ᠪᠠᠲᠤ ᠬᠠᠭᠠᠨ 3-08 ᠵᠡᠷᠯᠢᠭ ᠲᠠᠯ᠎ᠠ ᠳ᠋ᠤ᠌-ᠮᠣᠩᠭᠣᠯᠴᠤᠳ ᠣᠷᠣᠰ ᠲᠡᠰᠢ ᠬᠥᠳᠡᠯᠪᠡ-Bat khaan Бат хаан-ᠷᠣᠮᠠᠨ
ᠨᠠᠢ᠍ᠮᠠ ᠵᠡᠷᠯᠢᠭ ᠲᠠᠯ᠎ᠠ ᠳ᠋ᠤ᠌
ᠭᠤᠷᠪᠠᠨ ᠡᠳᠦᠷ ᠴᠡᠷᠢᠭ ᠦ᠋ᠳ ᠡᠮᠦᠨ᠎ᠡ ᠵᠦᠭ ᠶᠠᠪᠤᠵᠤ ᠵᠡᠷᠯᠢᠭ ᠲᠠᠯ᠎ᠠ ᠳ᠋ᠤ᠌ ᠤᠯᠠᠮ ᠭᠦᠨᠵᠡᠭᠡᠢᠷᠡᠨ ᠣᠷᠣᠪᠠ᠃ ᠣᠷᠣᠰ ᠣᠷᠣᠨ ᠤ᠋ ᠪᠠᠮᠪᠠᠢ ᠲᠤᠯᠭᠠᠭᠤᠷ ᠪᠣᠯᠤᠭᠰᠠᠨ ᠷᠶᠡᠽᠡᠨ ᠥᠪᠡᠷ ᠦ᠋ᠨ ᠪᠦᠬᠦ ᠰᠣᠴᠢᠯ ᠰᠠᠨᠳᠤᠷᠤᠯ ᠤ᠋ᠨ ᠬᠠᠮᠲᠤ ᠠᠷᠤ ᠳ᠋ᠤ᠌ ᠬᠣᠢᠨ᠎ᠠ ᠦᠯᠡᠳᠡᠪᠡ᠃
ᠲᠡᠷᠢᠭᠦᠨ ᠳ᠋ᠦ᠍ᠨᠢ ᠮᠣᠷᠢᠲᠤ ᠣᠲ᠋ᠷᠢᠶᠠᠳ᠋᠂ ᠸᠠᠩ ᠸᠠᠰᠸᠸᠣᠯᠤᠳ᠋ ᠫᠷᠤᠨᠰᠺ ᠤ᠋ᠨ ᠵᠠᠬᠢᠷᠭᠠᠨ ᠳᠣᠣᠷ᠎ᠠ ᠬᠥᠳᠡᠯᠵᠦ ᠴᠤᠪᠤᠯᠳᠤᠨ ᠶᠠᠪᠤᠵᠤ ᠪᠠᠢᠪᠠ᠃ ᠪᠦᠷ ᠴᠠᠭᠠᠨ᠎ᠠ ᠲᠩᠷᠢ ᠶ᠋ᠢᠨ ᠬᠠᠶᠠᠭᠠᠨ ᠳ᠋ᠤ᠌ ᠳᠠᠢᠰᠤᠨ ᠤ᠋ ᠣᠲ᠋ᠷᠢᠶᠠᠳ᠋ ᠤ᠋ᠨ ᠡᠨᠳᠡ ᠲᠡᠨᠳᠡ ᠪᠣᠢ ᠦᠭᠡᠢ ᠶ᠋ᠢ ᠳᠠᠩᠨᠠᠭᠤᠯᠬᠤ ᠪᠠᠷ ᠶᠠᠪᠤᠭᠤᠯᠤᠭᠰᠠᠨ ᠮᠣᠷᠢ ᠲᠠᠢ ᠲᠠᠩᠨᠠᠭᠤᠯ ᠤ᠋ᠳ ᠦᠵᠡᠭᠳᠡᠨ᠎ᠡ᠃
ᠲᠡᠳᠡ ᠨᠠᠷ ᠭᠠᠭᠴᠠ ᠨᠢᠭᠡᠨ ᠬᠥᠪᠡᠭᠡ ᠳᠣᠪᠣᠴᠠᠭ ᠳᠡᠭᠡᠷ᠎ᠡ ᠭᠠᠷᠴᠤ ᠮᠠᠯᠠᠭᠠᠢ ᠪᠠᠨ ᠳᠡᠭᠡᠭᠰᠢ ᠬᠠᠶᠠᠬᠤ᠂ ᠳᠣᠣᠷ᠎ᠠ ᠪᠠᠨ ᠡᠷᠭᠢᠯᠳᠦᠬᠦ ᠵᠡᠷᠭᠡᠪᠡᠷ ᠮᠡᠳᠡᠭᠡ ᠲᠡᠮᠳᠡᠭ ᠥᠭᠴᠦ ᠳᠠᠬᠢᠨ ᠴᠠᠰᠢ ᠶᠠᠪᠤᠨ᠎ᠠ᠃ ᠡᠷᠭᠢᠨ ᠲᠣᠭᠣᠷᠢᠨ ᠴᠠᠰᠤ ᠪᠠᠷ ᠪᠦᠷᠬᠦᠮᠡᠯ ᠡᠵᠡᠭᠦᠢ ᠲᠠᠯ᠎ᠠ ᠦᠷᠭᠦᠯᠵᠢᠯᠡᠬᠦ ᠪᠥᠭᠡᠳ ᠬᠠᠶᠠ ᠡᠨᠳᠡ ᠲᠡᠨᠳᠡ ᠰᠣᠨᠳᠤᠤᠯᠠ ᠶ᠋ᠢᠨ ᠣᠷᠴᠢᠮ ᠤᠷᠭᠤᠮᠠᠯ ᠴᠤᠬᠤᠢᠨ ᠦᠵᠡᠭᠳᠡᠵᠦ ᠤᠯᠠᠭᠠᠨ ᠰᠢᠷ᠎ᠠ ᠨᠠᠪᠴᠢ ᠨᠢ ᠢᠯᠭᠠᠷᠠᠨ ᠬᠠᠷᠠᠭᠳᠠᠬᠤ ᠪᠤᠶᠤ ᠡᠰᠡᠪᠡᠯ ᠬᠣᠯᠠ ᠭᠠᠵᠠᠷ ᠲᠤ᠌ ᠤᠩᠬᠢᠯᠠᠨ ᠣᠷᠣᠭᠰᠠᠨ ᠭᠣᠣᠯ ᠤ᠋ᠨ ᠳᠠᠭᠠᠤ ᠴᠠᠷᠠᠰᠤᠨ ᠮᠣᠳᠣᠨ ᠤ᠋ ᠨᠠᠪᠴᠢ ᠬᠠᠷᠠᠯᠠᠨ ᠦᠵᠡᠭᠳᠡᠨ᠎ᠡ᠃
ᠲᠡᠳᠡ ᠡᠮᠦᠨ᠎ᠡ ᠵᠦᠭ ᠢ᠋ ᠴᠢᠭᠯᠡᠨ ᠦᠷᠭᠦᠯᠵᠢᠯᠡᠬᠦ ᠪᠥᠭᠡᠳ ᠬᠣᠯᠠ ᠶ᠋ᠢᠨ ᠰᠣᠷᠠᠵᠠ( ᠺᠷᠢᠮ) ᠬᠣᠲᠠ ᠠ᠋ᠴᠠ ᠢᠷᠡᠬᠦ ᠠᠶᠠᠨ ᠤ᠋ ᠭᠦᠨ ᠲᠠᠯ᠎ᠠ ᠶ᠋ᠢᠨ ᠠᠳᠤᠭᠤᠨ ᠰᠦᠷᠦᠭ ᠪᠠ ᠲᠦᠷᠭᠡᠨ ᠣᠲ᠋ᠷᠢᠶᠠᠳ᠋ ᠤ᠋ᠳ ᠪᠣᠯᠤᠨ ᠲᠠᠯ᠎ᠠ ᠶ᠋ᠢᠨ ᠠᠷᠢᠶᠠᠲᠠᠨ ᠨᠤᠭᠤᠳ ᠲᠤ᠌ ᠳᠠᠪᠲᠠᠭᠳᠠᠭᠰᠠᠨ ᠡᠨᠡ ᠲᠠᠯ᠎ᠠ ᠪᠠᠷ ᠲᠡᠷᠡ ᠦᠶ᠎ᠡ ᠳ᠋ᠦ᠍ ᠬᠣᠢᠲᠤ ᠣᠷᠣᠰ ᠭᠡᠵᠦ ᠨᠡᠷᠡᠯᠡᠵᠦ ᠪᠠᠢᠭᠰᠠᠨ ᠣᠢ ᠶ᠋ᠢᠨ ᠴᠠᠭᠠᠳᠤᠬᠢ ᠣᠷᠣᠨ ᠳ᠋ᠤ᠌ ᠨᠢᠭᠡ ᠬᠡᠰᠡᠭ ᠨᠢ ᠠᠷᠠᠯᠵᠢᠶ᠎ᠠ ᠬᠤᠳᠠᠯᠳᠤᠭ᠎ᠠ ᠬᠢᠬᠦ ᠶ᠋ᠢᠨ ᠲᠤᠯᠠᠳᠠ᠂ ᠨᠥᠭᠦᠭᠡ ᠬᠡᠰᠡᠭ ᠨᠢ ᠳᠣᠪᠲᠣᠯᠬᠤ ᠳᠡᠭᠡᠷᠡᠮᠳᠡᠬᠦ ᠶ᠋ᠢᠨ ᠲᠤᠯᠠᠳᠠ ᠵᠣᠷᠴᠢᠨ ᠶᠠᠪᠤᠵᠠᠭᠠᠳᠠᠭ ᠪᠠᠢᠵᠠᠢ᠃
ᠳᠣᠷᠤᠫᠺᠡ ᠵᠠᠮ ᠢ᠋ᠶ᠋ᠠᠷ ᠠᠯᠬᠤᠯᠠᠬᠤ ᠪᠥᠭᠡᠳ ᠮᠣᠷᠢᠨ ᠴᠡᠷᠢᠭ ᠦ᠋ᠳ ᠦ᠋ᠨ ᠬᠣᠢᠨ᠎ᠠ ᠠ᠋ᠴᠠ ᠬᠣᠮᠣᠬᠠᠢᠷᠠᠨ ᠬᠠᠷᠠᠭᠰᠠᠭᠠᠷ ᠶᠠᠪᠤᠵᠠᠢ᠃ ᠥᠪᠡᠷ ᠦ᠋ᠨ ᠡᠮᠦᠨ᠎ᠡ ᠳᠡᠯᠭᠡᠷᠡᠬᠦ ᠲᠠᠯ᠎ᠠ ᠶ᠋ᠢᠨ ᠠᠭᠤᠳᠠᠮ ᠳ᠋ᠤ᠌᠂ ᠰᠡᠳᠬᠢᠯ ᠬᠠᠨᠤᠭᠤᠨ ᠶᠠᠪᠤᠬᠤ ᠲᠤᠯᠠ ᠪᠣᠯᠬᠤ ᠭᠡᠵᠦ ᠪᠠᠢᠭ᠎ᠠ ᠶᠠᠮᠠᠷ ᠠᠶᠤᠯ ᠤ᠋ᠨ ᠲᠤᠬᠠᠢ ᠪᠠᠭ᠎ᠠ ᠪᠣᠳᠣᠨ᠎ᠠ᠃ ᠭᠠᠭᠴᠠᠬᠦ ᠡᠷ᠎ᠡ ᠬᠥᠮᠦᠨ ᠦ᠌ ᠵᠡᠷᠭᠡ ᠳ᠋ᠦ᠍ ᠬᠦᠷᠴᠦ ᠠᠶᠠᠨ ᠲᠡᠢᠨ ᠳ᠋ᠦ᠍ ᠶᠠᠪᠤᠵᠤ ᠪᠠᠢᠭ᠎ᠠ ᠳ᠋ᠠᠭᠠᠨ ᠣᠮᠣᠭ ᠵᠣᠷᠢᠭ ᠨᠢ ᠪᠠᠳᠠᠷᠠᠬᠤ ᠲᠤᠯᠠ ᠲᠠᠨᠢᠯ ᠪᠤᠰᠤ ᠠᠶᠤᠮᠰᠢᠭᠲᠠᠢ ᠬᠥᠮᠦᠰ ᠲᠠᠲ᠋ᠠᠷ ᠤ᠋ᠳ ᠲᠠᠢ ᠴᠣᠬᠢᠯᠴᠠᠬᠤ ᠶᠠᠪᠤᠳᠠᠯ ᠬᠥᠭᠵᠢᠯᠲᠡᠢ ᠪᠥᠭᠡᠳ ᠬᠠᠴᠢᠨ ᠪᠣᠳᠣᠭᠳᠠᠨ᠎ᠠ᠃ ᠪᠠᠢᠯᠳᠤᠭᠴᠢᠳ ᠤ᠋ᠨ ᠨᠢᠳᠦᠨ ᠦ᠌ ᠡᠮᠦᠨ᠎ᠡ ᠰᠢᠯᠭᠠᠷᠠᠪᠠᠯ ᠭᠠᠪᠢᠶ᠎ᠠ ᠪᠠᠢᠭᠤᠯᠵᠤ ᠮᠠᠭᠠᠳ ᠦᠭᠡᠢ ᠭᠡᠵᠦ ᠪᠣᠳᠣᠨ᠎ᠠ᠃ ᠶᠠᠪᠤᠬᠤ ᠶ᠋ᠢᠨ ᠬᠢᠨᠢ ᠡᠮᠦᠨ᠎ᠡ ᠠᠪᠤ ᠶ᠋ᠢᠨ ᠬᠢᠨᠢ ᠬᠡᠯᠡᠭᠰᠡᠨ ᠦᠭᠡ ᠰᠠᠨᠠᠭᠠᠨ ᠳ᠋ᠤ᠌ ᠣᠷᠣᠨ᠎ᠠ᠃ ᠴᠢᠮ᠎ᠠ ᠲᠠᠢ ᠪᠢᠳᠡ ᠪᠠᠭᠠᠪᠠᠭᠠᠢ ᠠᠩᠨᠠᠬᠤ ᠪᠠᠷ ᠶᠠᠪᠤᠬᠤ ᠳ᠋ᠤ᠌ ᠴᠢ ᠠᠷᠢᠶᠠᠲᠠᠨ ᠦᠵᠡᠭᠡ ᠦᠭᠡᠢ ᠪᠠᠢᠭᠠᠳ ᠠᠶᠤᠮᠰᠢᠭᠲᠠᠢ ᠭᠡᠵᠦ ᠰᠠᠨᠠᠳᠠᠭ ᠪᠠᠢᠭᠰᠠᠨ ᠪᠣᠯ ᠲᠡᠭᠦᠨ ᠢ᠋ ᠦᠵᠡᠬᠦ ᠶ᠋ᠢᠨ ᠬᠠᠮᠲᠤ ᠵᠢᠭᠤᠲᠠᠭᠠᠳ ᠪᠤᠤ ᠶᠠᠪᠤᠴᠢᠬᠠᠭᠠᠰᠠᠢ ᠭᠡᠵᠦ ᠰᠠᠨᠠᠳᠠᠭ ᠪᠣᠯᠤᠭᠰᠠᠨ ᠪᠢᠯᠡ᠃ ᠣᠳᠣ ᠪᠢᠳᠡ ᠲᠠᠲ᠋ᠠᠷ ᠤ᠋ᠳ ᠲᠠᠢ ᠪᠠᠢᠯᠳᠤᠨ᠎ᠠ᠃ ᠲᠠᠲ᠋ᠠᠷ ᠤ᠋ᠳ ᠪᠣᠯ ᠪᠢᠳᠡᠨ ᠲᠡᠢ ᠠᠳᠠᠯᠢᠬᠠᠨ ᠬᠥᠮᠦᠰ᠂ᠥᠴᠦᠬᠡᠨ ᠴᠦ᠍ ᠢᠯᠡᠭᠦᠦ ᠬᠦᠴᠦᠲᠡᠢ ᠪᠤᠰᠤ᠃ ᠳᠠᠭᠠᠷᠢᠬᠤ ᠳ᠋ᠠᠭᠠᠨ ᠲᠡᠳᠡ ᠪᠠᠷᠬᠢᠷᠠᠯᠳᠤᠨᠠ᠂ ᠤᠴᠢᠷ ᠨᠢ ᠲᠡᠳᠡ ᠠᠶᠤᠭᠰᠠᠨ ᠳᠡᠭᠡᠷ᠎ᠡ ᠡᠴᠡ ᠲᠡᠭᠡᠵᠦ ᠪᠠᠷᠬᠢᠷᠠᠵᠤ ᠪᠠᠢᠭ᠎ᠠ ᠶᠤᠮ᠂ ᠪᠠᠰᠠ ᠠᠶᠤᠭᠰᠠᠨ ᠠ᠋ᠴᠠ ᠪᠣᠯᠵᠤ ᠨᠢᠳᠦ ᠪᠡᠨ ᠪᠦᠯᠲᠡᠢᠯᠭᠡᠨ ᠴᠢᠷᠠᠯᠠᠨᠠ᠃ ᠴᠢ ᠪᠣᠯ ᠬᠣᠶᠠᠭᠤᠯᠠ ᠶ᠋ᠢ ᠬᠠᠷᠠᠵᠤ ᠶᠠᠪᠤ᠂ ᠭᠡᠳᠡᠷᠭᠦ ᠪᠤᠤ ᠵᠢᠭᠤᠲᠠ᠂ ᠵᠢᠭᠤᠲᠠᠪᠠᠯ ᠳᠠᠢᠰᠤᠨ ᠳ᠋ᠤ᠌ ᠵᠣᠷᠢᠭ ᠨᠡᠮᠡᠭᠳᠡᠨ᠎ᠡ᠃ ᠲᠡᠭᠦᠨ ᠳ᠋ᠦ᠍ ᠰᠦᠬᠡ ᠶ᠋ᠢᠨ ᠢᠷ ᠬᠢᠲᠤᠭ᠎ᠠ ᠶ᠋ᠢᠨ ᠦᠵᠦᠭᠦᠷ ᠢ᠋ᠶ᠋ᠡᠷ ᠪᠡᠯᠡᠭ ᠪᠠᠷᠢᠬᠤ ᠬᠡᠷᠡᠭᠲᠡᠢ ᠭᠡᠪᠡ᠃
ᠠᠪᠤ ᠮᠢᠨᠢ ᠪᠠᠢᠯᠳᠤᠭᠠᠨ ᠤ᠋ ᠶᠠᠪᠤᠳᠠᠯ ᠮᠡᠳᠡᠨ᠎ᠡ ᠭᠡᠵᠦ ᠲᠣᠷᠤᠫᠺᠠ ᠳ᠋ᠤ᠌ ᠰᠠᠨᠠᠭᠳᠠᠨ᠎ᠠ᠃ ᠲᠡᠷᠡ ᠰᠦᠽᠳᠠᠯᠢ ᠶ᠋ᠢᠨ ᠬᠢᠨ ᠲᠡᠢ ᠪᠠᠢᠯᠳᠤᠵᠤ ᠮᠥᠨ ᠡᠨᠡ ᠡᠵᠡᠭᠦᠢ ᠲᠠᠯ᠎ᠠ ᠳ᠋ᠤ᠌ ᠶᠠᠪᠤᠵᠤ ᠪᠠᠢᠭᠰᠠᠨ ᠪᠠ ᠴᠢᠰᠤᠨ ᠳ᠋ᠤ᠌ ᠪᠠᠨ ᠬᠤᠳᠬᠤᠯᠳᠤᠵᠤ ᠰᠢᠷᠬ᠎ᠠ ᠪᠠᠨ ᠪᠣᠭᠣᠵᠤ ᠣᠷᠢᠶᠠᠭᠠᠳ ᠪᠤᠴᠠᠵᠤ ᠣᠴᠢᠭᠰᠠᠨ ᠨᠢ ᠨᠢᠭᠡ ᠤᠳᠠᠭ᠎ᠠ ᠪᠤᠰᠤ ᠪᠠᠢᠵᠠᠢ᠃ ᠲᠣᠷᠤᠫᠺᠠ ᠶ᠋ᠢᠨ ᠲᠣᠭᠠᠯᠠᠬᠤ ᠪᠠᠷ ᠪᠣᠯ ᠴᠡᠷᠢᠭ ᠦ᠋ᠨ ᠲᠣᠭ᠎ᠠ ᠬᠣᠶᠠᠷ ᠮᠢᠩᠭ᠎ᠠ ᠣᠷᠴᠢᠮ ᠪᠣᠯᠤᠨ᠎ᠠ᠃ ᠬᠡᠨ ᠳ᠋ᠦ᠍ ᠬᠠᠮᠢᠭ᠎ᠠ ᠰᠠᠢᠬᠠᠨ ᠲᠣᠬᠢᠷᠠᠮᠵᠢᠲᠠᠢ ᠰᠠᠨᠠᠭᠳᠠᠨ᠎ᠠ᠂ ᠲᠡᠷᠡ ᠬᠥᠮᠦᠨ ᠲᠡᠨᠳᠡ ᠣᠴᠢᠵᠤ ᠵᠠᠭᠤᠲᠤ ᠳ᠋ᠤ᠌ ᠬᠤᠪᠢᠶᠠᠭᠳᠠᠵᠤ ᠳᠤᠷ᠎ᠠ ᠪᠠᠷ ᠶᠠᠪᠤᠨ᠎ᠠ᠃ ᠵᠠᠭᠤᠲᠤ ᠶ᠋ᠢᠨ ᠳᠣᠲᠣᠷᠠᠬᠢ ᠬᠥᠮᠦᠨ ᠨᠢᠭᠡ ᠨᠢᠭᠡᠨ ᠳ᠋ᠡᠭᠡᠨ ᠰᠢᠬᠠᠯᠴᠠᠯᠳᠤᠨ ᠶᠠᠪᠤᠬᠤ ᠪᠥᠭᠡᠳ ᠪᠤᠰᠤᠳ ᠵᠠᠭᠤᠲᠤ ᠲᠠᠢ ᠬᠣᠯᠢᠯᠳᠤᠬᠤ ᠦᠭᠡᠢ ᠶ᠋ᠢᠨ ᠲᠤᠯᠠᠳᠠ ᠲᠡᠭᠡᠵᠦ ᠶᠠᠪᠤᠬᠤ ᠠᠵᠢ᠃
ᠵᠠᠭᠤᠲᠤ ᠶ᠋ᠢ ᠵᠠᠭᠤᠲᠤ ᠶ᠋ᠢᠨ ᠳᠠᠷᠤᠭ᠎ᠠ ᠸᠠᠩ ᠤ᠋ᠨ ᠨᠥᠬᠥᠳ ᠤᠳᠤᠷᠢᠳᠤᠨ᠎ᠠ᠃ ᠡᠳᠡ ᠨᠠᠷ ᠨᠢ ᠭᠠᠤᠯᠢᠨ ᠬᠤᠳᠠᠷᠭ᠎ᠠ ᠮᠣᠯᠴᠣᠭ ᠢ᠋ᠶ᠋ᠠᠷ ᠴᠢᠮᠡᠭᠯᠡᠭᠰᠡᠨ ᠴᠡᠪᠡᠷ ᠰᠠᠢᠬᠠᠨ ᠮᠣᠷᠢ ᠤᠨᠤᠵᠤ ᠶᠠᠪᠤᠨ᠎ᠠ᠃ ᠬᠡᠳᠦᠨ ᠵᠠᠭᠤᠲᠤ ᠶ᠋ᠢᠨ ᠲᠦᠷᠦᠭᠦᠨ ᠳ᠋ᠦ᠍ ᠪᠠᠢᠯᠳᠤᠭᠠᠨ ᠤ᠋ ᠠᠬᠠᠯᠠᠭᠴᠢ ᠤᠳᠤᠷᠢᠳᠤᠭᠴᠢ ᠶᠠᠪᠤᠬᠤ᠂ ᠡᠭᠦᠨ ᠳ᠋ᠦ᠍ ᠲᠡᠷᠡ ᠨᠢ ᠪᠠᠢᠯᠳᠤᠭᠠᠨ ᠤ᠋ ᠶᠠᠪᠤᠳᠠᠯ ᠢ᠋ ᠮᠡᠳᠡᠬᠦ ᠪᠥᠭᠡᠳ ᠤᠷᠢᠳᠤ ᠴᠦᠯ ᠲᠠᠯ᠎ᠠ ᠳ᠋ᠤ᠌ ᠶᠠᠪᠤᠭᠰᠠᠨ ᠬᠥᠮᠦᠨ ᠭᠡᠨ᠎ᠡ᠃ ᠵᠠᠭᠤᠲᠤ ᠪᠦᠷᠢ ᠶ᠋ᠢᠨ ᠬᠣᠢᠨ᠎ᠠ ᠠᠴᠢᠶ᠎ᠠ ᠦᠷᠭᠦᠯᠵᠢᠯᠡᠨ᠎ᠡ᠃ ᠲᠡᠷᠭᠡ ᠪᠤᠶᠤ ᠰᠦᠯᠵᠢᠮᠡᠯ ᠪᠤᠷᠭᠠᠰᠤᠨ ᠬᠠᠰᠢᠯᠭ᠎ᠠ ᠲᠠᠢ ᠮᠠᠲᠠᠮᠠᠯ ᠴᠢᠷᠭ᠎ᠠ ᠨᠤᠭᠤᠳ ᠲᠤ᠌ ᠲᠠᠯᠬ᠎ᠠ᠂ ᠰᠢᠭᠤᠳᠠᠢ ᠲᠠᠢ ᠭᠤᠷᠢᠯ( ᠭᠤᠯᠢᠷ)᠂ ᠠᠷᠪᠠᠢ᠂ ᠥᠭᠡᠬᠦ ᠲᠣᠰᠣ᠂ ᠪᠠᠰᠠ ᠬᠤᠶᠠᠭ ᠳᠤᠭᠤᠯᠠᠭ᠎ᠠ᠂ ᠵᠡᠪᠰᠡᠭ᠂ ᠲᠡᠭᠳᠡᠢ ᠲᠡᠷᠢᠭᠦᠲᠡᠨ ᠢ᠋ᠶ᠋ᠡᠨ ᠬᠢᠵᠦ ᠴᠡᠷᠢᠭ ᠦ᠋ᠳ ᠦ᠋ᠨ ᠶᠠᠪᠤᠬᠤ ᠳ᠋ᠤ᠌ ᠬᠥᠩᠭᠡᠨ ᠪᠣᠯᠭᠠᠵᠠᠢ᠃ ᠭᠠᠵᠠᠷ ᠤ᠋ᠨ ᠤᠷᠤᠭᠤ ᠪᠤᠶᠤ ᠥᠭᠡᠳᠡ ᠲᠠᠰᠢᠭᠤ ᠳ᠋ᠤ᠌ ᠴᠢᠷᠭ᠎ᠠ ᠬᠠᠵᠠᠭᠤᠯᠠᠳᠠᠵᠦ ᠮᠠᠭᠠᠳ ᠲᠤᠯᠠ ᠴᠡᠷᠢᠭ ᠦ᠋ᠳ ᠭᠦᠶᠦᠯᠳᠦᠨ ᠢᠷᠡᠵᠦ ᠣᠩᠬᠣᠯᠳᠠᠭᠤᠯᠤᠯ ᠦᠭᠡᠢ ᠶᠠᠪᠤᠭᠤᠯᠤᠨ᠎ᠠ᠃ ᠫᠧᠷᠦ᠋ᠨᠣᠧ — ᠪᠣᠷ ᠤ᠋ᠨ ᠴᠡᠷᠢᠭ ᠦ᠋ᠳ ᠬᠣᠭᠣᠷᠣᠨᠳᠣ ᠪᠠᠨ ᠡᠪᠲᠡᠢ ᠶᠡᠷᠦ᠋ᠰᠲ᠋ᠣᠸᠧᠺ ᠦ᠋ᠨ ᠲᠠᠷᠢᠶᠠᠴᠢᠳ ᠲᠠᠢ ᠨᠢᠭᠡᠨ ᠵᠠᠭᠤᠲᠤ ᠪᠣᠯᠵᠤ ᠶᠠᠪᠤᠨ᠎ᠠ᠃ ᠤᠷᠲᠤ ᠨᠢ ᠥᠷᠭᠡᠨ ᠴᠡᠭᠡᠵᠢ ᠲᠡᠢ ᠨᠠᠮᠬᠠᠨ ᠪᠡᠶ᠎ᠡ ᠲᠡᠢ ᠸᠡᠦ᠋ᠯ ᠮᠣᠷᠳ᠋ᠸᠢᠯ ᠶᠠᠪᠤᠵᠤ᠂ ᠮᠣᠷᠳ᠋ᠸᠢᠯ ᠳᠠᠭᠤᠤ ᠠᠶᠠᠯᠵᠤ ᠶᠠᠪᠤᠬᠤ ᠪᠥᠭᠡᠳ ᠭᠡᠨᠡᠳᠲᠡ ᠡᠮᠦᠨ᠎ᠡ ᠪᠡᠨ ᠶᠠᠮᠠᠷ ᠨᠢᠭᠡᠨ ᠰᠢᠨ᠎ᠡ ᠪᠤᠶᠤ ᠥᠪᠡᠷ ᠦ᠋ᠨ ᠮᠡᠳᠡᠬᠦ ᠦᠭᠡᠢ ᠵᠦᠢᠯ ᠠᠵᠢᠭᠯᠠᠭᠳᠠᠪᠠᠯ ᠳᠠᠭᠤᠯᠠᠬᠤ ᠶ᠋ᠢ ᠪᠣᠯᠢᠨ᠎ᠠ᠃ ᠡᠨᠡ ᠠᠩᠬᠠᠳᠤᠭᠠᠷ ᠤᠳᠠᠭ᠎ᠠ ᠭᠣᠪᠢ ᠲᠠᠯ᠎ᠠ ᠶ᠋ᠢ ᠦᠵᠡᠵᠦ ᠪᠣᠢ ᠪᠥᠭᠡᠳ ᠪᠦᠬᠦ ᠨᠠᠰᠤᠨ ᠳ᠋ᠠᠭᠠᠨ ᠣᠢ ᠳᠣᠲᠣᠷ᠎ᠠ ᠠᠮᠢᠳᠤᠷᠠᠵᠤ ᠶᠠᠪᠤᠭᠰᠠᠨ ᠠᠵᠢ᠃ ᠨᠢᠭᠡᠨ ᠰᠦᠷᠦᠭ ᠵᠡᠭᠡᠷ᠎ᠡ᠂ ᠲᠠᠯ᠎ᠠ ᠳᠣᠲᠣᠷ᠎ᠠ ᠠ᠋ᠴᠠ ᠭᠠᠷᠴᠤ ᠣᠯᠠᠨ ᠬᠥᠮᠦᠨ ᠢ᠋ ᠠᠵᠢᠭᠯᠠᠨ ᠬᠠᠷᠠᠵᠤ ᠡᠪᠡᠷ ᠢ᠋ᠶ᠋ᠡᠨ ᠨᠢᠷᠤᠭᠤᠨ ᠳᠡᠭᠡᠷ᠎ᠡ ᠪᠡᠨ ᠭᠡᠳᠡᠢᠯᠭᠡᠵᠦ ᠬᠣᠯᠠ ᠳᠡᠪᠬᠡᠷᠦᠨ ᠦᠰᠦᠷᠬᠦ ᠳ᠋ᠦ᠍ ᠸᠠᠦᠢ᠍ᠯ ᠭᠠᠢᠬᠠᠭᠰᠠᠨ ᠳ᠋ᠠᠭᠠᠨ ᠳᠣᠷᠣᠭᠰᠢ ᠭᠤᠶ᠎ᠠ ᠪᠠᠨ ᠠᠯᠠᠭᠠᠳᠠᠨ᠎ᠠ᠃
ᠤᠷᠲᠤ ᠬᠥᠯᠲᠦ ᠬᠡᠷᠵᠡᠭᠡᠷ ᠲᠤᠷᠠᠩᠬᠠᠢ ᠼᠪᠶᠠᠭ᠎ᠠ᠂ ᠸᠠᠤᠢ᠍ᠯ ᠤ᠋ᠨ ᠬᠣᠢᠨ᠎ᠠ ᠠ᠋ᠴᠠ ᠬᠥᠭᠵᠢᠯ ᠦᠭᠡᠢ ᠶᠠᠭᠤᠮ᠎ᠠ ᠪᠣᠳᠣᠭᠰᠠᠭᠠᠷ ᠤᠳᠠᠭᠠᠨ ᠠᠯᠭᠤᠷ ᠢ᠋ᠶ᠋ᠠᠷ ᠠᠯᠬᠤᠯᠠᠵᠤ ᠶᠠᠪᠤᠨ᠎ᠠ᠃
— ᠠ᠋ ᠬᠦᠢ᠂ ᠼᠪᠶᠠᠭ᠎ᠠ! ᠬᠥᠯ ᠴᠢᠨᠢ ᠤᠷᠲᠤ ᠲᠤᠯᠠ ᠲᠡᠷᠡ ᠢᠮᠠᠭ᠎ᠠ ᠶ᠋ᠢ ᠬᠥᠭᠡᠭᠡᠵᠦ ᠰᠡᠭᠦᠯ ᠡᠴᠡ ᠨᠢ ᠪᠠᠷᠢᠭᠠᠳ ᠠᠪᠤᠭᠠᠴᠢ ᠭᠡᠬᠦ ᠳ᠋ᠦ᠍ᠨᠢ:
— ᠨᠠᠳᠠᠳᠤ ᠡᠨᠡ ᠢᠮᠠᠭ᠎ᠠ ᠲᠠᠢ ᠬᠥᠭᠡᠭᠡᠴᠡᠯᠳᠦᠬᠦ ᠬᠡᠷᠡᠭ ᠠᠯᠠᠭ᠎ᠠ᠂ ᠭᠦᠶᠦᠵᠦ ᠶᠠᠪᠤᠭ᠎ᠠ ᠲᠠᠤᠯᠠᠢ ( ᠶ᠋ᠢ ) ᠴᠢᠬᠢᠨ ᠡᠴᠡ ᠨᠢ ᠪᠠᠷᠢᠵᠤ ᠠᠪᠳᠠᠭ ᠢ᠋ᠶ᠋ᠠᠷ ᠢ᠋ᠶ᠋ᠠᠨ ᠲᠠ ᠨᠠᠷ ᠮᠣᠷᠳ᠋ᠸᠢᠯ ᠨᠤᠭᠤᠳ ᠪᠠᠷᠢᠬᠤ ᠦᠭᠡᠢ ᠤᠤ? ᠭᠡᠵᠦ ᠲᠡᠷᠡ ᠬᠠᠷᠢᠭᠤᠯᠤᠨ᠎ᠠ᠃ ᠺᠦᠳ᠋ᠷᠶᠠᠱ ᠬᠠᠵᠠᠭᠤ ᠳ᠋ᠤ᠌ ᠨᠡᠯᠢᠶᠡᠳ ᠵᠠᠢᠳᠠᠭᠤ ᠶᠠᠪᠤᠨ᠎ᠠ᠃ ᠲᠡᠷᠡ ᠨᠢ ᠵᠠᠷᠢᠮ ᠳ᠋ᠠᠭᠠᠨ ᠬᠢᠷᠭᠢᠰ ᠡᠭᠦᠷ ᠳᠡᠭᠡᠷ᠎ᠡ ᠭᠦᠶᠦᠨ ᠭᠠᠷᠴᠤ ᠠᠯᠤᠰ ᠢ᠋ ᠵᠢᠭᠠᠨ ᠥᠭᠦᠯᠡᠬᠦ ᠨᠢ᠄
— ᠲᠡᠨᠳᠡ ᠳᠣᠷᠣᠨ᠎ᠠ ᠵᠦᠭ ᠡᠴᠡ ᠨᠠᠷᠠᠰᠤᠨ ᠤ᠋ ᠭᠣᠣᠯ᠂ ᠲᠡᠷᠡ ᠪᠠᠷᠠᠭᠤᠨ ᠵᠦᠭ ᠡᠴᠡ ᠭᠥᠵᠡᠭᠡᠯᠵᠡᠭᠡᠨ ᠭᠣᠣᠯ ᠤᠷᠤᠰᠤᠨ᠎ᠠ᠃ ᠬᠣᠶᠠᠷ ᠭᠣᠣᠯ ᠬᠣᠶᠠᠭᠤᠯᠠ ᠸᠣᠷᠤᠨ᠋ᠸᠵ ᠭᠣᠣᠯ ᠳ᠋ᠤ᠌ ᠴᠢᠳᠬᠤᠨ᠎ᠠ᠃ ᠲᠡᠨᠳᠡ ᠲᠡᠷᠡ ᠭᠣᠣᠯ ᠤ᠋ᠨ ᠳᠠᠭᠠᠤ ᠥᠩᠭᠡᠷᠡᠭᠰᠡᠨ ᠵᠢᠯ ᠫᠣᠯᠤᠸᠸᠼᠠ ᠶ᠋ᠢᠨ ᠬᠠᠭᠠᠨ ᠤ᠋ ᠴᠠᠭᠠᠨ ᠭᠡᠷ ᠦ᠋ᠳ ᠪᠠᠢᠭᠰᠠᠨ ᠶᠤᠮ᠃ ᠲᠡᠳᠡᠨᠡᠷ ᠬᠣᠨᠢ᠂ ᠦᠬᠡᠷ ᠠᠪᠴᠢᠷᠠᠵᠤ ᠬᠤᠳᠠᠯᠳᠤᠳᠠᠭ ᠪᠠᠢᠭᠰᠠᠨ᠃ ᠪᠢ ᠲᠡᠳᠡ ᠨᠠᠷ ᠲᠠᠢ ᠠᠷᠪᠠᠨ ᠬᠣᠶᠠᠷ ᠬᠣᠨᠣᠭ ᠬᠠᠮᠲᠤ ᠪᠠᠢᠭᠰᠠᠨ᠃ ᠲᠡᠳᠡ ᠨᠠᠷ ᠤ᠋ᠨ ᠬᠠᠨᠢᠲᠠᠨ ᠲᠡᠷᠭᠡᠨ ᠳᠡᠭᠡᠷ᠎ᠡ ᠨᠢ ᠲᠡᠮᠦᠷ ᠬᠠᠢᠰᠤ᠂ ᠲᠡᠷᠭᠡᠨ ᠦ᠌ ᠬᠢᠨᠢ ᠳᠤᠭᠤᠢ ᠳ᠋ᠤ᠌ ᠲᠡᠮᠦᠷ ᠲᠠᠲᠠᠵᠤ ᠦᠭᠭᠦᠭᠰᠡᠨ ᠪᠢᠯᠡ᠃ ᠲᠡᠳᠡ ᠨᠠᠷ ᠥᠪᠡᠷᠰᠡᠳ ᠢ᠋ ᠪᠡᠨ ᠺᠤᠮᠠᠨ ᠭᠡᠵᠦ ᠨᠠᠷᠠᠯᠠᠨ᠎ᠠ᠃ ᠲᠡᠳᠡ ᠨᠠᠷ ᠤ᠋ᠨ ᠳᠤᠮᠳᠠ ᠲᠠᠨᠢᠯ ᠲᠠᠢ ᠪᠣᠯᠤᠭᠰᠠᠨ ᠶᠤᠮᠰᠠᠨ᠃ ᠬᠠᠪᠤᠷ ᠤ᠋ᠨ ᠴᠠᠭ ᠲᠸ᠋ ᠭᠣᠪᠢ ᠲᠠᠯ᠎ᠠ ᠳ᠋ᠤ᠌ ᠶᠡᠬᠡ ᠰᠠᠢᠬᠠᠨ ᠡᠪᠡᠰᠦ ᠨᠢ ᠬᠥᠮᠦᠨ ᠲᠡᠢ ᠰᠠᠴᠠᠭᠤ ᠤᠷᠭᠤᠬᠤ ᠲᠤᠯᠠ ᠡᠪᠡᠷ ᠲᠡᠢ ᠦᠬᠡᠷ ᠴᠦ᠍ ᠦᠯᠦ ᠦᠵᠡᠭᠳᠡᠨ᠎ᠡ᠃ ᠬᠠᠪᠤᠷ ᠠᠳᠤᠭᠤᠴᠢᠨ ᠳ᠋ᠤ᠌ ᠰᠦ᠋ ᠡᠯᠪᠡᠭ᠂ ᠲᠡᠳᠡ ᠨᠠᠷ ᠬᠣᠨᠢᠨ ᠤ᠋ ᠰᠦ᠋ ᠪᠡᠷ ᠪᠢᠰᠢᠯᠠᠭ ᠬᠢᠨ᠎ᠡ᠂ ᠭᠡᠭᠦᠦ ᠶ᠋ᠢᠨ ᠰᠦ᠋ ᠪᠡᠷ ᠠᠢᠷᠠᠭ ᠨᠡᠷᠡᠨ᠎ᠡ᠃ ᠨᠠᠮᠤᠷ ᠪᠣᠯᠬᠤ ᠳ᠋ᠤ᠌ ᠪᠦᠬᠦ ᠫᠤᠯᠤᠸᠧᠼᠠ ᠨᠤᠭᠤᠳ ᠬᠥᠭᠵᠢᠯᠲᠡᠢ ᠪᠣᠯᠵᠤ ᠭᠠᠯ ᠤ᠋ᠨ ᠳᠡᠷᠭᠡᠳᠡ ᠳᠠᠭᠤᠤ ᠳᠠᠭᠤᠯᠠᠨ ᠴᠡᠩᠭᠡᠨ᠎ᠡ ᠭᠡᠪᠡ᠃
ᠳ᠋ᠢᠺᠦᠷᠦᠰ ᠳᠠᠭᠤ ᠦᠭᠡᠢ᠂ ᠰᠡᠳᠬᠢᠯ ᠵᠣᠪᠠᠨᠢᠨ ᠠᠯᠬᠤᠯᠠᠬᠤ ᠪᠥᠭᠡᠳ ᠪᠣᠳᠣᠵᠤ ᠶᠠᠪᠤᠭᠠᠳ ᠲᠣᠷᠤᠫᠺᠠ ᠳ᠋ᠤ᠌ ᠬᠣᠶᠠᠷ ᠳᠠᠬᠢᠨ ᠦᠭᠡ ᠬᠡᠯᠡᠭᠰᠡᠨ ᠨᠢ᠂
— ᠮᠡᠳᠡᠬᠦ ᠦᠭᠡᠢ᠂ ᠭᠡᠷ ᠲᠡᠭᠡᠨ ᠪᠢᠳᠡ ᠨᠠᠷ ᠪᠦᠲᠦᠨ ᠡᠭᠡᠵᠦ ᠬᠠᠷᠢᠳᠠᠭ ᠪᠣᠯ ᠤᠤ? ᠭᠡᠵᠡᠢ᠃ ᠪᠦᠷᠦᠩᠬᠦᠢ ᠪᠣᠯᠬᠤ ᠶ᠋ᠢᠨ ᠦᠶ᠎ᠡ ᠳ᠋ᠦ᠍ ᠵᠠᠭᠤᠲᠤ ᠭᠣᠣᠯ ᠤ᠋ᠨ ᠡᠷᠭᠢ ᠭᠠᠩᠭᠠᠨ ᠳ᠋ᠤ᠌ ᠪᠡᠬᠢᠯᠡᠯᠲᠡ ᠦᠢᠯᠡᠳᠦᠯ᠎ᠡ᠃ ᠨᠥᠭᠦᠭᠡ ᠡᠷᠭᠢ ᠨᠢ ᠥᠨᠳᠥᠷ ᠪᠥᠭᠡᠳ ᠡᠭᠴᠡ ᠲᠤᠯᠠ ᠲᠡᠨᠳᠡ ᠰᠥᠨᠢ ᠳ᠋ᠡᠭᠡᠨ ᠬᠠᠷᠠᠭᠤᠯ ᠤ᠋ᠨ ᠴᠡᠷᠢᠭ ᠪᠠᠢᠷᠢᠯᠠᠵᠠᠢ᠃ ᠴᠢᠷᠭ᠎ᠠ ᠨᠤᠭᠤᠳ ᠢ᠋ ᠲᠣᠭᠣᠷᠢᠭᠤᠯᠤᠨ ᠲᠠᠯᠪᠢᠵᠤ ᠳᠤᠮᠳᠠ ᠨᠢ ᠭᠠᠯ ᠨᠣᠴᠣᠭᠠᠵᠠᠢ᠃ ᠰᠥᠨᠢ ᠳᠦᠯᠢᠨ ᠭᠠᠯ ᠢ᠋ᠶ᠋ᠠᠨ ᠦᠯᠦ ᠤᠨᠲᠠᠷᠠᠭᠠᠬᠤ ᠶ᠋ᠢᠨ ᠲᠤᠯᠠ ᠬᠠᠷᠭᠠᠨ᠎ᠠ ᠪᠤᠲᠠᠷᠭᠠᠨ᠎ᠠ ᠶ᠋ᠢ ᠶᠡᠬᠡᠪᠡᠷ ᠴᠤᠭᠯᠠᠭᠤᠯᠵᠠᠢ᠃ ᠴᠢᠳᠥᠷ ᠲᠡᠢ ᠮᠣᠷᠢᠳ ᠬᠣᠯᠠ ᠪᠤᠰᠤ ᠪᠡᠯᠴᠢᠵᠦ ᠥᠩᠭᠡᠷᠡᠭᠰᠡᠨ ᠵᠢᠯ ᠦ᠋ᠨ ᠬᠠᠲᠠᠭᠰᠠᠨ ᠡᠪᠡᠰᠦ ᠶ᠋ᠢ ᠢᠳᠡᠨ᠎ᠡ᠃ ᠲᠠᠷᠢᠶᠠᠴᠢᠳ ᠲᠡᠷᠭᠡᠨ ᠡᠴᠡ ᠳᠠᠬᠤ ᠲᠡᠭᠳᠡᠢ ᠨᠤᠭᠦᠳ ᠢ᠋ᠶ᠋ᠡᠨ ᠠᠪᠴᠤ ᠭᠠᠯ ᠤ᠋ᠨ ᠳᠡᠷᠭᠡᠳᠡ ᠰᠠᠭᠤᠵᠠᠭᠠᠭᠠᠳ ᠵᠡᠷᠯᠢᠭ ᠲᠠᠯ᠎ᠠ ᠶ᠋ᠢᠨ ᠲᠤᠬᠠᠢ ᠪᠠ ᠫᠣᠯᠤᠸᠧᠼᠠ ᠳ᠋ᠤ᠌ ᠣᠯᠵᠠᠯᠠᠭᠳᠠᠭᠠᠳ ᠵᠢᠭᠤᠲᠠᠵᠤ ᠭᠠᠷᠤᠭᠰᠠᠨ ᠣᠷᠣᠰ ᠬᠥᠮᠦᠰ ᠦ᠋ᠨ ᠠᠮᠢᠳᠤᠷᠠᠯ ᠤ᠋ᠨ ᠲᠤᠬᠠᠢ ᠦᠯᠢᠭᠡᠷ ᠳᠣᠮᠣᠭ ᠢ᠋ ᠶᠠᠷᠢᠯᠴᠠᠨ᠎ᠠ᠃
ᠰᠥᠨᠢ ᠳᠤᠮᠳᠠ ᠡᠴᠢᠭᠡ ᠨᠢ ᠲᠣᠷᠤᠫᠺᠠ ᠶ᠋ᠢ ᠰᠡᠷᠢᠭᠡᠵᠦ ᠦᠷ ᠴᠠᠢᠲᠠᠯ᠎ᠠ ᠥᠨᠳᠥᠷ ᠬᠥᠪᠡᠭᠡᠨ ᠳᠡᠭᠡᠷ᠎ᠡ ᠭᠠᠷᠴᠤ ᠬᠠᠷᠠᠭᠤᠯ ᠬᠠᠷᠠᠬᠤ ᠶ᠋ᠢ ᠲᠤᠰᠢᠶᠠᠪᠠ᠃
— ᠲᠡᠨᠳᠡ ᠬᠠᠷᠠᠭᠳᠠᠯ ᠦᠭᠡᠢ ᠨᠢᠭᠤᠭᠳᠠᠵᠤ ᠪᠡᠶ᠎ᠡ ᠪᠡᠨ ᠪᠤᠤ ᠦᠵᠡᠭᠦᠯ᠂ ᠴᠢᠮᠡᠭᠡ ᠪᠤᠤ ᠭᠠᠷᠭ᠎ᠠ᠂ ᠲᠠᠲ᠋ᠠᠷ ᠤ᠋ᠳ ᠮᠥᠯᠬᠥᠵᠦ ᠢᠷᠡᠭᠡᠳ ᠬᠢᠲᠤᠭᠠᠯᠠᠵᠤ ᠮᠡᠳᠡᠨ᠎ᠡ᠃ ᠶᠠᠮᠠᠷ ᠨᠢᠭᠡ ᠶᠠᠭᠤᠮ᠎ᠠ ᠦᠵᠡᠪᠡᠯ ᠲᠤᠰᠠᠯᠠᠮᠵᠢ ᠡᠷᠢᠵᠦ ᠪᠠᠷᠬᠢᠷᠠ ᠭᠡᠪᠡ᠃
ᠲᠣᠷᠤᠫᠺᠠ ᠳᠣᠪᠣᠴᠠᠭ ᠳᠡᠭᠡᠷ᠎ᠡ ᠭᠠᠷᠴᠤ ᠬᠠᠲᠠᠭᠰᠠᠨ ᠳᠡᠷᠡᠰᠦᠨ ᠳᠣᠲᠣᠷ᠎ᠠ ᠨᠢᠭᠤᠭᠳᠠᠪᠠ᠃ ᠡᠷᠭᠢᠨ ᠲᠣᠭᠣᠷᠢᠨ ᠬᠠᠷᠠᠩᠭᠤᠢ ᠪᠥᠭᠡᠳ ᠭᠣᠣᠯ ᠤ᠋ᠨ ᠡᠷᠭᠢ ᠶ᠋ᠢᠨ ᠭᠠᠩᠭ᠎ᠠ ᠳᠣᠲᠣᠷ᠎ᠠ ᠭᠠᠯ ᠤᠯᠠᠯᠵᠠᠨ᠎ᠠ᠃ ᠲᠡᠭᠦᠨ ᠦ᠌ ᠳᠡᠷᠭᠡᠳᠡ ᠲᠠᠷᠢᠶᠠᠴᠢᠳ ᠠᠮᠤᠭᠤᠯᠠᠩ ᠤᠨᠲᠠᠵᠠᠭᠠᠵᠤ ᠪᠠᠢᠨ᠎ᠠ᠃ ᠬᠣᠯᠠ ᠪᠤᠰᠤ ᠭᠠᠵᠠᠷ ᠠᠷᠢᠶᠠᠲᠠᠨ ᠠᠮᠢᠲᠠᠨ ᠤ᠋ ᠴᠢᠮᠡᠭᠡ ᠠᠪᠤᠭᠰᠠᠨ ᠮᠡᠲᠦ ᠮᠣᠷᠢᠨ ᠤ᠋ ᠲᠤᠷᠭᠢᠬᠤ ᠰᠣᠨᠣᠰᠳᠠᠪᠠ᠃ ᠲᠣᠷᠤᠫᠺᠠ ᠬᠠᠷᠠᠭᠤᠯ ᠬᠠᠷᠠᠬᠤ ᠦᠶ᠎ᠡ ᠳ᠋ᠡᠭᠡᠨ ᠭᠠᠷ ᠲᠠᠭᠠᠨ ᠵᠢᠳᠠ ᠪᠠᠨ ᠴᠢᠩᠭ᠎ᠠ ᠪᠠᠷᠢᠵᠤ ᠰᠡᠷᠡᠮᠵᠢᠯᠡᠨ ᠰᠠᠭᠤᠬᠤ ᠪᠥᠭᠡᠳ ᠨᠣᠢᠷ ᠴᠤ᠌ ᠬᠤᠯᠵᠢᠵᠤ ᠶᠠᠳᠠᠷᠠᠭᠰᠠᠨ ᠨᠢ ᠴᠦ᠍ ᠮᠠᠷᠲᠠᠭᠳᠠᠪᠠ᠃ ᠬᠠᠷᠠᠩᠭᠤᠢ ᠳ᠋ᠤ᠌ ᠤᠷᠲᠤ ᠬᠢᠲᠤᠭ᠎ᠠ ᠰᠢᠲᠦᠨ ᠳ᠋ᠡᠭᠡᠨ ᠵᠠᠭᠤᠭᠰᠠᠨ ᠲᠠᠲ᠋ᠠᠷ ᠲᠡᠭᠦᠨ ᠦ᠌ ᠵᠦᠭ ᠲᠦ᠍ ᠮᠥᠯᠬᠥᠨ ᠬᠦᠷᠴᠦ ᠢᠷᠡᠵᠦ ᠶᠠᠪᠤᠭ᠎ᠠ ᠶᠤᠮ ᠰᠢᠭ᠋ ᠰᠠᠨᠠᠭᠳᠠᠵᠤ ᠪᠠᠢᠪᠠ᠃ ᠲᠤᠨᠤᠷᠠᠨ ᠪᠠᠢᠬᠤ ᠮᠠᠨᠠᠨ ᠪᠤᠳᠠᠩ ᠤ᠋ᠨ ᠲᠠᠰᠤᠷᠬᠠᠢ ᠪᠠᠷ ᠵᠢᠵᠢᠭᠬᠡᠨ ᠣᠳᠣᠲᠠᠢ ᠬᠠᠷ᠎ᠠ ᠲᠡᠭᠷᠢ ᠬᠠᠷᠠᠭᠳᠠᠨ᠎ᠠ ᠃ ᠬᠠᠷᠭᠠᠨ᠎ᠠ ᠠᠶᠠᠷᠬᠠᠨ ᠰᠦᠷᠴᠢᠭᠢᠨᠡᠬᠦ ᠰᠢᠭ᠌ ᠪᠣᠯᠤᠯ᠎ᠠ᠃ ᠲᠡᠷᠡ ᠨᠢ ᠪᠣᠳᠣᠯᠭ᠎ᠠ ᠪᠣᠳᠣᠵᠤ ᠪᠠᠢᠭᠠᠳ ᠡᠬᠡ ᠶ᠋ᠢᠨ ᠢ᠋ᠶ᠋ᠡᠨ ᠬᠡᠯᠡᠭᠰᠡᠨ ᠰᠡᠭᠦᠯᠴᠢ ᠶ᠋ᠢᠨ ᠦᠭᠡ᠂ ᠲᠡᠪᠡᠷᠢᠨ ᠦᠨᠦᠰᠬᠦ᠂ ᠡᠮᠦᠨ᠎ᠡ ᠨᠢ ᠶᠠᠪᠤᠵᠤ ᠪᠠᠢᠭ᠎ᠠ ᠲᠠᠷᠢᠶᠠᠴᠢᠳ ᠤ᠋ᠨ ᠬᠣᠢᠨ᠎ᠠ ᠠ᠋ᠴᠠ ᠪᠠᠷᠬᠢᠷᠠᠬᠤ ᠡᠮᠡᠭᠲᠡᠢᠴᠦᠳ ᠦ᠋ᠨ ᠳᠠᠭᠤ ᠪᠣᠯᠤᠨ ᠬᠠᠵᠠᠭᠤ ᠳ᠋ᠤᠨᠢ ᠵᠣᠭᠰᠣᠵᠤ ᠪᠠᠢᠭᠰᠠᠨ ᠸᠸᠱᠨ᠋ᠶᠠᠩᠺᠠ ᠨᠢᠳᠦ ᠪᠡᠨ ᠲᠣᠮᠣ ᠪᠣᠯᠭᠠᠵᠤ ᠬᠥᠳᠡᠯᠦᠯ ᠦᠭᠡᠢ ᠵᠣᠭᠰᠣᠵᠤ ᠪᠠᠢᠭᠰᠠᠨ ᠵᠡᠷᠭᠡ ᠨᠢ ᠴᠥᠮ ᠰᠠᠨᠠᠭᠳᠠᠪᠠ᠃
ᠪᠠᠰᠠ ᠬᠥᠩᠭᠡᠨ ᠭᠤᠸᠠᠯᠢᠭ ᠫᠤᠯᠤᠸᠸᠼᠠ ᠮᠣᠷᠢ᠂ ᠲᠠᠯ᠎ᠠ ᠳᠤᠮᠳᠠᠭᠤᠷ ᠳᠠᠪᠬᠢᠵᠤ ᠶᠠᠪᠤᠭᠰᠠᠨ ᠨᠢ ᠶᠠᠭᠤᠨ ᠠ᠋ᠴᠠ ᠴᠤ᠌ ᠢᠯᠡᠭᠦᠦ ᠲᠣᠳᠣᠬᠠᠨ ᠬᠠᠷᠠᠭᠳᠠᠬᠤ ᠰᠢᠭ᠋᠂ ᠲᠡᠭᠡᠭᠡᠳ ᠲᠡᠷᠢᠭᠦᠨ ᠦ᠌ ᠬᠡᠰᠦᠭᠦᠯ ᠳ᠋ᠦ᠍ ᠡᠨᠡ ᠮᠣᠷᠢ ᠲᠠᠢ ᠭᠠᠷᠴᠤ ᠨᠢᠭᠤᠭᠳᠠᠭᠰᠠᠨ ᠲᠠᠲ᠋ᠠᠷ ᠤ᠋ᠳ ᠢ᠋ ᠣᠯᠵᠤ ᠪᠠᠷᠢᠬᠤ ᠭᠡᠵᠦ ᠲᠣᠷᠣᠫᠺᠡ ᠪᠦᠬᠦ ᠪᠣᠳᠣᠯ ᠳ᠋ᠤ᠌ ᠡᠢᠮᠦ ᠶᠠᠭᠤᠮ᠎ᠠ ᠣᠷᠣᠰᠢᠬᠤ ᠪᠣᠯᠤᠨ᠎ᠠ᠃ ᠲᠠᠯ᠎ᠠ ᠳᠣᠲᠣᠷ᠎ᠠ ᠠ᠋ᠴᠠ ᠤᠷᠲᠤ ᠲᠠᠲᠠᠭᠰᠠᠨ ᠳᠠᠭᠤ ᠨᠤᠭᠤᠳ ᠭᠠᠷᠬᠤ ᠨᠢ ᠵᠠᠷᠢᠮ ᠳ᠋ᠠᠭᠠᠨ ᠰᠥᠨᠢ ᠣᠢ ᠳᠣᠲᠣᠷ᠎ᠠ ᠰᠢᠷ᠎ᠠ ᠰᠢᠪᠠᠭᠤ ᠲᠡᠭᠡᠵᠦ ᠪᠠᠷᠬᠢᠷᠠᠳᠠᠭ ᠪᠢᠯᠡ᠃ ᠴᠣᠬᠣᠮ ᠬᠠᠮᠢᠭᠠᠬᠢ ᠶ᠋ᠢ ᠪᠤᠤ ᠮᠡᠳᠡ᠂ ᠨᠠᠷᠢᠨ ᠢ᠋ᠶ᠋ᠠᠷ ᠣᠯᠢᠬᠤ ᠲᠠᠨᠢᠭᠳᠠᠭ᠎ᠠ ᠦᠭᠡᠢ ᠳᠠᠭᠤᠨ ᠣᠢᠷᠠᠬᠠᠨ ᠰᠣᠨᠣᠰᠳᠠᠨ᠎ᠠ᠃ ᠡᠨᠡ ᠶᠠᠭᠤ ᠪᠣᠢ? ᠴᠢᠨᠣ᠎ᠠ ᠤᠤ? ᠡᠰᠡᠪᠡᠯ ᠲᠠᠲ᠋ᠠᠷ ᠤ᠋ᠨ ᠴᠡᠷᠢᠭ ᠦ᠋ᠳ ᠨᠢᠭᠡ ᠨᠢᠭᠡᠨ ᠳ᠋ᠡᠭᠡᠨ ᠬᠠᠷᠠᠩᠭᠤᠢ ᠳ᠋ᠤ᠌ ᠮᠡᠳᠡᠭᠡ ᠥᠭᠴᠦ ᠪᠠᠢᠨ᠎ᠠ ᠤᠤ? ᠰᠥᠨᠢ ᠶ᠋ᠢᠨ ᠬᠠᠷᠠᠩᠭᠤᠢ ᠳᠤᠮᠳᠠᠭᠤᠷ ᠲᠡᠭᠷᠢ ᠴᠡᠯᠮᠡᠵᠦ ᠬᠠᠭᠤᠷᠠᠢ ᠬᠠᠷᠭᠠᠨ᠎ᠠ ᠶ᠋ᠢᠨ ᠮᠥᠴᠢᠷ ᠲᠣᠳᠣᠷᠠᠨ ᠬᠠᠷᠠᠭᠳᠠᠵᠤ ᠪᠠᠢᠯ᠎ᠠ᠃ ᠨᠢᠭᠡ ᠭᠠᠵᠠᠷ ᠳᠡᠷᠡᠰᠦᠨ ᠦ᠌ ᠡᠰᠢ ᠬᠦᠴᠦᠲᠡᠢ ᠪᠡᠷ ᠬᠥᠳᠡᠯᠪᠡ᠃ ᠠ᠋᠂ ᠡᠨᠡ ᠡᠩ ᠦ᠋ᠨ ᠬᠡᠷᠡᠭ ᠪᠢᠰᠢ᠂ ᠡᠪᠡᠰᠦᠨ ᠦ᠌ ᠴᠠᠭᠠᠨ᠎ᠠ ᠠ᠋ᠴᠠ ᠬᠥᠮᠦᠨ ᠭᠡᠲᠡᠵᠦ ᠪᠠᠢᠨ᠎ᠠ ᠭᠡᠵᠦ ᠪᠣᠳᠣᠲᠠᠯ᠎ᠠ ᠬᠥᠮᠦᠨ ᠦ᠌ ᠲᠣᠯᠣᠭᠠᠢ ᠦᠵᠡᠭᠳᠡᠪᠡ᠃ ᠬᠥᠮᠦᠨ ᠥᠨᠳᠡᠢᠵᠦ ᠡᠷᠭᠢᠨ ᠲᠣᠭᠣᠷᠢᠨ( ᠢ᠋ )ᠬᠠᠷᠠᠭᠠᠳ ᠳᠠᠬᠢᠨ ᠴᠢᠮᠡᠭᠡ ᠭᠠᠷᠭᠠᠯ ᠦᠭᠡᠢ ᠡᠪᠡᠰᠦᠨ ᠳᠣᠲᠣᠷ᠎ᠠ ᠬᠡᠪᠲᠡᠪᠡ᠃ ᠥᠪᠡᠷ ᠦ᠋ᠨ ᠬᠥᠮᠦᠨ ᠤᠤ? ᠳᠠᠢᠰᠤᠨ ᠤᠤ? ᠲᠤᠰᠠᠯᠠᠮᠵᠢ ᠡᠷᠢᠵᠦ ᠬᠠᠰᠬᠢᠷᠬᠤ ᠤᠤ? ᠳᠠᠢᠰᠤᠨ ᠪᠣᠯ ᠵᠢᠭᠤᠲᠠᠵᠤ ᠣᠷᠬᠢᠨ᠎ᠠ᠃ ᠬᠡᠷᠪᠡ ᠥᠪᠡᠷ ᠦ᠋ᠨ ᠬᠥᠮᠦᠨ ᠪᠣᠯ ᠳᠡᠮᠡᠢ ᠪᠠᠷᠬᠢᠷᠠᠯ᠎ᠠ ᠭᠡᠵᠦ ᠢᠨᠢᠶᠡᠳᠦᠮ ᠲᠣᠭᠯᠠᠭᠠᠮ ᠪᠣᠯᠭᠠᠨ᠎ᠠ ᠭᠡᠵᠦ ᠪᠣᠳᠣᠭᠠᠳ ᠲᠤᠷᠤᠫᠺᠡ ᠠᠪᠢᠶ᠎ᠠ ᠪᠦᠷᠢ ᠶ᠋ᠢ ᠴᠢᠩᠨᠠᠵᠤ ᠬᠦᠯᠢᠶᠡᠬᠦ ᠪᠡᠷ ᠰᠢᠢᠳᠴᠦ ᠳᠠᠬᠢᠭᠠᠳ ᠲᠣᠯᠣᠭᠠᠢ ᠬᠠᠷᠠᠭᠳᠠᠬᠤ ᠦᠭᠡᠢ ᠶᠤᠮ ᠪᠣᠯ ᠤᠤ? ᠭᠡᠵᠦ ᠪᠣᠳᠣᠪᠠ᠃ ᠭᠡᠲᠡᠯ᠎ᠡ ᠳᠠᠬᠢᠭᠠᠳ ᠦᠯᠦ ᠲᠠᠨᠢᠭᠳᠠᠬᠤ ᠬᠥᠮᠦᠨ ᠪᠠᠷᠠᠭᠤᠨ ᠲᠠᠯ᠎ᠠ ᠠ᠋ᠴᠠ ᠨᠢ ᠣᠢᠷᠠᠬᠠᠨ ᠦᠵᠡᠭᠳᠡᠯ᠎ᠡ᠃ ᠲᠣᠷᠤᠫᠺᠠ ᠬᠦᠯᠢᠶᠡᠵᠦ ᠵᠡᠭᠦᠨ ᠲᠠᠯ᠎ᠠ ᠠ᠋ᠴᠠ ᠢᠷᠡᠬᠦ ᠠᠷᠢᠶᠠᠲᠠᠨ ᠤ᠋ ᠠᠮᠢᠰᠬᠤᠭᠤᠯᠬᠤ ᠲᠠᠢ ᠶᠠᠭ ᠠᠳᠠᠯᠢ ᠲᠡᠢᠮᠦ ᠠᠮᠢᠰᠬᠤᠯ ᠢ᠋ ᠰᠣᠨᠣᠰᠪᠠ᠃ ᠬᠣᠨᠢᠨ ᠤ᠋ ᠨᠡᠬᠡᠢ ᠦᠨᠦᠷᠲᠦᠵᠦ᠂ ᠰᠢᠪᠡᠨᠡᠬᠦ ᠨᠢ ᠣᠢᠯᠠᠭᠠᠭᠳᠠᠬᠤ ᠦᠭᠡᠢ ᠶᠠᠷᠢᠶ᠎ᠠ ᠪᠠᠢᠯ᠎ᠠ᠃ ᠣᠷᠣᠰ ᠪᠤᠰᠤ ᠶᠠᠮᠠᠷ ᠬᠥᠮᠦᠨ ᠪᠣᠢ? ᠲᠡᠭᠦᠨ ᠦ᠌ ᠳᠡᠭᠡᠷ᠎ᠡ ᠡᠳᠡ ᠪᠦᠷ ᠣᠢᠷᠠᠬᠠᠨ ᠢᠷᠡᠭᠰᠡᠨ ᠳ᠋ᠦ᠍ ᠤᠳᠠᠭᠠᠰᠢᠷᠠᠭᠤᠯᠵᠤ ᠪᠣᠯᠬᠤ ᠦᠭᠡᠢ᠃ ᠰᠡᠯᠡᠮ᠎ᠡ ᠶᠤᠮ ᠤᠤ᠂ ᠨᠤᠮᠤ ᠰᠤᠮᠤ ᠪᠠᠷ ᠰᠦᠯᠪᠡᠵᠦ ᠮᠡᠳᠡᠨ᠎ᠡ᠃ ᠲᠡᠭᠦᠨ ᠡᠴᠡ ᠤᠷᠢᠲᠠᠬᠤ ᠬᠡᠷᠡᠭᠲᠡᠢ᠁
ᠡᠪᠦᠭᠡᠳ ᠨᠠᠰᠤᠲᠠᠨ ᠤ᠋ ᠪᠠᠨ ᠡᠮᠦᠨ᠎ᠡ ᠥᠪᠡᠷ ᠦ᠋ᠨ ᠡᠷᠡᠯᠬᠡᠭ ᠵᠣᠷᠢᠭᠲᠤ ᠶᠠᠪᠤᠳᠠᠯ ᠭᠠᠪᠢᠶ᠎ᠠ ᠶ᠋ᠢ ᠪᠠᠢᠭᠤᠯᠵᠤ ᠶᠠᠭᠤ ᠮᠠᠭᠠᠳ ᠭᠡᠳᠡᠭ ᠰᠠᠶᠢᠬᠠᠨ ᠤ᠋ ᠪᠣᠳᠣᠯ ᠳᠠᠬᠢᠨ ᠪᠣᠳᠣᠭᠳᠠᠪᠠ᠃ ᠭᠠᠷ ᠲᠸ᠋ ᠪᠠᠢᠭ᠎ᠠ ᠵᠢᠳᠠ᠂ ᠰᠢᠪᠦᠭᠡ ᠮᠡᠲᠦ ᠬᠤᠷᠴᠠ ᠦᠵᠦᠭᠦᠷ ᠲᠡᠢ ᠪᠥᠭᠡᠳ ᠪᠡᠯᠡᠨ ᠵᠡᠭᠦᠭᠡᠰᠦᠲᠡᠢ ᠲᠤᠯᠠ ᠲᠣᠷᠤᠫᠺᠠ ᠪᠦᠬᠦ ᠬᠦᠴᠦ ᠪᠡᠨ ᠬᠥᠪᠴᠢᠯᠡᠵᠦ ᠤᠷᠤᠭᠰᠢ ᠦᠰᠦᠷᠪᠡ᠃ ᠲᠡᠭᠡᠭᠡᠳ ᠵᠢᠳᠠ ᠪᠠᠨ ᠵᠥᠭᠡᠯᠡᠨ ᠶᠠᠭᠤᠮᠠᠨ ᠳ᠋ᠤ᠌ ᠲᠦᠷᠦᠲᠡᠯᠡ ᠶᠣᠢᠯᠠᠬᠤ ᠨᠢ ᠪᠡᠶ᠎ᠡ ᠪᠡᠨ ᠪᠠᠷᠢᠭᠰᠠᠨ ᠰᠢᠨᠵᠢᠲᠡᠢ ᠴᠢᠩᠭ᠎ᠠ ᠪᠤᠰᠤ ᠪᠠᠢᠯ᠎ᠠ᠃ ᠲᠡᠳᠦᠢ ᠭ᠌ᠱᠠᠨ ᠵᠠᠭᠤᠷ᠎ᠠ ᠳ᠋ᠤ᠌ ᠬᠦᠨᠳᠦ ᠵᠣᠪᠠᠯᠠᠩ ᠲᠣᠷᠤᠫᠺᠠ ᠶ᠋ᠢᠨ ᠳᠡᠭᠡᠷ᠎ᠡ ᠡᠴᠡ ᠪᠠᠭᠤᠯ᠎ᠠ᠃ ᠥᠭᠡᠷ᠎ᠡ ᠨᠢᠭᠡ ᠨᠢ ᠬᠥᠯ ᠳᠡᠭᠡᠷ᠎ᠡ ᠨᠢ ᠳᠠᠷᠤᠪᠠ᠃ ᠰᠢᠷᠦᠭᠦᠨ ᠠᠯᠠᠭ᠎ᠠ ᠨᠢᠭᠤᠷ ᠢ᠋ ᠲᠠᠭᠯᠠᠵᠤ ᠬᠠᠮᠠᠷ ᠢ᠋ ᠨᠢ ᠳᠠᠷᠤᠨ᠎ᠠ᠃ ᠠᠮᠠ ᠶ᠋ᠢ ᠨᠢ ᠴᠢᠩᠭ᠎ᠠ ᠳᠠᠷᠤᠵᠤ ᠠᠮᠢᠰᠬᠤᠯ ᠦᠯᠦ ᠠᠪᠤᠭᠤᠯᠬᠤ ᠲᠤᠯᠠ ᠲᠣᠷᠤᠫᠺᠠ ᠮᠤᠯᠲᠤᠷᠠᠵᠤ ᠡᠷᠭᠢᠯᠳᠦᠬᠦ ᠶ᠋ᠢ ᠣᠷᠣᠯᠳᠣᠪᠠᠴᠤ ᠤᠯᠠᠮ ᠬᠦᠨᠳᠦᠷᠡᠵᠦ ᠪᠠᠭᠠᠯᠵᠤᠷ ᠢ᠋ ᠨᠢ ᠪᠠᠷᠢᠨ᠎ᠠ᠃ ᠪᠠᠷᠬᠢᠷᠠᠵᠤ ᠴᠥ᠍ ᠪᠣᠯᠬᠤ ᠦᠭᠡᠢ᠂ ᠴᠢᠯᠥᠭᠡᠲᠡᠢ ᠠᠮᠢᠰᠬᠤᠯᠠᠵᠤ ᠴᠥ᠍ ᠪᠣᠯᠬᠤ ᠦᠭᠡᠢ᠂ ᠭᠠᠵᠠᠷ ᠢ᠋ᠶ᠋ᠠᠷ ᠴᠢᠷᠦᠭᠳᠡᠨ ᠶᠠᠪᠤᠵᠤ ᠪᠠᠢᠯ᠎ᠠ᠃ ᠡᠴᠢᠭᠡ ᠳ᠋ᠡᠭᠡᠨ ᠮᠡᠳᠡᠭᠡ ᠶᠠᠭᠠᠬᠢᠵᠤ ᠥᠭᠳᠡᠭ ᠪᠢᠯᠡ? ᠵᠣᠪᠠᠯᠠᠩ ᠳ᠋ᠤ᠌ ᠤᠴᠠᠷᠠᠭᠰᠠᠨ ᠬᠦᠦ ᠪᠡᠨ ᠡᠴᠢᠭᠡ ᠨᠢ ᠣᠷᠬᠢᠬᠤ ᠦᠭᠡᠢ ᠰᠠᠨ ᠳ᠋ᠠ ᠭᠡᠵᠦ ᠪᠣᠳᠣᠪᠠᠴᠤ ᠲᠣᠷᠤᠫᠺᠠ ᠪᠠᠷᠬᠢᠷᠠᠬᠤ ᠪᠠᠢᠲᠤᠭᠠᠢ ᠠᠮᠢᠰᠬᠤᠭᠤᠯᠬᠤ ᠪᠡᠷᠬᠡᠲᠡᠢ ᠪᠥᠭᠡᠳ ᠲᠡᠭᠦᠨ ᠢ᠋ ᠡᠪᠡᠰᠦᠨ ᠳᠡᠭᠡᠭᠦᠷ ᠴᠢᠷᠴᠦ ᠬᠠᠲᠠᠭᠰᠠᠨ ᠤᠷᠭᠤᠮᠠᠯ ᠤ᠋ᠨ ᠮᠥᠴᠢᠷ ᠬᠠᠷᠭᠠᠨ᠎ᠠ ᠨᠤᠭᠤᠳ ᠬᠤᠪᠴᠠᠰᠤ ᠶ᠋ᠢ ᠨᠢ ᠤᠷᠠᠨ᠎ᠠ᠃ ᠭᠠᠷ ᠨᠢ ᠬᠦᠴᠦᠷᠬᠡᠭ ᠰᠢᠷᠦᠭᠦᠨ ᠪᠥᠭᠡᠳ ᠬᠠᠷᠢ ᠬᠥᠮᠦᠨ ᠦ᠌ ᠦᠨᠦᠷ ᠬᠠᠩᠬᠤᠯᠤᠨ᠎ᠠ᠃ ᠠᠮᠠᠨ ᠳ᠋ᠤᠨᠢ ᠠᠯᠴᠢᠭᠤᠷ ᠴᠢᠬᠢᠵᠦ ᠨᠢᠭᠤᠷ ᠢ᠋ ᠨᠢ ᠪᠣᠭᠣᠵᠠᠢ᠃ ᠭᠠᠷ ᠬᠥᠯ ᠢ᠋ ᠨᠢ ᠣᠯᠣᠰᠣ ᠪᠠᠷ ᠴᠢᠩᠭ᠎ᠠ ᠬᠦᠯᠢᠵᠡᠢ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠯᠲᠠᠨᠴᠢᠮᠡᠭ᠂ ᠭᠡᠷᠡᠯ᠂ ᠬᠡᠷᠡᠢᠳ· ᠮᠥᠩᠬᠡᠨᠠᠰᠤᠨ ᠂᠂
ᠬᠢᠨᠠᠭᠴᠢ᠄ ᠮᠥᠩᠬᠡᠨᠠᠰᠤᠨ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠪᠠᠯ
