ᠪᠠᠲᠤ ᠬᠠᠭᠠᠨ 8-03ᠪᠠᠲᠤ ᠬᠠᠭᠠᠨ ᠰᠦᠮ᠎ᠡ ᠳᠣᠲᠣᠷ᠎ᠠ-ᠰᠢᠭᠤᠷᠭ᠎ᠠ ᠲᠠᠯᠪᠢᠪᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 8-03ᠪᠠᠲᠤ ᠬᠠᠭᠠᠨ ᠰᠦᠮ᠎ᠡ ᠳᠣᠲᠣᠷ᠎ᠠ-ᠰᠢᠭᠤᠷᠭ᠎ᠠ ᠲᠠᠯᠪᠢᠪᠠBat khaan Бат хаан-ᠷᠣᠮᠠᠨ

ᠪᠠᠲᠤ ᠬᠠᠭᠠᠨ 8-03ᠪᠠᠲᠤ ᠬᠠᠭᠠᠨ ᠰᠦᠮ᠎ᠡ ᠳᠣᠲᠣᠷ᠎ᠠ-ᠰᠢᠭᠤᠷᠭ᠎ᠠ ᠲᠠᠯᠪᠢᠪᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-27

150

ᠭᠤᠷᠪᠠ ᠂ ᠪᠠᠲᠤ ᠬᠠᠭᠠᠨ ᠰᠦᠮ᠎ᠡ ᠳᠣᠲᠣᠷ᠎ᠠ


ᠪᠠᠲᠤ ᠬᠠᠭᠠᠨ ᠦᠭᠯᠢᠴᠢ ᠳ᠋ᠦ᠍ ᠬᠦᠷᠴᠦ ᠮᠣᠷᠢ ᠪᠠᠨ ᠲᠡᠳᠡᠨ ᠵᠣᠭᠰᠣᠭᠠᠳ᠂ ᠡᠮᠬᠢ ᠵᠢᠷᠤᠮ ᠦᠭᠡᠢ ᠪᠡᠷ ᠨᠢᠭᠡ ᠨᠢᠭᠡᠨ ᠳ᠋ᠦ᠍ᠨᠢ ᠨᠠᠭᠠᠯᠳᠤᠭᠤᠯᠤᠭᠰᠠᠨ ᠮᠡᠲᠦ ᠪᠡᠷ ᠰᠢᠪᠬᠠᠷᠠᠯᠳᠤᠭᠤᠯᠤᠨ ᠪᠠᠷᠢᠭᠰᠠᠨ ᠪᠥᠭᠡᠳ ᠣᠷᠣᠢ ᠳᠡᠭᠡᠷ᠎ᠡ ᠪᠡᠨ ᠵᠠᠭᠠᠯᠮᠠᠢ ᠲᠠᠢ ᠳ᠋ᠦ᠋ᠨᠵᠡᠨ ᠪᠠᠢᠰᠢᠩ ᠤ᠋ᠳ ᠤ᠋ᠨ ᠰᠦᠷᠯᠢᠭ ᠪᠠᠷ᠎ᠠ ᠲᠡᠰᠢ ᠲᠠᠰᠢᠭᠤᠷ ᠢ᠋ᠶ᠋ᠠᠷ ᠵᠢᠭᠠᠵᠤ᠂
— ᠡᠨᠡ ᠶᠠᠭᠤ ᠭᠡᠭᠴᠢ ᠪᠣᠢ? ᠭᠡᠬᠦ ᠳ᠋ᠦ᠍ ᠲᠡᠭᠦᠨ ᠦ᠌ ᠳᠡᠷᠭᠡᠳᠡ ᠶᠠᠪᠤᠭᠰᠠᠨ ᠰᠥᠪᠡᠭᠡᠲᠡᠢ ᠪᠠᠭᠠᠲᠤᠷ ᠵᠡᠭᠦᠷᠮᠡᠭᠯᠡᠭᠰᠡᠨ ᠢ᠋ᠶ᠋ᠡᠨ ᠰᠡᠷᠢᠭᠰᠡᠨ ᠶᠤᠮ ᠰᠢᠭ᠌᠂
— ᠬᠡᠯᠡᠮᠦᠷᠴᠢ! ᠬᠡᠯᠡᠮᠦᠷᠴᠢ ᠶ᠋ᠢ ᠳᠠᠭᠤᠳᠠᠭᠲᠤᠨ ᠭᠡᠵᠦ ᠬᠠᠰᠬᠢᠷᠪᠠ᠃
— ᠬᠡᠯᠡᠮᠦᠷᠴᠢ ᠠ᠋! ᠭᠡᠵᠦ ᠴᠡᠷᠢᠭ ᠦ᠋ᠳ ᠪᠠᠷᠬᠢᠷᠠᠪᠠ᠃

ᠫᠤᠯᠤᠸ ᠭᠠᠵᠠᠷ ᠤ᠋ᠨ ᠬᠠᠭᠤᠴᠢᠨ ᠬᠡᠯᠡᠮᠦᠷᠴᠢ ᠬᠦᠷᠴᠦ ᠢᠷᠡᠭᠡᠳ᠂
— ᠡᠨᠡ ᠡᠷᠡᠭᠲᠡᠢᠴᠦᠳ ᠦ᠋ᠨ ᠸᠤᠰᠺᠷᠸᠰᠸᠨ᠋ᠰᠺᠢ ᠭᠡᠭᠴᠢ ᠰᠦᠮ᠎ᠡ᠂ ᠡᠨᠳᠡ ᠬᠡᠳᠦᠨ ᠵᠠᠭᠤᠨ ᠭᠡᠯᠦᠩ ᠰᠠᠭᠤᠨ᠎ᠠ᠃ ᠡᠳᠡᠨᠡᠷ ᠪᠣᠯ ᠪᠦᠰᠡᠭᠦᠢ ᠬᠥᠮᠦᠨ ᠳᠠᠰᠢ ᠣᠭᠲᠣ ᠬᠠᠷᠠᠳᠠᠭ ᠦᠭᠡᠢ ᠪᠥᠬᠡ ᠨᠤᠭᠦᠳ ᠶᠤᠮ᠃ ᠡᠳᠡᠨᠡᠷ ᠴᠠᠭ ᠦᠷᠭᠦᠯᠵᠢ ᠮᠥᠷᠭᠥᠯ ᠬᠢᠵᠦ᠂ ᠬᠣᠭᠣᠯᠠ ᠢᠳᠡᠵᠦ ᠰᠠᠭᠤᠨ᠎ᠠ ᠭᠡᠪᠡ᠃
— ᠡᠳᠡᠨᠡᠷ ᠶᠠᠭᠤᠨ ᠲᠤᠬᠠᠢ ᠮᠥᠷᠭᠥᠳᠡᠭ ᠪᠣᠢ?
— ᠭᠠᠵᠠᠷ ᠳᠡᠭᠡᠷ᠎ᠡ ᠠᠮᠤᠭᠤᠯᠠᠩ ᠲᠠᠢᠪᠤᠩ᠂ ᠴᠢᠮᠡᠭᠡ ᠠᠨᠢᠷ ᠦᠭᠡᠢ ᠪᠠᠢᠯᠭᠠᠬᠤ ᠶ᠋ᠢᠨ ᠲᠤᠯᠠ᠃
— ᠨᠠᠳᠠᠳᠤ ᠡᠭᠦᠨ ᠦ᠌ ᠬᠡᠷᠡᠭ ᠠᠯᠠᠭ᠎ᠠ!
— ᠭᠠᠰᠠᠯᠠᠩ ᠥᠯᠥᠰᠬᠦᠯᠡᠩ᠂ ᠭᠠᠵᠠᠷ ᠬᠥᠳᠡᠯᠬᠦ ᠠᠶᠤᠯ ᠪᠣᠯᠤᠨ ᠭᠠᠯ ᠲᠦᠢᠮᠡᠷ ᠭᠠᠷᠭᠠᠬᠤ ᠦᠭᠡᠢ ᠪᠠᠢᠬᠤ ᠶ᠋ᠢᠨ ᠲᠤᠯᠠ ᠮᠥᠷᠭᠥᠳᠡᠭ ᠶᠤᠮ᠃
— ᠲᠡᠷᠡ ᠴᠢᠨᠢ ᠪᠠᠰᠠ ᠬᠡᠷᠡᠭ ᠦᠭᠡᠢ᠂ ᠬᠠᠷᠢᠨ ᠡᠳᠡᠨᠡᠷ ᠮᠠᠨᠢ ᠸᠠᠩ ᠭᠧᠦᠷᠬᠢ ᠲᠡᠢ ᠬᠢᠬᠦ ᠪᠠᠢᠯᠳᠤᠭᠠᠨ( ᠢ᠋) ᠬᠡᠷᠬᠢᠨ ᠳᠠᠭᠤᠰᠬᠠᠬᠤ ᠶ᠋ᠢ ᠬᠡᠯᠡᠵᠦ ᠴᠢᠳᠠᠬᠤ ᠪᠣᠯᠪᠠ ᠤᠤ?
— ᠴᠢᠳᠠᠨ᠎ᠠ!
— ᠪᠢ ᠥᠨᠥᠳᠥᠷ ᠡᠨᠡ ᠪᠤᠷᠬᠠᠨ ᠤ᠋ ᠪᠠᠢᠰᠢᠩ ᠳ᠋ᠤ᠌ ᠤᠨᠲᠠᠨ᠎ᠠ ᠭᠡᠵᠦ ᠪᠠᠲᠤ ᠬᠠᠭᠠᠨ ᠰᠦᠪᠡᠭᠡᠳᠡᠢ ᠳᠠᠰᠢ ᠭᠢᠯᠦᠪᠬᠢᠨ ᠬᠠᠷᠠᠪᠠ᠃ ᠰᠦᠪᠡᠭᠡᠳᠡᠢ ᠬᠦᠴᠦᠲᠡᠢ ᠨᠠᠢᠲᠠᠭᠠᠵᠠᠢ᠃
— ᠬᠡᠯᠡᠮᠦᠷᠴᠢ ᠠ᠋! ᠵᠠᠭᠤᠨ ᠴᠡᠷᠢᠭ ᠠᠪᠤᠭᠠᠳ ᠰᠢᠭᠤᠳ ᠣᠷᠣᠰ ᠤ᠋ᠳ ᠤ᠋ᠨ ᠪᠤᠷᠬᠠᠨ ᠤ᠋ ᠪᠠᠢᠰᠢᠩ ᠳ᠋ᠤ᠌ ᠶᠡᠷᠦᠩᠬᠡᠢ ᠪᠥᠬᠡ ᠳ᠋ᠦ᠍ᠨᠢ ᠣᠳᠣᠬᠠᠨ ᠠᠭᠤᠤ ᠶᠡᠬᠡ ᠡᠵᠡᠨ ᠬᠠᠭᠠᠨ ᠪᠠᠲᠤ ᠬᠠᠭᠠᠨ ᠮᠣᠷᠢᠯᠠᠨ ᠢᠷᠡᠨ᠎ᠡ ᠭᠡᠵᠦ ᠬᠡᠯᠡ ᠭᠡᠵᠦ ᠰᠦᠪᠡᠭᠡᠳᠡᠢ ᠳ᠋ᠦ᠍ ᠲᠤᠰᠢᠶᠠᠪᠠ᠃
— ᠦᠯᠦ ᠢᠯᠠᠭᠳᠠᠭᠴᠢ ᠠ᠋! ᠭᠦᠢᠴᠡᠳᠬᠡᠶ᠎ᠡ! ᠭᠡᠪᠡ᠃ ᠬᠡᠯᠡᠮᠦᠷᠴᠢ ᠵᠠᠭᠤᠨ ᠴᠡᠷᠢᠭ ᠢ᠋ ᠲᠣᠯᠣᠭᠠᠢᠯᠠᠨ ᠰᠦᠮ᠎ᠡ ᠥᠭᠡᠳᠡ ᠳᠠᠪᠬᠢᠨ ᠣᠳᠪᠠ᠃ ᠰᠦᠪᠡᠭᠡᠳᠡᠢ ᠪᠠᠭᠠᠲᠤᠷ ᠵᠠᠭᠤᠲᠤ ᠶ᠋ᠢᠨ ᠳᠠᠷᠤᠭ᠎ᠠ ᠶ᠋ᠢ ᠳᠠᠭᠤᠳᠠᠪᠠ᠃ ᠠᠷᠠᠫᠱᠠ ᠭᠤᠶᠤᠵᠤ ᠴᠢᠮᠡᠭᠯᠡᠭᠰᠡᠨ ᠬᠡᠭᠡᠷ ᠮᠣᠷᠢᠲᠠᠢ ᠬᠦᠷᠴᠦ ᠢᠷᠡᠬᠦ ᠳ᠋ᠦ᠍ ᠪᠠᠷᠠᠭᠠᠨ ᠦᠰᠦᠨ ᠳᠡᠭᠡᠷ᠎ᠡ ᠴᠠᠭᠠᠨ ᠮᠥᠩᠭᠥᠨ ᠬᠡᠷᠡᠭᠯᠡᠯ ᠢᠯᠭᠠᠷᠠᠨ ᠬᠠᠷᠠᠭᠳᠠᠨ᠎ᠠ᠃ ᠯᠠᠪ ᠣᠷᠣᠰ ᠤ᠋ᠨ ᠠᠯᠠᠭᠳᠠᠭᠰᠠᠨ ᠵᠠᠩᠵᠤᠨ ᠠ᠋ᠴᠠ ᠮᠤᠯᠲᠤᠯᠵᠤ ᠠᠪᠤᠭᠰᠠᠨ ᠪᠠᠢᠬᠤ ᠭᠡᠮᠡᠷ ᠠᠯᠲᠠᠨ ᠮᠥᠩᠭᠥᠨ ᠲᠣᠨᠣᠭ ᠪᠦᠬᠦᠢ ᠬᠠᠵᠠᠭᠠᠷ ᠬᠤᠳᠠᠷᠭ᠎ᠠ ᠬᠢᠵᠡᠢ᠃
— ᠬᠡᠢᠳ ᠢ᠋ ᠬᠦᠷᠢᠶᠡᠯᠡᠵᠦ ᠪᠦᠰᠡᠯᠡᠨ ᠡᠭᠦᠳᠡ ᠪᠦᠬᠦᠨ ᠳ᠋ᠦ᠍ ᠮᠠᠨᠠᠭ᠎ᠠ ᠳᠡᠯᠪᠢ! ᠪᠦᠬᠦ ᠪᠠᠢᠰᠢᠩ ᠤ᠋ᠳ ᠪᠣᠯᠤᠨ ᠵᠣᠭᠣᠷᠢ ᠨᠤᠭᠤᠳ ᠢ᠋ ᠨᠡᠩᠵᠢᠵᠦ ᠦᠵᠡ᠂ ᠨᠢᠭᠤᠭᠳᠠᠭᠰᠠᠨ ᠪᠠᠢᠯᠳᠤᠭᠴᠢ ᠪᠤᠶᠤ ᠵᠠᠯᠢᠲᠠᠢ ᠲᠠᠩᠨᠠᠭᠤᠯ ᠪᠠᠢᠵᠤ ᠮᠠᠭᠠᠳ ᠦᠭᠡᠢ᠂ ᠣᠷᠣᠰ ᠤ᠋ᠳ ᠤ᠋ᠨ ᠭᠡᠷ ᠲᠦ᠍ ᠶᠢᠷᠲᠢᠨᠴᠦ ᠶ᠋ᠢᠨ ᠡᠵᠡᠨ ᠥᠪᠡᠷ ᠢ᠋ᠶ᠋ᠡᠨ ᠤᠨᠲᠠᠬᠤ ᠶᠡᠬᠡ ᠵᠠᠪᠰᠢᠶᠠᠨ ᠲᠣᠬᠢᠶᠠᠯᠳᠤᠵᠤ ᠪᠠᠢᠭ᠎ᠠ ᠶ᠋ᠢ ᠬᠡᠯᠡ! ᠥᠪᠡᠷ ᠢ᠋ᠶ᠋ᠡᠨ ᠪᠠᠢᠰᠢᠩ ᠤ᠋ᠨ ᠳᠣᠲᠣᠷ᠎ᠠ ᠱᠠᠲᠤᠨ ᠳᠡᠭᠡᠷ᠎ᠡ ᠡᠭᠦᠳᠡᠨ ᠳ᠋ᠦ᠍ ᠮᠠᠨᠠᠭ᠎ᠠ ᠲᠠᠯᠪᠢᠪᠠ᠃ ᠬᠠᠮᠤᠭ ᠤ᠋ᠨ ᠶᠡᠬᠡ ᠥᠯᠥᠰᠦᠭᠰᠡᠨ ᠴᠡᠷᠢᠭ ᠦ᠋ᠳ ᠡᠴᠡ ᠠᠷᠪᠠ ᠶ᠋ᠢ ᠭᠠᠯ ᠲᠣᠭᠣᠭᠠᠨ ᠤ᠋ ᠭᠠᠵᠠᠷ ᠳᠡᠯᠪᠢ! ᠲᠡᠳᠡ ᠨᠠᠷ ᠲᠡᠨᠳᠡ ᠴᠠᠳᠴᠠᠭᠠᠨ᠂ ᠪᠠᠰᠠ ᠪᠥᠬᠡ ᠨᠠᠷ ᠶᠠᠮᠠᠷ ᠨᠢᠭᠡᠨ ᠮᠠᠭᠤ ᠬᠣᠣᠷᠲᠠᠢ ᠶᠠᠭᠤᠮ᠎ᠠ ᠬᠢᠬᠦ ᠡᠰᠡᠬᠦ ᠶ᠋ᠢ ᠠᠵᠢᠭᠯᠠᠵᠤ ᠬᠡᠷᠪᠡ ᠨᠢᠭᠡ ᠯᠡ ᠪᠢᠰᠢ ᠪᠣᠯᠤᠯᠲᠠᠢ ᠪᠣᠯᠬᠤ ᠪᠤᠶᠤ ᠮᠠᠭᠤ ᠬᠣᠣᠷᠲᠠᠢ ᠶᠠᠪᠤᠳᠠᠯ ᠤ᠋ᠨ ᠠᠵᠢᠭ ᠠᠪᠤᠪᠠᠯ ᠲᠣᠭᠤᠭᠠᠴᠢᠳ ᠤ᠋ᠨ ᠰᠢᠯᠢᠨ ᠬᠦᠵᠦᠭᠦᠨ ᠳ᠋ᠦ᠍ᠨᠢ ᠲᠠᠰᠢᠭᠤᠷ ᠢ᠋ᠶ᠋ᠠᠷ ᠢ᠋ᠶ᠋ᠠᠨ ᠵᠠᠨᠴᠢ᠂ ᠲᠡᠭᠦᠨ ᠡᠴᠡ ᠭᠠᠳᠠᠨ᠎ᠠ ᠵᠠᠩᠵᠤᠨ ᠪᠠᠲᠤ ᠬᠠᠭᠠᠨ ᠢ᠋ ᠠᠮᠠᠷᠠᠵᠤ ᠪᠠᠢᠬᠤ ᠴᠠᠭ ᠲᠸ᠋ ᠮᠣᠩᠭᠣᠯ ᠤ᠋ᠨ ᠪᠠᠢᠯᠳᠤᠭᠴᠢᠳ ᠠ᠋ᠴᠠ ᠨᠢᠭᠡ ᠴᠥ᠍ ᠬᠥᠮᠦᠨ ᠢ᠋ ᠣᠷᠣᠭᠤᠯᠵᠤ ᠦᠯᠦ ᠪᠣᠯᠬᠤ ᠶ᠋ᠢ ᠬᠠᠷᠠᠭᠠᠯᠵᠠᠬᠤ ᠬᠡᠷᠡᠭᠲᠡᠢ ᠭᠡᠵᠦ ᠰᠥᠪᠡᠭᠡᠳᠡᠢ ᠪᠠᠭᠠᠲᠤᠷ ᠲᠤᠰᠢᠶᠠᠪᠠ᠃
— ᠮᠡᠳᠡᠪᠡ᠂ ᠣᠢᠰᠢᠶᠠᠪᠠ! ᠭᠡᠵᠦ ᠠᠷᠠᠫᠠᠱᠠ ᠬᠠᠷᠢᠭᠤᠯᠵᠤ ᠲᠤᠰᠢᠶᠠᠯ ᠪᠡᠶᠡᠯᠡᠭᠦᠯᠬᠦ ᠪᠡᠷ ᠳᠠᠪᠬᠢᠨ ᠣᠳᠪᠠ᠃

ᠬᠡᠢᠳ ᠦ᠋ᠨ ᠭᠣᠣᠯ ᠶᠡᠬᠡ ᠰᠦᠮ᠎ᠡ ᠶ᠋ᠢᠨ ᠳᠣᠲᠣᠷ᠎ᠠ ᠶᠣᠰᠣᠯᠠᠯ ᠤ᠋ᠨ ᠮᠥᠷᠭᠥᠯ ᠶᠠᠪᠤᠭᠳᠠᠵᠤ ᠪᠠᠢᠪᠠ᠃ ᠪᠠᠷᠠᠭᠤᠨ ᠲᠠᠯ᠎ᠠ ᠶ᠋ᠢᠨ ᠥᠨᠳᠥᠷᠯᠢᠭ ᠳᠡᠭᠡᠷ᠎ᠡ ᠬᠡᠪᠢᠰ ᠢ᠋ᠶ᠋ᠡᠷ ᠪᠦᠷᠬᠦᠭᠰᠡᠨ ᠥᠨᠳᠥᠷ ᠨᠠᠯᠠᠪᠴᠢᠲᠡᠢ ᠬᠣᠶᠠᠷ ᠲᠣᠮᠣ ᠰᠠᠨᠳᠠᠯᠢ ᠪᠠᠢᠨ᠎ᠠ᠃ ᠨᠢᠭᠡᠨ ᠳᠡᠭᠡᠷ᠎ᠡ ᠨᠢ ᠪᠠᠲᠤ ᠬᠠᠭᠠᠨ ᠵᠠᠪᠢᠯᠠᠨ ᠰᠠᠭᠤᠭᠠᠳ ᠡᠪᠦᠳᠦᠭ ᠳᠡᠭᠡᠷ᠎ᠡ ᠪᠡᠨ ᠲᠠᠬᠢᠷ ᠰᠡᠯᠡᠮ᠎ᠡ ᠲᠠᠯᠪᠢᠵᠠᠢ᠃ ᠨᠥᠭᠦᠭᠡ ᠳᠡᠭᠡᠷ᠎ᠡ ᠶᠦᠯᠳᠥ᠋ᠽ ᠬᠠᠲᠤᠨ ᠠᠯᠲᠠ ᠪᠣᠯᠤᠨ ᠰᠤᠪᠤᠳ ᠤᠲᠠᠰᠤ ᠪᠠᠷ ᠴᠢᠮᠡᠭᠯᠡᠭᠰᠡᠨ ᠥᠨᠳᠥᠷ ᠬᠠᠷ᠎ᠠ ᠮᠠᠯᠠᠭᠠᠢ ᠡᠮᠦᠰᠴᠦ ᠰᠠᠭᠤᠨ᠎ᠠ᠃ ᠪᠠᠲᠤ ᠬᠠᠭᠠᠨ ᠤ᠋ ᠳᠡᠷᠭᠡᠳᠡ ᠵᠢᠷᠭᠤᠭᠠᠨ ᠭᠣᠣᠯ ᠬᠠᠭᠠᠳ ᠱᠠᠯᠠ ᠳᠡᠭᠡᠷ᠎ᠡ ᠰᠠᠭᠤᠵᠠᠭᠠᠵᠠᠢ᠃

ᠲᠡᠭᠦᠨ ᠳᠣᠲᠣᠷ᠎ᠠ ᠰᠥᠪᠡᠭᠡᠲᠡᠢ ᠪᠠᠭᠠᠲᠤᠷ ᠪᠠᠢᠬᠤ ᠪᠥᠭᠡᠳ ᠰᠦᠮ᠎ᠡ ᠶ᠋ᠢᠨ ᠳᠣᠲᠣᠷ᠎ᠠ ᠶᠠᠭᠤ ᠪᠣᠯᠵᠤ ᠪᠠᠢᠭ᠎ᠠ ᠶ᠋ᠢ ᠢᠲᠡᠭᠡᠮᠵᠢ ᠦᠭᠡᠢ ᠨᠢᠳᠦ ᠪᠡᠷ ᠦᠷᠭᠦᠯᠵᠢ ᠠᠵᠢᠭᠯᠠᠨ᠎ᠠ᠃

ᠪᠤᠷᠬᠠᠨ ᠳ᠋ᠤ᠌ ᠮᠥᠷᠭᠥᠯ ᠬᠢᠬᠦ ᠶᠡᠬᠡ ᠶᠣᠰᠣᠯᠠᠯ ᠪᠣᠯᠪᠠ᠃ ᠮᠥᠷᠭᠥᠯ ᠢ᠋ ᠲᠠᠲ᠋ᠠᠷ ᠤ᠋ᠳ ᠠ᠋ᠴᠠ ᠠᠪᠤᠷᠠᠬᠤ ᠪᠠᠷ ᠬᠡᠢᠳ ᠳᠡᠭᠡᠷ᠎ᠡ ᠢᠷᠡᠭᠰᠡᠨ ᠦᠰᠬᠤᠸ ᠭᠡᠳᠡᠭ ᠶᠡᠬᠡ ᠯᠠᠮ᠎ᠠ ᠥᠪᠡᠷ ᠢ᠋ᠶ᠋ᠡᠨ ᠬᠢᠪᠡ᠃ ᠬᠥᠭᠰᠢᠨ ᠬᠠᠲᠠᠩᠭᠢᠷ ᠪᠥᠭᠲᠥᠷ ᠬᠠᠮᠪᠤ ᠯᠠᠮᠠ᠂ ᠭᠢᠯᠠᠯᠵᠠᠭᠰᠠᠨ ᠠᠯᠲᠠᠨ ᠳᠠᠷᠤᠭᠤᠯᠭ᠎ᠠ ᠲᠠᠢ ᠬᠣᠷᠭᠣᠢ ᠮᠠᠯᠠᠭᠠᠢ ᠡᠮᠦᠰᠴᠦ ᠰᠦᠮ᠎ᠡ ᠶ᠋ᠢᠨ ᠳᠤᠮᠳᠠ ᠣᠷᠣᠰᠢᠬᠤ ᠥᠨᠳᠥᠷᠯᠢᠭ ᠳᠡᠭᠡᠷ᠎ᠡ ᠭᠠᠷᠪᠠ᠃ ᠭᠣᠶᠣᠯᠠᠯ ᠤ᠋ᠨ ᠡᠷᠢᠶᠡᠨ ᠬᠣᠷᠭᠣᠢ ᠬᠤᠪᠴᠠᠰᠤ ᠡᠮᠦᠰᠦᠭᠰᠡᠨ ᠬᠣᠶᠠᠷ( ᠬᠣᠣᠰ) ᠯᠠᠮ᠎ᠠ ᠨᠠᠷ ᠬᠠᠮᠪᠤ ᠠ᠋ᠴᠠ ᠣᠷᠣᠭᠰᠢ ᠲᠠᠯ᠎ᠠ ᠪᠦᠷᠢ ᠵᠢᠷᠭᠤᠭ᠎ᠠ ᠵᠢᠷᠭᠤᠭ᠎ᠠ ᠪᠠᠷ ᠴᠤᠪᠤᠷᠠᠨ ᠵᠣᠭᠰᠣᠵᠠᠭᠠᠵᠠᠢ᠃ ᠮᠥᠨ ᠬᠣᠷᠭᠣᠢ ᠳᠡᠪᠡᠯ ᠲᠡᠢ ᠬᠣᠶᠠᠷ ᠬᠡᠦᠬᠡᠳ ᠤᠷᠲᠤ ᠯᠠ ᠪᠠᠷᠢᠭᠠᠳ ᠬᠠᠮᠪᠤ ᠶ᠋ᠢᠨ ᠬᠣᠶᠠᠷ ᠬᠠᠵᠠᠭᠤ ᠳ᠋ᠤ᠌ ᠵᠣᠭᠰᠣᠨ᠎ᠠ᠃ ᠪᠤᠷᠬᠠᠨ ᠤ᠋ ᠡᠮᠦᠨ᠎ᠡ ᠨᠢ ᠯᠡ ᠪᠠ ᠵᠤᠯᠠ ᠨᠣᠴᠣᠬᠤ ᠪᠥᠭᠡᠳ ᠲᠡᠭᠦᠨ ᠦ᠌ ᠰᠦᠮᠡᠯᠵᠡᠬᠦ ᠨᠢ ᠪᠤᠷᠬᠠᠨ ᠤ᠋ ᠠᠯᠲᠠᠨ ᠬᠦᠷᠢᠶ᠎ᠡ ᠪᠠ ᠬᠣᠷᠭᠣᠢ ᠳᠡᠭᠡᠷ᠎ᠡ ᠲᠤᠰᠤᠨ᠎ᠠ᠃

ᠪᠠᠲᠤ ᠬᠠᠭᠠᠨ ᠰᠢᠨ᠎ᠡ ᠶᠠᠭᠤᠮ᠎ᠠ ᠦᠵᠡᠭᠰᠡᠨ ᠳ᠋ᠡᠭᠡᠨ ᠬᠠᠨᠤᠮᠵᠢᠲᠠᠢ ᠪᠠᠢᠨ᠎ᠠ᠂ ᠵᠠᠷᠢᠮ ᠳ᠋ᠠᠭᠠᠨ ᠲᠣᠯᠣᠭᠠᠢ ᠪᠠᠨ ᠳᠣᠬᠢᠵᠤ ᠳᠠᠭᠤᠤ ᠶ᠋ᠢ ᠳᠠᠭᠠᠯᠳᠤᠨ ᠳᠠᠭᠤᠯᠠᠬᠤ ᠭᠡᠵᠦ ᠴᠦ᠍ ᠣᠷᠣᠯᠳᠣᠨ᠎ᠠ᠃ ᠡᠭᠦᠨ ᠦ᠌ ᠨᠢᠭᠤᠷ ᠢ᠋ ᠬᠠᠮᠠᠭᠠᠯᠠᠭᠰᠠᠨ ᠠᠯᠲᠠᠨ ᠰᠤᠮᠤ ᠲᠠᠢ ᠭᠠᠩ ᠳᠤᠭᠤᠯᠠᠭ᠎ᠠ ᠪᠠ ᠮᠥᠩᠭᠥᠨ ᠬᠤᠶᠠᠭ ᠬᠢᠭᠡᠳ ᠬᠦᠵᠦᠭᠦᠨ ᠳ᠋ᠦ᠍ᠨᠢ ᠵᠡᠭᠦᠭᠰᠡᠨ ᠲᠣᠮᠣ ᠳᠣᠷᠵᠢᠫᠯᠠᠮ᠎ᠠ ᠶ᠋ᠢᠨ ᠡᠷᠳᠡᠨᠢ ᠴᠢᠯᠠᠭᠤ ᠨᠤᠭᠤᠳ ᠠ᠋ᠴᠠ ᠨᠢ ᠣᠯᠠᠨ ᠥᠩᠭᠡ ᠶ᠋ᠢᠨ ᠣᠴᠢ ᠲᠤᠶᠠᠭ᠎ᠠ ᠭᠢᠯᠠᠯᠵᠠᠨ᠎ᠠ᠃

ᠪᠠᠲᠤ ᠬᠠᠭᠠᠨ ᠤ᠋ ᠳᠡᠷᠭᠡᠳᠡ ᠥᠨᠳᠥᠷ ᠪᠡᠶᠡᠯᠢᠭ ᠯᠠᠮ᠎ᠠ ᠬᠦᠷᠴᠦ ᠢᠷᠡᠭᠡᠳ ᠰᠠᠩ ᠤ᠋ᠨ ᠪᠣᠢᠫᠣᠷ ᠢ᠋ ᠰᠠᠪᠰᠠᠬᠤ ᠪᠦᠷᠢ ᠰᠠᠢᠬᠠᠨ ᠦᠨᠦᠷ ᠠᠩᠬᠢᠯᠤᠨ᠎ᠠ᠃ ᠪᠠᠲᠤ ᠬᠠᠭᠠᠨ ᠳᠤᠷᠠᠲᠠᠢᠶ᠎ᠠ ᠲᠣᠯᠣᠭᠠᠢ ᠪᠠᠨ ᠮᠡᠬᠦᠢᠰᠬᠢᠵᠦ ᠲᠡᠷᠡᠬᠦ ᠠᠮᠲᠠᠲᠠᠢ ᠤᠲᠤᠭ᠎ᠠ ᠶ᠋ᠢ ᠠᠮᠢᠰᠬᠤᠯᠠᠨ᠎ᠠ᠃ ᠶᠦᠯᠳᠦ᠋ᠽ ᠭᠦᠨ ᠰᠠᠨᠳᠠᠯᠢ ᠳᠡᠭᠡᠷ᠎ᠡ ᠬᠥᠳᠡᠯᠦᠯ ᠦᠭᠡᠢ ᠰᠠᠭᠤᠨ᠎ᠠ᠃

ᠮᠥᠩᠭᠥᠨ ᠰᠠ ᠤᠭᠠᠯᠵᠠ ᠲᠠᠢ ᠬᠢᠲᠠᠳ ᠲᠣᠷᠭᠠᠨ ᠳᠡᠪᠡᠯ ᠡᠮᠦᠰᠴᠦ ᠦᠨᠡᠲᠦ ᠴᠢᠮᠡᠭ ᠵᠡᠭᠦᠵᠦ ᠭᠠᠷ ᠲᠠᠭᠠᠨ ᠡᠷᠳᠡᠨᠢ ᠴᠢᠯᠠᠭᠤᠨ ᠪᠥᠭᠡᠵᠢ ᠨᠤᠭᠦᠳ ᠬᠢᠭᠰᠡᠨ ᠴᠣᠩᠬᠢᠭᠠᠷ ᠴᠠᠭᠠᠨ ᠴᠢᠷᠠᠢᠲᠠᠢ ᠲᠡᠷᠡ ᠠᠪᠠᠭᠠᠢ ᠨᠢ ᠪᠢᠴᠢᠬᠠᠨ ᠳᠠᠭᠢᠨᠢ ᠮᠡᠲᠦ ᠠᠵᠢ᠃ ᠭᠠᠭᠴᠠᠬᠦ ᠮᠡᠯᠮᠡᠷᠡᠨ ᠰᠢᠷᠲᠡᠬᠦ ᠨᠢᠳᠦ ᠨᠢ ᠭᠠᠢᠬᠠᠰᠢᠷᠠᠨ ᠭᠢᠯᠠᠯᠵᠠᠨ᠎ᠠ᠃ ᠦᠨᠡᠨᠴᠢ ᠢ ᠯᠡ ᠾᠧ ᠰᠠᠨᠳᠠᠯᠢ ᠶ᠋ᠢᠨ ᠳᠡᠷᠭᠡᠳᠡ ᠵᠣᠭᠰᠣᠵᠤ᠂ ᠶᠦᠯᠳᠦ᠋ᠽ ᠲᠡᠰᠢ ᠨᠠᠯᠠᠵᠤ᠂ ᠪᠥᠬᠥᠢᠨ ᠰᠢᠪᠡᠨᠡᠵᠦ᠂
— ᠠᠮᠤᠭᠤᠯᠠᠩ ᠪᠠᠢᠬᠤ ᠬᠡᠷᠡᠭᠲᠡᠢ ᠂ ᠰᠠᠨᠳᠤᠷᠤᠭᠰᠠᠨ ᠪᠠᠢᠳᠠᠯ ᠪᠤᠤ ᠦᠵᠡᠭᠦᠯ᠂ ᠡᠷᠬᠢᠮ ᠦ᠋ᠳ ᠠᠵᠢᠭ ᠠᠪᠤᠨ᠎ᠠ ᠰᠢᠦ ᠭᠡᠨ᠎ᠡ᠃
— ᠲᠡᠷᠡ᠂ ᠴᠣᠩᠬᠣᠨ ᠤ᠋ ᠳᠡᠷᠭᠡᠳᠡ ᠲᠡᠢᠮᠦ ᠣᠢᠷᠠᠬᠠᠨ ᠪᠠᠢᠨ᠎ᠠ᠂ ᠪᠢ ᠲᠡᠭᠦᠨ ᠲᠡᠢ ᠶᠠᠷᠢᠬᠤ ᠬᠡᠷᠡᠭᠲᠡᠢ ᠭᠡᠵᠦ ᠶᠦᠯᠳᠦ᠋ᠽ ᠰᠢᠪᠡᠨᠡᠨ ᠬᠠᠷᠢᠭᠤᠯᠪᠠ ᠃

ᠬᠠᠵᠠᠭᠤ ᠶ᠋ᠢᠨ ᠡᠭᠦᠳᠡᠨ ᠦ᠌ ᠳᠡᠷᠭᠡᠳᠡ ᠵᠢᠳᠠ ᠪᠠᠨ ᠲᠤᠯᠤᠭᠰᠠᠨ ᠴᠡᠷᠢᠭ ᠦ᠋ᠳ ᠵᠣᠭᠰᠣᠨ᠎ᠠ᠃ ᠲᠡᠷᠡ ᠭᠠᠩ ᠳᠤᠭᠤᠯᠠᠭ᠎ᠠ᠂ ᠭᠠᠩ ᠬᠤᠶᠠᠭ᠂ ᠪᠣᠯᠭᠠᠷᠢ ᠭᠠᠵᠠᠷ ᠤ᠋ᠨ ᠡᠵᠡᠨ( ᠦ᠌ ) ᠰᠠᠪᠢᠬᠢᠨ ᠭᠤᠲᠤᠯ ᠡᠮᠦᠰᠴᠡᠢ᠃ ᠲᠡᠭᠦᠨ ᠦ᠌ ᠰᠠᠬᠠᠯ ᠦᠰᠦ ᠦᠭᠡᠢ ᠵᠠᠯᠠᠭᠤ ᠶ᠋ᠢᠨ ᠴᠢᠷᠠᠢ ᠨᠢ ᠲᠠᠢᠪᠤᠩ ᠰᠢᠨᠵᠢᠲᠡᠢ ᠪᠥᠭᠡᠳ ᠬᠠᠶᠠ ᠨᠢᠭᠡ ᠪᠠᠲᠤ ᠬᠠᠭᠠᠨ ᠤ᠋ ᠵᠦᠭ ᠬᠠᠷᠠᠬᠤ ᠪᠣᠯᠪᠠᠴᠤ ᠶᠡᠬᠡ ᠲᠥᠯᠥᠪ ᠬᠦᠢᠲᠡᠨ ᠪᠦᠷᠬᠦᠭ ᠡᠳᠦᠷ ᠦ᠋ᠨ ᠪᠦᠳᠡᠭᠢ ᠭᠡᠷᠡᠯ ᠨᠡᠪᠲᠡᠷᠡᠬᠦ ᠲᠣᠮᠣ ᠪᠤᠰᠤ ᠭᠢᠯᠲᠠᠭᠠᠨᠠᠭᠤᠷ ᠴᠣᠩᠬᠣ ᠲᠡᠰᠢ ᠰᠢᠷᠳᠡᠨ᠎ᠡ᠃ ᠡᠨᠡ ᠪᠣᠯ ᠡᠭᠦᠳᠡᠨ ᠦ᠌ ᠮᠠᠨᠠᠭᠠᠨ ᠳ᠋ᠤ᠌ ᠭᠠᠷᠤᠭᠰᠠᠨ ᠮᠦᠰᠦ᠋ᠺ ᠠᠵᠢ᠃ ᠭᠡᠨᠡᠳᠲᠡ ᠲᠡᠷᠡ ᠲᠡᠭᠦᠨ ᠢ᠋ ᠮᠥᠷᠥᠭᠡᠳᠦᠨ ᠰᠢᠷᠳᠡᠭᠴᠢ ᠪᠠᠲᠤ ᠬᠠᠭᠠᠨ ᠤ᠋ ᠡᠬᠡᠨᠡᠷ ᠦ᠋ᠨ ᠬᠠᠷᠠᠴᠠ ᠶ᠋ᠢ ᠠᠵᠢᠭᠯᠠᠪᠠ᠃ ᠮᠥᠰᠥ᠋ᠺ ᠥᠭᠡᠷ᠎ᠡ ᠲᠠᠰᠢ ᠡᠷᠭᠢᠭᠰᠡᠨ ᠪᠣᠯᠪᠠᠴᠤ ᠤᠳᠠᠭᠰᠠᠨ ᠦᠭᠡᠢ ᠮᠥᠨ ᠯᠡ ᠵᠠᠯᠠᠭᠤ ᠪᠦᠰᠡᠭᠦᠢ ᠶ᠋ᠢᠨ ᠡᠭᠴᠡᠯᠡᠨ ᠰᠢᠷᠳᠡᠬᠦ ᠬᠠᠷᠠᠴᠠ ᠲᠠᠢ ᠮᠥᠷᠭᠥᠯᠳᠦᠪᠡ᠃

《 ᠨᠠᠳᠠᠳᠤ ᠣᠨᠴᠠ ᠨᠢ ᠶᠠᠭᠤ ᠪᠠᠢᠬᠤ ᠪᠢᠯᠡ? ᠬᠠᠲᠤᠨ ᠶᠠᠭᠤᠨ ᠳ᠋ᠤ᠌ ᠨᠠᠮᠠᠶ᠋ᠢ ᠢᠩᠭᠢᠵᠦ ᠬᠠᠷᠠᠨ᠎ᠠ ᠪᠣᠢ?》 ᠭᠡᠵᠦ ᠮᠥᠰᠥ᠋ᠺ ᠪᠣᠳᠣᠪᠠ᠃ ᠲᠡᠷᠡ ᠲᠡᠭᠦᠨ ᠦ᠌ ᠬᠠᠷᠠᠴᠠ ᠶ᠋ᠢ ᠪᠠᠰᠠ ᠳᠠᠬᠢᠨ ᠨᠢᠭᠡ ᠣᠯᠵᠤ ᠬᠠᠷᠠᠪᠠ᠃ ᠵᠠᠷᠤᠴᠠ ᠥᠬᠢᠨ ᠲᠡᠭᠦᠨ ᠳᠠᠰᠢ ᠪᠥᠬᠥᠢᠵᠦ ᠲᠠᠢᠪᠤᠰᠢᠷᠠᠭᠤᠯᠵᠤ ᠪᠠᠢᠬᠤ ᠮᠠᠶᠢᠭ ᠲᠠᠢ ᠪᠣᠯᠬᠤ ᠶ᠋ᠢ ᠠᠵᠢᠭᠯᠠᠪᠠ᠃ ᠬᠡᠪ ᠭᠡᠨᠡᠳᠲᠡ ᠮᠥᠰᠥ᠋ᠺ ᠦ᠋ᠨ ᠳᠣᠲᠣᠷ᠎ᠠ᠂
—《 ᠡᠨᠡ ᠬᠠᠷ᠎ᠠ ᠨᠢᠳᠦ᠂ ᠡᠨᠡ ᠰᠠᠢᠬᠠᠨ ᠨᠢᠭᠤᠷ᠂ ᠶᠠᠭᠤ ᠠᠳᠠᠯᠢ ᠪᠢᠯᠡ! ᠶᠡᠷᠦ ᠨᠢ ᠲᠠᠯ᠎ᠠ ᠶ᠋ᠢᠨ ᠶᠠᠳᠠᠭᠤ ᠪᠦᠰᠡᠭᠦᠢ ᠪᠠ ᠦᠨᠡᠲᠦ ᠡᠷᠳᠡᠨᠢᠰ ᠴᠢᠮᠡᠭᠯᠡᠯ ᠵᠡᠷᠭᠡ ᠪᠡᠷ ᠴᠢᠮᠡᠭᠯᠡᠭᠰᠡᠨ ᠪᠥᠭᠡᠳ ᠳᠠᠶᠠᠭᠠᠷ ᠳᠡᠯᠡᠬᠡᠢ ᠶ᠋ᠢ ᠪᠠᠢᠯᠳᠤᠨ ᠳᠠᠭᠠᠭᠤᠯᠤᠭᠴᠢ ᠬᠥᠮᠦᠨ ᠦ᠌ ᠡᠬᠡᠨᠡᠷ ᠬᠣᠶᠠᠷ ᠤ᠋ᠨ ᠬᠣᠭᠣᠷᠣᠨᠳᠣ ᠶ᠋ᠢᠨ ᠢᠯᠭᠠᠭ᠎ᠠ ᠶᠠᠭᠤ ᠪᠢᠯᠡ᠂ ᠦᠭᠡᠢ ᠡᠨᠡ ᠪᠣᠯ ᠵᠡᠭᠦᠳᠦ᠂ ᠡᠢᠮᠦ ᠪᠠᠢᠵᠤ ᠪᠣᠯᠬᠤ ᠦᠭᠡᠢ 》ᠭᠡᠬᠦ ᠲᠣᠳᠣ ᠪᠣᠳᠣᠯ ᠲᠥᠷᠥᠭᠡᠳ ᠳᠠᠬᠢᠨ ᠴᠣᠩᠬᠣ ᠪᠠᠷ ᠬᠠᠷᠠᠨ᠎ᠠ᠃

ᠰᠠᠨᠠᠮᠰᠠᠷ ᠦᠭᠡᠢ ᠪᠠᠢᠲᠠᠯ᠎ᠠ ᠣᠭᠵᠣᠮ ᠳᠠᠭᠤ ᠮᠥᠰᠥ᠋ᠺ ᠢ᠋ ᠰᠣᠴᠢᠭᠠᠪᠠ᠃ ᠲᠣᠮᠣ ᠤᠮᠵᠠᠳ ᠭᠡᠯᠦᠩ ᠨᠥᠮᠥᠷᠭᠡ ᠡᠮᠦᠰᠴᠦ ᠪᠣᠰᠤᠭᠤᠨ ᠴᠢᠩᠭ᠎ᠠ ᠳᠠᠭᠤ ᠪᠠᠷ
— ᠶᠡᠬᠡ ᠬᠦᠴᠦᠲᠦ ᠡᠵᠡᠨ ᠲᠠᠨ ᠳ᠋ᠤ᠌᠂ ᠠᠰᠠᠷ ᠭᠠᠢᠬᠠᠮᠰᠢᠭᠲᠤ ᠬᠠᠭᠠᠨ ᠲᠠᠨ ᠳ᠋ᠤ᠌ ᠭᠡᠲᠡᠯ᠎ᠡ ᠰᠠᠢᠨ ᠰᠠᠨᠠᠭᠠᠲᠤ ᠶᠡᠬᠡᠮᠰᠦᠭ ᠨᠢᠷᠪᠠ ᠬᠡᠰᠡᠭ ᠭᠡᠯᠦᠩ ᠦ᠋ᠳ ᠦ᠋ᠨ ᠳᠤᠮᠳᠠ ᠠ᠋ᠴᠠ ᠤᠷᠤᠭᠰᠢᠯᠠᠨ ᠢᠯᠭᠠᠷᠠᠵᠤ ᠵᠥᠭᠡᠯᠡᠨ ᠢ᠋ᠶ᠋ᠡᠷ ᠯᠠᠮ᠎ᠠ ᠳ᠋ᠤ᠌ ᠣᠢᠷᠠᠲᠤᠨ ᠣᠴᠢᠵᠤ ᠲᠡᠭᠦᠨ ᠦ᠌ ᠮᠢᠬᠠᠯᠢᠭ ᠤᠯᠠᠭᠠᠨ ᠴᠢᠬᠢᠨ ᠳ᠋ᠦ᠍᠂
— ᠥᠨᠳᠥᠷ ᠳᠠᠭᠤ ᠪᠠᠷ ᠬᠡᠯᠡ! ᠭᠡᠵᠦ ᠰᠢᠪᠡᠨᠡᠪᠡ᠃

ᠨᠢᠷᠪᠠ ᠶ᠋ᠢ ᠬᠡᠯᠡᠮᠡᠭᠴᠡ᠂
— ᠡᠵᠡᠨ ᠲᠠᠨ ᠳ᠋ᠤ᠌ ᠤᠷᠲᠤ ᠨᠠᠰᠤᠯᠠᠬᠤ ᠶ᠋ᠢ ᠢᠷᠥᠭᠡᠶ᠎ᠡ ᠭᠡᠲᠡᠯ᠎ᠡ᠂
— ᠤᠯᠠᠮ ᠥᠨᠳᠥᠷ ᠢ᠋ᠶ᠋ᠡᠷ! ᠳᠤᠤᠭᠠᠷ! ᠭᠡᠵᠦ ᠨᠢᠷᠪᠠ ᠱᠠᠭᠠᠷᠳᠠᠪᠠ᠃ᠨᠢᠭᠤᠷ ᠢ᠋ᠶ᠋ᠠᠨ ᠤᠯᠠᠢᠲᠠᠯ᠎ᠠ ᠬᠣᠭᠣᠯᠠᠢ ᠪᠠᠨ ᠰᠢᠬᠠᠵᠤ᠂
— ᠮᠠᠨ ᠤ᠋ ᠡᠵᠡᠨ ᠪᠠ ᠣᠢᠷ᠎ᠠ ᠬᠣᠯᠠ ᠪᠦᠭᠦᠳᠡ ᠶ᠋ᠢ ᠵᠠᠬᠢᠷᠤᠭᠴᠢ ᠪᠠᠲᠤ ᠬᠠᠭᠠᠨ ᠤᠷᠲᠤ ᠨᠠᠰᠤᠯᠠᠬᠤ ᠪᠣᠯᠲᠤᠭᠠᠢ ᠭᠡᠬᠦ ᠳ᠋ᠦ᠍ ᠣᠯᠠᠨ ᠬᠥᠮᠦᠰ ᠨᠢᠭᠡᠨ ᠳᠠᠭᠤ ᠪᠠᠷ ᠭᠤᠷᠪᠠ ᠳᠠᠬᠢᠨ᠂
— ᠤᠷᠲᠤ ᠨᠠᠰᠤᠯᠠᠬᠤ ᠪᠣᠯᠲᠤᠭᠠᠢ ᠭᠡᠪᠡ᠃

ᠮᠥᠷᠭᠥᠯ ᠲᠡᠭᠦᠰᠦᠭᠰᠡᠨ ᠦ᠌ ᠳᠠᠷᠠᠭ᠎ᠠ᠂ ᠴᠤᠭᠯᠠᠷᠠᠭᠴᠢᠳ ᠤᠷᠲᠤ ᠨᠠᠷᠢᠨ ᠲᠠᠰᠤᠯᠭᠠᠨ ᠳ᠋ᠤ᠌ ᠣᠷᠣᠪᠠ᠃ ᠲᠡᠨᠳᠡ ᠬᠠᠮᠤᠭ ᠤ᠋ᠨ ᠰᠠᠢᠬᠠᠨ ᠬᠣᠭᠣᠯᠠ ᠴᠠᠢ ᠶ᠋ᠢ ᠯᠠᠮ᠎ᠠ ᠨᠠᠷ᠂ ᠳᠤᠭᠠᠩᠴᠢ ᠨᠠᠷ ᠵᠡᠷᠭᠡ ᠨᠢᠷᠪᠠ ᠶ᠋ᠢᠨ ᠢ᠋ᠶ᠋ᠡᠨ ᠬᠠᠮᠲᠤ ᠪᠠᠷ ᠰᠠᠨᠠᠭᠠᠨ ᠳ᠋ᠤ᠌ ᠣᠷᠣᠭᠰᠠᠨ ᠶᠠᠭᠤᠮ᠎ᠠ ᠪᠦᠭᠦᠳᠡ ᠶ᠋ᠢ ᠬᠢᠭᠰᠡᠨ ᠪᠠᠢᠪᠠ᠃ᠪᠦᠲᠦᠨ ᠢ᠋ᠶ᠋ᠡᠷ ᠴᠢᠨᠠᠭᠰᠠᠨ ᠵᠢᠭᠠᠰᠤ᠂ ᠵᠢᠮᠢᠰ ᠬᠠᠪᠴᠢᠭᠤᠯᠤᠭᠰᠠᠨ ᠨᠠᠷᠢᠨ ᠪᠣᠣᠪᠣ᠂ ᠵᠢᠵᠢᠭ ᠴᠠᠪᠴᠢᠯᠠᠭᠰᠠᠨ ᠬᠣᠷᠣᠬᠠᠢ᠂ ᠮᠥᠭᠥ ᠪᠤᠭᠤᠳᠠᠢ ᠶ᠋ᠢ ᠵᠥᠭᠡᠢ ᠶ᠋ᠢᠨ ᠪᠠᠯ ᠲᠠᠢ ᠪᠤᠴᠠᠯᠭᠠᠭᠰᠠᠨ ᠢᠳᠡᠭᠡ᠂ ᠨᠣᠢᠲᠠᠨ ᠠᠯᠢᠮ᠎ᠠ᠂ ᠵᠢᠭᠠᠰᠤᠨ ᠤ᠋ ᠬᠠᠷ᠎ᠠ ᠦᠷ᠎ᠡ ᠵᠡᠷᠭᠡ ᠶ᠋ᠢ ᠵᠠᠷᠤᠴᠠ ᠨᠠᠷ ᠲᠣᠮᠣ ᠮᠣᠳᠣᠨ ᠮᠠᠲᠠᠮᠠᠯ  ᠲᠠᠪᠠᠭ ᠲᠤ᠌ ᠬᠢᠵᠦ ᠵᠥᠭᠡᠭᠡᠨ᠎ᠡ᠂ ᠯᠠᠮ᠎ᠠ ᠨᠠᠷ ᠵᠣᠭᠣᠷᠢ ᠳᠣᠲᠣᠷ᠎ᠠ ᠠ᠋ᠴᠠ ᠲᠠᠯᠬ᠎ᠠ ᠪᠠᠷ ᠨᠡᠷᠡᠭᠰᠡᠨ ᠨᠣᠭᠣᠭᠠᠨ ᠥᠩᠭᠡ ᠲᠡᠢ ᠠᠷᠢᠬᠢ ᠪᠠ ᠬᠦᠴᠦᠲᠡᠢ ᠵᠥᠭᠡᠢ ᠶ᠋ᠢᠨ ᠪᠠᠯ ᠭᠠᠷᠭᠠᠨ᠎ᠠ᠂ ᠪᠠᠰᠠ ᠪᠤᠰᠤ ᠨᠡᠷᠡᠰ ᠭᠦᠵᠡᠯᠵᠡᠭᠡᠨ᠎ᠡ ᠪᠡᠷ ᠨᠡᠷᠡᠭᠰᠡᠨ ᠠᠷᠢᠬᠢ ᠤᠤᠭᠤᠨ᠎ᠠ᠃

ᠰᠢᠷᠡᠭᠡᠨ ᠦ᠌ ᠡᠴᠦᠰ ᠲᠦ᠍ ᠪᠠᠲᠤ ᠬᠠᠭᠠᠨ ᠰᠠᠭᠤᠵᠤ ᠪᠠᠢᠨ᠎ᠠ᠃ ᠵᠡᠭᠦᠨ ᠭᠠᠷ ᠳᠠᠭᠠᠤ ᠵᠡᠷᠭᠡᠯᠡᠵᠦ ᠬᠠᠮᠪᠤ ᠯᠠᠮᠠ᠂ ᠴᠠᠰᠢ ᠰᠥᠪᠡᠭᠡᠳᠡᠢ ᠪᠠᠭᠠᠲᠤᠷ᠂ ᠪᠠᠷᠠᠭᠤᠨ ᠭᠠᠷ ᠲᠸ᠋ ᠦᠨᠡᠲᠦ ᠡᠷᠳᠡᠨᠢ ᠨᠤᠭᠦᠳ ᠢ᠋ ᠭᠢᠯᠠᠯᠵᠠᠭᠤᠯᠵᠤ ᠥᠩᠭᠡᠲᠦ ᠬᠤᠪᠴᠠᠰᠤ ᠶ᠋ᠢ ᠡᠮᠦᠰᠦᠭᠰᠡᠨ ᠶᠦᠯᠳᠦ᠋ᠽ ᠬᠠᠲᠤᠨ᠂ ᠲᠡᠭᠦᠨ ᠦ᠌ ᠳᠠᠷᠠᠭᠠᠪᠠᠷ ᠰᠢᠳᠠᠷ ᠵᠢᠷᠭᠤᠭᠠᠨ ᠬᠠᠭᠠᠳ ᠰᠠᠭᠤᠨ᠎ᠠ᠃ ᠲᠡᠭᠦᠨ ᠦ᠌ ᠳᠣᠣᠷ᠎ᠠ ᠣᠪᠣᠭᠠᠲᠠᠢ ᠪᠠ ᠤᠷᠲᠤ ᠬᠠᠷ᠎ᠠ ᠨᠥᠮᠥᠷᠭᠡ ᠲᠡᠢ ᠬᠠᠮᠤᠭ ᠤ᠋ᠨ ᠬᠥᠭᠰᠢᠨ ᠬᠦᠨᠳᠦᠲᠡᠢ ᠯᠠᠮᠠ ᠰᠠᠭᠤᠵᠤ ᠪᠠᠢᠪᠠ᠃ ᠬᠥᠭᠰᠢᠨ ᠬᠠᠮᠪᠤ ᠮᠥᠷᠭᠥᠯ ᠲᠠᠯᠪᠢᠵᠤ ᠥᠭᠭᠦᠭᠡᠳ ᠬᠠᠭᠤᠴᠢ ᠬᠥᠳᠡᠯᠵᠦ ᠲᠡᠩᠬᠡᠯ ᠠᠯᠳᠠᠨ᠎ᠠ ᠭᠡᠵᠦ ᠠᠮᠠᠷᠠᠬᠤ ᠪᠠᠷ ᠥᠪᠡᠷ ᠦ᠋ᠨ ᠲᠠᠰᠤᠯᠭᠠᠨ ᠳ᠋ᠠᠭᠠᠨ ᠣᠴᠢᠪᠠ᠃

ᠪᠠᠲᠤ ᠬᠠᠭᠠᠨ ᠶᠡᠬᠡ ᠪᠣᠯᠭᠣᠮᠵᠢᠯᠠᠨ ᠮᠠᠰᠢ ᠪᠠᠭ᠎ᠠ ᠪᠠᠷ ᠢᠳᠡᠭᠡᠯᠡᠬᠦ ᠪᠣᠯᠪᠠᠴᠤ ᠴᠥᠮ ᠡᠴᠡ ᠠᠮᠰᠠᠨ᠎ᠠ᠃ ᠰᠥᠪᠡᠭᠡᠳᠡᠢ ᠪᠠᠭᠠᠲᠤᠷ ᠭᠠᠭᠴᠠᠬᠦ ᠰᠣᠩᠭᠢᠨ᠎ᠠ ᠪᠠ ᠲᠣᠰᠣᠲᠠᠢ ᠪᠤᠳᠠᠭ᠎ᠠ ᠶ᠋ᠢ ᠵᠠᠵᠢᠯᠤᠨ᠎ᠠ᠃ ᠲᠡᠷᠡ ᠪᠤᠳᠠᠭ᠎ᠠ ᠶ᠋ᠢ ᠲᠠᠪᠠᠭ ᠲᠠᠢ ᠨᠢ ᠲᠠᠲᠠᠵᠤ ᠢᠷᠡᠭᠡᠳ᠂ ᠥᠪᠡᠷ ᠲᠡᠭᠡᠨ ᠭᠠᠷᠭᠠᠭᠰᠠᠨ ᠵᠡᠰ ᠠᠶᠠᠭᠠᠨ ᠳ᠋ᠠᠭᠠᠨ ᠬᠢᠵᠦ ᠢᠳᠡᠪᠡ᠃ ᠳᠠᠷᠠᠭ᠎ᠠ ᠨᠢ ᠠᠶᠠᠭ᠎ᠠ ᠪᠠᠨ ᠳᠣᠯᠢᠶᠠᠵᠤ ᠴᠡᠪᠡᠷᠯᠡᠭᠡᠳ ᠠᠷᠢᠬᠢ ᠤᠮᠳᠠ ᠪᠠᠨ (  ᠤᠮᠳᠠᠭ᠎ᠠ ᠠ᠋ᠴᠠ ) ᠪᠦᠭᠦᠳᠡ ᠶ᠋ᠢ ᠠᠮᠰᠠᠵᠤ ᠦᠵᠡᠬᠦ ᠪᠥᠭᠡᠳ ᠮᠠᠭᠤᠬᠠᠢ ᠰᠠᠨᠠᠭᠳᠠᠭᠰᠠᠨ  ᠢ᠋  ᠪᠡᠨ ᠱᠠᠯᠠ ᠳᠡᠭᠡᠷ᠎ᠡ ᠰᠠᠴᠤᠨ᠎ᠠ᠃ ᠬᠣᠭᠣᠯᠠ ᠢᠳᠡᠵᠦ ᠪᠠᠢᠬᠤ ᠳᠤᠮᠳᠠᠭᠤᠷ ᠪᠠᠲᠤ ᠬᠠᠭᠠᠨ ᠳᠡᠭᠡᠷ᠎ᠡ ᠬᠢᠲᠠᠳ ᠥᠬᠢᠨ ᠢ ᠯᠡ ᠾᠧ ᠣᠴᠢᠵᠤ᠂
— ᠶᠦᠯᠳᠦ᠋ᠽ ᠬᠠᠲᠤᠨ ᠳᠠᠪᠤᠰᠤᠯᠠᠭᠰᠠᠨ ᠵᠢᠭᠠᠰᠤᠨ ᠤ᠋ ᠦᠨᠦᠷ ᠪᠣᠯᠣᠳ ᠣᠷᠣᠰ ᠪᠥᠬᠡ ᠨᠠᠷ ᠤ᠋ᠨ ᠪᠣᠯᠬᠢ ᠳᠠᠭᠤᠨ ᠳ᠋ᠤ᠌ ᠲᠡᠰᠴᠦ ᠪᠠᠢᠬᠤ ᠶ᠋ᠢᠨ ᠠᠷᠭ᠎ᠠ ᠦᠭᠡᠢ ᠪᠣᠯᠪᠠ᠂ ᠣᠳᠣ ᠶᠠᠳᠠᠷᠠᠵᠤ ᠤᠨᠠᠬᠤ ᠳ᠋ᠤ᠌ ᠣᠢᠷᠠᠲᠤᠭᠠᠳ ᠪᠠᠢᠨ᠎ᠠ᠂ ᠡᠨᠳᠡ ᠡᠴᠡ ᠵᠠᠢᠯᠠᠭᠤᠯᠬᠤ ᠶᠤᠮᠰᠠᠨ! ᠭᠡᠵᠦ ᠬᠡᠯᠡᠪᠡ᠃

ᠪᠠᠲᠤ ᠬᠠᠭᠠᠨ ᠶᠦᠯᠳᠦ᠋ᠽ ᠲᠡᠰᠢ ᠬᠠᠷᠠᠪᠠᠯ ᠲᠡᠷᠡ ᠬᠥᠳᠡᠯᠦᠯ ᠦᠭᠡᠢ ᠨᠢᠳᠦ ᠪᠡᠨ ᠠᠨᠢᠵᠤ ᠤᠨᠲᠠᠭᠰᠠᠨ ᠮᠡᠲᠦ ᠪᠠᠢᠨ᠎ᠠ᠃ ᠪᠠᠲᠤ ᠬᠠᠭᠠᠨ᠂
— ᠪᠠᠭ᠎ᠠ ᠬᠠᠲᠤᠨ ᠢ᠋ ᠠᠪᠠᠴᠢᠵᠤ ᠠᠮᠠᠷᠠᠭᠤᠯᠬᠤ ᠬᠡᠷᠡᠭᠲᠡᠢ ᠭᠡᠵᠦ ᠲᠤᠰᠢᠶᠠᠪᠠ᠃

ᠶᠡᠬᠡ ᠨᠢᠷᠪᠠ ᠪᠣᠰᠴᠤ ᠰᠠᠬᠠᠯ ᠢ᠋ᠶ᠋ᠠᠨ ᠢᠯᠢᠵᠦ ᠥᠪᠡᠷ ᠢ᠋ᠶ᠋ᠡᠨ ᠬᠠᠲᠤᠨ ᠪᠠ ᠬᠢᠲᠠᠳ ᠥᠬᠢᠨ ᠢ᠋ ᠳᠠᠭᠠᠭᠤᠯᠤᠨ ᠬᠠᠮᠤᠭ ᠤ᠋ᠨ ᠰᠠᠢᠨ ᠲᠠᠰᠤᠯᠭᠠᠨ ᠳ᠋ᠤ᠌ ᠣᠷᠣᠭᠤᠯᠪᠠ᠃

  ᠦᠰᠦᠭ ᠠᠮᠢᠯᠠᠭᠤᠯᠤᠭᠴᠢ᠄ ᠮᠡᠷᠭᠡᠨᠭᠣᠸ᠎ᠠ 2᠂ ᠪᠠᠶᠡᠨᠴᠡᠴᠡᠭ 1᠂ ᠳ᠂ ᠣᠶᠤᠨᠪᠢᠯᠢᠭ᠌ 1᠂ ᠬᠦᠦᠳᠠᠭᠠᠭᠤᠯ 1᠂ ᠬᠡᠷᠡᠢᠳ ᠂ ᠮᠥᠩᠬᠡᠨᠠᠰᠤᠨ 1. ᠭᠡᠷᠡᠯ 1 ᠬᠢᠨᠠᠭᠴᠢ᠄ ᠲ᠂ ᠬᠦᠮᠦᠵᠢᠯᠲᠦ1
  ᠶᠡᠷᠦᠩᠬᠡᠢ ᠬᠢᠨᠠᠭᠴᠢ᠄ ᠠᠯᠲᠠᠨᠴᠢᠮᠡᠭ 7᠂ ᠠᠷᠢᠭᠤᠨ 7