ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠴᠢᠨ ᠨᠢᠭᠡ〕 Цаг төрийн үймээн – Д ᠂ Намдаг - Амьдралын зам ᠂ нэгдүгээр бүлэг - 31
ᠲᠡᠷᠡ ᠰᠥᠨᠢ ᠶᠢᠨ ᠬᠠᠷᠠᠩᠭᠤᠢ ᠳᠤ
ᠬᠣᠭ ᠠ᠋ᠴᠠ ᠭᠠᠷᠤᠭᠠᠳ ᠨᠡᠯᠢᠶᠡᠳ ᠶᠠᠪᠤᠭᠰᠠᠨ ᠤ᠋ ᠪᠠᠨ ᠡᠴᠦᠰ ᠲᠦ᠍ ᠨᠢᠭᠡ ᠶᠠᠭᠤᠮ᠎ᠠ ᠶ᠋ᠢ ᠤᠯᠠᠭᠠᠨ ᠨᠢᠳᠦ ᠪᠡᠷ ᠢ᠋ᠶ᠋ᠡᠨ ᠮᠥᠷᠭᠥᠪᠡ᠃ ᠨᠢᠳᠦᠨ ᠡᠴᠡ ᠨᠢ ᠭᠠᠯ ᠪᠤᠲᠠᠷᠠᠨ᠂ ᠬᠠᠮᠠᠷ ᠤ᠋ᠨ ᠬᠢᠨᠢ ᠶᠠᠰᠤ ᠱᠠᠷᠬᠢᠷᠠᠨ ᠤᠬᠠᠭᠠᠨ ᠨᠢ ᠪᠠᠯᠠᠷᠠᠪᠠ᠃ ᠭᠡᠪᠡᠴᠦ ᠪᠠᠯᠳᠠᠨᠴᠡᠷᠢᠩ ᠭᠠᠵᠠᠷ ᠤᠨᠠᠭᠰᠠᠨ ᠦᠭᠡᠢ᠂ ᠨᠢᠭᠡ ᠬᠡᠰᠡᠭ ᠶᠠᠭ ᠵᠣᠭᠰᠣᠨ ᠤᠬᠠᠭᠠᠨ ᠢ᠋ᠶ᠋ᠠᠨ ᠰᠡᠷᠭᠦᠭᠡᠵᠦ ᠪᠠᠢᠭᠠᠳ ᠶᠠᠭᠤ ᠶᠠᠭᠤ ᠮᠥᠷᠭᠥᠭᠰᠡᠨ ᠢ᠋ᠶ᠋ᠡᠨ ᠪᠠᠷᠢᠵᠤ ᠦᠵᠡᠪᠡ᠃ ᠭᠡᠲᠡᠯ᠎ᠡ ᠲᠡᠷᠡ ᠨᠢ ᠪᠦᠳᠦᠭᠦᠨ ᠭᠡᠭᠴᠢ ᠶ᠋ᠢᠨ ᠱᠣᠩ ᠠᠵᠢ᠃ ᠴᠠᠭᠠᠰᠢ ᠡᠷᠭᠢᠨ ᠲᠣᠭᠣᠷᠢᠨ ᠢ᠋ ᠯᠠᠪᠯᠠᠨ ᠠᠵᠢᠬᠤ ᠳ᠋ᠤ᠌ ᠬᠣᠢᠨᠠᠬᠠᠨ ᠲᠠᠯ᠎ᠠ ᠳ᠋ᠤᠨᠢ ᠠᠰᠤᠷᠤ ᠲᠣᠮᠣ ᠬᠠᠭᠠᠯᠭ᠎ᠠ ᠪᠠᠢᠭ᠎ᠠ ᠮᠡᠲᠦ ᠦᠵᠡᠭᠳᠡᠪᠡ᠃ ᠡᠢᠮᠦ ᠳ᠋ᠦ᠍ ᠪᠠᠯᠳᠠᠨᠴᠡᠷᠢᠩ ᠪᠣᠭᠳᠠ ᠶ᠋ᠢᠨ ᠣᠷᠳᠣᠨ ᠤ᠋ ᠡᠮᠦᠨ᠎ᠡ ᠢᠷᠡᠭᠰᠡᠨ ᠢ᠋ᠶ᠋ᠡᠨ ᠰᠠᠶᠢ ᠮᠡᠳᠡᠪᠡ᠃ ᠲᠡᠭᠡᠭᠡᠳ ᠥᠪᠡᠷ ᠦ᠋ᠨ ᠭᠣᠮᠣᠳᠠᠯ ᠬᠡᠴᠢᠨᠡᠭᠡᠨ ᠶᠡᠬᠡ ᠪᠠᠢᠪᠠᠴᠤ ᠪᠣᠭᠳᠠ ᠶ᠋ᠢᠨ ᠡᠮᠦᠨ᠎ᠡ ᠵᠥᠪᠬᠡᠨ《ᠵᠠ》 ᠭᠡᠵᠦ ᠠᠯᠠᠭ᠎ᠠ ᠬᠠᠪᠰᠤᠷᠤᠨ ᠮᠡᠬᠦᠢᠬᠦ ᠡᠴᠡ ᠥᠭᠡᠷ᠎ᠡ ᠶᠠᠮᠠᠷ ᠴᠦ᠍ ᠦᠭᠡᠢ ᠦᠭᠡᠢ ᠪᠡᠨ ᠰᠠᠨᠠᠭᠰᠠᠨ ᠪᠥᠭᠡᠳ ᠬᠠᠷᠢᠨ ᠡᠨᠳᠡ ᠢᠷᠡᠬᠦ ᠶ᠋ᠢᠨ ᠣᠷᠣᠨ ᠳ᠋ᠤ᠌ ᠭᠠᠨᠳᠠᠩ ᠳ᠋ᠠᠬᠢ ᠥᠨᠳᠥᠷ ᠵᠠᠩᠷᠠᠢᠰᠠᠭ᠂ ᠠᠷᠠᠳ ᠣᠯᠠᠨ᠂ ᠬᠥᠮᠦᠨ ᠦ᠌ ᠠᠮᠢ ᠨᠠᠰᠤᠨ ᠳ᠋ᠤ᠌ ᠥᠯᠵᠡᠢ ᠲᠡᠢ ᠭᠡᠳᠡᠭ ᠰᠢᠦ ᠳᠡ ᠭᠡᠵᠦ ᠪᠣᠳᠣᠪᠠ᠃ ᠡᠢᠨ ᠬᠦ᠌ ᠪᠣᠳᠣᠭᠰᠠᠨ ᠪᠣᠳᠣᠯ ᠨᠢ ᠮᠥᠨ ᠯᠡ ᠲᠡᠨᠳᠡ ᠬᠦᠷᠭᠡᠭᠰᠡᠨ ᠠᠵᠢ᠃
ᠶᠡᠬᠡ ᠳᠤᠭᠠᠩ ᠤ᠋ᠨ ᠢᠷᠣᠭᠠᠷ ᠲᠤ ᠣᠴᠢᠭᠠᠳ ᠳᠡᠭᠡᠭᠰᠢ ᠬᠠᠷᠠᠬᠤ ᠳ᠋ᠤ᠌ ᠤᠭ ᠳᠤᠭᠠᠩ ᠤ᠋ᠨ ᠥᠨᠳᠥᠷ ᠰᠦᠷᠲᠡᠢ ᠪᠠᠢᠳᠠᠯ ᠨᠢ ᠰᠥᠨᠢ ᠶ᠋ᠢᠨ ᠬᠠᠷᠠᠩᠭᠤᠢ ᠶ᠋ᠢ ᠳᠣᠣᠷ᠎ᠠ ᠠ᠋ᠴᠠ ᠨᠢ ᠪᠠᠭᠠᠨᠠᠳᠠᠵᠤ ᠪᠠᠢᠭ᠎ᠠ ᠰᠢᠭ᠋ ᠰᠦᠨᠳᠡᠷᠯᠡᠨ᠎ᠡ᠃ ᠨᠠᠷᠢᠪᠴᠢᠯᠠᠨ ᠠᠵᠢᠬᠤ ᠳ᠋ᠤ᠌ ᠳᠡᠭᠡᠳᠦ ᠳᠡᠭᠡᠪᠦᠷ ᠳᠠᠬᠢ ᠥᠨᠴᠥᠭ ᠪᠤᠯᠤᠩ ᠤ᠋ᠳ ᠤ᠋ᠨ ᠬᠢᠨᠢ ᠠᠯᠲᠠᠨ ᠭᠠᠨᠵᠤᠤᠷ ᠢ᠋ᠶ᠋ᠠᠨ ᠣᠨᠴᠠᠭᠠᠢ ᠲᠣᠳᠣᠷᠠᠬᠤ ᠶ᠋ᠢᠨ ᠵᠡᠷᠭᠡᠴᠡᠭᠡ ᠪᠡᠷ ᠡᠨᠳᠡ ᠲᠡᠨᠳᠡ ᠡᠴᠡ ᠨᠢ ᠵᠡᠭᠦᠭᠰᠡᠨ ᠵᠢᠵᠢᠭ ᠰᠢᠷᠡᠮᠦᠨ ᠬᠣᠩᠬᠣ ᠨᠤᠭᠤᠳ ᠦᠯᠦ ᠮᠡᠳᠡᠭᠭᠡᠨ ᠰᠡᠪᠡᠯᠵᠡᠬᠦ ᠰᠠᠯᠬᠢᠨ ᠤ᠋ ᠠᠶᠠᠰ ᠢ᠋ᠶ᠋ᠠᠷ ᠭᠠᠩᠬᠠᠨ ᠡᠭᠡᠯᠵᠢ ᠳᠠᠷᠠᠭ᠎ᠠ ᠪᠠᠷ ᠢ᠋ᠶ᠋ᠠᠨ ᠵᠢᠩ ᠵᠠᠩ ᠳᠤᠤᠭᠠᠷᠴᠤ ᠪᠠᠢᠯ᠎ᠠ᠃ ᠳᠣᠲᠣᠷ᠎ᠠ ᠨᠢ ᠶᠠᠭᠤ ᠪᠠᠢᠳᠠᠭ ᠪᠢᠯᠡ? ᠭᠡᠬᠦ ᠡᠴᠡ ᠭᠤᠷᠪᠠᠨ ᠳᠠᠪᠬᠤᠷ ᠲᠡᠷᠢᠭᠦᠨ ᠲᠡᠢ᠂ ᠵᠢᠷᠭᠤᠭᠠᠨ ᠮᠣᠳᠣᠷ ᠲᠠᠢ ᠨᠠᠶᠠᠨ ᠲᠣᠬᠣᠢ ᠥᠨᠳᠥᠷ ᠮᠢᠴᠢᠳ ᠵᠠᠩᠷᠠᠢᠰᠠᠭ ᠪᠠ ᠲᠡᠭᠦᠨ ᠦ᠌ ᠪᠠᠳᠮ᠎ᠠ ᠯᠢᠩᠬᠤ᠎ᠠ ᠴᠡᠴᠡᠭ ᠦ᠋ᠨ ᠬᠡᠯᠪᠡᠷᠢᠲᠦ ᠳᠣᠣᠷᠠᠲᠤ ᠰᠠᠭᠤᠷᠢ ᠶ᠋ᠢᠨ ᠰᠢᠵᠢᠷ ᠠᠯᠲᠠᠨ ᠰᠢᠷᠠᠮᠠᠯ ᠨᠢ ᠨᠢᠳᠦᠨ ᠦ᠌ ᠡᠮᠦᠨ᠎ᠡ ᠲᠣᠳᠣᠬᠠᠨ ᠲᠣᠰᠣᠨ ᠰᠠᠨᠠᠭᠳᠠᠨ᠎ᠠ᠃ ᠶᠠᠭᠤᠮ᠎ᠠ ᠴᠣᠬᠣᠮ ᠥᠨᠳᠥᠷ ᠢ᠋ᠶ᠋ᠡᠷ ᠢ᠋ᠶ᠋ᠡᠨ᠂ ᠦᠨ᠎ᠡ ᠮᠥᠩᠭᠥ ᠶᠡᠬᠡ ᠣᠷᠣᠭᠰᠠᠨ ᠢ᠋ᠶ᠋ᠠᠷ ᠢ᠋ᠶ᠋ᠠᠨ ᠤᠷᠠᠨ ᠬᠥᠮᠦᠨ ᠦ᠌ ᠣᠶᠤᠨ ᠪᠢᠯᠢᠭ᠂ ᠲᠡᠭᠦᠨ ᠦ᠌ ᠤᠷᠠᠨ ᠨᠠᠨᠳᠢᠨ ᠭᠠᠷ ᠢ᠋ᠶ᠋ᠠᠷ ᠪᠦᠲᠦᠭᠡᠭᠳᠡᠭᠡᠳ᠂ ᠡᠭᠡᠯ ᠪᠤᠰᠤ ᠶ᠋ᠢᠨ ᠰᠢᠳᠢᠲᠦ ᠬᠥᠮᠦᠨ ᠦ᠌ ᠠᠷᠠᠪᠨᠠᠢᠯᠠᠭᠰᠠᠨ ᠢ᠋ᠶ᠋ᠠᠷ ᠠᠯᠢᠪᠠ ᠬᠥᠮᠦᠨ ᠦ᠌ ᠭᠠᠢ ᠭᠠᠮᠰᠢᠭ ᠢ᠋ ᠵᠠᠢᠯᠠᠭᠤᠯᠬᠤ ᠬᠤᠲᠤᠭ ᠰᠢᠳᠢ ᠶ᠋ᠢ ᠣᠯᠬᠤ ᠠᠪᠠᠰᠤ ᠡᠨᠡ ᠵᠠᠩᠷᠠᠢᠰᠠᠭ ᠯᠠ ᠪᠠᠢᠬᠤ ᠰᠢᠦ ᠳᠡ ᠭᠡᠵᠦ ᠪᠠᠯᠳᠠᠨᠴᠡᠷᠢᠩ ᠪᠣᠳᠣᠨ ᠭᠠᠵᠠᠷ ᠰᠤᠨᠤᠨ ᠤᠨᠠᠪᠠ᠃ ᠭᠡᠪᠡᠴᠦ ᠥᠨᠳᠡᠢᠬᠦ ᠳ᠋ᠡᠭᠡᠨ ᠮᠥᠷᠭᠥᠬᠦ ᠮᠠᠨᠢ ᠶᠠᠭᠤᠨ ᠤ᠋ ᠲᠥᠯᠥᠭᠡ ᠪᠣᠢ? ᠨᠠᠰᠤ ᠪᠠᠷᠠᠭᠰᠠᠨ ᠠᠮᠠᠷᠠᠭ ᠤ᠋ᠨ ᠢ᠋ᠶ᠋ᠠᠨ ᠲᠥᠯᠥᠭᠡ ᠤᠤ? ᠨᠢᠭᠡᠨᠲᠡ ᠥᠩᠭᠡᠷᠡᠭᠰᠡᠨ ᠢ᠋ ᠨᠢ ᠵᠠᠩᠷᠠᠢᠰᠠᠭ ᠠᠮᠢ ᠣᠷᠣᠭᠤᠯᠬᠤ ᠦᠭᠡᠢ ᠰᠢᠦ ᠳᠡ ᠭᠡᠵᠦ ᠪᠣᠳᠣᠭᠳᠠᠯ᠎ᠠ᠃ ᠭᠡᠪᠡᠴᠦ ᠳᠠᠬᠢᠨ ᠰᠤᠨᠤᠨ ᠤᠨᠠᠪᠠ᠃ ᠲᠡᠭᠡᠭᠡᠳ ᠥᠨᠳᠡᠢᠬᠦ ᠳ᠋ᠦ᠍ ᠡᠨᠡ ᠵᠠᠩᠷᠠᠢᠰᠠᠭ ᠨᠡᠢᠲᠡ ᠶ᠋ᠢᠨ ᠲᠥᠯᠥᠭᠡ ᠪᠢᠰᠢ᠂ ᠵᠥᠪᠬᠡᠨ ᠪᠣᠭᠳᠠ ᠶ᠋ᠢᠨ ᠨᠢᠳᠦ ᠶ᠋ᠢ ᠡᠪᠡᠳᠴᠢᠯᠡᠪᠡ ᠭᠡᠵᠦ ᠪᠦᠲᠦᠭᠡᠭᠰᠡᠨ ᠪᠢᠰᠢ ᠪᠢᠯᠡ ᠤᠤ? ᠭᠡᠯᠡ ᠴᠦ᠍ ᠨᠢᠳᠦ ᠨᠢ ᠶᠠᠭᠠᠬᠢᠭ᠎ᠠ ᠴᠦ᠍ ᠦᠭᠡᠢ ᠰᠣᠬᠣᠷ ᠯᠠ ᠬᠡᠪ ᠢ᠋ᠶ᠋ᠡᠷ ᠢ᠋ᠶ᠋ᠡᠨ ᠰᠢᠦ ᠳᠡ ᠭᠡᠵᠦ ᠪᠤᠳᠤᠭᠳᠠᠨ᠂ ᠰᠦᠰᠦᠭᠯᠡᠨ ᠪᠢᠰᠢᠷᠡᠬᠦ ᠶᠠᠪᠤᠳᠠᠯ ᠣᠷᠣ ᠲᠠᠰᠤ ᠵᠠᠮᠬᠠᠷᠠᠨ ᠠᠷᠢᠯᠤᠯ᠎ᠠ᠃
ᠰᠥᠨᠢ ᠳᠤᠮᠳᠠ ᠠ᠋ᠴᠠ ᠲᠡᠷᠡ ᠬᠣᠢᠨ᠎ᠠ ᠪᠠᠯᠳᠠᠨᠴᠡᠷᠢᠩ ᠬᠠᠰᠢᠶᠠᠨ ᠳ᠋ᠠᠭᠠᠨ ᠢᠷᠡᠪᠡ᠃ ᠤᠭ ᠭᠡᠷ ᠲᠡᠭᠡᠨ ᠢᠷᠡᠬᠦ ᠶ᠋ᠢ ᠶᠡᠷᠦ ᠪᠣᠳᠣᠭ᠎ᠠ ᠦᠭᠡᠢ ᠪᠢᠯᠡ᠃ ᠵᠥᠪᠬᠡᠨ ᠬᠣᠶᠠᠷ ᠬᠥᠯ ᠭᠡᠷ ᠣᠷᠣᠨ ᠢ᠋ ᠨᠢ ᠪᠠᠷᠠᠭᠳᠠᠭᠤᠯᠤᠭᠰᠠᠨ ᠠᠵᠢ᠃ ᠰᠥᠨᠢ ᠲᠤᠷᠰᠢ ᠳᠡᠮᠡᠢ ᠲᠡᠨᠦᠭᠰᠡᠨ ᠳ᠋ᠡᠭᠡᠨ ᠶᠠᠳᠠᠷᠠᠭᠰᠠᠨ ᠨᠢ ᠦᠨᠡᠬᠡᠷ ᠶᠡᠬᠡ᠂ ᠪᠠᠷᠤᠭ ᠡᠴᠦᠰ ᠦ᠋ᠨ ᠢ᠋ᠶ᠋ᠡᠨ ᠴᠢᠳᠠᠯ ᠢ᠋ᠶ᠋ᠠᠷ ᠭᠡᠷ ᠦ᠋ᠨ ᠢ᠋ᠶ᠋ᠡᠨ ᠡᠭᠦᠳᠡ ᠶ᠋ᠢ ᠲᠡᠳᠡᠨ ᠣᠷᠣᠯ᠎ᠠ᠃ ᠱᠠᠪᠢ ᠨᠢ ᠣᠷᠣᠨ ᠠ᠋ᠴᠠ ᠪᠠᠨ ᠥᠨᠳᠡᠢᠨ ᠴᠦᠢᠳᠡᠩ ᠵᠢᠷᠤᠨ ᠯᠠ ᠠᠰᠠᠭᠠᠪᠠ᠃ ᠪᠠᠯᠳ᠋ᠠᠨᠴᠡᠷᠢᠩ ᠡᠭᠡᠭᠡ ᠯᠡ ᠰᠣᠭᠲᠣᠭᠤ ᠬᠥᠮᠦᠨ ᠰᠢᠭ ᠭᠤᠢᠪᠢᠯᠠᠨ ᠣᠷᠣᠨ ᠤ᠋ ᠪᠠᠨ ᠡᠮᠦᠨ᠎ᠡ ᠣᠴᠢᠪᠠ᠃ ᠭᠡᠲᠡᠯ᠎ᠡ ᠳᠡᠷᠡᠨ ᠳᠡᠭᠡᠷ᠎ᠡ ᠪᠡᠨ ᠪᠥᠰᠡᠨ ᠳ᠋ᠦ᠍ ᠬᠠᠪᠴᠢᠭᠤᠯᠤᠭᠳᠠᠵᠤ ᠨᠤᠭᠤᠯᠤᠭᠠᠰᠤ ᠪᠠᠷ ᠨᠢ ᠨᠤᠭᠤᠯᠤᠨ ᠲᠠᠯᠪᠢᠭᠰᠠᠨ ᠲᠡᠯᠢᠩ ᠪᠠ ᠬᠠᠳᠬᠤᠮᠠᠯ ᠪᠤᠭᠤ ᠰᠤᠭᠤ᠂ ᠦᠰᠦᠭ ᠰᠡᠯᠲᠡ ᠨᠢᠳᠦᠨ ᠳ᠋ᠦ᠍ᠨᠢ ᠲᠤᠰᠬᠤ ᠠᠵᠢ᠃ ᠡᠨᠡ ᠳᠠᠷᠤᠢ ᠪᠠᠯᠳᠠᠨᠴᠡᠷᠢᠩ ᠣᠷᠣ ᠪᠠᠨ ᠲᠠᠩᠨᠠᠨ ᠤᠨᠠᠪᠠ᠃ ᠢᠩᠭᠢᠬᠦ ᠪᠡᠷ ᠱᠠᠪᠢ ᠨᠢ ᠪᠠᠭᠰᠢ ᠪᠠᠨ ᠰᠣᠭᠲᠣᠭᠤ ᠢᠷᠡᠪᠡ ᠭᠡᠬᠦ ᠡᠴᠡ ᠥᠭᠡᠷ᠎ᠡ ᠶᠠᠭᠤᠮ᠎ᠠ ᠪᠣᠳᠣᠭᠰᠠᠨ ᠦᠭᠡᠢ ᠨᠢᠳᠦ ᠪᠡᠨ ᠲᠣᠮᠣ ᠪᠣᠯᠭᠠᠨ᠂ ᠪᠣᠰᠤᠨ ᠬᠠᠷᠠᠢᠵᠤ ᠳᠡᠪᠡᠯ ᠭᠤᠲᠤᠯ ᠢ᠋ ᠨᠢ ᠲᠠᠢᠯᠤᠨ ᠣᠷᠣ ᠳᠡᠭᠡᠷ᠎ᠡ ᠨᠢ ᠭᠠᠷᠭᠠᠨ ᠬᠡᠪᠲᠡᠭᠦᠯᠪᠡ᠃ ᠲᠡᠷᠡ ᠵᠠᠭᠤᠷ᠎ᠠ᠄
— ᠪᠠᠭᠰᠢ ᠮᠢᠨᠢ᠂ ᠲᠠᠨ ᠤ᠋ ᠨᠢᠭᠤᠷ᠂ ᠨᠢᠳᠦ ᠵᠢᠭᠲᠡᠢᠬᠡᠨ ᠪᠠᠢᠬᠤ ᠨᠢ ᠶᠠᠭᠤ ᠪᠣᠢ? ᠦᠭᠡᠢ ᠲᠠ ᠬᠠᠮᠢᠭ᠎ᠠ ᠣᠢᠴᠢᠪᠠ? ᠬᠡᠨ ᠲᠠᠨ ᠢ᠋ ᠪᠣᠯᠭᠠᠵᠤ ᠣᠷᠬᠢᠪᠠ ᠭᠡᠬᠦ ᠮᠡᠲᠦ ᠶᠠᠭᠤᠮ᠎ᠠ ᠶ᠋ᠢ ᠠᠰᠠᠭᠤᠵᠤ ᠪᠠᠢᠯ᠎ᠠ᠃ ᠡᠭᠦᠨ ᠢ᠋ ᠨᠢ ᠪᠠᠯᠳᠠᠨᠴᠡᠷᠢᠩ ᠳᠠᠮ ᠲᠣᠮ ᠣᠢᠯᠠᠭᠠᠵᠤ ᠪᠠᠢᠭᠰᠠᠨ ᠪᠥᠭᠡᠳ ᠬᠠᠷᠢᠭᠤ ᠳᠤᠤᠭᠠᠷᠤᠭᠰᠠᠨ ᠦᠭᠡᠢ᠃ ᠨᠢᠭᠤᠷ ᠢ᠋ᠶ᠋ᠠᠨ ᠪᠤᠷᠤᠭᠤᠯᠠᠨ ᠨᠢᠳᠦ ᠪᠡᠨ ᠠᠨᠢᠬᠤ ᠶ᠋ᠢ ᠯᠡ ᠴᠢᠬᠤᠯᠠᠴᠢᠯᠠᠪᠠ᠃
