ᠪᠠᠲᠤ ᠬᠠᠭᠠᠨ 7-08 ᠰᠡᠭᠦᠯᠴᠢᠳ ᠨᠢ ᠳᠣᠪᠣᠴᠠᠭ ᠳᠡᠭᠡᠷ᠎ᠡ-ᠲᠣᠭᠰᠢᠨ ᠶᠸᠸᠫᠡᠲBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 7-08 ᠰᠡᠭᠦᠯᠴᠢᠳ ᠨᠢ ᠳᠣᠪᠣᠴᠠᠭ ᠳᠡᠭᠡᠷ᠎ᠡ-ᠲᠣᠭᠰᠢᠨ ᠶᠸᠸᠫᠡᠲBat khaan Бат хаан-ᠷᠣᠮᠠᠨ

ᠪᠠᠲᠤ ᠬᠠᠭᠠᠨ 7-08 ᠰᠡᠭᠦᠯᠴᠢᠳ ᠨᠢ ᠳᠣᠪᠣᠴᠠᠭ ᠳᠡᠭᠡᠷ᠎ᠡ-ᠲᠣᠭᠰᠢᠨ ᠶᠸᠸᠫᠡᠲBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-24

162

ᠨᠠᠢ᠍ᠮᠠ ᠂ ᠰᠡᠭᠦᠯᠴᠢᠳ ᠨᠢ ᠳᠣᠪᠣᠴᠠᠭ ᠳᠡᠭᠡᠷ᠎ᠡ


ᠶᠸᠧᠫᠡᠲ ᠦ᠋ᠨ ᠠᠷᠢᠭᠤᠨ ᠪᠤᠯᠠᠰᠢ ᠬᠠᠮᠢᠭ᠎ᠠ ᠪᠠᠢᠳᠠᠭ ᠢ᠋ ᠬᠢᠷᠭᠢᠰ᠂ ᠦᠷ ᠦ᠋ᠨ ᠭᠡᠭᠡᠨ ᠲᠤᠶᠠᠭ᠎ᠠ ᠬᠣᠶᠠᠷ ᠮᠡᠳᠡᠬᠦ ᠪᠢᠵᠡ᠂ ᠬᠠᠭᠤᠴᠢᠨ ᠳᠠᠭᠤᠤ ᠪᠠᠭᠠᠲᠤᠷ ᠢ᠋ᠶ᠋ᠠᠨ ᠮᠡᠳᠡᠳᠡᠭ ᠰᠠᠨ ᠪᠢᠯᠡ᠂ᠭᠡᠲᠡᠯ᠎ᠡ ᠲᠡᠭᠦᠨ ᠢ᠋ ᠰᠠᠯᠬᠢᠨ ᠠᠪᠤᠭᠠᠳ ᠣᠳᠪᠠ᠃

(ᠯᠸᠧ· ᠮᠧᠨ· ᠶᠸᠧᠫᠡᠲ ᠦ᠋ᠨ ᠳᠣᠮᠣᠭ)

ᠪᠠᠢᠯᠳᠤᠭᠠᠨ ᠰᠢᠪᠲᠤᠷᠠᠬᠤ ᠣᠢᠷᠠᠲᠤᠵᠠᠢ᠃ ᠳᠣᠪᠣᠴᠠᠭ ᠤ᠋ᠨ ᠳᠡᠭᠡᠷᠡᠬᠢ ᠨᠠᠷᠠᠰᠤᠨ ᠤ᠋ ᠳᠤᠮᠳᠠ ᠪᠠᠰᠠ ᠬᠡᠳᠦᠨ ᠬᠥᠮᠦᠰ ᠪᠥᠭᠡᠨᠡᠷᠡᠨ (ᠪᠥᠭᠡᠮᠨᠡᠷᠡᠨ) ᠵᠣᠭᠰᠣᠨ᠎ᠠ᠃ ᠡᠨᠡ ᠪᠣᠯ ᠺᠣᠯᠣᠧᠷᠡᠲ ᠦ᠋ᠨ ᠴᠡᠷᠢᠭ ᠦ᠋ᠳ ᠡᠴᠡ ᠠᠮᠢᠳᠤ ᠬᠣᠴᠣᠷᠤᠭᠰᠠᠨ ᠪᠠᠢᠯᠳᠤᠭᠴᠢᠳ ᠠᠵᠢ᠃ ᠳᠣᠪᠣᠴᠠᠭ ᠳᠡᠭᠡᠷ᠎ᠡ ᠴᠢᠯᠠᠭᠤ ᠤᠨᠠᠬᠤ ᠨᠢ ᠬᠣᠪᠣᠷ ᠪᠣᠯᠪᠠ᠃ ᠵᠣᠭᠰᠣᠵᠤ ᠪᠣᠢ ᠬᠥᠮᠦᠰ ᠡᠭᠴᠡ ᠪᠣᠯᠵᠤ ᠨᠢᠭᠡ ᠨᠢᠭᠡᠨ ᠳ᠋ᠡᠭᠡᠨ ᠣᠢᠷᠠᠬᠠᠨ ᠰᠢᠬᠠᠴᠠᠯᠳᠤᠵᠤ ᠦᠬᠦᠯ ᠢ᠋ᠶ᠋ᠡᠨ ᠠᠵᠢᠭ ᠦᠭᠡᠢ ᠬᠦᠯᠢᠶᠡᠨ᠎ᠡ᠃ ᠡᠳᠡ ᠨᠠᠷ ᠰᠡᠭᠦᠯᠴᠢ ᠶ᠋ᠢᠨ ᠰᠤᠮᠤ ᠪᠠᠨ ᠲᠠᠯᠪᠢᠪᠠ᠃ ᠥᠭᠡᠷ᠎ᠡ ᠶᠠᠭᠠᠬᠢᠬᠤ ᠴᠤ᠌ ᠠᠷᠭ᠎ᠠ ᠦᠭᠡᠢ ᠪᠠᠢᠪᠠ᠃

ᠭᠡᠨᠡᠳᠲᠡ ᠥᠨᠳᠥᠷ ᠪᠥᠭᠡᠳ ᠬᠠᠩᠭᠢᠨᠠᠭᠰᠠᠨ ᠬᠡᠦᠬᠡᠳ ᠦ᠋ᠨ ᠬᠣᠭᠣᠯᠠᠢ ᠪᠠᠷ ᠦᠨᠳᠦᠰᠦᠨ ᠦ᠌ ᠤᠷᠲᠤ ᠶ᠋ᠢᠨ ᠤᠢᠳᠬᠠᠷᠲᠤ ᠠᠶᠠᠯᠭᠤ ᠪᠠᠷ ᠳᠠᠭᠤᠯᠠᠵᠤ ᠡᠬᠢᠯᠡᠭᠰᠡᠨ ᠨᠢ᠄

ᠠᠬ᠎ᠠ ᠳᠡᠭᠦᠦ ᠨᠠᠷ ᠮᠢᠨᠢ ᠶᠠᠭᠤ ᠪᠠᠨ᠂
ᠠᠩᠭᠢᠷ ᠬᠥᠪᠡᠭᠦᠳ ᠮᠢᠨᠢ ᠶᠠᠭᠤᠨ ᠳ᠋ᠠᠭᠠᠨ ᠰᠠᠨᠠᠭᠠᠰᠢᠷᠠᠪᠠ?
ᠠᠮᠰᠠᠭ ᠲᠡᠷᠢᠭᠦᠨ᠎ᠡ (ᠲᠡᠷᠢᠭᠦᠨ ᠢ᠋ᠶ᠋ᠡᠨ) ᠤᠨᠵᠢᠭᠤᠯᠵᠤ ᠰᠠᠭᠤᠳᠠᠭ ᠴᠢᠨᠢ ᠶᠠᠭᠤ ᠪᠣᠢ?

ᠲᠡᠭᠦᠨ ᠢ᠋ ᠪᠤᠰᠤᠳ ᠬᠣᠭᠣᠯᠠᠢ  ᠨᠤᠭᠤᠳ ᠲᠣᠭᠲᠠᠭᠠᠨ ᠲᠦᠷᠢᠭᠰᠡᠨ ᠨᠢ ᠡᠷᠡᠯᠬᠡᠭ ᠵᠣᠷᠢᠭ ᠡᠷᠬᠡ ᠴᠢᠯᠥᠭᠡ ᠶ᠋ᠢ ᠢᠯᠡᠳᠬᠡᠬᠦ ᠠᠵᠢ᠃ ᠡᠨᠡ ᠳᠠᠭᠤᠤ ᠨᠢ ᠣᠷᠣᠰ ᠬᠥᠮᠦᠨ ᠦᠬᠦᠬᠦ ᠳ᠋ᠡᠭᠡᠨ ᠬᠠᠢᠷᠠᠲᠤ ᠡᠬᠡ ᠣᠷᠣᠨ ᠠ᠋ᠴᠠ ᠪᠠᠨ ᠰᠠᠯᠵᠤ ᠪᠠᠢᠭ᠎ᠠ ᠰᠢᠨᠵᠢᠲᠡᠢ ᠪᠠᠢᠪᠠ᠃ ᠪᠠᠰᠠ ᠲᠠᠲ᠋ᠠᠷ ᠤ᠋ᠳ ᠣᠷᠣᠰ ᠢ᠋ ᠢᠯᠠᠵᠤ ᠳᠡᠢᠯᠦᠭᠡ ᠦᠭᠡᠢ ᠭᠡᠵᠦ ᠪᠠᠢᠭ᠎ᠠ ᠮᠡᠲᠦ ᠰᠣᠨᠣᠰᠴᠤ ᠪᠠᠢᠯ᠎ᠠ᠃

ᠪᠠᠲᠤ ᠬᠠᠭᠠᠨ ᠦᠯᠡᠳᠡᠭᠰᠡᠨ ᠣᠷᠣᠰ ᠤ᠋ᠳ ᠢ᠋ ᠬᠠᠷᠠᠭᠠᠳ ᠮᠠᠰᠢᠨ ᠢ᠋ ᠵᠣᠭᠰᠣᠭᠠᠬᠤ ᠲᠤᠰᠢᠶᠠᠯ ᠥᠭᠪᠡ᠃ ᠳᠠᠭᠤ ᠴᠢᠮᠡᠭᠡ ᠨᠠᠮᠬᠠᠷᠠᠪᠠ᠃ ᠲᠡᠭᠡᠬᠦ ᠳ᠋ᠦ᠍ ᠮᠣᠩᠭᠣᠯᠴᠤᠳ ᠪᠠᠢᠯᠳᠤᠭᠠᠨ ᠤ᠋ ᠳᠠᠷᠠᠭ᠎ᠠ ᠨᠡᠷᠡᠲᠦ ᠤᠶᠠᠬᠠᠨ ᠲᠠᠲᠠᠭᠰᠠᠨ ᠠᠶ᠎ᠠ ᠰᠣᠨᠣᠰᠳᠠᠵᠤ ᠲᠡᠭᠦᠨ ᠢ᠋ ᠪᠠᠲᠤ ᠬᠠᠭᠠᠨ ᠭᠠᠢᠬᠠᠨ ᠴᠢᠩᠨᠠᠪᠠ᠃
— ᠲᠡᠳᠡᠨᠡᠷ ᠢ᠋ ᠪᠠᠷᠢᠭᠲᠤᠨ᠃ ᠨᠡᠰᠢ ᠨᠢ ᠠᠮᠢᠳᠤ ᠪᠠᠷ ᠠᠪᠴᠢᠷᠠᠭᠲᠤᠨ ᠭᠡᠵᠦ ᠲᠤᠰᠢᠶᠠᠪᠠ᠃

《 ᠦᠯᠦ ᠢᠯᠠᠭᠳᠠᠭᠴᠢᠳ 》᠂ᠵᠠᠩᠵᠤᠨ ᠤ᠋ ᠠᠷᠢᠭᠤᠨ ᠦᠭᠡ ᠶ᠋ᠢ ᠪᠡᠶᠡᠯᠡᠭᠦᠯᠬᠦ ᠪᠡᠷ ᠤᠬᠤᠰᠬᠢᠵᠡᠭᠡᠵᠦ ᠦᠯᠡᠳᠡᠭᠰᠡᠨ ᠣᠷᠣᠰ ᠢ᠋ ᠪᠦᠰᠡᠯᠡᠨ ᠵᠦᠭ ᠪᠦᠬᠦᠨ ᠡᠴᠡ ᠨᠢ ᠨᠢᠭᠡᠨ ᠵᠡᠷᠭᠡ ᠳᠠᠭᠠᠷᠢᠨ ᠣᠷᠣᠵᠤ ᠠᠷᠭᠠᠮᠵᠢ ᠨᠤᠭᠤᠳ ᠭᠠᠷᠭᠠᠨ ᠣᠷᠣᠰ ᠤ᠋ᠳ ᠤ᠋ᠨ ᠭᠠᠷ ᠢ᠋ ᠨᠢᠷᠤᠭᠤᠨ ᠳ᠋ᠤᠨᠢ ᠬᠦᠯᠢᠪᠡ᠃

ᠭᠠᠭᠴᠠᠬᠦ ᠵᠠᠩᠵᠤᠨ ᠤ᠋ ᠬᠠᠲᠠᠭᠤ ᠲᠤᠰᠢᠶᠠᠯ ᠠ᠋ᠴᠠ ᠮᠣᠩᠭᠣᠯᠴᠤᠳ ᠡᠳᠡᠨᠡᠷ ᠢ᠋ ᠰᠥᠨᠥᠭᠡᠭᠰᠡᠨ ᠦᠭᠡᠢ᠃ ᠪᠠᠲᠤ ᠬᠠᠭᠠᠨ ᠣᠯᠵᠠ ᠶ᠋ᠢᠨ ᠬᠥᠮᠦᠰ ᠢ᠋ ᠠᠩᠬᠠᠷᠤᠯᠲᠠᠢ ᠪᠠᠷ ᠬᠠᠷᠠᠪᠠᠯ  ᠣᠯᠠᠩᠬᠢ ᠣᠷᠣᠰ ᠤ᠋ᠳ ᠰᠢᠷᠬᠠᠲᠤᠵᠤ ᠴᠢᠰᠤ ᠨᠥᠵᠢ ᠨᠢ ᠤᠷᠤᠰᠬᠤ ᠪᠠ ᠴᠢᠯᠠᠭᠤᠨ ᠳ᠋ᠤ᠌ ᠴᠣᠬᠢᠭᠤᠯᠤᠨ ᠪᠠᠷᠳᠠᠵᠠᠢ᠃ ᠡᠳᠡᠨᠡᠷ ᠦ᠋ᠨ ᠳᠣᠲᠣᠷ᠎ᠠ ᠴᠠᠭᠠᠨ ᠰᠠᠬᠠᠯ ᠲᠠᠢ ᠨᠢᠭᠡ ᠡᠪᠦᠭᠡᠨ᠂ᠬᠡᠦᠬᠡᠳ ᠢ᠋ᠶ᠋ᠡᠷ ᠢ᠋ᠶ᠋ᠡᠨ ᠰᠢᠬᠠᠭᠤ ᠬᠣᠶᠠᠷ ᠵᠠᠯᠠᠭᠤ ᠪᠠᠢᠪᠠ᠃ ᠣᠷᠣᠰ ᠤ᠋ᠳ ᠲᠠᠢᠪᠤᠩ ᠪᠥᠭᠡᠳ ᠵᠠᠨᠤᠯᠲᠠᠢ ᠪᠠᠷ ᠵᠣᠭᠰᠣᠨ᠎ᠠ᠃ ᠡᠳᠡ ᠪᠤᠷᠤᠭᠤ ᠪᠠᠨ ᠭᠡᠮᠰᠢᠭᠴᠢ ᠨᠠᠷ ᠲᠠᠢ ᠠᠳᠠᠯᠢ ᠦᠭᠡᠨᠴᠡ ᠪᠠᠢᠳᠠᠯ ᠢ᠋ ᠦᠯᠦ ᠭᠠᠷᠭᠠᠬᠤ ᠪᠥᠭᠡᠳ ᠠᠶᠤᠭᠰᠠᠨ ᠰᠠᠨᠳᠤᠷᠤᠭᠰᠠᠨ ᠰᠢᠨᠵᠢ ᠦᠭᠡᠢ ᠪᠠᠢᠪᠠ᠃ ᠦᠬᠦᠬᠦ ᠡᠴᠡ ᠦᠯᠦ ᠡᠮᠢᠶᠡᠭᠴᠢ ᠲᠡᠳᠡ ᠠᠶᠤᠮᠰᠢᠭᠲᠤ ᠬᠠᠭᠠᠨ ᠤ᠋ ᠨᠢᠳᠦ ᠶ᠋ᠢ ᠬᠠᠯᠲᠤᠷᠢᠯ ᠦᠭᠡᠢ ᠰᠢᠷᠳᠡᠨ᠎ᠡ᠃
— ᠪᠠᠷᠢᠬᠳᠠᠭᠴᠢᠳ ᠤ᠋ᠨ ᠬᠦᠯᠢᠶ᠎ᠡ  ᠶ᠋ᠢ ᠲᠠᠢᠯ᠃ ᠰᠥᠪᠡᠭᠡᠳᠡᠢ ᠪᠠᠭᠠᠲᠤᠷ ᠠ᠋! ᠴᠥᠮ ᠦ᠋ᠨ ᠬᠢᠨᠢ ᠬᠦᠵᠦᠭᠦᠨ ᠳ᠋ᠦ᠍ ᠮᠣᠳᠣᠨ ᠫᠠᠢᠵᠠ ᠳᠡᠭᠦᠵᠢᠯᠡ ᠭᠡᠵᠦ ᠵᠠᠩᠵᠤᠨ ᠲᠤᠰᠢᠶᠠᠯ᠎ᠠ᠃
— ᠵᠠᠷᠯᠢᠭ ᠢ᠋ ᠳᠠᠭᠠᠭᠲᠤᠨ ᠭᠡᠵᠦ ᠡᠪᠦᠭᠡᠨ ᠵᠠᠩᠵᠤᠨ ᠬᠡᠯᠡᠪᠡ᠃
— ᠡᠳᠡᠨᠡᠷ ᠲᠦ᠍ ᠬᠡᠯᠡᠭᠲᠦᠨ! ᠸᠠᠩ ᠭᠯᠸᠪ ᠭᠡᠵᠦ ᠠᠷᠤ  ᠳ᠋ᠠᠭᠠᠨ ᠵᠣᠭᠰᠣᠵᠤ ᠪᠠᠢᠭᠰᠠᠨ ᠡᠪᠦᠭᠡᠨ ᠬᠡᠯᠡᠮᠦᠷᠴᠢ ᠲᠡᠰᠢ ᠬᠠᠨᠳᠤᠵᠤ᠂
— ᠪᠠᠲᠤ ᠬᠠᠭᠠᠨ ᠵᠣᠷᠢᠭᠲᠤ ᠣᠷᠣᠰ ᠤ᠋ᠳ ᠤ᠋ᠨ ᠠᠮᠢ ᠶ᠋ᠢ ᠠᠪᠤᠷᠠᠵᠤ ᠠᠮᠢ ᠨᠠᠰᠤ ᠪᠠ ᠠᠮᠢᠳᠤᠷᠠᠯᠭ᠎ᠠ ᠬᠢᠭᠡᠳ ᠡᠷᠬᠡ ᠴᠢᠯᠥᠭᠡ ᠣᠯᠭᠣᠪᠠ (ᠭᠡᠪᠡ᠃)
— ᠡᠳᠡᠨᠡᠷ ᠶᠣᠰᠣᠲᠠᠢ ᠪᠠᠭᠠᠲᠤᠷ ᠤ᠋ᠳ ᠪᠠᠢᠨ᠎ᠠ ᠭᠡᠵᠦ ᠪᠠᠲᠤ ᠬᠠᠭᠠᠨ ᠬᠡᠯᠡᠪᠡ᠃ ᠸᠠᠩ ᠭᠯᠸᠪ ᠲᠦᠭᠳᠡᠷᠡᠪᠡᠴᠦ ᠲᠤᠰᠢᠶᠠᠯ ᠢ᠋ ᠲᠦᠷᠭᠡᠨ ᠭᠦᠢᠴᠡᠳᠬᠡᠬᠦ ᠶ᠋ᠢ ᠡᠷᠡᠮᠡᠯᠵᠡᠨ᠎ᠡ᠃ ᠪᠠᠲᠤ ᠬᠠᠭᠠᠨ ᠲᠡᠳᠡᠨᠡᠷ ᠢ᠋ ᠨᠢᠳᠦ ᠰᠠᠯᠭᠠᠯ ᠦᠭᠡᠢ ᠠᠵᠢᠨ᠎ᠠ᠃

ᠪᠠᠲᠤ ᠬᠠᠭᠠᠨ ᠣᠯᠵᠠᠯᠠᠭᠳᠠᠭᠰᠠᠨ ᠣᠷᠣᠰ ᠤ᠋ᠳ ᠳᠠᠰᠢ ᠵᠢᠭᠠᠵᠤ ᠥᠪᠡᠷ ᠦ᠋ᠨ ᠴᠡᠷᠢᠭ ᠦ᠋ᠳ ᠲᠡᠭᠡᠨ ᠰᠣᠨᠣᠰᠳᠠᠬᠤ ᠪᠠᠷ᠂
— ᠥᠪᠡᠷ ᠦ᠋ᠨ ᠲᠥᠷᠥᠭᠰᠡᠨ ᠤᠯᠤᠰ ᠣᠷᠣᠨ ᠢ᠋ᠶ᠋ᠠᠨ ᠡᠢᠨ ᠬᠠᠢᠷᠠᠯᠠᠨ ᠬᠠᠮᠠᠭᠠᠯᠠᠬᠤ ᠬᠡᠷᠡᠭᠲᠡᠢ ᠭᠡᠵᠦ ᠥᠨᠳᠥᠷ ᠳᠠᠭᠤ ᠪᠠᠷ ᠬᠠᠰᠬᠢᠷᠪᠠ᠃ ᠪᠠᠲᠤ ᠬᠠᠭᠠᠨ ᠳ᠋ᠤ᠌ ᠰᠢᠳᠠᠷ ᠪᠢᠴᠢᠭᠡᠴᠢ ᠬᠠᠳ᠋ᠵᠢ ᠷᠡᡁᠢᠮ ᠣᠢᠷᠠᠲᠤᠨ ᠣᠴᠢᠵᠤ ᠵᠠᠯᠠᠭᠤ ᠵᠠᠩᠵᠤᠨ ᠤ᠋ ᠡᠮᠦᠨ᠎ᠡ ᠭᠠᠵᠠᠷ ᠬᠦᠷᠲᠡᠯ᠎ᠡ ᠮᠡᠬᠦᠢᠰᠬᠢᠵᠦ᠂
— ᠴᠢ ᠶᠡᠬᠡ ᠦᠨᠡᠨᠴᠢ ᠰᠢᠳᠤᠷᠭᠤ ᠬᠥᠮᠦᠨ ᠪᠠᠢᠨ᠎ᠠ᠃ ᠲᠠᠨ ᠤ᠋ ᠡᠪᠦᠭᠡ ᠡᠴᠢᠭᠡ ᠰᠣᠳᠣ  ᠪᠠᠢᠯᠳᠤᠭᠴᠢ ᠰᠠᠶᠢ ᠲᠠᠨ ᠤ᠋ ᠠᠮᠠ ᠪᠠᠷ ᠢᠯᠠᠪᠠ᠃

ᠲᠡᠷᠡ ᠪᠡᠷ ᠢᠩᠭᠢᠵᠦ ᠪᠠᠢᠬᠤ ᠶ᠋ᠢ ᠰᠤᠷᠭᠠᠳᠠᠭ ᠪᠢᠯᠡ ᠭᠡᠪᠡ᠃ ᠪᠤᠭᠤᠷᠴᠢ ᠶᠠᠭᠤ ᠪᠣᠯᠤᠭᠰᠠᠨ ᠢ᠋ ᠤᠢᠯᠠᠭᠠᠯ ᠦᠭᠡᠢ ᠣᠷᠣᠰ ᠤ᠋ᠳ ᠲᠡᠰᠢ ᠣᠴᠢᠪᠠ᠃ ᠭᠡᠲᠡᠯ᠎ᠡ ᠪᠠᠲᠤ ᠬᠠᠭᠠᠨ ᠲᠡᠭᠦᠨ ᠢ᠋ ᠵᠣᠭᠰᠣᠭᠠᠨ ᠸᠠᠩ ᠭᠯᠸᠪ᠂ ᠵᠠᠩᠵᠤᠨ ᠤ᠋ ᠦᠭᠡ ᠶ᠋ᠢ ᠣᠷᠴᠢᠭᠤᠯᠵᠤ᠂
— ᠬᠡᠨ ᠳᠠᠭᠤᠤ ᠳᠠᠭᠤᠯᠠᠭᠰᠠᠨ ᠪᠣᠢ? ᠭᠡᠵᠦ ᠠᠰᠠᠭᠤᠬᠤ ᠳ᠋ᠤ᠌᠂ ᠣᠷᠣᠰ ᠤ᠋ᠳ ᠪᠡᠶ᠎ᠡ ᠪᠡᠶ᠎ᠡ ᠪᠡᠨ ᠬᠠᠷᠠᠵᠠᠭᠠᠨ ᠰᠠᠬᠠᠯ ᠲᠠᠢ ᠭᠤᠷᠪᠠᠨ ᠠᠬᠠᠮᠠᠳ ᠴᠡᠷᠢᠭ ᠦ᠋ᠳ ᠤᠷᠤᠭᠰᠢ ᠪᠠᠨ ᠨᠢᠭᠡ ᠨᠢᠭᠡ ᠠᠯᠬᠤᠪᠠ᠃ ᠭᠡᠲᠡᠯ᠎ᠡ ᠲᠡᠷᠡ ᠦᠶ᠎ᠡ ᠳ᠋ᠦ᠍ ᠲᠡᠳᠡᠨᠡᠷ ᠢ᠋ ᠲᠦᠯᠬᠢᠵᠦ᠂ ᠨᠢᠭᠡ ᠵᠠᠯᠠᠭᠤ ᠪᠠᠢᠯᠳᠤᠭᠴᠢ ᠭᠠᠷᠴᠤ ᠢᠷᠡᠭᠡᠳ᠂
— ᠪᠢ ᠳᠠᠭᠤᠯᠠᠭᠰᠠᠨ ᠶᠤᠮ᠃ ᠡᠳᠡᠨᠡᠷ ᠬᠤᠳᠠᠯ ᠬᠡᠯᠡᠵᠦ ᠪᠠᠢᠨ᠎ᠠ ᠭᠡᠵᠦ ᠰᠦᠷᠡᠬᠡᠢ ᠨᠠᠷᠢᠨ ᠵᠢᠩᠭᠢᠨᠡᠭᠰᠡᠨ ᠳᠠᠭᠤ ᠪᠠᠷ ᠥᠭᠦᠯᠡᠨ᠎ᠡ᠃ ᠲᠡᠭᠡᠭᠡᠳ ᠲᠣᠯᠣᠭᠠᠢ ᠪᠠᠨ ᠥᠯᠢᠢᠯᠭᠡᠨ ᠵᠠᠩᠵᠤᠨ ᠳᠠᠰᠢ ᠬᠠᠷᠠᠨ᠎ᠠ᠃ ᠪᠠᠲᠤ ᠬᠠᠭᠠᠨ ᠢᠨᠢᠶᠡᠳᠦ ᠪᠡᠨ ᠪᠠᠷᠢᠵᠤ ᠲᠡᠭᠦᠨ ᠦ᠌ ᠪᠠᠭᠠᠪᠲᠤᠷ ᠵᠢᠷᠪᠡᠭᠡᠷ ᠨᠢᠳᠦ᠂ ᠲᠡᠷᠡ ᠵᠠᠯᠠᠭᠤ ᠶ᠋ᠢᠨ ᠪᠠᠷᠤᠭ ᠬᠡᠦᠬᠡᠳ ᠢ᠋ᠶ᠋ᠡᠷ ᠢ᠋ᠶ᠋ᠡᠨ ᠴᠢᠷᠠᠢ᠂ ᠵᠣᠷᠢᠮᠠᠭ ᠬᠠᠷ᠎ᠠ ᠨᠢᠳᠦ ᠶ᠋ᠢ ᠬᠠᠷᠠᠭᠠᠳ ᠡᠷᠭᠢᠵᠦ ᠬᠡᠯᠡᠮᠦᠷᠴᠢ ᠳᠠᠰᠢ ᠬᠠᠷᠠᠮᠠᠭᠴᠠ ᠮᠢᠬᠠᠯᠢᠭ ᠥᠨᠳᠥᠷ ᠪᠣᠷᠣᠨᠳᠠᠢ ᠲᠡᠭᠦᠨ ᠦ᠌ ᠦᠭᠡ ᠶ᠋ᠢ ᠲᠠᠰᠤᠯᠵᠤ ᠵᠠᠯᠠᠭᠤ ᠪᠠᠢᠯᠳᠤᠭᠴᠢᠳ ᠲᠸ᠋ ᠣᠢᠷᠠᠲᠤᠨ ᠪᠠᠷᠬᠢᠷᠠᠨ ᠥᠭᠦᠯᠡᠷᠦᠨ᠂
— ᠠᠴᠢᠲᠤ ᠬᠥᠮᠦᠨ ᠦ᠌ ᠡᠮᠦᠨᠡᠬᠢ ᠭᠠᠵᠠᠷ ᠰᠥᠭᠥᠳᠦᠨ ᠦᠨᠦᠰ! ᠣᠷᠣᠰ ᠤ᠋ᠳ ᠠᠪᠤᠷᠠᠯ ᠢ᠋ ᠭᠤᠶᠤᠵᠤ ᠡᠪᠦᠳᠦᠭ ᠳᠡᠭᠡᠷ᠎ᠡ ᠪᠡᠨ ᠰᠥᠭᠥᠳᠦᠭᠲᠦᠨ ᠭᠡᠳ ᠰᠠᠨᠠᠮᠰᠠᠷ ᠦᠭᠡᠢ ᠬᠡᠷᠴᠡᠭᠡᠢ ᠪᠡᠷ ᠬᠡᠦᠬᠡᠳ ᠢ᠋ ᠲᠦᠯᠬᠢᠮᠡᠭᠴᠡ ᠲᠡᠷᠡ ᠤᠨᠠᠵᠤ ᠲᠡᠭᠦᠨ ᠦ᠌ ᠦᠰᠦ ᠲᠡᠢ ᠮᠠᠯᠠᠭᠠᠢ ᠣᠢᠴᠢᠭᠰᠠᠨ ᠳ᠋ᠤ᠌ ᠵᠠᠯᠠᠭᠤ ᠪᠠᠢᠯᠳᠤᠭᠴᠢ ᠶ᠋ᠢᠨ ᠲᠣᠯᠣᠭᠠᠢ ᠳ᠋ᠤ᠌ ᠬᠣᠶᠠᠷ ᠰᠠᠯᠠᠭ᠎ᠠ ᠭᠡᠵᠢᠭᠡ ᠬᠠᠷᠠᠭᠳᠠᠨ᠎ᠠ᠃ ᠪᠣᠷᠣᠨᠳᠠᠢ ᠳᠠᠰᠢ ᠥᠭᠡᠷ᠎ᠡ ᠨᠢᠭᠡ ᠣᠷᠣᠰ ᠬᠡᠦᠬᠡᠳ ᠭᠦᠶᠦᠨ ᠢᠷᠡᠵᠦ ᠲᠡᠷᠡ ᠪᠦᠰᠡᠭᠦᠢ ᠶ᠋ᠢ ᠲᠦᠰᠢᠵᠦ᠂
— ᠡᠭᠦᠨ ᠢ᠋ ᠣᠷᠭᠢ ᠭᠡᠵᠦ ᠬᠠᠰᠬᠢᠷᠪᠠ᠃

ᠪᠣᠷᠣᠨᠳᠠᠢ ᠰᠡᠯᠡᠮ᠎ᠡ ᠪᠡᠨ ᠠᠪᠤᠪᠠ᠃ ᠵᠠᠩᠵᠤᠨ ᠲᠡᠭᠦᠨ ᠳᠠᠰᠢ ᠰᠢᠷᠪᠢᠨ ᠬᠠᠷᠠᠵᠤ ᠵᠣᠭᠰᠣᠭᠠᠪᠠ᠃ ᠪᠣᠷᠤᠨᠲᠠᠢ ᠬᠣᠷᠣᠰᠤᠯ ᠲᠠᠢ ᠴᠢᠷᠠᠢ ᠭᠠᠷᠭᠠᠨ ᠤᠬᠤᠷᠢᠪᠠ᠃
— ᠥᠬᠢᠨ ᠶᠤᠮ ᠤᠤ? ᠭᠡᠵᠦ ᠪᠠᠲᠤ ᠬᠠᠭᠠᠨ ᠭᠠᠢᠬᠠᠵᠤ ᠤᠬᠤᠰᠬᠢᠭᠡᠳ᠂ ᠲᠡᠭᠦᠨ ᠢ᠋ ᠰᠣᠨᠢᠷᠬᠠᠨ ᠵᠠᠯᠠᠭᠤ ᠪᠠᠢᠯᠳᠤᠭᠴᠢ ᠬᠡᠷᠬᠢᠨ ᠭᠡᠵᠢᠭᠡ ᠪᠡᠨ ᠨᠢᠭᠤᠭᠰᠠᠨ ᠢ᠋ ᠠᠵᠢᠭᠯᠠᠨ᠎ᠠ᠃
— ᠡᠨᠡ ᠥᠬᠢᠨ ᠦ᠌ ᠨᠡᠷ᠎ᠡ ᠬᠡᠨ ᠭᠡᠳᠡᠭ ᠪᠣᠢ? ᠭᠡᠬᠦ ᠳ᠋ᠦ᠍᠂
— ᠡᠨᠡ ᠸᠠᠩ ᠭᠡᠵᠦ ᠲᠡᠭᠦᠨ ᠦ᠌ ᠪᠢᠴᠢᠬᠠᠨ ᠬᠠᠮᠠᠭᠠᠯᠠᠭᠴᠢ ᠲᠦᠷᠭᠡᠨ ᠥᠭᠦᠯᠡᠬᠦ ᠶ᠋ᠢ ᠵᠠᠪᠳᠤᠲᠠᠯ᠎ᠠ ᠥᠬᠢᠨ ᠲᠡᠭᠦᠨ ᠢ᠋ ᠲᠠᠰᠤᠯᠵᠤ᠂
— ᠳᠤᠭᠤᠢ ᠪᠠᠢ᠂ ᠵᠤᠯᠵᠠᠭ᠎ᠠ ᠮᠢᠨᠢ᠂ ᠴᠢᠮᠠᠲᠤ ᠲᠠᠯᠪᠢᠭᠰᠠᠨ ᠠᠰᠠᠭᠤᠯᠲᠠ ᠪᠢᠰᠢ ᠭᠡᠳ᠂ ᠪᠠᠲᠤ ᠬᠠᠭᠠᠨ ᠳᠠᠰᠢ ᠬᠠᠨᠳᠤᠵᠤ ᠲᠠᠢᠪᠤᠩ ᠢ᠋ᠶ᠋ᠠᠷ ᠥᠭᠦᠯᠡᠬᠦ ᠨᠢ᠂
— ᠮᠢᠨᠦ ᠨᠡᠷ᠎ᠡ ᠫᠷᠤᠺᠤᠢ᠍ᠳᠠ᠂ ᠪᠢ ᠶᠠᠳᠠᠭᠤ ᠥᠨᠥᠴᠢᠨ ᠬᠥᠮᠦᠨ᠂
— ᠴᠢ ᠬᠠᠮᠢᠭ᠎ᠠ ᠠ᠋ᠴᠠ ᠢᠷᠡᠭᠰᠡᠨ ᠪᠣᠢ?
— ᠨᠡᠢᠰᠯᠡᠯ ᠬᠣᠲᠠ ᠸᠯᠡᠳᠢᠮᠢᠷ ᠡᠴᠡ!

ᠪᠠᠲᠤ ᠬᠠᠭᠠᠨ ᠬᠠᠢᠬᠤᠷᠤᠮᠵᠢ ᠦᠭᠡᠢ ᠲᠣᠯᠣᠭᠠᠢ ᠪᠠᠨ ᠰᠡᠭᠰᠦᠷᠴᠦ᠂
— ᠮᠢᠨᠦ ᠴᠡᠷᠢᠭ ᠲᠡᠨᠳᠡ ᠣᠴᠢᠭᠰᠠᠨ᠂ ᠸᠯᠡᠳᠢᠮᠢᠷ ᠦᠭᠡᠢ ᠪᠣᠯᠤᠭᠰᠠᠨ ᠰᠢᠦ ᠳ᠋ᠠ!
— ᠮᠡᠳᠡᠨ᠎ᠡ᠂ ᠪᠢ ᠲᠠᠨᠠᠷ ᠤ᠋ᠨ ᠬᠣᠲᠠ  ᠰᠢᠲᠠᠭᠠᠬᠤ ᠶ᠋ᠢ ᠬᠠᠷᠠᠭᠰᠠᠨ᠂ ᠪᠢ ᠲᠡᠷᠡ ᠦᠶ᠎ᠡ ᠳ᠋ᠦ᠍ ᠳᠦᠷᠪᠡᠭᠴᠢᠳ ᠦ᠋ᠨ ᠬᠠᠮᠲᠤ ᠵᠢᠭᠤᠲᠠᠭᠰᠠᠨ ᠭᠡᠬᠦ ᠳ᠋ᠦ᠍ ᠪᠠᠲᠤ ᠬᠠᠭᠠᠨ ᠢᠨᠢᠶᠡᠮᠰᠦᠭᠯᠡᠵᠦ᠂
— ᠪᠸᠷᠢᠺᠸᠯᠯᠶᠠ! ᠭᠡᠵᠦ ᠨᠠᠮᠤᠭᠤᠨ ᠳᠠᠭᠤ ᠪᠠᠷ ᠬᠡᠯᠡᠪᠡ᠃

ᠨᠢᠭᠡᠨ ᠴᠡᠷᠢᠭ ᠭᠦᠶᠦᠨ ᠢᠷᠡᠭᠡᠳ ᠪᠠᠲᠤ ᠬᠠᠭᠠᠨ ᠳ᠋ᠤ᠌᠂
— ᠦᠷᠤᠢ᠍ᠰᠲ᠋ᠤᠸ ᠤ᠋ᠨ ᠬᠡᠭᠦᠷ ᠢ᠋ ᠣᠯᠪᠠ᠃ ᠬᠦᠨᠳᠦ ᠴᠢᠯᠠᠭᠤᠨ ᠤ᠋ ᠴᠣᠬᠢᠯᠲᠠ ᠳ᠋ᠤ᠌ ᠦᠬᠦᠭᠰᠡᠨ ᠵᠠᠯᠠᠭᠤ ᠪᠠᠢᠯᠳᠤᠭᠴᠢ ᠬᠦᠴᠦᠲᠦ ᠡᠷ᠎ᠡ ᠪᠠ ᠬᠥᠭᠰᠢᠨ ᠪᠥᠬᠡ ᠨᠠᠷ ᠢ᠋ ᠠᠪᠴᠢᠷᠠᠪᠠ᠃

ᠪᠠᠲᠤ ᠬᠠᠭᠠᠨ ᠲᠡᠳᠡᠨ ᠢ᠋ ᠦᠵᠡᠬᠦ ᠭᠡᠵᠦ ᠬᠦᠰᠡᠭᠰᠡᠨ ᠪᠥᠭᠡᠳ ᠴᠡᠷᠢᠭ ᠦ᠋ᠳ ᠮᠣᠳᠣᠨ ᠲᠠᠯᠪᠢᠭᠤᠷ ᠳᠡᠭᠡᠷ᠎ᠡ ᠶᠸᠧᠫᠡᠲ ᠷᠠᠲ᠋ᠢᠪᠤᠷ ᠬᠣᠶᠠᠷ ᠤ᠋ᠨ ᠪᠡᠶ᠎ᠡ ᠶ᠋ᠢ ᠠᠪᠴᠢᠷᠠᠪᠠ᠃ ᠵᠠᠩᠵᠤᠨ ᠠᠩᠬᠠᠷᠤᠯᠲᠠᠢ ᠪᠠᠷ ᠦᠵᠡᠭᠴᠢᠳ ᠢ᠋ ᠬᠠᠷᠠᠵᠤ᠂ ᠬᠤᠷᠤᠭᠤ ᠪᠠᠷ ᠢ᠋ᠶ᠋ᠠᠨ ᠪᠣᠯᠭᠣᠮᠵᠢᠲᠠᠢ ᠪᠠᠷ ᠶᠸᠧᠫᠡᠲ ᠦ᠋ᠨ ᠬᠠᠭᠠᠰ ᠠᠨᠢᠭᠰᠠᠨ ᠨᠢᠳᠦ ᠶ᠋ᠢ ᠬᠥᠳᠡᠯᠭᠡᠵᠦ ᠦᠵᠡᠭᠡᠳ᠄
— ᠡᠳᠡᠨᠡᠷ ᠪᠣᠯ ᠮᠠᠩᠭᠤᠰ ᠤ᠋ᠳ ᠴᠤ᠌ ᠪᠢᠰᠢ᠂ ᠪᠥᠬᠡ ᠴᠦ᠍ ᠪᠢᠰᠢ᠂ ᠵᠣᠷᠢᠭᠲᠤ ᠪᠠᠢᠯᠳᠤᠭᠴᠢ᠂ ᠶᠡᠬᠡ ᠪᠠᠭᠠᠲᠤᠷ ᠤ᠋ᠳ ᠪᠠᠢᠨ᠎ᠠ᠃ ᠬᠡᠷᠪᠡ ᠡᠳᠡᠨᠡᠷ ᠠᠮᠢᠳᠤ ᠪᠠᠢᠭᠰᠠᠨ ᠪᠣᠯᠵᠤ ᠭᠡᠮ᠂ ᠪᠢ ᠡᠳᠡᠨᠡᠷ ᠢ᠋ ᠥᠪᠡᠷ ᠦ᠋ᠨ ᠵᠢᠷᠦᠬᠡᠨ ᠦ᠌ ᠡᠰᠡᠷᠭᠦ ᠪᠠᠢᠯᠭᠠᠬᠤ ᠶᠤᠮᠰᠠᠨ᠁ ᠮᠢᠨᠦ ᠪᠠᠢᠯᠳᠤᠭᠴᠢᠳ ᠡᠳᠡᠨᠡᠷ ᠡᠴᠡ ᠰᠤᠷᠬᠤ ᠶᠣᠰᠣᠲᠠᠢ! ᠭᠡᠳ ᠡᠷᠭᠢᠵᠦ ᠬᠦᠷᠢᠶᠡᠯᠡᠨ ᠵᠣᠭᠰᠣᠵᠤ ᠪᠠᠢᠭ᠎ᠠ ᠮᠣᠩᠭᠣᠯᠴᠤᠳ ᠲᠡᠰᠢ ᠬᠠᠨᠳᠤᠵᠤ ᠪᠠᠲᠤ ᠬᠠᠭᠠᠨ ᠥᠭᠦᠯᠡᠷᠦᠨ᠂
— ᠡᠳᠡᠨᠡᠷ ᠲᠦ᠍ ᠴᠡᠷᠢᠭ ᠦ᠋ᠨ ᠶᠣᠰᠣᠯᠠᠯ ᠢ᠋ ᠬᠢᠶ᠎ᠡ ᠭᠡᠪᠡ᠃

ᠦᠯᠦ ᠢᠯᠠᠭᠳᠠᠬᠤ ᠶᠡᠬᠡ ᠴᠡᠷᠢᠭ ᠦ᠋ᠨ ᠵᠠᠩᠵᠤᠨ ᠰᠦᠪᠡᠭᠡᠳᠡᠢ ᠪᠠᠭᠠᠲᠤᠷ ᠪᠣᠯᠤᠨ ᠰᠢᠳᠠᠷᠴᠤᠳ᠂ ᠳᠠᠷᠤᠭ᠎ᠠ ᠨᠠᠷ ᠬᠢᠭᠡᠳ ᠴᠡᠷᠢᠭ ᠦ᠋ᠳ᠂ ᠵᠣᠷᠢᠭᠲᠤ ᠡᠷᠡᠰ ᠦ᠋ᠨ ᠬᠦᠨᠳᠦ ᠴᠢᠷᠠᠢ ᠦᠵᠡᠭᠦᠯᠦᠨ ᠭᠢᠯᠠᠯᠵᠠᠭᠰᠠᠨ ᠰᠡᠯᠡᠮ᠎ᠡ ᠨᠤᠭᠦᠳ ᠢ᠋ᠶ᠋ᠡᠨ ᠰᠤᠭᠤᠯᠤᠨ ᠲᠣᠯᠣᠭᠠᠢ ᠳᠡᠭᠡᠷ᠎ᠡ ᠪᠡᠨ ᠡᠷᠭᠦᠭᠡᠳ᠂
— ᠬᠥᠶᠢ— ᠬᠥᠶᠢ— ᠬᠥᠶᠢ ᠭᠡᠵᠦ ᠭᠤᠷᠪᠠ ᠳᠠᠬᠢᠨ ᠪᠠᠷᠬᠢᠷᠠᠵᠠᠭᠠᠪᠠ᠃

  ᠦᠰᠦᠭ ᠠᠮᠢᠯᠠᠭᠤᠯᠤᠭᠴᠢ᠄ ᠪᠠᠶᠠᠨᠴᠡᠴᠡᠭ 2᠂ ᠮᠡᠷᠭᠡᠨᠭᠣᠸ᠎ᠠ 1᠂ ᠬᠡᠷᠡᠶ᠋ᠢᠳ ᠂   ᠮᠥᠩᠬᠡᠨᠠᠰᠤᠨ 2
  ᠬᠢᠨᠠᠭᠴᠢ᠄ ᠲ᠂ ᠬᠦᠮᠦᠵᠢᠯᠲᠦ 2
  ᠶᠡᠷᠦᠩᠬᠡᠢ ᠬᠢᠨᠠᠭᠴᠢ᠄ ᠠᠯᠲᠠᠨᠴᠢᠮᠡᠭ 5᠂ ᠠᠷᠢᠭᠤᠨ 5