ᠪᠠᠲᠤ ᠬᠠᠭᠠᠨ 7-07 ᠪᠧᠷᠧᠨ᠋ᠳᠧᠶᠧᠸ ᠦ᠋ᠨ ᠨᠠᠮᠤᠭ-ᠲᠣᠭᠰᠢᠨ ᠶᠸᠸᠫᠡᠲBat khaan Бат хаан-ᠷᠣᠮᠠᠨ
ᠳᠣᠯᠣᠭ᠎ᠠ᠂ ᠪᠧᠷᠧᠨ᠋ᠳᠧᠶᠧᠸ ᠦ᠋ᠨ ᠨᠠᠮᠤᠭ
ᠪᠠᠲᠤ ᠬᠠᠭᠠᠨ᠂ ᠮᠣᠩᠭᠣᠯ ᠤ᠋ᠨ ᠪᠠᠭ ᠣᠲ᠋ᠷᠢᠶᠠᠳ᠋ ᠤ᠋ᠨ ᠰᠥᠨᠥᠭᠰᠡᠨ ᠲᠤᠬᠠᠢ ᠮᠡᠳᠡᠭᠡᠳ ᠰᠦᠽᠳᠡᠯᠢ ᠶ᠋ᠢᠨ ᠣᠷᠣᠰ ᠨᠤᠲᠤᠭ ᠲᠤ᠌ ᠶᠠᠪᠤᠵᠤ ᠪᠠᠢᠯᠳᠤᠬᠤ ᠪᠠᠭ ᠤ᠋ᠳ ᠢ᠋ ᠳᠠᠭᠤᠳᠠᠬᠤ ᠪᠠᠷ ᠡᠯᠴᠢ ᠨᠠᠷ ᠢ᠋ ᠵᠦᠭ ᠪᠦᠬᠦᠨ᠎ᠡ ᠮᠣᠷᠳᠠᠭᠤᠯᠪᠠ᠃ ᠡᠭᠦᠨ᠎ᠡ ᠠᠭᠤᠯᠵᠠᠵᠤ ᠨᠡᠢᠯᠡᠯᠴᠡᠬᠦ ᠭᠠᠵᠠᠷ ᠢ᠋ ᠫᠧᠷᠧᠶᠡᠰᠯᠡᠸᠯᠶᠡ— ᠽᠡᠯᠧᠰᠰᠺ ᠭᠡᠳᠡᠭ ᠬᠣᠲᠠ ᠶ᠋ᠢᠨ ᠣᠷᠴᠢᠮ ᠭᠡᠵᠦ ᠵᠢᠭᠠᠭᠰᠠᠨ ᠪᠥᠭᠡᠳ ᠪᠠᠭ ᠤ᠋ᠳ ᠲᠣᠬᠢᠶᠠᠯᠳᠤᠭᠴᠢᠳ ᠢ᠋ ᠰᠢᠪᠬᠠᠴᠢᠨ ᠬᠥᠭᠡᠭᠡᠭᠰᠡᠭᠡᠷ ᠪᠦᠰᠡᠯᠡᠨ ᠪᠠᠷᠢᠳᠠᠭ ᠠᠪᠠ ᠮᠡᠲᠦ ᠬᠦᠷᠢᠶᠡᠯᠡᠨ ᠠᠪᠬᠤ ᠶᠣᠰᠣᠲᠠᠢ ᠪᠠᠢᠵᠠᠢ᠃
ᠭᠡᠲᠡᠯ᠎ᠡ ᠲᠡᠷᠡ ᠤᠷᠭ᠎ᠠ ᠪᠠᠷ ᠪᠠᠷᠢᠭᠳᠠᠳᠠᠭ ᠦᠭᠡᠢ ᠦᠰᠦᠷᠳᠡᠭ ᠣᠷᠣᠰ ᠤ᠋ᠳ ᠪᠠᠰᠠ ᠲᠠᠲ᠋ᠠᠷ ᠤ᠋ᠨ ᠬᠡᠳᠦᠨ ᠪᠠᠭ ᠢ᠋ ᠬᠦᠢᠰᠦ ᠲᠡᠮᠲᠡᠷᠢᠭᠡᠳ ᠫᠸᠷᠸᠶᠠᠰᠯᠠᠸᠯᠶᠠ— ᠽᠡᠯᠧᠰᠰᠺ ᠦ᠋ᠨ ᠣᠢᠷ᠎ᠠ ᠬᠠᠷᠠᠩᠭᠤᠢ ᠣᠢ ᠳᠣᠲᠣᠷ᠎ᠠ ᠣᠷᠣᠵᠤ ᠦᠭᠡᠢ ᠪᠣᠯᠪᠠ ᠭᠡᠬᠦ ᠰᠢᠨ᠎ᠡ ᠮᠡᠳᠡᠭᠡ ᠶ᠋ᠢ ᠪᠠᠲᠤ ᠬᠠᠭᠠᠨ ᠳ᠋ᠤ᠌ ᠬᠦᠷᠭᠡᠵᠡᠢ᠃ ᠲᠡᠷᠡ ᠦᠶ᠎ᠡ ᠳ᠋ᠦ᠍ ᠶᠧᠸᠫᠡᠲ ᠥᠪᠡᠷ ᠦ᠋ᠨ ᠨᠠᠮ ᠨᠡᠢᠯᠡᠭᠴᠢᠳ ᠦ᠋ᠨ ᠬᠠᠮᠲᠤ ᠪᠠᠷ ᠤᠮᠠᠷ᠎ᠠ ᠵᠦᠭ ᠲᠠᠪᠰᠢᠨ ᠶᠠᠪᠤᠯ᠎ᠠ᠃ ᠲᠡᠷᠡ ᠬᠦ᠌ ᠶᠠᠪᠤᠬᠤ ᠳ᠋ᠠᠭᠠᠨ ᠲᠠᠲ᠋ᠠᠷ ᠦ᠋ᠳ ᠨᠠᠰᠢ ᠪᠠᠨ ᠶᠠᠪᠤᠭ᠎ᠠ ᠦᠭᠡᠢ ᠪᠥᠭᠡᠳ ᠬᠣᠢᠰᠢ ᠪᠤᠴᠠᠭᠰᠠᠨ ᠭᠡᠳᠡᠭ ᠮᠡᠳᠡᠭᠡ ᠶ᠋ᠢ ᠣᠢ ᠳ᠋ᠤ᠌ ᠤᠷᠭᠤᠵᠤ ᠨᠢᠭᠤᠭᠳᠠᠭᠴᠢᠳ ᠠ᠋ᠴᠠ ᠣᠯᠵᠤ ᠰᠣᠨᠣᠰᠤᠭᠠᠳ ᠶᠸᠸᠫᠡᠲ ᠦ᠋ᠨ ᠳᠣᠲᠣᠷ᠎ᠠ ᠶᠡᠬᠡᠳᠡ ᠳᠣᠩᠰᠣᠯᠪᠠ᠃ ᠤᠴᠢᠷ ᠨᠢ ᠲᠠᠲ᠋ᠠᠷ ᠤ᠋ᠳ ᠲᠠᠯ᠎ᠠ ᠪᠦᠬᠦᠨ᠎ᠡ ᠪᠣᠢ ᠤᠴᠢᠷ ᠲᠡᠳᠡᠨ ᠦ᠌ ᠳᠤᠮᠳᠠᠭᠤᠷ ᠨᠡᠪᠲᠡᠷᠡᠨ ᠭᠠᠷᠴᠤ ᠴᠠᠰᠢ ᠶᠠᠪᠤᠬᠤ ᠬᠡᠷᠡᠭᠲᠡᠢ ᠪᠠᠢᠭᠰᠠᠨ ᠶᠤᠮ᠃ ᠭᠡᠲᠡᠯ᠎ᠡ ᠲᠡᠵᠢᠭᠡᠯ ᠳᠠᠭᠤᠰᠤᠨ ᠲᠠᠯᠬ᠎ᠠ ᠲᠠᠷᠢᠶᠠᠨ ᠤ᠋ ᠠᠯᠢᠨ ᠨᠢ ᠴᠦ᠍ ᠦᠭᠡᠢ ᠪᠣᠯᠵᠤ ᠪᠠᠢᠯ᠎ᠠ᠃ ᠶᠸᠸᠫᠡᠲ ᠣᠢ ᠶ᠋ᠢᠨ ᠬᠠᠷᠭᠤᠢ ᠵᠠᠮ ᠢ᠋ᠶ᠋ᠠᠷ ᠶᠠᠪᠤᠭᠰᠠᠭᠠᠷ ᠫᠯᠧᠱᠧᠶᠧᠸ ᠦ᠋ᠨ ᠨᠠᠭᠤᠷ ᠲᠸ᠋ ᠴᠢᠳᠬᠤᠬᠤ ᠲᠷᠦᠪᠸᠵ ᠭᠣᠣᠯ ᠤ᠋ᠨ ᠤᠷᠤᠰᠤᠭᠰᠠᠨ ᠪᠸᠷᠸᠨ᠋ᠳ᠋ᠸᠶᠸᠸ ᠦ᠋ᠨ ᠨᠠᠮᠤᠭ ᠤᠷᠤᠭᠤ ᠣᠷᠣᠪᠠ᠃ ᠲᠠᠲ᠋ᠠᠷ ᠤ᠋ᠨ ᠪᠠᠭ ᠤ᠋ᠳ ᠪᠦᠰᠡᠯᠡᠯᠲᠡ ᠳᠣᠲᠣᠷ᠎ᠠ ᠠ᠋ᠴᠠ ᠭᠣᠣᠯ ᠤ᠋ᠨ ᠤᠷᠤᠰᠬᠠᠯ ᠢ᠋ ᠳᠠᠭᠠᠵᠤ ᠭᠠᠷᠤᠭᠠᠳ ᠥᠭᠯᠢᠴ ᠦ᠋ᠨ ᠵᠦᠭ ᠶᠠᠪᠤᠬᠤ ᠪᠠᠷ ᠶᠸᠸᠫᠡᠲ ᠪᠣᠳᠣᠯ᠎ᠠ᠃
ᠬᠥᠯᠳᠡᠭᠦᠦ ᠨᠠᠮᠤᠭ ᠤ᠋ᠨ ᠳᠡᠭᠡᠭᠦᠷ ᠲᠠᠯ᠎ᠠ ᠳᠡᠭᠡᠷ᠎ᠡ ᠬᠡᠪ ᠭᠡᠨᠡᠳᠲᠡ ᠲᠠᠲ᠋ᠠᠷ ᠤ᠋ᠳ ᠤ᠋ᠨ ᠮᠣᠷᠢᠲᠠᠢ ᠴᠡᠷᠢᠭ ᠦ᠋ᠨ ᠶᠠᠪᠤᠬᠤ ᠨᠢ ᠦᠵᠡᠭᠳᠡᠪᠡ᠃ ᠪᠠᠭ᠎ᠠ ᠪᠡᠶ᠎ᠡ ᠲᠡᠢ ᠴᠢᠭᠢᠷᠠᠭ ᠮᠣᠷᠢᠳ ᠢ᠋ ᠤᠨᠤᠵᠤ ᠵᠠᠷ ᠵᠡᠪᠰᠡᠭ ᠢ᠋ ᠵᠡᠭᠦᠭᠰᠡᠨ ᠲᠡᠳᠡ ᠴᠢᠬᠢᠭᠦᠨ ᠣᠢ ᠳᠣᠲᠣᠷ᠎ᠠ ᠠ᠋ᠴᠠ ᠭᠠᠷᠤᠭᠠᠳ ᠶᠸᠸᠫᠡᠲ ᠦ᠋ᠨ ᠪᠠᠭ ᠤ᠋ᠨ ᠵᠦᠭ ᠮᠥᠰᠥᠨ ᠳᠡᠭᠡᠭᠦᠷ ᠳᠠᠪᠬᠢᠯᠳᠤᠪᠠ᠃ ᠲᠠᠲ᠋ᠠᠷ ᠤ᠋ᠳ ᠬᠡᠳᠦᠨ ᠠᠯᠬᠤᠮ ᠣᠢᠷᠠᠬᠠᠨ ᠢᠷᠡᠭᠡᠳ ᠬᠡᠳᠦᠨ ᠰᠤᠮᠤ ᠲᠠᠯᠪᠢᠴᠢᠬᠠᠭᠠᠳ ᠳᠠᠢᠰᠤᠨ ᠳ᠋ᠤ᠌ ᠬᠥᠭᠡᠭᠡᠭᠳᠡᠨ ᠶᠠᠪᠤᠭ᠎ᠠ ᠮᠡᠲᠦ ᠪᠡᠷ ᠲᠦᠷᠭᠡᠨ ᠵᠠᠭᠤᠷ᠎ᠠ ᠵᠠᠢᠯᠠᠨ ᠣᠳᠪᠠ᠃
ᠶᠸᠸᠫᠡᠲ ᠲᠠᠲ᠋ᠠᠷ ᠤ᠋ᠳ ᠤ᠋ᠨ ᠤᠪ ᠮᠡᠬᠡ ᠶ᠋ᠢ ᠮᠡᠳᠡᠭᠡᠳ ᠥᠪᠡᠷ ᠦ᠋ᠨ ᠪᠠᠭ ᠢ᠋ ᠫᠯᠧᠱᠧᠶᠧᠸ ᠦ᠋ᠨ ᠨᠠᠭᠤᠷ ᠤ᠋ᠨ ᠵᠦᠭ ᠠᠪᠴᠤ ᠮᠣᠷᠳᠠᠪᠠ᠃ ᠭᠡᠲᠡᠯ᠎ᠡ ᠲᠠᠲ᠋ᠠᠷ ᠤ᠋ᠨ ᠣᠯᠠᠨ ᠮᠣᠷᠢᠲᠤ ᠴᠡᠷᠢᠭ ᠦ᠋ᠳ ᠵᠠᠮ ᠢ᠋ᠶ᠋ᠠᠷ ᠳᠠᠬᠢᠨ ᠦᠵᠡᠭᠳᠡᠬᠦ ᠪᠥᠭᠡᠳ ᠲᠡᠳᠡ ᠪᠠᠢᠯᠳᠤᠬᠤ ᠠ᠋ᠴᠠ ᠵᠠᠢᠯᠠᠰᠬᠢᠨ ᠣᠢ ᠳᠣᠲᠣᠷ᠎ᠠ ᠶᠠᠭᠠᠷᠠᠯ ᠦᠭᠡᠢ ᠣᠷᠣᠵᠤ ᠪᠠᠢᠯ᠎ᠠ᠃ ᠶᠸᠸᠫᠡᠲ ᠥᠨᠥᠬᠢ ᠲᠷᠦᠪᠸᠵ ᠭᠣᠣᠯ ᠤ᠋ᠨ ᠵᠠᠬ᠎ᠠ ᠳ᠋ᠤ᠌ ᠤᠷᠢᠳᠤᠬᠢ ᠵᠠᠮ ᠢ᠋ᠶ᠋ᠠᠷ ᠢ᠋ᠶ᠋ᠠᠨ ᠦᠷᠭᠦᠯᠵᠢᠯᠡᠨ ᠶᠠᠪᠤᠭᠰᠠᠭᠠᠷ ᠪᠠᠢᠪᠠ᠃
ᠨᠠᠷᠠᠰᠤ ᠲᠠᠢ ᠥᠨᠳᠥᠷᠯᠢᠭ ᠭᠠᠵᠠᠷ ᠡᠮᠦᠨ᠎ᠡ ᠨᠢ ᠦᠵᠡᠭᠳᠡᠪᠡ᠃ ᠲᠡᠭᠦᠨ ᠦ᠌ ᠣᠷᠣᠢ ᠶ᠋ᠢᠨ ᠲᠤᠰᠢᠶ᠎ᠠ ᠭᠠᠵᠠᠷ ᠴᠠᠰᠤᠨ ᠳ᠋ᠤ᠌ ᠳᠠᠷᠤᠭᠳᠠᠭᠰᠠᠨ ᠡᠷᠲᠡᠨ ᠦ᠌ ᠴᠢᠯᠠᠭᠤᠨ ᠪᠠᠷᠢᠯᠭ᠎ᠠ ᠶ᠋ᠢᠨ ᠡᠪᠳᠡᠷᠬᠡᠢ ᠰᠠᠭᠤᠷᠢᠨ ᠭᠠᠵᠠᠷ ᠬᠠᠷᠠᠭᠳᠠᠨ᠎ᠠ᠃
— ᠪᠸᠷᠸᠨ᠋ᠳ᠋ᠸᠢ ᠬᠠᠭᠠᠨ ᠤ᠋ ᠣᠷᠳᠣᠨ ᠪᠠᠢᠨ᠎ᠠ᠃
ᠡᠪᠦᠳᠦᠭ ᠢ᠋ᠶ᠋ᠡᠨ ᠬᠦᠷᠦᠭᠰᠡᠨ ᠰᠠᠭᠯᠳᠠᠢ ᠪᠸᠷᠸᠨ᠋ᠳ᠋ᠸᠢ ᠬᠠᠭᠠᠨ ᠭᠡᠳᠡᠭ ᠡᠨᠳᠡ ᠰᠠᠭᠤᠵᠤ ᠪᠠᠢᠭᠰᠠᠨ ᠶᠤᠮ ᠭᠡᠳᠡᠭ ᠭᠡᠵᠦ ᠨᠠᠮ ᠨᠡᠢᠯᠡᠭᠴᠢᠳ ᠶᠠᠷᠢᠯᠴᠠᠪᠠ᠃ ᠲᠡᠷᠡᠬᠦ ᠡᠪᠳᠡᠷᠬᠡᠢ ᠪᠠᠯᠭᠠᠰᠤᠨ ᠤ᠋ ᠳᠡᠷᠭᠡᠳᠡᠬᠢ ᠲᠣᠯᠣᠭᠠᠢ ᠳᠡᠭᠡᠷ᠎ᠡ ᠪᠠᠰᠠ ᠲᠠᠲ᠋ᠠᠷ ᠤ᠋ᠨ ᠰᠢᠨ᠎ᠡ ᠪᠠᠭ ᠭᠠᠷᠴᠤ ᠢᠷᠡᠭᠰᠡᠨ ᠨᠢ ᠤᠷᠲᠤ ᠠ᠋ᠴᠠ ᠤᠷᠲᠤ ᠴᠠᠭᠠᠨ ᠲᠤᠭ ᠪᠠᠷᠢᠵᠠᠢ᠃
— ᠪᠠᠲᠤ ᠲᠡᠨᠳᠡ ᠪᠠᠢᠨ᠎ᠠ ᠭᠡᠵᠦ ᠶᠸᠸᠫᠡᠲ ᠬᠠᠰᠬᠢᠷᠪᠠ᠃
— ᠤᠷᠤᠭᠰᠢ ᠳᠠᠪᠰᠢᠭᠲᠤᠨ! ᠭᠡᠵᠦ ᠮᠣᠷᠢᠨ ᠴᠡᠷᠢᠭ ᠦ᠋ᠳ ᠦ᠋ᠨ ᠬᠠᠮᠲᠤ ᠪᠠᠷ ᠲᠡᠷᠡᠬᠦ ᠲᠣᠯᠣᠭᠠᠢ ᠶ᠋ᠢᠨ ᠵᠦᠭ ᠥᠰᠥᠷᠬᠡᠪᠡ᠃ ᠨᠠᠮ ᠨᠡᠢᠯᠡᠭᠰᠡᠨ ᠶᠠᠪᠠᠭᠠᠨᠴᠤᠳ ᠨᠢ ᠴᠸᠷᠨᠢᠭᠤᠸ ᠤ᠋ᠨ ᠬᠠᠭᠠᠨ ᠳ᠋ᠤ᠌ ᠲᠤᠰᠠᠯᠠᠬᠤ ᠪᠠᠷ ᠪᠡᠯᠡᠳᠬᠡᠨ ᠵᠡᠷᠭᠡᠴᠡᠨ ᠠᠯᠬᠤᠵᠠᠭᠠᠨᠠᠮ᠃ ᠲᠡᠷᠡᠬᠦ ᠲᠣᠯᠣᠭᠠᠢ ᠳᠡᠭᠡᠷ᠎ᠡ ᠪᠠᠢᠭᠰᠠᠨ ᠲᠠᠲ᠋ᠠᠷ ᠤ᠋ᠳ ᠦᠢᠮᠡᠯᠳᠦᠨ᠂ ᠮᠥᠰᠥᠨ ᠦ᠌ ᠵᠦᠭ ᠪᠠᠭᠤᠵᠠᠭᠠᠨᠠ᠃ ᠮᠣᠷᠢᠲᠤ ᠴᠡᠷᠢᠭ ᠦ᠋ᠳ ᠲᠡᠷᠡ ᠲᠣᠯᠣᠭᠠᠢ ᠶ᠋ᠢᠨ ᠪᠠᠯ ᠳ᠋ᠤ᠌ ᠲᠠᠲ᠋ᠠᠷ ᠤ᠋ᠳ ᠲᠠᠢ ᠲᠤᠯᠤᠯᠳᠤᠪᠠ᠃ ᠶᠸᠸᠫᠡᠲ ᠲᠣᠬᠢᠶᠠᠯᠳᠤᠭᠰᠠᠨ ᠬᠡᠳᠦᠨ ᠲᠠᠲ᠋ᠠᠷ ᠤ᠋ᠳ ᠢ᠋ ᠤᠨᠠᠭᠠᠭᠠᠳ ᠳᠡᠭᠡᠭᠰᠢ ᠴᠠᠭᠠᠨ ᠲᠤᠭ ᠤ᠋ᠨ ᠵᠦᠭ ᠥᠰᠥᠷᠬᠡᠪᠡ᠃
ᠰᠠᠷᠠᠯ ᠮᠣᠷᠢᠲᠠᠢ ᠲᠠᠬᠢᠷ ᠰᠡᠯᠡᠮ᠎ᠡ ᠳᠠᠯᠠᠢᠭᠰᠠᠨ ᠲᠣᠮᠣ ᠮᠣᠩᠭᠣᠯ ᠬᠥᠮᠦᠨ ᠶᠸᠸᠫᠡᠲ ᠦ᠋ᠨ ᠡᠭᠴᠡ ᠡᠮᠦᠨ᠎ᠡ ᠡᠴᠡ ᠴᠠᠪᠴᠢᠯᠠᠨ ᠢᠷᠡᠯ᠎ᠡ᠃ ᠶᠸᠸᠫᠡᠲ ᠮᠣᠷᠢᠨ ᠤ᠋ ᠠᠮᠠ ᠶ᠋ᠢ ᠬᠠᠵᠠᠭᠤ ᠳᠠᠰᠢ ᠲᠠᠲᠠᠵᠤ ᠲᠡᠭᠦᠨ ᠲᠡᠢ ᠵᠡᠷᠭᠡᠴᠡᠬᠦ ᠶ᠋ᠢᠨ ᠬᠠᠮᠲᠤ ᠲᠡᠷᠡᠬᠦ ᠮᠣᠩᠭᠣᠯ ᠬᠡᠢ ᠴᠠᠪᠴᠢᠨ ᠥᠩᠬᠥᠷᠢᠪᠡ᠃ ᠶᠸᠸᠫᠡᠲ ᠶᠡᠬᠡᠳᠡ ᠬᠦᠴᠦᠲᠡᠢ ᠴᠣᠬᠢᠭᠰᠠᠨ ᠠ᠋ᠴᠠ ᠲᠡᠷᠡᠬᠦ ᠮᠣᠩᠭᠣᠯ ᠬᠥᠮᠦᠨ ᠦ᠌ ᠪᠠᠷᠢᠭᠰᠠᠨ ᠰᠡᠯᠡᠮ᠎ᠡ ᠬᠤᠭᠤᠷᠠᠵᠠᠢ᠃ ᠶᠸᠸᠫᠡᠲ ᠬᠣᠶᠠᠷ ᠲᠠᠬᠢ ᠴᠠᠪᠴᠢᠯᠲᠠ ᠪᠠᠷ ᠢ᠋ᠶ᠋ᠠᠨ ᠲᠡᠷᠡᠬᠦ ᠮᠣᠩᠭᠣᠯ ᠤ᠋ᠨ ᠪᠥᠰᠡᠨ ᠳ᠋ᠦ᠍ ᠲᠤᠯᠲᠠᠯ᠎ᠠ ᠴᠠᠪᠴᠢᠭᠰᠠᠨ ᠲᠤᠯᠠ ᠡᠮᠡᠭᠡᠯ ᠳᠡᠭᠡᠷ᠎ᠡ ᠪᠡᠨ ᠤᠨᠠᠪᠠ᠃ ᠲᠠᠲ᠋ᠠᠷ ᠤ᠋ᠳ ᠤ᠋ᠨ ᠳᠤᠮᠳᠠ ᠮᠠᠭᠤᠬᠠᠢ ᠬᠠᠰᠬᠢᠷᠤᠯᠳᠤᠬᠤ ᠴᠢᠮᠡᠭᠡ ᠰᠣᠨᠣᠰᠳᠠᠵᠤ᠄
— ᠲᠣᠭᠣᠷᠤᠤ ᠯᠠ ᠠᠯᠠᠭᠳᠠᠪᠠ᠁ ᠲᠣᠭᠣᠷᠤᠤ ᠯᠠ ᠠᠯᠠᠭᠳᠠᠪᠠ᠁ ᠭᠡᠵᠦ ᠪᠠᠢᠪᠠ᠃
ᠶᠸᠸᠫᠡᠲ ᠳᠠᠬᠢᠨ ᠲᠡᠷᠡ ᠲᠣᠯᠣᠭᠠᠢ ᠳᠡᠭᠡᠷ᠎ᠡ ᠭᠠᠷᠪᠠ᠃ ᠲᠡᠭᠦᠨ ᠦ᠌ ᠬᠠᠮᠲᠤᠪᠠᠷ ᠮᠣᠷᠢᠲᠤ ᠴᠡᠷᠢᠭ ᠦ᠋ᠳ ᠨᠢ ᠳᠠᠭᠠᠷᠢᠨ ᠪᠦᠬᠦᠢ ᠳᠠᠶ᠋ᠢᠰᠤᠨ ᠨᠤᠭᠤᠳ ᠢ᠋ ᠴᠣᠬᠢᠭᠰᠠᠭᠠᠷ ᠳᠠᠪᠬᠢᠯᠳᠤᠨ᠎ᠠ᠃ ᠲᠡᠷᠡᠬᠦ ᠲᠣᠯᠣᠭᠠᠢ ᠳᠡᠭᠡᠷ᠎ᠡ ᠪᠠᠢᠭᠰᠠᠨ ᠲᠠᠲ᠋ᠠᠷ ᠤ᠋ᠳ ᠵᠦᠭ ᠪᠦᠬᠦᠨ ᠳ᠋ᠡᠭᠡᠨ ᠰᠠᠷᠨᠢᠨ ᠳᠠᠪᠬᠢᠯᠳᠤᠪᠠ᠃ ᠶᠸᠸᠫᠡᠲ ᠲᠡᠭᠦᠨ ᠦ᠌ ᠣᠷᠣᠢ ᠳᠡᠭᠡᠷ᠎ᠡ ᠵᠣᠭᠰᠣᠨ ᠬᠠᠷᠠᠪᠠᠰᠤ ᠲᠠᠲ᠋ᠠᠷ ᠤ᠋ᠳ ᠲᠠᠯ᠎ᠠ ᠪᠦᠬᠦᠨ ᠡᠴᠡ ᠨᠢ ᠭᠠᠷᠴᠤ ᠢᠷᠡᠪᠡ᠃ ᠣᠢ ᠳᠣᠲᠣᠷ᠎ᠠ ᠠ᠋ᠴᠠ ᠰᠢᠨ᠎ᠡ ᠰᠢᠨ᠎ᠡ ᠪᠠᠭ ᠤ᠋ᠳ ᠭᠠᠷᠴᠤ ᠢᠷᠡᠭᠡᠳ ᠲᠡᠷᠡᠬᠦ ᠡᠪᠳᠡᠷᠬᠡᠢ ᠪᠠᠯᠭᠠᠰᠤᠨ ᠳᠡᠭᠡᠷ᠎ᠡ ᠴᠤᠭᠯᠠᠷᠠᠭᠰᠠᠨ ᠴᠡᠷᠢᠭ ᠦ᠋ᠳ ᠦ᠋ᠨ ᠪᠠᠢᠭ᠎ᠠ ᠱᠣᠪᠣᠭᠣᠷ ᠲᠣᠯᠣᠭᠠᠢ ᠶ᠋ᠢ ᠪᠦᠰᠡᠯᠡᠪᠡ᠃ ᠲᠣᠭ᠎ᠠ ᠲᠣᠮᠰᠢ ᠦᠭᠡᠢ ᠣᠯᠠᠨ ᠲᠠᠲ᠋ᠠᠷ ᠣᠷᠣᠰ ᠤ᠋ᠳ ᠢ᠋ ᠪᠥᠭᠡᠮ ᠪᠥᠭᠡᠮ ᠢ᠋ᠶ᠋ᠡᠷ ᠵᠢᠭᠰᠠᠭᠠᠯ ᠢ᠋ᠶ᠋ᠠᠷ ᠳᠠᠭᠠᠷᠢᠨ ᠣᠷᠣᠵᠤ ᠪᠢᠯᠡ᠃ ᠴᠸᠷᠨᠢᠭᠤᠸ ᠤ᠋ᠨ ᠮᠣᠷᠢᠲᠤ ᠴᠡᠷᠢᠭ ᠦ᠋ᠳ ᠲᠡᠷᠡ ᠲᠤᠯᠤᠯᠳᠤᠭᠠᠨ ᠳ᠋ᠤ᠌ ᠪᠠᠭᠤᠬᠤ ᠦᠭᠡᠢ ᠴᠢᠭᠢᠷᠠᠭ ᠢ᠋ᠶ᠋ᠠᠷ ᠲᠡᠮᠡᠴᠡᠭᠰᠡᠨ ᠶᠤᠮ ᠠ᠋᠃ ᠵᠡᠪᠰᠡᠭ ᠮᠠᠭᠤᠲᠠᠢ ᠨᠠᠮ ᠨᠡᠢᠯᠡᠭᠴᠢᠳ ᠨᠢ ᠲᠡᠷᠡᠬᠦ ᠬᠡᠴᠡᠭᠦᠦ ᠲᠤᠯᠤᠯᠳᠤᠭᠠᠨ ᠳ᠋ᠤ᠌ ᠴᠥᠭᠡᠨ ᠪᠤᠰᠤ ᠲᠠᠲ᠋ᠠᠷ ᠤ᠋ᠳ ᠢ᠋ ᠡᠳᠡ ᠪᠠᠳ ᠪᠣᠯᠭᠠᠪᠠ᠃ ᠭᠡᠪᠡᠴᠦ ᠣᠷᠣᠰ ᠤ᠋ᠳ ᠤ᠋ᠨ ᠵᠢᠭᠰᠠᠭᠠᠯ ᠴᠥ᠍ ᠮᠡᠳᠡᠭᠳᠡᠬᠦ ᠪᠡᠷ ᠪᠠᠭ᠎ᠠ ᠪᠣᠯᠤᠭᠰᠠᠨ ᠠᠵᠢ᠃
ᠴᠡᠷᠢᠭ ᠦ᠋ᠳ ᠣᠯᠠᠨ ᠢ᠋ᠶ᠋ᠠᠷ ᠡᠯᠰᠡᠵᠦ ᠨᠤᠮᠤ ᠰᠤᠮᠤ ᠶ᠋ᠢᠨ ᠬᠠᠷᠪᠤᠬᠤ ᠴᠢᠮᠡᠭᠡ ᠦᠷᠭᠦᠯᠵᠢᠳᠡ ᠭᠠᠷᠤᠭᠠᠳ ᠬᠢᠲᠤᠭ᠎ᠠ ᠰᠡᠯᠡᠮ᠎ᠡ ᠪᠡᠨ ᠬᠠᠩᠭᠢᠨᠠᠭᠤᠯᠤᠨ ᠭᠣᠣᠯᠯᠠᠵᠤ ᠪᠠᠢᠭᠰᠠᠨ ᠭᠠᠵᠠᠷ ᠤ᠋ᠳ ᠲᠤᠨᠢ ᠬᠣᠶᠠᠷ ᠥᠨᠳᠥᠷ ᠴᠡᠷᠢᠭ ᠣᠨᠴᠣᠭᠣᠢᠷᠠᠨ ᠪᠠᠢᠯ᠎ᠠ᠃ ᠲᠡᠳᠡ ᠪᠣᠯ ᠴᠣᠬᠢᠯᠲᠠ ᠠ᠋ᠴᠠ ᠳᠠᠯᠳᠠᠯᠠᠬᠤ ᠶ᠋ᠢᠨ ᠲᠤᠯᠠᠳᠠ ᠭᠠᠵᠠᠷ ᠴᠥ᠍ ᠲᠡᠪᠡᠷᠢᠨ ᠬᠡᠪᠲᠡᠭᠰᠡᠨ ᠦᠭᠡᠢ᠂ ᠬᠠᠷᠪᠤᠭᠰᠠᠨ ᠰᠤᠮᠤᠨ ᠠ᠋ᠴᠠ ᠬᠠᠯᠲᠤᠷᠢᠨ ᠨᠢᠭᠤᠭᠳᠠᠵᠤ ᠴᠥ᠍ ᠪᠠᠢᠭᠰᠠᠨ ᠦᠭᠡᠢ᠃ ᠲᠡᠳᠡ ᠪᠣᠯ ᠡᠭᠴᠡ ᠰᠢᠯᠤᠭᠤᠨ ᠵᠣᠭᠰᠣᠨ ᠤᠬᠤᠷᠢᠯᠲᠠ ᠦᠭᠡᠢ ᠪᠡᠷ ᠴᠣᠬᠢᠯᠳᠤᠵᠤ ᠪᠠᠢᠪᠠ᠃
ᠲᠡᠳᠡᠨ ᠲᠡᠢ ᠨᠢᠭᠡ ᠬᠠᠮᠲᠤ ᠡᠩᠨᠡᠭᠡᠨ ᠳ᠋ᠦ᠍ ᠣᠷᠣᠰ ᠤ᠋ᠨ ᠴᠡᠷᠢᠭ ᠦ᠋ᠳ ᠲᠡᠮᠡᠴᠡᠯᠳᠦᠵᠦ ᠠᠭᠰᠠᠨ ᠲᠠᠲ᠋ᠠᠷ ᠤ᠋ᠳ ᠤ᠋ᠨ ᠮᠡᠷᠭᠡᠨ ᠰᠤᠮᠤ ᠨᠢ ᠲᠡᠳᠡᠨ ᠦ᠌ ᠪᠥᠬᠡ ᠬᠤᠶᠠᠭ ᠢ᠋ ᠳᠠᠭᠠᠭᠠᠭᠰᠠᠨ ᠦᠭᠡᠢ ᠤᠨᠠᠵᠤ ᠪᠢᠯᠡ᠃ ᠲᠠᠬᠢᠷ ᠰᠡᠯᠡᠮ᠎ᠡ ᠨᠤᠭᠦᠳ ᠲᠡᠳᠡᠨ ᠳ᠋ᠦ᠍ ᠬᠠᠪᠢᠳᠠᠵᠤ ᠪᠠᠢᠭᠰᠠᠨ ᠦᠭᠡᠢ ᠪᠢᠯᠡ᠃ ᠲᠡᠳᠡ ᠪᠣᠯ ᠡᠪᠳᠡᠷᠡᠰᠢ ᠦᠭᠡᠢ ᠬᠡᠷᠡᠮ ᠪᠣᠯᠤᠨ ᠵᠣᠭᠰᠣᠵᠤ ᠲᠠᠲ᠋ᠠᠷ ᠤ᠋ᠳ ᠤ᠋ᠨ ᠭᠠᠯᠵᠠᠭᠤ ᠳᠣᠪᠲᠣᠯᠤᠯᠲᠠ ᠨᠤᠭᠤᠳ ᠢ᠋ ᠪᠤᠲᠠ ᠴᠣᠬᠢᠵᠤ ᠪᠠᠢᠭᠰᠠᠨ ᠪᠢᠯᠡ᠃ ᠠᠶᠤᠮᠰᠢᠭᠲᠤ ᠠᠪᠢᠶ᠎ᠠ ᠨᠤᠭᠤᠳ ᠤ᠋ᠨ ᠳᠤᠮᠳᠠᠭᠤᠷ ᠲᠠᠲ᠋ᠠᠷ ᠤ᠋ᠳ ᠤ᠋ᠨ ᠵᠡᠷᠯᠢᠭ ᠢ᠋ᠶ᠋ᠡᠷ ᠪᠠᠷᠬᠢᠷᠠᠬᠤ᠂ ᠣᠷᠣᠰ ᠤ᠋ᠳ ᠬᠠᠰᠬᠢᠷᠬᠤ ᠂ ᠮᠣᠷᠢᠳ ᠤ᠋ᠨ ᠢᠨᠴᠠᠭᠠᠬᠤ᠂ ᠲᠠᠯ᠎ᠠ ᠪᠠᠷ ᠬᠠᠩᠭᠢᠨᠠᠬᠤ ᠰᠢᠷᠬᠠᠳᠤᠭᠴᠢᠳ ᠤ᠋ᠨ ᠶᠣᠢᠯᠠᠬᠤ ᠨᠢ ᠲᠣᠳᠣ ᠳᠠᠭᠤ ᠪᠠᠷ ᠰᠣᠨᠣᠰᠳᠠᠨ᠎ᠠ᠃
— ᠶᠸᠸᠫᠡᠲ ᠦ᠋ᠨ ᠨᠥᠬᠥᠳ᠂ ᠣᠷᠣᠭᠰᠢ ᠲᠠᠪᠰᠢᠭᠲᠤᠨ᠂ ᠲᠡᠳᠡᠨ ᠦ᠌ ᠭᠠᠯᠵᠠᠭᠤᠷᠠᠭᠴᠢᠳ ᠢ᠋ ᠰᠥᠨᠥᠭᠡᠭᠲᠦᠨ᠃ ᠡᠭᠦᠨ ᠦ᠌ ᠬᠠᠷᠢᠭᠤ ᠳ᠋ᠤ᠌᠂
— ᠪᠤᠤ ᠠᠶᠤ᠂ ᠡᠴᠢᠭᠡ ᠷᠠᠲ᠋ᠢᠪᠤᠷ ᠪᠠᠢᠵᠤ ᠪᠠᠢᠨ᠎ᠠ᠃ ᠬᠢᠴᠢᠶᠡᠵᠦ ᠲᠤᠯᠤᠯᠳᠤᠶ᠎ᠠ ᠭᠡᠬᠦ ᠳᠠᠭᠤᠨ ᠰᠣᠨᠣᠰᠳᠠᠨ᠎ᠠ᠃ ᠭᠢᠯᠠᠯᠵᠠᠭᠰᠠᠨ ᠡᠭᠴᠡ ᠰᠡᠯᠡᠮ᠎ᠡ ᠷᠠᠲ᠋ᠢᠪᠤᠷ ᠤ᠋ᠨ ᠭᠠᠷ ᠲᠸ᠋ ᠢᠰᠬᠡᠷᠦᠯᠳᠦᠨᠡ᠃ ᠳᠡᠷᠭᠡᠳᠡ ᠨᠢ ᠷᠠᠲ᠋ᠢᠪᠤᠷ ᠥᠪᠡᠷ ᠦ᠋ᠨ ᠠᠶᠤᠮᠰᠢᠭᠲᠤ ᠪᠣᠷᠣᠣᠬᠠᠢ ᠪᠠᠷ ᠬᠠᠯᠳᠠᠨ ᠢᠷᠡᠭᠰᠡᠨ ᠲᠠᠲ᠋ᠠᠷ ᠤ᠋ᠳ ᠢ᠋ ᠰᠥᠨᠥᠭᠡᠨ᠎ᠡ᠃ ᠬᠠᠭᠠᠳ ᠤ᠋ᠳ ᠰᠢᠯᠢᠳᠡᠭ ᠰᠠᠢᠨ ᠮᠣᠷᠢᠨ ᠴᠡᠷᠢᠭ ᠦ᠋ᠳ ᠢ᠋ᠶ᠋ᠡᠨ ᠡᠨᠳᠡ ᠢᠷᠡᠭᠦᠯᠦᠭᠰᠡᠨ ᠪᠣᠯᠪᠠᠴᠤ ᠮᠣᠷᠢᠳ ᠨᠢ ᠦᠷᠭᠦᠨ ᠴᠣᠪᠬᠣᠷᠴᠤ ᠬᠠᠵᠠᠭᠤ ᠲᠡᠰᠢ ᠳᠠᠪᠬᠢᠨ᠎ᠠ᠃ ᠵᠠᠷᠢᠮ ᠨᠢ ᠪᠠᠭᠠᠲᠤᠷ ᠤ᠋ᠨ ᠴᠣᠬᠢᠯᠲᠠ ᠳ᠋ᠤ᠌ ᠵᠠᠢᠯᠠᠵᠤ ᠬᠠᠯᠬᠠᠪᠴᠢ ᠶ᠋ᠢᠨ ᠬᠠᠮᠲᠤ ᠤᠨᠠᠨ᠎ᠠ᠃
ᠶᠸᠸᠫᠡᠲ ᠦ᠋ᠨ ᠰᠡᠯᠡᠮ᠎ᠡ ᠡᠴᠡ ᠠᠮᠵᠢᠵᠤ ᠡᠷᠭᠢᠭᠰᠡᠨ ᠢ᠋ ᠷᠠᠲ᠋ᠢᠪᠤᠷ ᠤ᠋ᠨ ᠪᠣᠷᠣᠣᠬᠠᠢ ᠦᠯᠦ ᠭᠠᠷᠭᠠᠨ᠎ᠠ᠃ ᠲᠣᠮᠣ ᠭᠢᠯᠠᠯᠵᠠᠭᠰᠠᠨ ᠲᠡᠮᠦᠷ ᠮᠠᠯᠠᠭᠠᠢ ᠤᠷᠲᠤ ᠪᠤᠭᠤᠷᠤᠯ ᠦᠰᠦᠨ ᠳᠡᠭᠡᠷ᠎ᠡ ᠲᠠᠯᠪᠢᠵᠤ ᠭᠠᠯ ᠲᠦᠯᠡᠯᠵᠡᠬᠦ (ᠳᠦᠷᠡᠯᠵᠡᠬᠦ) ᠮᠡᠲᠦ ᠤᠯᠠᠭ᠎ᠠ ᠪᠤᠲᠠᠷᠠᠭᠰᠠᠨ ᠨᠢᠭᠤᠷ ᠲᠤᠨᠢ ᠲᠤᠩᠭᠠᠯᠠᠭ ᠬᠠᠷ᠎ᠠ ᠨᠢᠳᠦ ᠭᠢᠯᠠᠯᠵᠠᠵᠤ ᠭᠠᠷ ᠲᠠᠭᠠᠨ ᠬᠦᠨᠳᠦ ᠪᠣᠷᠣᠣᠬᠠᠢ ᠪᠠᠷᠢᠭᠰᠠᠨ ᠷᠠᠲ᠋ᠢᠪᠤᠷ ᠬᠠᠯᠳᠠᠨ ᠳᠣᠪᠲᠣᠯᠤᠭᠴᠢᠳ ᠢ᠋ ᠬᠢᠳᠤᠵᠤ ᠪᠠᠢᠪᠠ᠃ ᠲᠡᠷᠡᠴᠢᠯᠡᠨ ᠶᠸᠸᠫᠠᠲ ᠮᠥᠨ ᠥᠪᠡᠷ ᠢ᠋ᠶ᠋ᠡᠨ ᠡᠷᠡᠯᠬᠡᠭ ᠰᠢᠢᠳᠪᠦᠷᠢᠲᠡᠢ ᠲᠤᠯᠤᠯᠳᠤᠵᠤ ᠪᠠᠢᠯ᠎ᠠ᠃
ᠲᠠᠲ᠋ᠠᠷ ᠤ᠋ᠳ ᠠᠶᠤᠵᠤ ᠤᠬᠤᠷᠢᠪᠠ᠃
ᠲᠡᠷᠲᠡᠭᠡ ᠲᠠᠯ᠎ᠠ ᠳ᠋ᠤ᠌ ᠬᠠᠢᠷᠠᠲᠠᠢ ᠴᠣᠬᠣᠷ ᠠᠵᠢᠷᠭ᠎ᠠ ᠪᠠᠨ ᠤᠨᠤᠵᠤ ᠣᠯᠠᠨ ᠪᠠᠭᠠᠲᠤᠷ ᠤ᠋ᠳ ᠢ᠋ᠶ᠋ᠠᠷ ᠬᠦᠷᠢᠶᠡᠯᠡᠭᠦᠯᠦᠨ ᠪᠠᠲᠤ ᠬᠠᠭᠠᠨ ᠲᠤᠯᠤᠯᠳᠤᠭᠠᠨ ᠢ᠋ ᠠᠵᠢᠭᠯᠠᠵᠤ ᠪᠠᠢᠭᠰᠠᠨ ᠢ᠋ᠶ᠋ᠠᠨ ᠭᠠᠷ ᠢ᠋ᠶ᠋ᠠᠨ ᠳᠠᠯᠠᠯᠵᠤ ᠰᠥᠪᠡᠭᠡᠲᠡᠢ ᠪᠠᠭᠠᠲᠤᠷ ᠢ᠋ ᠳᠠᠭᠤᠳᠠᠵᠤ᠂
— ᠨᠠᠳᠠᠳᠤ ᠲᠡᠷᠡ ᠬᠣᠶᠠᠷ ᠣᠷᠣᠰ ᠢ᠋ ᠠᠮᠢᠳᠤ ᠪᠠᠷ ᠪᠠᠷᠢᠵᠤ ᠠᠪᠴᠢᠷᠠᠬᠤ ᠶ᠋ᠢ ᠬᠦᠰᠡᠵᠦ ᠪᠠᠢᠨ᠎ᠠ ᠭᠡᠪᠡ᠃
ᠰᠥᠪᠡᠭᠡᠲᠡᠢ ᠰᠢᠯᠢᠳᠡᠭ ᠵᠠᠭᠤᠲᠤ ᠪᠠᠨ ᠶᠠᠪᠤᠭᠤᠯᠤᠭᠠᠳ ᠪᠠᠰᠠ ᠲᠡᠭᠦᠨ ᠦ᠌ ᠬᠣᠢᠨ᠎ᠠ ᠠ᠋ᠴᠠ ᠬᠣᠶᠠᠷ ᠳᠠᠬᠢ ᠶ᠋ᠢ ᠶᠠᠪᠤᠭᠤᠯᠪᠠᠴᠤ ᠪᠠᠢᠯᠳᠤᠭᠴᠢᠳ ᠡᠷᠭᠢᠵᠦ ᠢᠷᠡᠭᠡ ᠦᠭᠡᠢ ᠪᠠ ᠣᠷᠣᠰ ᠤ᠋ᠳ ᠲᠤᠯᠤᠯᠳᠤᠭᠰᠠᠭᠠᠷ ᠪᠠᠢᠯ᠎ᠠ᠃ ᠭᠡᠲᠡᠯ᠎ᠡ ᠨᠢᠭᠡ ᠰᠢᠷᠬ᠎ᠠ ᠲᠠᠢ ᠴᠡᠷᠢᠭ ᠮᠣᠷᠢᠨ ᠤ᠋ ᠬᠤᠷᠳᠤᠨ ᠢ᠋ᠶ᠋ᠠᠷ ᠳᠠᠪᠬᠢᠨ ᠲᠡᠷᠡ ᠪᠠᠲᠤ ᠬᠠᠭᠠᠨ ᠤ᠋ ᠬᠥᠯ ᠦ᠋ᠨ ᠳᠡᠷᠭᠡᠳᠡ ᠤᠨᠠᠵᠤ ᠥᠭᠦᠯᠡᠬᠦ ᠨᠢ᠄
— ᠵᠠᠩᠵᠤᠨ ᠠ᠋᠂ ᠲᠡᠳᠡᠨᠡᠷ ᠢ᠋ ᠪᠠᠷᠢᠵᠤ ᠦᠯᠦ ᠪᠣᠯᠤᠨ᠎ᠠ᠃ ᠲᠡᠳᠡᠨᠡᠷ ᠴᠢᠨᠢ ᠯᠠᠪ ᠣᠷᠣᠰ ᠤ᠋ᠳ ᠤ᠋ᠨ ᠰᠦᠯᠳᠡ ᠨᠢ ᠮᠥᠨ ᠪᠠᠢᠬ᠎ᠠ ᠭᠡᠪᠡ᠃ ᠰᠢᠷᠬ᠎ᠠ ᠲᠠᠢ ᠬᠥᠮᠦᠨ ᠰᠡᠭᠦᠯᠴᠢ ᠶ᠋ᠢᠨ ᠦᠭᠡ ᠪᠡᠨ ᠰᠢᠪᠡᠭᠡᠨᠡᠵᠦ ᠬᠡᠯᠡᠭᠡᠳ ᠰᠤᠯᠠᠷᠠᠨ ᠤᠨᠠᠵᠤ ᠠᠮᠢᠰᠬᠤᠭ᠎ᠠ ᠪᠠᠨ ᠲᠠᠲᠠᠪᠠ ᠃
ᠪᠠᠲᠤ ᠬᠠᠭᠠᠨ ᠪᠤᠷᠤᠭᠤ ᠬᠠᠷᠠᠭᠠᠳ ᠨᠢᠭᠤᠷ ᠨᠢ ᠬᠣᠪᠢᠰᠬᠢᠪᠡ᠃
— ᠶᠠᠭᠤᠨ ᠳ᠋ᠤ᠌ ᠮᠢᠨᠦ ᠪᠥᠬᠡ ᠨᠠᠷ ᠤᠨᠲᠠᠵᠤ ᠪᠠᠢᠨ᠎ᠠ ᠪᠣᠢ? ᠭᠡᠵᠦ ᠠᠭᠤᠷᠰᠠᠨ᠎ᠠ᠃
ᠪᠥᠬᠡ ᠨᠠᠷ ᠭᠦᠶᠦᠨ ᠢᠷᠡᠭᠡᠳ ᠣᠷᠢᠯᠠᠨ ᠬᠡᠩᠭᠡᠷᠭᠡ ᠳᠡᠯᠡᠳᠦᠨ ᠳᠡᠪᠬᠡᠴᠡᠵᠦ ᠪᠠᠢᠪᠠ᠃ ᠪᠦᠬᠦᠨ ᠢ᠋ ᠴᠢᠳᠠᠭᠴᠢ ᠮᠣᠩᠭᠣᠯ ᠤ᠋ᠨ ᠰᠦᠯᠳᠡ ᠡᠴᠡ ᠣᠷᠣᠰ ᠤ᠋ᠨ ᠲᠩᠷᠢ ᠶ᠋ᠢ ᠢᠯᠠᠬᠤ ᠶ᠋ᠢ ᠭᠤᠶᠤᠵᠤ ᠶᠠᠩᠵᠤ ᠪᠦᠷᠢ ᠶ᠋ᠢᠨ ᠬᠣᠭᠣᠯᠠᠢ ᠪᠠᠷ ᠲᠡᠭᠷᠢ ᠨᠠᠷ ᠢ᠋ᠶ᠋ᠠᠨ ᠤᠷᠢᠨ ᠳᠠᠭᠤᠳᠠᠵᠤ ᠢᠪᠡᠭᠡᠨ ᠲᠡᠳᠬᠦᠬᠦ ᠶ᠋ᠢ ᠭᠤᠶᠤᠵᠤ ᠬᠠᠷ᠎ᠠ ᠮᠣᠷᠢ ᠪᠣᠯᠤᠨ ᠶᠡᠷᠡᠨ ᠶᠢᠰᠦᠨ ᠣᠯᠵᠠᠯᠠᠭᠳᠠᠭᠰᠠᠨ ᠵᠠᠯᠠᠭᠤ ᠪᠠᠷ ᠪᠤᠶᠠᠨ ᠠᠮᠠᠯᠠᠨ᠎ᠠ᠃
ᠭᠡᠲᠡᠯ᠎ᠡ ᠪᠤᠷᠬᠠᠨ ᠰᠦᠯᠳᠡ ᠬᠢᠯᠢᠩᠨᠡᠵᠦ ᠭᠦᠨ ᠴᠠᠰᠤ ᠢᠷᠣᠭᠠᠷ ᠦᠭᠡᠢ ᠨᠠᠮᠤᠭ ᠲᠤ᠌ ᠣᠷᠣᠬᠤ ᠠ᠋ᠴᠠ ᠠᠪᠤᠷᠠᠭᠰᠠᠨ ᠦᠭᠡᠢ᠂ ᠰᠢᠭᠤᠷᠭ᠎ᠠ ᠰᠢᠭᠤᠷᠴᠤ ᠵᠢᠪᠠᠷ ᠵᠢᠩᠨᠡᠭᠰᠡᠨ ᠣᠷᠣᠰ ᠤ᠋ᠳ ᠤ᠋ᠨ ᠳᠣᠭᠰᠢᠨ ᠭᠠᠵᠠᠷ ᠪᠥᠬᠡ ᠨᠠᠷ ᠲᠤ᠌ ᠲᠣᠬᠢᠷᠠᠭᠰᠠᠨ ᠦᠭᠡᠢ᠃ ᠡᠳᠡ ᠨᠠᠷ ᠮᠣᠩᠭᠣᠯ ᠤ᠋ᠨ ᠴᠢᠯᠥᠭᠡᠲᠡᠢ ᠲᠠᠯ᠎ᠠ ᠳ᠋ᠠᠭᠠᠨ ᠬᠣᠴᠣᠷᠤᠭᠰᠠᠨ ᠠᠪᠤᠷᠠᠯᠲᠠᠢ ᠪᠤᠷᠬᠠᠨ ᠳ᠋ᠠᠭᠠᠨ ᠣᠴᠢᠬᠤ ᠶ᠋ᠢ ᠬᠦᠰᠡᠵᠡᠭᠡᠨᠡ᠃
ᠴᠡᠷᠢᠭ ᠦ᠋ᠳ ᠣᠷᠣᠰ ᠤ᠋ᠨ ᠠᠶᠤᠮᠰᠢᠭᠲᠤ ᠪᠠᠭᠠᠲᠤᠷ ᠤ᠋ᠳ ᠢ᠋ ᠲᠣᠭᠣᠷᠢᠨ ᠤᠨᠠᠭᠰᠠᠭᠠᠷ ᠪᠠᠢᠯ᠎ᠠ᠃ ᠲᠤᠯᠤᠯᠳᠤᠭᠠᠨ ᠤᠳᠠᠭᠠᠨ ᠤᠳᠠᠲᠠᠯ᠎ᠠ ᠦᠷᠭᠦᠯᠵᠢᠯᠡᠪᠡ᠃ ᠭᠡᠪᠡᠴᠦ ᠷᠠᠲ᠋ᠢᠪᠤᠷ᠂ ᠶᠸᠸᠫᠠᠲ ᠨᠠᠷ ᠶᠠᠳᠠᠷᠠᠭᠰᠠᠨ ᠰᠢᠨᠵᠢ ᠦᠭᠡᠢ᠂ ᠲᠡᠭᠦᠨ ᠦ᠌ ᠵᠢᠳᠠ ᠪᠠ ᠪᠣᠷᠣᠣᠬᠠᠢ ᠨᠢ ᠡᠬᠢᠨ ᠦ᠌ ᠠᠳᠠᠯᠢ ᠬᠦᠴᠦᠲᠡᠢ ᠬᠡᠪ ᠢ᠋ᠶ᠋ᠡᠷ ᠦᠰᠦᠷᠦᠨ ᠪᠠᠭᠤᠭᠰᠠᠭᠠᠷ ᠪᠠᠢᠯ᠎ᠠ᠃ ᠷᠠᠲ᠋ᠢᠪᠤᠷ ᠤ᠋ᠨ ᠤᠷᠢᠶᠠᠯᠠᠬᠤ ᠨᠢ ᠴᠢᠩᠭ᠎ᠠ ᠬᠡᠪ ᠢ᠋ᠶ᠋ᠡᠷ ᠳᠠᠭᠤᠷᠢᠰᠤᠭᠳᠠᠬᠤ ᠪᠠ ᠮᠥᠨ ᠶᠸᠸᠫᠠᠲ ᠴᠤ᠌ ᠤᠷᠢᠳᠤ ᠶ᠋ᠢᠨ ᠠᠳᠠᠯᠢ ᠳᠦᠭᠦᠷᠡᠩ ᠬᠠᠷᠢᠭᠤᠯᠵᠤ ᠪᠠᠢᠪᠠ᠃ᠣᠷᠣᠰ ᠤ᠋ᠨ ᠪᠠᠢᠯᠳᠤᠭᠴᠢᠳ ᠶᠠᠳᠠᠷᠠᠬᠤ ᠪᠠᠨ ᠮᠠᠷᠲᠠᠵᠤ ᠡᠩᠨᠡᠭᠡ ᠪᠡᠨ ᠵᠡᠷᠭᠡᠴᠡᠭᠦᠯᠦᠨ ᠦᠷᠭᠦᠯᠵᠢᠯᠡᠭᠦᠯᠵᠦ ᠪᠠᠢᠯᠳᠤᠨ᠎ᠠ᠃ ᠲᠡᠳᠡᠨᠡᠷ
— ᠣᠷᠣᠭᠰᠢ ᠪᠠᠨ! ᠴᠸᠷᠨᠢᠭᠤᠸᠴᠤᠳ ᠷᠶᠠᠽᠠᠨ ᠢ᠋ ᠬᠠᠮᠠᠭᠠᠯᠠᠭᠲᠤᠨ᠁ ᠲᠠᠲ᠋ᠠᠷ ᠤ᠋ᠳ ᠢ᠋ ᠳᠠᠭᠠᠷᠢᠨ ᠣᠷᠣᠨ᠎ᠠ᠂ ᠣᠷᠣᠰ ᠤ᠋ᠨ ᠡᠷᠬᠡ ᠴᠢᠯᠥᠭᠡ ᠶ᠋ᠢᠨ ᠲᠥᠯᠥᠭᠡ! ᠭᠡᠵᠦ ᠬᠠᠰᠬᠢᠷᠤᠯᠳᠤᠨ ᠪᠡᠶ᠎ᠡ ᠪᠡᠶ᠎ᠡ ᠡᠴᠡ ᠪᠡᠨ ᠵᠣᠷᠢᠬᠵᠢᠭᠤᠯᠤᠨ᠎ᠠ᠃
ᠪᠠᠲᠤ ᠶᠡᠬᠡ ᠯᠡ ᠠᠩᠬᠠᠷᠤᠯᠲᠠᠢ ᠪᠠᠷ ᠪᠠᠢᠯᠳᠤᠭᠠᠨ ᠢ᠋ ᠰᠢᠷᠳᠡᠨ᠎ᠡ᠃ ᠡᠭᠦᠨ ᠢ᠋ ᠬᠠᠷᠠᠭᠰᠠᠭᠠᠷ ᠪᠠᠢᠲᠠᠯ᠎ᠠ ᠭᠤᠷᠪᠠᠳᠤᠭᠠᠷ ᠵᠠᠭᠤᠲᠤ ᠨᠢ ᠠᠶᠤᠮᠰᠢᠭᠲᠤ ᠣᠷᠣᠰ ᠤ᠋ᠳ ᠤ᠋ᠨ ᠳᠣᠣᠷ᠎ᠠ ᠣᠷᠣᠪᠠ᠃
— ᠪᠢ ᠥᠪᠡᠷ ᠦ᠋ᠨ ᠰᠢᠯᠢᠳᠡᠭ ᠰᠣᠩᠭᠣᠳᠠᠭ ᠳᠠᠢᠴᠢᠳ ᠢ᠋ᠶ᠋ᠠᠨ ᠠᠯᠳᠠᠯ᠎ᠠ ᠭᠡᠨ᠎ᠡ᠃ ᠵᠠᠩᠵᠤᠨ ᠤ᠋ ᠳᠡᠷᠭᠡᠳᠡ ᠰᠢᠬᠠᠯᠳᠤᠨ ᠪᠠᠢᠭ᠎ᠠ ᠨᠣᠶᠠᠳ ᠤᠬᠤᠷᠢᠵᠠᠭᠠᠪᠠ᠃
— ᠸᠠᠢ — ᠳ᠋ᠤᠲ ᠭᠡᠵᠦ ᠪᠠᠷᠬᠢᠷᠠᠵᠠᠭᠠᠬᠤ ᠡᠳᠡ ᠨᠠᠷ ᠢ᠋ ᠬᠡᠷᠬᠢᠬᠦ ᠪᠢᠯᠡ? ᠡᠨᠡ ᠬᠥᠮᠦᠨ ᠪᠢᠰᠢ᠃
ᠪᠠᠲᠤ ᠬᠠᠭᠠᠨ᠂
—ᠪᠠᠲᠤ ᠪᠡᠬᠢ ᠴᠢᠯᠠᠭᠤ ᠪᠠᠢᠯᠭᠦᠢ᠃
ᠪᠠᠲᠤ ᠬᠠᠭᠠᠨ ᠬᠠᠴᠠᠷ ᠶᠤᠭᠠᠨ ᠠᠯᠠᠭᠠᠳᠠᠨ᠂
— ᠰᠦᠪᠡᠭᠡᠳᠡᠢ᠂ ᠰᠦᠪᠡᠭᠡᠳᠡᠢ ᠭᠡᠵᠦ ᠴᠢᠷᠠᠯᠠᠨᠠ᠃ ᠲᠡᠭᠡᠭᠡᠳ ᠲᠡᠷᠡ ᠳᠠᠪᠬᠢᠨ ᠢᠷᠡᠭᠰᠡᠨ ᠲᠡᠷᠡ ᠬᠥᠭᠰᠢᠨ ᠵᠠᠩᠵᠤᠨ ᠳ᠋ᠤ᠌ ᠶᠠᠮᠠᠷ ᠨᠢᠭᠡ ᠲᠤᠰᠢᠶᠠᠯ ᠥᠭᠪᠡ᠃ ᠴᠡᠷᠢᠭ ᠦ᠋ᠳ ᠭᠦᠶᠦᠯᠳᠦᠨ᠎ᠡ᠃ ᠮᠣᠷᠢᠨ ᠲᠤᠭᠤᠷᠠᠢ ᠶ᠋ᠢᠨ ᠴᠢᠮᠡᠭᠡ ᠬᠢᠬᠤᠨᠠᠵᠤ ᠲᠠᠴᠢᠭᠢᠨᠠᠬᠤ ᠰᠦᠷᠡᠬᠡᠢ ᠳᠠᠭᠤ ᠭᠠᠷᠤᠨ᠎ᠠ᠃ ᠳᠠᠬᠢᠨ ᠲᠠᠲ᠋ᠠᠷ ᠤ᠋ᠳ ᠤ᠋ᠨ ᠪᠠᠷᠬᠢᠷᠠᠬᠤ ᠴᠢᠷᠠᠯᠠᠬᠤ ᠴᠢᠮᠡᠭᠡ ᠰᠣᠨᠣᠰᠳᠠᠪᠠ᠃
ᠵᠡᠰ ᠪᠠᠮᠪᠠᠢ ᠶ᠋ᠢ ᠴᠣᠬᠢᠭᠰᠠᠨ ᠤ᠋ ᠡᠷᠡᠰ ᠳᠠᠭᠤᠨ᠂ ᠣᠷᠣᠰ ᠤ᠋ᠳ ᠲᠠᠢ ᠲᠤᠯᠤᠯᠳᠤᠵᠤ ᠪᠠᠢᠭᠰᠠᠨ ᠲᠠᠲ᠋ᠠᠷ ᠤ᠋ᠳ ᠢ᠋ ᠳᠣᠪᠣ ᠶ᠋ᠢᠨ ᠲᠡᠨᠳᠡ ᠡᠴᠡ ᠬᠣᠢᠰᠢ ᠳᠠᠭᠤᠳᠠᠪᠠ᠃
ᠶᠸᠸᠫᠡᠲ ᠲᠠᠲ᠋ᠠᠷ ᠤ᠋ᠳ ᠤ᠋ᠨ ᠤᠬᠤᠷᠢᠬᠤ ᠶ᠋ᠢ ᠦᠵᠡᠭᠡᠳ ᠰᠡᠯᠡᠮ᠎ᠡ ᠪᠡᠨ ᠥᠨᠳᠥᠷ ᠳᠠᠯᠠᠢᠵᠤ᠂
— ᠤᠷᠤᠭᠰᠢ ᠪᠠᠨ ᠣᠷᠣᠰ ᠤ᠋ᠨ ᠲᠥᠯᠥᠭᠡ ᠭᠡᠵᠦ ᠪᠠᠷᠬᠢᠷᠠᠨ᠎ᠠ᠃ ᠭᠡᠲᠡᠯ᠎ᠡ ᠠᠶᠤᠮᠰᠢᠭᠲᠠᠢ ᠴᠣᠬᠢᠯᠲᠠ ᠴᠡᠭᠡᠵᠢᠨ ᠳ᠋ᠦ᠍ᠨᠢ ᠲᠣᠰᠴᠤ ᠬᠦᠴᠦᠲᠦ ᠳᠠᠭᠤᠨ ᠢ᠋ ᠨᠢ ᠲᠠᠰᠤᠯᠪᠠ᠃ ᠲᠡᠷᠡ ᠴᠢᠰᠤ ᠪᠠᠨ ᠠᠰᠬᠠᠷᠠᠭᠤᠯᠤᠨ ᠤᠨᠠᠪᠠ᠃ ᠠᠶᠤᠯᠲᠠᠢ ᠲᠣᠮᠣ ᠴᠢᠯᠠᠭᠤ ᠮᠠᠰᠢ ᠬᠦᠴᠦᠲᠡᠢ ᠪᠡᠷ ᠨᠢᠰᠦᠨ ᠢᠷᠡᠵᠦ ᠵᠠᠮ ᠳ᠋ᠠᠭᠠᠨ ᠲᠣᠬᠢᠶᠠᠯᠳᠤᠭᠰᠠᠨ ᠢ᠋ᠶ᠋ᠠᠨ ᠬᠡᠮᠬᠡ ᠴᠣᠬᠢᠯᠠᠵᠤ ᠳᠣᠪᠣᠨ ᠳᠡᠭᠡᠷ᠎ᠡ ᠰᠢᠪᠠᠯᠳᠤᠨ ᠪᠠᠢᠭᠰᠠᠨ ᠣᠷᠣᠰ ᠤ᠋ᠳ ᠤ᠋ᠨ ᠳᠤᠮᠳᠠ ᠤᠨᠠᠪᠠ᠃ ᠡᠨᠡ ᠨᠢ ᠬᠢᠲᠠᠳ ᠤ᠋ᠨ ᠴᠢᠯᠠᠭᠤ ᠰᠢᠳᠡᠭᠴᠢ ᠴᠢᠳᠥᠷ ᠣᠨᠢᠰᠣ ᠶ᠋ᠢ ᠲᠠᠲ᠋ᠠᠷ ᠤ᠋ᠳ ᠬᠡᠷᠡᠭᠯᠡᠬᠦ ᠪᠡᠷ ᠠᠪᠴᠢᠷᠠᠭᠰᠠᠨ ᠠᠵᠢ᠃ ᠷᠠᠲ᠋ᠢᠪᠤᠷ ᠴᠢᠨᠣ᠎ᠠ ᠮᠡᠲᠦ ᠮᠠᠭᠤᠬᠠᠢ ᠬᠠᠰᠬᠢᠷᠤᠨ ᠪᠣᠷᠣᠣᠬᠠᠢ ᠪᠠᠨ ᠪᠠᠭᠤᠯᠭᠠᠵᠤ ᠬᠠᠢᠷᠠᠲᠤ ᠨᠥᠬᠥᠷ ᠳᠡᠭᠡᠷ᠎ᠡ ᠪᠡᠨ ᠣᠴᠢᠵᠤ ᠭᠠᠰᠠᠯᠠᠩᠲᠤ ᠪᠠᠢᠳᠠᠯ ᠢ᠋ᠶ᠋ᠠᠷ᠂
— ᠴᠢ ᠮᠢᠨᠢ ᠠᠮᠢᠳᠤ ᠤᠤ? ᠶᠸᠸᠫᠡᠲ ᠮᠢᠨᠢ ᠬᠠᠷᠠᠭᠠᠴᠢ ᠭᠡᠳ ᠲᠡᠭᠦᠨ ᠦ᠌ ᠴᠢᠬᠢᠨ ᠳ᠋ᠦ᠍ ᠠᠶᠠᠲᠠᠢ ᠣᠢᠷᠠᠲᠤᠨ᠎ᠠ᠃
ᠥᠩᠭᠡᠷᠡᠵᠡᠢ᠂ ᠲᠡᠷᠡ ᠬᠣᠶᠠᠭᠤᠯᠠ ᠪᠠᠨ ᠣᠷᠣᠰ ᠤ᠋ᠨ ᠲᠥᠷᠥᠯᠬᠢ ᠨᠤᠲᠤᠭ ᠤ᠋ᠨ ᠲᠥᠯᠥᠭᠡ ᠬᠠᠮᠲᠤ ᠪᠠᠢᠯᠳᠤᠵᠤ ᠴᠢᠳᠠᠬᠤ ᠦᠭᠡᠢ ᠪᠣᠯᠵᠠᠢ᠃ ᠲᠡᠷᠡ ᠲᠣᠯᠣᠭᠠᠢ ᠪᠠᠨ ᠡᠷᠭᠦᠵᠦ ᠬᠠᠷᠠᠪᠠᠯ ᠵᠦᠭ ᠪᠦᠬᠦᠨ ᠡᠴᠡ ᠠᠶᠤᠮᠰᠢᠭᠲᠤ ᠴᠢᠯᠠᠭᠤᠨ ᠢᠰᠬᠡᠷᠦᠨ ᠨᠢᠰᠴᠦ ᠢᠷᠡᠭᠡᠳ ᠣᠷᠣᠰ ᠤ᠋ᠨ ᠵᠣᠷᠢᠭᠲᠠᠨ ᠨᠤᠭᠤᠳ ᠢ᠋ ᠰᠥᠨᠥᠭᠡᠵᠦ ᠪᠠᠢᠪᠠ᠃
ᠷᠠᠲ᠋ᠢᠪᠤᠷ ᠨᠠᠰᠤ ᠪᠠᠷᠠᠭᠰᠠᠨ ᠨᠥᠬᠥᠷ ᠲᠡᠭᠡᠨ ᠮᠡᠬᠦᠢᠰᠬᠢᠨ ᠶᠣᠰᠣᠯᠠᠭᠠᠳ ᠲᠣᠮᠣ ᠪᠡᠶ᠎ᠡ ᠪᠡᠷ ᠢ᠋ᠶ᠋ᠡᠨ ᠡᠭᠴᠡᠯᠡᠨ ᠪᠣᠰᠴᠤ ᠵᠡᠪᠰᠡᠭ ᠦᠭᠡᠢ ᠲᠡᠭᠦᠨ ᠦ᠌ ᠲᠣᠮᠣ ᠪᠥᠭᠡᠳ ᠠᠶᠤᠮᠰᠢᠭᠲᠠᠢ ᠴᠡᠭᠡᠵᠢ ᠨᠢ ᠰᠠᠯᠬᠢᠨ ᠮᠡᠲᠦ ᠠᠮᠢᠰᠬᠤᠯᠯᠠᠵᠤ ᠨᠢᠳᠦ ᠨᠢ ᠴᠣᠭ ᠮᠡᠲᠦ ᠪᠣᠯᠵᠤ ᠦᠯᠦ ᠵᠠᠢᠯᠠᠬᠤ ᠦᠬᠦᠯ ᠦ᠋ᠨ ᠵᠦᠭ ᠶᠠᠪᠤᠪᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ 3᠂ ᠭᠡᠷᠡᠯ 1᠂ ᠳ᠂ ᠣᠶᠤᠨᠪᠢᠯᠢᠭ᠌ 1᠂ ᠮᠡᠷᠭᠡᠨᠭᠣᠸ᠎ᠠ 1᠂ ᠬᠦᠦᠳᠠᠭᠠᠭᠤᠯ 1
ᠬᠢᠨᠠᠭᠴᠢ᠄ ᠪᠠᠯ 1
ᠶᠡᠷᠦᠩᠬᠡᠢ ᠬᠢᠨᠠᠭᠴᠢ᠄ ᠠᠯᠲᠠᠨᠴᠢᠮᠡᠭ 8᠂ ᠠᠷᠢᠭᠤᠨ 8
