠋ ᠢᠰᠡᠭᠡᠢ ᠳ᠋ᠦ᠍ ᠪᠣᠭᠣᠵᠤ᠂ ᠡᠪᠡᠰᠦᠨ ᠳᠣᠲᠣᠷ᠎ᠠ ᠲᠠᠯᠪᠢᠭᠰᠠᠨ ᠪᠠᠢᠪᠠ᠃
ᠠᠴᠢᠶᠠᠨ ᠳᠣᠲᠣᠷ᠎ᠠ ᠨᠢ ᠬᠥᠯᠳᠡᠭᠰᠡᠨ ᠲᠤᠭᠤᠯ ᠤ᠋ᠨ ᠬᠥᠯ᠂ ᠭᠠᠬᠠᠢ ᠶ᠋ᠢᠨ ᠮᠢᠬ᠎ᠠ ᠵᠡᠷᠭᠡ ᠦᠵᠡᠭᠳᠡᠨ᠎ᠡ᠃ ᠵᠢᠭᠤᠲᠠᠭᠴᠢ ᠫᠣᠯᠣᠸᠸᠼᠠᠴᠤᠳ ᠠ᠋ᠴᠠ ᠪᠠᠲᠤ ᠬᠠᠭᠠᠨ ᠠᠷᠪᠠᠨ ᠮᠣᠩᠭᠣᠯ ᠬᠠᠭᠠᠳ ᠲᠠᠢ ᠨᠡᠢᠯᠡᠭᠰᠡᠨ ᠭᠡᠵᠦ ᠨᠢᠭᠡ ᠰᠣᠨᠣᠰᠤᠭᠰᠠᠨ ᠲᠤᠯᠠ ᠬᠦᠩ ᠹᠸᠣᠳᠥᠷ ᠡᠴᠢᠭᠡ ᠶ᠋ᠢᠨ ᠢ᠋ᠶ᠋ᠡᠨ ᠵᠥᠪᠯᠡᠯᠭᠡᠨ ᠢ᠋ᠶ᠋ᠡᠷ ᠬᠠᠮᠤᠭ ᠤ᠋ᠨ ᠰᠠᠢᠬᠠᠨ ᠥᠰᠦᠭᠰᠡᠨ ᠪᠥᠭᠡᠳ ᠳᠠᠪᠠᠯᠭᠠᠯᠠᠭᠰᠠᠨ ᠰᠠᠢᠬᠠᠨ ᠰᠡᠭᠦᠯ ᠲᠡᠢ᠂ ᠲᠣᠷᠭ᠎ᠠ ᠠᠳᠠᠯᠢ ᠡᠪᠬᠡᠷᠡᠭᠰᠡᠨ ᠰᠡᠭᠦᠯ ᠲᠡᠢ ᠳᠡᠯ ᠲᠡᠢ ᠠᠷᠪᠠᠨ ᠨᠢᠭᠡᠨ ᠠᠵᠢᠷᠭ᠎ᠠ ᠠᠪᠴᠤ ᠭᠠᠷᠤᠭᠰᠠᠨ ᠨᠢ ᠠᠵᠢᠷᠭ᠎ᠠ ᠶ᠋ᠢᠨ ᠳᠡᠯ ᠦ᠋ᠳ ᠢ᠋ ᠺᠸᠠᠰ ᠢ᠋ᠶ᠋ᠠᠷ ᠨᠣᠷᠭᠠᠵᠤ ᠬᠦᠷᠦᠭᠡᠳ ᠤᠯᠠᠭᠠᠨ ᠪᠦᠴᠡ ᠪᠡᠷ ᠤᠶᠠᠵᠤ ᠥᠷᠭᠡᠨ ᠪᠥᠭᠡᠷᠡᠩᠬᠡᠢ ᠨᠦ᠍ᠭᠦᠳ ᠢ᠋ ᠨᠢ ᠱᠧᠮᠠᠬᠠᠰ ᠤ᠋ᠨ ᠡᠷᠢᠶᠡᠨ ᠬᠡᠪᠢᠰ ᠢ᠋ᠶ᠋ᠡᠷ ᠪᠦᠲᠡᠭᠡᠵᠡᠢ᠃ ᠹᠸᠣᠳᠣᠷ ᠠᠷᠪᠠᠨ ᠬᠣᠶᠠᠷ ᠮᠣᠷᠢ ᠪᠠᠨ ᠪᠠᠲᠤ ᠬᠠᠭᠠᠨ ᠤ᠋ ᠴᠡᠷᠢᠭ ᠦ᠋ᠨ ᠶᠡᠷᠦᠩᠬᠡᠢ ᠳᠠᠷᠤᠭ᠎ᠠ ᠪᠥᠭᠡᠳ ᠲᠡᠭᠦᠨ ᠦ᠌ ᠪᠠᠷᠠᠭᠤᠨ ᠭᠠᠷ ᠰᠥᠪᠡᠭᠡᠳᠡᠢ ᠪᠠᠭᠠᠲᠤᠷ ᠲᠸ᠋ ᠥᠭᠬᠦ ᠪᠡᠷ ᠰᠢᠢᠳᠴᠡᠢ᠃ ᠠᠴᠢᠯᠭ᠎ᠠ ᠶ᠋ᠢ ᠬᠡᠳᠦᠢᠨᠡᠢ ᠤᠷᠢᠳ ᠶᠠᠪᠤᠭᠤᠯᠤᠭᠠᠳ ᠪᠠᠰᠠ ᠭᠦᠷᠦᠮᠡᠯ ᠳᠡᠯ ᠰᠡᠭᠦᠯ ᠲᠡᠢ ᠠᠷᠪᠠᠨ ᠬᠣᠶᠠᠷ ᠮᠣᠷᠢ ᠶ᠋ᠢ ᠬᠠᠰᠢᠷ ᠠᠳᠤᠭᠤᠴᠢ ᠪᠠᠷ ᠲᠠᠭᠤᠯᠭᠠᠵᠤ ᠬᠥᠳᠡᠯᠭᠡᠪᠡ᠃ ᠸᠠᠩ ᠤ᠋ᠨ ᠪᠠᠢᠰᠢᠩ ᠤ᠋ᠨ ᠡᠭᠦᠳᠡᠨ ᠦ᠌ ᠱᠠᠲᠤᠨ ᠤ᠋ ᠳᠡᠷᠭᠡᠳᠡ ᠰᠠᠯᠬᠢ ᠠᠳᠠᠯᠢ ᠬᠥᠩᠭᠡᠨ ᠭᠤᠸᠠᠯᠢᠭ ᠬᠣᠩᠭᠣᠷ ᠮᠣᠷᠢ ᠶ᠋ᠢ ᠠᠪᠴᠢᠷᠠᠭᠰᠠᠨ ᠪᠠᠢᠵᠠᠢ᠃
ᠹᠸᠣᠳᠣᠷ ᠤ᠋ᠨ ᠬᠠᠮᠲᠤ ᠶᠠᠪᠤᠬᠤ ᠨᠥᠬᠥᠳ ᠪᠠ ᠸᠠᠩ ᠢᠵᠧᠰᠯᠡᠸᠯᠢᠰᠺᠢ᠂ ᠳᠥᠷᠪᠡᠨ ᠶᠡᠬᠡ ᠵᠠᠢᠰᠠᠩ ᠴᠥᠮ ᠢ᠋ᠶ᠋ᠡᠷ ᠢ᠋ᠶ᠋ᠡᠨ ᠠᠶᠠᠨ ᠤ᠋ ᠦᠰᠦ ᠲᠡᠢ ᠳᠡᠪᠡᠯ ᠪᠠ ᠪᠤᠯᠠᠭᠠᠨ ᠮᠠᠯᠠᠭᠠᠢ ᠪᠠᠨ ᠡᠮᠦᠰᠴᠦ ᠱᠠᠲᠤᠨ ᠤ᠋ ᠳᠡᠷᠭᠡᠳᠡ ᠵᠣᠭᠰᠣᠵᠠᠭᠠᠭᠰᠠᠨ ᠪᠠᠢᠵᠠᠢ᠃ ᠭᠡᠲᠡᠯ᠎ᠡ ᠬᠦᠩ ᠹᠸᠣᠳᠣᠷ ᠶᠠᠭᠤᠨ ᠳ᠋ᠤ᠌ ᠤᠳᠠᠨ᠎ᠠ ᠪᠣᠢ? ᠹᠸᠣᠳᠤᠷ ᠥᠪᠡᠷ ᠦ᠋ᠨ ᠡᠭᠦᠳᠡᠨ ᠦ᠌ ᠲᠠᠯᠠᠪᠠᠢ ᠠ᠋ᠴᠠ ᠡᠭᠡᠵᠦ ᠪᠤᠴᠠᠭᠠᠳ ᠱᠠᠲᠤᠨ ᠤ᠋ ᠳᠡᠭᠡᠷ᠎ᠡ ᠭᠠᠷᠴᠤ ᠵᠦᠭ ᠪᠦᠷᠢ ᠲᠡᠰᠢ ᠰᠡᠳᠬᠢᠯ ᠵᠣᠪᠠᠭᠰᠠᠨ ᠰᠢᠨᠵᠢᠲᠡᠢ ᠬᠠᠷᠠᠵᠠᠭᠠᠪᠠ᠃
ᠨᠢᠭᠡ ᠬᠥᠮᠦᠨ ᠦ᠌ ᠳᠤᠤᠭᠠᠷᠬᠤ ᠨᠢ᠂
— ᠢᠷᠡᠬᠦ ᠶ᠋ᠢ ᠶᠡᠬᠡᠳᠡ ᠭᠣᠷᠢᠳᠠᠵᠤ ᠪᠠᠢᠭᠰᠠᠨ ᠵᠣᠴᠢᠳ ᠮᠠᠨᠢ ᠴᠥ᠍ ᠢᠷᠡᠯ᠎ᠡ ᠭᠡᠪᠡ᠃
ᠲᠠᠯᠠᠪᠠᠢ ᠶ᠋ᠢᠨ ᠠᠳᠠᠭ ᠲᠸ᠋ ᠪᠠᠢᠭ᠎ᠠ ᠪᠠᠢᠰᠢᠩ ᠤ᠋ᠨ ᠪᠤᠯᠤᠩ ᠠ᠋ᠴᠠ ᠬᠡᠳᠦᠨ ᠪᠠᠶᠠᠰᠬᠤᠯᠠᠩᠲᠠᠢ ᠮᠣᠷᠢ ᠲᠠᠢ ᠬᠥᠮᠦᠨ ᠳᠠᠪᠬᠢᠨ ᠭᠠᠷᠴᠤ ᠴᠠᠰᠤᠨ ᠲᠣᠭᠣᠰᠣ ᠪᠤᠵᠢᠭᠢᠨᠠᠭᠤᠯᠤᠨ ᠬᠤᠷᠳᠤᠯᠠᠨ ᠶᠠᠪᠤᠭᠰᠠᠭᠠᠷ ᠱᠠᠲᠤᠨ ᠤ᠋ ᠳᠡᠷᠭᠡᠳᠡ ᠢᠷᠡᠪᠡ᠃
ᠬᠣᠶᠠᠷ ᠴᠡᠷᠢᠭ ᠮᠣᠷᠢᠨ ᠠ᠋ᠴᠠ ᠪᠠᠨ ᠦᠰᠦᠷᠦᠨ ᠪᠠᠭᠤᠵᠤ ᠠᠯᠢᠮ᠎ᠠ ᠲᠣᠯᠪᠣ ᠲᠠᠢ ᠵᠢᠷᠣᠭ᠎ᠠ ᠪᠣᠷᠣ ᠮᠣᠷᠢᠨ ᠤ᠋ ᠬᠠᠵᠠᠭᠠᠷ ᠠ᠋ᠴᠠ ᠨᠢ ᠪᠠᠷᠢᠭᠰᠠᠨ ᠳ᠋ᠤ᠌ ᠵᠠᠯᠠᠭᠤ ᠪᠦᠰᠡᠭᠦᠢ ᠬᠥᠩᠭᠡᠨ ᠢ᠋ᠶ᠋ᠠᠷ ᠦᠰᠦᠷᠦᠨ ᠪᠠᠭᠤᠪᠠ᠃ ᠦᠵᠡᠪᠡᠯ ᠬᠣᠨᠢᠨ ᠤ᠋ ᠦᠰᠦ ᠲᠡᠢ ᠳᠡᠪᠡᠯ ᠲᠡᠢ᠂ ᠨᠣᠭᠣᠭᠠᠨ ᠬᠢᠯᠢᠩ ᠮᠠᠯᠠᠭᠠᠢ ᠨᠢ ᠬᠠᠷ᠎ᠠ ᠪᠤᠯᠠᠭᠠᠨ ᠦᠰᠦ ᠲᠡᠢ ᠪᠥᠭᠡᠳ ᠥᠨᠳᠥᠷ ᠥᠰᠥᠭᠡᠢ ᠲᠡᠢ ᠰᠠᠪᠢᠬᠢᠨ ᠭᠤᠲᠤᠯ ᠡᠮᠦᠰᠴᠦ ᠰᠤᠷ ᠪᠦᠰᠡ ᠪᠦᠰᠡᠯᠡᠵᠦ᠂ ᠪᠣᠭᠣᠨᠢᠬᠠᠨ ᠰᠡᠯᠡᠮ᠎ᠡ ᠵᠡᠭᠦᠭᠰᠡᠨ ᠨᠢ ᠬᠠᠷᠠᠭᠰᠠᠭᠠᠷ ᠵᠠᠯᠠᠭᠤ ᠡᠷ᠎ᠡ ᠭᠡᠵᠦ ᠡᠨᠳᠡᠭᠦᠷᠡᠵᠦ ᠪᠣᠯᠬᠤ ᠪᠣᠯᠪᠠᠴᠤ ᠢᠨᠢᠶᠡᠮᠰᠦᠭᠯᠡᠭᠰᠡᠨ ᠲᠤᠩᠭᠠᠯᠠᠭ ᠴᠢᠷᠠᠢ ᠲᠠᠢ ᠭᠢᠯᠠᠯᠵᠠᠭᠰᠠᠨ ᠬᠦᠷᠡᠩ ᠨᠢᠳᠦ ᠨᠢ ᠴᠥᠮ ᠳ᠋ᠤ᠌ ᠲᠠᠨᠢᠯ ᠪᠥᠭᠡᠳ ᠷᠶᠠᠽᠠᠨᠴᠤᠳ ᠰᠦᠮ᠎ᠡ ᠳ᠋ᠦ᠍ ᠴᠤᠭᠯᠠᠷᠠᠬᠤ ᠳ᠋ᠠᠭᠠᠨ ᠸᠠᠩ ᠹᠸᠤᠲᠤᠷ ᠪᠠ ᠳᠠᠯᠠᠢ ᠶ᠋ᠢᠨ ᠴᠠᠭᠠᠳᠤᠬᠢ ᠭᠷᠧᠭ ᠡᠴᠡ ᠢᠷᠡᠭᠰᠡᠨ ᠵᠠᠯᠠᠭᠤ ᠬᠠᠲᠤᠨ ᠶᠸᠸᠫᠷᠡᠺᠰ ᠢ᠋ ᠦᠷᠭᠦᠯᠵᠢ ᠦᠵᠡᠵᠡᠭᠡᠳᠡᠭ ᠪᠠᠢᠵᠠᠢ᠃
ᠮᠣᠩᠭᠣᠯ ᠤ᠋ᠨ ᠳᠠᠷᠤᠯᠠᠯ ᠤ᠋ᠨ ᠡᠮᠦᠨ᠎ᠡ᠂ ᠣᠷᠣᠰ ᠤ᠋ᠨ ᠸᠠᠩ ᠤ᠋ᠳ ᠶᠡᠬᠡ ᠲᠥᠯᠥᠪ ᠧᠦ᠋ᠷᠣᠫᠠ ᠶ᠋ᠢᠨ ᠳᠠᠭᠢᠨᠢᠰ ᠠᠪᠠᠬᠠᠢ ᠨᠠᠷ ᠲᠠᠢ ᠭᠡᠷᠯᠡᠵᠦ ᠪᠠᠢᠭᠰᠠᠨ ᠪᠠ ᠮᠥᠨ ᠲᠡᠷᠡᠴᠢᠯᠡᠨ ᠣᠷᠣᠰ ᠤ᠋ᠨ ᠨᠣᠶᠠᠳ ᠤ᠋ᠨ ᠠᠪᠠᠬᠠᠢ ᠨᠠᠷ ᠧᠦ᠋ᠷᠣᠫᠠ ᠶ᠋ᠢᠨ ᠨᠥᠯᠥᠭᠡ ᠪᠦᠬᠦᠢ ᠢᠵᠠᠭᠤᠷᠲᠠᠨ ᠨᠠᠷ ᠲᠤ᠌ ᠣᠴᠢᠳᠠᠭ ᠪᠠᠢᠪᠠ᠃ ᠶᠡᠷᠦ ᠨᠢ ᠣᠷᠣᠰ ᠤ᠋ᠳ ᠪᠣᠯ ᠮᠣᠩᠭᠣᠯᠴᠤᠳ ᠢ᠋ ᠢᠷᠡᠬᠦ ᠶ᠋ᠢᠨ ᠡᠮᠦᠨ᠎ᠡ ᠧᠦ᠋ᠷᠣᠫᠠ ᠲᠠᠢ ᠨᠢᠭᠲᠠ ᠬᠠᠷᠢᠯᠴᠠᠭ᠎ᠠ ᠲᠠᠢ ᠪᠥᠭᠡᠳ ᠧᠦ᠋ᠷᠣᠫᠠ ᠳ᠋ᠤ᠌ ᠨᠡᠯᠢᠶᠡᠳ ᠳᠡᠭᠡᠭᠦᠷ ᠲᠦ᠍ ᠣᠷᠣᠳᠠᠭ ᠪᠠᠢᠪᠠ᠃
ᠲᠡᠷᠡ ᠬᠡᠦᠬᠡᠨ ᠱᠠᠲᠤᠨ ᠳᠡᠭᠡᠷ᠎ᠡ ᠭᠠᠷᠴᠤ ᠢᠷᠡᠬᠦ ᠹᠸᠤᠲᠤᠷ ᠤ᠋ᠨ ᠵᠦᠭ ᠪᠠᠭ᠎ᠠ ᠬᠡᠦᠬᠡᠳ ᠰᠢᠭ ᠭᠦᠶᠦᠨ ᠣᠴᠢᠵᠤ ᠬᠦᠵᠦᠭᠦᠦ ᠪᠡᠷ ᠨᠢ ᠲᠡᠪᠡᠷᠢᠪᠡ᠃ ᠲᠡᠭᠡᠭᠡᠳ ᠬᠡᠯᠡᠭᠰᠡᠨ ᠨᠢ᠄
— ᠹᠸᠤᠲᠤᠷ ᠴᠢᠮ᠎ᠠ ᠶ᠋ᠢ ᠪᠠᠷᠢᠵᠤ ᠠᠪᠴᠤ ᠴᠢᠳᠠᠯ ᠦᠭᠡᠢ ᠠᠯᠳᠠᠬᠤ ᠪᠣᠢ ᠭᠡᠵᠦ ᠠᠶᠤᠵᠤ ᠪᠢᠯᠡ᠃ ᠪᠦᠬᠦ ᠵᠠᠮ ᠤ᠋ᠨ ᠲᠤᠷᠰᠢ ᠮᠣᠷᠢ ᠰᠡᠯᠭᠦᠵᠦ ᠳᠠᠪᠬᠢᠭᠰᠠᠭᠠᠷ ᠢᠷᠡᠯ᠎ᠡ᠃ ᠶᠠᠭᠤᠨ ᠳ᠋ᠤ᠌ ᠶᠠᠪᠤᠬᠤ ᠨᠢ ᠪᠣᠢ? ᠭᠡᠬᠦ ᠳ᠋ᠦ᠍ᠨᠢ ᠹᠸᠤᠲᠤᠷ ᠶᠸᠸᠫᠷᠡᠺᠰ ᠦ᠋ᠨ ᠮᠥᠷᠥ ᠪᠡᠷ ᠲᠡᠪᠡᠷᠢᠨ ᠱᠠᠲᠤ ᠥᠭᠡᠳᠡ ᠭᠠᠷᠤᠭᠰᠠᠨ ᠳ᠋ᠤ᠌ ᠥᠭᠡᠳᠡ ᠡᠴᠡ ᠨᠢ ᠬᠠᠲᠤᠨ ᠡᠵᠢ ᠠᠭᠷᠢᠫᠫᠢᠨ᠋ᠠ ᠦᠨᠡᠭᠡᠨ ᠳᠡᠪᠡᠯ ᠡᠮᠦᠰᠴᠦ ᠶᠠᠭᠠᠷᠠᠨ ᠭᠠᠷᠴᠤ ᠢᠷᠡᠭᠡᠳ ᠴᠡᠴᠡᠷᠡᠭᠰᠡᠨ ᠭᠠᠷ ᠢ᠋ᠶ᠋ᠠᠷ ᠵᠠᠯᠠᠭᠤ ᠪᠡᠷᠢ ᠪᠡᠨ ᠲᠡᠪᠡᠷᠢᠵᠦ ᠬᠣᠶᠠᠭᠤᠯᠠ ᠪᠠᠨ ᠨᠢᠯᠪᠤᠰᠤ ᠠᠰᠬᠠᠷᠠᠭᠤᠯᠤᠭᠰᠠᠨ ᠳ᠋ᠤ᠌᠄
— ᠲᠠᠢᠸᠰᠶᠠᠷ(ᠲᠠᠢᠪᠤᠰᠢᠷᠠ?)᠂ ᠶᠸᠸᠫᠷᠡᠺᠰᠶᠠ ᠭᠡᠵᠦ ᠹᠸᠤᠲᠤᠷ ᠠᠷᠭᠠᠳᠠᠭᠠᠳ᠄
— ᠪᠠᠢᠯᠳᠤᠬᠤ ᠪᠠᠷ ᠶᠠᠪᠤᠵᠤ ᠪᠠᠢᠭ᠎ᠠ ᠪᠢᠰᠢ᠂ ᠡᠪ ᠨᠠᠢᠷᠠᠮᠳᠠᠯ ᠢ᠋ ᠬᠡᠯᠡᠯᠴᠡᠬᠦ ᠪᠡᠷ ᠶᠠᠪᠤᠵᠤ ᠪᠠᠢᠨ᠎ᠠ᠃ ᠠᠷᠭ᠎ᠠ ᠶ᠋ᠢ ᠣᠯᠤᠨ᠎ᠠ᠃ ᠬᠠᠰᠢᠷ ᠳᠣᠬᠢ ᠵᠥᠪᠯᠡᠭᠴᠢ ᠨᠠᠷ ᠮᠢᠨᠢ ᠲᠠᠲ᠋ᠠᠷ ᠤ᠋ᠨ ᠪᠠᠲᠤ ᠬᠠᠭᠠᠨ ᠲᠠᠢ ᠨᠠᠢᠷᠠᠮᠳᠠᠯ ᠲᠣᠭᠲᠠᠭᠠᠬᠤ ᠳ᠋ᠤ᠌ ᠲᠤᠰᠠᠯᠠᠵᠤ ᠥᠭᠭᠦᠨ᠎ᠡ᠃ ᠮᠠᠨ ᠤ᠋ ᠸᠠᠨᠶᠠᠲ᠋ᠺᠠ ᠬᠠᠮᠢᠭ᠎ᠠ ᠪᠠᠢᠨ᠎ᠠ? (ᠭᠡᠵᠡᠢ)᠃
— ᠠᠴᠢᠶ᠎ᠠ ᠪᠠᠷ ᠢᠷᠡᠵᠦ ᠶᠠᠪᠤᠨ᠎ᠠ᠃ ᠪᠢ ᠤᠳᠠᠲᠠᠯ᠎ᠠ ᠬᠦᠯᠢᠶᠡᠵᠦ ᠲᠡᠰᠦᠭᠰᠡᠨ ᠦᠭᠡᠢ ᠲᠦᠷᠦᠭᠦᠯᠡᠨ ᠳᠠᠪᠬᠢᠵᠤ ᠢᠷᠡᠯ᠎ᠡ᠃
— ᠴᠢ ᠬᠡᠦᠬᠡᠨ ᠬᠥᠮᠦᠨ ᠪᠠᠢᠵᠤ᠂ ᠲᠠᠤᠯᠠᠢ ᠰᠢᠭ᠋ ᠭᠦᠶᠦᠬᠦ ᠶᠤᠮ ᠳᠡ ᠭᠡᠵᠦ ᠬᠥᠭᠰᠢᠨ ᠬᠠᠲᠤᠨ ᠬᠡᠯᠡᠭᠰᠡᠨ ᠳ᠋ᠦ᠍᠂
— ᠪᠢ ᠪᠠᠰᠠ ᠬᠡᠯᠡᠵᠦ ᠪᠠᠢᠭ᠎ᠠ ᠶᠤᠮ ᠭᠡᠵᠦ ᠹᠸᠣᠳᠣᠷ ᠵᠠᠯᠭᠠᠵᠤ ᠠᠪᠤᠭᠠᠳ᠄—ᠴᠢ ᠪᠥᠵᠢᠭ ᠡᠷᠬᠢᠯᠡᠵᠦ ᠪᠠᠢᠮᠠᠷ ᠭ ᠬᠥᠮᠦᠨ ᠭᠡᠳ᠄
— ᠴᠣᠬᠣᠮ ᠡᠢᠮᠦ ᠬᠥᠩᠭᠡᠨ ᠡᠶᠡᠯᠳᠡᠭ ᠲᠦ᠍ ᠴᠢᠨᠢ ᠪᠢ ᠴᠢᠮᠠᠲᠤ ᠶᠡᠬᠡ ᠬᠠᠢᠷᠠᠲᠠᠢ ᠶᠤᠮ᠃ ᠴᠢ ᠨᠠᠳᠠᠲᠠᠢ ᠠᠩ ᠳ᠋ᠤ᠌ ᠴᠥ᠍ ᠮᠣᠷᠳᠠᠵᠤ ᠴᠢᠳᠠᠨ᠎ᠠ᠂ ᠠᠯᠠᠯᠳᠤᠬᠤ ᠲᠡᠢᠨ ᠳ᠋ᠦ᠍ ᠴᠥ᠍ ᠮᠣᠷᠳᠠᠵᠤ ᠴᠢᠳᠠᠨ᠎ᠠ ᠭᠡᠵᠦ ᠰᠢᠪᠡᠨᠡᠨ ᠬᠡᠯᠡᠬᠦ ᠳ᠋ᠦ᠍ᠨᠢ᠂
— ᠹᠸᠣᠳᠣᠷ ᠨᠠᠮᠠᠶ᠋ᠢ ᠠᠪᠤᠭᠠᠳ ᠶᠠᠪᠤᠭᠠᠴᠢ᠂ ᠪᠢ ᠬᠣᠱᠣᠩ ᠦᠭᠡ ᠪᠡᠷ ᠲᠠᠲ᠋ᠠᠷ ᠤ᠋ᠨ ᠬᠠᠭᠠᠨ ᠢ᠋ ᠵᠥᠭᠡᠯᠡᠷᠡᠭᠦᠯᠵᠦ ᠮᠠᠭᠠᠳ ᠦᠭᠡᠢ ᠭᠡᠪᠡ᠃ ᠹᠸᠣᠳᠣᠷ ᠲᠡᠭᠦᠨ ᠢ᠋ ᠲᠡᠪᠡᠷᠢᠵᠦ ᠣᠢᠷᠠᠲᠤᠭᠤᠯᠤᠨ᠄
— ᠵᠠᠯᠠᠭᠤ ᠶᠠᠭᠠᠨ ᠨᠢᠭᠤᠷ ᠪᠠ ᠭᠢᠯᠠᠯᠵᠠᠭᠰᠠᠨ ᠬᠦᠷᠡᠩ ᠨᠢᠳᠦ᠂ ᠴᠠᠢᠪᠤᠷ ᠤᠷᠤᠭᠤᠯ ᠢ᠋ ᠴᠢᠨᠢ ᠦᠨᠦᠰᠦᠶ᠎ᠡ (ᠭᠡᠪᠡ)᠃ ᠲᠡᠭᠡᠭᠡᠳ ᠵᠢᠭᠤᠷᠠᠭᠰᠠᠨ ᠭᠠᠷ ᠢ᠋ ᠨᠢ ᠵᠥᠭᠡᠯᠡᠨ ᠢ᠋ᠶ᠋ᠡᠷ ᠠᠪᠴᠤ ᠡᠵᠢ ᠲᠠᠰᠢ ᠪᠠᠨ ᠨᠢᠳᠦ ᠪᠡᠨ ᠢᠷᠮᠡᠪᠡ᠃ ᠡᠵᠢ ᠨᠢ ᠶᠸᠧᠫᠷᠡᠺᠰ ᠦ᠋ᠨ ᠠᠷᠤ ᠠ᠋ᠴᠠ ᠲᠡᠪᠡᠷᠢᠨ ᠠᠪᠤᠯ᠎ᠠ᠃ ᠵᠠᠯᠠᠭᠤ ᠬᠠᠲᠤᠨ ᠥᠪᠡᠷ ᠦ᠋ᠨ ᠳᠡᠪᠡᠯ ᠦ᠋ᠨ ᠲᠣᠪᠴᠢ ᠶ᠋ᠢ ᠶᠠᠭᠠᠷᠠᠨ ᠲᠠᠢᠯᠵᠤ᠂
— ᠹᠸᠣᠳᠣᠷ ᠬᠦᠯᠢᠶᠡ᠃ ᠡᠨᠡ ᠮᠢᠨᠦ ᠬᠠᠭᠠᠨ ᠤ᠋ ᠬᠣᠲᠠᠨ ᠠ᠋ᠴᠠ ᠠᠪᠤᠭᠰᠠᠨ ᠰᠤᠪᠤᠳ ᠢ᠋ ᠠᠪᠴᠤ ᠶᠠᠪᠤᠭᠲᠤᠨ! ᠬᠡᠷᠡᠭ ᠲᠣᠬᠢᠶᠠᠯᠳᠤᠪᠠᠯ ᠲᠠᠲ᠋ᠠᠷ ᠤ᠋ᠨ ᠬᠠᠲᠤᠨ ᠳ᠋ᠤ᠌ ᠪᠡᠯᠡᠭᠯᠡᠪᠡᠯ ᠠᠭᠤᠷ ᠬᠢᠯᠢᠩ ᠶᠡᠬᠡᠲᠦ ᠬᠠᠭᠠᠨ ᠢ᠋ᠶ᠋ᠠᠨ ᠲᠠᠢᠳᠬᠤᠷᠠᠭᠤᠯᠵᠤ ᠶᠠᠭᠤ ᠮᠠᠭᠠᠳ᠂ ᠲᠡᠭᠦᠨ ᠡᠴᠡ ᠭᠠᠳᠠᠨ᠎ᠠ ᠡᠨᠡ ᠰᠠᠬᠢᠭᠤᠰᠤ ᠶ᠋ᠢ ᠠᠪᠴᠤ ᠶᠠᠪᠤᠭᠲᠤᠨ ᠭᠡᠳ ᠬᠦᠵᠦᠭᠦᠨ ᠡᠴᠡ ᠪᠡᠨ ᠮᠥᠩᠭᠥᠨ ᠭᠢᠨᠵᠢ ᠲᠡᠢ ᠳᠦᠭᠦᠷᠡᠩ ᠭᠣᠣ ᠲᠠᠢ ᠳᠦᠷᠰᠦ ᠠᠪᠴᠤ ᠥᠭᠭᠦᠯ᠎ᠡ᠃
ᠹᠸᠣᠳᠣᠷ ᠮᠠᠯᠠᠭᠠᠢ ᠪᠠᠨ ᠠᠪᠴᠤ ᠵᠠᠯᠠᠭᠤ ᠡᠬᠡᠨᠡᠷ ᠦ᠋ᠨ ᠲᠡᠰᠢ ᠪᠥᠬᠥᠢᠵᠦ ᠲᠣᠯᠣᠭᠠᠢ ᠪᠠᠨ ᠨᠡᠢᠯᠡᠭᠦᠯᠦᠨ ᠡᠭᠴᠡ ᠵᠣᠭᠰᠣᠵᠤ ᠪᠠᠢᠭᠠᠳ ᠨᠡᠢᠯᠡᠭᠰᠡᠨ ᠬᠣᠶᠠᠷ ᠦᠰᠦ ᠶ᠋ᠢ ᠰᠠᠮᠨᠠᠪᠠ᠃ ᠡᠬᠡᠨᠡᠷ ᠲᠡᠭᠦᠨ ᠦ᠌ ᠬᠦᠵᠦᠭᠦᠨ ᠳ᠋ᠦ᠍ ᠪᠤᠷᠬᠠᠨ ᠵᠡᠭᠦᠯᠭᠡᠵᠦ ᠹᠸᠣᠳᠣᠷ ᠰᠡᠭᠦᠯᠴᠢ ᠶ᠋ᠢᠨ ᠤᠳᠠᠭ᠎ᠠ ᠶᠧᠸᠫᠷᠡᠺ᠊ᠰ ᠦ᠋ᠨ ᠮᠠᠩᠨᠠᠢ ᠶ᠋ᠢ ᠦᠨᠦᠰᠦᠭᠡᠳ ᠰᠢᠢᠳᠪᠦᠷᠢᠲᠡᠢ ᠪᠡᠷ ᠡᠷᠭᠢᠵᠦ ᠤᠯᠠᠭᠠᠨ ᠰᠠᠪᠢᠬᠢᠨ ᠭᠤᠲᠤᠯ ᠤ᠋ᠨ ᠤᠯᠠ ᠪᠠᠷ ᠭᠠᠵᠠᠷ ᠴᠣᠬᠢᠯᠠᠵᠤ ᠱᠠᠲᠤ ᠠ᠋ᠴᠠ ᠭᠦᠶᠦᠵᠦ ᠶᠠᠳᠠᠨ ᠬᠥᠯ ᠢ᠋ᠶ᠋ᠡᠷ ᠴᠠᠪᠴᠢᠯᠠᠬᠤ ᠮᠣᠷᠢᠨ ᠳ᠋ᠠᠭᠠᠨ ᠣᠴᠢᠪᠠ᠃
ᠶᠸᠸᠫᠷᠡᠺᠰᠶᠠ ᠤᠬᠢᠯᠠᠨ ᠪᠠᠷᠬᠢᠷᠠᠨ ᠬᠥᠭᠰᠢᠨ ᠬᠠᠲᠤᠨ ᠤ᠋ ᠭᠠᠷ ᠲᠸ᠋ ᠬᠣᠴᠣᠷᠤᠯ᠎ᠠ ᠃ ᠸᠠᠩ ᠹᠸᠤᠳᠤᠷ ᠬᠦᠴᠦᠲᠦ ᠮᠣᠷᠢᠨ ᠤ᠋ ᠠᠮᠠ ᠶ᠋ᠢ ᠵᠠᠯᠠᠨ᠂ ᠡᠷᠭᠢᠵᠦ ᠬᠠᠷᠠᠯ ᠦᠭᠡᠢ ᠴᠠᠰᠤᠨ ᠳᠤᠮᠳᠠᠭᠤᠷ ᠳᠠᠪᠬᠢᠵᠤ ᠲᠠᠯᠠᠪᠠᠢ ᠶ᠋ᠢ ᠭᠠᠲᠤᠯᠬᠤ ᠳ᠋ᠠᠭᠠᠨ ᠠᠭᠤᠷ ᠲᠠᠢ ᠪᠠᠷ ᠬᠥᠮᠥᠰᠬᠡ ᠠᠲᠤᠷᠢᠭᠤᠯᠤᠨ ᠮᠠᠨᠠᠨᠲᠤᠵᠤ ᠪᠠᠢᠭ᠎ᠠ ᠠᠯᠤᠰ ᠢ᠋ ᠬᠠᠷᠠᠵᠤ ᠶᠠᠪᠤᠪᠠ᠃ ᠲᠠᠯᠠᠪᠠᠢ ᠠ᠋ᠴᠠ ᠪᠤᠶᠤ ᠪᠡᠬᠢᠯᠡᠯᠲᠡ ᠶ᠋ᠢᠨ ᠬᠡᠷᠡᠮ ᠡᠴᠡ ᠬᠣᠯᠠ ᠠᠷᠪᠠᠭᠠᠳ ᠮᠣᠳᠣᠨ ᠤ᠋ ᠭᠠᠵᠠᠷ ᠴᠠᠰᠤᠨ ᠲᠠᠯ᠎ᠠ ᠮᠡᠯᠲᠡᠢᠨ ᠴᠠᠢᠵᠤ ᠬᠠᠶᠠ ᠰᠢᠭᠤᠢ ᠬᠠᠷᠠᠯᠠᠨ ᠦᠵᠡᠭᠳᠡᠬᠦ ᠪᠥᠭᠡᠳ ᠨᠠᠮᠬᠠᠨ ᠪᠣᠷᠣ ᠮᠠᠨᠠᠨ ᠬᠣᠭᠣᠰᠣᠨ ᠲᠠᠯ᠎ᠠ ᠳ᠋ᠤ᠌ ᠠᠭᠠᠵᠢᠮᠬᠠᠨ ᠬᠥᠪᠪᠦᠨ ᠰᠠᠯᠬᠢᠨ ᠤ᠋ ᠢᠰᠬᠡᠷᠬᠦ ᠰᠣᠨᠣᠰᠳᠠᠵᠤ ᠬᠡᠷᠢᠶ᠎ᠡ᠂ ᠲᠤᠷᠯᠢᠶᠠᠬ᠎ᠠ ᠰᠥᠭᠡᠩᠭᠢ ᠪᠡᠷ ᠭᠤᠸᠠᠭᠯᠠᠨ ᠰᠦᠷᠦᠭᠯᠡᠨ ᠨᠢᠰᠴᠦ ᠵᠡᠷᠯᠢᠭ ᠲᠠᠯ᠎ᠠ ᠳ᠋ᠤ᠌ ᠣᠷᠣᠵᠤ ᠦᠵᠡᠭᠳᠡᠬᠦ ᠦᠭᠡᠢ ᠪᠣᠯᠤᠨ᠎ᠠ᠃ ᠷᠶᠡᠽᠡᠨ ᠦ᠌ ᠡᠯᠴᠢ ᠦ᠋ᠳ ᠪᠠᠲᠤ ᠶ᠋ᠢᠨ ᠯᠠᠭᠧᠷ ᠬᠦᠷᠲᠡᠯ᠎ᠡ ᠳᠥᠷᠪᠡᠨ ᠬᠣᠨᠣᠭ ᠶᠠᠪᠤᠵᠠᠢ᠃ ᠵᠠᠮ ᠳ᠋ᠤ᠌ ᠣᠷᠣᠰ ᠤ᠋ᠨ ᠬᠠᠷᠠᠭᠤᠯ ᠲᠠᠢ ᠲᠣᠬᠢᠶᠠᠯᠳᠤᠪᠠ᠃
ᠸᠠᠩ ᠹᠸᠣᠳᠤᠷ ᠠᠰᠠᠷ ᠠᠪᠴᠤ ᠶᠠᠪᠤᠭ᠎ᠠ ᠪᠣᠯᠪᠠᠴᠤ ᠭᠠᠭᠴᠠᠬᠦ ᠳᠥᠷᠪᠡᠨ ᠡᠳᠦᠷ ᠦ᠋ᠨ ᠳᠠᠷᠠᠭ᠎ᠠ ᠲᠠᠲ᠋ᠠᠷ ᠤ᠋ᠨ ᠬᠠᠷᠠᠭᠤᠯ ᠦᠵᠡᠭᠳᠡᠬᠦ ᠳ᠋ᠦ᠍ ᠠᠰᠠᠷ ᠢ᠋ᠶ᠋ᠠᠨ ᠪᠣᠰᠬᠠᠪᠠ᠃ ᠹᠸᠣᠳᠤᠷ ᠭᠠᠵᠠᠷ ᠢ᠋ᠶ᠋ᠠᠷ ᠭᠠᠯ ᠤ᠋ᠨ ᠳᠡᠷᠭᠡᠳᠡᠭᠦᠷ ᠬᠣᠨᠢᠨ ᠤ᠋ ᠨᠡᠬᠡᠢ ᠲᠠᠯᠪᠢᠵᠤ ᠤᠨᠲᠠᠨ ᠪᠤᠰᠤᠳ ᠲᠠᠢ ᠠᠳᠠᠯᠢᠬᠠᠨ ᠢᠳᠡᠵᠦ ᠶᠠᠪᠤᠯ᠎ᠠ᠃ ᠰᠥᠨᠢ ᠶ᠋ᠢᠨ ᠲᠤᠷᠰᠢ ᠮᠠᠨᠠᠭ᠎ᠠ ᠮᠡᠨᠡᠨ᠎ᠡ᠃ ᠲᠠᠲ᠋ᠠᠷ ᠤ᠋ᠳ ᠠ᠋ᠴᠠ ᠶᠠᠮᠠᠷ ᠴᠤ᠌ ᠶᠠᠩᠵᠤ ᠶ᠋ᠢᠨ ᠶᠠᠪᠤᠳᠠᠯ ᠥᠳᠥᠭᠡᠵᠦ ᠪᠣᠯᠤᠨ᠎ᠠ᠃ ᠬᠠᠮᠤᠭ ᠤ᠋ᠨ ᠵᠠᠬ᠎ᠠ ᠶ᠋ᠢᠨ ᠣᠷᠣᠰ ᠤ᠋ᠨ ᠬᠠᠷᠠᠭᠤᠯ ᠳᠡᠭᠡᠷ᠎ᠡ ᠨᠢᠭᠡᠨ ᠵᠠᠯᠠᠭᠤ ᠴᠡᠷᠢᠭ ᠲᠠᠲ᠋ᠠᠷ ᠢ᠋ ᠪᠠᠭᠠᠪᠠᠭᠠᠢ ᠶ᠋ᠢᠨ ᠬᠢᠲᠤᠭ᠎ᠠ ᠪᠠᠷ ᠵᠢᠳᠠᠯᠠᠨ ᠰᠢᠷᠬᠠᠲᠤᠭᠤᠯᠵᠤ ᠲᠡᠳᠡᠨ ᠳ᠋ᠦ᠍ ᠪᠠᠷᠢᠭᠳᠠᠵᠤ ᠪᠠᠢᠭᠠᠳ ᠰᠥᠨᠢ ᠲᠠᠲ᠋ᠠᠷ ᠤ᠋ᠨ ᠮᠠᠨᠠᠭ᠎ᠠ ᠶ᠋ᠢ ᠵᠠᠯᠢᠯᠠᠨ ᠬᠠᠮᠤᠭ ᠤ᠋ᠨ ᠰᠠᠢᠨ ᠮᠣᠷᠢ ᠶ᠋ᠢ ᠨᠢ ᠤᠨᠤᠭᠠᠳ ᠤᠷᠭᠤᠵᠤ ᠢᠷᠡᠭᠰᠡᠨ ᠲᠤᠬᠠᠢ ᠬᠡᠯᠡᠵᠦ ᠥᠭᠪᠡ᠃
ᠸᠠᠩ ᠹᠸᠤᠳᠤᠷ ᠲᠡᠭᠦᠨ ᠢ᠋ ᠳᠠᠭᠤᠳᠠᠭᠤᠯᠵᠤ ᠨᠡᠷ᠎ᠡ ᠶ᠋ᠢ ᠨᠢ ᠠᠰᠠᠭᠤᠵᠤ ᠪᠠᠰᠠ ᠡᠴᠢᠭᠡ ᠶ᠋ᠢᠨ ᠬᠢᠨᠢ ᠨᠡᠷ᠎ᠡ ᠶ᠋ᠢ ᠠᠰᠠᠭᠤᠭᠠᠳ ᠠᠯᠢ ᠭᠠᠵᠠᠷ ᠤ᠋ᠨ ᠪᠣᠯᠬᠤ ᠶ᠋ᠢ ᠯᠠᠪᠯᠠᠵᠤ ᠲᠡᠭᠦᠨ ᠦ᠌ ᠶᠠᠪᠤᠳᠠᠯ ᠢ᠋ ᠰᠠᠢᠰᠢᠶᠠᠬᠤ ᠶ᠋ᠢᠨ ᠬᠠᠮᠲᠤ ᠨᠢᠭᠡᠨ ᠬᠣᠣᠰ ᠰᠠᠪᠢᠬᠢᠨ ᠭᠤᠲᠤᠯ ᠥᠭ ᠭᠡᠵᠦ ᠲᠤᠰᠢᠶᠠᠪᠠ᠃
— ᠠᠢ ᠳ᠋ᠠ᠂ ᠲᠤᠷᠤᠫᠺᠠ ᠭᠡᠵᠦ ᠬᠡᠯᠡᠭᠡᠳ᠂
— ᠴᠢ ᠨᠠᠮᠠᠶ᠋ᠢ ᠪᠠᠶᠠᠰᠤᠭᠤᠯᠪᠠ᠃ ᠬᠡᠷᠪᠡ ᠪᠠᠢᠯᠳᠤᠬᠤ ᠪᠣᠯ ᠮᠠᠨ ᠤ᠋ ᠳ᠋ᠤ᠌ ᠡᠷ᠎ᠡ ᠨᠤᠭᠦᠳ ᠴᠥᠭᠡᠨ ᠦᠭᠡᠢ ᠪᠠᠢᠨ᠎ᠠ᠂ ᠣᠨᠢᠭᠠᠷ ᠨᠢᠳᠦᠲᠡᠨ ᠪᠢᠳᠡᠨ ᠢ᠋ ᠭᠢᠰᠬᠢᠵᠦ ᠴᠢᠳᠠᠬᠤ ᠦᠭᠡᠢ ᠭᠡᠪᠡ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠷᠢᠭᠤᠨ᠂ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠭᠡᠷᠡᠯ
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠪᠠᠶᠠᠨᠴᠡᠴᠡᠭ
