ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠴᠢᠨ ᠬᠣᠶᠠᠷ〕 Цаг төрийн үймээн – Д ᠂ Намдаг - Амьдралын зам ᠂ нэгдүгээр бүлэг - 32 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠴᠢᠨ ᠬᠣᠶᠠᠷ〕 Цаг төрийн үймээн – Д ᠂ Намдаг - Амьдралын зам ᠂ нэгдүгээр бүлэг - 32

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠴᠢᠨ ᠬᠣᠶᠠᠷ〕 Цаг төрийн үймээн – Д ᠂ Намдаг - Амьдралын зам ᠂ нэгдүгээр бүлэг - 32

ᠠᠩᠭᠢᠯᠠᠯ:ᠲᠤᠭᠤᠵᠢ ᠷᠣᠮᠠᠨ
2025-10-14

124

ᠰᠢᠨ᠎ᠡ ᠶᠢᠨ ᠵᠢᠷᠭᠤᠭᠠᠨ ᠨᠠᠰᠤᠨ ᠳᠤ ᠥᠯᠵᠡᠢ ᠡᠳᠦᠷ


       ᠡᠳᠦᠷ ᠳᠤᠮᠳᠠ ᠶ᠋ᠢᠨ ᠬᠢᠷᠢ ᠳ᠋ᠦ᠍ ᠪᠠᠯᠳᠠᠨᠴᠡᠷᠢᠩ ᠤᠷᠢᠳ ᠰᠥᠨᠢ ᠶ᠋ᠢᠨ ᠬᠡᠮᠵᠢᠶ᠎ᠡ ᠦᠭᠡᠢ ᠶᠡᠬᠡ ᠶᠠᠳᠠᠷᠠᠯ ᠳ᠋ᠤ᠌ ᠳᠠᠷᠤᠭᠳᠠᠨ ᠤᠨᠲᠠᠭᠰᠠᠨ ᠢ᠋ᠶ᠋ᠠᠨ ᠠᠯᠭᠤᠷᠬᠠᠨ ᠢ᠋ᠶ᠋ᠠᠷ ᠰᠡᠷᠡᠪᠡ᠃ ᠡᠬᠢᠯᠡᠭᠡᠳ ᠪᠡᠶ᠎ᠡ ᠪᠡᠨ ᠠᠵᠢᠬᠤ ᠳ᠋ᠤ᠌ ᠲᠣᠯᠣᠭᠠᠢ ᠨᠢ ᠮᠠᠰᠢ ᠬᠦᠨᠳᠦ᠂ ᠬᠣᠶᠠᠷ ᠴᠢᠬᠢ ᠨᠢ ᠦᠷᠭᠦᠯᠵᠢᠯᠡᠨ ᠳᠦᠩᠭᠢᠨᠡᠵᠦ᠂ ᠠᠮᠢᠰᠬᠤᠯ ᠨᠢ ᠦᠶ᠎ᠡ ᠦᠶ᠎ᠡ ᠲᠠᠰᠤᠯᠳᠠᠵᠤ ᠪᠠᠢᠯ᠎ᠠ᠃ ᠤᠷᠢᠳ ᠰᠥᠨᠢ ᠠᠩᠬ᠎ᠠ ᠣᠷᠣᠨ ᠳ᠋ᠠᠭᠠᠨ ᠣᠷᠣᠭᠠᠳ ᠬᠡᠪᠲᠡᠬᠦ ᠳ᠋ᠦ᠍ᠨᠢ ᠶᠠᠭ ᠡᠢᠮᠦ ᠪᠠᠢᠭᠰᠠᠨ ᠢ᠋ᠶ᠋ᠠᠨ ᠤᠴᠢᠷ ᠶᠡᠷᠦ ᠤᠨᠲᠠᠭ᠎ᠠ ᠦᠭᠡᠢ ᠰᠢᠭ ᠰᠠᠨᠠᠭᠳᠠᠨ᠎ᠠ᠃ ᠲᠣᠯᠣᠭᠠᠢ ᠪᠠᠨ ᠠᠷᠠᠢᠬᠠᠨ ᠡᠷᠭᠢᠭᠦᠯᠦᠨ ᠨᠢᠳᠦ ᠨᠡᠭᠡᠭᠡᠨ ᠬᠠᠷᠠᠬᠤ ᠳ᠋ᠤ᠌ ᠭᠡᠷ ᠲᠦ᠍ ᠬᠥᠮᠦᠨ ᠦᠭᠡᠢ ᠲᠣᠭᠣᠨᠣ ᠪᠠᠷ ᠣᠷᠣᠵᠤ ᠢᠷᠡᠭᠰᠡᠨ ᠨᠠᠷᠠᠨ ᠤ᠋ ᠲᠤᠰᠬᠠᠯ ᠡᠳᠦᠷ ᠳᠤᠮᠳᠠ ᠪᠣᠯᠤᠭᠰᠠᠨ ᠢ᠋ ᠢᠯᠡᠴᠢᠯᠡᠨ᠎ᠡ᠃《ᠦᠭᠡᠢ ᠡᠨᠡ ᠴᠢᠨᠢ ᠶᠠᠭᠤ ᠪᠣᠢ? ᠪᠢ ᠵᠡᠭᠦᠳᠦᠯᠡᠵᠦ ᠪᠠᠢᠨ᠎ᠠ ᠤᠤ?》 ᠭᠡᠵᠦ ᠪᠡᠶ᠎ᠡ ᠪᠡᠨ ᠠᠵᠢᠬᠤ ᠳ᠋ᠤ᠌ ᠪᠦᠬᠦ ᠪᠡᠶ᠎ᠡ ᠬᠠᠴᠢᠨ ᠬᠦᠨᠳᠦ᠂ ᠢᠯᠠᠩᠭᠤᠶ᠎ᠠ ᠨᠢᠳᠦ᠂ ᠬᠠᠮᠠᠷ᠂ ᠤᠷᠤᠭᠤᠯ ᠲᠡᠷᠡ ᠠᠶ᠎ᠠ ᠪᠠᠷ ᠢ᠋ᠶ᠋ᠠᠨ ᠪᠤᠰᠤᠳ ᠤ᠋ᠨ ᠶᠠᠭᠤᠮ᠎ᠠ ᠰᠢᠭ᠋ ᠬᠥᠰᠢᠯᠳᠦᠨ᠎ᠡ᠃ ᠪᠠᠷᠢᠵᠤ ᠦᠵᠡᠬᠦ ᠳ᠋ᠦ᠍ ᠮᠠᠰᠢ ᠬᠥᠨᠳᠡᠭᠦᠷ᠂ ᠵᠤᠵᠠᠭᠠᠨ ᠬᠠᠪᠤᠳᠠᠷ ᠰᠠᠭᠤᠭᠰᠠᠨ ᠪᠠᠢᠬᠤ ᠪᠥᠭᠡᠳ ᠤᠷᠢᠳ ᠰᠥᠨᠢ ᠪᠣᠭᠳᠠ ᠶ᠋ᠢᠨ ᠣᠷᠳᠣᠨ ᠤ᠋ ᠥᠨᠳᠥᠷ ᠱᠣᠩ ᠢ᠋ ᠮᠥᠷᠭᠥᠭᠰᠡᠨ ᠢ᠋ ᠰᠠᠨᠠᠭᠳᠠᠭᠤᠯᠤᠨ᠎ᠠ᠃ ᠳᠠᠷᠠᠭ᠎ᠠ ᠨᠢ ᠨᠠᠰᠤ ᠪᠠᠷᠠᠭᠰᠠᠨ ᠠᠮᠠᠷᠠᠭ ᠪᠠ ᠲᠡᠭᠦᠨ ᠦ᠌ ᠠᠪᠤ ᠡᠵᠢ ᠨᠠᠷ ᠤ᠋ᠨ ᠪᠠᠢᠭᠰᠠᠨ ᠪᠠᠢᠳᠠᠯ ᠴᠥᠮ ᠰᠡᠳᠬᠢᠯ ᠳ᠋ᠦ᠍ ᠣᠷᠣᠵᠤ ᠢᠷᠡᠨ ᠳᠣᠲᠣᠷ᠎ᠠ ᠬᠠᠷᠠᠩᠭᠤᠢᠯᠠᠵᠤ《ᠣᠳᠣ ᠨᠠᠳᠠ ᠳ᠋ᠤ᠌ ᠦᠬᠦᠬᠦ ᠡᠴᠡ ᠢᠯᠡᠭᠦᠲᠠᠢ ᠥᠯᠵᠡᠢ ᠲᠡᠢ ᠶᠠᠭᠤᠮ᠎ᠠ ᠠᠯᠠᠭ᠎ᠠ》 ᠭᠡᠵᠦ ᠪᠣᠳᠣᠪᠠ᠃ ᠭᠡᠲᠡᠯ᠎ᠡ ᠪᠠᠰᠠ ᠠᠮᠠᠷᠠᠭ ᠤ᠋ᠨ ᠢ᠋ᠶ᠋ᠠᠨ ᠪᠡᠯᠡᠭᠯᠡᠭᠰᠡᠨ ᠬᠥᠬᠦᠦᠷ ᠦ᠋ᠨ ᠲᠡᠯᠢᠩ ᠦ᠋ᠨ ᠨᠢᠭᠡᠳᠦᠭᠡᠷ ᠨᠢᠭᠤᠷ ᠤ᠋ᠨ ᠡᠭᠦᠯᠡᠨ ᠳᠡᠭᠡᠷᠡᠬᠢ ᠮᠥᠩᠬᠡ ᠶ᠋ᠢᠨ ᠡᠪᠡᠰᠦ ᠵᠠᠭᠤᠭᠰᠠᠨ ᠪᠤᠭᠤ ᠰᠤᠭᠤ ᠬᠣᠶᠠᠷ ᠬᠠᠷᠠᠭᠳᠠᠪᠠ᠃ ᠲᠡᠭᠦᠨ ᠢ᠋ ᠬᠠᠷᠠᠬᠤ ᠳ᠋ᠤ᠌ ᠣᠷᠴᠢᠯᠠᠩ ᠳ᠋ᠤ᠌ ᠬᠣᠶᠠᠭᠤᠯᠠ ᠪᠠᠨ ᠲᠩᠷᠢ ᠶ᠋ᠢᠨ ᠵᠢᠷᠭᠠᠯ ᠢ᠋ ᠡᠳ᠋ᠯᠡᠶ᠎ᠡ ᠭᠡᠰᠡᠨ ᠤᠳᠬ᠎ᠠ ᠰᠠᠨᠠᠭ᠎ᠠ ᠪᠠᠢᠭᠰᠠᠨ ᠪᠣᠯ ᠣᠳᠣ ᠲᠡᠢᠮᠦ ᠪᠢᠰᠢ᠂ ᠬᠠᠷᠢᠨ ᠨᠢᠭᠦᠯᠲᠦ ᠡᠨᠡ ᠣᠷᠴᠢᠯᠠᠩ ᠠ᠋ᠴᠠ ᠲᠣᠨᠢᠯᠤᠭᠰᠠᠨ ᠬᠣᠢᠨ᠎ᠠ᠂ ᠪᠢᠳᠡᠨ ᠳ᠋ᠦ᠍ ᠡᠩᠬᠡ ᠮᠥᠩᠬᠡ ᠶ᠋ᠢᠨ ᠵᠢᠷᠭᠠᠯ ᠢᠷᠡᠨ᠎ᠡ ᠭᠡᠰᠡᠨ ᠤᠳᠬ᠎ᠠ ᠰᠠᠨᠠᠭ᠎ᠠ ᠪᠣᠯᠤᠨ ᠬᠤᠪᠢᠷᠠᠬᠤ ᠶ᠋ᠢᠨ ᠵᠡᠷᠭᠡᠴᠡᠭᠡ ᠪᠡᠷ ᠣᠳᠣ ᠠᠮᠠᠷᠠᠭ ᠨᠢ ᠡᠭᠦᠯᠡᠨ ᠳᠡᠭᠡᠷ᠎ᠡ《ᠴᠢ ᠣᠳᠣ ᠢᠷ᠎ᠡ! ᠡᠨᠳᠡ ᠬᠣᠶᠠᠭᠤᠯᠠ ᠪᠠᠨ ᠡᠷᠬᠡ ᠴᠢᠯᠥᠭᠡᠲᠡᠢ ᠨᠡᠢᠯᠡᠨ ᠡᠩᠬᠡ ᠮᠥᠩᠬᠡ ᠶ᠋ᠢᠨ ᠵᠢᠷᠭᠠᠯ ᠡᠳ᠋ᠯᠡᠬᠦ ᠪᠡᠨ ᠪᠢ ᠲᠦᠷᠦᠭᠦᠨ ᠬᠡᠯᠡᠭᠰᠡᠨ ᠪᠢᠰᠢ ᠪᠢᠯᠡ ᠤᠤ》 ᠭᠡᠵᠦ ᠤᠷᠢᠨ ᠳᠠᠭᠤᠳᠠᠨ ᠭᠠᠷ ᠰᠣᠩᠭᠣᠵᠤ ᠪᠠᠢᠭ᠎ᠠ ᠰᠢᠭ᠋ ᠰᠠᠨᠠᠭᠳᠠᠬᠤ ᠶ᠋ᠢ ᠬᠡᠯᠡᠬᠦ ᠤᠤ᠂ ᠦᠬᠦᠶ᠎ᠡ ᠭᠡᠰᠡᠨ ᠰᠡᠳᠬᠢᠯ ᠢ᠋ ᠨᠢ ᠤᠯᠠᠮ ᠢ᠋ᠶ᠋ᠠᠷ ᠰᠢᠢᠳᠪᠦᠷᠢ ᠲᠡᠢ ᠪᠣᠯᠭᠠᠵᠤ ᠥᠭᠭᠦᠯ᠎ᠡ᠃ ᠭᠠᠷ ᠢ᠋ᠶ᠋ᠠᠨ ᠬᠥᠨᠵᠢᠯᠡ ᠡᠴᠡ ᠪᠡᠨ ᠭᠠᠷᠭᠠᠨ ᠳᠡᠷ᠎ᠡ ᠶ᠋ᠢᠨ ᠢ᠋ᠶ᠋ᠡᠨ ᠬᠠᠵᠠᠭᠤ ᠳ᠋ᠠᠬᠢ ᠨᠠᠮᠬᠠᠨ ᠰᠢᠷᠭᠤᠤᠯᠭ᠎ᠠ ᠤᠷᠤᠭᠤ ᠪᠠᠨ ᠶᠠᠪᠤᠭᠤᠯᠤᠨ ᠪᠥᠰᠡᠨ ᠳ᠋ᠡᠬᠢ ᠬᠢᠲᠤᠭ᠎ᠠ ᠪᠠᠨ ᠬᠤᠢ ᠲᠠᠢ ᠨᠢ ᠠᠪᠤᠨ ᠡᠯᠢᠭᠡᠨ ᠳᠡᠭᠡᠷ᠎ᠡ ᠪᠡᠨ ᠠᠪᠴᠢᠷᠠᠪᠠ᠃ ᠰᠡᠳᠬᠢᠯ ᠨᠢ ᠶᠡᠷᠦ ᠲᠠᠢᠪᠤᠩ᠂ ᠣᠳᠣ ᠢᠩᠭᠢᠭᠡᠳ ᠦᠬᠦᠬᠦ ᠭᠡᠵᠦ ᠪᠠᠢᠭ᠎ᠠ ᠳ᠋ᠠᠭᠠᠨ ᠪᠠᠶᠠᠷᠯᠠᠬᠤ ᠮᠡᠲᠦ᠂ ᠪᠡᠶ᠎ᠡ ᠨᠢ ᠬᠥᠰᠢᠭᠦᠨ᠂ ᠬᠠᠮᠠᠷ ᠨᠠᠷᠮᠠᠢ ᠶ᠋ᠢᠨ ᠬᠢᠨᠢ ᠡᠮᠵᠡᠭᠯᠡᠯ ᠴᠥᠮ ᠠᠷᠢᠯᠵᠤ᠂ ᠵᠢᠷᠦᠬᠡ ᠨᠢ ᠪᠣᠯᠪᠠᠴᠤ ᠨᠢᠭᠡᠨ ᠵᠢᠭᠳᠡ ᠨᠠᠮᠤᠭᠤᠬᠠᠨ ᠴᠣᠬᠢᠯᠠᠨ᠎ᠠ᠃ ᠬᠢᠲᠤᠭ᠎ᠠ ᠪᠠᠨ ᠰᠤᠭᠤᠯᠤᠨ ᠵᠢᠷᠦᠬᠡᠨ ᠦ᠌ ᠪᠡᠨ ᠴᠣᠬᠢᠯᠭᠠᠨ ᠳᠡᠭᠡᠷ᠎ᠡ ᠠᠪᠴᠢᠷᠠᠬᠤ ᠳ᠋ᠤ᠌ ᠦᠵᠦᠭᠦᠷ ᠨᠢ ᠰᠢᠪᠦᠭᠡ ᠪᠣᠯᠤᠭᠠᠳ ᠤᠭ ᠲᠡᠮᠦᠷ ᠦ᠋ᠨ ᠨᠠᠷᠢᠬᠠᠨ ᠨᠢ ᠮᠡᠳᠡᠭᠳᠡᠨ《ᠠᠢ ᠳᠠ᠂ ᠡᠨᠡ ᠴᠦ᠍ ᠬᠠᠷᠢᠨ ᠠᠮᠠᠷᠬᠠᠨ ᠣᠷᠣᠨ᠎ᠠ ᠳᠠ》 ᠭᠡᠵᠦ ᠪᠣᠳᠣᠭᠳᠠᠨ᠎ᠠ᠃
       ᠭᠡᠲᠡᠯ᠎ᠡ ᠭᠡᠨᠡᠳᠲᠡ ᠭᠡᠷ ᠦ᠋ᠨ ᠬᠢᠨᠢ ᠬᠠᠭᠠᠯᠭ᠎ᠠ ᠰᠢᠷᠦᠭᠦᠨ ᠢ᠋ᠶ᠋ᠡᠷ ᠨᠡᠭᠡᠭᠡᠭᠳᠡᠬᠦ ᠴᠢᠮᠡᠭᠡ ᠪᠠᠯᠳᠠᠨᠴᠡᠷᠢᠩ ᠢ᠋ ᠰᠣᠴᠢᠭᠠᠪᠠ᠃ ᠥᠪᠡᠷ ᠢ᠋ ᠪᠡᠨ ᠪᠢᠰᠢ᠂ ᠥᠭᠡᠷ᠎ᠡ ᠪᠤᠰᠤᠳ ᠢ᠋ ᠬᠣᠣᠷᠯᠠᠬᠤ ᠭᠡᠵᠦ ᠪᠠᠢᠭᠰᠠᠨ ᠶᠤᠮ ᠰᠢᠭ᠋ ᠬᠢᠲᠤᠭ᠎ᠠ ᠪᠠᠨ ᠶᠠᠭᠠᠷᠠᠨ ᠬᠣᠢᠰᠢ ᠲᠡᠳᠡᠨ ᠨᠢᠷᠤᠭᠤᠨ ᠳᠣᠣᠷ᠎ᠠ ᠪᠠᠨ ᠨᠢᠭᠤᠪᠠ᠃ ᠳᠡᠷᠭᠡᠳᠡ ᠨᠢ ᠨᠢᠭᠡ ᠬᠥᠮᠦᠨ ᠢᠷᠡᠭᠡᠳ ᠬᠠᠮᠠᠷ ᠢ᠋ᠶ᠋ᠠᠨ ᠱᠤᠤᠬᠢᠬᠲᠤᠨᠠᠭᠤᠯᠤᠨ ᠵᠣᠭᠰᠣᠬᠤ ᠶ᠋ᠢ ᠴᠢᠩᠨᠠᠬᠤ ᠳ᠋ᠤ᠌ ᠱᠠᠪᠢ ᠨᠢ ᠪᠠᠢᠭ᠎ᠠ ᠠᠵᠢ᠃ 
       — ᠪᠠᠭᠰᠢ ᠠ᠋!  ᠪᠠᠭᠰᠢ ᠠ᠋! ᠭᠡᠵᠦ ᠱᠠᠪᠢ ᠬᠥᠨᠵᠢᠯᠡ ᠳ᠋ᠦ᠍ᠨᠢ ᠭᠠᠷ ᠭᠦᠷᠦᠨ ᠵᠥᠭᠡᠯᠡᠨ ᠢ᠋ᠶ᠋ᠡᠷ ᠴᠣᠬᠢᠯᠠᠪᠠ᠃ 
       — ᠠ ᠶᠠᠭᠤ ᠪᠣᠢ? ᠶᠠᠭᠤ ᠪᠣᠯᠤᠭ᠎ᠠ ᠪᠣᠢ? ᠭᠡᠵᠦ ᠲᠣᠯᠣᠭᠠᠢ ᠪᠠᠨ ᠬᠥᠨᠵᠢᠯᠡ ᠡᠴᠡ ᠭᠠᠷᠭᠠᠯ ᠦᠭᠡᠢ ᠠᠰᠠᠭᠤᠬᠤ ᠳ᠋ᠤ᠌᠄ 
       — ᠪᠣᠭᠳᠠ ᠪᠠᠷᠢᠭᠳᠠᠵᠠᠢ ᠭᠡᠵᠦ ᠰᠤᠯᠠᠬᠠᠨ ᠢ᠋ᠶ᠋ᠠᠷ ᠬᠠᠷᠢᠭᠤᠯᠤᠨ ᠠᠮᠢᠰᠬᠤᠭᠠᠳᠠᠪᠠ ᠁  
       — ᠪᠣᠭᠳᠠ ᠶ᠋ᠢ? ᠬᠡᠨ ᠪᠠᠷᠢᠬᠤ ᠨᠢ ᠲᠡᠷᠡ ᠪᠣᠢ? 
       — ᠭᠠᠮᠢᠩ ᠤ᠋ᠳ᠃  
       — ᠬᠡᠵᠢᠶ᠎ᠡ? 
       — ᠥᠴᠥᠭᠡᠳᠦᠷ᠃  
       ᠥᠴᠥᠭᠡᠳᠦᠷ ᠭᠡᠳᠡᠭ ᠨᠢ ᠰᠢᠨ᠎ᠡ ᠶ᠋ᠢᠨ ᠳᠥᠷᠪᠡᠨ᠂ ᠰᠣᠢᠪᠣᠨ ᠯᠠᠮᠠ《ᠰᠢᠨ᠎ᠡ ᠶ᠋ᠢᠨ ᠳᠥᠷᠪᠡᠨ ᠳ᠋ᠦ᠍ ᠭᠠᠮᠢᠩ ᠤ᠋ᠨ ᠨᠣᠶᠠᠳ ᠳᠠᠷᠤᠭ᠎ᠠ ᠨᠠᠷ ᠪᠣᠭᠳᠠ ᠳ᠋ᠤ᠌ ᠪᠠᠷᠠᠯᠬᠠᠨ᠎ᠠ》 ᠭᠡᠵᠦ ᠪᠠᠢᠭᠰᠠᠨ ᠢ᠋ ᠰᠠᠨᠠᠬᠤ ᠳ᠋ᠤ᠌ ᠪᠠᠷᠠᠯᠬᠠᠬᠤ ᠪᠢᠰᠢ᠂ ᠪᠠᠷᠢᠬᠤ ᠪᠠᠨ ᠲᠡᠭᠡᠵᠦ ᠮᠡᠳᠡᠭᠳᠡᠭᠰᠡᠨ ᠬᠡᠷᠡᠭ ᠪᠠᠢᠵᠠᠢ ᠭᠡᠵᠦ ᠪᠣᠳᠣᠭᠳᠠᠪᠠ᠃  ᠭᠡᠪᠡᠴᠦ ᠲᠠᠪᠠᠯᠠᠬᠤ ᠶᠠᠭᠤᠮ᠎ᠠ ᠠᠯᠠᠭ᠎ᠠ᠃ ᠬᠠᠷᠢᠨ ᠪᠣᠭᠳᠠ ᠶᠠᠮᠠᠷ ᠪᠣᠯᠪᠠᠴᠤ ᠮᠣᠩᠭᠣᠯ ᠬᠥᠮᠦᠨ ᠨᠢᠭᠡᠪᠦᠷᠢ ᠶ᠋ᠢᠨ ᠰᠦᠰᠦᠭ ᠪᠢᠰᠢᠷᠡᠯ ᠢ᠋ ᠥᠪᠡᠷ ᠲᠡᠭᠡᠨ ᠲᠠᠲᠠᠭᠰᠠᠨ ᠬᠥᠮᠦᠨ ᠪᠥᠭᠡᠳ—《ᠲᠠ ᠨᠠᠷ ᠦᠬᠦᠴᠡᠭᠡ᠃ ᠨᠠᠰᠤᠨ ᠤ᠋ ᠴᠢᠨᠢ ᠬᠡᠮᠵᠢᠶ᠎ᠡ ᠭᠦᠢᠴᠡᠭᠰᠡᠨ》 ᠭᠡᠵᠦ ᠵᠠᠷᠯᠢᠭ ᠪᠠᠭᠤᠪᠠᠴᠤ ᠳᠠᠭᠤ ᠦᠭᠡᠢ ᠳᠠᠭᠠᠬᠤ ᠬᠥᠮᠦᠨ ᠣᠯᠠᠨ ᠪᠠᠢᠬᠤ ᠠᠲᠠᠯ᠎ᠠ᠂ ᠲᠡᠢᠮᠦ ᠬᠥᠮᠦᠨ ᠢ᠋ ᠪᠠᠷᠢᠬᠤ ᠨᠢ ᠶᠠᠭᠤ ᠪᠣᠢ? ᠡᠨᠡ ᠪᠣᠯ ᠮᠣᠩᠭᠣᠯ ᠬᠥᠮᠦᠨ ᠨᠢᠭᠡᠪᠦᠷᠢ ᠶ᠋ᠢ ᠠᠳᠤᠭᠤᠰᠤ ᠮᠠᠯ ᠤ᠋ᠨ ᠲᠡᠳᠦᠢ ᠳ᠋ᠦ᠍ ᠦᠵᠡᠭᠰᠡᠨ ᠳᠣᠷᠣᠮᠵᠢᠯᠠᠯ ᠭᠡᠵᠦ ᠪᠣᠳᠣᠭᠳᠠᠨ ᠴᠡᠭᠡᠵᠢᠨ ᠳ᠋ᠦ᠍ᠨᠢ ᠶᠡᠬᠡ ᠬᠣᠷᠣᠰᠤᠯ ᠬᠤᠷᠠᠯᠳᠤᠵᠤ ᠡᠬᠢᠯᠡᠪᠡ᠃ ᠦᠶ᠎ᠡ ᠮᠥᠴᠡ ᠢᠷᠡᠬᠦ ᠳᠣᠳᠣᠮ ᠥᠰᠢᠶ᠎ᠡ ᠬᠣᠷᠣᠰᠤᠯ ᠠᠭᠤᠷ ᠪᠤᠬᠢᠨᠢᠳᠤᠯ ᠨᠡᠮᠡᠭᠳᠡᠨ᠎ᠡ᠃《ᠶᠡᠷᠦ ᠮᠣᠩᠭᠣᠯ ᠬᠥᠮᠦᠨ ᠡᠨᠡ ᠭᠠᠮᠢᠩ ᠤ᠋ᠳ ᠲᠤ᠌ ᠳᠣᠷᠣᠢᠲᠠᠯ ᠢᠷᠡᠬᠦ ᠶ᠋ᠢ ᠨᠢ ᠦᠵᠡᠬᠦ ᠪᠣᠯᠪᠠᠤ》 ᠭᠡᠬᠦ ᠡᠴᠡ ᠬᠥᠨᠳᠡᠯᠡᠨ ᠡᠴᠡ ᠨᠢ ᠨᠢᠭᠡ ᠭᠡᠷ ᠶᠠᠭᠤᠮ᠎ᠠ《ᠦᠵᠡᠨ᠎ᠡ! ᠠᠮᠢᠳᠤ ᠪᠠᠢᠪᠠᠰᠤ ᠴᠢ ᠴᠦ᠍ ᠦᠵᠡᠨ᠎ᠡ᠂ ᠥᠭᠡᠷ᠎ᠡ ᠬᠥᠮᠦᠨ ᠴᠦ᠍ ᠦᠵᠡᠨ᠎ᠡ᠂ ᠲᠡᠷᠡ ᠪᠠᠢᠲᠤᠭᠠᠢ ᠦᠢ ᠣᠯᠠᠨ ᠢ᠋ᠶ᠋ᠠᠷ ᠢ᠋ᠶ᠋ᠠᠨ ᠡᠩᠬᠡ ᠲᠦᠪᠰᠢᠨ ᠦ᠌ ᠵᠢᠷᠭᠠᠯ ᠡᠳ᠋ᠯᠡᠬᠦ ᠶ᠋ᠢ ᠴᠦ᠍ ᠬᠡᠨ ᠪᠠᠢᠭ᠎ᠠ ᠭᠡᠬᠦ ᠶᠦᠮ ᠪᠣᠢ?》 ᠭᠡᠵᠦ ᠰᠢᠪᠡᠨᠡᠬᠦ ᠰᠢᠭ ᠪᠣᠯᠪᠠ᠃《ᠭᠠᠳᠠᠭᠤᠷ ᠬᠥᠮᠦᠨ ᠣᠯᠠᠨ ᠤ᠋ ᠪᠠᠢᠳᠠᠯ ᠶᠠᠮᠠᠷ ᠪᠠᠢᠨ᠎ᠠ》 ᠭᠡᠵᠦ ᠠᠰᠠᠭᠤᠬᠤ ᠪᠠᠷ ᠲᠣᠯᠣᠭᠠᠢ ᠪᠠᠨ ᠬᠥᠨᠵᠢᠯᠡ ᠡᠴᠡ ᠪᠡᠨ ᠭᠠᠷᠭᠠᠨ ᠬᠠᠷᠠᠬᠤ ᠳ᠋ᠤ᠌ ᠱᠠᠪᠢ ᠨᠢ ᠠᠯᠠᠭ᠎ᠠ᠃ ᠬᠥᠨᠵᠢᠯᠡ ᠶ᠋ᠢᠨ ᠢ᠋ᠶ᠋ᠡᠨ ᠵᠠᠬ᠎ᠠ ᠶ᠋ᠢ ᠪᠤᠴᠠᠭᠠᠵᠤ ᠲᠣᠯᠣᠭᠠᠢ ᠪᠠᠨ ᠪᠦᠲᠦᠭᠡᠵᠦ ᠠᠪᠤᠭᠠᠳ《ᠭᠠᠮᠢᠩ ᠢ᠋ ᠬᠡᠨ ᠳᠣᠷᠣᠢᠲᠠᠭᠤᠯᠬᠤ ᠶᠤᠮ ᠪᠣᠢ? ᠵᠠ ᠬᠠᠷᠢᠨ ᠬᠣᠯᠠ ᠪᠠᠢᠬ᠎ᠠ᠃ ᠡᠭᠦᠨ ᠳ᠋ᠦ᠍ ᠣᠷᠣᠬᠤ ᠪᠠᠷ ᠪᠦᠬᠦ ᠣᠷᠣᠨ ᠢ᠋ᠶ᠋ᠠᠷ ᠢ᠋ᠶ᠋ᠠᠨ ᠨᠣᠬᠠᠢ ᠪᠠᠨ ᠪᠣᠯᠪᠠᠴᠤ ᠳᠠᠭᠠᠭᠤᠯᠤᠨ ᠪᠣᠰᠪᠠᠯ ᠶᠠᠭᠠᠬᠢᠬᠤ ᠪᠣᠢ? ᠭᠡᠲᠡᠯ᠎ᠡ ᠪᠣᠷᠣᠣᠬᠠᠢ ᠰᠢᠳᠠᠮ ᠠ᠋ᠴᠠ ᠥᠭᠡᠷ᠎ᠡ ᠪᠠᠷᠢᠬᠤ ᠵᠡᠪᠰᠡᠭ ᠦᠭᠡᠢ ᠰᠢᠦ ᠳᠡ᠃ ᠭᠡᠪᠡᠴᠦ  ᠪᠠᠢᠵᠠ! ᠳ᠋ᠦᠩ ᠡᠪᠦᠯ ᠦ᠋ᠨ ᠬᠦᠢᠲᠡᠨ ᠢ᠋ᠶ᠋ᠡᠷ ᠵᠠᠬ᠎ᠠ ᠬᠢᠵᠠᠭᠠᠷ ᠢ᠋ᠶ᠋ᠠᠷ ᠲᠠᠷᠬᠠᠭᠰᠠᠨ ᠵᠢᠵᠢᠭ ᠠᠩᠭᠢ ᠨᠤᠭᠤᠳ ᠠ᠋ᠴᠠ ᠨᠢ ᠳᠠᠭᠠᠷᠢᠨ ᠴᠣᠬᠢᠬᠤ ᠪᠠᠷ ᠶᠠᠭᠤ ᠪᠣᠯᠬᠤ ᠪᠢᠯᠡ ᠠ᠋》 ᠭᠡᠬᠦᠴᠢᠯᠡᠯ ᠦ᠋ᠨ ᠶᠡᠬᠡ ᠶᠠᠭᠤᠮ᠎ᠠ ᠶ᠋ᠢ ᠪᠣᠳᠣᠵᠤ ᠭᠠᠷᠤᠯ᠎ᠠ᠃ ᠬᠠᠭᠠᠯᠭ᠎ᠠ ᠰᠠᠮ  ᠨᠡᠭᠡᠭᠡᠭᠳᠡᠬᠦ ᠰᠣᠨᠣᠰᠳᠠᠪᠠ᠃ ᠣᠷᠣᠨ ᠤ᠋ ᠬᠠᠵᠠᠭᠤ ᠳ᠋ᠤ᠌ ᠨᠢᠭᠡ ᠬᠥᠮᠦᠨ ᠰᠠᠮ ᠢᠷᠡᠨ ᠰᠠᠭᠤᠬᠤ ᠶ᠋ᠢ ᠨᠢ ᠴᠢᠬᠢ ᠲᠠᠯᠪᠢᠨ ᠠᠵᠢᠬᠤ ᠳ᠋ᠤ᠌ ᠱᠠᠪᠢ ᠨᠢ ᠠᠵᠢ᠃ 
       — ᠪᠠᠭᠰᠢ ᠠ᠋᠂ ᠪᠠᠭᠰᠢ ᠠ᠋ ᠭᠡᠵᠦ ᠶᠠᠭᠠᠷᠠᠨ ᠳᠠᠭᠤᠳᠠᠬᠤ ᠳ᠋ᠤᠨᠢ᠄  ᠵᠠ ᠶᠠᠭᠤ ᠭᠡᠪᠡ? 
       — ᠨᠤᠲᠤᠭ ᠠ᠋ᠴᠠ ᠠᠶᠠᠨᠴᠢᠳ ᠢᠷᠡᠭᠡᠳ ᠪᠠᠢᠨ᠎ᠠ ᠪᠠᠭᠰᠢ ᠠ᠋᠃ ᠪᠢ ᠲᠡᠳᠡᠨ ᠲᠡᠢ ᠠᠭᠤᠯᠵᠠᠪᠠ᠃ 
       — ᠵᠠ ᠲᠡᠭᠡᠭᠡᠳ? 
       — ᠠᠪᠤ ᠪᠡᠶ᠎ᠡ ᠮᠠᠭᠤ᠂ ᠬᠥᠮᠦᠨ ᠪᠦᠯᠢ ᠦᠭᠡᠢ ᠬᠡᠴᠡᠭᠦᠦ ᠪᠠᠢᠭ᠎ᠠ ᠭᠡᠨ᠎ᠡ᠃ 
       — ᠠᠢ ᠲᠡᠭᠡᠭᠡᠳ? 
       — ᠪᠢ ᠶᠠᠪᠤᠵᠤ ᠦᠵᠡᠬᠦ ᠶᠦᠮ ᠪᠢᠯᠢᠤ ᠭᠡᠵᠦ ᠪᠣᠳᠣᠵᠤ ᠪᠠᠢᠨ᠎ᠠ᠃ 
       — ᠳᠤᠭᠤᠯᠤᠯ᠎ᠠ᠂ ᠨᠠᠳᠠ ᠬᠣᠷᠭᠣᠳᠠᠬᠤ ᠬᠡᠷᠡᠭ ᠦᠭᠡᠢ᠃ 
       — ᠵᠠ᠃  
       ᠢᠩᠭᠢᠭᠡᠳ ᠪᠠᠭᠰᠢ ᠱᠠᠪᠢ ᠬᠣᠶᠠᠷ ᠤ᠋ᠨ ᠬᠣᠭᠣᠷᠣᠨᠳᠣ ᠶ᠋ᠢᠨ ᠶᠠᠷᠢᠶ᠎ᠠ ᠨᠢᠭᠡ ᠬᠡᠰᠡᠭ ᠲᠠᠰᠤᠷᠠᠭᠰᠠᠨ ᠪᠥᠭᠡᠳ ᠬᠣᠶᠠᠷ ᠪᠡᠶ᠎ᠡ ᠡᠴᠡ ᠪᠡᠨ ᠦᠭᠡ ᠬᠦᠯᠢᠶᠡᠨ ᠨᠡᠯᠢᠶᠡᠳ ᠤᠳᠠᠭᠰᠠᠨ ᠤ᠋ ᠡᠴᠦᠰ ᠲᠦ᠍ ᠱᠠᠪᠢ᠄ 
       — ᠲᠠ ᠰᠠᠢᠨ ᠰᠠᠭᠤᠵᠤ ᠪᠠᠢᠭᠠᠷᠠᠢ! ᠭᠡᠵᠦ ᠲᠤᠩ ᠠᠶᠠᠷᠬᠠᠨ ᠬᠡᠯᠡᠪᠡ᠃ ᠡᠭᠦᠨ ᠢ᠋ ᠨᠢ ᠪᠠᠯᠳᠠᠨᠴᠡᠷᠢᠩ ᠳᠠᠮ ᠲᠣᠮ ᠰᠣᠨᠣᠰᠤᠨ ᠳᠠᠷᠠᠭᠠᠬᠢ ᠦᠭᠡ ᠶ᠋ᠢ ᠨᠢ ᠬᠦᠯᠢᠶᠡᠪᠡ᠃ ᠭᠡᠲᠡᠯ᠎ᠡ ᠴᠢᠮᠡᠭᠡ ᠠᠯᠠᠭ᠎ᠠ᠂《ᠨᠢᠭᠡ ᠮᠡᠳᠡᠬᠦ ᠳ᠋ᠦ᠍ ᠤᠯᠤᠰ ᠣᠷᠣᠨ ᠴᠢᠨᠢ ᠭᠠᠮᠢᠩ ᠤ᠋ᠨ ᠡᠰᠡᠷᠭᠦ ᠲᠡᠮᠡᠴᠡᠨ ᠪᠣᠰᠬᠤ ᠨᠢ ᠮᠠᠭᠠᠳ᠂ ᠲᠡᠷᠡ ᠴᠠᠭ ᠲᠤ ᠴᠢ ᠮᠢᠨᠢ ᠪᠡᠶ᠎ᠡ ᠪᠡᠨ ᠬᠠᠢᠷᠠᠯᠠᠵᠤ ᠬᠡᠷᠬᠢᠪᠡᠴᠦ ᠪᠣᠯᠬᠤ ᠦᠭᠡᠢ ᠰᠢᠦ ᠳᠡ》 ᠭᠡᠵᠦ ᠵᠠᠬᠢᠶ᠎ᠠ ᠭᠡᠵᠦ ᠪᠣᠳᠣᠨ ᠬᠥᠨᠵᠢᠯᠡ ᠶ᠋ᠢᠨ ᠢ᠋ᠶ᠋ᠡᠨ ᠵᠠᠬ᠎ᠠ ᠶ᠋ᠢ ᠲᠡᠳᠡᠨ ᠬᠠᠷᠠᠬᠤ ᠳ᠋ᠤ᠌ ᠱᠠᠪᠢ ᠨᠢ ᠦᠭᠡᠢ ᠪᠠᠢᠭᠰᠠᠨ ᠪᠥᠭᠡᠳ ᠲᠡᠭᠡᠭᠡᠳ ᠲᠡᠷᠡ ᠠᠷᠪᠠᠨ ᠳᠣᠯᠣᠭ᠎ᠠ ᠬᠦᠷᠴᠦ ᠪᠠᠢᠭ᠎ᠠ ᠵᠢᠭᠠᠬᠠᠨ ᠬᠦᠦ᠂ ᠲᠡᠷᠡ ᠴᠢᠭ ᠢ᠋ᠶ᠋ᠡᠷ ᠢ᠋ᠶ᠋ᠡᠨ ᠣᠷᠣ ᠰᠤᠷᠠᠭ ᠦᠭᠡᠢ ᠪᠣᠯᠤᠭᠰᠠᠨ ᠪᠢᠯᠡ᠃  

             ᠨᠢᠭᠡᠳᠦᠭᠡᠷ ᠪᠦᠯᠦᠭ ᠲᠡᠭᠦᠰᠪᠡ᠃