ᠪᠠᠲᠤ ᠬᠠᠭᠠᠨ 3-11ᠣᠷᠣᠰ ᠤ᠋ᠨ ᠠᠩᠬᠠᠳᠤᠭᠠᠷ ᠣᠯᠵᠠᠯᠠᠭᠳᠠᠭᠰᠠᠨ ᠬᠥᠮᠦᠨ-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠠᠷᠪᠠ ᠨᠢᠭᠡ ᠣᠷᠣᠰ ᠤ᠋ᠨ ᠠᠩᠬᠠᠳᠤᠭᠠᠷ ᠣᠯᠵᠠᠯᠠᠭᠳᠠᠭᠰᠠᠨ ᠬᠥᠮᠦᠨ
ᠰᠥᠨᠢ ᠳᠤᠮᠳᠠ ᠶ᠋ᠢᠨ ᠠᠯᠲᠠ ᠳ᠋ᠤ᠌ ᠵᠠᠮᠴᠢᠨ ᠰᠸᠨ᠋ᠲ᠋ᠶᠠᠺ᠂ ᠺᠢᠫᠴᠠᠺ ᠤ᠋ᠳ ᠣᠷᠣᠰ ᠤ᠋ᠳ ᠢ᠋ ᠣᠢ ᠶ᠋ᠢᠨ ᠴᠠᠭᠠᠨ᠎ᠠ ᠠ᠋ᠴᠠ ᠳᠣᠪᠲᠣᠯᠤᠭᠰᠠᠨ ᠲᠤᠬᠠᠢ ᠶᠠᠷᠢᠵᠤ ᠪᠠᠢᠪᠠ᠃ ᠴᠡᠷᠢᠭ ᠦ᠋ᠳ ᠭᠠᠯ ᠢ᠋ᠶ᠋ᠠᠨ ᠲᠣᠭᠣᠷᠢᠨ ᠬᠡᠪᠲᠡᠵᠡᠭᠡᠨ ᠵᠡᠭᠦᠷᠮᠡᠭᠯᠡᠵᠡᠭᠡᠨ ᠲᠡᠭᠦᠨ ᠦ᠌ ᠦᠯᠢᠭᠡᠷ ᠢ᠋ ᠰᠣᠨᠣᠰᠴᠤ ᠪᠠᠢᠯ᠎ᠠ᠃ ᠬᠦᠢᠲᠡᠨ ᠴᠢᠩᠭᠠᠷᠠᠵᠤ ᠬᠥᠩᠭᠡᠨ ᠴᠠᠰᠤ ᠭᠠᠵᠠᠷ ᠳᠡᠭᠡᠷ᠎ᠡ ᠬᠤᠢᠯᠠᠷᠠᠨ ᠬᠡᠪᠲᠡᠵᠦ ᠪᠣᠢ ᠬᠥᠮᠦᠰ ᠢ᠋ ᠳᠠᠷᠤᠨ᠎ᠠ᠃ ᠵᠠᠭᠤᠨ ᠤ᠋ ᠨᠣᠶᠠᠨ ᠨᠢᠳᠦ ᠶᠡᠷᠦ ᠠᠨᠢᠭᠰᠠᠨ ᠦᠭᠡᠢ᠃ ᠬᠣᠨᠢᠨ ᠤ᠋ ᠠᠷᠠᠰᠤᠨ ᠳᠡᠪᠡᠯ ᠨᠥᠮᠥᠷᠴᠦ᠂ ᠴᠡᠷᠢᠭ ᠦ᠋ᠳ ᠦ᠋ᠨ ᠳᠤᠮᠳᠠ ᠴᠢᠮᠡᠭᠡ ᠦᠭᠡᠢ᠂ ᠮᠥᠴᠢᠷ ᠢ᠋ ᠳᠠᠮᠵᠢᠨ ᠦᠰᠦᠷᠬᠦ ᠭᠠᠯ ᠤ᠋ᠨ ᠳᠥᠯᠥ ᠶ᠋ᠢ ᠰᠢᠷᠲᠡᠨ ᠰᠠᠭᠤᠨ᠎ᠠ᠃ ᠬᠣᠯᠠ ᠠ᠋ᠴᠠ ᠴᠢᠨᠣ᠎ᠠ ᠶ᠋ᠢᠨ ᠣᠯᠢᠬᠤ ᠰᠣᠨᠣᠰᠳᠠᠵᠤ᠂ ᠲᠠᠯ᠎ᠠ ᠳ᠋ᠤ᠌ ᠳᠠᠬᠢᠨ ᠰᠡᠭᠦᠳᠡᠷ ᠦᠵᠡᠭᠳᠡᠪᠡ᠃ ᠠᠷᠢᠶᠠᠲᠠᠨ ᠶᠤᠮ ᠤᠤ? ᠬᠥᠮᠦᠨ ᠶᠤᠮ ᠤᠤ? ᠳᠠᠢᠰᠤᠨ ᠶᠤᠮ ᠤᠤ᠂ ᠨᠥᠬᠥᠷ ᠶᠤᠮ ᠤᠤ? ᠠᠯᠢᠨ ᠢ᠋ ᠴᠦ᠍ ᠪᠤᠤ ᠮᠡᠳᠡ᠃
— ᠨᠢᠭᠡᠳᠦᠭᠡᠷ ᠠᠷᠪᠠᠨ᠁ ᠭᠡᠵᠦ ᠬᠥᠳᠡᠯᠭᠡᠭᠡᠨ ᠦᠭᠡᠢ ᠰᠠᠭᠤᠭᠰᠠᠨ ᠵᠠᠭᠤᠲᠤ ᠶ᠋ᠢᠨ ᠳᠠᠷᠤᠭ᠎ᠠ ᠬᠡᠯᠡᠪᠡ᠃ᠠᠷᠪᠠᠨ ᠴᠡᠷᠢᠭ ᠦᠰᠦᠷᠦᠨ ᠪᠣᠰᠴᠤ ᠥᠪᠡᠷᠰᠡᠳ ᠦ᠋ᠨ ᠮᠣᠷᠢᠳ ᠳᠠᠭᠠᠨ ᠣᠴᠢᠯ᠎ᠠ᠃ ᠡᠳᠡ ᠨᠠᠷ ᠬᠥᠪᠡᠭᠡ ᠥᠭᠡᠳᠡ ᠥᠭᠰᠥᠵᠦ᠂ ᠰᠡᠭᠦᠳᠡᠷ ᠨᠢ ᠪᠦᠷᠦᠩᠬᠦᠢ ᠳ᠋ᠦ᠍ ᠲᠠᠯᠲᠠᠷᠢᠯᠠ᠃ᠵᠠᠭᠤᠲᠤ ᠶ᠋ᠢᠨ ᠳᠠᠷᠤᠭ᠎ᠠ ᠥᠪᠡᠷ ᠦ᠋ᠨ ᠭᠠᠵᠠᠷ ᠳᠣᠣᠷᠠᠬᠢ ᠰᠠᠭᠤᠴᠠᠨ ᠳ᠋ᠤ᠌ ᠣᠷᠣᠪᠠ᠃ ᠪᠤᠰᠤᠳ ᠴᠡᠷᠢᠭ ᠦ᠋ᠳ ᠵᠡᠪᠰᠡᠭ ᠦ᠋ᠳ ᠢ᠋ᠶ᠋ᠡᠨ ᠪᠡᠯᠡᠳᠬᠡᠨ ᠠᠩᠬᠠᠷᠤᠯ ᠲᠠᠢ ᠴᠢᠩᠨᠠᠬᠤ ᠪᠥᠭᠡᠳ ᠭᠠᠯ ᠤ᠋ᠨ ᠳᠡᠷᠭᠡᠳᠡ ᠦᠷᠭᠦᠯᠵᠢᠯᠡᠨ ᠰᠠᠭᠤᠭᠰᠠᠭᠠᠷ ᠠᠵᠢ᠃
— ᠮᠠᠨ ᠤ᠋ ᠬᠢᠨ ᠭᠡᠵᠦ ᠨᠢᠭᠡ ᠨᠢ ᠬᠡᠯᠡᠪᠡ᠃ ᠳᠣᠪᠣᠴᠠᠭ ᠳᠡᠭᠡᠷ᠎ᠡ ᠳᠥᠷᠪᠡᠨ ᠮᠣᠷᠢ ᠲᠠᠢ ᠴᠡᠷᠢᠭ ᠦᠵᠡᠭᠳᠡᠯ᠎ᠡ᠃ ᠲᠦᠷᠦᠭᠦᠴᠢ ᠶ᠋ᠢᠨ ᠬᠥᠮᠦᠨ ᠦ᠌ ᠳᠡᠷᠭᠡᠳᠡ ᠣᠯᠵᠠᠯᠠᠭᠳᠠᠭᠰᠠᠨ ᠬᠥᠮᠦᠨ ᠮᠠᠯᠠᠭᠠᠢ ᠦᠭᠡᠢ᠂ ᠭᠠᠷ ᠨᠢ ᠨᠢᠷᠤᠭᠤᠨ ᠳ᠋ᠠᠭᠠᠨ ᠬᠦᠯᠢᠭᠳᠡᠭᠰᠡᠨ ᠶᠠᠪᠤᠨ᠎ᠠ᠃ ᠲᠡᠭᠦᠨ ᠦ᠌ ᠴᠠᠢᠪᠤᠷ ᠦᠰᠦ ᠨᠢ ᠰᠠᠬᠰᠣᠢᠵᠤ᠂ ᠴᠢᠷᠠᠢ ᠳ᠋ᠤᠨᠢ ᠵᠦᠳᠡᠷᠡᠭᠰᠡᠨ ᠪᠠᠢᠳᠠᠯ ᠢᠯᠡᠷᠬᠡᠢ᠂ ᠬᠥᠯ ᠢ᠋ᠶ᠋ᠡᠨ ᠠᠷᠠᠢ ᠶᠠᠳᠠᠨ ᠴᠢᠷᠴᠦ ᠶᠠᠪᠤᠨ᠎ᠠ᠃ ᠬᠣᠶᠠᠳᠤᠭᠠᠷ ᠮᠣᠷᠢᠨ ᠴᠡᠷᠢᠭ᠂ ᠮᠣᠷᠢᠨ ᠤ᠋ ᠳᠡᠯ ᠳᠡᠭᠡᠷ᠎ᠡ ᠪᠥᠬᠥᠢᠵᠦ᠄
— ᠸᠠᠢ— ᠦᠯᠶᠡᠢ! ᠲᠦᠯᠡᠵᠦ ᠪᠠᠢᠨ᠎ᠠ᠂ ᠮᠢᠨᠦ ᠳᠣᠲᠣᠷ᠎ᠠ ᠭᠠᠯ ᠪᠠᠢᠨ᠎ᠠ᠁ ᠤᠰᠤ᠂ ᠬᠦᠢᠲᠡᠨ ᠤᠰᠤ ᠥᠭᠭᠦᠭᠡᠴᠢ᠂ ᠭᠡᠳᠡᠰᠦᠨ ᠳᠣᠲᠣᠷᠠᠬᠢ ᠭᠠᠯ ᠢ᠋ ᠤᠨᠲᠠᠷᠠᠭᠠᠭᠠᠴᠢ ᠭᠡᠨ᠎ᠡ᠃ ᠮᠣᠷᠢᠨ ᠴᠡᠷᠢᠭ ᠦ᠋ᠳ ᠠᠭᠠᠵᠢᠮ ᠢ᠋ᠶ᠋ᠠᠷ ᠬᠥᠪᠡᠭᠡ ᠶ᠋ᠢ ᠤᠷᠤᠭᠤᠳᠠᠨ ᠢᠷᠡᠵᠦ ᠭᠠᠯ ᠤ᠋ᠨ ᠳᠡᠷᠭᠡᠳᠡ ᠵᠣᠭᠰᠣᠪᠠ᠃ ᠵᠠᠭᠤᠨ ᠤ᠋ ᠨᠣᠶᠠᠨ ᠳᠥᠷᠪᠡᠨ ᠠᠬ᠎ᠠ ᠲᠡᠭᠦᠤᠰ ᠤ᠋ᠨ ᠡᠷᠭᠢᠵᠦ ᠢᠷᠡᠭᠰᠡᠨ ᠢ᠋ ᠮᠡᠳᠡᠵᠦ ᠭᠠᠷ ᠢ᠋ᠶ᠋ᠠᠨ ᠪᠥᠰᠡᠨ ᠳ᠋ᠡᠭᠡᠨ ᠬᠠᠪᠴᠢᠭᠤᠯᠵᠤ ᠣᠯᠵᠠᠯᠠᠭᠳᠠᠭᠰᠠᠨ ᠬᠥᠮᠦᠨ ᠳ᠋ᠦ᠍ ᠣᠢᠷᠠᠲᠤᠨ ᠣᠴᠢᠭᠠᠳ ᠠᠵᠢᠭᠯᠠᠨ ᠬᠠᠷᠠᠪᠠᠯ ᠥᠷᠮᠥᠭ ᠲᠠᠭᠠᠷ ᠤ᠋ᠨ ᠳᠡᠪᠡᠯ ᠲᠡᠢ᠂ ᠡᠩᠭᠡᠷ ᠨᠢ ᠵᠠᠳᠠᠭᠠᠢ ᠴᠠᠮᠴᠠ ᠲᠠᠢ᠂ ᠥᠨᠳᠥᠷ ᠲᠤᠷᠠᠩᠬᠠᠢ ᠪᠥᠭᠡᠳ ᠬᠥᠯ ᠨᠢᠴᠦᠭᠦᠨ ᠵᠠᠯᠠᠭᠤ ᠰᠠᠨᠠᠭ᠎ᠠ ᠠᠮᠤᠷ ᠰᠢᠨᠵᠢ ᠲᠡᠢ ᠬᠥᠳᠡᠯᠦᠯ ᠦᠭᠡᠢ ᠵᠣᠭᠰᠣᠵᠤ᠂ ᠴᠢᠷᠠᠢ ᠨᠢ ᠬᠥᠬᠡᠷᠡᠨ᠂ ᠣᠮᠣᠭᠣᠯᠲᠤᠭᠰᠠᠨ ᠳᠡᠭᠡᠳᠦ ᠤᠷᠤᠭᠤᠯ ᠠ᠋ᠴᠠ ᠭᠠᠷᠬᠤ ᠴᠢᠰᠤ ᠶ᠋ᠢ ᠳᠣᠯᠢᠶᠠᠨ᠎ᠠ᠃ ᠲᠡᠷᠡ ᠨᠢ ᠵᠠᠭᠤᠨ ᠤ᠋ ᠨᠣᠶᠠᠨ ᠲᠠᠰᠢ ᠦᠯᠦ ᠣᠢᠰᠢᠶᠠᠭᠰᠠᠨ ᠬᠠᠷᠠᠴᠠ ᠪᠠᠷ ᠰᠢᠷᠪᠢᠵᠦ ᠬᠠᠷᠠᠭᠠᠳ ᠳᠠᠬᠢᠨ ᠨᠢᠭᠡᠨ ᠵᠦᠭ ᠳᠠᠰᠢ ᠰᠢᠷᠲᠡᠨ ᠭᠥᠯᠢᠷᠡᠨ᠎ᠡ᠃ ᠭᠤᠷᠪᠠᠨ ᠠᠬ᠎ᠠ ᠳᠡᠭᠦᠤᠰ ᠮᠣᠷᠢᠨ ᠠ᠋ᠴᠠ ᠪᠠᠭᠤᠨ ᠬᠠᠷᠠᠢᠵᠤ ᠳᠥᠷᠪᠡᠳᠦᠭᠡᠷ ᠢ᠋ ᠪᠣᠯᠭᠣᠮᠵᠢᠲᠠᠢ ᠪᠠᠭᠤᠯᠭᠠᠵᠤ᠂ ᠭᠠᠯ ᠤ᠋ᠨ ᠳᠡᠷᠭᠡᠳᠡ ᠢᠰᠡᠭᠡᠢ ᠳᠡᠭᠡᠷ᠎ᠡ ᠬᠡᠪᠲᠡᠭᠦᠯᠪᠡ᠃ ᠰᠢᠷᠬᠠᠳᠤᠭᠰᠠᠨ ᠬᠥᠮᠦᠨ ᠲᠡᠭᠰᠢ ᠬᠠᠷᠠᠵᠤ ᠨᠢᠳᠦ ᠪᠡᠨ ᠬᠠᠭᠠᠰ ᠠᠨᠢᠵᠤ ᠨᠢᠭᠤᠷ ᠨᠢ ᠭᠥᠯᠢᠢᠭᠰᠡᠨ ᠪᠥᠭᠡᠳ ᠬᠠᠮᠠᠷ ᠤ᠋ᠨ ᠦᠵᠦᠭᠦᠷ ᠨᠢ ᠬᠤᠷᠴᠠ ᠪᠣᠯᠤᠭᠰᠠᠨ ᠬᠡᠪᠲᠡᠨ᠎ᠡ᠃ ᠠᠮᠠ ᠨᠢ ᠮᠤᠷᠤᠢᠭᠰᠠᠨ ᠪᠥᠭᠡᠳ ᠨᠢᠭᠡ ᠶᠠᠭᠤᠮ᠎ᠠ ᠰᠢᠪᠡᠨᠡᠨ᠎ᠡ᠃ ᠮᠥᠯᠯᠠ ᠠᠪᠳᠥ᠋᠊ — ᠷᠠᠰᠦᠢ᠍ᠯ ᠲᠡᠭᠦᠨ ᠦ᠌ ᠳᠡᠷᠭᠡᠳᠡ ᠴᠣᠮᠴᠣᠢᠵᠤ ᠰᠠᠭᠤᠭᠠᠳ ᠲᠡᠭᠦᠨ ᠦ᠌ ᠴᠢᠷᠠᠢ ᠶ᠋ᠢ ᠰᠢᠷᠳᠡᠨ ᠰᠦᠷᠡᠬᠡᠢ ᠳᠦᠷᠢᠮ ᠲᠡᠢ ᠪᠡᠷ ᠥᠭᠦᠯᠡᠬᠦ ᠨᠢ᠄
— ᠨᠠᠮᠠᠶ᠋ᠢ ᠳᠠᠭᠤᠷᠢᠶᠠᠵᠤ ᠳᠠᠪᠲᠠᠨ ᠬᠡᠯᠡᠭᠲᠦᠨ! ᠬᠠᠭᠠᠨ ᠤ᠋ ᠬᠠᠭᠠᠨ ᠲᠡᠭᠷᠢ ᠬᠦᠴᠦᠲᠦ ᠠᠯᠠᠯᠾ᠂ ᠠᠯᠠᠯᠾ ᠲᠡᠭᠷᠢ ᠡᠴᠡ ᠥᠭᠡᠷ᠎ᠡ ᠲᠡᠭᠷᠢ ᠦᠭᠡᠢ᠂ ᠲᠡᠷᠡ ᠪᠣᠯ ᠶᠡᠬᠡ ᠲᠡᠭᠷᠢ ᠭᠡᠨ᠎ᠡ᠃
ᠵᠠᠭᠤᠨ ᠤ᠋ ᠨᠣᠶᠠᠨ ᠲᠶᠦᠯᠶᠠᠪ—ᠪᠢᠷᠭ᠌ᠸᠨ ᠰᠢᠷᠬᠠᠲᠤᠭᠰᠠᠨ ᠬᠥᠮᠦᠨ ᠦ᠌ ᠳᠡᠷᠭᠡᠳᠡ ᠪᠠᠷᠠᠭᠤᠨ ᠬᠥᠮᠥᠰᠬᠡ ᠪᠡᠨ ᠡᠷᠭᠦᠨ ᠵᠣᠭᠰᠣᠵᠤ ᠴᠣᠩᠬᠣᠢᠵᠤ ᠬᠤᠪᠠᠬᠠᠢᠷᠠᠬᠤ ᠴᠢᠷᠠᠢ ᠶ᠋ᠢ ᠨᠢ ᠤᠳᠠᠲᠠᠯ᠎ᠠ ᠰᠢᠷᠳᠡᠵᠦ ᠪᠠᠢᠭᠰᠠᠨ ᠢ᠋ᠶ᠋ᠠᠨ ᠡᠴᠦᠰ ᠲᠤᠨᠢ ᠭᠣᠷᠢᠳᠠᠯ ᠦᠭᠡᠢ ᠰᠢᠨᠵᠢ ᠪᠡᠷ ᠭᠠᠷ ᠢ᠋ᠶ᠋ᠠᠨ ᠳᠣᠬᠢᠶᠠᠯᠠᠨ᠂ ᠮᠥᠷᠦᠨ ᠳᠡᠭᠡᠷᠡᠬᠢ ᠳᠡᠪᠡᠯ ᠢ᠋ᠶ᠋ᠡᠨ ᠠᠪᠴᠤ ᠨᠠᠰᠤ ᠪᠠᠷᠠᠵᠤ ᠪᠠᠢᠭ᠎ᠠ ᠴᠡᠷᠢᠭ ᠢ᠋ ᠬᠤᠴᠢᠪᠠ᠃ ᠡᠭᠡᠵᠦ ᠢᠷᠡᠭᠰᠡᠨ ᠠᠬ᠎ᠠ ᠳᠡᠭᠦᠦ ᠨᠠᠷ ᠵᠠᠭᠤᠨ ᠤ᠋ ᠨᠣᠶᠠᠨ ᠳᠠᠰᠢ ᠣᠴᠢᠵᠠᠭᠠᠯ᠎ᠠ᠃
— ᠴᠢᠨᠦ ᠲᠤᠰᠢᠶᠠᠯ ᠶᠣᠰᠣᠭᠠᠷ ᠪᠢᠳᠡᠨᠡᠷ ᠲᠤᠯᠤᠭᠠᠳ ᠢ᠋ ᠥᠩᠭᠡᠷᠡᠨ ᠬᠠᠢᠯᠠᠰᠤᠨ ᠰᠢᠭᠤᠢ ᠬᠦᠷᠪᠡ᠃ ᠪᠢᠳᠡ ᠮᠣᠷᠢ ᠪᠠᠨ ᠳᠣᠣᠷ᠎ᠠ ᠪᠠᠨ ᠣᠷᠬᠢᠵᠤ ᠥᠪᠡᠷᠰᠡᠳ ᠢ᠋ᠶ᠋ᠡᠨ ᠮᠥᠯᠬᠥᠵᠦ ᠳᠣᠪᠣᠴᠠᠭ ᠤ᠋ᠨ ᠣᠷᠣᠢ ᠳᠡᠭᠡᠷ᠎ᠡ ᠭᠠᠷᠤᠭᠠᠳ ᠣᠷᠣᠰ ᠤ᠋ᠨ ᠯᠠᠭᠧᠷ ᠢ᠋ ᠦᠵᠡᠯ᠎ᠡ᠃ ᠲᠡᠳᠡᠨᠡᠷ ᠮᠢᠩᠭ᠎ᠠ ᠰᠢᠬᠠᠮ ᠬᠥᠮᠦᠰ ᠲᠠᠯ᠎ᠠ ᠪᠠᠷ ᠳᠥᠭᠥᠷᠦᠨ ( ᠳᠦᠭᠦᠷᠡᠩ ) ᠬᠤᠤᠬᠢᠷᠤᠯᠳᠤᠵᠤ ᠪᠠᠢᠯ᠎ᠠ᠃ ᠪᠢᠳᠡ ᠤᠨᠲᠠᠵᠤ ᠪᠠᠢᠭ᠎ᠠ ᠠ᠋ᠴᠠ ᠨᠢᠭᠡ ᠶ᠋ᠢ ᠬᠤᠯᠠᠭᠠᠢᠯᠠᠬᠤ ᠶ᠋ᠢ ᠤᠷᠤᠯᠳᠤᠵᠤ ᠲᠡᠳᠡ ᠲᠡᠰᠢ ᠬᠥᠳᠡᠯᠵᠡᠭᠡᠯᠡ᠃ ᠳ᠋ᠸᠮᠢᠷ ᠲᠦᠷᠦᠭᠦᠯᠡᠵᠦ ᠶᠠᠪᠤᠭᠰᠠᠨ ᠢ᠋ᠶ᠋ᠠᠨ ᠰᠢᠭᠤᠢ ᠳᠣᠲᠣᠷ᠎ᠠ ᠡᠨᠡ ᠵᠠᠯᠠᠭᠤ ᠬᠥᠪᠡᠭᠦᠨ ᠲᠡᠢ ᠮᠥᠷᠭᠥᠯᠳᠦᠪᠡ᠃ ᠡᠨᠡ ᠬᠥᠪᠡᠭᠦᠨ ᠬᠠᠷᠠᠢᠵᠤ ᠪᠣᠰᠤᠭᠠᠳ ᠳ᠋ᠸᠮᠢᠷ ᠦ᠋ᠨ ᠭᠡᠳᠡᠰᠦ ᠶ᠋ᠢ ᠵᠢᠳᠠᠯᠠᠪᠠ᠃ᠬᠡᠷᠪᠡ ᠴᠢᠨᠦ ᠲᠤᠰᠢᠶᠠᠯ ᠪᠠᠢᠭ᠎ᠠ ᠦᠭᠡᠢ ᠪᠣᠯ ᠬᠥᠪᠡᠭᠦᠨ ᠢ᠋ ᠲᠡᠷᠡ ᠳᠣᠣᠷ᠎ᠠ ᠨᠢ ᠠᠷᠢᠯᠭᠠᠬᠤ ᠪᠠᠢᠭᠰᠠᠨ ᠶᠤᠮ᠃ ᠳ᠋ᠸᠮᠢᠷ ᠦ᠋ᠨ ᠲᠥᠯᠥᠭᠡ ᠦᠨᠡᠬᠡᠷ ᠬᠠᠷᠠᠮᠰᠠᠯᠲᠠᠢ ᠪᠠᠢᠯ᠎ᠠ᠃ ᠲᠡᠷᠡ ᠡᠷᠡᠯᠬᠡᠭ ᠳᠡᠭᠦᠦ ᠡᠮᠨᠢᠭ ᠮᠣᠷᠢᠨ ᠤ᠋ ᠡᠵᠡᠨ ᠡ ( ᠢ᠋ᠶ᠋ᠡᠨ ) ᠡᠨᠡ ᠮᠠᠭᠤ ᠨᠢᠰᠤᠩᠬᠠᠢ ᠵᠢᠭᠠᠯ ᠢ᠋ᠶ᠋ᠠᠷ ᠰᠣᠯᠢᠬᠤ ᠭᠡᠵᠢ ᠳ᠋ᠠ᠃ ᠪᠢᠳᠡ ᠡᠭᠦᠨ ᠢ᠋ ᠪᠠᠷᠢᠵᠤ ᠬᠦᠯᠢᠭᠡᠳ ᠠᠮᠠᠨ ᠳ᠋ᠤᠨᠢ ᠶᠠᠭᠤᠮ᠎ᠠ ᠴᠢᠬᠢᠭᠰᠡᠨ᠂ ᠬᠡᠷᠪᠡ ᠳ᠋ᠸᠮᠢᠷ ᠪᠠᠷᠬᠢᠷᠠᠭᠰᠠᠨ ᠪᠣᠯ ᠪᠢᠳᠡᠨ ᠢ᠋ ᠣᠷᠣᠰ ᠤ᠋ᠳ ᠬᠡᠳᠦᠢᠨ ᠪᠠᠷᠢᠵᠤ ᠠᠪᠬᠤ ᠪᠠᠢᠭᠰᠠᠨ᠃ ᠲᠡᠳᠡ ᠨᠠᠷ ᠳᠡᠷᠭᠡᠳᠡ ᠪᠠᠢᠭᠰᠠᠨ ᠪᠣᠯᠪᠠᠴᠤ ᠳ᠋ᠸᠮᠢᠷ ᠳᠤᠤᠭᠠᠷᠤᠭᠰᠠᠨ ᠦᠭᠡᠢ ᠨᠢ ᠬᠡᠯᠡ ᠪᠡᠨ ᠲᠠᠰᠤ ᠬᠠᠵᠠᠭᠰᠠᠨ ᠪᠢᠵᠡ? ᠪᠦᠲᠦᠨ ᠬᠣᠨᠣᠭ ᠤ᠋ᠨ ᠲᠤᠷᠰᠢ ᠪᠢᠳᠡ ᠬᠠᠢᠯᠠᠰᠤᠨ ᠳᠣᠲᠣᠷ᠎ᠠ ᠰᠠᠭᠤᠵᠤ ᠬᠦᠯᠢᠶᠡᠯ᠎ᠡ᠃ ᠪᠠᠷᠠᠭᠤᠨ ᠵᠡᠭᠦᠨ ᠡᠴᠡ ᠣᠷᠣᠰ ᠤ᠋ᠨ ᠣᠲ᠋ᠷᠢᠶᠠᠳ᠋ ᠤ᠋ᠳ ᠶᠠᠪᠤᠵᠤ ᠥᠩᠭᠡᠷᠡᠪᠡ᠃ ᠪᠢᠳᠡ ᠥᠪᠡᠷᠰᠡᠳ ᠦ᠋ᠨ ᠠᠵᠢᠯ ᠢ᠋ ᠬᠢᠵᠦ ᠭᠦᠢᠴᠡᠳᠬᠡᠪᠡ᠃ ᠬᠠᠷᠢᠨ ᠳᠡᠭᠦᠦ ᠳ᠋ᠸᠮᠢᠷ ᠢ᠋ ᠠᠯᠠᠯᠾ ᠲᠩᠷᠢ ᠥᠪᠡᠷ ᠲᠡᠭᠡᠨ ᠳᠠᠭᠤᠳᠠᠵᠠᠢ᠃ ᠪᠢᠳᠡᠨ ᠳ᠋ᠦ᠍ ᠥᠭᠭᠦᠨ᠎ᠡ ᠭᠡᠰᠡᠨ ᠨᠡᠬᠡᠢ ᠳᠡᠪᠡᠯ ᠢ᠋ᠶ᠋ᠡᠨ ᠥᠭᠭᠦᠨ᠎ᠡ ᠤᠤ? ᠭᠡᠰᠡᠨ ᠳ᠋ᠦ᠍ ᠵᠠᠭᠤᠨ ᠤ᠋ ᠨᠣᠶᠠᠨ ᠬᠦᠢᠲᠡᠨ ᠢ᠋ᠶ᠋ᠡᠷ ᠬᠡᠯᠡᠭᠰᠡᠨ ᠨᠢ᠄
— ᠴᠡᠷᠢᠭ ᠳ᠋ᠸᠮᠢᠷ ᠵᠣᠷᠢᠭᠲᠠᠢ ᠪᠠᠢᠵᠠᠢ᠃ ᠠᠯᠠᠯᠾ ᠲᠡᠭᠦᠨ ᠢ᠋ ᠥᠪᠡᠷ ᠦ᠋ᠨ ᠠᠷᠢᠭᠤᠨ ᠴᠡᠴᠡᠷᠯᠢᠭ ᠲᠡᠭᠡᠨ ᠠᠮᠤᠷᠵᠢᠭᠤᠯᠤᠨ᠎ᠠ᠁ ᠮᠢᠨᠦ ᠳᠡᠪᠡᠯ ᠲᠡᠭᠦᠨ ᠦ᠌ ᠳᠡᠭᠡᠷ᠎ᠡ ᠪᠠᠢᠨ᠎ᠠ᠃ ᠲᠠᠨᠠᠷ ᠶᠠᠭᠤᠨ ᠳ᠋ᠤ᠌ ᠣᠯᠵᠠᠯᠠᠭᠳᠠᠭᠰᠠᠨ ᠡᠲᠡᠭᠡᠳ ᠢ᠋ ᠴᠠᠭ ᠠ᠋ᠴᠠ ᠤᠷᠢᠳ ᠪᠥᠴᠢᠭᠯᠡᠪᠡ? ᠶᠠᠭᠤᠨ ᠳ᠋ᠤ᠌ ᠲᠡᠭᠦᠨ ᠦ᠌ ᠭᠤᠲᠤᠯ ᠢ᠋ ᠲᠠᠢᠯᠪᠠ? ᠶᠠᠭᠤᠨ ᠳ᠋ᠤ᠌ ᠨᠢᠴᠦᠭᠦᠨ ᠪᠠᠢᠨ᠎ᠠ? ᠲᠡᠭᠦᠨ ᠢ᠋ ᠪᠢᠳᠡᠨᠡᠷ ᠬᠠᠭᠠᠨ ᠳ᠋ᠤ᠌ ᠪᠦᠲᠦᠨ ᠢ᠋ᠶ᠋ᠡᠷ᠂ ᠬᠥᠯᠳᠡᠭᠦᠦ ᠪᠢᠰᠢ ᠪᠠᠢᠬᠤ ᠳ᠋ᠤ᠌ ᠨᠢ ᠦᠵᠡᠭᠦᠯᠬᠦ ᠶᠣᠰᠣᠲᠠᠢ᠃ ᠬᠡᠷᠪᠡ ᠨᠢᠴᠦᠭᠦᠨ ᠪᠠᠢᠪᠠᠯ ᠡᠨᠡ ᠰᠥᠨᠢ ᠬᠥᠯᠳᠡᠵᠦ ᠦᠬᠦᠬᠦ ᠪᠣᠯᠤᠨ᠎ᠠ ᠭᠡᠪᠡ᠃
ᠭᠤᠷᠪᠠᠨ ᠠᠬ᠎ᠠ ᠳᠡᠭᠦᠦᠰ᠂ ᠡᠷᠭᠢᠵᠦ ᠬᠠᠷᠢᠶᠠᠭᠰᠠᠭᠠᠷ ᠣᠯᠵᠠ ᠶ᠋ᠢᠨ ᠬᠥᠮᠦᠨ ᠢ᠋ ᠬᠤᠪᠴᠠᠰᠤᠯᠠᠵᠤ ᠬᠥᠯ ᠳ᠋ᠦ᠍ᠨᠢ ᠳᠡᠭᠲᠡᠢ ᠤᠭᠯᠠᠵᠤ ᠱᠠᠭ᠎ᠠ ᠪᠠᠷ ᠨᠢ ᠪᠣᠭᠣᠪᠠ᠃
ᠭᠠᠵᠠᠷᠴᠢ ᠰᠸᠨ᠋ᠲ᠋ᠶᠠᠺ ᠣᠷᠣᠰ ᠬᠡᠯᠡ ᠪᠠᠭ᠎ᠠ ᠮᠡᠳᠡᠬᠦ ᠤᠴᠢᠷ᠂ ᠣᠯᠵᠠ ᠶ᠋ᠢᠨ ᠬᠥᠮᠦᠨ ᠡᠴᠡ ᠣᠷᠣᠰ ᠤ᠋ᠳ ᠬᠡᠴᠢᠨᠡᠨ ᠴᠡᠷᠢᠭ ᠲᠡᠢ ᠪᠠᠢᠨ᠎ᠠ? ᠣᠷᠣᠰ ᠤ᠋ᠳ ᠪᠠᠢᠯᠳᠤᠬᠤ ᠭᠡᠵᠦ ᠬᠦᠰᠡᠵᠦ ᠪᠠᠢᠨ᠎ᠠ ᠤᠤ? ᠭᠡᠵᠦ ᠠᠰᠠᠭᠤᠪᠠ᠃
ᠣᠯᠵᠠᠯᠠᠭᠳᠠᠭᠰᠠᠨ ᠬᠥᠮᠦᠨ ᠦ᠌ ᠶᠠᠷᠢᠬᠤ ᠨᠢ ᠪᠠᠭ᠎ᠠ ᠪᠥᠭᠡᠳ ᠪᠠᠰᠠ ᠲᠦᠭᠳᠡᠷᠡᠨᠡ᠂ ᠪᠦᠭᠦᠳᠡ ᠶ᠋ᠢ ᠠᠭᠤᠷᠲᠠᠢ ᠬᠠᠷᠠᠵᠤ ᠬᠠᠭᠠᠷᠠᠭᠰᠠᠨ ᠤᠷᠤᠭᠤᠯ ᠢ᠋ᠶ᠋ᠠᠨ ᠳᠣᠯᠢᠶᠠᠨ᠎ᠠ᠃
— ᠡᠭᠦᠨ ᠦ᠌ ᠨᠡᠷ᠎ᠡ ᠲᠣᠷᠤᠫᠺᠠ᠂ ᠫᠧᠷᠥ᠋ᠨᠤᠸ— ᠪᠣᠷ ᠭᠡᠳᠡᠭ ᠣᠢ ᠶ᠋ᠢᠨ ᠲᠣᠰᠬᠣᠨ ᠳ᠋ᠤ᠌ ᠲᠥᠷᠥᠭᠰᠡᠨ᠃ ᠬᠡᠴᠢᠨᠡᠨ ᠴᠡᠷᠢᠭ ᠪᠣᠢ ᠶ᠋ᠢ ᠡᠨᠡ ᠮᠡᠳᠡᠬᠦ ᠦᠭᠡᠢ ᠪᠠᠢᠨ᠎ᠠ᠂ ᠬᠠᠷᠢᠨ ᠲᠠᠲ᠋ᠠᠷ ᠤ᠋ᠳ ᠲᠠᠢ ᠪᠠᠢᠯᠳᠤᠬᠤ ᠪᠠᠷ ᠪᠦᠬᠦ ᠣᠷᠣᠰ ᠬᠥᠳᠡᠯᠵᠦ ᠴᠥᠮ ᠪᠠᠢᠯᠳᠤᠭᠠᠨ ᠳ᠋ᠤ᠌ ᠮᠣᠷᠳᠠᠭᠰᠠᠨ ᠭᠡᠵᠡᠢ᠃
ᠵᠠᠭᠤᠨ ᠤ᠋ ᠨᠣᠶᠠᠨ᠂ ᠭᠠᠵᠠᠷᠴᠢ ᠰᠸᠨ᠋ᠲ᠋ᠶᠠᠺ ᠤ᠋ᠨ ᠣᠷᠴᠢᠭᠤᠯᠵᠤ ᠥᠭᠭᠦᠭᠰᠡᠨ ᠢ᠋ ᠠᠩᠬᠠᠷᠤᠯ ᠲᠠᠢ ᠪᠠᠷ ᠰᠣᠨᠣᠰᠴᠤ ᠮᠦᠯᠯᠡ ᠠᠪᠳᠥ᠋᠊ — ᠷᠡᠰᠥ᠋ᠯ ᠲᠡᠭᠦᠨ ᠦ᠌ ᠬᠡᠯᠡᠭᠰᠡᠨ ᠪᠦᠭᠦᠳᠡ ᠶ᠋ᠢ ᠪᠢᠴᠢᠵᠦ ᠠᠪᠬᠤ ᠶ᠋ᠢ ᠳᠠᠭᠠᠭᠠᠯᠭᠠᠪᠠ᠃ ᠬᠡᠯᠡᠮᠦᠷᠴᠢ ᠮᠡᠳᠡᠬᠦ ᠣᠷᠣᠰ ᠦᠭᠡ ᠪᠡᠨ ᠴᠥᠮ ᠢ᠋ ᠠᠰᠢᠭᠯᠠᠨ ᠠᠰᠠᠭᠤᠵᠤ ᠴᠠᠰᠢ ᠣᠯᠵᠠᠯᠠᠭᠳᠠᠭᠰᠠᠨ ᠬᠥᠮᠦᠨ ᠡᠴᠡ ᠶᠠᠭᠤ ᠶ᠋ᠢ ᠴᠦ᠍ ᠬᠡᠯᠡᠭᠦᠯᠵᠦ ᠴᠢᠳᠠᠭᠰᠠᠨ ᠦᠭᠡᠢ᠂ ᠲᠣᠯᠣᠭᠠᠢ ᠮᠥᠷᠥ ᠤᠷᠤᠭᠤ ᠨᠢ ᠬᠡᠳᠦ ᠲᠠᠰᠢᠭᠤᠷᠳᠠᠭᠰᠠᠨ ᠪᠣᠯᠪᠠᠴᠤ ᠬᠡᠷᠡᠭ ᠲᠦ᠍ ᠨᠡᠮᠡᠷᠢ ᠪᠣᠯᠤᠭᠰᠠᠨ ᠦᠭᠡᠢ᠃
ᠲᠡᠷᠡ ᠬᠥᠪᠡᠭᠦᠨ ᠲᠠᠭ ᠴᠢᠭ᠌ ᠪᠠᠢᠨ᠎ᠠ᠃ ᠵᠠᠭᠤᠲᠤ ᠶ᠋ᠢᠨ ᠳᠠᠷᠤᠭ᠎ᠠ ᠣᠯᠵᠠᠯᠠᠭᠳᠠᠭᠰᠠᠨ ᠬᠥᠮᠦᠨ ᠢ᠋ ᠥᠪᠡᠷ ᠢ᠋ᠶ᠋ᠡᠨ ᠪᠠᠶᠠᠨᠳ᠋ᠸᠷ ᠬᠠᠭᠠᠨ ᠳ᠋ᠤ᠌ ᠬᠦᠷᠭᠡᠵᠦ ᠥᠭᠭᠦᠨ᠎ᠡ ᠭᠡᠪᠡ᠃ ᠲᠡᠭᠦᠨ ᠦ᠌ ᠬᠡᠭᠡᠷ ᠠᠵᠢᠷᠭ᠎ᠠ ᠶ᠋ᠢ ᠬᠡᠳᠦᠢᠨᠡᠢ ᠡᠮᠡᠭᠡᠯᠯᠡᠭᠰᠡᠨ ᠪᠥᠭᠡᠳ ᠳᠣᠣᠷᠠᠬᠢ ᠰᠠᠭᠤᠴᠠ ᠶ᠋ᠢᠨ ᠳᠡᠷᠭᠡᠳᠡ ᠤᠶᠠᠭᠠᠲᠠᠢ ᠪᠠᠢᠯ᠎ᠠ᠃ ᠠᠷᠪᠠᠨ ᠴᠡᠷᠢᠭ ᠲᠡᠭᠦᠨ ᠢ᠋ ᠳᠠᠭᠠᠯᠳᠤᠬᠤ ᠬᠡᠷᠡᠭᠲᠡᠢ ᠭᠡᠨ᠎ᠡ᠃ ᠡᠨᠳᠡ ᠰᠥᠨᠢ ᠬᠠᠭᠠᠰᠯᠠᠵᠤ ᠪᠠᠢᠬᠤ ᠳ᠋ᠤ᠌ ᠰᠢᠭᠤᠷᠭᠠᠨ ᠳᠤᠮᠳᠠᠭᠤᠷ ᠶᠠᠪᠤᠬᠤ ᠭᠡᠳᠡᠭ ᠠᠶᠤᠯᠲᠠᠢ᠂ ᠵᠠᠮ ᠴᠠᠰᠤᠨ ᠳ᠋ᠤ᠌ ᠪᠤᠯᠠᠭᠳᠠᠭᠠᠳ ᠰᠢᠭᠤᠷᠭ᠎ᠠ ᠤᠯᠠᠮ ᠶᠡᠬᠡᠳᠴᠦ ᠪᠠᠢᠵᠠᠢ᠃ ᠠᠷᠭ᠎ᠠ ᠦᠭᠡᠢ ᠦᠷ ᠴᠠᠢᠬᠤ ᠶ᠋ᠢ ᠬᠦᠯᠢᠶᠡᠬᠦ ᠬᠡᠷᠡᠭᠲᠡᠢ ᠪᠣᠯᠤᠨ᠎ᠠ᠃ ᠵᠠᠭᠤᠲᠤ ᠶ᠋ᠢᠨ ᠳᠠᠷᠤᠭ᠎ᠠ ᠭᠠᠵᠠᠷ ᠳᠣᠣᠷᠠᠬᠢ ᠰᠠᠭᠤᠴᠠ ᠳ᠋ᠠᠭᠠᠨ ᠣᠷᠣᠯ᠎ᠠ᠃
ᠲᠣᠷᠤᠫᠺᠡ ᠭᠠᠯ ᠤ᠋ᠨ ᠳᠡᠷᠭᠡᠳᠡ ᠣᠢᠷᠠᠬᠠᠨ ᠭᠠᠵᠠᠷ ᠲᠤ᠌ ᠰᠠᠭᠤᠨ᠎ᠠ᠃ ᠭᠠᠷ ᠨᠢ ᠨᠢᠷᠤᠭᠤᠨ ᠳ᠋ᠤᠨᠢ ᠬᠦᠯᠢᠶᠡᠰᠦᠲᠡᠢ ᠪᠥᠭᠡᠳ ᠶᠠᠳᠠᠷᠠᠵᠤ ᠵᠦᠳᠡᠷᠡᠭᠰᠡᠨ ᠰᠢᠨᠵᠢ ᠲᠡᠢ᠂ ᠬᠠᠵᠠᠭᠤ ᠠ᠋ᠴᠠ ᠬᠡᠢᠰᠬᠦ ᠴᠠᠰᠤ ᠲᠣᠯᠣᠭᠠᠢ ᠮᠥᠷᠥ ᠶ᠋ᠢ ᠨᠢ ᠪᠤᠯᠠᠨ᠎ᠠ᠂ ᠲᠣᠷᠤᠫᠺᠡ ᠲᠡᠭᠦᠨ ᠢ᠋ ᠨᠢᠭᠤᠷ ᠠ᠋ᠴᠠ ᠪᠠᠨ ᠠᠷᠴᠢᠵᠤ ᠴᠢᠳᠠᠬᠤ ᠦᠭᠡᠢ ᠪᠠᠢᠨ᠎ᠠ᠃ ᠬᠦᠯᠢᠶᠡᠰᠦ ᠶ᠋ᠢᠨ ᠵᠠᠩᠭᠢᠯᠠᠭ᠎ᠠ ᠬᠦᠵᠦᠭᠦᠦ ᠶ᠋ᠢ ᠨᠢ ᠨᠤᠬᠤᠯᠠᠨ᠎ᠠ᠂ ᠬᠦᠯᠢᠶᠡᠰᠦᠨ ᠦ᠌ ᠦᠵᠦᠭᠦᠷ ᠢ᠋ ᠳᠡᠷᠭᠡᠳᠡ ᠨᠢ ᠰᠠᠭᠤᠬᠤ ᠵᠠᠯᠠᠭᠤ ᠴᠡᠷᠢᠭ ᠪᠠᠷᠢᠵᠤ ᠪᠠᠢᠨ᠎ᠠ᠃ ᠨᠥᠭᠦᠭᠡ ᠲᠠᠯ᠎ᠠ ᠳ᠋ᠤ᠌ ᠮᠣᠷᠢᠨ ᠤ᠋ ᠠᠳᠠᠰᠬ᠎ᠠ ᠳᠡᠭᠡᠷ᠎ᠡ ᠳ᠋ᠸᠮᠢᠷ ᠢ᠋ ᠬᠡᠪᠲᠡᠭᠦᠯᠵᠦ ᠬᠣᠨᠢᠨ ᠤ᠋ ᠠᠷᠠᠰᠤᠨ ᠳᠡᠪᠡᠯ ᠢ᠋ᠶ᠋ᠡᠷ ᠪᠦᠲᠡᠭᠡᠵᠡᠢ᠃ ᠳ᠋ᠸᠮᠢᠷ ᠶᠣᠢᠯᠠᠬᠤ ᠪᠠᠨ ᠪᠣᠯᠢᠵᠤ ᠡᠭᠦᠷᠢᠳᠡ ᠳᠠᠭᠤ ᠪᠠᠨ ᠬᠤᠷᠢᠶᠠᠭᠰᠠᠨ ᠪᠣᠯᠤᠯᠲᠠᠢ ᠬᠡᠳᠦᠨ ᠴᠠᠭ ᠥᠩᠭᠡᠷᠡᠭᠦᠯᠵᠡᠢ᠃ ᠭᠠᠯ ᠳᠡᠭᠡᠷ᠎ᠡ ᠦᠳᠡᠰᠢ ᠪᠡᠷ ᠪᠠᠢᠭᠰᠠᠨ ᠲᠣᠮᠣ ᠬᠣᠵᠤᠤᠯ᠎ᠠ ᠤ᠋ᠳ ᠪᠠᠷᠤᠭ ᠰᠢᠲᠠᠵᠤ ᠭᠦᠢᠴᠡᠵᠡᠢ᠃ ᠰᠡᠭᠦᠯᠴᠢ ᠶ᠋ᠢᠨ ᠭᠠᠯ ᠰᠦᠮᠡᠯᠵᠡᠵᠦ ᠳᠡᠷᠭᠡᠳᠡ ᠨᠢ ᠨᠡᠭᠦᠷᠡᠰᠦ ᠤᠯᠠᠢᠨ᠎ᠠ᠃ ᠯᠠᠭ᠌ᠸᠷ ᠳᠠᠬᠢᠨ ᠤᠨᠲᠠᠵᠠᠢ᠃ ᠲᠣᠷᠤᠫᠺᠡ ᠤᠨᠲᠠᠭᠰᠠᠨ ᠦᠭᠡᠢ᠂ ᠬᠡᠷᠬᠢᠨ ᠵᠢᠭᠤᠲᠠᠵᠤ ᠡᠳᠡ ᠨᠠᠷ ᠤ᠋ᠨ ᠭᠠᠷ ᠠ᠋ᠴᠠ ᠭᠠᠷᠬᠤ ᠪᠢᠯᠡ? ᠭᠡᠵᠦ ᠪᠣᠳᠣᠵᠤ ᠰᠠᠭᠤᠯ᠎ᠠ᠃ ᠪᠠᠰᠠ ᠨᠢᠭᠡᠨ ᠬᠥᠭᠰᠢᠨ ᠡᠮᠡᠭᠡᠨ ᠤᠨᠲᠠᠭ᠎ᠠ ᠦᠭᠡᠢ᠂ ᠬᠠᠭᠠᠰ ᠨᠢ ᠨᠤᠷᠠᠭᠰᠠᠨ ᠭᠠᠵᠠᠷ ᠰᠠᠭᠤᠴᠠ ᠶ᠋ᠢᠨ ᠳᠡᠷᠭᠡᠳᠡ ᠭᠠᠯ ᠤ᠋ᠨ ᠳᠥᠯᠥ ᠶ᠋ᠢ ᠠᠭᠤᠷᠲᠠᠢ ᠨᠢᠳᠦ ᠪᠡᠷ ᠰᠢᠷᠳᠡᠨ᠎ᠡ᠃ ᠡᠨᠡ ᠬᠥᠪᠡᠭᠦᠨ ᠢ᠋ ᠮᠠᠨᠠᠵᠤ ᠪᠣᠢ ᠴᠡᠷᠢᠭ ᠦ᠋ᠨ ᠬᠡᠪᠲᠡᠬᠦ ᠶ᠋ᠢ ᠬᠦᠯᠢᠶᠡᠵᠦ ᠪᠠᠢᠭᠠᠳ ᠪᠣᠰᠴᠤ ᠴᠢᠮᠡᠭᠡ ᠠᠨᠢᠷ ᠦᠭᠡᠢ ᠰᠡᠮᠬᠡᠨ ᠭᠡᠲᠡᠭᠰᠡᠭᠡᠷ ᠭᠠᠯ ᠤ᠋ᠨ ᠳᠡᠷᠭᠡᠳᠡ ᠣᠢᠷᠠᠲᠤᠪᠠ᠃ ᠡᠨᠡ ᠡᠮᠡᠭᠡᠨ ᠢᠳᠡᠭᠰᠡᠨ ᠶᠠᠭᠤᠮᠠᠨ ᠤ᠋ ᠦᠯᠡᠳᠡᠭᠳᠡᠯ ᠢ᠋ ᠡᠷᠢᠭᠰᠡᠨ ᠦᠭᠡᠢ ᠠᠵᠢ᠃ ᠬᠤᠷᠬᠢᠷᠠᠵᠤ ᠪᠠᠢᠭ᠎ᠠ ᠴᠡᠷᠢᠭ ᠦ᠋ᠨ ᠨᠢᠭᠤᠷ ᠢ᠋ ᠲᠣᠩᠭᠣᠢᠵᠤ ᠬᠠᠷᠠᠭᠠᠳ ᠭᠡᠳᠡᠷᠭᠦ ᠵᠠᠢᠯᠠᠪᠠ᠃ ᠲᠡᠭᠡᠭᠡᠳ ᠠᠯᠬᠤᠪᠠ᠃ᠲᠡᠭᠡᠭᠰᠡᠨ ᠢ᠋ᠶ᠋ᠡᠨ ᠥᠷᠭᠡᠨ ᠬᠥᠬᠡ ᠥᠮᠥᠳᠥ ᠶ᠋ᠢᠨ ᠱᠤᠤᠮᠠᠭ ᠠ᠋ᠴᠠ ᠬᠤᠷᠴᠠ ᠬᠢᠲᠤᠭᠠᠨ ᠤ᠋ ᠬᠤᠭᠤᠷᠬᠠᠢ ᠠᠪᠴᠤ ᠬᠦᠯᠦᠭ ᠦ᠋ᠨ ᠳᠡᠭᠡᠰᠦ ᠶ᠋ᠢ ᠲᠠᠰᠤ ᠣᠭᠲᠣᠯᠤᠭᠠᠳ ᠵᠠᠭᠤᠲᠤ ᠶ᠋ᠢᠨ ᠳᠠᠷᠤᠭ᠎ᠠ ᠶ᠋ᠢᠨ ᠬᠡᠭᠡᠷ ᠠᠵᠢᠷᠭ᠎ᠠ ᠶ᠋ᠢᠨ ᠵᠦᠭ ᠭᠠᠷ ᠢ᠋ᠶ᠋ᠠᠨ ᠳᠠᠭᠤ ᠦᠭᠡᠢ ᠵᠢᠭᠠᠪᠠ᠂ ᠲᠡᠭᠡᠭᠡᠳ ᠴᠢᠮᠡᠭᠡ ᠦᠭᠡᠢ ᠠᠯᠠᠭ᠎ᠠ ᠪᠣᠯᠴᠢᠬᠠᠯ᠎ᠠ᠃
ᠲᠣᠷᠤᠫᠺᠠ ᠳᠡᠭᠡᠰᠦᠨ ᠦ᠌ ᠰᠤᠯᠠᠷᠠᠭᠰᠠᠨ ᠢ᠋ ᠮᠡᠳᠡᠪᠡᠴᠦ ᠭᠠᠷ ᠢ᠋ᠶ᠋ᠠᠨ ᠰᠢᠭᠤᠳ ᠬᠥᠳᠡᠯᠭᠡᠵᠦ ᠴᠢᠳᠠᠭᠰᠠᠨ ᠦᠭᠡᠢ ᠠᠭᠠᠵᠢᠮ ᠢ᠋ᠶ᠋ᠠᠷ ᠴᠢᠰᠤ ᠨᠢ ᠭᠦᠶᠦᠵᠦ ᠬᠤᠷᠤᠭᠤ ᠨᠤᠭᠤᠳ ᠨᠢ ᠳᠠᠷᠠᠭᠠᠯᠠᠨ ᠬᠥᠳᠡᠯᠬᠦ ᠪᠣᠯᠤᠯ᠎ᠠ᠃ ᠲᠣᠷᠣᠫᠺᠠ ᠤᠨᠲᠠᠵᠤ ᠪᠣᠢ ᠴᠡᠷᠢᠭ ᠢ᠋ ᠠᠵᠢᠭᠯᠠᠨ ᠬᠠᠷᠠᠭᠠᠳ ᠪᠣᠯᠭᠣᠮᠵᠢᠲᠠᠢ ᠪᠠᠷ ᠪᠣᠰᠴᠤ ᠵᠥᠭᠡᠯᠡᠨ ᠬᠥᠪᠰᠥᠭᠡᠷ ᠴᠠᠰᠤᠨ ᠳᠤᠮᠳᠠᠭᠤᠷ ᠰᠡᠮᠡᠬᠡᠷ ᠠᠯᠬᠤᠨ ᠶᠠᠪᠤᠵᠤ ᠬᠡᠭᠡᠷ ᠠᠵᠢᠷᠭᠠᠨ ᠤ᠋ ᠳᠡᠷᠭᠡᠳᠡ ᠣᠴᠢᠭᠠᠳ ᠴᠡᠴᠡᠷᠡᠭᠰᠡᠨ ᠭᠠᠷ ᠢ᠋ᠶ᠋ᠠᠷ ᠲᠤᠱᠠ ᠶ᠋ᠢ ᠲᠠᠢᠯᠵᠤ᠂ ᠨᠢᠭᠡ ᠮᠡᠳᠡᠬᠦ ᠳ᠋ᠦ᠍ ᠡᠮᠡᠭᠡᠯ ᠳᠡᠭᠡᠷ᠎ᠡ ᠭᠠᠷᠤᠭᠰᠠᠨ ᠪᠠᠢᠯ᠎ᠠ᠃
ᠬᠣᠢᠨ᠎ᠠ ᠠ᠋ᠴᠠ ᠪᠡᠨ ( ᠨᠢ ) ᠪᠠᠷᠬᠢᠷᠠᠬᠤ ᠶ᠋ᠢ ᠬᠥᠪᠡᠭᠡᠨ ᠳᠡᠭᠡᠷ᠎ᠡ ᠭᠠᠷᠤᠭᠰᠠᠨ ᠤ᠋ ᠬᠣᠢᠨ᠎ᠠ ᠰᠠᠶᠢ ᠰᠣᠨᠣᠰᠴᠠᠢ᠃ ᠰᠠᠯᠬᠢ ᠴᠢᠬᠢᠨ ᠳ᠋ᠦ᠍ᠨᠢ ᠢᠰᠬᠡᠷᠴᠦ᠂ ᠨᠢᠭᠤᠷ ᠲᠤᠨᠢ ᠴᠠᠰᠤ ᠬᠠᠶᠠᠯᠠᠨ᠎ᠠ᠃ ᠬᠦᠴᠦᠲᠦ ᠠᠵᠢᠷᠭ᠎ᠠ ᠴᠤᠴᠠᠯᠲᠠ ᠦᠭᠡᠢ ᠬᠠᠷᠠᠢᠵᠤ᠂ ᠬᠣᠪ ᠬᠣᠭᠣᠰᠣᠨ ᠲᠠᠯ᠎ᠠ ᠶ᠋ᠢᠨ ᠳᠤᠮᠳᠠᠭᠤᠷ ᠲᠡᠭᠦᠨ ᠢ᠋ ᠤᠷᠤᠭᠰᠢ ᠳᠥᠭᠥᠭᠦᠯᠦᠨᠡ᠃
ᠦᠰᠦᠭ ᠠᠮᠢᠯᠠᠭᠤᠯᠤᠭᠴᠢ᠄ ᠭᠡᠷᠡᠯ᠂ ᠠᠯᠲᠠᠨᠴᠢᠮᠡᠭ᠂ ᠪᠠᠶᠠᠨᠴᠡᠴᠡᠭ᠂ ᠠᠷᠢᠭᠤᠨ᠂ ᠬᠡᠷᠡᠢᠳ· ᠮᠥᠩᠬᠡᠨᠠᠰᠤᠨ
ᠬᠢᠨᠠᠭᠴᠢ᠄ ᠪᠠᠶᠠᠨᠴᠡᠴᠡᠭ᠂ ᠲ· ᠬᠦᠮᠦᠵᠢᠯᠲᠦ᠂ ᠪᠠᠯ᠂ ᠠᠷᠢᠭᠤᠨ᠂ ᠠᠯᠲᠠᠨᠴᠢᠮᠡᠭ