ᠪᠠᠲᠤ ᠬᠠᠭᠠᠨ 4-02ᠸᠣᠷᠤᠨ᠋ᠸᠵ ᠭᠣᠣᠯ ᠳ᠋ᠠᠬᠢ ᠲᠠᠲ᠋ᠠᠷ ᠤ᠋ᠨ ᠯᠠᠭᠧᠷ ᠲᠸ᠋-Bat khaan Бат хаан-ᠷᠣᠮᠠᠨ
ᠬᠣᠶᠠᠷ ᠸᠣᠷᠤᠨ᠋ᠸᠵ ᠭᠣᠣᠯ ᠳ᠋ᠠᠬᠢ ᠲᠠᠲ᠋ᠠᠷ ᠤ᠋ᠨ ᠯᠠᠭᠧᠷ ᠲᠸ᠋
ᠬᠠᠳ᠋ᠵᠢ ᠷᠠᠾᠢ᠍ᠮ ᠤ᠋ᠨ ᠪᠢᠴᠢᠭᠰᠡᠨ ᠨᠢ᠄《ᠶᠡᠬᠡ ᠬᠤᠷ᠎ᠠ ᠶ᠋ᠢᠨ ᠡᠮᠦᠨᠡᠬᠢ ᠬᠠᠷ᠎ᠠ ᠮᠠᠨᠠᠨ ᠠᠳᠠᠯᠢ᠂ ᠬᠠᠶᠠ ᠦᠭᠡᠢ ᠲᠠᠪᠰᠢᠵᠤ ᠪᠠᠢᠭ᠎ᠠ ᠰᠢᠨ᠎ᠡ ᠳᠣᠪᠲᠣᠯᠭᠠᠨ ᠠ᠋ᠴᠠ ᠲᠡᠨᠦᠮᠡᠯ ᠬᠥᠮᠦᠨ ᠢ᠋ ᠲᠩᠷᠢ ᠠᠪᠤᠷᠠᠭᠲᠤᠨ 》ᠭᠡᠵᠡᠢ᠃
— ᠪᠠᠲᠤ ᠬᠠᠭᠠᠨ ᠸᠣᠷᠤᠨ᠋ᠸᠵ ᠭᠣᠣᠯ ᠤ᠋ᠨ ᠴᠠᠷᠠᠰᠤᠨ ᠰᠢᠭᠤᠢ ᠳᠣᠲᠣᠷ᠎ᠠ ᠶᠡᠬᠡ ᠯᠠᠭᠧᠷ ᠢ᠋ᠶ᠋ᠡᠷ ᠪᠠᠭᠤᠳᠠᠯᠯᠠᠵᠠᠢ᠃ ᠡᠪᠦᠯ ᠪᠣᠯᠪᠠᠴᠤ ᠲᠠᠲ᠋ᠠᠷ ᠤ᠋ᠨ ᠮᠣᠷᠢᠳ ᠲᠸ᠋ ᠡᠪᠡᠰᠦ ᠪᠡᠷ ᠪᠠᠶᠠᠯᠢᠭ ᠲᠠᠯ᠎ᠠ ᠠᠵᠢ᠃ ᠲᠤᠭᠤᠷᠠᠢ ᠪᠠᠷ ᠢ᠋ᠶ᠋ᠠᠨ ᠴᠠᠰᠤ ᠴᠠᠪᠴᠢᠯᠠᠬᠤ ᠳᠤᠷ᠎ᠠ ᠦᠭᠡᠢ ᠮᠣᠷᠢᠨ ᠳ᠋ᠤ᠌ ᠴᠤ᠌ ᠪᠣᠯᠪᠠ ᠡᠯᠪᠡᠭ ᠲᠡᠵᠢᠭᠡᠯ ᠣᠯᠳᠠᠨ᠎ᠠ᠃ ᠴᠢᠩᠭᠢᠰ ᠦ᠋ᠨ ᠪᠤᠰᠤᠳ ᠬᠥᠪᠡᠭᠦᠳ ᠦ᠋ᠨ ᠯᠠᠭᠧᠷ ᠦ᠋ᠳ ᠡᠨᠡ ᠲᠠᠯ᠎ᠠ ᠨᠢ ᠳᠣᠷᠣᠨ᠎ᠠ ᠵᠦᠭ ᠳᠠᠰᠢ ᠦᠷᠭᠦᠯᠵᠢᠯᠡᠨ ᠣᠷᠣᠰᠢᠨ᠎ᠠ᠃ ᠪᠠᠢᠯᠳᠤᠭᠴᠢᠳ ᠤ᠋ᠨ ᠶᠠᠷᠢᠯᠴᠠᠬᠤ ᠨᠢ ᠣᠷᠣᠰ ᠤ᠋ᠨ ᠭᠠᠵᠠᠷ ᠲᠸ᠋ ᠲᠦᠷᠭᠡᠨ ᠣᠴᠢᠵᠤ ᠳᠤᠷ᠎ᠠ ᠪᠠᠷ ᠢ᠋ᠶ᠋ᠠᠨ ᠴᠠᠳᠲᠠᠯ᠎ᠠ ᠢᠳᠡᠵᠦ ᠵᠢᠷᠭᠠᠬᠤ ᠶᠤᠮᠰᠠᠨ ᠭᠡᠯᠴᠡᠨ᠎ᠡ᠃ ᠡᠩ ᠦ᠋ᠨ ᠨᠢᠭᠡᠨ ᠴᠡᠷᠢᠭ ᠬᠦᠷᠲᠡᠯ᠎ᠡ ᠡᠳᠦᠢ ᠲᠡᠳᠦᠢ ᠶᠠᠭᠤᠮ᠎ᠠ ᠳᠡᠭᠡᠷᠡᠮᠳᠡᠨ ᠠᠪᠬᠤ ᠲᠤᠯᠠ ᠮᠢᠩᠭ᠎ᠠ ᠪᠠᠷ ᠠᠯᠪᠠᠲᠤ ᠶ᠋ᠢ ᠵᠠᠬᠢᠷᠬᠤ ᠮᠣᠵᠢ ᠶ᠋ᠢᠨ ᠬᠠᠭᠠᠨ ᠠ᠋ᠴᠠ ᠢᠯᠭᠠᠯ ᠦᠭᠡᠢ ᠪᠠᠶᠠᠨ ᠪᠣᠯᠤᠨ᠎ᠠ ᠭᠡᠯᠴᠡᠨ᠎ᠡ᠃ ᠲᠡᠭᠡᠪᠡᠴᠦ ᠣᠷᠣᠰ ᠤᠯᠤᠰ ᠬᠦᠴᠦᠲᠡᠢ᠂ ᠴᠢᠨᠣ᠎ᠠ ᠰᠢᠭ᠋ ᠠᠭᠤᠷᠲᠠᠢ᠂ ᠪᠠᠢᠯᠳᠤᠭᠠᠨ ᠳ᠋ᠤ᠌ ᠵᠣᠷᠢᠮᠠᠭ ᠪᠥᠭᠡᠳ ᠰᠢᠳᠤᠷᠭᠤ᠂ ᠲᠡᠳᠡ ᠨᠠᠷ ᠪᠠᠢᠯᠳᠤᠨ ᠬᠠᠮᠠᠭᠠᠯᠠᠬᠤ ᠦᠭᠡᠢ ᠪᠡᠷ ᠥᠪᠡᠷ ᠦ᠋ᠨ ᠲᠠᠷᠢᠶ᠎ᠠ᠂ ᠥᠪᠡᠷ ᠦ᠋ᠨ ᠮᠠᠯ ᠢ᠋ ᠥᠭᠬᠦ ᠦᠭᠡᠢ ᠭᠡᠵᠦ ᠶᠠᠷᠢᠯᠴᠠᠨ᠎ᠠ᠃ ᠰᠠᠨᠠᠮᠰᠠᠷ ᠦᠭᠡᠢ ᠪᠠᠢᠲᠠᠯ᠎ᠠ ᠣᠷᠣᠰ ᠤ᠋ᠨ ᠡᠯᠴᠢᠨ ᠷᠶᠠᠽᠠᠨ ᠤ᠋ ᠸᠠᠩ ᠤ᠋ᠨ ᠵᠠᠯᠠᠭᠤ ᠬᠥᠪᠡᠭᠦᠨ ᠹᠸᠣᠳᠣᠷ ᠢ᠋ᠶ᠋ᠠᠷ ᠲᠣᠯᠣᠭᠠᠢᠯᠠᠭᠤᠯᠤᠨ ᠬᠦᠷᠴᠦ ᠢᠷᠡᠵᠡᠢ᠃ ᠪᠠᠲᠤ ᠬᠠᠭᠠᠨ ᠥᠪᠡᠷ ᠦ᠋ᠨ ᠶᠡᠬᠡᠮᠰᠦᠭ ᠢ᠋ ᠦᠵᠡᠭᠦᠯᠬᠦ ᠶ᠋ᠢᠨ ᠲᠤᠯᠠᠳᠠ ᠬᠥᠮᠦᠨ ᠢ᠋ᠶ᠋ᠡᠷ ᠳᠠᠮᠵᠢᠭᠤᠯᠤᠨ ᠣᠳᠣ ᠤᠯᠤᠰ ᠲᠥᠷᠥ ᠶ᠋ᠢᠨ ᠠᠵᠢᠯ ᠶᠠᠪᠤᠳᠠᠯ ᠲᠠᠢ ᠲᠤᠯᠠ ᠸᠠᠩ ᠹᠸᠤᠳᠣᠷ ᠲᠠᠢ ᠬᠡᠳᠦ ᠬᠣᠨᠣᠭ ᠤ᠋ᠨ ᠬᠣᠢᠨ᠎ᠠ ᠠᠭᠤᠯᠵᠠᠨ᠎ᠠ ᠭᠡᠵᠦ ᠬᠡᠯᠡᠭᠦᠯᠵᠡᠢ᠃ ᠭᠣᠣᠯ ᠤ᠋ᠨ ᠡᠷᠭᠢ ᠳᠡᠭᠡᠷ᠎ᠡ ᠣᠷᠣᠰ ᠤ᠋ᠳ ᠨᠢᠭᠡ ᠠᠯᠲᠠᠨ ᠬᠡ ᠲᠡᠢ ᠬᠠᠭᠠᠨ ᠤ᠋ ᠠᠰᠠᠷ᠂ ᠬᠠᠭᠠᠨ ᠤ᠋ ᠭᠤᠷᠪᠠᠨ ᠵᠢᠵᠢᠭ ᠡᠷᠢᠶᠡᠨ ᠡᠳ᠋ ᠢ᠋ᠶ᠋ᠡᠷ ᠬᠢᠭᠰᠡᠨ ᠠᠰᠠᠷ ᠤ᠋ᠳ ᠪᠠᠷᠢᠵᠤ ᠰᠠᠭᠤᠯ᠎ᠠ᠃ ᠰᠦᠪᠡᠭᠡᠳᠡᠢ ᠪᠠᠭᠠᠲᠤᠷ ᠠᠰᠠᠷ ᠤ᠋ᠳ ᠢ᠋ ᠬᠦᠷᠢᠶᠡᠯᠡᠭᠰᠡᠨ ᠮᠠᠨᠠᠭ᠎ᠠ ᠭᠠᠷᠭᠠᠵᠤ ᠣᠷᠣᠰ ᠢ᠋ ᠬᠠᠮᠠᠭᠠᠯᠠᠭᠤᠯᠪᠠ᠃ ᠲᠡᠭᠡᠬᠦ ᠦᠭᠡᠢ ᠪᠣᠯ ᠲᠠᠲ᠋ᠠᠷ ᠴᠡᠷᠢᠭ ᠦ᠋ᠳ ᠲᠡᠷᠡ ᠠᠰᠠᠷ ᠤ᠋ᠳ ᠢ᠋ᠶ᠋ᠠᠷ ᠣᠷᠣᠵᠤ ᠭᠠᠷ ᠲᠠᠭᠠᠨ ᠠᠯᠢ ᠲᠣᠬᠢᠶᠠᠯᠳᠤᠭᠰᠠᠨ ᠢ᠋ ᠠᠪᠴᠤ ᠭᠠᠷᠬᠤ ᠪᠠᠢᠯ᠎ᠠ᠃ ᠡᠨᠡ ᠶᠠᠪᠤᠳᠠᠯ ᠠ᠋ᠴᠠ ᠪᠣᠯᠵᠤ ᠢᠷᠡᠭᠰᠡᠨ ᠣᠷᠣᠰ᠂ ᠲᠠᠲ᠋ᠠᠷ ᠤ᠋ᠳ ᠤ᠋ᠨ ᠬᠣᠭᠣᠷᠣᠨᠳᠣ ᠬᠡᠳᠦ ᠳᠠᠬᠢᠨ ᠵᠣᠳᠣᠯᠳᠤᠭᠠᠨ ᠭᠠᠷᠤᠨ᠎ᠠ᠃ ᠰᠦᠪᠡᠭᠡᠳᠡᠢ ᠶ᠋ᠢᠨ ᠭᠠᠯᠵᠠᠭᠤ ᠴᠡᠷᠢᠭ ᠦ᠋ᠳ ᠰᠠᠪᠠᠭ᠎ᠠ ᠦᠭᠡᠢ ᠬᠥᠮᠦᠰ ᠢ᠋ ᠵᠢᠳᠠ ᠶ᠋ᠢᠨ ᠡᠰᠢ ᠪᠡᠷ ᠵᠠᠨᠴᠢᠬᠤ ᠵᠢᠷᠤᠮ ᠲᠣᠭᠲᠠᠭᠠᠪᠠ᠃ ᠪᠠᠲᠤ ᠬᠠᠭᠠᠨ᠂ ᠣᠷᠣᠰ ᠤ᠋ᠨ ᠡᠯᠴᠢ ᠶ᠋ᠢ ᠬᠦᠯᠢᠶᠡᠨ ᠠᠪᠬᠤ ᠶ᠋ᠢᠨ ᠲᠤᠯᠠᠳᠠ ᠷᠶᠡᠽᠡᠨ ᠦ ᠭᠠᠵᠠᠷ( ᠢ᠋ᠶ᠋ᠠᠷ ) ᠶᠠᠪᠤᠵᠤ ᠪᠦᠭᠦᠳᠡ ᠶ᠋ᠢ ᠦᠵᠡᠵᠦ ᠰᠠᠶᠢᠬᠠᠨ ᠡᠷᠭᠢᠵᠦ ᠢᠷᠡᠭᠰᠡᠨ ᠰᠦᠪᠡᠭᠡᠳᠡᠢ ᠪᠠᠭᠠᠲᠤᠷ ᠤ᠋ᠨ ᠬᠦᠦ ᠦᠷᠶᠠᠩᠾ— ᠭᠠᠳᠠᠩ (ᠤᠷᠢᠶᠠᠩᠬᠠᠳᠠᠢ ) ᠲᠠᠢ ᠤᠳᠠᠲᠠᠯ᠎ᠠ ᠥᠭᠦᠯᠡᠯᠳᠦᠪᠡ᠃ ᠲᠡᠭᠦᠨ ᠢ᠋ ᠳᠠᠭᠠᠯᠳᠤᠵᠤ ᠶᠠᠪᠤᠭᠰᠠᠨ ᠢᠳᠤᠭᠠᠨ ᠺᠸᠷᠢᠨᠺᠸᠢ— ᠽᠠᠳᠠᠨ᠂ ᠣᠷᠣᠰ ᠤ᠋ᠳ ᠲᠤ᠌ ᠠᠶᠤᠯ ᠪᠠ ᠡᠪᠡᠳᠴᠢᠨ ᠲᠣᠰᠴᠤ ᠵᠢᠷᠦᠬᠡ ᠨᠢ ᠳᠡᠯᠪᠡᠷᠡᠭ ᠭᠡᠵᠦ ᠪᠥᠭᠡᠯᠡᠵᠦ ᠶᠠᠪᠤᠵᠠᠢ᠃ ᠦᠷᠶᠠᠩᠾ— ᠭᠠᠳᠠᠩ(ᠤᠷᠢᠶᠠᠩᠬᠠᠳᠠᠢ )᠂ ᠷᠶᠡᠽᠡᠨ ᠪᠠ ᠸᠯᠡᠳᠢᠮᠢᠷ ᠬᠣᠲᠠ ᠨᠤᠭᠤᠳ ᠢ᠋ ᠦᠵᠡᠭᠰᠡᠨ ᠢ᠋ᠶ᠋ᠡᠨ ᠶᠠᠷᠢᠪᠠ᠃
— ᠡᠳᠡ ᠡᠩ ᠦ᠋ᠨ ᠬᠣᠲᠠ ᠪᠢᠰᠢ᠂ ᠬᠦᠴᠦᠷᠬᠡᠭ ᠪᠡᠬᠢᠯᠡᠯᠲᠡ ᠲᠡᠢ ᠲᠤᠯᠠ ᠠᠪᠬᠤ ᠳ᠋ᠤ᠌ ᠬᠢᠯᠪᠠᠷ ᠪᠢᠰᠢ᠂ ᠥᠨᠳᠥᠷ ᠵᠤᠵᠠᠭᠠᠨ ᠬᠡᠷᠡᠮ ᠢ᠋ ᠡᠪᠳᠡᠬᠦ ᠳ᠋ᠦ᠍ ᠣᠯᠠᠨ ᠠᠷᠭ᠎ᠠ ᠬᠡᠷᠡᠭᠲᠡᠢ᠃ ᠵᠤᠨ ᠪᠣᠯ ᠣᠷᠣᠰ ᠤ᠋ᠨ ᠵᠠᠮ ᠤ᠋ᠳ ᠠᠮᠢᠲᠠᠨ ᠢ᠋ ᠭᠡᠨᠡᠳᠡᠭᠦᠯᠦᠨ ᠰᠢᠭᠢᠳᠬᠡᠳᠡᠭ ᠨᠦᠬᠡ ᠲᠡᠢ ᠠᠳᠠᠯᠢ ᠲᠣᠪᠤᠲᠣ ᠭᠣᠷᠣᠬ᠎ᠠ ᠨᠠᠮᠤᠭ ᠪᠣᠯᠤᠨ᠎ᠠ᠃ ᠡᠪᠦᠯ ᠬᠥᠯᠳᠡᠭᠦᠦ ᠴᠠᠭ ᠲᠤ᠌ ᠶᠠᠪᠤᠵᠤ ᠪᠣᠯᠬᠤ ᠠ᠋ᠴᠠ ᠪᠤᠰᠤ ᠵᠤᠨ ᠪᠣᠯ ᠣᠷᠣᠰ ᠤ᠋ᠳ ᠬᠣᠭᠣᠷᠣᠨᠳᠣ ᠪᠠᠨ ᠵᠠᠪᠢ ᠪᠠᠷ ᠬᠠᠷᠢᠯᠴᠠᠨ᠎ᠠ᠃ ᠬᠠ ᠶᠠ ᠦᠭᠡᠢ ᠣᠢ ᠮᠣᠳᠣ ᠂ ᠡᠨᠡ ᠣᠢ ᠨᠤᠭᠤᠳ ᠨᠢ ᠪᠡᠬᠢᠯᠡᠯᠲᠡ ᠦ᠋ᠳ ᠢ᠋ᠶ᠋ᠡᠨ ᠬᠠᠮᠠᠭᠠᠯᠠᠨ᠎ᠠ᠃ ᠲᠡᠢᠮᠦ ᠶ᠋ᠢᠨ ᠲᠤᠯᠠᠳᠠ ᠣᠷᠣᠰ ᠲᠡᠰᠢ ᠡᠪᠦᠯ ᠤᠰᠤ ᠬᠥᠯᠳᠡᠭᠦᠦ ᠳ᠋ᠦ᠍ ᠶᠠᠪᠤᠬᠤ ᠬᠡᠷᠡᠭᠲᠡᠢ ᠭᠡᠪᠡ᠃
ᠪᠠᠲᠤ ᠬᠠᠭᠠᠨ᠂ ᠣᠷᠣᠰ ᠤ᠋ᠨ ᠠᠪᠴᠢᠷᠠᠭᠰᠠᠨ ᠪᠡᠯᠡᠭ ᠦ᠋ᠳ ᠢ᠋ ᠦᠵᠡᠬᠦ ᠰᠠᠨ ᠭᠡᠵᠦ ᠬᠦᠰᠡᠵᠡᠢ᠃ ᠭᠡᠲᠡᠯ᠎ᠡ ᠡᠯᠴᠢ ᠶ᠋ᠢ ᠨᠢ ᠥᠪᠡᠷ ᠲᠡᠢ ᠪᠡᠨ ᠤᠴᠠᠷᠠᠭᠤᠯᠤᠭᠰᠠᠨ ᠦᠭᠡᠢ ᠪᠢᠯᠡ᠃ ᠣᠷᠣᠰ ᠤ᠋ᠨ ᠴᠡᠷᠢᠭ ᠦ᠋ᠳ ᠠᠷᠪᠠᠨ ᠬᠣᠶᠠᠷ ᠦᠵᠡᠰᠬᠦᠯᠡᠩᠲᠦ ᠮᠣᠷᠢᠳ ᠤ᠋ᠨ ᠨᠢᠳᠦ ᠶ᠋ᠢ ᠬᠡᠪᠢᠰ ᠢ᠋ᠶ᠋ᠡᠷ ᠪᠦᠲᠡᠭᠡᠵᠦ ᠬᠥᠲᠥᠯᠦᠨ ᠢᠷᠡᠭᠰᠡᠨ᠂ ᠡᠭᠦᠨ ᠡᠴᠡ ᠬᠡᠷᠢᠶ᠎ᠡ ᠬᠠᠷ᠎ᠠ ᠮᠣᠷᠢᠨ ᠳ᠋ᠤ᠌ ᠠᠯᠲᠠ ᠰᠤᠪᠤᠳ ᠢ᠋ᠶ᠋ᠠᠷ ᠴᠢᠮᠡᠭᠯᠡᠭᠰᠡᠨ ᠡᠮᠡᠭᠡᠯ ᠲᠣᠬᠣᠵᠤ ᠢᠷᠡᠭᠰᠡᠨ ᠨᠢ ᠪᠠᠲᠤ ᠬᠠᠭᠠᠨ ᠳ᠋ᠤ᠌ ᠵᠣᠷᠢᠭᠤᠯᠤᠭᠰᠠᠨ ᠪᠡᠯᠡᠭ ᠪᠠᠢᠵᠠᠢ᠃ ᠪᠤᠰᠤᠳ ᠮᠣᠷᠢᠳ ᠢ᠋ ᠭᠣᠶᠣᠮᠰᠣᠭ ᠰᠠᠢᠬᠠᠨ ᠬᠡᠪᠢᠰ ᠨᠦ᠍ᠭᠦᠳ ᠢ᠋ᠶ᠋ᠡᠷ ᠪᠦᠲᠡᠭᠡᠵᠡᠢ᠃ ᠠᠴᠢᠶᠠᠨ ᠳᠣᠲᠣᠷ᠎ᠠ ᠦᠨᠡᠭᠡ ᠪᠤᠯᠠᠭᠠᠨ ᠳᠣᠲᠣᠷ ᠲᠠᠢ ᠬᠣᠷᠭᠣᠢ᠂ ᠲᠣᠷᠭᠠᠨ ᠭᠠᠳᠠᠷ ᠲᠠᠢ ᠳᠡᠪᠡᠯ ᠦ᠋ᠳ ᠣᠯᠠᠨ ᠪᠠᠢᠯ᠎ᠠ᠃ ᠠᠷᠪᠠᠨ ᠪᠠᠢᠯᠳᠤᠭᠴᠢᠳ ᠨᠢᠭᠡ ᠨᠢᠭᠡ ᠪᠠᠭᠯᠠᠭ᠎ᠠ ᠠᠩ ᠤ᠋ᠨ ᠦᠰᠦ ᠠᠪᠴᠢᠷᠠᠪᠠ᠃ ᠪᠠᠭᠯᠠᠭ᠎ᠠ ᠪᠦᠷᠢ ᠳᠥᠴᠢᠨ ᠰᠢᠷᠬᠡᠭ ᠠᠩ ᠤ᠋ᠨ ᠦᠰᠦ ᠪᠠᠢᠵᠠᠢ᠃ ᠪᠠᠲᠤ ᠬᠠᠭᠠᠨ ᠳ᠋ᠤ᠌ ᠵᠣᠷᠢᠭᠤᠯᠵᠤ ᠠᠪᠴᠢᠷᠠᠭᠰᠠᠨ ᠠᠯᠲᠠᠨ ᠡᠰᠢ ᠲᠡᠢ ᠰᠡᠯᠡᠮ᠎ᠡ᠂ ᠠᠶᠠᠭ᠎ᠠ ᠲᠠᠪᠠᠭ ᠵᠡᠷᠭᠡ ᠮᠥᠩᠭᠥᠨ ᠬᠡᠷᠡᠭᠯᠡᠯ᠂ ᠲᠡᠭᠦᠨ ᠦ᠌ ᠡᠬᠡᠨᠡᠷ ᠲᠸ᠋ ᠠᠪᠴᠢᠷᠠᠭᠰᠠᠨ ᠡᠷᠳᠡᠨᠢ ᠶ᠋ᠢᠨ ᠴᠢᠯᠠᠭᠤᠨ ᠴᠢᠮᠡᠭ ᠵᠡᠭᠦᠳᠬᠡᠯ᠂ ᠲᠣᠯᠣᠭᠠᠢ ᠶ᠋ᠢᠨ ᠣᠷᠢᠶᠠᠯᠲᠠ᠂ ᠠᠯᠲᠠᠨ ᠪᠠᠭᠤᠪᠴᠢ᠂ ᠡᠭᠡᠮᠦᠭ᠂ ᠪᠥᠭᠡᠵᠢ ᠵᠡᠷᠭᠡ ᠪᠠᠢᠯ᠎ᠠ᠃ ᠪᠠᠲᠤ ᠬᠠᠭᠠᠨ ᠬᠠᠨᠤᠮᠵᠢ ᠦᠭᠡᠢ ᠠᠪᠤᠷᠢ ᠪᠠᠢᠳᠠᠯ ᠲᠠᠢ ᠠᠰᠠᠷ ᠤ᠋ᠨ ᠳᠡᠷᠭᠡᠳᠡ ᠵᠣᠭᠰᠣᠵᠤ ᠪᠠᠢᠯ᠎ᠠ᠃ ᠳᠡᠷᠭᠡᠳᠡᠭᠦᠷ ᠨᠢ ᠪᠡᠯᠡᠭ ᠦ᠋ᠨ ᠶᠠᠭᠤᠮ᠎ᠠ ᠶ᠋ᠢ ᠵᠥᠭᠡᠭᠡᠵᠦ ᠪᠠᠢᠬᠤ ᠳ᠋ᠤ᠌ ᠲᠡᠷᠡ ᠨᠢ ᠬᠠᠢᠬᠤᠷᠤᠮᠵᠢ ᠦᠭᠡᠢ ᠬᠠᠷᠠᠵᠤ ᠪᠠᠢᠵᠠᠢ᠃ ᠪᠦᠬᠦ ᠦᠨᠡᠲᠦ ᠡᠷᠳᠡᠨᠢᠰ ᠢ᠋ ᠲᠡᠭᠦᠨ ᠦ᠌ ᠠᠰᠠᠷ ᠤ᠋ᠨ ᠳᠣᠲᠣᠷ᠎ᠠ ᠬᠡᠪᠢᠰᠦᠨ ᠳᠡᠭᠡᠷ᠎ᠡ ᠲᠠᠯᠪᠢᠵᠠᠢ᠃ ᠬᠢᠲᠠᠳ ᠤ᠋ᠨ ᠣᠷᠳᠣᠨ ᠠ᠋ᠴᠠ ᠪᠠᠲᠤ ᠬᠠᠭᠠᠨ ᠳ᠋ᠤ᠌ ᠡᠭᠦᠨ ᠡᠴᠡ ᠢᠯᠡᠭᠦᠦ ᠤᠷᠠᠨ ᠭᠣᠶᠣᠮᠰᠣᠭ ᠪᠡᠯᠡᠭ ᠢᠷᠡᠵᠦ ᠪᠠᠢᠭᠰᠠᠨ ᠭᠡᠵᠦ ᠲᠡᠷᠡ ᠬᠡᠯᠡᠪᠡ᠃ ᠭᠡᠲᠡᠯ᠎ᠡ ᠲᠡᠭᠦᠨ ᠦ᠌ ᠡᠮᠦᠨ᠎ᠡ ᠦᠵᠡᠰᠬᠦᠯᠡᠩᠲᠡᠢ ᠠᠷᠪᠠᠨ ᠬᠣᠶᠠᠷ ᠮᠣᠷᠢ ᠶ᠋ᠢ ᠠᠪᠴᠢᠷᠠᠭᠰᠠᠨ ᠳ᠋ᠤ᠌ ᠪᠠᠲᠤ ᠬᠠᠭᠠᠨ ᠰᠠᠶᠢ ᠪᠠᠶᠠᠷᠯᠠᠵᠠᠢ᠃ ᠮᠣᠷᠢ ᠪᠦᠷᠢ ᠶ᠋ᠢ ᠬᠣᠶᠠᠷ ᠠᠳᠤᠭᠤᠴᠢ ᠮᠥᠩᠭᠥᠨ ᠴᠤᠯᠪᠤᠭᠤᠷ ᠢ᠋ᠶ᠋ᠠᠷ ᠬᠥᠲᠥᠯᠵᠡᠢ᠃ ᠮᠣᠷᠢᠳ ᠨᠢ ᠥᠨᠳᠥᠷ ᠪᠥᠭᠡᠳ ᠥᠷᠭᠡᠨ ᠬᠣᠨᠳᠣᠯᠠᠢ ᠲᠠᠢ᠂ ᠳᠠᠪᠠᠯᠭᠠᠯᠠᠭᠰᠠᠨ ᠳᠡᠯ ᠰᠡᠭᠦᠯ ᠲᠡᠢ᠂ ᠳᠡᠪᠬᠡᠴᠡᠬᠦ ᠪᠠ ᠬᠣᠢᠲᠤ ᠬᠣᠶᠠᠷ ᠬᠥᠯ ᠳᠡᠭᠡᠷ᠎ᠡ ᠪᠡᠨ ᠴᠣᠪᠬᠣᠷᠤᠨ ᠪᠣᠰᠴᠤ ᠪᠠᠢᠯ᠎ᠠ᠃ ᠪᠠᠲᠤ ᠬᠠᠭᠠᠨ ᠥᠪᠡᠷ ᠢ᠋ᠶ᠋ᠡᠨ ᠬᠡᠷᠢᠶ᠎ᠡ ᠬᠠᠷ᠎ᠠ ᠵᠢᠰᠦ ᠲᠡᠢ᠂ ᠡᠪᠦᠳᠦᠭ ᠢ᠋ᠶ᠋ᠡᠨ ᠬᠦᠷᠲᠡᠯ᠎ᠡ ᠳᠥᠷᠪᠡᠨ ᠬᠥᠯ ᠴᠠᠭᠠᠨ᠂ ᠭᠠᠯ ᠰᠢᠭ᠋ ᠨᠢᠳᠦ ᠲᠡᠢ᠂ ᠭᠡᠳᠡᠷᠭᠦ ᠴᠣᠪᠬᠣᠴᠢᠵᠤ ᠬᠥᠮᠦᠨ ᠢ᠋ ᠬᠠᠵᠠᠬᠤ ᠭᠡᠳᠡᠭ ᠰᠠᠢᠬᠠᠨ ᠮᠣᠷᠢ ᠶ᠋ᠢ ᠰᠣᠩᠭᠣᠨ ᠠᠪᠤᠯ᠎ᠠ᠃ ᠨᠥᠭᠦᠭᠡ ᠮᠣᠷᠢᠳ ᠢ᠋ ᠪᠤᠰᠤᠳ ᠬᠠᠭᠠᠳ ᠲᠸ᠋ ᠥᠭ ᠭᠡᠵᠡᠢ᠃ ᠪᠠᠲᠤ ᠬᠠᠭᠠᠨ᠂ ᠣᠷᠣᠰ ᠤ᠋ᠨ ᠡᠯᠴᠢᠨ ᠨᠠᠷ ᠢ᠋ ᠠᠷᠠᠢ ᠴᠢᠮᠠᠢ ᠬᠦᠯᠢᠶᠡᠨ ᠠᠪᠬᠤ ᠳ᠋ᠤ᠌ ᠲᠡᠭᠦᠨ ᠦ᠌ ᠠᠰᠠᠷ ᠲᠸ᠋ ᠴᠢᠩᠭᠢᠰ ᠦ᠋ᠨ ᠦᠷᠡᠰ ᠪᠠ ᠪᠠᠢᠯᠳᠤᠭᠠᠨ ᠤ᠋ ᠳᠠᠷᠤᠭ᠎ᠠ ᠨᠠᠷ ᠬᠤᠷᠠᠯᠳᠤᠭᠰᠠᠨ ᠪᠠᠢᠯ᠎ᠠ᠃
ᠪᠠᠲᠤ ᠬᠠᠭᠠᠨ᠂ ᠠᠯᠲᠠᠨ ᠰᠢᠷᠡᠭᠡᠨ ᠳᠡᠭᠡᠷ᠎ᠡ ᠰᠠᠭᠤᠵᠤ᠂ ᠡᠷᠳᠡᠨᠢ ᠶ᠋ᠢᠨ ᠲᠢᠲᠢᠮ ᠢ᠋ᠶ᠋ᠡᠨ ᠡᠮᠦᠰᠴᠦ ᠠᠯᠲᠠᠨ ᠯᠤᠤ ᠣᠶᠣᠭᠰᠠᠨ ᠳᠡᠪᠡᠯ ᠡᠮᠦᠰᠴᠡᠢ᠃ ᠣᠷᠣᠰ ᠢ᠋ ᠢᠲᠡᠭᠡᠬᠦ ᠦᠭᠡᠢ ᠲᠤᠯᠠ ᠪᠣᠯᠣᠳ ᠬᠤᠶᠠᠭ ᠢ᠋ᠶ᠋ᠠᠨ ᠡᠮᠦᠰᠴᠡᠢ᠃ ᠪᠠᠷᠠᠭᠤᠨ ᠲᠠᠯ᠎ᠠ ᠪᠠᠷ ᠪᠠᠲᠤ ᠬᠠᠭᠠᠨ ᠤ᠋ ᠳᠣᠯᠣᠭᠠᠨ ᠬᠠᠲᠤᠳ ᠰᠠᠭᠤᠵᠠᠭᠠᠭᠰᠠᠨ ᠨᠢ ᠡᠳᠡ ᠨᠠᠷ ᠷᠶᠡᠽᠡᠨ ᠦ᠌ ᠸᠠᠩ ᠣᠨ ᠠᠪᠴᠢᠷᠠᠭᠰᠠᠨ ᠪᠡᠯᠡᠭ ᠢ᠋ᠶ᠋ᠡᠷ ᠬᠡᠳᠦᠢᠨᠡᠢ ᠭᠤᠶᠤᠵᠠᠢ᠃ ᠶᠡᠬᠡ ᠬᠠᠲᠤᠨ ᠳ᠋ᠤ᠌ ᠲᠣᠮᠣ ᠰᠤᠪᠤᠳ ᠲᠠᠢ ᠡᠭᠡᠮᠦᠭ᠂ ᠨᠥᠭᠦᠭᠡ ᠳ᠋ᠦ᠍ ᠠᠯᠲᠠᠨ ᠬᠠᠪᠴᠢᠶᠠᠷᠢ᠂ ᠪᠠᠭ᠎ᠠ ᠬᠠᠲᠤᠨ ᠤ᠋ ᠮᠠᠩᠨᠠᠢ ᠳᠡᠭᠡᠷ᠎ᠡ ᠰᠤᠪᠤᠳ ᠤᠲᠠᠰᠤ ᠪᠠᠷ ᠬᠢᠭᠰᠡᠨ ᠵᠠᠩᠭᠢᠯᠠᠭ᠎ᠠ ᠪᠠᠢᠯ᠎ᠠ᠃ ᠬᠠᠭᠠᠨ ᠰᠢᠷᠡᠭᠡᠨ ᠦ᠌ ᠵᠡᠭᠦᠨ ᠲᠠᠯ᠎ᠠ ᠳ᠋ᠤ᠌ ᠬᠠᠭᠠᠳ ᠪᠣᠯᠣᠳ ᠴᠡᠷᠢᠭ ᠦ᠋ᠨ ᠵᠠᠬᠢᠷᠤᠯ ᠤ᠋ᠳ ᠰᠠᠭᠤᠵᠠᠢ᠃
ᠸᠠᠩ ᠹᠸᠣᠳᠣᠷ ᠬᠣᠶᠠᠷ ᠠᠯᠬᠤᠮ ᠶᠠᠪᠤᠭᠠᠳ ᠵᠣᠭᠰᠣᠵᠠᠢ᠃ ᠠᠰᠠᠷ ᠤ᠋ᠨ ᠳᠣᠲᠣᠷ᠎ᠠ ᠪᠦᠷᠦᠩᠬᠦᠢ ᠲᠤᠯᠠ ᠮᠠᠭᠤ ᠬᠠᠷᠠᠭᠳᠠᠨ᠎ᠠ᠃ ᠲᠡᠭᠦᠨ ᠦ᠌ ᠬᠣᠢᠨ᠎ᠠ ᠠ᠋ᠴᠠ ᠵᠢᠷᠭᠤᠭᠠᠨ ᠬᠥᠮᠦᠨ ᠣᠷᠣᠵᠤ ᠢᠷᠡᠭᠰᠡᠨ ᠨᠢ ᠳᠠᠭᠠᠯᠲᠠ᠂ ᠪᠡᠶ᠎ᠡ ᠬᠠᠮᠠᠭᠠᠯᠠᠭᠴᠢ᠂ ᠵᠥᠪᠯᠡᠬᠦ ᠨᠠᠷ ᠨᠢ ᠪᠠᠢᠵᠠᠢ᠃ ᠹᠸᠣᠳᠣᠷ ᠪᠤᠯᠠᠭᠠᠨ ᠮᠠᠯᠠᠭᠠᠢ ᠪᠠᠨ ᠠᠪᠴᠤ᠂ ᠪᠠᠲᠤ ᠬᠠᠭᠠᠨ ᠳ᠋ᠤ᠌ ᠳᠣᠣᠷ᠎ᠠ ᠮᠡᠬᠦᠢᠰᠬᠢᠨ ᠶᠣᠰᠣᠯᠠᠭᠰᠠᠨ ᠳ᠋ᠤ᠌ ᠬᠤᠷᠤᠭᠤᠨ ᠤ᠋ ᠬᠢᠨᠢ ᠦᠵᠦᠭᠦᠷ ᠬᠡᠪᠢᠰᠦᠨ ᠳ᠋ᠦ᠍ ᠬᠦᠷᠴᠡᠢ᠃ ᠲᠡᠭᠦᠨ ᠦ᠌ ᠪᠡᠶ᠎ᠡ ᠬᠠᠮᠠᠭᠠᠯᠠᠭᠴᠢᠳ ᠮᠥᠨ ᠠᠳᠠᠯᠢ ᠶᠣᠰᠣᠯᠠᠵᠠᠭᠠᠵᠠᠢ᠃
— ᠲᠠᠲ᠋ᠠᠷ ᠤᠯᠤᠰ ᠤ᠋ᠨ ᠬᠠᠭᠠᠨ᠂ ᠲᠠᠲ᠋ᠠᠷ ᠤ᠋ᠨ ᠣᠯᠠᠨ ᠵᠣᠷᠢᠭᠲᠤ ᠪᠠᠢᠯᠳᠤᠭᠴᠢᠳ ᠢ᠋ ᠵᠠᠬᠢᠷᠤᠭᠴᠢ ᠤᠳᠤᠷᠢᠳᠤᠭᠴᠢ ᠤᠷᠲᠤ ᠨᠠᠰᠤᠯᠠᠬᠤ ᠪᠣᠯᠲᠤᠭᠠᠢ ᠭᠡᠵᠦ ᠹᠸᠣᠳᠣᠷ ᠬᠡᠯᠡᠪᠡ᠃ ᠪᠠᠲᠤ ᠬᠠᠭᠠᠨ ᠤᠳᠠᠲᠠᠯ᠎ᠠ ᠳᠠᠭᠤ ᠦᠭᠡᠢ ᠪᠠᠢᠭᠰᠠᠨ ᠢ᠋ᠶ᠋ᠠᠨ ᠨᠢᠳᠦ ᠪᠡᠨ ᠠᠨᠢᠪᠴᠢᠭᠠᠳ ᠬᠥᠯ ᠳᠣᠣᠷ᠎ᠠ ᠪᠠᠨ ᠰᠠᠭᠤᠵᠤ ᠪᠠᠢᠭᠰᠠᠨ ᠷᠶᠠᠽᠠᠨ ᠤ᠋ ᠸᠠᠩ ᠭᠯᠧᠪ ᠸᠯᠠᠳᠢᠮᠢᠷᠣᠸᠢᠴ ᠲᠸ᠋ ᠰᠢᠪᠡᠨᠡᠨ ᠬᠡᠯᠡᠭᠰᠡᠨ ᠨᠢ᠄
— ᠨᠠᠳᠠᠳᠤ ᠮᠡᠬᠦᠢᠰᠬᠢᠳᠡᠭ ᠨᠢ ᠶᠠᠮᠠᠷ ᠬᠦᠨᠳᠦᠳᠬᠡᠯ ᠦᠭᠡᠢ ᠬᠡᠷᠡᠭ ᠪᠣᠯᠵᠤ ᠪᠠᠢᠨ᠎ᠠ? ᠲᠡᠭᠦᠨ ᠳ᠋ᠦ᠍ ᠬᠡᠯᠡ! ᠲᠡᠷᠡ ᠨᠠᠳᠠ ᠲᠠᠢ ᠲᠡᠭᠰᠢ ᠡᠷᠬᠡ ᠲᠡᠢ ᠪᠢᠰᠢ᠂ ᠬᠠᠷᠢᠨ ᠮᠢᠨᠦ ᠪᠣᠭᠣᠯ ᠶᠤᠮ᠃ ᠡᠨᠡ ᠪᠣᠭᠣᠯ ᠪᠣᠯ ᠭᠠᠵᠠᠷ ᠰᠠᠮᠤᠷᠳᠠᠨ ᠮᠥᠷᠭᠥᠬᠦ ᠬᠡᠷᠡᠭᠲᠡᠢ ᠭᠡᠪᠡ᠃ ᠭᠯᠧᠪ ᠸᠯᠠᠳᠢᠮᠢᠷᠣᠸᠢᠴ ᠂ᠬᠠᠭᠠᠨ ᠰᠢᠷᠡᠭᠡᠨ ᠦ᠌ ᠳᠣᠣᠷ᠎ᠠ ᠣᠢᠷ᠎ᠠ ᠴᠣᠮᠴᠣᠢᠨ ᠰᠠᠭᠤᠬᠤ ᠡᠯᠴᠢᠨ ᠳ᠋ᠦ᠍ ᠬᠡᠯᠡᠭᠰᠡᠨ ᠨᠢ᠄
— ᠸᠠᠩ ᠹᠸᠣᠳᠣᠷ ᠶᠦᠷᠢᠶᠧᠸᠢᠴ ᠴᠢ ᠬᠡᠨ ᠦ᠌ ᠡᠮᠦᠨ᠎ᠡ ᠵᠣᠭᠰᠣᠵᠤ ᠪᠠᠢᠨ᠎ᠠ? ᠮᠣᠩᠭᠣᠯ ᠤ᠋ᠨ ᠶᠡᠬᠡ ᠬᠥᠮᠦᠨ ᠦ᠌ ᠡᠮᠦᠨ᠎ᠡ ᠰᠥᠭᠥᠳᠬᠦ ᠦᠭᠡᠢ ᠪᠠᠢᠵᠤ ᠪᠣᠯᠤᠨ᠎ᠠ ᠤᠤ? ᠶᠢᠷᠲᠢᠨᠴᠦ ᠶ᠋ᠢᠨ ᠬᠠᠭᠠᠰ ᠢ᠋ ᠡᠵᠡᠯᠡᠭᠰᠡᠨ ᠪᠥᠭᠡᠳ ᠳᠣᠷᠣᠨ᠎ᠠ ᠵᠦᠭ ᠦ᠋ᠨ ᠭᠠᠵᠠᠷ ᠢ᠋ ᠡᠵᠡᠮᠰᠢᠭᠴᠢ ᠶᠡᠬᠡ ᠬᠠᠭᠠᠨ ᠴᠢᠩᠭᠢᠰ ᠦ᠋ᠨ ᠠᠴᠢ ᠬᠦᠦ ᠪᠠᠲᠤ ᠬᠠᠭᠠᠨ ᠭᠡᠭᠴᠢ ᠶ᠋ᠢ ᠴᠢ ᠯᠠᠪ ᠮᠠᠷᠲᠠᠭᠰᠠᠨ ᠪᠢᠵᠡ? ᠳᠠᠷᠤᠢᠬᠠᠨ ᠭᠠᠵᠠᠷ ᠰᠥᠭᠥᠳᠴᠦ ᠬᠦᠨᠳᠦᠳᠬᠡᠭᠰᠡᠨ ᠢ᠋ᠶ᠋ᠡᠨ ᠦᠵᠡᠭᠦᠯ ᠭᠡᠬᠦ ᠳ᠋ᠦ᠍ᠨᠢ ᠹᠸᠣᠳᠣᠷ ᠲᠡᠭᠦᠨ ᠳ᠋ᠦ᠍᠄
— ᠴᠢᠨᠦ ᠨᠢᠭᠤᠷ ᠢ᠋ ᠬᠠᠷᠠᠬᠤ ᠳ᠋ᠤ᠌ ᠦᠵᠡᠭᠰᠡᠨ ᠨᠢᠭᠤᠷ ᠰᠢᠭ᠋ ᠪᠠᠢᠨ᠎ᠠ᠃ ᠸᠠᠩ ᠭᠯᠧᠪ ᠸᠯᠠᠳᠢᠮᠢᠷᠣᠸᠢᠴ ᠭᠡᠳᠡᠭ ᠴᠢ ᠪᠢᠰᠢ ᠪᠢᠯᠢᠤ? ᠴᠢ ᠥᠪᠡᠷ ᠦ᠋ᠨ ᠠᠬ᠎ᠠ ᠳᠡᠭᠦᠦᠰ ᠢ᠋ ᠨᠠᠢᠷ ᠢ᠋ᠶ᠋ᠠᠷ ᠳᠠᠯᠢᠮᠳᠠᠭᠤᠯᠤᠨ ᠬᠢᠳᠤᠭᠰᠠᠨ ᠪᠢᠰᠢ ᠪᠢᠯᠢᠤ? ᠣᠳᠣ ᠴᠢ ᠤᠷᠪᠠᠵᠤ ᠣᠷᠣᠰ ᠤ᠋ᠨ ᠭᠠᠵᠠᠷ ᠢ᠋ ᠲᠠᠲ᠋ᠠᠷ ᠤ᠋ᠳ ᠲᠸ᠋ ᠥᠭᠬᠦ ᠪᠡᠷ ᠲᠤᠰᠠᠯᠠᠵᠤ ᠪᠠᠢᠨ᠎ᠠ ᠤᠤ? ᠴᠢ ᠥᠪᠡᠷ ᠦ᠋ᠨ ᠰᠢᠨ᠎ᠡ ᠡᠵᠡᠨ ᠪᠣᠯᠬᠤ ᠬᠠᠭᠠᠨ ᠳ᠋ᠠᠭᠠᠨ ᠬᠡᠯᠡ! ᠪᠢᠳᠡ ᠾᠷᠢᠰᠲ᠋ᠣᠰ ᠱᠠᠰᠢᠨᠲᠠᠨ᠂ ᠭᠠᠭᠴᠠ ᠬᠤᠪᠢᠯᠭᠠᠨ ᠪᠤᠷᠬᠠᠨ ᠤ᠋ ᠡᠮᠦᠨ᠎ᠡ ᠪᠤᠶᠤ ᠲᠩᠷᠢ ᠶ᠋ᠢᠨ ᠬᠠᠭᠠᠨ ᠳ᠋ᠤ᠌ ᠮᠥᠷᠭᠥᠨ᠎ᠡ᠃ ᠣᠳᠣ ᠬᠦᠷᠲᠡᠯ᠎ᠡ ᠮᠠᠨ ᠤ᠋ ᠳ᠋ᠤ᠌ ᠭᠠᠵᠠᠷ ᠤ᠋ᠨ ᠬᠠᠭᠠᠨ ᠪᠠᠢᠭᠰᠠᠨ ᠦᠭᠡᠢ᠂ ᠬᠠᠷᠢᠨ ᠸᠠᠩ ᠴᠢᠮᠠᠲᠠᠢ ᠬᠥᠳᠡᠭᠡ ᠤᠴᠠᠷᠠᠭᠰᠠᠨ ᠪᠣᠯ ᠴᠢᠮᠠᠲᠠᠢ ᠢᠩᠭᠢᠵᠦ ᠶᠠᠷᠢᠬᠤ ᠦᠭᠡᠢ ᠪᠠᠢᠭᠰᠠᠨ ᠶᠤᠮ ᠭᠡᠬᠦ ᠳ᠋ᠦ᠍ᠨᠢ ᠪᠠᠶᠠᠨ ᠵᠠᠢᠰᠠᠩ ᠨᠠᠷ 《ᠤᠷᠪᠠᠭᠴᠢ ᠢᠤᠳᠠ 》ᠭᠡᠵᠦ ᠲᠡᠭᠦᠨ ᠢ᠋ ᠵᠥᠭᠡᠪᠡ᠃
ᠭᠯᠢᠪ᠂ ᠹᠸᠣᠳᠣᠷ ᠤ᠋ᠨ ᠦᠭᠡ ᠶ᠋ᠢ ᠣᠷᠴᠢᠭᠤᠯᠵᠤ ᠥᠭᠭᠦᠭᠰᠡᠨ ᠳ᠋ᠦ᠍ ᠪᠠᠲᠤ ᠬᠠᠭᠠᠨ ᠤ᠋ ᠠᠮᠠᠨ ᠠ᠋ᠴᠠ ᠬᠥᠭᠡᠰᠦ ᠰᠠᠬᠠᠷᠠᠵᠤ ᠥᠭᠦᠯᠡᠭᠰᠡᠨ ᠨᠢ᠄
— ᠪᠦᠬᠦ ᠳᠡᠯᠡᠬᠡᠢ ᠳ᠋ᠠᠬᠢᠨ ᠮᠢᠨᠦ ᠡᠪᠦᠭᠡ ᠡᠴᠢᠭᠡ ᠶ᠋ᠢᠨ ᠡᠮᠦᠨ᠎ᠡ ᠰᠥᠭᠥᠳᠦᠭᠰᠡᠨ ᠶᠤᠮ᠂ ᠲᠡᠭᠡᠵᠦ ᠮᠣᠩᠭᠣᠯ ᠤ᠋ᠨ ᠠᠯᠳᠠᠷ ᠳᠡᠯᠡᠬᠡᠢ ᠳ᠋ᠠᠬᠢᠨ ᠢ᠋ ᠰᠦᠷᠳᠡᠭᠦᠯᠦᠭᠰᠡᠨ ᠪᠠᠢᠲᠠᠯ᠎ᠠ ᠲᠠᠨᠠᠷ ᠣᠷᠣᠰ ᠤ᠋ᠳ ᠪᠢᠳᠡᠨ ᠲᠡᠢ ᠮᠠᠷᠭᠤᠯᠳᠤᠬᠤ ᠭᠡᠵᠦ ᠪᠣᠳᠣᠭ᠎ᠠ ᠤᠤ? ᠪᠢᠳᠡᠨ ᠲᠡᠢ ᠮᠠᠷᠭᠤᠯᠳᠤᠭᠰᠠᠨ ᠤᠯᠤᠰ ᠪᠦᠬᠦᠨ ᠰᠢᠷᠣᠢ ᠦᠨᠡᠰᠦ ᠪᠣᠯᠵᠤ ᠬᠤᠪᠢᠷᠠᠭᠰᠠᠨ ᠶᠤᠮ᠃ ᠲᠠᠨᠠᠷ ᠶᠠᠭᠤᠨ ᠳ᠋ᠠᠭᠠᠨ ᠪᠡᠷᠲᠡᠵᠦ ᠪᠠᠢᠨ᠎ᠠ?ᠪᠢᠳᠡᠨ ᠡᠴᠡ ᠢᠯᠡᠭᠦᠦ ᠬᠦᠴᠦᠲᠡᠢ ᠳ᠋ᠡᠭᠡᠨ ᠤᠤ?
ᠹᠸᠣᠳᠣᠷ ᠲᠠᠢᠪᠤᠩ ᠢ᠋ᠶ᠋ᠠᠷ ᠬᠡᠯᠡᠭᠰᠡᠨ ᠨᠢ᠄
— ᠪᠢ ᠲᠠᠨ ᠤ᠋ ᠡᠪᠦᠭᠡ ᠡᠴᠢᠭᠡ ᠴᠢᠩᠭᠢᠰ ᠬᠠᠭᠠᠨ ᠤ᠋ ᠲᠤᠬᠠᠢ ᠰᠣᠨᠣᠰᠤᠭᠰᠠᠨ᠂ ᠪᠢ ᠡᠨᠡ ᠶᠡᠬᠡ ᠪᠠᠢᠯᠳᠤᠭᠴᠢ ᠪᠣᠯᠣᠳ ᠲᠡᠭᠦᠨ ᠦ᠌ ᠠᠴᠢ ᠬᠦᠦ ᠲᠠᠨ ᠢ᠋ ᠦᠨᠡᠯᠡᠨ ᠦᠵᠡᠵᠦ ᠲᠠᠨ ᠤ᠋ ᠪᠡᠶ᠎ᠡ ᠡᠷᠡᠭᠦᠯ ᠡᠩᠬᠡ ᠤᠷᠲᠤ ᠨᠠᠰᠤᠯᠠᠬᠤ ᠪᠣᠯᠲᠤᠭᠠᠢ ᠭᠡᠵᠦ ᠢᠷᠦᠭᠡᠨ᠎ᠡ᠃ ᠭᠡᠲᠡᠯ᠎ᠡ ᠡᠳᠦᠢ ᠴᠢᠨᠡᠭᠡ ᠪᠠᠶᠠᠯᠢᠭ ᠪᠣᠯᠤᠭᠠᠳ ᠬᠦᠴᠦᠷᠬᠡᠭ ᠲᠠᠨ ᠳ᠋ᠤ᠌ ᠮᠠᠨ ᠤ᠋ ᠷᠶᠠᠽᠠᠨ ᠤ᠋ ᠶᠠᠳᠠᠭᠤᠬᠠᠨ ᠭᠠᠵᠠᠷ ᠶᠠᠮᠠᠷ ᠬᠡᠷᠡᠭ ᠲᠡᠢ ᠪᠣᠯᠪᠠ? ᠲᠠᠨᠠᠷ ᠲᠠᠲ᠋ᠠᠷ ᠤ᠋ᠳ ᠪᠣᠯ ᠲᠠᠯ᠎ᠠ ᠳ᠋ᠤ᠌ ᠠᠮᠢᠳᠤᠷᠠᠵᠤ ᠮᠣᠷᠢᠳ ᠴᠢᠨᠢ ᠲᠠᠯ᠎ᠠ ᠶ᠋ᠢᠨ ᠡᠪᠡᠰᠦᠨ ᠳ᠋ᠦ᠍ ᠳᠤᠷᠠᠯᠠᠳᠠᠭ ᠪᠠᠢᠨ᠎ᠠ᠃ ᠪᠢᠳᠡᠨᠡᠷ ᠪᠣᠯ ᠪᠠᠭᠠᠪᠠᠭᠠᠢ ᠠᠳᠠᠯᠢ ᠣᠢ ᠳᠣᠲᠣᠷ᠎ᠠ ᠨᠢᠭᠤᠭᠳᠠᠵᠤ ᠤᠲᠤᠭ᠎ᠠ ᠲᠠᠢ ᠪᠠᠢᠰᠢᠩ ᠳ᠋ᠤ᠌ ᠠᠮᠢᠳᠤᠷᠠᠨ᠎ᠠ᠃ ᠶᠠᠭᠤᠨ ᠳ᠋ᠤ᠌ ᠪᠢᠳᠡᠨᠡᠷ ᠲᠠᠨ ᠲᠠᠢ ᠠᠢᠯ ᠵᠡᠷᠭᠡᠯᠡᠳᠡᠭᠡ ᠨᠠᠢᠷᠠᠮᠳᠠᠨ ᠰᠠᠭᠤᠵᠤ ᠪᠣᠯᠬᠤ ᠦᠭᠡᠢ ᠪᠣᠯᠪᠠ? ᠭᠡᠬᠦ ᠳ᠋ᠦ᠍ᠨᠢ᠂
— ᠡᠬᠡ ᠶ᠋ᠢᠨ ᠢ᠋ᠶ᠋ᠡᠨ ᠬᠥᠬᠥ ᠡᠴᠡ ᠰᠠᠯᠤᠭ᠎ᠠ ᠦᠭᠡᠢ ᠲᠡᠨᠡᠭ ᠬᠡᠦᠬᠡᠳ ᠦ᠋ᠳ ᠂ ᠮᠣᠩᠭᠣᠯ ᠤ᠋ᠨ ᠢᠯᠠᠭᠳᠠᠰᠢ ᠦᠭᠡᠢ ᠶᠡᠬᠡ ᠬᠥᠮᠦᠨ ᠳ᠋ᠦ᠍ ᠢᠩᠭᠢᠵᠦ ᠬᠡᠯᠡᠵᠦ ᠪᠣᠯᠤᠨ᠎ᠠ ᠤᠤ? ᠭᠡᠵᠦ ᠭᠯᠧᠪ ᠰᠢᠪᠡᠨᠡᠨ ᠬᠡᠯᠡᠪᠡ᠃
ᠪᠠᠲᠤ ᠬᠠᠭᠠᠨ᠂ ᠪᠠᠷᠠᠭᠤᠨ ᠭᠠᠷ ᠲᠠᠭᠠᠨ ᠵᠡᠷᠭᠡᠴᠡᠨ ᠰᠠᠭᠤᠵᠤ ᠪᠠᠢᠭ᠎ᠠ ᠰᠦᠪᠡᠭᠡᠳᠡᠢ ᠪᠠᠭᠠᠲᠤᠷ ᠲᠸ᠋ ᠬᠡᠳᠦᠨ ᠦᠭᠡ ᠬᠡᠯᠡᠯ᠎ᠡ᠃
ᠹᠧᠦᠲᠤᠷ ᠂ ᠥᠷᠥᠭᠡᠰᠦᠨ ᠨᠢᠳᠦ ᠨᠢ ᠪᠠᠭᠤᠭᠰᠠᠨ ᠲᠠᠷᠭᠤᠨ ᠬᠥᠭᠰᠢᠨ(ᠪᠣᠯ )ᠮᠣᠩᠭᠣᠯ ᠴᠡᠷᠢᠭ ᠦ᠋ᠨ ᠶᠡᠬᠡ ᠳᠠᠷᠤᠭ᠎ᠠ ᠪᠥᠭᠡᠳ ᠲᠠᠲ᠋ᠠᠷ ᠤ᠋ᠨ ᠬᠠᠭᠠᠨ ᠤ᠋ ᠵᠥᠪᠯᠡᠭᠴᠢ ᠭᠡᠭᠴᠢ ᠶ᠋ᠢ ᠲᠠᠭᠠᠪᠤᠷᠢᠯᠠᠨ ᠮᠡᠳᠡᠵᠡᠢ᠃
— ᠲᠩᠷᠢ ᠳᠡᠭᠡᠷ᠎ᠡ ᠨᠢᠭᠡ ᠨᠠᠷᠠ ᠪᠣᠢ᠂ ᠭᠠᠵᠠᠷ ᠳᠡᠭᠡᠷ᠎ᠡ ᠨᠢᠭᠡ ᠡᠵᠡᠨ ᠮᠣᠩᠭᠣᠯ ᠤ᠋ᠨ ᠬᠠᠭᠠᠨ ᠪᠣᠢ᠃ ᠴᠥᠮ ᠢ᠋ᠶ᠋ᠡᠷ ᠲᠡᠭᠦᠨ ᠦ᠌ ᠡᠮᠦᠨ᠎ᠡ ᠰᠥᠭᠥᠳᠴᠦ ᠪᠠᠢᠨ᠎ᠠ᠃ ᠮᠥᠨ ᠲᠠᠨᠠᠷ ᠣᠷᠣᠰ ᠤ᠋ᠳ ᠰᠠᠢᠨ ᠳᠤᠷ᠎ᠠ ᠪᠠᠷ ᠪᠤᠶᠤ ᠳᠤᠷ᠎ᠠ ᠦᠭᠡᠢ ᠴᠦ᠍ ᠭᠡᠰᠡᠨ ᠳᠠᠭᠠᠵᠤ ᠣᠷᠣᠬᠤ ᠪᠣᠯᠤᠨ᠎ᠠ᠃ ᠪᠠᠲᠤ ᠬᠠᠭᠠᠨ ᠲᠠᠨᠠᠷ ᠤ᠋ᠨ ᠬᠦᠵᠦᠭᠦᠨ ᠳᠡᠭᠡᠷ᠎ᠡ ᠠᠷᠢᠭᠤᠨ ᠬᠥᠯ ᠢ᠋ᠶ᠋ᠡᠨ ᠲᠠᠯᠪᠢᠬᠤ ᠳ᠋ᠤ᠌ ᠲᠡᠭᠦᠨ ᠦ᠌ ᠨᠡᠷ᠎ᠡ ᠶ᠋ᠢ ᠳᠠᠭᠤᠳᠠᠵᠤ ᠮᠥᠷᠭᠥᠯ ᠬᠢᠬᠦ ᠠᠯᠪᠠ ᠲᠥᠯᠥᠬᠦ ᠪᠣᠯᠤᠨ᠎ᠠ᠃ ᠣᠳᠣ ᠬᠦᠷᠲᠡᠯ᠎ᠡ ᠪᠠᠭᠤᠵᠤ ᠥᠭᠭᠦᠭᠡ ᠦᠭᠡᠢ ᠨᠢ ᠳᠡᠮᠡᠢ ᠪᠣᠯᠵᠠᠢ ᠭᠡᠵᠦ ᠰᠦᠪᠡᠭᠡᠳᠡᠢ ᠬᠡᠯᠡᠪᠡ᠃
ᠡᠨᠡ ᠦᠶ᠎ᠡ ᠳ᠋ᠦ᠍ ᠪᠠᠭᠤᠷᠴᠢ ᠣᠷᠣᠵᠤ ᠢᠷᠡᠭᠡᠳ ᠭᠠᠵᠠᠷ ᠰᠥᠭᠥᠳᠴᠦ᠄
— ᠢᠳᠡᠭᠡ ᠪᠡᠯᠡᠬᠡᠨ ᠪᠣᠯᠪᠠ᠂ ᠠᠪᠤᠷᠠᠯᠲᠤ ᠡᠴᠢᠭᠡ ᠮᠢᠨᠢ ᠲᠠᠨ ᠤ᠋ ᠵᠣᠭᠣᠭ ᠪᠦᠭᠦᠳᠡ ᠶ᠋ᠢ ᠠᠪᠴᠢᠷᠠᠬᠤ ᠶ᠋ᠢ ᠵᠥᠪᠰᠢᠶᠡᠷᠡᠨ᠎ᠡ ᠤᠤ? ᠭᠡᠵᠦ ᠰᠢᠪᠡᠨᠡᠨ ᠬᠡᠯᠡᠪᠡ᠃
— ᠠᠪᠴᠢᠷᠠ ᠭᠡᠵᠦ ᠬᠥᠳᠡᠯᠦᠯ ᠦᠭᠡᠢ᠂ ᠨᠢᠳᠦ ᠴᠠᠪᠴᠢᠯ ᠦᠭᠡᠢ ᠬᠡᠯᠡᠪᠡ᠃ ᠹᠧᠦᠲᠤᠷ ᠪᠠ ᠲᠡᠭᠦᠨ ᠦ᠌ ᠳᠠᠭᠠᠯᠲᠠ ᠨᠠᠷ ᠵᠣᠭᠰᠣᠭᠰᠠᠭᠠᠷ ᠪᠥᠭᠡᠳ ᠲᠡᠳᠡ ᠨᠠᠷ ᠢ᠋ ᠬᠥᠮᠦᠨ ᠮᠠᠷᠲᠠᠭᠰᠠᠨ ᠪᠣᠯᠤᠯᠲᠠᠢ ᠪᠠᠢᠯ᠎ᠠ᠃
ᠬᠦᠩ ᠬ᠌ᠯᠸᠪ᠂ ᠪᠤᠭᠤᠷᠤᠯ ᠰᠠᠭᠤᠵᠤ ᠪᠠᠢᠭ᠎ᠠ ᠬᠠᠷ᠎ᠠ ᠰᠠᠬᠠᠯ ᠢ᠋ᠶ᠋ᠠᠨ ᠢᠯᠪᠢᠵᠦ ᠣᠷᠣᠰ ᠤ᠋ᠨ ᠡᠯᠴᠢᠨ ᠢ᠋ ᠡᠯᠡᠭᠯᠡᠭᠰᠡᠨ ᠮᠡᠲᠦ ᠪᠡᠷ ᠠᠵᠢᠭᠯᠠᠨ᠎ᠠ᠃ ᠡᠨᠡ ᠬᠥᠮᠦᠨ ᠬᠠᠭᠤᠴᠢᠷᠠᠭᠰᠠᠨ ᠳᠡᠪᠡᠯ ᠲᠡᠢ ᠪᠣᠯᠪᠠᠴᠤ ᠬᠥᠯ ᠳ᠋ᠡᠭᠡᠨ ᠭᠢᠨᠵᠢ ᠵᠡᠭᠦᠭᠰᠡᠨ ᠪᠦᠷᠭᠦᠳ ᠡᠴᠡ ᠢᠯᠭᠠᠯ ᠦᠭᠡᠢ ᠠᠶᠤᠮᠰᠢᠭᠲᠠᠢ ᠰᠠᠨᠠᠭᠳᠠᠨ᠎ᠠ᠃ ᠡᠨᠡ ᠬᠥᠮᠦᠨ ᠣᠷᠣᠰ ᠤ᠋ᠨ ᠡᠯᠴᠢ ᠳ᠋ᠦ᠍ ᠥᠭᠦᠯᠡᠭᠰᠡᠨ ᠨᠢ᠄
— ᠡᠷᠬᠢᠮ ᠵᠣᠴᠢᠳ ᠶᠠᠭᠤᠨ ᠳ᠋ᠤ᠌ ᠵᠣᠭᠰᠣᠨ᠎ᠠ ᠪᠣᠢ? ᠲᠠᠨᠠᠷ ᠢ᠋ ᠳᠠᠭᠤᠳᠠᠭ᠎ᠠ ᠦᠭᠡᠢ ᠪᠠᠢᠲᠠᠯ᠎ᠠ ᠢᠷᠡᠭᠰᠡᠨ ᠪᠣᠯᠪᠠᠴᠤ ᠨᠢᠭᠡᠨᠲᠡ ᠢᠳᠡᠭᠡᠨ ᠢ᠋ᠶ᠋ᠡᠷ ᠲᠣᠬᠢᠶᠠᠯᠳᠤᠭᠰᠠᠨ ᠲᠤᠯᠠ ᠬᠤᠪᠢ ᠬᠦᠷᠲᠡᠯᠴᠡᠨ᠂ ᠵᠣᠭᠰᠣᠵᠤ ᠪᠠᠢᠭ᠎ᠠ ᠭᠠᠵᠠᠷ ᠲᠠᠭᠠᠨ ᠰᠠᠭᠤᠵᠠᠭᠠᠭᠲᠤᠨ ᠭᠡᠪᠡ᠃ ᠲᠣᠭᠲᠠᠭᠤᠬᠠᠨ ᠰᠠᠭᠤᠷᠢ ᠲᠠᠢ ᠬᠦᠩ ᠢᠵᠸᠰᠯᠡᠸᠯᠢᠰᠺᠢ᠂ ᠹᠸᠤᠳᠤᠷ ᠤ᠋ᠨ ᠳᠡᠷᠭᠡᠳᠡ ᠵᠣᠭᠰᠣᠵᠤ ᠪᠠᠢᠭᠰᠠᠨ ᠢ᠋ᠶ᠋ᠠᠨ ᠰᠢᠪᠡᠨᠡᠨ ᠥᠭᠦᠯᠡᠭᠰᠡᠨ ᠨᠢ᠄
— ᠣᠷᠣᠰ ᠭᠠᠵᠠᠷ ᠤ᠋ᠨ ᠲᠥᠯᠥᠭᠡ ᠳᠣᠷᠣᠮᠵᠢᠯᠠᠯ ᠢ᠋ ᠬᠦᠯᠢᠴᠡᠶᠡ᠃ ᠸᠠᠩ ᠹᠸᠤᠳᠤᠷ ᠮᠢᠨᠢ ᠥᠪᠡᠷ ᠦ᠋ᠨ ᠢ᠋ᠶ᠋ᠡᠨ ᠪᠣᠯᠣᠳ ᠮᠠᠨ ᠤ᠋ ᠨᠡᠷ᠎ᠡ ᠲᠥᠷᠥ ᠶ᠋ᠢᠨ ᠲᠥᠯᠥᠭᠡ ᠵᠢᠳᠬᠦᠵᠦ ᠦᠵᠡ ᠭᠡᠳ
— ᠬᠠᠷᠢᠬᠤ ᠳ᠋ᠤ᠌ ᠠᠮᠠᠷᠬᠠᠨ᠂ ᠡᠨᠡ ᠲᠠᠲ᠋ᠠᠷ ᠤ᠋ᠳ ᠲᠠᠢ ᠶᠠᠷᠢᠵᠤ ᠲᠣᠬᠢᠷᠠᠬᠤ ᠭᠡᠳᠡᠭ ᠪᠡᠷᠬᠡ ᠭᠡᠪᠡ᠃ ᠵᠠᠯᠠᠭᠤ ᠸᠠᠩ ᠮᠦᠷᠦᠮᠰᠺᠢ᠂
— ᠪᠢᠳᠡ ᠪᠦᠭᠦᠳᠡᠭᠡᠷ ᠪᠤᠴᠠᠵᠤ ᠴᠢᠳᠠᠬᠤ ᠪᠡᠨ (ᠠ᠋ᠴᠠ) ᠥᠩᠭᠡᠷᠡᠪᠡ᠃ ᠲᠠᠲ᠋ᠠᠷ ᠤ᠋ᠳ ᠤ᠋ᠨ ᠶᠣᠰᠣ ᠠᠯᠢ ᠬᠢᠷᠢ ᠠᠮᠲᠠᠲᠠᠢ ᠶ᠋ᠢ ᠦᠵᠡᠭᠡᠳ ᠬᠦᠯᠢᠶᠡᠵᠦ ᠪᠠᠢᠬᠤ ᠪᠣᠯᠵᠠᠢ ᠭᠡᠲᠡᠯ᠎ᠡ ᠪᠠᠭᠤᠷᠴᠢ ᠢᠷᠡᠵᠦ᠂
— ᠰᠠᠭᠤᠵᠠᠭ᠎ᠠ᠂ ᠪᠠᠲᠤ ᠬᠠᠭᠠᠨ ᠲᠠᠨᠠᠷ ᠢ᠋ ᠬᠣᠭᠣᠯᠠ ᠢᠳᠡᠭᠲᠦᠨ ᠭᠡᠵᠦ ᠤᠷᠢᠵᠤ ᠪᠠᠢᠨ᠎ᠠ ᠭᠡᠵᠦ ᠬᠡᠯᠡᠪᠡ᠃
ᠣᠷᠣᠰ ᠤ᠋ᠨ ᠡᠯᠴᠢ ᠨᠤᠭᠦᠳ ᠲᠤᠭᠤᠷᠭ᠎ᠠ ᠳᠠᠰᠢ ᠤᠬᠤᠷᠢᠵᠤ ᠬᠥᠯ ᠢ᠋ᠶ᠋ᠡᠨ ᠳᠣᠣᠷ᠎ᠠ ᠪᠠᠨ ᠬᠢᠵᠦ ᠰᠠᠭᠤᠪᠠ᠃ ᠸᠠᠩ ᠹᠸᠤᠲᠤᠷ ᠪᠠ ᠲᠡᠭᠦᠨ ᠦ᠌ ᠳᠠᠭᠠᠯᠳᠤᠭᠴᠢ ᠨᠠᠷ ᠨᠢᠭᠡ ᠪᠤᠰᠤ ᠤᠳᠠᠭ᠎ᠠ ᠫᠤᠯᠤᠸᠸᠼᠠ ᠶ᠋ᠢᠨ ᠬᠠᠭᠠᠨ ᠳ᠋ᠤ᠌ ᠢᠷᠡᠵᠦ ᠪᠠᠢᠭᠰᠠᠨ ᠲᠤᠯᠠ ᠲᠡᠳᠡᠨ ᠦ᠌ ᠵᠠᠩᠰᠢᠯ ᠢ᠋ ᠮᠡᠳᠡᠨ᠎ᠡ᠃ ᠨᠠᠢᠷ ᠴᠠᠢᠯᠠᠯᠭ᠎ᠠ ᠳᠡᠭᠡᠷ᠎ᠡ ᠬᠣᠭᠣᠯᠠ ᠮᠢᠬ᠎ᠠ ᠶᠠᠮᠠᠷ ᠨᠢᠭᠡᠨ ᠢᠳᠡᠭᠡ ᠥᠪᠡᠷ ᠦ᠋ᠨ ᠴᠢᠨᠠᠷ ᠢ᠋ ᠬᠠᠳᠠᠭᠠᠯᠠᠭᠰᠠᠨ ᠪᠠ ᠵᠢᠷᠤᠮᠲᠠᠢ ᠪᠠᠢᠬᠤ ᠪᠥᠭᠡᠳ ᠶᠡᠬᠡ ᠪᠤᠶᠤ ᠪᠠᠭ᠎ᠠ ᠬᠦᠨᠳᠦᠳᠬᠡᠭᠰᠡᠨ ᠵᠡᠷᠭᠡ ᠪᠡᠷ ᠢᠯᠭᠠᠭᠳᠠᠨ᠎ᠠ᠃ ᠲᠡᠢᠮᠦ ᠶ᠋ᠢᠨ ᠲᠤᠯᠠ ᠣᠷᠣᠰ ᠤ᠋ᠳ ᠡᠳᠡ ᠨᠠᠷ ᠲᠤ᠌ ᠡᠯᠴᠢ ᠭᠡᠵᠦ ᠬᠦᠨᠳᠦᠯᠡᠭᠳᠡᠬᠦ ᠡᠰᠡᠬᠦ᠂ ᠬᠡᠷᠪᠡ ᠬᠦᠨᠳᠦᠯᠡᠪᠡᠯ ᠬᠡᠷᠬᠢᠨ ᠬᠦᠨᠳᠦᠯᠡᠬᠦ ᠶ᠋ᠢ ᠬᠤᠷᠴᠠ ᠪᠠᠷ ᠠᠩᠬᠠᠷᠬᠤ ᠪᠠᠷ ᠪᠡᠯᠡᠳᠬᠡᠵᠡᠢ᠃
ᠲᠠᠲ᠋ᠠᠷ ᠤ᠋ᠨ ᠶᠣᠰᠣᠨ ᠳ᠋ᠤ᠌ ᠪᠣᠯ ᠴᠢᠨᠠᠭᠰᠠᠨ ᠬᠣᠨᠢ ᠪᠤᠶᠤ ᠥᠭᠡᠷ᠎ᠡ ᠠᠮᠢᠲᠠᠨ ᠤᠨᠠᠭ᠎ᠠ᠂ ᠵᠡᠷᠯᠢᠭ ᠢᠮᠠᠭ᠎ᠠ ᠵᠡᠷᠭᠡ ᠶ᠋ᠢ ᠡᠷᠲᠡ ᠪᠠᠯᠠᠷ ᠴᠠᠭ ᠲᠤ᠌ ᠲᠣᠭᠲᠠᠭᠰᠠᠨ ᠵᠢᠷᠤᠮ ᠢ᠋ᠶ᠋ᠠᠷ ᠮᠥᠴᠢᠯᠡᠨ ᠬᠤᠪᠢᠶᠠᠨ᠎ᠠ᠃ ᠡᠭᠦᠨ ᠢ᠋ ᠲᠤᠰᠬᠠᠢ ᠡᠨᠡ ᠶᠠᠪᠤᠳᠠᠯ ᠤ᠋ᠨ ᠨᠠᠷᠢᠨ ᠤᠴᠢᠷ ᠢ᠋ ᠮᠡᠳᠡᠬᠦ ᠬᠥᠮᠦᠨ ᠳ᠋ᠦ᠍ ᠬᠠᠷᠢᠭᠤᠴᠠᠭᠤᠯᠤᠨ᠎ᠠ᠃ ᠪᠦᠬᠦᠯᠢ ᠮᠢᠬ᠎ᠠ ᠶ᠋ᠢ ᠬᠣᠶᠠᠷ ᠲᠠᠯᠠᠯᠠᠨ ᠬᠤᠪᠢᠶᠠᠵᠤ ᠮᠠᠯ ᠤ᠋ᠨ ᠪᠠᠷᠠᠭᠤᠨ ᠲᠠᠯ᠎ᠠ ᠵᠡᠭᠦᠨ ᠲᠠᠯ᠎ᠠ ᠭᠡᠵᠦ ᠬᠠᠮᠲᠤᠷᠠᠭᠤᠯᠵᠤ ᠦᠨᠳᠦᠰᠦᠨ ᠬᠣᠭᠣᠯᠠ ᠭᠡᠨ᠎ᠡ᠃ ᠮᠠᠯ ᠤ᠋ᠨ ᠮᠢᠬ᠎ᠠ ᠬᠣᠷᠢᠨ ᠳᠥᠷᠪᠡ ᠬᠤᠪᠢᠶᠠᠭᠳᠠᠨ᠎ᠠ᠃ ᠡᠨᠡ ᠮᠥᠴᠢ ᠨᠤᠭᠦᠳ ᠬᠣᠷᠢᠨ ᠳᠥᠷᠪᠡᠨ ᠬᠤᠭᠤᠰ ᠬᠣᠭᠣᠯᠠ ᠪᠣᠯᠵᠤ ᠬᠤᠪᠢᠶᠠᠭᠳᠠᠨ᠎ᠠ᠂ᠡᠰᠡᠪᠡᠯ ᠠᠷᠪᠠᠨ ᠬᠣᠶᠠᠷ ᠮᠥᠴᠢ ᠬᠣᠭᠣᠯᠠ᠂ ᠵᠣᠴᠢᠳ ᠤ᠋ᠨ ᠲᠣᠭ᠎ᠠ ᠪᠠᠷ ᠪᠣᠯᠤᠨ᠎ᠠ᠃ ᠢᠩᠭᠢᠵᠦ ᠵᠣᠴᠢᠳ ᠪᠦᠬᠦᠨ ᠳ᠋ᠦ᠍ ᠪᠦᠲᠦᠨ ᠮᠥᠴᠢ ᠬᠣᠭᠣᠯᠠ ᠣᠨᠣᠭᠳᠠᠨ᠎ᠠ᠃ ᠬᠡᠷᠪᠡ ᠵᠣᠴᠢᠳ ᠣᠯᠠᠨ ᠪᠣᠯ ᠨᠢᠭᠡ ᠮᠥᠴᠢ ᠬᠣᠭᠣᠯᠠ ᠶ᠋ᠢ ᠬᠣᠶᠠᠷ ᠪᠤᠶᠤ ᠭᠤᠷᠪᠠᠨ ᠬᠥᠮᠦᠨ ᠢᠳᠡᠳᠡᠭ ᠪᠢᠯᠡ᠃ ᠲᠡᠳᠦᠢ ᠵᠠᠷᠤᠴᠠ ᠨᠠᠷ ᠠᠭᠤᠷ ᠰᠠᠪᠰᠠᠭᠤᠯᠤᠨ ᠨᠢᠭᠡ ᠠᠯᠲᠠᠨ ᠲᠠᠪᠠᠭ ᠲᠠᠢ᠂ ᠳᠠᠷᠠᠭ᠎ᠠ ᠨᠢ ᠮᠥᠩᠭᠥᠨ ᠲᠠᠪᠠᠭ ᠲᠠᠢ ᠵᠣᠭᠣᠭ ᠠᠪᠴᠤ ᠭᠠᠷ ᠢ᠋ᠶ᠋ᠠᠨ ᠰᠤᠩᠭᠠᠨ ᠪᠠᠷᠢᠵᠤ ᠶᠣᠰᠣᠯᠠᠯ ᠤ᠋ᠨ ᠵᠢᠷᠤᠮ ᠢ᠋ᠶ᠋ᠠᠷ ᠣᠷᠣᠵᠤ ᠢᠷᠡᠪᠡ᠃ ᠪᠤᠭᠤᠷᠴᠢ ᠠᠯᠲᠠᠨ ᠲᠠᠪᠠᠭ ᠲᠠᠢ ᠵᠣᠭᠣᠭ ᠢ᠋ ᠵᠠᠷᠤᠴᠠ ᠶ᠋ᠢᠨ ᠭᠠᠷ ᠠ᠋ᠴᠠ ᠠᠪᠴᠤ ᠪᠠᠲᠤ ᠬᠠᠭᠠᠨ ᠤ᠋ ᠡᠮᠦᠨ᠎ᠡ ᠪᠠᠷᠢᠵᠤ ᠰᠥᠭᠥᠳᠪᠡ᠃ ᠠᠯᠲᠠᠨ ᠲᠠᠪᠠᠭ ᠲᠤᠨᠢ ᠬᠣᠨᠢᠨ ᠤ᠋ ᠤᠭᠤᠴᠠ ᠲᠣᠯᠣᠭᠠᠢ ᠬᠣᠶᠠᠷ ᠪᠠᠢᠪᠠ᠃ ᠪᠠᠲᠤ ᠬᠠᠭᠠᠨ᠂ ᠬᠣᠶᠠᠷ ᠭᠠᠷ ᠢ᠋ᠶ᠋ᠠᠷ ᠲᠠᠪᠠᠭ ᠢ᠋ ᠠᠪᠴᠤ ᠡᠮᠦᠨ᠎ᠡ ᠪᠡᠨ ᠲᠠᠯᠪᠢᠵᠤ ᠪᠥᠰᠡᠨ ᠡᠴᠡ ᠪᠡᠨ ᠨᠢᠮᠭᠡᠨ ᠬᠢᠲᠤᠭ᠎ᠠ ᠠᠪᠴᠤ ᠬᠣᠨᠢᠨ ᠤ᠋ ᠲᠣᠯᠣᠭᠠᠢ ᠶ᠋ᠢᠨ ᠨᠢᠭᠡ ᠴᠢᠬᠢ ᠶ᠋ᠢ ᠣᠭᠲᠣᠯᠤᠨ ᠠᠪᠤᠭᠠᠳ ᠲᠣᠯᠣᠭᠠᠢ ᠶ᠋ᠢ ᠵᠡᠭᠦᠨ ᠭᠠᠷ ᠲᠤ᠌ ᠰᠠᠭᠤᠵᠤ ᠪᠠᠢᠭ᠎ᠠ ᠥᠪᠡᠷ ᠦ᠋ᠨ ᠳᠡᠭᠦᠦ ᠱᠸᠢ᠌ᠪᠠᠨᠢ ᠳ᠋ᠤ᠌ ᠥᠭᠪᠡ᠃ ᠡᠨᠡ ᠵᠠᠪᠰᠠᠷ ᠱᠠᠯᠠᠮᠠᠭᠠᠢ ᠵᠠᠷᠤᠴᠠ ᠨᠠᠷ ᠴᠢᠮᠡᠭᠡ ᠠᠨᠢᠷ ᠦᠭᠡᠢ ᠵᠣᠴᠢᠳ ᠤ᠋ᠨ ᠳᠤᠮᠳᠠᠭᠤᠷ ᠶᠠᠪᠤᠵᠤ ᠲᠡᠳᠡᠨᠡᠷ ᠦ᠋ᠨ ᠡᠮᠦᠨ᠎ᠡ ᠨᠢ ᠬᠣᠭᠣᠯᠠ ᠨᠤᠭᠤᠳ ᠢ᠋ ᠲᠠᠯᠪᠢᠪᠠ᠃ ᠳᠥᠷᠪᠡᠨ ᠵᠣᠴᠢᠳ ᠲᠤ᠌ ᠲᠤᠰ ᠪᠦᠷᠢ ᠲᠠᠪᠠᠭ ᠲᠠᠢ ᠬᠣᠭᠣᠯᠠ ᠲᠠᠯᠪᠢᠪᠠ᠃ ᠡᠨᠡ ᠪᠣᠯ ᠳᠡᠭᠡᠳᠦ ᠬᠦᠨᠳᠦᠳᠬᠡᠯ ᠦ᠋ᠨ ᠲᠡᠮᠳᠡᠭ ᠮᠥᠨ᠃ ᠳᠠᠷᠠᠭ᠎ᠠ ᠨᠢ ᠨᠢᠭᠡᠨ ᠬᠣᠭᠣᠯᠠ ᠬᠣᠶᠠᠷ ᠬᠥᠮᠦᠨ ᠳ᠋ᠦ᠍ ᠣᠨᠣᠭᠳᠠᠪᠠ᠃
ᠣᠷᠣᠰ ᠤ᠋ᠨ ᠡᠯᠴᠢ ᠨᠤᠭᠦᠳ᠂ ᠲᠠᠷᠬᠠᠭᠠᠨ ᠲᠠᠯᠪᠢᠵᠤ ᠪᠠᠢᠭ᠎ᠠ ᠬᠣᠭᠣᠯᠠ ᠶ᠋ᠢ ᠠᠵᠢᠭᠯᠠᠵᠤ ᠪᠠᠢᠭᠠᠳ᠂ ᠡᠨᠡ ᠪᠠᠷᠠᠭᠤᠨ ᠵᠡᠭᠦᠨ ᠲᠠᠯ᠎ᠠ( ᠳ᠋ᠤ᠌ ) ᠨᠢᠭᠤᠭᠳᠠᠵᠤ ᠪᠠᠢᠭ᠎ᠠ ᠬᠠᠭᠠᠳ ᠤ᠋ᠳ ᠪᠣᠯ ᠪᠠᠢᠯᠳᠤᠭᠠᠨ ᠤ᠋ ᠪᠠᠷᠠᠭᠤᠨ ᠵᠡᠭᠦᠨ ᠳᠠᠯᠪᠠᠭ᠎ᠠ ᠶ᠋ᠢ ᠵᠠᠬᠢᠷᠬᠤ ᠳᠠᠷᠤᠭ᠎ᠠ ᠨᠠᠷ ᠪᠠᠢᠨ᠎ᠠ ᠭᠡᠵᠦ ᠮᠡᠳᠡᠪᠡ᠃ ᠡᠨᠡ ᠨᠢᠭᠡ ᠳᠤᠮᠳᠠ ᠴᠢᠮᠥᠭᠡ ᠵᠣᠭᠣᠭᠯᠠᠵᠤ ᠪᠠᠢᠭ᠎ᠠ ᠬᠥᠮᠦᠨ᠂ ᠲᠡᠷᠢᠭᠦᠨ ᠦ᠌ ᠣᠲᠷᠢᠶᠠᠳ᠋ ᠲᠤ᠌ ᠪᠠᠢᠳᠠᠭ ᠪᠣᠯᠤᠯᠲᠠᠢ ᠭᠡᠵᠦ ᠮᠡᠳᠡᠯ᠎ᠡ᠃ ᠡᠪᠴᠢᠭᠦᠦ ᠶ᠋ᠢ ᠶᠡᠬᠡ ᠬᠠᠲᠤᠨ ᠤ᠋ ᠡᠮᠦᠨ᠎ᠡ ᠲᠠᠯᠪᠢᠵᠤ᠂ ᠵᠢᠵᠢᠭ ᠵᠦᠢᠯ ᠢ᠋ ᠪᠤᠰᠤᠳ ᠬᠠᠲᠤᠳ ᠲᠤ᠌ ᠪᠠᠷᠢᠪᠠ᠃ ᠪᠠᠭᠤᠷᠴᠢ ᠶ᠋ᠢ ᠮᠥᠷᠭᠥᠯ ᠤᠩᠰᠢᠭᠰᠠᠨ ᠤ᠋ ᠳᠠᠷᠠᠭ᠎ᠠ ᠲᠠᠲ᠋ᠠᠷ ᠤ᠋ᠳ ᠬᠣᠭᠣᠯᠠᠯᠠᠵᠤ ᠡᠬᠢᠯᠡᠪᠡ᠃
ᠡᠯᠴᠢ ᠶ᠋ᠢᠨ ᠲᠤᠬᠠᠢ ᠴᠥᠮ ᠮᠠᠷᠲᠠᠵᠠᠢ᠃ ᠭᠠᠭᠴᠠᠬᠠᠨ ᠬᠡᠳᠦᠨ ᠵᠠᠷᠤᠴᠠ ᠲᠡᠳᠡᠨ ᠢ᠋ ᠮᠠᠷᠲᠠᠭᠰᠠᠨ ᠦᠭᠡᠢ ᠬᠣᠶᠠᠷ ᠲᠠᠪᠠᠭ ᠬᠣᠭᠣᠯᠠ ᠠᠪᠴᠢᠷᠠᠵᠤ ᠬᠡᠪᠢᠰ ᠳᠡᠭᠡᠷ᠎ᠡ ᠲᠠᠯᠪᠢᠵᠠᠢ᠃ ᠭᠡᠲᠡᠯ᠎ᠡ ᠬᠣᠨᠢᠨ ᠤ᠋ ᠰᠢᠭᠢᠷ᠎ᠡ᠂ ᠥᠯᠥᠨ ᠭᠡᠳᠡᠰᠦ᠂ ᠰᠡᠭᠦᠯ ᠦ᠋ᠨ ᠶᠠᠰᠤ ᠪᠠᠢᠵᠠᠢ᠃ ᠡᠯᠴᠢ ᠨᠤᠭᠦᠳ ᠡᠨᠡ ᠪᠦᠬᠦᠢ ᠪᠠᠢᠳᠠᠯ ᠪᠣᠯ ᠰᠠᠨᠠᠭ᠎ᠠ ᠲᠠᠢ ᠪᠠᠷ ᠳᠣᠷᠣᠮᠵᠢᠯᠠᠬᠤ ᠭᠡᠰᠡᠨ ᠵᠣᠷᠢᠯᠭ᠎ᠠ ᠲᠠᠢ ᠶ᠋ᠢ ᠣᠢᠯᠠᠭᠠᠪᠠ᠃ ᠡᠨᠡ ᠪᠣᠯ ᠳᠣᠣᠷᠠᠲᠤ ᠵᠡᠷᠭᠡ ᠶ᠋ᠢᠨ ᠪᠣᠭᠣᠯᠴᠤᠳ᠂ ᠭᠡᠳᠡᠰᠦ ᠳᠣᠲᠣᠷ ᠢ᠋ ᠴᠡᠪᠡᠷᠯᠡᠭᠰᠡᠨ ᠡᠮᠡᠭᠲᠡᠢᠴᠦᠳ᠂ ᠭᠠᠯ ᠲᠦᠯᠡᠭᠰᠡᠨ ᠬᠡᠦᠬᠡᠳ ᠵᠡᠷᠭᠡ ᠳ᠋ᠦ᠍ ᠥᠭᠳᠡᠭ ᠶᠠᠭᠤᠮᠠᠰ ᠪᠢᠯᠡ᠃ ᠨᠢᠭᠡ ᠴᠦ᠍ ᠣᠷᠣᠰ ᠬᠥᠮᠦᠨ ᠬᠣᠭᠣᠯᠠ ᠳᠠᠰᠢ ᠭᠠᠷ ᠰᠤᠩᠭᠠᠭᠰᠠᠨ ᠦᠭᠡᠢ᠂ ᠪᠦᠭᠦᠳᠡᠭᠡᠷ ᠲᠠᠢᠪᠤᠩ ᠰᠠᠭᠤᠵᠤ ᠬᠣᠭᠣᠯᠠᠯᠠᠬᠤ ᠶ᠋ᠢ ᠠᠵᠢᠭᠯᠠᠨ᠎ᠠ᠃ ᠵᠠᠷᠢᠮ ᠨᠢᠭᠡᠨ ᠱᠣᠭ ᠦᠭᠡ ᠲᠡᠳᠡᠨ ᠳ᠋ᠦ᠍ ᠵᠣᠷᠢᠭᠤᠯᠤᠭᠳᠠᠵᠤ ᠪᠠᠢᠭ᠎ᠠ ᠶ᠋ᠢ ᠲᠡᠳᠡ ᠨᠠᠷ ᠣᠢᠯᠠᠭᠠᠪᠠ᠃
ᠸᠠᠩ ᠭᠯᠧᠪ ᠬᠣᠶᠠᠷ ᠬᠠᠭᠠᠳ ᠤ᠋ᠨ ᠬᠠᠮᠲᠤ ᠨᠢᠭᠡ ᠲᠠᠪᠠᠭ ᠠ᠋ᠴᠠ ᠢᠳᠡᠨ᠎ᠡ᠃ ᠲᠡᠷᠡ ᠭᠯᠧᠪ ᠂ ᠡᠯᠴᠢ ᠨᠤᠭᠦᠳ ᠲᠡᠰᠢ ᠡᠷᠭᠢᠵᠦ᠄
— ᠡᠷᠬᠢᠮ ᠵᠣᠴᠢᠨ ᠨᠤᠭᠤᠳ ᠶᠠᠭᠤᠨ ᠳ᠋ᠤ᠌ ᠲᠡᠢᠮᠦ ᠪᠠᠭ᠎ᠠ ᠢᠳᠡᠨ᠎ᠡ ᠪᠣᠢ? ᠡᠵᠡᠨ ᠭᠣᠮᠣᠳᠠᠨ᠎ᠠ ᠰᠢᠦ ᠭᠡᠪᠡ᠃
ᠸᠠᠩ ᠫᠷᠤᠰᠺᠢ ᠬᠠᠷᠢᠭᠤᠯᠤᠭᠰᠠᠨ ᠨᠢ᠄
— ᠫᠣᠯᠣᠸᠧᠼᠡ ᠶ᠋ᠢᠨ ᠵᠦᠢᠷ ᠦᠭᠡ ᠪᠠᠢᠳᠠᠭ ᠨᠢ᠄ ᠬᠤᠷᠢᠮ ᠨᠠᠢᠷ ᠲᠸ᠋ ᠣᠴᠢᠬᠤ ᠳ᠋ᠠᠭᠠᠨ᠂ ᠭᠡᠷ ᠲᠡᠭᠡᠨ ᠴᠠᠳᠲᠠᠯ᠎ᠠ ᠬᠣᠭᠣᠯᠠ ᠢᠳᠡ ᠭᠡᠳᠡᠭ ᠪᠢᠯᠡ᠃ ᠡᠶᠡᠯᠳᠡᠭ ᠡᠵᠡᠨ ᠡᠴᠡ ᠡᠯᠪᠡᠭ ᠬᠣᠭᠣᠯᠠ ᠱᠠᠩᠨᠠᠭᠰᠠᠨ ᠳ᠋ᠤ᠌ ᠪᠠᠶᠠᠷᠯᠠᠪᠠ ᠭᠡᠵᠡᠢ᠃ ᠲᠡᠳᠡ ᠮᠢᠬ᠎ᠠ ᠢᠳᠡᠵᠦ ᠳᠠᠭᠤᠰᠤᠭᠰᠠᠨ ᠤ᠋ ᠳᠠᠷᠠᠭ᠎ᠠ ᠪᠠᠷ ᠲᠣᠰᠣ ᠲᠠᠢ ᠭᠠᠷ ᠢ᠋ᠶ᠋ᠠᠨ ᠡᠷᠢᠶᠡᠨ ᠠᠯᠴᠢᠭᠤᠷ ᠢ᠋ᠶ᠋ᠠᠷ ᠠᠷᠴᠢᠨ᠎ᠠ᠂ ᠪᠠᠰᠠ ᠳᠣᠲᠣᠭᠠᠳᠤ ᠬᠣᠷᠮᠣᠢ ᠳ᠋ᠠᠭᠠᠨ ᠠᠷᠴᠢᠨ᠎ᠠ᠂ ᠪᠠᠰᠠ ᠪᠠᠷᠠᠭᠤᠨ ᠬᠥᠯ ᠦ᠋ᠨ ᠭᠤᠲᠤᠯ ᠤ᠋ᠨ ᠲᠦᠷᠡᠢ ᠳ᠋ᠦ᠍ ᠠᠷᠴᠢᠨ᠎ᠠ᠃ᠵᠠᠷᠤᠴᠠ ᠨᠠᠷ ᠮᠥᠩᠭᠥᠨ ᠰᠠᠪᠠ ᠲᠠᠢ ᠶᠠᠭᠤᠮ᠎ᠠ ᠶ᠋ᠢ ᠠᠪᠴᠢᠷᠠᠵᠤ ᠣᠯᠠᠨ ᠲᠥᠷᠥᠯ ᠦ᠋ᠨ ᠬᠡᠯᠪᠡᠷᠢᠲᠡᠢ ᠠᠯᠲᠠᠨ ᠠᠶᠠᠭ᠎ᠠ ᠨᠤᠭᠤᠳ ᠢ᠋ᠶ᠋ᠠᠷ ᠠᠷᠢᠬᠢ ᠪᠣᠯᠤᠨ ᠠᠷᠠᠵᠠ ᠬᠣᠣᠷᠠᠵᠠ ᠶ᠋ᠢ ᠬᠡᠨ ᠶᠠᠭᠤᠨ ᠳ᠋ᠤ᠌ ᠳᠤᠷᠠᠲᠠᠢ ᠪᠣᠯ ᠬᠢᠵᠦ ᠪᠠᠷᠢᠨ᠎ᠠ᠃ ᠴᠥᠮ ᠠᠶᠠᠭ᠎ᠠ ᠤ᠋ᠳ ᠢ᠋ ᠭᠠᠷ ᠲᠠᠭᠠᠨ ᠪᠠᠷᠢᠵᠠᠭᠠᠪᠠ᠃
ᠣᠷᠣᠰ ᠤ᠋ᠨ ᠡᠯᠴᠢ ᠨᠤᠭᠦᠳ ᠲᠦ᠍ ᠠᠶᠠᠭ᠎ᠠ ᠲᠠᠢ ᠠᠷᠢᠬᠢ ᠶ᠋ᠢ ᠠᠪᠴᠢᠷᠠᠵᠤ ᠥᠭᠪᠡ᠃ ᠲᠡᠭᠡᠭᠰᠡᠨ ᠦ᠌ ᠳᠠᠷᠠᠭ᠎ᠠ ᠪᠣᠭᠣᠷᠴᠢ ᠪᠠᠲᠤ ᠬᠠᠭᠠᠨ ᠤ᠋ ᠡᠪᠦᠳᠦᠭ ᠳᠡᠭᠡᠷ᠎ᠡ ᠰᠥᠭᠥᠳᠦᠨ ᠪᠠᠢᠵᠤ ᠪᠠᠶᠠᠷ ᠤ᠋ᠨ ᠮᠥᠷᠭᠥᠯ ᠤᠩᠰᠢᠪᠠ᠃
— ᠡᠭᠦᠷᠢᠳᠡ ᠭᠠᠢᠬᠠᠮᠰᠢᠭᠲᠤ ᠬᠠᠭᠠᠨ᠂ ᠵᠣᠴᠢᠳ ᠢ᠋ ᠬᠦᠨᠳᠦᠳᠬᠡᠭᠴᠢ ᠲᠠᠨ ᠢ᠋ ᠳᠡᠭᠡᠷ᠎ᠡ ᠡᠴᠡ ᠲᠩᠷᠢ ᠪᠤᠷᠬᠠᠨ ᠪᠤᠶᠠᠨ ᠢ᠋ ᠢᠷᠥᠭᠡᠵᠦ ᠪᠠᠢᠨ᠎ᠠ᠃ ᠳᠡᠷᠭᠡᠳᠡ ᠡᠴᠡ ᠮᠠᠨ ᠤ᠋ ᠡᠨᠡ ᠠᠯᠲᠠᠨ ᠠᠰᠠᠷ ᠤ᠋ᠨ ᠰᠦᠯᠳᠡ ᠲᠩᠷᠢ ᠵᠢᠷᠭᠠᠯ ᠲᠠᠢ ᠰᠢᠪᠠᠭᠤ ᠪᠣᠯᠤᠨ ᠬᠤᠪᠢᠷᠠᠵᠤ ᠨᠢᠰᠦᠨ ᠢᠷᠡᠵᠦ ᠪᠠᠢᠨ᠎ᠠ᠃ ᠡᠨᠡ ᠠᠰᠠᠷ ᠤ᠋ᠨ ᠡᠵᠡᠳ ᠲᠦ᠍ ᠠᠷᠪᠠᠨ ᠬᠣᠶᠠᠷ ᠤᠳᠠᠭ᠎ᠠ ᠦᠷ᠎ᠡ ᠵᠠᠶᠠᠭᠠᠵᠤ ᠬᠡᠦᠬᠡᠨ ᠪᠤᠰᠤ ᠬᠦᠦ ᠪᠣᠯᠬᠤ ᠶ᠋ᠢ ᠬᠠᠷᠠᠵᠠᠭᠠᠵᠤ ᠨᠢᠳᠦᠨ ᠳ᠋ᠦ᠍ ᠪᠠᠶᠠᠷ ᠤ᠋ᠨ ᠴᠣᠭ ᠳᠤᠯᠠᠯᠵᠠᠭ᠃ ᠵᠠᠶᠠᠭᠠᠭᠰᠠᠨ ᠲᠠᠨ ᠤ᠋ ᠵᠢᠷᠭᠠᠯ ᠢ᠋ ᠬᠡᠨ ᠴᠦ᠍ ᠡᠪᠳᠡᠵᠦ ᠦᠯᠦ ᠴᠢᠳᠠᠨ᠎ᠠ᠃ ᠲᠠᠨ ᠤ᠋ ᠠᠰᠠᠷ ᠢ᠋ ᠬᠦᠷᠢᠶᠡᠯᠡᠵᠦ ᠮᠢᠩᠭᠠᠨ ᠮᠢᠩᠭᠠᠨ ᠲᠡᠮᠡᠭᠡ ᠨᠤᠭᠦᠳ ᠪᠠᠢᠨ᠎ᠠ᠂ᠲᠡᠳᠡ ᠠᠷᠤ ᠶ᠋ᠢᠨ ᠪᠦᠬᠦ ᠨᠢ ᠥᠭᠡᠬᠦᠯᠡᠨ ᠪᠣᠰᠤᠭ᠃ ᠨᠢᠭᠡ ᠨᠢᠭᠡᠨ ᠲᠡᠢ ᠪᠡᠨ ᠴᠢᠩᠭ᠎ᠠ ᠳᠠᠭᠤ ᠪᠠᠷ ᠤᠩᠭᠤᠯᠳᠠᠬᠤ ᠠᠵᠢᠷᠭ᠎ᠠ ᠪᠠ ᠤᠨᠠᠭ᠎ᠠ ᠨᠤᠭᠤᠳ᠂ ᠰᠦᠷᠦᠭ ᠢ᠋ᠶ᠋ᠡᠷ ᠬᠣᠨᠢ ᠨᠤᠭᠤᠳ᠂ ᠲᠠᠷᠭᠤᠨ ᠦᠨᠢᠶ᠎ᠡ ᠦᠬᠡᠷ ᠦ᠋ᠳ ᠦᠷᠡᠵᠢᠵᠦ ᠣᠯᠠᠰᠢᠷᠠᠨ᠎ᠠ᠃ ᠬᠡᠷᠪᠡ ᠲᠠᠨ ᠤ᠋ ᠡᠨᠡ ᠪᠦᠬᠦᠢ ᠵᠦᠢᠯ ᠳ᠋ᠦ᠍ ᠡᠰᠡᠷᠭᠦᠴᠡᠬᠦ ᠬᠢᠯᠢᠨᠴᠡᠲᠦ ᠡᠲᠡᠭᠡᠳ ᠪᠠᠢᠬᠤ ᠪᠣᠯ ᠭᠡᠷ ᠲᠡᠭᠡᠨ ᠬᠠᠷᠢᠵᠤ ᠴᠢᠳᠠᠯ ᠦᠭᠡᠢ᠂ ᠡᠵᠡᠭᠦᠢ ᠬᠡᠭᠡᠷ᠎ᠡ ᠶᠠᠪᠤᠬᠤ ᠳ᠋ᠤ᠌ ᠮᠣᠷᠢᠨ ᠠ᠋ᠴᠠ ᠪᠠᠨ᠂ ᠡᠷ᠎ᠡ ᠳᠤᠮᠳᠠ ᠨᠠᠰᠤᠨ ᠳ᠋ᠠᠭᠠᠨ ᠡᠬᠡᠨᠡᠷ ᠡᠴᠡ ᠰᠠᠯᠤᠭ᠃ ᠭᠣᠯᠣᠮᠲᠠ ᠳᠡᠭᠡᠷ᠎ᠡ ᠨᠢ ᠭᠣᠭᠣᠳ ᠤᠷᠭᠤᠬᠤ ᠪᠣᠯᠲᠤᠭᠠᠢ ᠭᠡᠬᠦ ᠳ᠋ᠦ᠍ᠨᠢ ᠪᠦᠭᠦᠳᠡᠭᠡᠷ ᠤᠤᠭᠤᠵᠠᠭᠠᠪᠠ᠃ ᠣᠷᠣᠰ ᠤ᠋ᠳ ᠮᠥᠨ ᠠᠶᠠᠭ᠎ᠠ ᠨᠤᠭᠤᠳ ᠢ᠋ ᠤᠷᠤᠭᠤᠯ ᠳ᠋ᠠᠭᠠᠨ ᠬᠦᠷᠭᠡᠪᠡ᠃
ᠭᠡᠲᠡᠯ᠎ᠡ ᠨᠢᠭᠡ ᠬᠠᠭᠠᠨ ᠠ᠋ᠴᠠ ᠥᠭᠦᠯᠡᠭᠰᠡᠨ ᠨᠢ᠄
— ᠣᠷᠣᠰ ᠤ᠋ᠳ ᠲᠡᠮᠡᠭᠡᠨ ᠦ᠌ ᠬᠥᠯ ᠳ᠋ᠦ᠍ ᠭᠢᠰᠬᠢᠭᠳᠡᠬᠦ ᠳᠡᠪᠬᠡᠷᠭᠡ ᠠᠳᠠᠯᠢ ᠰᠥᠨᠥᠲᠦᠭᠡᠢ ᠭᠡᠬᠦ ᠳ᠋ᠦ᠍ᠨᠢ ᠥᠭᠡᠷ᠎ᠡ ᠨᠢᠭᠡᠨ ᠬᠠᠭᠠᠨ ᠳᠠᠭᠠᠯᠳᠤᠨ ᠥᠭᠦᠯᠡᠭᠰᠡᠨ ᠨᠢ᠄
— ᠲᠡᠢᠮᠦ ᠠ᠋᠂ ᠡᠯᠢᠶ᠎ᠡ ᠲᠡᠢ ᠤᠴᠠᠷᠠᠭᠰᠠᠨ ᠪᠣᠯᠵᠣᠮᠣᠷ ᠰᠢᠭ᠋᠂ ᠴᠢᠨᠣ᠎ᠠ ᠶ᠋ᠢᠨ ᠰᠦᠷᠦᠭ ᠲᠡᠢ ᠲᠣᠬᠢᠶᠠᠯᠳᠤᠭᠰᠠᠨ ᠬᠣᠨᠢ ᠰᠢᠭ᠋ ᠤᠰᠠᠳᠲᠤᠭᠠᠢ᠃ ᠡᠯᠴᠢ ᠨᠤᠭᠦᠳ ᠠᠶᠠᠭ᠎ᠠ ᠨᠤᠭᠤᠳ ᠢ᠋ᠶ᠋ᠠᠨ ᠤᠷᠤᠭᠤᠯ ᠠ᠋ᠴᠠ ᠵᠠᠢᠯᠠᠭᠤᠯᠵᠤ ᠡᠮᠦᠨ᠎ᠡ ᠪᠡᠨ ᠲᠠᠯᠪᠢᠵᠠᠭᠠᠪᠠ᠃
ᠪᠠᠲᠤ ᠬᠠᠭᠠᠨ᠂ ᠣᠷᠣᠰ ᠤ᠋ᠳ ᠤ᠋ᠨ ᠤᠤᠭᠤᠬᠤ ᠦᠭᠡᠢ ᠶ᠋ᠢ ᠦᠵᠡᠭᠡᠳ ᠲᠡᠳᠡ ᠨᠠᠷ ᠢ᠋ ᠳᠣᠷᠣᠮᠵᠢᠯᠠᠨ ᠥᠭᠦᠯᠡᠭᠰᠡᠨ ᠨᠢ᠄
— ᠲᠠᠨᠠᠷ ᠶᠠᠭᠤᠨ ᠳ᠋ᠤ᠌ ᠭᠠᠭᠴᠠ ᠪᠠᠷ ᠢᠷᠡᠵᠡᠭᠡᠪᠡ? ᠥᠪᠡᠷᠰᠡᠳ ᠦ᠋ᠨ ᠢ᠋ᠶ᠋ᠡᠨ ᠡᠬᠡᠨᠡᠷ ᠦ᠋ᠳ ᠢ᠋ ᠠᠪᠴᠢᠷᠠᠳᠠᠭ ᠰᠠᠨᠵᠢ(ᠭᠡᠪᠡ)᠃
ᠬᠦᠩ ᠭᠯᠧᠪ ᠪᠦᠭᠦᠳᠡ ᠶ᠋ᠢᠨ ᠢᠨᠢᠶᠡᠳᠦᠮ ᠪᠣᠯᠭᠠᠵᠤ ᠳᠠᠪᠲᠠᠨ ᠥᠭᠦᠯᠡᠭᠰᠡᠨ ᠨᠢ᠄
— ᠢᠯᠠᠩᠭᠤᠶ᠎ᠠ ᠹᠧᠦᠲᠤᠷ᠂ ᠵᠠᠯᠠᠭᠤ ᠡᠬᠡᠨᠡᠷ ᠶᠧᠸᠫᠷᠡᠺᠰᠶᠡ ᠪᠡᠨ ᠠᠪᠴᠢᠷᠠᠬᠤ ᠪᠠᠢᠭᠰᠠᠨ ᠶᠤᠮ᠂ ᠲᠡᠷᠡ ᠪᠣᠯ ᠳᠠᠯᠠᠢ ᠶ᠋ᠢᠨ ᠴᠠᠭᠠᠳᠤᠬᠢ ᠭᠠᠵᠠᠷ ᠤ᠋ᠨ ᠬᠠᠲᠤᠨ ᠪᠣᠯᠬᠤ ᠲᠤᠯᠠ ᠦᠵᠡᠰᠬᠦᠯᠡᠩ ᠭᠤᠸ᠎ᠠ ᠨᠢ ᠲᠡᠭᠷᠢ ᠶ᠋ᠢᠨ ᠳᠠᠭᠢᠨᠢᠰ ᠠ᠋ᠴᠠ ᠢᠯᠭᠠᠯ ᠦᠭᠡᠢ ᠭᠡᠪᠡ᠃ ᠪᠠᠲᠤ ᠬᠠᠭᠠᠨ ᠶᠡᠬᠡᠳᠡ ᠢᠨᠢᠶᠡᠵᠦ ᠹᠸᠤᠲᠤᠷ ᠲᠤ᠌ ᠥᠭᠦᠯᠡᠭᠰᠡᠨ ᠨᠢ᠄
— ᠬᠤᠷᠳᠤᠨ ᠭᠡᠷ ᠲᠠᠰᠢ ᠪᠠᠨ ᠳᠠᠪᠬᠢᠵᠤ ᠪᠢᠳᠡᠨ ᠳ᠋ᠦ᠍ ᠵᠠᠯᠠᠭᠤ ᠡᠬᠡᠨᠡᠷ ᠢ᠋ᠶ᠋ᠡᠨ ᠠᠪᠴᠢᠷᠠ᠂ ᠲᠡᠷᠡ ᠪᠢᠳᠡᠨ ᠳ᠋ᠦ᠍ ᠳᠠᠭᠤᠤ ᠳᠠᠭᠤᠯᠠᠵᠤ᠂ ᠪᠥᠵᠢᠭᠯᠡᠵᠦ ᠥᠪᠡᠷ ᠦ᠋ᠨ ᠢ᠋ᠶ᠋ᠡᠨ ᠰᠠᠢᠬᠠᠨ ᠴᠢᠷᠠᠢ ᠪᠠᠷ ᠪᠢᠳᠡᠨ ᠢ᠋ ᠰᠠᠭᠠᠳᠠᠭᠤᠯᠤᠭ! (ᠭᠡᠯᠡ)᠃
ᠸᠠᠩ ᠹᠸᠤᠲᠤᠷ ᠲᠠᠢᠪᠤᠩ ᠢ᠋ᠶ᠋ᠠᠷ ᠬᠠᠷᠢᠭᠤᠯᠤᠭᠰᠠᠨ ᠨᠢ᠄
— ᠢᠩᠭᠢᠵᠦ ᠬᠠᠷᠢᠯᠴᠠᠬᠤ ᠪᠣᠯ ᠬᠦᠨᠳᠦᠲᠡᠢ ᠪᠢᠰᠢ᠂ ᠬᠡᠷᠪᠡ ᠴᠢ ᠪᠠᠢᠯᠳᠤᠭᠠᠨ ᠢ᠋ᠶ᠋ᠠᠷ ᠳᠠᠷᠤᠵᠤ ᠠᠪᠤᠭᠰᠠᠨ ᠪᠣᠯ ᠮᠠᠨ ᠤ᠋ ᠳ᠋ᠤ᠌ ᠶᠠᠭᠤ ᠪᠠᠢᠭ᠎ᠠ ᠶ᠋ᠢ ᠴᠥᠮ ᠢ᠋ ᠡᠵᠡᠮᠰᠢᠵᠦ ᠪᠣᠯᠤᠨ᠎ᠠ ᠭᠡᠪᠡ᠃ ᠪᠠᠲᠤ ᠬᠠᠭᠠᠨ ᠤ᠋ ᠬᠠᠲᠤᠳ ᠬᠥᠰᠢᠶ᠎ᠡ ᠠᠳᠠᠯᠢ ᠬᠥᠳᠡᠯᠦᠯ ᠦᠭᠡᠢ ᠰᠠᠭᠤᠵᠤ ᠪᠠᠢᠭᠰᠠᠨ ᠢ᠋ᠶ᠋ᠠᠨ ᠣᠷᠣᠰ ᠬᠦᠩ ᠦ᠋ᠨ ᠬᠠᠷᠢᠭᠤᠯᠤᠭᠰᠠᠨ ᠢ᠋ ᠮᠡᠳᠡᠭᠡᠳ ᠬᠥᠳᠡᠯᠭᠡᠭᠡᠨ ᠣᠷᠣᠪᠠ᠃
ᠬᠣᠶᠠᠷ ᠨᠢ ᠠᠯᠠᠭ᠎ᠠ ᠲᠡᠰᠢᠵᠦ ᠪᠠᠬᠠᠳᠤᠪᠠ᠃ ᠪᠠᠭ᠎ᠠ ᠬᠠᠲᠤᠨ ᠬᠡᠯᠡᠭᠰᠡᠨ ᠨᠢ᠄
— ᠡᠨᠡ ᠣᠷᠣᠰ ᠤ᠋ᠳ ᠵᠣᠷᠢᠭᠲᠠᠢ ᠪᠥᠭᠡᠳ ᠰᠠᠢᠨ ᠤᠯᠤᠰ ᠤ᠋ᠳ ᠶᠤᠮ ᠠ᠋ ᠭᠡᠪᠡ᠃
— ᠪᠢᠳᠡ ᠬᠢᠬᠦ ᠶᠠᠭᠤᠮ᠎ᠠ ᠦᠭᠡᠢ ᠪᠣᠯᠪᠠ ᠭᠡᠵᠦ ᠸᠠᠩ ᠢᠵᠸᠰᠯᠡᠸᠯᠢᠰᠺᠢ᠂ ᠹᠸᠤᠲᠤᠷ ᠸᠠᠩ ᠳ᠋ᠤ᠌ ᠰᠢᠪᠡᠨᠡᠨ ᠬᠡᠯᠡᠪᠡ᠃
— ᠪᠢ ᠴᠦ᠍ ᠪᠠᠰᠠ ᠢᠩᠭᠢᠵᠦ ᠪᠣᠳᠣᠵᠤ ᠪᠠᠢᠨ᠎ᠠ ᠭᠡᠳ ᠹᠸᠤᠲᠤᠷ ᠪᠣᠰᠪᠠ᠃ ᠪᠠᠲᠤ ᠬᠠᠭᠠᠨ ᠨᠢᠳᠦ ᠪᠡᠨ ᠶᠡᠬᠡ ᠪᠣᠯᠭᠠᠵᠤ ᠲᠡᠭᠦᠨ ᠳᠠᠰᠢ ᠬᠠᠷᠠᠯ᠎ᠠ᠃
— ᠰᠠᠷᠠᠭᠤᠯ ᠭᠡᠭᠡᠨ ᠬᠠᠭᠠᠳ ᠪᠢᠳᠡᠨ ᠢ᠋ ᠥᠷᠥᠰᠢᠶᠡ᠂ ᠪᠢᠳᠡ ᠬᠠᠷᠢᠨ ᠬᠡᠷᠡᠭ ᠲᠡᠢ ᠪᠣᠯᠪᠠ ᠭᠡᠵᠦ ᠹᠸᠤᠲᠤᠷ ᠬᠡᠯᠡᠪᠡ᠃
— ᠶᠠᠭᠤᠨ ᠳ᠋ᠤ᠌ ᠶᠠᠪᠤᠬᠤ ᠭᠡᠵᠦ ᠪᠠᠢᠨ᠎ᠠ? ᠠᠢᠷᠠᠭ ᠵᠣᠭᠣᠭᠯᠠᠭᠲᠤᠨ᠃
— ᠪᠢᠳᠡ ᠴᠢᠮᠠᠲᠠᠢ ᠡᠪ ᠨᠠᠢᠷᠠᠮᠳᠠᠯ ᠤ᠋ᠨ ᠭᠡᠷ᠎ᠡ ᠪᠠᠢᠭᠤᠯᠬᠤ᠂ ᠠᠢᠯ ᠵᠡᠷᠭᠡᠯᠡᠳᠡᠭᠡ ᠤᠯᠤᠰ ᠤ᠋ᠨ ᠶᠣᠰᠣᠭᠠᠷ ᠠᠶᠠᠲᠠᠢ ᠰᠠᠢᠬᠠᠨ ᠪᠠᠢᠬᠤ ᠪᠣᠯ ᠶᠡᠬᠡ ᠪᠠᠶᠠᠷᠯᠠᠭᠰᠠᠨ᠂ ᠭᠡᠲᠡᠯ᠎ᠡ ᠬᠦᠴᠦ ᠪᠡᠷ ᠢᠨᠠᠭ ᠦᠯᠦ ᠪᠣᠯᠤᠨ᠎ᠠ ᠭᠡᠳᠡᠭ ᠬᠠᠭᠤᠴᠢᠨ ᠦᠭᠡ ᠪᠣᠢ᠃ ᠪᠢᠳᠡ ᠴᠢᠨᠦ ᠰᠢᠳᠤᠷᠭᠤ ᠨᠥᠬᠥᠳ ᠪᠣᠯᠵᠤ ᠴᠢᠳᠠᠨ᠎ᠠ᠂ ᠬᠠᠷᠢᠨ ᠴᠢᠨᠦ ᠰᠢᠪᠡᠭᠴᠢᠨ ᠪᠣᠯᠵᠤ ᠬᠡᠵᠢᠶ᠎ᠡ ᠴᠦ᠍ ᠴᠢᠳᠠᠬᠤ ᠦᠭᠡᠢ᠃ ᠬᠡᠷᠪᠡ ᠪᠢᠳᠡᠨ ᠲᠡᠢ ᠪᠠᠢᠯᠳᠤᠬᠤ ᠪᠠᠷ ᠣᠴᠢᠪᠠᠯ ᠬᠡᠷᠡᠭᠦᠯ ᠢ᠋ᠶ᠋ᠡᠨ ᠮᠡᠰᠡ ᠪᠡᠷ ᠰᠢᠢᠳᠪᠦᠷᠢᠯᠡᠬᠦ ᠪᠣᠯᠤᠨ᠎ᠠ ᠭᠡᠳ ᠹᠸᠣᠳᠥᠷ ᠪᠣᠯᠤᠨ ᠡᠯᠴᠢᠳ ᠴᠥᠮ ᠬᠠᠭᠠᠨ ᠳ᠋ᠤ᠌ ᠮᠡᠬᠦᠢᠵᠦ ᠶᠣᠰᠣᠯᠠᠪᠠ᠃ ᠲᠡᠭᠡᠭᠡᠳ ᠹᠸᠤᠳᠥᠷ ᠪᠣᠰᠴᠤ ᠪᠡᠶ᠎ᠡ ᠪᠡᠨ ᠲᠡᠭᠰᠢᠯᠡᠨ ᠬᠣᠷᠮᠣᠢ ᠪᠠᠨ ᠰᠡᠭᠰᠦᠷᠴᠦ᠂ ᠭᠢᠯᠠᠯᠵᠠᠭᠰᠠᠨ ᠬᠣᠷᠭᠣᠢ ᠳᠡᠪᠡᠯ ᠡᠮᠦᠰᠴᠦ ᠨᠢᠭᠤᠷ ᠬᠥᠮᠥᠰᠬᠡ ᠪᠡᠨ ᠪᠣᠳᠣᠭᠰᠠᠨ ᠪᠥᠭᠡᠳ ᠲᠦᠷᠭᠡᠨ ᠬᠥᠳᠡᠯᠬᠦ ᠪᠠᠲᠤ ᠬᠠᠭᠠᠨ ᠤ᠋ ᠵᠠᠯᠠᠭᠤ ᠬᠠᠲᠤᠨ ᠢ᠋ ᠠᠵᠢᠭᠯᠠᠨ ᠬᠠᠷᠠᠪᠠ᠃ ᠲᠡᠷᠡ ᠬᠠᠲᠤᠨ ᠰᠠᠶᠢ ᠲᠡᠭᠦᠨ ᠢ᠋ ᠮᠠᠭᠲᠠᠭᠰᠠᠨ ᠠᠵᠢ᠃ ᠲᠡᠭᠡᠭᠡᠳ ᠪᠤᠯᠠᠭᠠᠨ ᠮᠠᠯᠠᠭᠠᠢ ᠪᠠᠨ ᠮᠠᠩᠨᠠᠢ ᠳᠠᠷᠤᠨ ᠡᠮᠦᠰᠴᠦ ᠡᠭᠴᠡ ᠡᠷᠡᠯᠬᠡᠭ ᠪᠥᠭᠡᠳ ᠶᠡᠬᠡᠮᠰᠦᠭ ᠢ᠋ᠶ᠋ᠡᠷ ᠠᠰᠠᠷ ᠠ᠋ᠴᠠ ᠭᠠᠷᠴᠤ ᠣᠳᠪᠠ᠃ ᠪᠠᠲᠤ ᠬᠠᠭᠠᠨ᠂ ᠰᠦᠪᠡᠭᠡᠳᠡᠢ ᠪᠠᠭᠠᠲᠤᠷ ᠲᠸ᠋ ᠬᠡᠳᠦᠨ ᠦᠭᠡ ᠰᠢᠪᠡᠨᠡᠨ ᠬᠡᠯᠡᠪᠡ᠃ ᠰᠦᠪᠡᠭᠡᠳᠡᠢ ᠪᠠᠭᠠᠲᠤᠷ ᠠᠭᠠᠬᠢᠯᠠᠭᠰᠠᠭᠠᠷ ᠪᠣᠰᠤᠭᠠᠳ ᠠᠰᠠᠷ ᠠ᠋ᠴᠠ ᠭᠠᠷᠴᠠᠢ᠃
ᠪᠠᠲᠤ ᠬᠠᠭᠠᠨ᠂ ᠰᠢᠷᠡᠭᠡᠨ ᠡᠴᠡ ᠪᠡᠨ ᠭᠠᠷ ᠢ᠋ᠶ᠋ᠠᠷ ᠪᠠᠷᠢᠵᠤ ᠬᠥᠳᠡᠯᠦᠯ ᠦᠭᠡᠢ ᠰᠠᠭᠤᠪᠠ᠃ ᠪᠦᠭᠦᠳᠡᠭᠡᠷ ᠴᠢᠮᠡᠭᠡ ᠦᠭᠡᠢ ᠪᠣᠯᠵᠤ ᠶᠠᠭᠤ ᠪᠣᠯᠵᠤ ᠪᠠᠢᠭ᠎ᠠ ᠶ᠋ᠢ ᠦᠯᠦ ᠣᠢᠯᠠᠭᠠᠨ᠎ᠠ᠃ ᠭᠡᠲᠡᠯ᠎ᠡ ᠮᠣᠷᠢᠨ ᠲᠤᠭᠤᠷᠠᠢ ᠰᠣᠨᠣᠰᠳᠠᠵᠤ ᠮᠣᠷᠢᠨ ᠴᠡᠷᠢᠭ ᠦ᠋ᠳ ᠠᠰᠠᠷ ᠤ᠋ᠨ ᠳᠡᠷᠭᠡᠳᠡᠭᠦᠷ ᠳᠠᠪᠬᠢᠯᠳᠤᠪᠠ᠃ ᠮᠡᠩᠳᠡᠨ ᠪᠠᠷᠬᠢᠷᠠᠯᠲᠠ᠂ ᠰᠢᠬᠠᠮᠳᠠᠭᠰᠠᠨ ᠪᠦᠭᠴᠢᠮ᠎ᠡ ᠳᠠᠭᠤᠨ᠂ ᠰᠡᠯᠡᠮ᠎ᠡ ᠬᠠᠩᠭᠢᠨᠠᠬᠤ ᠵᠡᠷᠭᠡ ᠰᠣᠨᠣᠰᠳᠠᠪᠠ᠃ ᠪᠠᠲᠤ ᠬᠠᠭᠠᠨ ᠤᠷᠢᠳᠤ ᠶ᠋ᠢᠨ ᠠᠳᠠᠯᠢ ᠬᠥᠳᠡᠯᠬᠦ ᠦᠭᠡᠢ ᠰᠠᠭᠤᠨ᠎ᠠ᠃ ᠬᠡᠨ ᠴᠦ᠍ ᠴᠢᠮᠡᠭᠡ ᠭᠠᠷᠭᠠᠬᠤ ᠪᠠ ᠪᠣᠰᠬᠤ ᠶ᠋ᠢ ᠦᠯᠦ ᠵᠣᠷᠢᠭᠯᠠᠨᠠ᠃ ᠰᠦᠪᠡᠭᠡᠳᠡᠢ ᠪᠠᠭᠠᠲᠤᠷ ᠡᠷᠭᠢᠵᠦ ᠢᠷᠡᠪᠡᠯ ᠲᠡᠭᠦᠨ ᠦ᠌ ᠨᠢᠳᠦ ᠨᠢ ᠭᠢᠯᠠᠯᠵᠠᠵᠤ᠂ ᠨᠢᠭᠤᠷ ᠲᠤᠨᠢ ᠬᠥᠯᠥᠰᠥᠨ ᠦ᠌ ᠳᠤᠰᠤᠯ ᠪᠥᠮᠪᠥᠷᠢᠵᠦ ᠠᠮᠢᠰᠬᠤᠭᠠᠳᠠᠨ᠎ᠠ᠃
— ᠵᠠ ᠶᠠᠭᠤ ᠪᠣᠯᠪᠠ? ᠭᠡᠵᠦ ᠪᠠᠲᠤ ᠬᠠᠭᠠᠨ ᠠᠰᠠᠭᠤᠯ᠎ᠠ᠃
— ᠴᠥᠮ ᠢ᠋ ᠴᠣᠬᠢᠵᠤ ᠠᠯᠠᠵᠠᠢ᠃ ᠭᠠᠭᠴᠠᠬᠠᠨ ᠬᠥᠭᠰᠢᠨ ᠵᠠᠷᠤᠴᠠ ᠠᠮᠢᠳᠤ ᠦᠯᠡᠳᠡᠵᠦ ᠲᠠᠲ᠋ᠠᠷ ᠴᠡᠷᠢᠭ ᠦ᠋ᠨ ᠰᠡᠯᠡᠮ᠎ᠡ ᠠᠪᠤᠭᠠᠳ ᠥᠪᠡᠷ ᠦ᠋ᠨ ᠡᠵᠡᠨ ᠺᠨ᠋ᠶᠠᠽ ᠹᠸᠣᠳᠥᠷ ᠦ᠋ᠨ ᠬᠡᠭᠦᠷ ᠳᠡᠭᠡᠷ᠎ᠡ ᠵᠣᠭᠰᠣᠭᠠᠳ ᠣᠳᠣ ᠬᠦᠷᠲᠡᠯ᠎ᠡ ᠭᠠᠷ ᠲᠠᠭᠠᠨ ᠰᠡᠯᠡᠮ᠎ᠡ ᠪᠠᠷᠢᠵᠤ ᠠᠯᠠᠯᠳᠤᠭᠰᠠᠭᠠᠷ ᠪᠠᠢᠨ᠎ᠠ᠃ ᠪᠢ ᠲᠡᠭᠦᠨ ᠳ᠋ᠦ᠍ ᠭᠠᠷ ᠪᠤᠤ ᠭᠦᠷᠦᠭᠲᠦᠨ ᠭᠡᠵᠦ ᠲᠤᠰᠢᠶᠠᠯ ᠦᠭᠭᠦᠭᠰᠡᠨ᠃ ᠴᠢᠨᠦ ᠡᠪᠦᠭᠡ ᠡᠴᠢᠭᠡ ᠪᠠᠢᠬᠤ ᠳ᠋ᠠᠭᠠᠨ ᠴᠤ᠌ ᠳᠠᠢᠰᠤᠨ ᠤ᠋ ᠪᠣᠭᠣᠯ ᠪᠣᠯᠪᠠᠴᠤ ᠰᠢᠳᠤᠷᠭᠤ ᠪᠣᠭᠣᠯ ᠢ᠋ ᠡᠩᠬᠦᠷᠡᠢᠯᠡᠬᠦ ᠬᠡᠷᠡᠭᠲᠡᠢ ᠭᠡᠵᠦ ᠣᠯᠠᠨᠲᠠ ᠬᠡᠯᠡᠭᠰᠡᠨ ᠪᠢᠯᠡ ᠭᠡᠪᠡ᠃
— ᠪᠢ ᠲᠡᠭᠦᠨ ᠢ᠋ ᠦᠵᠡᠬᠦ ᠶ᠋ᠢ ᠬᠦᠰᠡᠨ᠎ᠡ᠃ ᠭᠯᠧᠪ ᠲᠡᠭᠦᠨ ᠢ᠋ ᠠᠪᠤᠭᠠᠳ ᠢᠷ᠎ᠡ ᠭᠡᠪᠡ᠃
ᠸᠠᠩ ᠭᠯᠧᠪ ᠸᠯᠠᠳ᠋ᠢ᠍ᠮᠢᠷᠤᠸᠢᠴ ᠬᠥᠯ ᠢ᠋ᠶ᠋ᠡᠨ ᠰᠣᠯᠪᠢᠵᠤ ᠥᠰᠥᠭᠡᠢ ᠳᠡᠭᠡᠷ᠎ᠡ ᠪᠡᠨ ᠮᠣᠩᠭᠣᠯ ᠮᠠᠶᠢᠭ ᠢ᠋ᠶ᠋ᠠᠷ ᠰᠠᠭᠤᠵᠤ ᠪᠠᠢᠭᠰᠠᠨ ᠢ᠋ᠶ᠋ᠠᠨ ᠪᠣᠰᠴᠤ ᠠᠰᠠᠷ ᠠ᠋ᠴᠠ ᠭᠠᠷᠪᠠ᠃ ᠲᠡᠭᠡᠭᠡᠳ ᠥᠨᠳᠥᠷ ᠪᠤᠭᠤᠷᠤᠯ ᠬᠥᠭᠰᠢᠨ ᠦ᠌ ᠬᠠᠮᠲᠤ ᠡᠷᠭᠢᠵᠦ ᠢᠷᠡᠪᠡ᠃ ᠬᠣᠶᠠᠷ ᠮᠣᠩᠭᠣᠯ ᠪᠠᠢᠯᠳᠤᠭᠴᠢ ᠲᠡᠭᠦᠨ ᠦ᠌ ᠪᠠᠭᠤᠤ ᠠ᠋ᠴᠠ ᠪᠠᠷᠢᠵᠠᠢ᠃ ᠨᠢᠭᠤᠷ ᠨᠢ ᠮᠠᠭᠠᠵᠢᠭᠳᠠᠵᠤ ᠴᠠᠭᠠᠨ ᠰᠠᠬᠠᠯ ᠳ᠋ᠤᠨᠢ ᠴᠢᠰᠤ ᠨᠠᠭᠠᠯᠳᠤᠵᠠᠢ᠃
— ᠴᠢ ᠬᠡᠨ ᠭᠡᠭᠴᠢ ᠪᠣᠢ? ᠭᠡᠵᠦ ᠪᠠᠲᠤ ᠬᠠᠭᠠᠨ ᠠᠰᠠᠭᠤᠨ᠎ᠠ᠃
—ᠪᠢ ᠸᠠᠩ ᠹᠧᠦᠲᠤᠷ ᠶᠦᠷᠢᠶᠧᠸᠢᠴ ᠦ᠋ᠨ ᠵᠠᠷᠤᠴᠠ ᠪᠠᠷᠯᠤᠭ᠃
—ᠨᠡᠷ᠎ᠡ ᠴᠢᠨᠢ ᠬᠡᠨ ᠪᠣᠢ?
— ᠠᠫᠣᠨᠢᠼ᠃
— ᠴᠢ ᠨᠠᠮᠠᠶ᠋ᠢ ᠳᠠᠭᠠᠵᠤ ᠣᠷᠣ᠂ ᠴᠢᠮᠠᠶ᠋ᠢ ᠴᠢᠬᠤᠯᠠ ᠠᠵᠢᠯ ᠳ᠋ᠤ᠌ ᠬᠡᠷᠡᠭᠯᠡᠶ᠎ᠡ᠃
— ᠴᠢ ᠨᠠᠮᠠᠶ᠋ᠢ ᠠᠯᠠᠭᠲᠤᠨ᠂ ᠪᠢ ᠴᠢᠮᠠᠶ᠋ᠢ ᠳᠠᠭᠠᠬᠤ ᠦᠭᠡᠢ ᠭᠡᠬᠦ ᠳ᠋ᠦ᠍ ᠪᠠᠲᠤ ᠬᠠᠭᠠᠨ ᠤ᠋ ᠪᠠᠭ᠎ᠠ ᠬᠠᠲᠤᠨ ᠶᠦᠯᠳᠦ᠋ᠽ ᠬᠣᠭᠣᠯᠠᠢ ᠨᠢ ᠴᠡᠴᠡᠷᠡᠵᠦ ᠬᠦᠴᠦ ᠮᠠᠭᠤᠲᠠᠢ ᠳᠠᠭᠤ ᠪᠠᠷ ᠥᠭᠦᠯᠡᠭᠰᠡᠨ ᠨᠢ᠄
— ᠵᠠᠩᠵᠤᠨ ᠲᠠᠯᠪᠢᠭᠲᠤᠨ ᠭᠡᠪᠡ᠃ ᠪᠠᠲᠤ ᠬᠠᠭᠠᠨ ᠵᠥᠪᠰᠢᠶᠡᠷᠡᠨ ᠲᠣᠯᠣᠭᠠᠢ ᠳᠣᠬᠢᠵᠤ ᠥᠭᠦᠯᠡᠷᠦᠨ᠄
— ᠴᠢ ᠦᠨᠡᠨᠴᠢ ᠬᠥᠮᠦᠨ ᠪᠣᠯᠬᠤ ᠲᠤᠯᠠ ᠴᠢᠮᠠᠶ᠋ᠢ ᠪᠢ ᠥᠷᠥᠰᠢᠶᠡᠶ᠎ᠡ᠃ ᠪᠢ ᠴᠢᠮᠠᠲᠤ ᠮᠣᠷᠢ ᠥᠭᠴᠦ ᠡᠭᠡᠵᠦ ᠬᠠᠷᠢᠬᠤ ᠶ᠋ᠢ ᠵᠥᠪᠰᠢᠶᠡᠷᠡᠨ᠎ᠡ᠃ ᠷᠶᠡᠽᠡᠨᠰᠺᠢ ᠸᠠᠩ ᠳ᠋ᠤ᠌ ᠲᠡᠭᠦᠨ ᠦ᠌ ᠬᠥᠪᠡᠭᠦᠨ ᠮᠢᠨᠦ ᠡᠮᠦᠨ᠎ᠡ ᠬᠡᠷᠴᠡᠭᠡᠢ ᠵᠠᠩᠨᠠᠭᠰᠠᠨ ᠤ᠋ ᠤᠯᠠᠮ ᠠ᠋ᠴᠠ ᠴᠠᠭᠠᠵᠠ ᠪᠠᠷ ᠠᠪᠤᠭᠳᠠᠭᠰᠠᠨ ᠭᠡᠵᠦ ᠬᠡᠯᠡᠭᠲᠦᠨ! ᠰᠦᠪᠡᠭᠡᠳᠡᠢ ᠡᠨᠡᠬᠦ ᠣᠷᠣᠰ ᠢ᠋ ᠳᠥᠷᠪᠡᠨ ᠢᠲᠡᠭᠡᠮᠵᠢᠲᠡᠢ ᠴᠡᠷᠢᠭ ᠲᠦ᠍ ᠠᠪᠤᠭᠤᠯᠤᠨ ᠶᠠᠪᠤᠭᠤᠯ᠂ ᠲᠡᠳᠡ ᠨᠠᠷ ᠲᠤ᠌ ᠵᠠᠮ ᠳ᠋ᠠᠭᠠᠨ ᠡᠭᠦᠨ ᠢ᠋ ᠪᠤᠤ ᠠᠯᠠᠭᠲᠤᠨ ᠭᠡᠵᠦ ᠲᠤᠰᠢᠶᠠᠯ ᠥᠭᠭᠦᠭᠡᠷᠡᠢ᠃ ᠬᠠᠷᠢᠨ᠂ ᠣᠷᠣᠰ ᠤ᠋ᠨ ᠠᠩᠬ᠎ᠠ ᠲᠣᠬᠢᠶᠠᠯᠳᠤᠭᠰᠠᠨ ᠬᠠᠷᠠᠭᠤᠯ ᠳᠡᠭᠡᠷ᠎ᠡ ᠬᠦᠷᠭᠡᠵᠦ ᠥᠭ ᠭᠡᠵᠡᠢ᠃
ᠮᠣᠩᠭᠣᠯᠴᠤᠳ ᠠᠫᠤᠨᠢᠼ ᠢ᠋ ᠠᠰᠠᠷ ᠠ᠋ᠴᠠ ᠭᠠᠷᠭᠠᠪᠠ᠃ ᠪᠠᠲᠤ ᠬᠠᠭᠠᠨ ᠪᠣᠯᠤᠨ ᠲᠡᠭᠦᠨ ᠦ᠌ ᠵᠣᠴᠢᠳ ᠨᠠᠢᠷ ᠢ᠋ᠶ᠋ᠠᠨ ᠦᠷᠭᠦᠯᠵᠢᠯᠡᠵᠦ ᠣᠷᠣᠰ ᠭᠠᠵᠠᠷ ᠢ᠋ ᠳᠣᠪᠲᠣᠯᠬᠤ ᠲᠥᠯᠥᠪᠯᠡᠭᠡ ᠶ᠋ᠢ ᠬᠡᠯᠡᠯᠴᠡᠪᠡ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠷᠢᠭᠤᠨ᠂ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠭᠡᠷᠡᠯ
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠪᠠᠶᠠᠨᠴᠡᠴᠡᠭ