ᠪᠠᠲᠤ ᠬᠠᠭᠠᠨ 3-09 ᠲᠠᠲ᠋ᠠᠷ ᠤ᠋ᠳ ᠺᠠᠯᠮᠢᠶᠦ᠋ᠰᠺ ᠦ᠋ᠨ ᠲᠠᠯ᠎ᠠ ᠪᠠᠷ ᠶᠠᠪᠤᠵᠠᠢ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 3-09 ᠲᠠᠲ᠋ᠠᠷ ᠤ᠋ᠳ ᠺᠠᠯᠮᠢᠶᠦ᠋ᠰᠺ ᠦ᠋ᠨ ᠲᠠᠯ᠎ᠠ ᠪᠠᠷ ᠶᠠᠪᠤᠵᠠᠢ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠪᠠᠲᠤ ᠬᠠᠭᠠᠨ 3-09 ᠲᠠᠲ᠋ᠠᠷ ᠤ᠋ᠳ ᠺᠠᠯᠮᠢᠶᠦ᠋ᠰᠺ ᠦ᠋ᠨ ᠲᠠᠯ᠎ᠠ ᠪᠠᠷ ᠶᠠᠪᠤᠵᠠᠢ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-11

52

ᠶᠢᠰᠦ ᠲᠠᠲ᠋ᠠᠷ ᠤ᠋ᠳ ᠺᠠᠯᠮᠢᠶᠦ᠋ᠰᠺ ᠦ᠋ᠨ ᠲᠠᠯ᠎ᠠ ᠪᠠᠷ ᠶᠠᠪᠤᠵᠠᠢ


ᠧᠦ᠋ᠷᠣᠫᠠ ᠶ᠋ᠢᠨ ᠨᠢᠭᠡ ᠮᠢᠩᠭ᠎ᠠ ᠬᠣᠶᠠᠷ ᠵᠠᠭᠤᠨ ᠭᠤᠴᠢᠨ ᠳᠣᠯᠣᠳᠤᠭᠠᠷ ᠣᠨ ᠳ᠋ᠤ᠌ ᠲᠡᠷᠰ ᠨᠣᠮᠲᠤ ᠬᠠᠭᠠᠨ ᠪᠠᠲᠤ᠂ ᠣᠷᠣᠰ ᠤ᠋ᠨ ᠨᠤᠲᠤᠭ ᠲᠸ᠋ ᠣᠯᠠᠨ ᠴᠡᠷᠢᠭ ᠢ᠋ᠶ᠋ᠡᠨ ᠳᠠᠭᠠᠭᠤᠯᠵᠤ ᠷᠶᠠᠽᠠᠨ ᠤ᠋ ᠬᠠᠪᠢ ᠶ᠋ᠢᠨ ᠸᠣᠷᠣᠨᠧᠵ ᠭᠡᠳᠡᠭ ᠭᠣᠣᠯ ᠤ᠋ᠨ ᠡᠷᠭᠢ ᠳᠡᠭᠡᠷ᠎ᠡ ᠪᠠᠢᠷᠢᠯᠠᠨ ᠪᠠᠭᠤᠪᠠ᠃
(ᠣᠨ ᠤ᠋ ᠲᠡᠮᠳᠡᠭᠯᠡᠯ ᠡᠴᠡ)

ᠲᠠᠲ᠋ᠠᠷ ᠤ᠋ᠳ ᠤᠮᠠᠷ᠎ᠠ ᠵᠦᠭ ᠬᠠᠭᠤᠴᠢᠨ  ᠺᠡᠯᠮᠢᠶᠦᠢ᠍ᠰᠺ ᠤ᠋ᠨ ᠲᠠᠯ᠎ᠠ ᠪᠠᠷ ᠳ᠋ᠤᠨ ᠪᠠ ᠳ᠋ᠤᠨᠧᠼ ᠬᠣᠶᠠᠷ ᠭᠣᠣᠯ ᠤ᠋ᠨ ᠬᠣᠭᠣᠷᠣᠨᠳᠣ ᠳ᠋ᠠᠬᠢ ᠤᠰᠤᠨ ᠤ᠋ ᠭᠠᠯᠪᠢᠷ ᠭᠠᠵᠠᠷ ᠢ᠋ᠶ᠋ᠠᠷ ᠶᠠᠪᠤᠵᠠᠢ᠃

ᠡᠨᠳᠡ ᠵᠠᠮ ᠨᠢ ᠬᠥᠩᠭᠡᠨ᠂ ᠤᠰᠤ ᠶᠡᠬᠡᠲᠦ ᠭᠣᠣᠯ ᠤ᠋ᠳ ᠢ᠋ ᠭᠠᠲᠤᠯᠬᠤ ᠶᠠᠪᠤᠳᠠᠯ ᠦᠭᠡᠢ᠃ ᠣᠷᠣᠢ ᠣᠷᠣᠭᠰᠠᠨ ᠴᠠᠰᠤ ᠲᠠᠯ᠎ᠠ ᠶ᠋ᠢ ᠪᠦᠷᠬᠦᠵᠦ ᠡᠨᠳᠡ ᠲᠡᠨᠳᠡ ᠲᠤᠯᠤᠭᠠᠳ ᠤ᠋ᠨ ᠣᠷᠴᠢᠮ ᠰᠠᠯᠬᠢᠨ ᠤ᠋ ᠴᠤᠭᠯᠠᠭᠤᠯᠤᠭᠰᠠᠨ ᠬᠤᠩᠭᠠᠷ ᠤ᠋ᠳ ᠦᠵᠡᠭᠳᠡᠨ᠎ᠡ᠃ ᠲᠦᠳᠡᠭ ᠭᠠᠯ ᠠᠰᠠᠭᠠᠬᠤ ᠳ᠋ᠤ᠌ ᠬᠠᠷᠭᠠᠨ᠎ᠠ ᠪᠤᠲᠠᠷᠭᠠᠨ᠎ᠠ ᠡᠯᠪᠡᠭ ᠪᠠᠢᠯ᠎ᠠ᠃ ᠲᠠᠯ᠎ᠠ ᠶ᠋ᠢᠨ ᠲᠦᠢᠮᠡᠷ ᠨᠠᠮᠤᠷ ᠭᠠᠷᠤᠭᠰᠠᠨ ᠦᠭᠡᠢ ᠤᠴᠢᠷ ᠲᠠᠲ᠋ᠠᠷ ᠤ᠋ᠨ ᠮᠣᠷᠢᠳ ᠲᠤ᠌ ᠢᠳᠡᠬᠦ ᠡᠪᠡᠰᠦ ᠬᠠ ᠶᠠ ᠦᠭᠡᠢ᠂ ᠨᠠᠮᠤᠷ ᠤ᠋ᠨ ᠪᠣᠷᠣᠭᠠᠨ ᠳ᠋ᠤ᠌ ᠴᠣᠬᠢᠭᠳᠠᠨ ᠠᠷᠪᠢᠨ ᠢ᠋ᠶ᠋ᠠᠷ ᠭᠠᠷᠴᠠᠢ᠃ ᠲᠠᠲ᠋ᠠᠷ ᠤ᠋ᠳ ᠢ᠋ ᠫᠣᠯᠣᠸᠧᠼᠡ ᠶ᠋ᠢᠨ ᠭᠠᠵᠠᠷᠴᠢᠳ ᠤᠳᠤᠷᠢᠳᠤᠨ ᠵᠠᠮ ᠵᠢᠭᠠᠨ᠎ᠠ᠃

ᠲᠠᠲ᠋ᠠᠷ ᠤ᠋ᠳ ᠲᠤᠰᠬᠠᠢ ᠣᠲ᠋ᠷᠢᠶᠠᠳ᠋ ᠢ᠋ᠶ᠋ᠠᠷ ᠠᠩᠭᠢ ᠬᠡᠰᠡᠭ ᠲᠦ᠍ ᠬᠤᠪᠢᠶᠠᠭᠳᠠᠨ ᠮᠢᠩᠭ᠎ᠠ ᠮᠢᠩᠭ᠎ᠠ ᠪᠠᠷ ᠢ᠋ᠶ᠋ᠠᠨ ᠠᠳᠤᠭᠤᠨ ᠰᠦᠷᠦᠭ ᠢ᠋ᠶ᠋ᠡᠨ ᠪᠦᠯᠦᠭᠯᠡᠭᠦᠯᠦᠨ ᠥᠷᠭᠡᠨ ᠳᠡᠯᠭᠡᠮᠡᠯ ᠵᠢᠭᠦᠷ ᠭᠠᠷᠭᠠᠨ ᠤᠷᠤᠭᠰᠢᠯᠠᠵᠠᠭᠠᠨ᠎ᠠ᠃

ᠣᠲ᠋ᠷᠢᠶᠠᠳ᠋ ᠤ᠋ᠳ ᠪᠣᠯᠤᠨ ᠤᠷᠤᠭ ᠲᠥᠷᠥᠯ ᠦ᠋ᠳ ᠦ᠋ᠨ ᠬᠣᠭᠣᠷᠣᠨᠳᠣ ᠦᠯᠦ ᠲᠣᠬᠢᠷᠠᠬᠤ ᠠᠲᠠᠭᠠᠷᠬᠠᠭ ᠲᠡᠮᠡᠴᠡᠯ ᠪᠣᠢ ᠲᠤᠯᠠ ᠰᠦᠪᠡᠭᠡᠳᠡᠢ ᠪᠠᠭᠠᠲᠤᠷ ᠠ᠋ᠴᠠ ᠴᠢᠩᠭᠠᠯᠠᠨ ᠲᠤᠰᠢᠶᠠᠭᠰᠠᠨ ᠢ᠋ᠶ᠋ᠠᠷ ᠪᠤᠰᠤᠳ ᠤ᠋ᠨ ᠪᠠᠭᠤᠳᠠᠯ ᠳᠡᠭᠡᠷ᠎ᠡ ᠬᠣᠯᠢᠯᠳᠤᠬᠤ ᠶᠠᠪᠤᠳᠠᠯ ᠲᠣᠬᠢᠶᠠᠯᠳᠤᠵᠤ ᠦᠯᠦ ᠪᠣᠯᠬᠤ ᠪᠠᠢᠵᠠᠢ᠃

ᠪᠤᠰᠤᠳ ᠤ᠋ᠨ ᠯᠠᠭ᠌ᠸᠷ ᠢ᠋ᠶ᠋ᠠᠷ ᠲᠡᠨᠦᠵᠦ ᠥᠪᠡᠷ ᠦ᠋ᠨ ᠠᠩᠭᠢ ᠠ᠋ᠴᠠ ᠬᠣᠴᠣᠷᠤᠭᠰᠠᠨ ᠮᠣᠷᠢᠨ ᠴᠡᠷᠢᠭ ᠦ᠋ᠨ ᠬᠥᠮᠦᠨ ᠢ᠋ ᠲᠡᠨᠦᠮᠡᠯ ᠵᠠᠪᠬᠠᠭᠤᠯ ᠭᠡᠬᠦ ᠵᠡᠷᠭᠡ ᠪᠡᠷ ᠡᠯᠳᠡᠪ ᠢ᠋ᠶ᠋ᠡᠷ ᠡᠯᠡᠭ ᠪᠠᠷᠢᠵᠤ ᠨᠠᠭᠠᠳᠤᠨ᠎ᠠ᠃ ᠵᠢᠱ᠌ᠢᠶᠡᠯᠡᠪᠡᠯ᠄ ᠲᠡᠭᠦᠰ ᠦ᠋ᠨ ᠴᠡᠷᠢᠭ ᠤᠤ? ᠦᠨᠡᠬᠡᠷ ᠲᠡᠢᠮᠦ ᠪᠠᠢᠬ᠎ᠠ᠂ ᠮᠣᠷᠢᠨ ᠤ᠋ ᠬᠢᠨᠢ ᠰᠡᠭᠦᠯ ᠲᠠᠰᠤᠷᠠᠵᠤ ᠲᠡᠭᠦᠰᠬᠦ ᠰᠢᠬᠠᠵᠠᠢ ᠭᠡᠬᠦ ᠪᠤᠶᠤ ᠪᠥᠰᠡᠨ ᠳ᠋ᠡᠭᠡᠨ ᠬᠠᠪᠴᠢᠭᠤᠯᠤᠭᠰᠠᠨ ᠲᠠᠰᠢᠭᠤᠷ ᠢ᠋ᠶ᠋ᠠᠨ ᠣᠯᠬᠤ ᠦᠭᠡᠢ ᠡᠷᠢᠵᠦ ᠶᠠᠪᠤᠳᠠᠭ ᠪᠦᠲᠦᠯ ᠦᠭᠡᠢ ᠵᠦᠨᠢ ᠶ᠋ᠢᠨ ᠴᠡᠷᠢᠭ ᠤᠤ? ᠬᠤᠯᠠᠭᠠᠢ ᠶ᠋ᠢᠨ ᠮᠣᠷᠢᠨ ᠳᠡᠭᠡᠷ᠎ᠡ ᠤᠨᠲᠠᠭᠠᠳ ᠡᠵᠡᠨ ᠳ᠋ᠦ᠍ᠨᠢ ᠮᠣᠷᠢᠨ ᠤ᠋ ᠡᠷᠬᠡ ᠪᠡᠷ ᠬᠦᠷᠴᠦ ᠣᠴᠢᠳᠠᠭ ᠬᠤᠷ ᠪᠡᠷᠬᠡ ᠶ᠋ᠢᠨ ᠴᠡᠷᠢᠭ ᠪᠠᠢᠨ᠎ᠠ ᠭᠡᠬᠦ ᠵᠡᠷᠭᠡ ᠪᠡᠷ ᠶᠠᠷᠢᠨ᠎ᠠ᠃ ᠣᠲ᠋ᠷᠢᠶᠠᠳ᠋ ᠪᠦᠬᠦᠨ ᠡᠯᠴᠢ ᠪᠡᠷ ᠥᠪᠡᠷ ᠦ᠋ᠨ ᠬᠠᠭᠠᠳ ᠲᠠᠢ ᠬᠣᠯᠪᠣᠭ᠎ᠠ ᠪᠠᠷᠢᠨ᠎ᠠ᠃

ᠬᠠᠭᠠᠳ ᠨᠢ ᠥᠪᠡᠷ ᠦ᠋ᠨ ᠶᠡᠷᠦᠩᠬᠡᠢ ᠭᠣᠣᠯ ᠥᠷᠭᠥᠭᠡ ᠪᠤᠶᠤ ᠪᠦᠬᠦ ᠴᠡᠷᠢᠭ ᠢ᠋ ᠵᠠᠬᠢᠷᠬᠤ ᠵᠠᠩᠵᠤᠨ ᠪᠠᠲᠤ ᠪᠠ ᠲᠡᠭᠦᠨ ᠦ᠌ ᠬᠠᠮᠲᠤ ᠪᠦᠬᠦᠢ ᠪᠠᠢᠯᠳᠤᠭᠠᠨ ᠤ᠋ ᠵᠥᠪᠯᠡᠬᠦ ᠥᠷᠥᠭᠡᠰᠦᠨ ᠨᠢᠳᠦᠲᠦ ᠰᠦᠪᠡᠭᠡᠳᠡᠢ ᠪᠠᠭᠠᠲᠤᠷ ᠲᠠᠢ ᠬᠠᠷᠢᠯᠴᠠᠨ᠎ᠠ᠃ ᠴᠢᠩᠭᠢᠰ ᠦ᠋ᠨ ᠠᠷᠪᠠᠨ ᠨᠢᠭᠡᠨ ᠬᠠᠭᠠᠨ ᠬᠥᠪᠡᠭᠦᠳ ᠲᠤᠰ ᠪᠦᠷᠢ ᠥᠪᠡᠷ ᠦ᠋ᠨ ᠲᠤᠰᠬᠠᠢ ᠲᠦᠮᠡᠨ ᠴᠡᠷᠢᠭ ᠲᠡᠢ᠂ ᠲᠦᠮᠡᠨ ᠠᠭᠲᠠ ᠲᠠᠢ ᠶᠠᠪᠤᠨ᠎ᠠ᠃ ᠪᠠᠢᠯᠳᠤᠭᠠᠨ ᠤ᠋ ᠲᠤᠰᠬᠠᠢ ᠲᠣᠮᠢᠯᠠᠭᠳᠠᠭᠰᠠᠨ ᠬᠠᠭᠠᠳ ᠤ᠋ᠳ ᠤ᠋ᠨ ᠵᠥᠪᠯᠡᠭᠴᠢ ᠨᠠᠷ ᠪᠠᠢᠯᠳᠤᠭᠠᠨ ᠤ᠋ ᠡᠷᠬᠡ ᠮᠠᠲᠠᠯ ᠢ᠋ ᠭᠠᠷ ᠲᠠᠭᠠᠨ ᠪᠠᠷᠢᠨ᠎ᠠ᠃

ᠬᠠᠭᠠᠳ ᠤ᠋ᠳ ᠴᠠᠭ ᠢ᠋ ᠳᠡᠮᠡᠢ ᠥᠩᠭᠡᠷᠡᠭᠦᠯᠦᠨ ᠱᠣᠩᠬᠣᠷ᠂ ᠬᠠᠷᠴᠠᠭᠠᠢ᠂ ᠨᠣᠬᠠᠢ ᠵᠡᠷᠭᠡ ᠶ᠋ᠢ ᠬᠡᠷᠡᠭᠯᠡᠨ ᠠᠪᠠ ᠬᠢᠵᠦ ᠠᠷᠢᠬᠢᠳᠠᠨ ᠨᠠᠷᠭᠢᠬᠤ ᠲᠤᠯᠠ ᠴᠢᠩᠭᠢᠰ ᠬᠠᠭᠠᠨ ᠤ᠋ ᠦᠶ᠎ᠡ ᠳ᠋ᠦ᠍ ᠪᠠᠢᠯᠳᠤᠭᠠᠨ ᠤ᠋ ᠵᠦᠳᠡᠭᠦᠷᠢᠲᠦ ᠰᠤᠷᠭᠠᠭᠤᠯᠢ ᠶ᠋ᠢ ᠲᠡᠭᠦᠰᠦᠭᠰᠡᠨ ᠵᠥᠪᠯᠡᠭᠴᠢ ᠨᠠᠷ ᠲᠠᠭᠠᠨ ᠪᠦᠷᠢᠨ ᠢᠲᠡᠭᠡᠨ᠎ᠡ᠃

ᠪᠠᠲᠤ ᠬᠠᠭᠠᠨ ᠪᠦᠬᠦ ᠤᠲ᠋ᠷᠢᠶᠠᠳ᠋ ᠤ᠋ᠳ ᠢ᠋ ᠥᠷᠭᠡᠨ ᠹᠷᠣᠨᠲ ᠢ᠋ᠶ᠋ᠠᠷ ᠤᠮᠠᠷ᠎ᠠ ᠵᠦᠭ ᠬᠥᠳᠡᠯᠭᠡᠵᠦ ᠰᠦᠪᠡᠭᠡᠳᠡᠢ ᠪᠠᠭᠠᠲᠤᠷ ᠤ᠋ᠨ ᠠᠴᠢ ᠪᠠᠷ ᠬᠠᠮᠢᠭ᠎ᠠ ᠬᠡᠷᠬᠢᠨ ᠶᠠᠪᠤᠬᠤ ᠭᠠᠵᠠᠷ ᠤ᠋ᠨ ᠪᠠᠢᠴᠠ ᠶ᠋ᠢ ᠬᠦᠷᠲᠡᠯ᠎ᠡ ᠲᠣᠳᠣᠷᠬᠠᠢᠯᠠᠭᠤᠯᠤᠨ ᠲᠣᠭᠲᠠᠭᠠᠨ᠎ᠠ᠃ ᠮᠣᠩᠭᠣᠯ ᠤ᠋ᠨ ᠬᠠᠷᠠᠭᠤᠯ ᠤ᠋ᠳ ᠢ᠋ᠶ᠋ᠠᠷ ᠬᠠᠷᠠᠭᠠᠯᠵᠠᠭᠤᠯᠤᠭᠰᠠᠨ ᠺᠢᠫᠴᠠᠺ ᠤ᠋ᠨ ᠭᠠᠵᠠᠷᠴᠢᠳ ᠲᠸ᠋ ᠪᠠᠭᠤᠳᠠᠯᠯᠠᠬᠤ ᠭᠠᠵᠠᠷ ᠢ᠋ ᠰᠠᠢᠬᠠᠨ ᠢ᠋ᠶ᠋ᠠᠷ ᠰᠣᠩᠭᠣᠨ ᠣᠯᠬᠤ ᠶ᠋ᠢ ᠴᠢᠩᠭᠠᠯᠠᠨ ᠳᠠᠭᠠᠭᠠᠯᠭᠠᠵᠠᠢ᠃ ᠤᠮᠠᠷ᠎ᠠ ᠵᠦᠭ ᠬᠥᠳᠡᠯᠵᠦ ᠪᠠᠢᠭ᠎ᠠ ᠡᠨᠡ ᠭᠤᠷᠪᠠᠨ ᠵᠠᠭᠤᠨ ᠮᠢᠩᠭᠠᠨ ᠴᠡᠷᠢᠭ ᠲᠦ᠍ ᠮᠣᠩᠭᠣᠯ ᠦᠨᠳᠦᠰᠦᠲᠡᠨ ᠲᠤᠩ ᠪᠠᠭ᠎ᠠ᠂ ᠳᠥᠩᠭᠡᠵᠢ ᠳᠥᠷᠪᠡᠨ ᠮᠢᠩᠭᠠᠨ ᠣᠷᠴᠢᠮ ᠬᠥᠮᠦᠨ ᠪᠣᠯᠪᠠᠴᠤ ᠲᠡᠳᠡ ᠨᠢ ᠣᠯᠠᠨ ᠬᠡᠯᠡᠲᠡᠨ ᠦ᠌ ᠠᠷᠮᠢ ᠶ᠋ᠢᠨ ᠳᠣᠲᠣᠷ᠎ᠠ ᠭᠣᠣᠯ ᠦᠢᠯᠡᠳᠦᠯ ᠢ᠋ ᠭᠦᠢᠴᠡᠳᠬᠡᠵᠦ ᠴᠡᠷᠢᠭ ᠦ᠋ᠨ ᠤᠳᠤᠷᠢᠳᠤᠭᠴᠢ᠂ ᠪᠠᠢᠯᠳᠤᠭᠠᠨ ᠤ᠋ ᠵᠥᠪᠯᠡᠭᠴᠢ᠂ ᠴᠢᠩᠭᠢᠰ ᠦ᠋ᠨ ᠬᠠᠭᠠᠨ ᠬᠥᠪᠡᠭᠦᠳ ᠦ᠋ᠨ ᠪᠡᠶ᠎ᠡ ᠬᠠᠮᠠᠭᠠᠯᠠᠭᠴᠢᠳ ᠪᠣᠯᠤᠨ ᠶᠠᠪᠤᠵᠤ᠂ ᠡᠳᠡ ᠨᠠᠷ ᠨᠢ ᠶᠡᠷᠦᠩᠬᠡᠢ ᠵᠠᠩᠵᠤᠨ ᠤ᠋ ᠲᠤᠰᠢᠶᠠᠯ ᠪᠣᠯᠤᠨ ᠶᠣᠰᠣ ᠵᠢᠷᠤᠮ ᠢ᠋ ᠪᠡᠶᠡᠯᠡᠭᠦᠯᠦᠭᠰᠡᠨ ᠡᠰᠡᠬᠦ ᠶ᠋ᠢ ᠬᠠᠷᠠᠵᠤ ᠦᠵᠡᠳᠡᠭ ᠪᠠᠢᠵᠠᠢ᠃ ᠮᠣᠷᠢᠨ ᠴᠡᠷᠢᠭ ᠦ᠋ᠳ ᠭᠡᠷ ᠦᠭᠡᠢ ᠬᠥᠩᠭᠡᠨ ᠢ᠋ᠶ᠋ᠡᠷ ᠶᠠᠪᠤᠬᠤ ᠪᠥᠭᠡᠳ ᠡᠪᠡᠰᠦᠯᠡᠵᠦ ᠪᠠᠢᠭ᠎ᠠ ᠮᠣᠷᠢᠨ ᠳ᠋ᠠᠭᠠᠨ ᠣᠢᠷᠠᠬᠠᠨ ᠭᠠᠵᠠᠷ ᠳᠡᠭᠡᠷ᠎ᠡ ᠤᠨᠲᠠᠵᠠᠭᠠᠨ᠎ᠠ᠃ ᠵᠠᠮ ᠳ᠋ᠤ᠌ ᠮᠣᠷᠢ ᠪᠠᠨ ᠠᠯᠳᠠᠪᠠᠯ ᠬᠢᠵᠠᠭᠠᠷ ᠦᠭᠡᠢ ᠴᠦᠯ ᠲᠠᠯ᠎ᠠ ᠳ᠋ᠤ᠌ ᠦᠬᠦᠬᠦ ᠲᠤᠯᠠ ᠣᠯᠠᠩᠬᠢ ᠴᠡᠷᠢᠭ ᠦ᠋ᠳ ᠬᠣᠶᠠᠷ ᠪᠤᠶᠤ ᠬᠡᠳᠦ ᠬᠡᠳᠦᠨ ᠮᠣᠷᠢ ᠲᠠᠢ ᠪᠥᠭᠡᠳ ᠵᠠᠮ ᠳ᠋ᠠᠭᠠᠨ ᠰᠣᠯᠢᠵᠤ ᠤᠨᠤᠭᠠᠳ ᠶᠠᠪᠤᠨ᠎ᠠ᠃

ᠠᠰᠠᠷ ᠪᠣᠯᠤᠨ ᠭᠡᠷ ᠦ᠋ᠳ ᠲᠤᠨᠢ ᠬᠠᠮᠤᠭ ᠤ᠋ᠨ ᠶᠡᠬᠡ ᠡᠷᠬᠡ ᠲᠡᠢ ᠬᠠᠭᠠᠳ ᠤ᠋ᠳ ᠶᠠᠪᠤᠨ᠎ᠠ᠃ ᠡᠳᠡ ᠨᠠᠷ ᠡᠩ ᠦ᠋ᠨ ᠪᠠᠢᠯᠳᠤᠭᠴᠢ ᠶ᠋ᠢᠨ ᠳᠡᠷᠭᠡᠳᠡ ᠵᠡᠷᠭᠡᠯᠡᠨ ᠭᠠᠯ ᠳ᠋ᠤ᠌ ᠡᠭᠡᠭᠡᠵᠦ ᠰᠠᠭᠤᠬᠤ ᠨᠢ ᠣᠯᠠᠨᠲᠠ ᠦᠵᠡᠭᠳᠡᠨ᠎ᠡ᠃ ᠣᠯᠵᠠᠯᠠᠭᠳᠠᠭᠰᠠᠨ ᠪᠣᠭᠣᠯᠴᠤᠳ ᠠ᠋ᠴᠠ ᠪᠦᠷᠢᠯᠳᠦᠭᠰᠡᠨ ᠭᠠᠪᠰᠢᠭᠠᠢ ᠵᠠᠷᠤᠴᠠ ᠨᠠᠷ ᠬᠤᠷᠳᠤᠨ ᠬᠥᠯᠲᠦ ᠥᠨᠳᠥᠷ ᠭᠣᠣᠨᠤᠭᠤᠷ ᠲᠡᠮᠡᠭᠡᠨ ᠳ᠋ᠦ᠍ ᠠᠰᠠᠷ ᠭᠡᠷ᠂ ᠢᠰᠡᠭᠡᠢ᠂ ᠭᠠᠤᠯᠢᠨ ᠲᠣᠭᠣᠭ᠎ᠠ ᠨᠤᠭᠤᠳ ᠪᠣᠯᠤᠨ ᠰᠢᠭᠤᠳᠠᠢ ᠲᠠᠢ ᠭᠤᠯᠢᠷ᠂ ᠪᠤᠳᠠᠭ᠎ᠠ᠂ ᠬᠠᠲᠠᠭᠠᠭᠰᠠᠨ ᠵᠢᠮᠢᠰ᠂ ᠪᠣᠷᠴᠠᠯᠠᠭᠰᠠᠨ ᠠᠳᠤᠭᠤᠨ ᠤ᠋ ᠮᠢᠬ᠎ᠠ ᠪᠠ ᠳᠠᠪᠤᠰᠤᠯᠠᠭᠰᠠᠨ ᠥᠭᠡᠬᠦ ᠵᠡᠷᠭᠡ ᠬᠣᠭᠣᠯᠠᠨ ᠤ᠋ ᠵᠦᠢᠯ ᠢ᠋ ᠠᠴᠢᠶᠠᠯᠠᠨ ᠠᠪᠴᠤ ᠶᠠᠪᠤᠨ᠎ᠠ᠃ ᠭᠢᠨᠵᠢ ᠬᠠᠩᠭᠢᠨᠠᠭᠤᠯᠤᠭᠰᠠᠨ ᠪᠣᠭᠣᠯᠴᠤᠳ ᠪᠠᠭᠤᠳᠠᠯ ᠤ᠋ᠨ ᠭᠠᠵᠠᠷ᠂ ᠬᠠᠭᠠᠨ᠂ ᠬᠠᠲᠤᠨ᠂ ᠪᠠᠢᠯᠳᠤᠭᠠᠨ ᠤ᠋ ᠵᠥᠪᠯᠡᠭᠴᠢ᠂ ᠡᠮᠴᠢ᠂ ᠵᠢᠷᠤᠬᠠᠢᠴᠢ᠂ ᠪᠢᠴᠢᠭᠡᠴᠢ᠂ ᠪᠥᠬᠡ᠂ ᠢᠳᠤᠭᠠᠨ᠂ ᠮᠣᠯᠯᠢ ᠪᠣᠯᠤᠨ ᠬᠠᠭᠠᠨ ᠤ᠋ ᠶᠡᠷᠦᠩᠬᠡᠢ ᠲᠣᠭᠣᠭᠠᠴᠢ ᠨᠠᠷ ᠲᠸ᠋ ᠠᠰᠠᠷ ᠪᠣᠯᠤᠨ ᠭᠡᠷ ᠦ᠋ᠳ ᠢ᠋ ᠠᠮᠵᠢᠨ ᠪᠠᠷᠢᠵᠤ ᠥᠭᠬᠦ ᠪᠣᠯᠤᠨ᠎ᠠ᠃ ᠲᠡᠳᠡ ᠨᠠᠷ ᠲᠤ᠌ ᠬᠣᠭᠣᠯᠠ ᠶ᠋ᠢ ᠨᠢ ᠪᠡᠯᠡᠳᠬᠡᠵᠦ ᠥᠭᠭᠦᠨ᠎ᠡ᠃ ᠡᠩ ᠦ᠋ᠨ ᠴᠡᠷᠢᠭ᠂ ᠢᠳᠡᠬᠦ ᠶᠠᠭᠤᠮ᠎ᠠ ᠪᠠᠨ ᠥᠪᠡᠷ ᠢ᠋ᠶ᠋ᠡᠨ ᠲᠥᠬᠥᠭᠡᠷᠬᠦ ᠲᠤᠯᠠ ᠵᠠᠮ ᠳ᠋ᠤ᠌ ᠣᠯᠬᠤ᠂ ᠪᠡᠯᠡᠳᠬᠡᠬᠦ ᠶ᠋ᠢ ᠵᠣᠷᠢᠨ᠎ᠠ᠃ ᠣᠲ᠋ᠷᠢᠶᠠᠳ᠋ ᠤ᠋ᠳ ᠢ᠋ ᠨᠢᠭᠡᠨ ᠭᠠᠵᠠᠷ ᠤᠳᠠᠲᠠᠯ᠎ᠠ ᠦᠯᠦ ᠪᠠᠢᠯᠭᠠᠬᠤ ᠭᠣᠣᠯ ᠬᠦᠴᠦᠨ ᠪᠣᠯ ᠥᠯᠥᠰᠬᠦᠯᠡᠩ ᠪᠠᠢᠵᠠᠢ᠃ ᠡᠳᠡ ᠨᠠᠷ ᠵᠠᠮ ᠳ᠋ᠤ᠌ ᠲᠣᠬᠢᠶᠠᠯᠳᠤᠭᠰᠠᠨ ᠪᠡᠯᠡᠳᠬᠡᠯ ᠢ᠋ ᠪᠠᠷᠠᠨ ᠢᠳᠡᠭᠡᠳ ᠤᠯᠠᠮ ᠪᠦᠷ ᠣᠷᠣᠭᠰᠢ ᠶᠠᠪᠤᠬᠤ ᠬᠡᠷᠡᠭᠲᠡᠢ ᠪᠠᠢᠯ᠎ᠠ᠃ ᠬᠠᠭᠠᠨ ᠪᠡᠶᠡᠨᠳᠧᠷ ᠥᠪᠡᠷ ᠦ᠋ᠨ ᠲᠠᠪᠤᠨ ᠮᠢᠩᠭᠠᠲᠤ ᠶ᠋ᠢᠨ ᠤᠲ᠋ᠷᠢᠶᠠᠳ᠋ ᠪᠣᠯᠬᠤ ᠺᠢᠫᠴᠠᠺ ᠨᠤᠭᠤᠳ ᠲᠠᠢ ᠮᠣᠩᠭᠣᠯ ᠲᠠᠲ᠋ᠠᠷ ᠤ᠋ᠨ ᠴᠡᠷᠢᠭ ᠦ᠋ᠨ ᠡᠮᠦᠨ᠎ᠡ ᠲᠦᠷᠦᠭᠦᠯᠡᠨ ᠶᠠᠪᠤᠵᠠᠢ᠃ ᠡᠭᠦᠨ ᠳ᠋ᠦ᠍ ᠲᠠᠯ᠎ᠠ ᠶ᠋ᠢ ᠠᠵᠢᠭᠯᠠᠵᠤ᠂ ᠲᠠᠩᠨᠠᠭᠤᠯ ᠤ᠋ᠳ ᠢ᠋ ᠭᠠᠷᠭᠠᠵᠤ᠂ ᠣᠷᠣᠰ ᠤ᠋ᠨ ᠬᠠᠷᠠᠭᠤᠯ ᠤ᠋ᠳ ᠬᠠᠮᠢᠭ᠎ᠠ ᠪᠠᠢᠬᠤ ᠶ᠋ᠢ ᠮᠡᠳᠡᠬᠦ᠂ ᠠᠮᠢᠳᠤ ᠬᠡᠯᠡ ᠴᠢᠬᠤᠯᠠᠴᠢᠯᠠᠨ ᠪᠠᠷᠢᠬᠤ᠂ ᠪᠠᠷᠢᠭᠰᠠᠨ ᠬᠡᠯᠡ ᠶ᠋ᠢ ᠰᠦᠪᠡᠭᠡᠳᠡᠢ ᠪᠠᠭᠠᠲᠤᠷ ᠤ᠋ᠨ  ᠠᠰᠠᠷ ᠲᠤ᠌ ᠶᠠᠪᠤᠭᠤᠯᠬᠤ ᠡᠭᠦᠷᠭᠡ ᠶ᠋ᠢ ᠬᠦᠯᠢᠶᠡᠵᠡᠢ᠃

ᠪᠠᠶᠠᠨᠳ᠋ᠸᠷ ᠬᠠᠭᠠᠨ᠂ ᠣᠲᠷᠢᠶᠠᠳ᠋ ᠠ᠋ᠴᠠ ᠪᠠᠨ ᠭᠠᠯᠵᠠᠭᠤ ᠲᠠᠩᠨᠠᠭᠤᠯ ᠤ᠋ᠨ ᠳᠥᠷᠪᠡᠨ ᠵᠠᠭᠤᠲᠤ ᠶ᠋ᠢ ᠰᠣᠩᠭᠣᠨ ᠠᠪᠴᠤ ᠬᠣᠯᠠ ᠲᠦᠷᠦᠭᠦᠯᠡᠭᠦᠯᠦᠨ ᠬᠠᠷᠠᠬᠤ ᠨᠢᠳᠦ᠂ ᠲᠡᠮᠲᠡᠷᠢᠬᠦ ᠭᠠᠷ ᠢ᠋ᠶ᠋ᠠᠨ ᠪᠣᠯᠭᠠᠬᠤ ᠲᠤᠯᠠ ᠲᠡᠳᠡᠨ ᠢ᠋ ᠤᠷᠢᠳᠤ ᠶ᠋ᠢᠨ ᠫᠣᠯᠣᠸᠸᠼᠠ ᠶ᠋ᠢᠨ ᠮᠠᠲᠠᠯ ᠳ᠋ᠤ᠌ ᠪᠠᠢᠭᠰᠠᠨ ᠭᠠᠵᠠᠷ᠂ ᠣᠷᠣᠰ ᠤ᠋ᠨ ᠣᠢ ᠮᠣᠳᠣ ᠬᠣᠶᠠᠷ ᠤ᠋ᠨ ᠬᠣᠭᠣᠷᠣᠨᠳᠣ ᠭᠣᠪᠢ ᠲᠠᠯ᠎ᠠ ᠶ᠋ᠢᠨ ᠳᠣᠲᠣᠷ᠎ᠠ ᠶᠠᠭᠤ ᠦᠵᠡᠭᠰᠡᠨ ᠮᠡᠳᠡᠭᠰᠡᠨ ᠢ᠋ᠶ᠋ᠡᠨ ᠬᠠᠭᠠᠨ ᠳ᠋ᠠᠭᠠᠨ ᠮᠡᠳᠡᠭᠳᠡᠵᠦ ᠪᠠᠢᠯ᠎ᠠ᠃ ᠬᠡᠨ ᠦ᠌ ᠴᠦ᠍  ᠨᠤᠲᠤᠭ ᠲᠤ᠌ ᠦᠯᠦ ᠲᠣᠭᠠᠯᠠᠭᠳᠠᠬᠤ ᠡᠨᠡ ᠪᠤᠰᠤ ᠭᠠᠵᠠᠷ ᠬᠠᠶᠠ ᠭᠣᠣᠯ ᠤ᠋ᠨ ᠤᠷᠤᠰᠬᠠᠯ ᠢ᠋ ᠳᠠᠭᠠᠵᠤ ᠴᠠᠷᠠᠰᠤᠨ ᠮᠣᠳᠣᠨ ᠤ᠋ ᠰᠢᠭᠤᠢ ᠤᠷᠭᠤᠭᠰᠠᠨ ᠪᠥᠭᠡᠳ ᠡᠷᠭᠢ ᠭᠠᠩᠭ᠎ᠠ ᠪᠦᠬᠦᠢ ᠬ ᠭᠥᠪᠦᠭᠦᠷ ᠦ᠋ᠳ ᠦᠵᠡᠭᠳᠡᠬᠦ ᠳᠣᠪᠣ ᠲᠤᠯᠤᠭᠠᠳ ᠢ᠋ᠶ᠋ᠠᠷ ᠪᠦᠷᠢᠯᠳᠦᠭᠰᠡᠨ ᠠᠵᠢ᠃ ᠡᠨᠳᠡ ᠠᠮᠠᠷᠬᠠᠨ ᠨᠢᠭᠤᠭᠳᠠᠵᠤ᠂ ᠲᠠᠯ᠎ᠠ ᠲᠡᠰᠢ ᠰᠠᠢᠨ ᠬᠠᠷᠠᠵᠤ ᠪᠤᠯᠤᠩ᠂ ᠡᠷᠭᠢ᠂ ᠭᠠᠩᠭᠠᠨ ᠳ᠋ᠤᠨᠢ ᠪᠦᠬᠦᠯᠢ ᠪᠦᠲᠦᠨ ᠬᠣᠷᠢᠶ᠎ᠠ ᠴᠡᠷᠢᠭ᠂ ᠳᠠᠢᠰᠤᠨ ᠢ᠋ ᠬᠦᠯᠢᠶᠡᠨ ᠨᠢᠭᠤᠭᠳᠠᠵᠤ ᠪᠣᠯᠤᠨ᠎ᠠ᠃ ᠲᠡᠢᠮᠦ ᠶ᠋ᠢᠨ ᠲᠤᠯᠠᠳᠠ ᠪᠠᠶᠠᠨᠳ᠋ᠸᠷ ᠣᠷᠣᠭᠰᠢ ᠲᠠᠪᠰᠢᠬᠤ ᠳ᠋ᠠᠭᠠᠨ ᠪᠣᠯᠭᠣᠮᠵᠢᠯᠠᠵᠤ ᠰᠥᠨᠢ ᠶ᠋ᠢᠨ ᠴᠠᠭ ᠲᠤ᠌ ᠭᠣᠣᠯ ᠤ᠋ᠨ ᠡᠭᠴᠡ ᠡᠷᠭᠢ ᠳ᠋ᠦ᠍ ᠪᠠᠭᠤᠳᠠᠯᠯᠠᠨ ᠠᠶᠤᠯ ᠠ᠋ᠴᠠ ᠰᠡᠷᠭᠡᠢᠯᠡᠵᠦ ᠣᠷᠣᠭᠰᠢ ᠨᠢ ᠱᠠᠯᠠᠮᠠᠭᠠᠢ ᠨᠥᠬᠥᠷ ᠦ᠋ᠳ ᠡᠴᠡ ᠬᠡᠰᠦᠭᠦᠯ ᠭᠠᠷᠭᠠᠳᠠᠭ ᠪᠠᠢᠯ᠎ᠠ᠃

ᠡᠳᠦᠷ ᠪᠦᠷᠢ ᠰᠦᠪᠡᠭᠡᠳᠡᠢ ᠪᠠᠭᠠᠲᠤᠷ ᠠ᠋ᠴᠠ ᠡᠯᠴᠢ ᠢᠷᠡᠭᠦᠯᠵᠦ ᠲᠤᠰᠢᠶᠠᠬᠤ ᠨᠢ᠂
— ᠣᠯᠵᠠᠯᠠᠭᠳᠠᠭᠰᠠᠨ ᠬᠥᠮᠦᠰ᠂ ᠠᠮᠢᠳᠤ ᠬᠡᠯᠡ ᠪᠡᠨ ᠢᠷᠡᠭᠦᠯᠦᠭᠲᠦᠨ! ᠬᠡᠷᠪᠡ ᠣᠯᠵᠠ ᠶ᠋ᠢᠨ ᠬᠥᠮᠦᠨ ᠦᠭᠡᠢ ᠪᠣᠯ ᠬᠠᠭᠠᠨ ᠪᠠᠶᠠᠨᠳ᠋ᠸᠷ ᠢ᠋ ᠴᠡᠷᠢᠭ ᠦ᠋ᠨ ᠰᠡᠭᠦᠯ ᠳ᠋ᠦ᠍ ᠭᠠᠷᠭᠠᠵᠤ ᠢᠷᠡᠭᠡᠳᠦᠢ ᠶ᠋ᠢᠨ ᠢᠯᠠᠯᠲᠠ ᠶ᠋ᠢᠨ ᠬᠣᠭ ᠰᠢᠪᠬᠠᠷᠤᠤ ᠶ᠋ᠢ ᠢᠳᠡᠬᠦ ᠪᠣᠯᠭᠠᠨ᠎ᠠ ᠭᠡᠵᠦ ᠬᠡᠯᠡᠭᠦᠯᠪᠡ᠃ ᠬᠠᠭᠠᠨ ᠪᠠᠶᠠᠨᠳ᠋ᠸᠷ ᠠᠭᠤᠷᠰᠠᠵᠤ ᠥᠪᠡᠷ ᠲᠡᠭᠡᠨ ᠮᠢᠩᠭᠠᠲᠤ ᠶ᠋ᠢᠨ ᠳᠠᠷᠤᠭ᠎ᠠ ᠨᠠᠷ ᠢ᠋ ᠳᠠᠭᠤᠳᠠᠵᠤ ᠵᠦᠬᠡᠨ ᠵᠠᠩᠨᠠᠪᠠ᠃ ᠮᠢᠩᠭᠠᠲᠤ ᠶ᠋ᠢᠨ ᠳᠠᠷᠤᠭ᠎ᠠ ᠨᠠᠷ ᠨᠢ ᠵᠠᠭᠤᠲᠤ ᠶ᠋ᠢᠨ ᠳᠠᠷᠤᠭ᠎ᠠ ᠨᠠᠷ ᠢ᠋᠂ ᠵᠠᠭᠤᠲᠤ ᠶ᠋ᠢᠨ ᠳᠠᠷᠤᠭ᠎ᠠ ᠨᠢ ᠠᠷᠪᠠᠲᠤ ᠶ᠋ᠢᠨ ᠳᠠᠷᠤᠭ᠎ᠠ ᠨᠠᠷ ᠢ᠋ ᠳᠠᠭᠤᠳᠠᠵᠤ ᠳᠠᠮ ᠳᠠᠮ ᠳ᠋ᠠᠭᠠᠨ ᠵᠠᠩᠨᠠᠵᠠᠭᠠᠵᠠᠢ᠃ ᠲᠦᠷᠦᠭᠦᠴᠢ ᠶ᠋ᠢᠨ ᠵᠠᠭᠤᠲᠤ ᠨᠤᠭᠤᠳ ᠤ᠋ᠨ ᠨᠢᠭᠡᠨ ᠳ᠋ᠦ᠍ ᠨᠠᠽᠠᠷ — ᠺᠢᠶᠠᠷᠢᠽᠸᠸᠺ  ᠤ᠋ᠨ ᠳᠥᠷᠪᠡᠨ ᠬᠥᠪᠡᠭᠦᠨ ᠶᠠᠪᠤᠳᠠᠭ ᠪᠠᠢᠵᠠᠢ᠃

ᠠᠪᠢᠶ᠎ᠠ ᠪᠦᠷᠢ ᠶ᠋ᠢ ᠴᠢᠩᠨᠠᠵᠤ ᠬᠦᠯᠢᠶᠡᠬᠦ ᠪᠡᠷ ᠰᠢᠢᠳᠴᠦ ᠳᠠᠬᠢᠭᠠᠳ ᠲᠣᠯᠣᠭᠠᠢ ᠬᠠᠷᠠᠭᠳᠠᠬᠤ ᠦᠭᠡᠢ ᠶᠤᠮ ᠪᠣᠯ ᠤᠤ? ᠭᠡᠵᠦ ᠪᠣᠳᠣᠪᠠ᠃ ᠭᠡᠲᠡᠯ᠎ᠡ ᠳᠠᠬᠢᠭᠠᠳ ᠦᠯᠦ ᠲᠠᠨᠢᠭᠳᠠᠬᠤ ᠬᠥᠮᠦᠨ ᠪᠠᠷᠠᠭᠤᠨ ᠲᠠᠯ᠎ᠠ ᠠ᠋ᠴᠠ ᠨᠢ ᠣᠢᠷᠠᠬᠠᠨ ᠦᠵᠡᠭᠳᠡᠯ᠎ᠡ᠃ ᠲᠣᠷᠤᠫᠺᠠ ᠬᠦᠯᠢᠶᠡᠵᠦ ᠵᠡᠭᠦᠨ ᠲᠠᠯ᠎ᠠ ᠠ᠋ᠴᠠ ᠢᠷᠡᠬᠦ ᠠᠷᠢᠶᠠᠲᠠᠨ ᠤ᠋ ᠠᠮᠢᠰᠬᠤᠭᠤᠯᠬᠤ ᠲᠠᠢ ᠶᠠᠭ ᠠᠳᠠᠯᠢ ᠲᠡᠢᠮᠦ ᠠᠮᠢᠰᠬᠤᠯ ᠢ᠋ ᠰᠣᠨᠣᠰᠪᠠ᠃ ᠬᠣᠨᠢᠨ ᠤ᠋ ᠨᠡᠬᠡᠢ ᠦᠨᠦᠷᠲᠦᠵᠦ᠂ ᠰᠢᠪᠡᠨᠡᠬᠦ ᠨᠢ ᠣᠢᠯᠠᠭᠠᠭᠳᠠᠬᠤ ᠦᠭᠡᠢ ᠶᠠᠷᠢᠶ᠎ᠠ ᠪᠠᠢᠯ᠎ᠠ᠃ ᠣᠷᠣᠰ ᠪᠤᠰᠤ ᠶᠠᠮᠠᠷ ᠬᠥᠮᠦᠨ ᠪᠣᠢ? ᠲᠡᠭᠦᠨ ᠦ᠌ ᠳᠡᠭᠡᠷ᠎ᠡ ᠡᠳᠡ ᠪᠦᠷ ᠣᠢᠷᠠᠬᠠᠨ ᠢᠷᠡᠭᠰᠡᠨ ᠳ᠋ᠦ᠍ ᠤᠳᠠᠭᠠᠰᠢᠷᠠᠭᠤᠯᠵᠤ ᠪᠣᠯᠬᠤ ᠦᠭᠡᠢ᠃ ᠰᠡᠯᠡᠮ᠎ᠡ ᠶᠤᠮ ᠤᠤ᠂ ᠨᠤᠮᠤ ᠰᠤᠮᠤ ᠪᠠᠷ ᠰᠦᠯᠪᠡᠵᠦ ᠮᠡᠳᠡᠨ᠎ᠡ᠃ ᠲᠡᠭᠦᠨ ᠡᠴᠡ ᠤᠷᠢᠲᠠᠬᠤ ᠬᠡᠷᠡᠭᠲᠡᠢ᠁

ᠡᠪᠦᠭᠡᠳ ᠨᠠᠰᠤᠲᠠᠨ ᠤ᠋ ᠪᠠᠨ ᠡᠮᠦᠨ᠎ᠡ ᠥᠪᠡᠷ ᠦ᠋ᠨ ᠡᠷᠡᠯᠬᠡᠭ ᠵᠣᠷᠢᠭᠲᠤ ᠶᠠᠪᠤᠳᠠᠯ ᠭᠠᠪᠢᠶ᠎ᠠ ᠶ᠋ᠢ ᠪᠠᠢᠭᠤᠯᠵᠤ ᠶᠠᠭᠤ ᠮᠠᠭᠠᠳ ᠭᠡᠳᠡᠭ ᠰᠠᠶᠢᠬᠠᠨ ᠤ᠋ ᠪᠣᠳᠣᠯ ᠳᠠᠬᠢᠨ ᠪᠣᠳᠣᠭᠳᠠᠪᠠ᠃ ᠭᠠᠷ ᠲᠸ᠋ ᠪᠠᠢᠭ᠎ᠠ ᠵᠢᠳᠠ᠂ ᠰᠢᠪᠦᠭᠡ ᠮᠡᠲᠦ ᠬᠤᠷᠴᠠ ᠦᠵᠦᠭᠦᠷ ᠲᠡᠢ ᠪᠥᠭᠡᠳ ᠪᠡᠯᠡᠨ ᠵᠡᠭᠦᠭᠡᠰᠦᠲᠡᠢ ᠲᠤᠯᠠ ᠲᠣᠷᠤᠫᠺᠠ ᠪᠦᠬᠦ ᠬᠦᠴᠦ ᠪᠡᠨ ᠬᠥᠪᠴᠢᠯᠡᠵᠦ ᠤᠷᠤᠭᠰᠢ ᠦᠰᠦᠷᠪᠡ᠃ ᠲᠡᠭᠡᠭᠡᠳ ᠵᠢᠳᠠ ᠪᠠᠨ ᠵᠥᠭᠡᠯᠡᠨ ᠶᠠᠭᠤᠮᠠᠨ ᠳ᠋ᠤ᠌ ᠲᠦᠷᠦᠲᠡᠯ᠎ᠡ ᠶᠣᠢᠯᠠᠬᠤ ᠨᠢ ᠪᠡᠶ᠎ᠡ ᠪᠡᠨ ᠪᠠᠷᠢᠭᠰᠠᠨ ᠰᠢᠨᠵᠢᠲᠡᠢ ᠴᠢᠩᠭ᠎ᠠ ᠪᠤᠰᠤ ᠪᠠᠢᠯ᠎ᠠ᠃ ᠲᠡᠳᠦᠢ ᠭ᠌ᠱᠠᠨ ᠵᠠᠭᠤᠷ᠎ᠠ ᠳ᠋ᠤ᠌ ᠬᠦᠨᠳᠦ ᠵᠣᠪᠠᠯᠠᠩ ᠲᠣᠷᠤᠫᠺᠠ ᠶ᠋ᠢᠨ ᠳᠡᠭᠡᠷ᠎ᠡ ᠡᠴᠡ ᠪᠠᠭᠤᠯ᠎ᠠ᠃ ᠥᠭᠡᠷ᠎ᠡ ᠨᠢᠭᠡ ᠨᠢ ᠬᠥᠯ ᠳᠡᠭᠡᠷ᠎ᠡ ᠨᠢ ᠳᠠᠷᠤᠪᠠ᠃ ᠰᠢᠷᠦᠭᠦᠨ ᠠᠯᠠᠭ᠎ᠠ ᠨᠢᠭᠤᠷ ᠢ᠋ ᠲᠠᠭᠯᠠᠵᠤ ᠬᠠᠮᠠᠷ ᠢ᠋ ᠨᠢ ᠳᠠᠷᠤᠨ᠎ᠠ᠃ ᠠᠮᠠ ᠶ᠋ᠢ ᠨᠢ ᠴᠢᠩᠭ᠎ᠠ ᠳᠠᠷᠤᠵᠤ ᠠᠮᠢᠰᠬᠤᠯ ᠦᠯᠦ ᠠᠪᠤᠭᠤᠯᠬᠤ ᠲᠤᠯᠠ ᠲᠣᠷᠤᠫᠺᠠ ᠮᠤᠯᠲᠤᠷᠠᠵᠤ ᠡᠷᠭᠢᠯᠳᠦᠬᠦ ᠶ᠋ᠢ ᠣᠷᠣᠯᠳᠣᠪᠠᠴᠤ ᠤᠯᠠᠮ ᠬᠦᠨᠳᠦᠷᠡᠵᠦ ᠪᠠᠭᠠᠯᠵᠤᠷ ᠢ᠋ ᠨᠢ ᠪᠠᠷᠢᠨ᠎ᠠ᠃ ᠪᠠᠷᠬᠢᠷᠠᠵᠤ ᠴᠥ᠍ ᠪᠣᠯᠬᠤ ᠦᠭᠡᠢ᠂ ᠴᠢᠯᠥᠭᠡᠲᠡᠢ ᠠᠮᠢᠰᠬᠤᠯᠠᠵᠤ ᠴᠥ᠍ ᠪᠣᠯᠬᠤ ᠦᠭᠡᠢ᠂ ᠭᠠᠵᠠᠷ ᠢ᠋ᠶ᠋ᠠᠷ ᠴᠢᠷᠦᠭᠳᠡᠨ ᠶᠠᠪᠤᠵᠤ ᠪᠠᠢᠯ᠎ᠠ᠃ ᠡᠴᠢᠭᠡ ᠳ᠋ᠡᠭᠡᠨ ᠮᠡᠳᠡᠭᠡ ᠶᠠᠭᠠᠬᠢᠵᠤ ᠥᠭᠳᠡᠭ ᠪᠢᠯᠡ? ᠵᠣᠪᠠᠯᠠᠩ ᠳ᠋ᠤ᠌ ᠤᠴᠠᠷᠠᠭᠰᠠᠨ ᠬᠦᠦ ᠪᠡᠨ ᠡᠴᠢᠭᠡ ᠨᠢ ᠣᠷᠬᠢᠬᠤ ᠦᠭᠡᠢ ᠰᠠᠨ ᠳ᠋ᠠ ᠭᠡᠵᠦ ᠪᠣᠳᠣᠪᠠᠴᠤ ᠲᠣᠷᠤᠫᠺᠠ ᠪᠠᠷᠬᠢᠷᠠᠬᠤ ᠪᠠᠢᠲᠤᠭᠠᠢ ᠠᠮᠢᠰᠬᠤᠭᠤᠯᠬᠤ ᠪᠡᠷᠬᠡᠲᠡᠢ ᠪᠥᠭᠡᠳ ᠲᠡᠭᠦᠨ ᠢ᠋ ᠡᠪᠡᠰᠦᠨ ᠳᠡᠭᠡᠭᠦᠷ ᠴᠢᠷᠴᠦ ᠬᠠᠲᠠᠭᠰᠠᠨ ᠤᠷᠭᠤᠮᠠᠯ ᠤ᠋ᠨ ᠮᠥᠴᠢᠷ ᠬᠠᠷᠭᠠᠨ᠎ᠠ ᠨᠤᠭᠤᠳ ᠬᠤᠪᠴᠠᠰᠤ ᠶ᠋ᠢ ᠨᠢ ᠤᠷᠠᠨ᠎ᠠ᠃ ᠭᠠᠷ ᠨᠢ ᠬᠦᠴᠦᠷᠬᠡᠭ ᠰᠢᠷᠦᠭᠦᠨ ᠪᠥᠭᠡᠳ ᠬᠠᠷᠢ ᠬᠥᠮᠦᠨ ᠦ᠌ ᠦᠨᠦᠷ ᠬᠠᠩᠬᠤᠯᠤᠨ᠎ᠠ᠃ ᠠᠮᠠᠨ ᠳ᠋ᠤᠨᠢ ᠠᠯᠴᠢᠭᠤᠷ ᠴᠢᠬᠢᠵᠦ ᠨᠢᠭᠤᠷ ᠢ᠋ ᠨᠢ ᠪᠣᠭᠣᠵᠠᠢ᠃ ᠭᠠᠷ ᠬᠥᠯ ᠢ᠋ ᠨᠢ ᠣᠯᠣᠰᠣ ᠪᠠᠷ ᠴᠢᠩᠭ᠎ᠠ ᠬᠦᠯᠢᠵᠡᠢ᠃
   
ᠵᠠᠭᠤᠲᠤ ᠶ᠋ᠢᠨ ᠳᠠᠷᠤᠭ᠎ᠠ ᠲᠶᠤᠢ᠍ᠯᠶᠡᠪ— ᠪᠢᠷᠭ᠌ᠸᠠ ᠬᠠᠭᠤᠴᠢᠨ ᠪᠠᠶᠠᠨᠳ᠋ᠸᠷ ᠬᠠᠭᠠᠨ ᠤ᠋ ᠴᠡᠷᠢᠭ ᠲᠸ᠋ ᠡᠩ  ᠦ᠋ᠨ ᠴᠡᠷᠢᠭ ᠨᠥᠬᠥᠷ ᠪᠠᠢᠭᠰᠠᠨ ᠬᠥᠮᠦᠨ ᠪᠥᠭᠡᠳ ᠲᠡᠷᠡ ᠨᠢ ᠠᠬ᠎ᠠ ᠳᠡᠭᠦᠦ ᠳᠥᠷᠪᠡ ᠶ᠋ᠢ ᠳᠠᠭᠤᠳᠠᠵᠤ:
— ᠲᠠᠯ᠎ᠠ ᠶ᠋ᠢᠨ ᠴᠢᠨᠣ᠎ᠠ᠂ ᠰᠡᠷᠭᠦᠯᠡᠩ ᠡᠷᠡᠰ ᠲᠠᠨᠠᠷ ᠶᠠᠭᠤᠨ ᠳ᠋ᠤ᠌ ᠬᠦᠷᠪᠡᠯ ᠰᠢᠭ᠌ ᠡᠯᠡᠰᠦᠨ ᠳ᠋ᠦ᠍ ᠨᠢᠭᠤᠭᠳᠠᠨ᠎ᠠ ᠪᠣᠢ? ᠡᠨᠡ ᠰᠥᠨᠢ ᠤᠷᠤᠭᠰᠢ ᠲᠠᠪᠰᠢᠵᠤ ᠲᠡᠷᠲᠡᠭᠡ ᠬᠣᠯᠠ ᠶ᠋ᠢᠨ ᠬᠠᠢᠯᠠᠰᠤᠨ ᠰᠢᠭᠤᠢ ᠳ᠋ᠤ᠌ ᠣᠴᠢᠭᠲᠤᠨ᠃ ᠲᠡᠨᠳᠡ ᠥᠨᠥᠳᠥᠷ ᠣᠷᠣᠰ ᠤ᠋ᠨ ᠮᠣᠷᠢᠨ ᠴᠡᠷᠢᠭ ᠪᠠᠢᠨ᠎ᠠ ᠭᠡᠵᠦ ᠮᠡᠳᠡᠭᠳᠡᠭᠰᠡᠨ ᠲᠤᠯᠠ ᠲᠠᠨᠠᠷ ᠶᠠᠪᠤᠵᠤ ᠭᠣᠣᠯ ᠤ᠋ᠨ ᠡᠷᠭᠢ ᠳ᠋ᠦ᠍ ᠬᠦᠷᠴᠦ ᠨᠢᠭᠤᠭᠳᠠᠭᠠᠳ ᠶᠠᠳᠠᠬᠤ ᠳ᠋ᠠᠭᠠᠨ ᠨᠢᠭᠡ ᠣᠷᠣᠰ ᠢ᠋ ᠴᠦ᠍ ᠣᠯᠵᠠᠯᠠᠨ ᠠᠪᠴᠤ ᠬᠦᠯᠢᠭᠡᠳ ᠪᠦᠷᠢᠨ ᠪᠦᠲᠦᠨ ᠢ᠋ᠶ᠋ᠡᠷ ᠠᠪᠴᠢᠷᠠᠭᠲᠤᠨ ᠭᠡᠪᠡ᠃ ᠵᠠᠭᠤᠲᠤ ᠶ᠋ᠢᠨ ᠳᠠᠷᠤᠭ᠎ᠠ ᠭᠢᠯᠠᠯᠵᠠᠭᠰᠠᠨ ᠰᠠᠬᠠᠯ ᠢ᠋ᠶ᠋ᠠᠨ ᠢᠯᠢᠵᠦ ᠬᠥᠮᠥᠰᠬᠡ ᠵᠠᠩᠭᠢᠳᠤᠨ ᠠᠬ᠎ᠠ ᠳᠡᠭᠦᠦ ᠳᠥᠷᠪᠡ ᠶ᠋ᠢ ᠠᠵᠢᠭᠯᠠᠨ ᠬᠠᠷᠠᠭᠰᠠᠨ ᠳ᠋ᠤ᠌ ᠲᠡᠳᠡᠨᠡᠷ ᠴᠢᠷᠠᠢ ᠨᠢ ᠪᠠᠷᠤᠢᠵᠤ ᠳᠤᠭᠤᠢ ᠵᠣᠭᠰᠣᠨ᠎ᠠ᠃ ᠠᠪᠤᠭᠰᠠᠨ ᠲᠤᠰᠢᠶᠠᠯ ᠡᠳᠡ ᠨᠠᠷ ᠢ᠋ ᠪᠠᠶᠠᠷᠯᠠᠭᠤᠯᠤᠭᠰᠠᠨ ᠦᠭᠡᠢ ᠠᠵᠢ᠃
— ᠶᠠᠭᠤᠨ ᠳ᠋ᠤ᠌ ᠬᠠᠷᠢᠭᠤ ᠥᠭᠬᠦ ᠦᠭᠡᠢ ᠪᠠᠢᠵᠠᠭᠠᠨ᠎ᠠ ᠪᠣᠢ? ᠭᠡᠬᠦ ᠳ᠋ᠦ᠍ ᠠᠬ᠎ᠠ ᠳ᠋ᠸᠮᠢᠷ ᠥᠭᠦᠯᠡᠷᠦᠨ᠂
—ᠬᠡᠷᠪᠡ ᠪᠢᠳᠡ ᠣᠷᠣᠰ ᠤ᠋ᠳ ᠠ᠋ᠴᠠ ᠪᠠᠷᠢᠵᠤ ᠢᠷᠡᠪᠡᠯ᠂ ᠪᠢᠳᠡᠨ ᠳ᠋ᠦ᠍ ᠶᠠᠮᠠᠷ ᠱᠠᠩᠨᠠᠯ ᠥᠭᠬᠦ ᠪᠣᠢ?
— ᠲᠠᠨᠠᠷ ᠤ᠋ᠨ ᠲᠤᠬᠠᠢ ᠬᠠᠭᠠᠨ ᠪᠠᠶᠠᠨᠳ᠋ᠸᠷ ᠲᠸ᠋ ᠬᠡᠯᠡᠪᠡᠯ ᠲᠡᠷᠡ ᠲᠠᠨᠠᠷ ᠢ᠋ ᠱᠠᠩᠨᠠᠨ᠎ᠠ᠃
— ᠠ᠋᠂ ᠦᠭᠡᠢ᠃ ᠬᠥᠮᠦᠨ ᠪᠦᠷᠢ ᠳ᠋ᠦ᠍ ᠨᠢᠭᠡ ᠨᠢᠭᠡ ᠬᠣᠨᠢᠨ ᠤ᠋ ᠠᠷᠠᠰᠤᠨ ᠳᠡᠪᠡᠯ ᠥᠭ᠂ ᠬᠠᠷᠠᠪᠠᠤ? ᠡᠢᠮᠦ ᠤᠷᠠᠩᠬᠠᠢ ᠬᠤᠪᠴᠠᠰᠤ ᠲᠠᠢ ᠵᠠᠳᠠᠭᠠᠢ ᠲᠠᠯ᠎ᠠ ᠳ᠋ᠤ᠌ ᠤᠨᠲᠠᠵᠤ ᠪᠠᠢᠨ᠎ᠠ᠂ ᠭᠡᠲᠡᠯ᠎ᠡ ᠴᠢ ᠪᠣᠯ ᠬᠣᠶᠠᠷ ᠪᠠᠭᠯᠠᠭ᠎ᠠ ᠦᠰᠦ ᠲᠡᠢ ᠳᠡᠪᠡᠯ ᠺᠢᠫᠴᠠᠺ ᠤ᠋ᠨ ᠨᠡᠭᠦᠳᠡᠯᠴᠢᠨ ᠡᠴᠡ ᠠᠪᠤᠭᠠᠳ ᠶᠠᠪᠤᠨ᠎ᠠ ᠰᠢᠦ ᠳ᠋ᠠ᠃ ᠪᠢᠳᠡ ᠲᠠᠭᠠᠷᠠᠨ᠎ᠠ ᠭᠡᠪᠡ᠃
— ᠮᠠᠷᠭᠠᠰᠢ ᠨᠠᠳᠠᠳᠤ ᠣᠷᠣᠰ ᠠ᠋ᠴᠠ ᠠᠪᠴᠢᠷᠠᠵᠤ ᠥᠭ᠂ ᠲᠡᠭᠡᠪᠡᠯ ᠬᠥᠮᠦᠨ ᠪᠣᠯᠭᠠᠨ ᠨᠢᠭᠡ ᠨᠢᠭᠡ ᠳᠡᠪᠡᠯ ᠲᠡᠢ ᠪᠣᠯᠤᠨ᠎ᠠ᠃
— ᠴᠢᠨᠦ ᠦᠭᠡ ᠦᠨᠡᠨ ᠪᠠᠢᠬᠤ ᠶᠣᠰᠣᠲᠠᠢ ᠭᠡᠵᠦ ᠬᠣᠶᠠᠳᠤᠭᠠᠷ ᠠᠬ᠎ᠠ ᠪᠦᠷᠢᠪᠡᠢ ᠥᠭᠦᠯᠡᠭᠰᠡᠨ ᠨᠢ᠄
— ᠴᠢ᠂ ᠪᠢᠳᠡᠨ ᠳ᠋ᠦ᠍ ᠮᠥᠯᠬᠥᠵᠦ ᠰᠢᠭᠤᠢ ᠬᠦᠷᠬᠦ ᠬᠡᠷᠡᠭᠲᠡᠢ ᠭᠡᠵᠦ ᠲᠤᠰᠢᠶᠠᠵᠤ ᠪᠠᠢᠨ᠎ᠠ᠃ ᠡᠨᠡ ᠴᠢᠨᠢ ᠶᠠᠭᠤ ᠴᠥ᠍ ᠪᠣᠯᠬᠤ ᠦᠭᠡᠢ᠂ ᠪᠢᠳᠡ ᠣᠷᠣᠰ ᠠ᠋ᠴᠠ ᠠᠶᠤᠬᠤ ᠠ᠋ᠴᠠ ᠪᠠᠨ ᠢᠯᠡᠭᠦᠦ ᠪᠡᠷ ᠶᠠᠪᠠᠭᠠᠨ ᠶᠠᠪᠤᠬᠤ ᠠ᠋ᠴᠠ ᠪᠠᠨ ᠠᠶᠤᠨ᠎ᠠ᠃ ᠪᠢᠳᠡ ᠮᠣᠷᠢ ᠪᠠᠷ ᠶᠠᠪᠤᠵᠤ ᠵᠠᠩᠰᠢᠭᠰᠠᠨ᠃ ᠲᠡᠭᠡᠭᠡᠳ ᠴᠦ᠍ ᠰᠢᠭᠤᠢ ᠬᠦᠷᠬᠦ ᠡᠴᠡ ᠡᠮᠦᠨ᠎ᠡ ᠭᠤᠲᠤᠯ ᠤ᠋ᠨ ᠤᠯᠠ ᠦᠭᠡᠢ ᠪᠣᠯᠤᠨ᠎ᠠ ᠰᠢᠦ ᠳ᠋ᠠ᠃ ᠰᠥᠨᠢ ᠬᠠᠷᠠᠩᠭᠤᠢ ᠪᠠᠷ ᠶᠠᠪᠤᠵᠤ ᠮᠣᠷᠢᠳ ᠢ᠋ᠶ᠋ᠠᠨ ᠭᠠᠩᠭᠠᠨ ᠳ᠋ᠤ᠌ ᠨᠢᠭᠤᠵᠤ ᠰᠢᠭᠤᠢ ᠳᠣᠲᠣᠭᠤᠷ ᠶᠠᠪᠤᠵᠤ ᠭᠠᠯ ᠳ᠋ᠤ᠌ ᠳᠤᠯᠠᠭᠠᠴᠠᠵᠤ᠂ ᠲᠠᠩᠨᠠᠭᠤᠯ ᠲᠠᠢ ᠲᠣᠬᠢᠶᠠᠯᠳᠤᠪᠠᠯ ᠪᠢᠳᠡ᠂ ᠲᠡᠳᠡᠨᠡᠷ ᠢ᠋ ᠳᠠᠭᠠᠷᠢᠨ ᠣᠷᠣᠨ᠎ᠠ᠃ ᠬᠡᠷᠪᠡ ᠣᠷᠣᠰ ᠠᠷᠪᠢᠨ ᠪᠠᠢᠪᠠᠯ ᠶᠠᠭᠠᠬᠢᠵᠤ ᠲᠣᠯᠣᠭᠠᠢ ᠪᠠᠨ ᠪᠦᠲᠦᠨ ᠠᠪᠴᠢᠷᠠᠬᠤ ᠪᠢᠯᠡ? ᠭᠠᠭᠴᠠᠬᠠᠨ ᠮᠣᠷᠢᠳ ᠪᠢᠳᠡᠨ ᠢ᠋ ᠠᠪᠤᠷᠠᠵᠤ ᠴᠢᠳᠠᠨ᠎ᠠ ᠭᠡᠪᠡ᠃
— ᠮᠣᠷᠢᠳ ᠢ᠋ᠶ᠋ᠠᠨ ᠠᠪᠴᠠᠭ᠎ᠠ᠂ ᠡᠷᠡᠯᠬᠡᠭ ᠵᠣᠷᠢᠭᠲᠠᠢ ᠬᠥᠮᠦᠨ ᠢ᠋ ᠠᠵᠠ ᠳᠠᠭᠠᠳᠠᠭ᠂ ᠭᠠᠷ ᠬᠣᠭᠣᠰᠣᠨ ᠪᠢᠲᠡᠭᠡᠢ ᠢᠷᠡᠭᠡᠷᠡᠢ᠂ ᠪᠠᠷᠢᠵᠤ ᠠᠪᠤᠭᠰᠠᠨ ᠬᠥᠮᠦᠨ ᠢ᠋ ᠠᠮᠢᠳᠤ ᠮᠡᠨᠳᠦ ᠠᠪᠴᠢᠷᠠ᠂ ᠲᠡᠭᠦᠨ ᠦ᠌ ᠥᠰᠥᠭᠡᠢ ᠶ᠋ᠢ ᠬᠠᠭᠠᠷᠢᠵᠤ ᠪᠠᠢᠭᠠᠳ ᠬᠠᠮᠤᠭ ᠦᠭᠡ ᠶ᠋ᠢ ᠨᠢ ᠰᠣᠨᠣᠰᠴᠤ ᠪᠣᠯᠤᠨ᠎ᠠ᠃ ᠲᠩᠷᠢ ᠲᠠᠨᠠᠷ ᠢ᠋ ᠠᠪᠤᠷᠠᠬᠤ ᠪᠣᠯᠲᠤᠭᠠᠢ᠃

   ᠦᠰᠦᠭ ᠠᠮᠢᠯᠠᠭᠤᠯᠤᠭᠴᠢ᠄ ᠭᠡᠷᠡᠯ᠂ ᠠᠯᠲᠠᠨᠴᠢᠮᠡᠭ᠂ ᠪᠠᠶᠠᠨᠴᠡᠴᠡᠭ᠂ ᠬᠡᠷᠡᠢᠳ· ᠮᠥᠩᠬᠡᠨᠠᠰᠤᠨ
   ᠬᠢᠨᠠᠭᠴᠢ᠄ ᠲ· ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ