ᠪᠠᠲᠤ ᠬᠠᠭᠠᠨ 3-10 ᠲᠠᠲ᠋ᠠᠷ ᠤ᠋ᠨ ᠲᠦᠷᠦᠭᠦᠴᠢ ᠶ᠋ᠢᠨ ᠵᠠᠭᠤᠲᠤ ᠳᠣᠲᠣᠷ᠎ᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 3-10 ᠲᠠᠲ᠋ᠠᠷ ᠤ᠋ᠨ ᠲᠦᠷᠦᠭᠦᠴᠢ ᠶ᠋ᠢᠨ ᠵᠠᠭᠤᠲᠤ ᠳᠣᠲᠣᠷ᠎ᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠪᠠᠲᠤ ᠬᠠᠭᠠᠨ 3-10 ᠲᠠᠲ᠋ᠠᠷ ᠤ᠋ᠨ ᠲᠦᠷᠦᠭᠦᠴᠢ ᠶ᠋ᠢᠨ ᠵᠠᠭᠤᠲᠤ ᠳᠣᠲᠣᠷ᠎ᠠ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-12

42

ᠠᠷᠪᠠ ᠲᠠᠲ᠋ᠠᠷ ᠤ᠋ᠨ ᠲᠦᠷᠦᠭᠦᠴᠢ ᠶ᠋ᠢᠨ ᠵᠠᠭᠤᠲᠤ ᠳᠣᠲᠣᠷ᠎ᠠ

ᠲᠶᠥ᠋ᠯᠶᠡᠪ— ᠪᠢᠷᠭᠧᠨ ᠦ᠌ ᠲᠦᠷᠦᠭᠦᠴᠢ ᠶ᠋ᠢᠨ ᠵᠠᠭᠤᠲᠤ《ᠭᠦᠶᠦᠳᠡᠯᠲᠦ ᠬᠡᠭᠦᠷ ᠦ᠋ᠨ ᠲᠠᠯ᠎ᠠ》 ᠳ᠋ᠤ᠌ ᠪᠠᠢᠪᠠ᠃ ᠡᠨᠳᠡ ᠤᠷᠤᠰᠬᠤ ᠪᠤᠯᠠᠭ ᠬᠥᠯᠳᠡᠵᠦ᠂ ᠮᠥᠰᠥ ᠲᠡᠭᠦᠨ ᠦ᠌ ᠲᠦᠪᠰᠢᠨ ᠢ᠋ ᠪᠦᠷᠬᠦᠵᠡᠢ᠃ ᠮᠣᠳᠣᠨ ᠬᠡᠷᠡᠮ ᠢ᠋ᠶ᠋ᠡᠷ ᠬᠦᠷᠢᠶᠡᠯᠡᠭᠳᠡᠭᠰᠡᠨ ᠭᠠᠵᠠᠷ ᠳᠣᠣᠷᠠᠬᠢ ᠰᠠᠭᠤᠴᠠ ᠨᠤᠭᠤᠳ ᠬᠡᠪ ᠢ᠋ᠶ᠋ᠡᠷ ᠦᠯᠡᠳᠡᠵᠡᠢ᠃ ᠤᠷᠢᠳᠤ ᠡᠨᠳᠡ ᠷᠶᠡᠽᠡᠨ ᠦ᠌ ᠬᠠᠷᠠᠭᠤᠯ ᠤ᠋ᠨ ᠪᠠᠢᠷᠢ ᠪᠠᠢᠭᠰᠠᠨ ᠠᠵᠢ᠃ ᠲᠠᠲ᠋ᠠᠷ ᠤ᠋ᠳ ᠤ᠋ᠨ ᠳᠡᠪᠰᠢᠯᠲᠡ ᠶ᠋ᠢ ᠮᠡᠳᠡᠵᠦ ᠷᠶᠡᠽᠡᠨᠴᠤᠳ ᠤᠮᠠᠷ᠎ᠠ ᠵᠦᠭ ᠤᠬᠤᠷᠢᠵᠠᠢ᠃ ᠤᠷᠢᠳᠤ ᠡᠨᠡ ᠬᠠᠷᠠᠭᠤᠯ ᠤ᠋ᠨ ᠭᠠᠵᠠᠷ ᠣᠷᠣᠰ ᠤ᠋ᠨ ᠬᠤᠳᠠᠯᠳᠤᠭᠠᠴᠢᠨ ᠮᠠᠯ ᠲᠠᠭᠤᠵᠤ ᠢᠷᠡᠳᠡᠭ᠂ ᠨᠡᠭᠦᠳᠡᠯ ᠠᠢᠮᠠᠭ ᠤ᠋ᠨ ᠠᠶᠠᠨᠴᠢᠨ ᠲᠠᠢ ᠬᠤᠳᠠᠯᠳᠤᠭ᠎ᠠ ᠬᠢᠳᠡᠭ ᠪᠠᠢᠵᠠᠢ᠃ ᠭᠠᠵᠠᠷ ᠢ᠋ᠶ᠋ᠠᠷ ᠬᠠ ᠶᠠ ᠦᠭᠡᠢ ᠮᠣᠷᠢᠨ ᠤ᠋ ᠬᠣᠮᠣᠯ᠂ ᠬᠣᠨᠢᠨ ᠤ᠋ ᠬᠣᠷᠭᠣᠯ ᠦᠵᠡᠭᠳᠡᠨ᠎ᠡ᠃ ᠡᠨᠡ ᠲᠠᠯ᠎ᠠ ᠳ᠋ᠤ᠌ ᠬᠦᠷᠴᠦ ᠢᠷᠡᠭᠰᠡᠨ ᠲᠶᠥ᠋ᠯᠶᠡᠪ— ᠪᠢᠷᠭᠧᠨ ᠦ᠌ ᠵᠠᠭᠤᠲᠤ ᠬᠠᠷ᠎ᠠ ᠨᠢᠳᠦ ᠲᠡᠢ ᠰᠣᠨᠲᠣᠭᠣᠷ ᠬᠠᠮᠠᠷ ᠲᠠᠢ ᠡᠮᠡᠭᠡᠨ ᠢ᠋ ᠣᠯᠵᠠᠢ᠃ ᠡᠨᠡ ᠡᠮᠡᠭᠡᠨ ᠬᠠᠭᠠᠰ ᠨᠢ ᠨᠤᠷᠠᠭᠰᠠᠨ ᠭᠠᠵᠠᠷ ᠰᠠᠭᠤᠴᠠ ᠶ᠋ᠢᠨ ᠡᠭᠦᠳᠡᠨ ᠳ᠋ᠦ᠍ ᠶᠠᠭᠤᠨ ᠠ᠋ᠴᠠ ᠦᠯᠦ ᠪᠤᠴᠠᠬᠤ ᠰᠢᠨᠵᠢ ᠲᠡᠢ ᠰᠠᠭᠤᠵᠤ ᠪᠠᠢᠵᠠᠢ᠃

ᠲᠠᠲ᠋ᠠᠷ ᠤ᠋ᠳ ᠭᠠᠵᠠᠷ ᠳᠣᠣᠷ᠎ᠠ ᠰᠠᠭᠤᠴᠠ ᠲᠠᠢ ᠬᠥᠭᠰᠢᠨ ᠡᠴᠡ ᠣᠯᠤᠭᠰᠠᠨ ᠪᠦᠭᠦᠳᠡ ᠶ᠋ᠢ ᠪᠤᠯᠢᠶᠠᠨ ᠠᠪᠤᠪᠠ᠃ ᠲᠡᠭᠦᠨ ᠳ᠋ᠦ᠍ ᠦᠯᠡᠳᠡᠭᠰᠡᠨ ᠨᠢ ᠭᠠᠭᠴᠠ ᠥᠷᠭᠡᠨ ᠥᠮᠥᠳᠥ᠂ ᠤᠷᠠᠩᠬᠠᠢ ᠭᠤᠲᠤᠯ᠂ ᠪᠤᠯᠠᠭ ᠠ᠋ᠴᠠ ᠤᠰᠤ ᠠᠪᠴᠤ ᠪᠠᠢᠭᠰᠠᠨ  ᠭᠣᠭᠣᠵᠢᠷᠬᠠᠢ ᠬᠤᠪᠢᠩ ᠪᠢᠯᠡ᠃ ᠦᠳᠡᠰᠢ ᠲᠠᠲ᠋ᠠᠷ ᠤ᠋ᠳ ᠢ᠋ ᠤᠨᠲᠠᠬᠤ ᠪᠠᠷ ᠪᠡᠯᠡᠳᠬᠡᠬᠦ ᠳ᠋ᠦ᠍ ᠬᠥᠭᠰᠢᠨ᠂ ᠭᠠᠯ ᠤ᠋ᠨ ᠳᠡᠷᠭᠡᠳᠡ ᠣᠴᠢᠵᠤ ᠶᠠᠭᠤᠮ᠎ᠠ ᠢᠳᠡᠭᠡᠳ ᠴᠢᠮᠡᠭᠡ ᠦᠭᠡᠢ ᠪᠤᠴᠠᠵᠤ᠂ ᠥᠪᠡᠷ ᠦ᠋ᠨ ᠡᠭᠦᠳᠡᠨ ᠦ᠌ ᠳᠡᠷᠭᠡᠳᠡ ᠰᠠᠭᠤᠯ᠎ᠠ᠃
— ᠴᠢ ᠬᠡᠨ ᠭᠡᠭᠴᠢ ᠪᠣᠢ? ᠭᠡᠵᠦ ᠵᠠᠭᠤᠲᠤ ᠳ᠋ᠤ᠌ ᠬᠠᠮᠢᠶᠠᠷᠤᠭᠳᠠᠬᠤ ᠺᠢᠫᠴᠠᠺ ᠠᠰᠠᠭᠤᠬᠤ ᠳ᠋ᠤ᠌᠂
— ᠶᠠᠰᠢᠷᠺᠡ (ᠣᠯᠵᠠᠯᠠᠭᠳᠠᠭᠰᠠᠨ ᠪᠣᠭᠣᠯ) ᠪᠢ᠂ ᠠᠷᠤ ᠺᠡᠥ᠋ᠺᠡᠰ ᠦ᠋ᠨ ᠲᠠᠪᠤᠨ ᠠᠭᠤᠯᠠ ᠭᠡᠳᠡᠭ ᠭᠠᠵᠠᠷ ᠨᠠᠮᠠᠶ᠋ᠢ ᠬᠦᠴᠦ ᠲᠠᠮᠢᠷ ᠲᠠᠢ ᠪᠠᠢᠬᠤ ᠳ᠋ᠤ᠌ ᠭᠢᠨᠵᠢ ᠵᠡᠭᠦᠯᠭᠡᠭᠡᠳ ᠠᠯᠪᠠ ᠪᠠᠷ ᠠᠵᠢᠯ ᠬᠢᠯᠭᠡᠵᠦ ᠪᠠᠢᠯ᠎ᠠ᠃ ᠨᠠᠮᠠᠶ᠋ᠢ ᠬᠥᠭᠰᠢᠷᠡᠵᠦ ᠬᠦᠴᠦᠨ ᠳᠣᠷᠣᠢᠲᠠᠭᠰᠠᠨ ᠤ᠋ ᠬᠣᠢᠨ᠎ᠠ ᠳᠥᠷᠪᠡᠨ ᠵᠦᠭ ᠦ᠋ᠨ ᠠᠯᠢ ᠳᠤᠷᠠᠲᠠᠢ ᠳᠠᠰᠢ ᠶᠠᠪᠤ ᠭᠡᠵᠦ ᠬᠡᠯᠡᠭᠰᠡᠨ᠃ ᠪᠢ ᠬᠠᠮᠢᠭ᠎ᠠ ᠶᠠᠪᠤᠬᠤ ᠪᠢᠯᠡ? ᠪᠠᠰᠠ ᠳᠠᠬᠢᠨ ᠲᠠᠯ᠎ᠠ ᠳᠤᠮᠳᠠᠭᠤᠷ ᠶᠠᠪᠤᠬᠤ ᠤᠤ? ᠲᠠᠯ᠎ᠠ ᠪᠣᠯ ᠡᠷᠭᠢᠨ ᠲᠣᠭᠣᠷᠢᠨ ᠴᠠᠰᠤ ᠪᠠᠷ ᠬᠦᠷᠢᠶᠡᠯᠡᠭᠳᠡᠭᠰᠡᠨ ᠭᠣᠪᠢ ᠪᠣᠯᠣᠳ ᠦᠨᠡᠭᠡ᠂ ᠵᠡᠭᠡᠷ᠎ᠡ᠂ ᠴᠢᠨᠣ᠎ᠠ ᠶ᠋ᠢᠨ ᠮᠥᠷ ᠡᠴᠡ ᠥᠭᠡᠷ᠎ᠡ ᠶᠠᠭᠤ ᠴᠤ᠌ ᠦᠭᠡᠢ ᠪᠠᠢᠪᠠ᠃ ᠮᠣᠷᠢᠨ ᠴᠡᠷᠢᠭ ᠦ᠋ᠳ ᠭᠠᠵᠠᠷ ᠳᠣᠣᠷᠠᠬᠢ ᠰᠠᠭᠤᠴᠠ ᠶ᠋ᠢ ᠱᠠᠭᠠᠢᠪᠠᠯ ᠨᠣᠢᠲᠠᠨ ᠪᠠ ᠨᠤᠷᠠᠵᠤ ᠡᠪᠳᠡᠷᠡᠵᠡᠢ᠃ ᠵᠠᠪᠰᠠᠷ ᠢ᠋ᠶ᠋ᠠᠷ ᠨᠢ ᠬᠥᠪᠳᠥ ᠴᠤᠬᠤᠢᠵᠤ ᠵᠢᠷᠠᠨ ᠬᠥᠯᠲᠦ ᠶᠠᠪᠤᠨ᠎ᠠ᠃ ᠡᠳᠡ ᠨᠠᠷ ᠨᠤᠯᠮᠤᠵᠤ ᠭᠠᠯ ᠤ᠋ᠨ ᠳᠡᠷᠭᠡᠳᠡ ᠢᠰᠡᠭᠡᠢ ᠠᠳᠠᠰᠬ᠎ᠠ ᠵᠡᠷᠭᠡ ᠶ᠋ᠢ ᠳᠡᠪᠢᠰᠦᠨ ᠬᠡᠪᠲᠡᠵᠦ ᠴᠠᠭ ᠨᠥᠭᠴᠢᠭᠡᠬᠦ ᠪᠤᠶᠤ ᠡᠰᠡᠪᠡᠯ ᠬᠥᠪᠡᠭᠡᠨ ᠳᠡᠭᠡᠷ᠎ᠡ ᠭᠠᠷᠴᠤ ᠰᠣᠨᠳᠤᠤᠯᠠ ᠶ᠋ᠢᠨ ᠠᠷᠤ ᠳ᠋ᠤ᠌ ᠨᠢᠭᠤᠭᠳᠠᠨ ᠲᠠᠯ᠎ᠠ ᠲᠡᠰᠢ ᠬᠠᠷᠠᠵᠠᠭᠠᠨ᠎ᠠ᠃

ᠴᠢᠳᠥᠷᠯᠡᠭᠰᠡᠨ ᠮᠣᠷᠢᠳ ᠵᠦᠯᠭᠡᠨ ᠳᠡᠭᠡᠷ᠎ᠡ ᠬᠠᠲᠠᠭᠰᠠᠨ ᠳᠠᠷᠠᠰᠤ ᠢᠳᠡᠰᠢᠯᠡᠬᠦ ᠪᠠ ᠦᠯᠡᠳᠡᠭᠰᠡᠨ ᠮᠣᠷᠢᠳ ᠨᠢ ᠡᠮᠡᠭᠡᠯ ᠲᠡᠢ ᠪᠡᠨ ᠬᠡᠵᠢᠶᠡᠳᠡ ᠪᠡᠯᠡᠬᠡᠨ ᠪᠠᠢᠵᠠᠢ᠃ ᠬᠠᠮᠤᠭ ᠤ᠋ᠨ ᠣᠯᠢᠭᠲᠠᠢ ᠳᠡᠭᠡᠪᠦᠷ ᠨᠢ ᠬᠠᠭᠤᠷᠠᠵᠤ ᠡᠪᠳᠡᠷᠡᠭᠡ ᠦᠭᠡᠢ ᠭᠠᠵᠠᠷ ᠰᠠᠭᠤᠴᠠᠨ ᠳ᠋ᠤ᠌ ᠵᠠᠭᠤᠲᠤ ᠶ᠋ᠢᠨ ᠳᠠᠷᠤᠭ᠎ᠠ ᠲᠶᠥ᠋ᠯᠶᠠᠪ— ᠪᠢᠷᠭᠧᠨ ᠪᠠᠢᠷᠢᠯᠠᠵᠠᠢ᠃ ᠡᠨᠡ ᠭᠠᠵᠠᠷ ᠰᠠᠭᠤᠴᠠᠨ ᠳ᠋ᠤ᠌ ᠣᠷᠣᠰ ᠤ᠋ᠨ ᠬᠢᠭᠰᠡᠨ ᠰᠢᠪᠡᠷ ᠪᠠᠢᠰᠢᠩ ᠨᠢ ᠪᠦᠲᠦᠨ ᠢ᠋ᠶ᠋ᠡᠷ ᠦᠯᠡᠳᠡᠵᠦ᠂ ᠠᠳᠠᠰᠬ᠎ᠠ ᠪᠠᠷ ᠬᠢᠭᠰᠡᠨ ᠤᠷᠲᠤ ᠳᠡᠷᠭᠡᠳᠡ ᠨᠢ ᠪᠠᠢᠨ᠎ᠠ᠃ ᠵᠠᠭᠤᠲᠤ ᠶ᠋ᠢᠨ ᠳᠠᠷᠤᠭ᠎ᠠ ᠠᠬᠠᠯᠠᠭᠴᠢ ᠶ᠋ᠢᠨ ᠬᠤᠪᠢ ᠪᠠᠷ ᠣᠷᠣᠨ ᠳᠡᠭᠡᠷ᠎ᠡ ᠬᠥᠯ ᠢ᠋ᠶ᠋ᠡᠨ ᠡᠪᠬᠡᠵᠦ ᠦᠰᠦ ᠲᠡᠢ ᠳᠡᠪᠡᠯ ᠢ᠋ᠶ᠋ᠡᠨ ᠨᠥᠮᠥᠷᠴᠦ ᠪᠠᠢᠰᠢᠩ ᠳ᠋ᠤ᠌ ᠨᠣᠴᠣᠬᠤ ᠭᠠᠯ ᠤ᠋ᠨ ᠳᠥᠯᠥ ᠶ᠋ᠢ ᠬᠠᠷᠠᠵᠤ ᠰᠠᠭᠤᠨ᠎ᠠ᠃ ᠴᠡᠷᠢᠭ ᠦ᠋ᠳ ᠡᠨᠡ ᠲᠠᠯ᠎ᠠ ᠪᠣᠯ《ᠭᠦᠶᠦᠳᠡᠯᠲᠦ ᠬᠡᠭᠦᠷ 》 ᠭᠡᠳᠡᠭ ᠮᠠᠭᠤᠬᠠᠢ ᠨᠡᠷ᠎ᠡ ᠲᠡᠢ ᠲᠠᠯ᠎ᠠ ᠭᠡᠵᠦ ᠵᠢᠪᠡᠭᠦᠴᠡᠵᠡᠭᠡᠨ᠎ᠡ᠃
—ᠬᠠᠭᠠᠨ ᠪᠠᠶᠠᠨᠳ᠋ᠸᠷ ᠪᠢᠳᠡᠨ ᠢ᠋ ᠬᠠᠮᠢᠭᠠᠰᠢ ᠨᠢ ᠬᠥᠭᠡᠭᠡᠵᠦ ᠠᠪᠴᠢᠷᠠᠬᠤ ᠨᠢ ᠡᠨᠡ ᠪᠣᠢ? ᠲᠠᠯ᠎ᠠ ᠭᠣᠪᠢ ᠳᠣᠲᠣᠷ᠎ᠠ ᠡᠨᠡ ᠮᠠᠭᠤ ᠣᠩᠭᠢᠯᠠᠭᠰᠠᠨ ᠪᠤᠯᠠᠰᠢ ᠠᠳᠠᠯᠢ ᠭᠠᠵᠠᠷ ᠭᠡᠷ ᠲᠡᠢ᠂ ᠬᠠᠷᠠᠭᠰᠠᠨ ᠬᠥᠭᠰᠢᠨ ᠢ᠋ᠶ᠋ᠡᠷ ᠬᠠᠷᠠᠭᠤᠯ ᠲᠠᠢ ᠡᠢᠮᠦ ᠭᠠᠵᠠᠷ ᠠ᠋ᠴᠠ ᠳᠡᠭᠡᠷ᠎ᠡ ᠣᠯᠢᠭᠲᠠᠢᠬᠠᠨ ᠭᠠᠵᠠᠷ ᠣᠯᠳᠠᠭᠰᠠᠨ ᠦᠭᠡᠢ ᠶᠤᠮ ᠪᠣᠯ ᠤᠤ? ᠡᠨᠳᠡ ᠪᠢᠳᠡ ᠨᠠᠷ ᠴᠥᠮ ᠢ᠋ᠶ᠋ᠡᠷ ᠢ᠋ᠶ᠋ᠡᠨ ᠲᠤᠷᠠᠵᠤ ᠦᠬᠦᠨ᠎ᠡ ᠪᠢᠵᠡ? ᠨᠢᠭᠡ ᠪᠣᠯ ᠨᠣᠢᠲᠠᠨ ᠴᠠᠰᠤ᠂ ᠡᠰᠡᠪᠡᠯ ᠬᠦᠢᠲᠡᠨ ᠵᠢᠪᠠᠷ᠂ ᠬᠤᠪᠴᠠᠰᠤ ᠪᠠᠨ ᠴᠤ᠌ ᠬᠠᠲᠠᠭᠠᠬᠤ ᠴᠠᠭ ᠣᠯᠳᠠᠬᠤ ᠦᠭᠡᠢ ᠶᠤᠮ᠃ ᠬᠡᠵᠢᠶ᠎ᠡ ᠨᠢᠭᠡ ᠣᠷᠣᠭᠰᠢ ᠪᠠᠨ ᠬᠥᠳᠡᠯᠵᠦ᠂ ᠰᠢᠲᠠᠵᠤ ᠪᠠᠢᠭ᠎ᠠ ᠬᠣᠲᠠ ᠳ᠋ᠤ᠌ ᠳᠤᠯᠠᠭᠠᠴᠠᠵᠤ᠂ ᠣᠷᠣᠰ ᠤ᠋ᠳ ᠤ᠋ᠨ ᠪᠤᠯᠠᠭ᠎ᠠ ᠰᠤᠤᠰᠠᠷ ᠳᠣᠲᠣᠷ ᠲᠠᠢ ᠳᠡᠪᠡᠯ ᠰᠣᠯᠢᠵᠤ ᠡᠮᠦᠰᠬᠦ ᠶᠤᠮ ᠪᠣᠯ ᠭᠡᠵᠦ ᠶᠠᠷᠢᠯᠴᠠᠵᠠᠭᠠᠪᠠ᠃ ᠰᠦᠰᠦᠭᠲᠡᠨ ᠴᠡᠷᠢᠭ ᠦ᠋ᠳ ᠪᠦᠬᠦᠯᠢ ᠰᠥᠨᠢ ᠳ᠋ᠡᠭᠡᠨ ᠭᠠᠯ ᠢ᠋ᠶ᠋ᠠᠨ ᠤᠨᠲᠠᠷᠠᠭᠠᠭᠰᠠᠨ ᠦᠭᠡᠢ᠃ ᠬᠠᠷᠠᠭᠤᠯ ᠤ᠋ᠨ ᠬᠥᠮᠦᠰ ᠬᠥᠪᠡᠭᠡᠨ ᠳᠡᠭᠡᠷ᠎ᠡ ᠭᠠᠷᠴᠤ᠂ ᠡᠨᠳᠡ ᠠᠯᠠᠭᠳᠠᠭᠰᠠᠨ ᠴᠡᠷᠢᠭ ᠦ᠋ᠨ ᠰᠦᠨᠡᠰᠦ ᠲᠠᠯ᠎ᠠ ᠪᠠᠷ ᠳᠦᠭᠦᠷᠡᠩ ᠪᠤᠵᠢᠭᠢᠨᠠᠵᠤ ᠪᠠᠢᠭ᠎ᠠ ᠪᠣᠯ ᠤᠤ? ᠭᠡᠵᠦ ᠵᠢᠪᠡᠭᠦᠴᠡᠨ ᠴᠡᠴᠡᠷᠡᠨ᠎ᠡ᠃ ᠮᠥᠯᠯᠠ ᠠᠪᠳᠥ᠋᠊ — ᠷᠠᠰᠦᠢ᠍ᠯ ᠭᠡᠭᠴᠢ᠂ ᠰᠠᠨᠳᠤᠷᠠᠯᠲᠠ ᠶ᠋ᠢ ᠤᠯᠠᠮ ᠨᠡᠮᠡᠭᠳᠡᠭᠦᠯᠦᠨ᠎ᠡ᠃ ᠡᠨᠡ ᠰᠢᠭᠨᠡᠺ ᠬᠤᠸᠠᠷᠠᠨ ᠳ᠋ᠤ᠌ ᠲᠤᠰ ᠵᠠᠭᠤᠨ ᠳ᠋ᠤ᠌ ᠣᠷᠣᠭᠰᠠᠨ ᠬᠥᠮᠦᠨ ᠪᠥᠭᠡᠳ ᠥᠳᠬᠡᠨ ᠬᠣᠩᠭᠣᠷ ᠰᠠᠬᠠᠯ ᠲᠠᠢ ᠮᠥᠯᠯᠠ ᠴᠡᠷᠢᠭ ᠦ᠋ᠳ ᠢ᠋ ᠠᠮᠠᠷᠠᠭᠤᠯᠤᠭᠰᠠᠨ ᠦᠭᠡᠢ ᠨᠢᠭᠡ ᠬᠣᠨᠣᠭ ᠲᠤ᠌ ᠲᠠᠪᠤᠨ ᠤᠳᠠᠭ᠎ᠠ ᠮᠥᠷᠭᠥᠯ ᠬᠢᠬᠦ ᠪᠡᠷ ᠱᠠᠭᠠᠷᠳᠠᠵᠤ ᠪᠠᠢᠵᠠᠢ᠃ ᠵᠠᠪᠰᠢᠶᠠᠨ ᠲᠣᠬᠢᠶᠠᠯᠳᠤᠪᠠᠯ ᠵᠠᠯᠪᠠᠷᠢᠯ ᠠᠶᠠᠯᠤᠨ ᠤᠩᠰᠢᠨ᠎ᠠ᠃ ᠰᠥᠨᠢ ᠪᠣᠯ ᠦᠯᠢᠭᠡᠷ ᠰᠣᠨᠣᠰᠤᠭᠴᠢᠳ ᠢ᠋ ᠠᠶᠤᠯᠭᠠᠨ ᠪᠤᠭ ᠰᠢᠮᠨᠤᠰ᠂ ᠦᠨᠡᠨ ᠰᠦᠰᠦᠭᠲᠡᠨ ᠢ᠋ ᠠᠯᠠᠭᠰᠠᠨ ᠲᠤᠬᠠᠢ ᠪᠤᠶᠤ ᠭᠦᠶᠦᠯᠳᠦᠬᠦ ᠦᠬᠦᠳᠡᠯ ᠦ᠋ᠳ ᠦ᠋ᠨ ᠲᠤᠬᠠᠢ᠂ ᠰᠥᠨᠢ ᠨᠢᠰᠴᠦ ᠶᠠᠪᠤᠭᠠᠳ ᠤᠨᠲᠠᠵᠤ ᠪᠠᠢᠭ᠎ᠠ ᠬᠥᠮᠦᠰ ᠦ᠋ᠨ ᠴᠢᠰᠤ ᠶ᠋ᠢ ᠰᠤᠷᠤᠭᠴᠢ ᠳ᠋ᠵᠢᠨᠠ ᠭᠡᠳᠡᠭ ᠠᠮᠢᠲᠠᠨ ᠤ᠋ ᠲᠤᠬᠠᠢ ᠶᠠᠷᠢᠨ᠎ᠠ᠃ ᠲᠡᠭᠡᠭᠡᠳ ᠮᠠᠭᠤ ᠶᠠᠭᠤᠮᠠᠨ ᠠ᠋ᠴᠠ ᠪᠡᠶ᠎ᠡ ᠪᠡᠨ ᠬᠠᠮᠠᠭᠠᠯᠠᠬᠤ ᠶ᠋ᠢᠨ ᠲᠤᠯᠠᠳᠠ ᠨᠠᠷᠢᠬᠠᠨ ᠴᠠᠭᠠᠰᠤᠨ ᠳᠡᠭᠡᠷ᠎ᠡ ᠮᠥᠯᠯᠠ ᠶ᠋ᠢᠨ ᠪᠢᠴᠢᠭᠰᠡᠨ ᠬᠠᠷᠢᠶᠠᠯ ᠪᠦᠬᠦᠢ ᠥᠭᠦᠯᠡᠪᠦᠷᠢ ᠶ᠋ᠢ ᠤᠩᠰᠢᠭᠤᠯᠵᠤ᠂ ᠡᠨᠡ ᠨᠢ ᠬᠢᠯᠢᠩᠴᠡᠲᠦ ᠰᠦᠨᠡᠰᠦ ᠨᠦ᠍ᠭᠦᠳ ᠢ᠋ ᠬᠥᠭᠡᠭᠡᠨ᠎ᠡ᠂ ᠡᠭᠦᠨ ᠦ᠌ ᠲᠤᠰᠠᠯᠠᠮᠵᠢ ᠦᠭᠡᠢ ᠪᠣᠯ ᠴᠡᠷᠢᠭ ᠦ᠋ᠳ ᠬᠡᠳᠦᠢᠨᠡᠢ ᠡᠪᠡᠳᠴᠢᠨ ᠵᠣᠪᠠᠯᠠᠩ ᠠ᠋ᠴᠠ ᠦᠬᠦᠵᠦ ᠳᠠᠭᠤᠰᠤᠭᠰᠠᠨ ᠪᠠᠢᠬᠤ ᠰᠠᠨ ᠭᠡᠨ᠎ᠡ᠃

ᠮᠦᠯᠯᠠ ᠠᠪᠳᠥ᠋᠊ — ᠷᠠᠰᠦᠢ᠍ᠯ ᠵᠠᠭᠤᠲᠤ ᠶ᠋ᠢᠨ ᠳᠠᠷᠤᠭ᠎ᠠ ᠶ᠋ᠢᠨ ᠭᠠᠵᠠᠷ ᠰᠠᠭᠤᠴᠠ ᠶ᠋ᠢᠨ ᠣᠷᠣᠨ ᠳᠡᠭᠡᠷ᠎ᠡ ᠤᠳᠠᠲᠠᠯ᠎ᠠ ᠤᠨᠲᠠᠬᠤ ᠪᠥᠭᠡᠳ ᠣᠨᠴᠠ ᠶ᠋ᠢᠨ ᠮᠡᠷᠭᠡᠵᠢᠯ ᠨᠢ ᠭᠡᠪᠡᠯ ᠶᠠᠮᠠᠷ ᠨᠢᠭᠡᠨ ᠬᠣᠭᠣᠯᠠ ᠴᠢᠨᠠᠬᠤ ᠪᠤᠶᠤ ᠰᠢᠷᠠᠬᠤ ᠦᠶ᠎ᠡ ᠳ᠋ᠦ᠍ ᠮᠦᠯᠯᠠ ᠳᠠᠷᠤᠢᠬᠠᠨ ᠨᠣᠢᠷ ᠠ᠋ᠴᠠ ᠰᠡᠷᠢᠵᠦ ᠭᠠᠯ ᠤ᠋ᠨ ᠳᠡᠷᠭᠡᠳᠡ ᠣᠴᠢᠵᠤ ᠢᠳᠡᠬᠦ ᠶᠠᠭᠤᠮᠠᠨ ᠳ᠋ᠤ᠌ ᠨᠡᠮᠡᠷᠢ ᠪᠣᠯᠤᠨ ᠰᠠᠭᠤᠨ᠎ᠠ᠃ ᠢᠳᠡᠬᠦ ᠶᠠᠭᠤᠮ᠎ᠠ ᠪᠠᠭ᠎ᠠ ᠪᠥᠭᠡᠳ ᠫᠣᠯᠤᠸᠸᠼᠠ ᠶ᠋ᠢᠨ ᠨᠡᠭᠦᠳᠡᠯᠴᠢᠨ(  ᠦ᠌ )ᠠᠪᠴᠤ ᠢᠷᠡᠭᠰᠡᠨ ᠬᠣᠨᠢ ᠶ᠋ᠢ ᠢᠳᠡᠵᠦ ᠳᠠᠭᠤᠰᠤᠭᠰᠠᠨ ᠲᠤᠯᠠ ᠴᠡᠷᠢᠭ ᠦ᠋ᠳ ᠮᠦᠯᠯᠠ ᠶ᠋ᠢ ᠲᠡᠳᠦᠢ ᠯᠡ ᠪᠠᠶᠠᠰᠬᠤᠯᠠᠩᠲᠠᠢ ᠪᠠᠷ ᠬᠠᠷᠠᠳᠠᠭ ᠦᠭᠡᠢ ᠪᠠᠢᠯ᠎ᠠ᠃ ᠡᠳᠡ ᠨᠠᠷ ᠪᠤᠳᠠᠭ᠎ᠠ ᠲᠠᠢ ᠬᠣᠭᠣᠯᠠ ᠪᠤᠶᠤ ᠬᠣᠨᠢᠨ ᠤ᠋ ᠮᠢᠬ᠎ᠠ ᠬᠥᠰᠬᠥᠯᠡᠭᠰᠡᠨ ᠭᠤᠯᠢᠷ ᠲᠠᠢ ᠬᠣᠭᠣᠯᠠ ᠬᠢᠵᠦ ᠲᠣᠭᠣᠭ᠎ᠠ ᠪᠠᠨ ᠲᠣᠭᠣᠷᠢᠨ ᠰᠢᠬᠠᠯᠴᠠᠯᠳᠤᠨ ᠰᠠᠭᠤᠵᠠᠭᠠᠨ᠎ᠠ᠃ ᠮᠦᠯᠯᠠ ᠮᠥᠷᠭᠥᠯ ᠢ᠋ᠶ᠋ᠡᠨ ᠠᠶᠠᠯᠤᠭᠰᠠᠭᠠᠷ ᠢᠴᠢᠵᠦ ᠵᠣᠪᠠᠬᠤ ᠶ᠋ᠢ ᠮᠠᠷᠲᠠᠵᠤ ᠲᠣᠭᠣᠭᠠᠨ ᠳ᠋ᠤ᠌ ᠣᠶ᠋ᠢᠷᠠᠬᠠᠨ ᠰᠠᠭᠤᠵᠤ ᠪᠣᠢ ᠬᠥᠮᠦᠰ ᠦ᠋ᠨ ᠳᠤᠮᠳᠠ ᠣᠴᠢᠵᠤ ᠰᠠᠭᠤᠨ᠎ᠠ᠃ ᠵᠠᠭᠤᠲᠤ ᠶ᠋ᠢᠨ ᠳᠠᠷᠤᠭ᠎ᠠ ᠲᠶᠦᠯᠶᠠᠪ—ᠪᠢᠷᠭ᠌ᠸᠨ ᠠᠷᠪᠠᠲᠤ ᠶ᠋ᠢᠨ ᠳᠠᠷᠤᠭ᠎ᠠ ᠺᠡᠳᠢᠷ ᠳ᠋ᠵᠢᠪᠡᠷ ᠬᠣᠶᠠᠷ ᠢ᠋ ᠳᠠᠭᠤᠳᠠᠪᠠ᠃
— ᠬᠣᠶᠠᠷ ᠬᠣᠨᠣᠪᠠ᠃ ᠳᠥᠷᠪᠡᠨ ᠠᠬ᠎ᠠ ᠲᠡᠬᠦᠤᠰ ᠢᠷᠡᠭᠡ ᠦᠭᠡᠢ ᠪᠠᠢᠨ᠎ᠠ᠃ ᠡᠳᠡ ᠨᠠᠷ ᠢ᠋ ᠠᠶᠤᠯ ᠤ᠋ᠨ ᠲᠠᠮᠤ ᠳ᠋ᠤ᠌ ᠬᠠᠶᠠᠪᠠᠤ? ᠲᠡᠳᠡ ᠨᠠᠷ ᠲᠡᠷᠡ ᠠᠯᠤᠰ ᠲᠸ᠋ ᠬᠠᠷᠠᠭᠳᠠᠬᠤ ᠬᠠᠢᠯᠠᠰᠤᠨ ᠳ᠋ᠤ᠌ ᠬᠦᠷᠬᠦ ᠶᠣᠰᠣᠲᠠᠢ ᠶᠤᠮᠰᠠᠨ᠃ ᠲᠡᠳᠡ ᠨᠠᠷ ᠤ᠋ᠨ ᠮᠥᠷ ᠢ᠋ᠶ᠋ᠡᠷ ᠶᠠᠪᠤᠵᠤ᠂ ᠲᠡᠳᠡ ᠨᠠᠷ ᠤ᠋ᠨ ᠶᠠᠭᠤ ᠪᠣᠯᠤᠭᠰᠠᠨ ᠢ᠋ ᠮᠡᠳᠡᠬᠦ ᠬᠡᠷᠡᠭᠲᠡᠢ ᠪᠣᠯᠪᠠ᠃ ᠺᠠᠳᠢᠷ ᠴᠢ ᠳᠥᠷᠪᠡᠨ ᠮᠣᠷᠢᠨ ᠤ᠋ ᠮᠥᠷ ᠢ᠋ᠶ᠋ᠡᠷ ᠠᠬ᠎ᠠ ᠳᠡᠭᠦᠣᠰ ᠢ᠋ ᠣᠯᠲᠠᠯ᠎ᠠ ᠪᠠᠨ ᠶᠠᠪᠤᠬᠤ ᠬᠡᠷᠡᠭᠲᠡᠢ᠃ ᠳ᠋ᠵᠢᠪᠠᠷ ᠴᠢ ᠬᠠᠵᠠᠭᠤ ᠪᠠᠷ ᠲᠣᠭᠣᠷᠢᠵᠤ ᠮᠥᠨ ᠬᠠᠢᠯᠠᠰᠤ ᠶ᠋ᠢ ᠴᠢᠭᠯᠡᠨ ᠶᠠᠪᠤᠭᠲᠤᠨ! ᠬᠡᠷᠪᠡ ᠣᠷᠣᠰ ᠤ᠋ᠳ ᠲᠡᠨᠳᠡ ᠪᠣᠬᠰᠢᠬᠰᠠᠨ ᠪᠣᠯ ᠲᠠᠨᠠᠷ ᠤ᠋ᠨ ᠨᠢᠭᠡ ᠶ᠋ᠢ ᠬᠥᠭᠡᠭᠡᠬᠦ ᠪᠣᠯᠤᠨ᠎ᠠ᠃ ᠲᠡᠭᠡᠪᠡᠯ ᠲᠠᠨᠠᠷ ᠭᠡᠳᠡᠷᠭᠦ ᠤᠬᠤᠷᠢᠵᠤ ᠣᠷᠣᠰ ᠤ᠋ᠳ ᠢ᠋ ᠥᠳᠥᠭᠡᠵᠦ ᠨᠡᠰᠢ ᠠᠪᠴᠢᠷᠠᠬᠤ ᠬᠡᠷᠡᠭᠲᠡᠢ᠂ ᠪᠢ ᠡᠨᠳᠡ ᠡᠴᠡ ᠪᠦᠬᠦ ᠵᠠᠭᠤᠲᠤ ᠪᠠᠨ ᠳᠠᠭᠠᠭᠤᠯᠤᠨ ᠭᠠᠷᠴᠤ ᠳᠠᠭᠠᠷᠢᠪᠠᠯ ᠶᠠᠳᠠᠬᠤ ᠳ᠋ᠠᠭᠠᠨ ᠭᠠᠭᠴᠠ ᠠᠮᠢᠳᠤ ᠬᠡᠯᠡ ᠪᠠᠷᠢᠵᠤ ᠠᠪᠤᠨ᠎ᠠ ᠪᠢᠵᠡ? ᠡᠨᠡ ᠳᠠᠭᠠᠭᠠᠯᠭᠠᠪᠤᠷᠢ ᠪᠣᠯ ᠣᠨᠴᠠ ᠴᠢᠬᠤᠯᠠ ᠪᠥᠭᠡᠳ ᠪᠠᠲᠤ ᠬᠠᠭᠠᠨ ᠤ᠋ ᠦᠷᠭᠦᠭᠡᠨ ᠡᠴᠡ ᠢᠷᠡᠭᠰᠡᠨ ᠶᠤᠮ ᠰᠢᠦ᠂ ᠶᠠᠭᠤ ᠴᠤ᠌ ᠭᠡᠰᠡᠨ ᠠᠲᠤᠭᠠᠢ ᠪᠡᠶᠡᠯᠡᠭᠦᠯᠬᠦ ᠬᠡᠷᠡᠭᠲᠡᠢ᠃ ᠵᠠ᠂ ᠶᠠᠪᠤᠵᠠᠭ᠎ᠠ ᠭᠡᠪᠡ᠃ ᠵᠠᠭᠤᠲᠤ ᠶ᠋ᠢᠨ ᠳᠠᠷᠤᠭ᠎ᠠ ᠲᠶᠦᠯᠶᠠᠪ—ᠪᠢᠷᠭ᠌ᠸᠨ ᠭᠠᠵᠠᠷ ᠰᠠᠭᠤᠴᠠ ᠶ᠋ᠢᠨ ᠪᠠᠭᠠᠨ᠎ᠠ ᠶ᠋ᠢ ᠨᠠᠯᠠᠵᠤ᠂ ᠲᠠᠯ᠎ᠠ ᠠ᠋ᠴᠠ ᠠᠭᠤᠷ ᠲᠠᠢ ᠬᠠᠷᠠᠴᠠ ᠪᠠᠨ ᠦᠯᠦ ᠰᠠᠯᠭᠠᠨ᠎ᠠ᠃ ᠡᠨᠡ ᠪᠣᠯ ᠰᠠᠬᠠᠯ ᠲᠠᠢ᠂ ᠪᠦᠷᠦᠭ ᠴᠥᠭᠡᠨ ᠦᠭᠡ ᠲᠡᠢ ᠬᠥᠮᠦᠨ ᠪᠥᠭᠡᠳ ᠭᠠᠷ ᠲᠠᠭᠠᠨ ᠲᠡᠩᠬᠡᠭᠡ ᠲᠡᠢ ᠲᠤᠯᠠ ᠪᠤᠭᠤᠢᠯᠢ ᠬᠠᠶᠠᠭᠠᠳ ᠲᠠᠯᠪᠢᠵᠤ ᠪᠠᠢᠭᠰᠠᠨ ᠤᠳᠠᠭ᠎ᠠ ᠶᠡᠷᠦ ᠦᠭᠡᠢ ᠭᠡᠨ᠎ᠡ᠃ ᠬᠠᠷᠢᠨ ᠰᠠᠬᠠᠯ ᠢ᠋ᠶ᠋ᠠᠨ ᠬᠠᠢᠴᠢᠯᠠᠵᠤ ᠬᠠᠴᠠᠷ ᠢ᠋ᠶ᠋ᠠᠨ ᠬᠤᠰᠤᠭᠰᠠᠨ ᠠᠵᠢ᠃ ᠴᠡᠷᠢᠭ ᠦ᠋ᠳ ᠦ᠋ᠨ ᠳᠣᠲᠣᠷ᠎ᠠ ᠠ᠋ᠴᠠ ᠥᠪᠡᠷ ᠢ᠋ ᠪᠡᠨ ᠲᠡᠭᠦᠨ ᠦ᠌ ᠨᠥᠬᠥᠷ ᠭᠡᠵᠦ ᠵᠠᠷᠯᠠᠭᠰᠠᠨ ᠬᠥᠮᠦᠨ᠂ ᠵᠠᠭᠤᠲᠤ ᠶ᠋ᠢᠨ ᠳᠠᠷᠤᠭ᠎ᠠ ᠶ᠋ᠢᠨ ᠰᠠᠬᠠᠯ ᠢ᠋ ᠬᠤᠰᠤᠬᠤ ᠪᠥᠭᠡᠳ ᠲᠡᠭᠦᠨ ᠦ᠌ ᠬᠡᠭᠡᠷ ᠠᠵᠢᠷᠭ᠎ᠠ ᠶ᠋ᠢᠨ ᠭᠢᠯᠠᠯᠵᠠᠵᠤ ᠪᠠᠢᠬᠤ ᠶ᠋ᠢ ᠬᠠᠷᠠᠵᠤ ᠬᠠᠷᠢᠭᠤᠴᠠᠳᠠᠭ ᠪᠠᠢᠯ᠎ᠠ᠃ ᠲᠡᠷᠡ ᠨᠢ ᠬᠣᠶᠠᠷ ᠠᠯᠬᠤᠮ ᠵᠠᠢ ᠲᠠᠢ ᠶᠠᠪᠠᠭᠠᠨ ᠰᠠᠭᠤᠵᠤ ᠵᠠᠭᠤᠲᠤ ᠶ᠋ᠢᠨ ᠳᠠᠷᠤᠭ᠎ᠠ ᠶ᠋ᠢᠨ ᠠᠩᠬᠠᠳᠤᠭᠠᠷ ᠳᠣᠬᠢᠶ᠎ᠠ ᠪᠠᠷ ᠬᠠᠮᠢᠭᠠᠰᠢ ᠪᠠᠨ ᠴᠤ᠌ ᠦᠰᠦᠷᠬᠦ ᠳ᠋ᠦ᠍ ᠪᠡᠯᠡᠬᠡᠨ ᠪᠠᠢᠳᠠᠭ ᠪᠠᠢᠵᠠᠢ᠃ ᠲᠶᠦᠯᠶᠠᠪ—ᠪᠢᠷᠭ᠌ᠸᠨ ᠬᠥᠪᠥᠭᠦᠷ ᠢ᠋ ᠳᠠᠪᠠᠭᠤᠯᠤᠨ ᠠᠯᠤᠰ ᠲᠠᠯ᠎ᠠ ᠶ᠋ᠢᠨ ᠵᠦᠭ ᠪᠠᠰᠠ ᠯᠠ ᠰᠢᠷᠳᠡᠭᠰᠡᠭᠡᠷ ᠪᠥᠭᠡᠳ ᠳᠥᠷᠪᠡᠨ ᠠᠬ᠎ᠠ ᠳᠡᠭᠦᠦ ᠨᠠᠷ᠂ ᠪᠠᠷᠢᠭᠰᠠᠨ ᠣᠷᠣᠰ ᠤ᠋ᠨ ᠬᠠᠮᠲᠤ ᠢᠷᠡᠨ᠎ᠡ ᠭᠡᠵᠦ ᠪᠠᠰᠠ ᠯᠠ ᠭᠣᠷᠢᠳᠠᠭᠰᠠᠭᠠᠷ ᠪᠠᠢᠵᠠᠢ᠃ ᠲᠡᠭᠦᠨ ᠡᠴᠡ ᠬᠣᠯᠠ ᠪᠤᠰᠤ ᠭᠠᠯ ᠤ᠋ᠨ ᠳᠡᠷᠭᠡᠳᠡ ᠴᠡᠷᠢᠭ ᠦ᠋ᠳ ᠰᠠᠭᠤᠵᠤ ᠮᠦᠯᠯᠠ ᠠᠪᠳᠦᠢ᠍᠊ —ᠷᠠᠰᠦᠢ᠍ᠯ ᠦ᠋ᠨ ᠶᠠᠷᠢᠬᠤ ᠶ᠋ᠢ ᠰᠣᠨᠣᠰᠴᠠᠭᠠᠨ᠎ᠠ᠃
— ᠡᠨᠡ ᠪᠦᠬᠦᠢ ᠲᠠᠯ᠎ᠠ ᠡᠷᠭᠢᠨ ᠲᠣᠭᠣᠷᠢᠨ ᠴᠥᠮ ᠢ᠋ᠶ᠋ᠡᠷ ᠢ᠋ᠶ᠋ᠡᠨ ᠨᠠᠮ ᠭᠦᠮ ᠪᠤᠯᠠᠰᠢ ᠪᠠᠢᠭ᠎ᠠ ᠶᠤᠮ᠃ ᠡᠨᠳᠡ ᠤᠯᠤᠰ ᠤᠯᠤᠰ ᠲᠠᠢ ᠪᠠᠨ ᠠᠯᠠᠯᠴᠠᠵᠤ ᠦᠬᠦᠭᠰᠡᠨ ᠴᠡᠷᠢᠭ ᠦ᠋ᠳ ᠢᠯᠡ ᠬᠠᠶᠠᠭᠳᠠᠭᠰᠠᠨ ᠲᠤᠯᠠ ᠰᠥᠨᠢ ᠶ᠋ᠢᠨ ᠴᠠᠭ ᠲᠸ᠋ ᠡᠨᠳᠡ ᠶᠣᠢᠯᠠᠬᠤ᠂ ᠭᠠᠰᠠᠯᠬᠤ ᠴᠢᠮᠡᠭᠡ ᠰᠣᠨᠣᠰᠳᠠᠬᠤ ᠪᠣᠯᠣᠳ ᠦᠬᠦᠭᠰᠡᠨ ᠴᠡᠷᠢᠭ ᠦ᠋ᠨ ᠰᠦᠨᠡᠰᠦ ᠨᠦ᠍ᠭᠦᠳ ᠤᠲ᠋ᠷᠢᠶᠠᠳ᠋ ᠤᠲ᠋ᠷᠢᠶᠠᠳ᠋ ᠢ᠋ᠶ᠋ᠠᠷ ᠢ᠋ᠶ᠋ᠠᠨ ᠪᠤᠵᠢᠭᠢᠨᠠᠯᠳᠤᠨ ᠲᠡᠨᠦᠭᠦᠴᠢᠯᠡᠵᠦ ᠶᠠᠪᠤᠳᠠᠭ ᠶᠤᠮ᠃ ᠲᠡᠳᠡ ᠨᠡᠪᠲᠡ ᠦᠵᠡᠭᠳᠡᠬᠦ ᠮᠣᠷᠢᠳ ᠤᠨᠤᠵᠤ ᠲᠤᠯᠤᠭᠠᠳ ᠤ᠋ᠨ ᠴᠠᠭᠠᠨ᠎ᠠ ᠠ᠋ᠴᠠ ᠬᠥᠩᠭᠡᠨ ᠮᠠᠨᠠᠨ ᠳᠤᠮᠳᠠᠭᠤᠷ ᠴᠢᠮᠡᠭᠡ ᠦᠭᠡᠢ ᠭᠠᠷᠴᠤ ᠢᠷᠡᠭᠡᠳ ᠲᠠᠯ᠎ᠠ ᠳ᠋ᠤ᠌ ᠣᠷᠣᠵᠤ ᠥᠭᠡᠷ᠎ᠡ ᠰᠦᠨᠡᠰᠦ ᠨᠤᠭᠦᠳ ᠦ᠋ᠨ ᠤᠲ᠋ᠷᠢᠶᠠᠳ᠋ ᠲᠠᠢ ᠲᠤᠯᠭᠠᠷᠠᠨ᠎ᠠ᠃ ᠲᠡᠷᠡ ᠦᠶ᠎ᠡ ᠳ᠋ᠦ᠍ ᠰᠡᠯᠡᠮ᠎ᠡ ᠶ᠋ᠢᠨ ᠬᠠᠩᠭᠢᠨᠠᠬᠤ᠂ ᠬᠦ᠋ ᠬᠤᠶᠠᠭ ᠤ᠋ᠨ ᠬᠠᠷᠴᠢᠭᠢᠨᠠᠬᠤ ᠲᠣᠳᠣᠬᠠᠨ ᠰᠣᠨᠣᠰᠳᠠᠳᠠᠭ ᠶᠤᠮ ᠭᠡᠵᠦ ᠶᠠᠷᠢᠵᠤ ᠪᠠᠢᠲᠠᠯ᠎ᠠ ᠲᠠᠯ᠎ᠠ ᠳᠣᠲᠣᠷ᠎ᠠ ᠬᠣᠯᠠ ᠠ᠋ᠴᠠ ᠬᠠᠰᠬᠢᠷᠬᠤ ᠰᠦᠷᠡᠬᠡᠢ ᠴᠢᠩᠭ᠎ᠠ ᠳᠠᠭᠤ ᠰᠣᠨᠣᠰᠳᠠᠭᠠᠳ ᠳᠠᠬᠢᠨ ᠳᠠᠪᠲᠠᠵᠤ ᠬᠠᠰᠬᠢᠷᠬᠤ ᠨᠢ ᠰᠣᠨᠣᠰᠳᠠᠪᠠ᠃
— ᠭᠠᠯ ᠢ᠋ᠶ᠋ᠠᠨ ᠤᠨᠲᠠᠷᠠᠭ᠎ᠠ ᠭᠡᠵᠦ ᠵᠠᠭᠤᠲᠤ ᠶ᠋ᠢᠨ ᠳᠠᠷᠤᠭ᠎ᠠ ᠠᠶᠠᠷᠬᠠᠨ ᠲᠤᠰᠢᠶᠠᠪᠠ᠃ ᠴᠡᠷᠢᠭ ᠦ᠋ᠳ ᠭᠠᠯ ᠢ᠋ ᠰᠢᠷᠣᠢ ᠪᠠᠷ ᠪᠤᠯᠠᠵᠤ ᠭᠠᠯ ᠤ᠋ᠨ ᠳᠥᠯᠥ ᠤᠨᠲᠠᠷᠠᠪᠠ᠃ ᠴᠡᠷᠢᠭ ᠦ᠋ᠳ ᠬᠠᠷᠠᠩᠭᠤᠢ ᠶ᠋ᠢᠨ ᠳᠤᠮᠳᠠ ᠵᠢᠬᠡᠭᠦᠴᠡᠵᠦ ᠴᠥᠮ ᠢ᠋ᠶ᠋ᠡᠷ ᠴᠢᠮᠡᠭᠡ ᠠᠨᠢᠷ ᠭᠠᠷᠭᠠᠯ ᠦᠭᠡᠢ ᠳᠣᠪᠣᠴᠠᠭ ᠳᠡᠭᠡᠷ᠎ᠡ ᠭᠠᠷᠴᠠᠭᠠᠪᠠ᠃

ᠬᠣᠯᠠ ᠠ᠋ᠴᠠ ᠮᠣᠷᠢᠨ ᠲᠦᠪᠦᠷᠭᠡᠨ ᠰᠣᠨᠣᠰᠳᠠᠪᠠ᠃ ᠮᠣᠷᠢᠳ ᠲᠦᠷᠭᠡᠨ ᠢ᠋ᠶ᠋ᠡᠷ ᠳᠠᠪᠬᠢᠬᠤ ᠲᠤᠯᠠ ᠰᠠᠷᠠᠨ ᠤ᠋ ᠪᠦᠳᠡᠭᠢ ᠭᠡᠷᠡᠯ ᠳ᠋ᠦ᠍ ᠤᠲᠤᠭ᠎ᠠ ᠠᠳᠠᠯᠢ ᠮᠠᠨᠠᠨ ᠤ᠋ ᠳᠤᠮᠳᠠᠭᠤᠷ ᠨᠡᠪᠲᠡᠷᠡᠵᠦ᠂ ᠢᠷᠡᠬᠦ ᠰᠡᠭᠦᠳᠡᠷ ᠤᠯᠠᠮ ᠣᠢᠷᠠᠲᠤᠨ ᠦᠵᠡᠭᠳᠡᠪᠡ᠃
— ᠡᠨᠡ ᠴᠢᠨᠢ ᠥᠨᠥᠬᠢ ᠬᠡᠭᠦᠷ ᠦ᠋ᠳ ᠪᠠᠢᠨ᠎ᠠ ᠭᠡᠵᠦ ᠨᠢᠭᠡ ᠬᠥᠮᠦᠨ ᠦ᠌ ᠳᠤᠤᠭᠠᠷᠬᠤ ᠰᠣᠨᠣᠰᠳᠠᠪᠠ᠃
— ᠴᠢᠮᠡᠭᠡ ᠦᠭᠡᠢ ᠠᠵᠢᠭᠯᠠᠵᠤ ᠬᠠᠷᠠᠭᠲᠤᠨ ᠭᠡᠵᠦ ᠨᠢᠭᠡ ᠨᠢ ᠬᠡᠯᠡᠪᠡ᠃ ᠬᠡᠳᠦᠨ ᠠᠷᠪᠠᠭᠠᠳ ᠠᠳᠤᠭᠤ ᠭᠠᠩᠭ᠎ᠠ ᠤᠷᠤᠭᠤ ᠳᠠᠪᠬᠢᠨ ᠪᠠᠭᠤᠵᠤ ᠲᠦᠷ ᠵᠣᠭᠰᠣᠭᠠᠳ᠂ ᠭᠠᠯᠵᠠᠭᠤ ᠮᠡᠲᠦ ᠪᠤᠯᠠᠭ ᠳᠠᠰᠢ ᠳᠠᠪᠬᠢᠪᠠ᠃ ᠲᠡᠳᠡᠨ ᠳ᠋ᠦ᠍ ᠬᠥᠯ ᠦ᠋ᠨ ᠴᠢᠮᠡᠭᠡ ᠪᠠ ᠮᠣᠷᠢᠳ ᠤ᠋ᠨ ᠤᠰᠤ ᠤᠤᠭᠤᠬᠤ ᠰᠣᠨᠣᠰᠳᠠᠪᠠ᠃ ᠲᠡᠳᠦᠢ ᠳ᠋ᠦ᠍ ᠶᠠᠮᠠᠷ ᠨᠢᠭᠡᠨ ᠶᠠᠭᠤᠮ᠎ᠠ ᠲᠡᠳᠡᠨ ᠢ᠋ ᠰᠣᠴᠢᠭᠠᠭᠰᠠᠨ ᠳ᠋ᠤ᠌ ᠲᠡᠳᠡᠭᠡᠷ ᠮᠣᠷᠢᠳ ᠰᠣᠴᠢᠭᠰᠠᠨ ᠪᠠᠢᠳᠠᠯ ᠲᠠᠢ ᠨᠢᠭᠡ ᠨᠢᠭᠡ ᠪᠡᠨ ᠳᠠᠭᠠᠷᠢᠨ ᠰᠢᠬᠠᠯᠴᠠᠯᠳᠤᠵᠤ ᠬᠠᠷᠠᠩᠭᠤᠢ ᠶ᠋ᠢᠨ ᠳᠣᠲᠣᠷ᠎ᠠ ᠭᠠᠩᠭ᠎ᠠ ᠥᠭᠡᠳᠡ ᠳᠠᠪᠬᠢᠯᠳᠤᠨ ᠲᠠᠯ᠎ᠠ ᠳ᠋ᠤ᠌ ᠭᠠᠷᠴᠤ ᠳᠠᠪᠬᠢᠨ ᠣᠳᠪᠠ᠃ ᠬᠣᠯᠠ ᠪᠤᠰᠤ ᠮᠣᠷᠢᠨ ᠤ᠋ ᠢᠨᠴᠠᠭᠠᠨ ᠲᠡᠮᠡᠦᠯᠬᠦ ᠪᠠ ᠮᠣᠷᠢᠨ ᠲᠤᠭᠤᠷᠠᠢ ᠶ᠋ᠢᠨ ᠴᠠᠪᠴᠢᠯᠠᠬᠤ ᠳᠠᠭᠤ ᠪᠦᠳᠡᠭᠢᠬᠡᠨ ᠰᠣᠨᠣᠰᠳᠠᠪᠠ᠃ 
— ᠭᠠᠯ ᠢ᠋ᠶ᠋ᠠᠨ ᠠᠰᠠᠭᠠᠵᠠᠭ᠎ᠠ᠂ ᠨᠠᠰᠢ ᠪᠠᠨ ᠢᠷᠡᠵᠡᠭᠡ᠂ ᠪᠤᠭᠤᠢᠯᠢ ᠠᠪᠤᠭᠠᠳ ᠢᠷᠡᠭᠡᠷᠡᠢ ᠭᠡᠵᠦ ᠵᠠᠭᠤᠲᠤ ᠶ᠋ᠢᠨ ᠳᠠᠷᠤᠭ᠎ᠠ ᠪᠠᠷᠬᠢᠷᠠᠪᠠ᠃ ᠴᠡᠷᠢᠭ ᠦ᠋ᠳ ᠰᠠᠨᠳᠤᠷᠴᠠᠭᠠᠨ ᠬᠠᠭᠤᠴᠢᠨ ᠬᠡᠪ ᠢ᠋ᠶ᠋ᠡᠷ ᠭᠠᠯ ᠢ᠋ᠶ᠋ᠠᠨ ᠰᠢᠨ᠎ᠡ ᠪᠡᠷ ᠨᠣᠴᠤᠭᠠᠵᠠᠭᠠᠨ᠂ ᠮᠣᠷᠢ ᠶ᠋ᠢ ᠭᠡᠷᠡᠯᠲᠦᠭᠦᠯᠪᠡ᠃ ᠪᠤᠭᠤᠢᠯᠢ ᠲᠡᠭᠦᠨ ᠦ᠌ ᠬᠦᠵᠦᠭᠦᠨ ᠳ᠋ᠦ᠍ ᠣᠷᠣᠵᠤ ᠲᠠᠲᠠᠭᠳᠠᠪᠠ᠃ ᠵᠠᠭᠤᠲᠤ ᠶ᠋ᠢᠨ ᠳᠠᠷᠤᠭ᠎ᠠ ᠪᠤᠭᠤᠢᠯᠢ ᠶ᠋ᠢ ᠮᠣᠳᠣᠨ ᠳ᠋ᠤ᠌ ᠣᠷᠢᠶᠠᠪᠠᠯ ᠮᠣᠷᠢᠨ ᠤ᠋ ᠦᠰᠦᠷᠬᠦ ᠳ᠋ᠦ᠍ ᠮᠣᠳᠣ ᠨᠠᠢᠭᠤᠵᠤ ᠪᠠᠢᠯ᠎ᠠ᠃
— ᠮᠣᠷᠢ ᠶ᠋ᠢ ᠠᠯᠠᠭᠲᠤᠨ ᠭᠡᠵᠦ ᠪᠤᠭᠤᠢᠯᠢ ᠶ᠋ᠢ ᠴᠢᠩᠭᠠᠭᠠᠬᠤ ᠵᠠᠭᠤᠷ᠎ᠠ ᠪᠠᠨ ᠪᠠᠷᠬᠢᠷᠠᠪᠠ᠃ ᠴᠡᠷᠢᠭ ᠦ᠋ᠳ᠂ ᠠᠶᠤᠨ ᠴᠡᠴᠡᠷᠡᠵᠦ ᠪᠦᠬᠦᠢ ᠮᠣᠷᠢᠨ ᠳᠠᠰᠢ ᠭᠦᠶᠦᠯᠳᠦᠵᠦ ᠭᠤᠷᠪᠠᠨ ᠤᠷᠲᠤ ᠤᠯᠠᠭᠠᠨ ᠥᠳᠥ ᠲᠡᠢ ᠰᠤᠮᠤ ᠬᠠᠵᠠᠭᠤ ᠠ᠋ᠴᠠ ᠨᠢ ᠰᠢᠭᠠᠨ ᠣᠷᠣᠪᠠ᠂ ᠮᠣᠷᠢ ᠡᠮᠦᠨ᠎ᠡ ᠬᠥᠯ ᠳᠡᠭᠡᠷ᠎ᠡ ᠪᠡᠨ ᠰᠥᠬᠥᠷᠡᠨ ᠤᠨᠠᠭᠠᠳ᠂ ᠳᠠᠬᠢᠨ ᠪᠣᠰᠬᠤ ᠭᠡᠲᠡᠯ᠎ᠡ ᠨᠢᠭᠡ ᠴᠡᠷᠢᠭ ᠬᠣᠭᠣᠯᠠᠢ ᠶ᠋ᠢ ᠨᠢ ᠣᠭᠲᠣᠯᠵᠠᠢ᠃
— ᠭᠠᠵᠠᠷ ᠤ᠋ᠨ ᠡᠵᠡᠨ ᠪᠢᠳᠡᠨ ᠳ᠋ᠦ᠍ ᠦᠳᠡᠰᠢ ᠶ᠋ᠢᠨ ᠬᠣᠭᠣᠯᠠ ᠶᠠᠪᠤᠭᠤᠯᠪᠠ᠃ ᠮᠥᠷᠭᠥᠯ ᠢ᠋ᠶ᠋ᠡᠨ ᠪᠤᠤ ᠮᠠᠷᠲᠠ᠂ ᠰᠠᠬᠢᠯ ᠰᠠᠨᠸᠠᠷ ᠢ᠋ ᠦᠷᠭᠦᠯᠵᠢ ᠰᠠᠬᠢᠭᠲᠤᠨ᠂ ᠡᠳᠦᠷ ᠰᠥᠨᠢ ᠬᠠᠮᠤᠭ ᠢ᠋ ᠮᠡᠳᠡᠭᠴᠢ ᠶ᠋ᠢᠨ ᠨᠡᠷ᠎ᠡ ᠶ᠋ᠢ ᠳᠤᠷᠠᠰᠴᠤ ᠪᠠᠢᠭᠲᠤᠨ᠃ ᠲᠡᠷᠡ ᠪᠢᠳᠡᠨ ᠢ᠋ ᠱᠠᠩᠨᠠᠨ᠎ᠠ ᠭᠡᠵᠦ ᠮᠥᠯᠯᠡ ᠬᠡᠯᠡᠪᠡ᠃

ᠴᠡᠷᠢᠭ ᠦ᠋ᠳ ᠬᠠᠨᠴᠤᠢ ᠰᠢᠮᠡᠯᠡᠨ ᠵᠠᠩᠰᠢᠭᠰᠠᠨ ᠶᠣᠰᠣᠭᠠᠷ ᠮᠣᠷᠢ ᠶ᠋ᠢ ᠥᠪᠴᠢᠵᠦ ᠮᠢᠬ᠎ᠠ ᠶ᠋ᠢ ᠮᠥᠴᠢᠯᠡᠨ ᠬᠤᠪᠢᠶᠠᠵᠤ ᠬᠡᠳᠦᠢᠨ ᠠᠷᠠᠰᠤᠨ ᠳᠡᠭᠡᠷ᠎ᠡ ᠨᠢ ᠣᠪᠣᠭᠠᠯᠠᠨ ᠲᠠᠯᠪᠢᠵᠠᠭᠠᠵᠤ ᠪᠠᠶᠠᠰᠬᠤᠯᠠᠩᠲᠠᠢ ᠪᠠᠢᠯ᠎ᠠ᠃
— ᠮᠠᠨ ᠤ᠋ ᠵᠠᠭᠤᠨ ᠤ᠋ ᠨᠣᠶᠠᠨ ᠠᠢᠬᠤᠪᠲᠤᠷ ᠰᠠᠢᠨ ᠡᠷ᠎ᠡ ᠪᠠᠢᠨ᠎ᠠ ᠰᠢᠦ᠂ ᠪᠢᠳᠡᠨ ᠢ᠋ ᠦᠬᠦᠳᠡᠯ ᠡᠴᠡ ᠠᠶᠤᠵᠤ ᠪᠠᠢᠬᠤ ᠳ᠋ᠤ᠌ ᠮᠠᠨ ᠤ᠋ ᠲᠦᠷᠦᠭᠦᠴᠢ ᠪᠤᠭᠤᠢᠯᠢ ᠬᠠᠶᠠᠭᠠᠳ ᠨᠢᠭᠡ ᠭᠠᠷ ᠢ᠋ᠶ᠋ᠠᠷ ᠮᠣᠷᠢ ᠶ᠋ᠢ ᠲᠣᠭᠲᠠᠭᠠᠨ ᠪᠠᠷᠢᠵᠤ ᠪᠠᠢᠯ᠎ᠠ᠃ ᠬᠡᠷᠪᠡ ᠪᠢᠳᠡᠨᠡᠷ ᠠᠢᠮᠠᠬᠠᠢ ᠬᠤᠳᠠᠯᠴᠢ ᠨᠠᠷ ᠪᠢᠰᠢ ᠪᠠᠢᠭᠰᠠᠨ ᠪᠣᠯ ᠠᠮᠢᠳᠤ ᠪᠠᠷ ᠪᠠᠰᠠ ᠬᠡᠳᠦᠨ ᠵᠡᠷᠯᠢᠭ ᠮᠣᠷᠢᠳ ᠪᠠᠷᠢᠵᠤ ᠪᠣᠯᠬᠤ ᠪᠠᠢᠭᠰᠠᠨ ᠭᠡᠵᠦ ᠨᠢᠭᠡ ᠵᠡᠷᠭᠡ ᠥᠭᠦᠯᠡᠪᠡ᠃
— ᠡᠨᠡ ᠴᠢᠨᠢ ᠵᠡᠷᠯᠢᠭ ᠮᠣᠷᠢᠳ ᠶᠤᠮ ᠭᠡᠵᠢ ᠤᠤ? ᠦᠭᠡᠢ ᠪᠠᠢᠬ᠎ᠠ᠂ ᠲᠠᠲ᠋ᠠᠷ ᠤ᠋ᠳ ᠢ᠋ ᠬᠥᠳᠡᠯᠬᠦ ᠳ᠋ᠦ᠍ ᠺᠢᠫᠴᠠᠺ ᠤ᠋ᠨ ᠠᠳᠤᠭᠤ ᠲᠠᠯ᠎ᠠ ᠪᠠᠷ ᠲᠠᠷᠬᠠᠭᠰᠠᠨ ᠭᠡᠳᠡᠭ᠃ ᠲᠡᠭᠡᠭᠡᠳ ᠲᠡᠷᠡ ᠮᠣᠷᠢᠳ ᠪᠦᠷ ᠵᠡᠷᠯᠢᠭᠰᠢᠭᠰᠡᠨ ᠭᠡᠨ᠎ᠡ ᠪᠢᠯᠡ᠃ ᠡᠨᠡ ᠬᠥᠭᠰᠢᠨ ᠮᠣᠷᠢ ᠪᠣᠯ ᠬᠠᠭᠠᠨ ᠺᠣᠲ᠋ᠶᠠᠩ  ᠤ᠋ᠨ ᠲᠡᠮᠳᠡᠭ ᠲᠡᠢ᠂ ᠵᠡᠷᠯᠢᠭ ᠮᠣᠷᠢ ᠪᠣᠯ ᠡᠢᠮᠦ ᠪᠠᠢᠬᠤ ᠶᠣᠰᠣ ᠦᠭᠡᠢ᠃ ᠲᠡᠳᠡ ᠨᠠᠷ ᠡᠯᠡᠰᠦᠨ ᠦ᠌ ᠥᠩᠭᠡᠲᠡᠢ ᠬᠠᠪᠢᠷᠭ᠎ᠠ ᠳᠠᠭᠠᠤ ᠬᠠᠷ᠎ᠠ ᠵᠢᠷᠤᠭᠠᠰᠤᠲᠠᠢ ᠳ᠋ᠠᠭ ᠭᠡᠵᠦ ᠭᠠᠵᠠᠷᠴᠢ ᠰᠸᠨ᠋ᠲ᠋ᠶᠠᠺ ᠬᠡᠯᠡᠭᠰᠡᠨ ᠳ᠋ᠦ᠍ ᠡᠨᠡ ᠮᠣᠷᠢ ᠶ᠋ᠢ ᠵᠡᠷᠯᠢᠭ ᠪᠠᠢᠭᠰᠠᠨ ᠴᠤ᠌ ᠳᠠᠭᠤᠰᠲᠠᠯ᠎ᠠ ᠨᠢ ᠢᠳᠡᠵᠡᠭᠡᠨ᠎ᠡ ᠭᠡᠪᠡ᠃

   ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠶᠠᠨᠴᠡᠴᠡᠭ᠂ ᠠᠷᠢᠭᠤᠨ᠂  ᠬᠡᠷᠡᠢᠳ· ᠮᠥᠩᠬᠡᠨᠠᠰᠤᠨ
   ᠬᠢᠨᠠᠭᠴᠢ᠄ ᠲ· ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ