ᠪᠠᠲᠤ ᠬᠠᠭᠠᠨ 7-06 ᠰᠥᠨᠢ ᠶ᠋ᠢᠨ ᠲᠤᠯᠤᠯᠳᠤᠭᠠᠨ-ᠲᠣᠭᠰᠢᠨ ᠶᠸᠸᠫᠡᠲBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 7-06 ᠰᠥᠨᠢ ᠶ᠋ᠢᠨ ᠲᠤᠯᠤᠯᠳᠤᠭᠠᠨ-ᠲᠣᠭᠰᠢᠨ ᠶᠸᠸᠫᠡᠲBat khaan Бат хаан-ᠷᠣᠮᠠᠨ

ᠪᠠᠲᠤ ᠬᠠᠭᠠᠨ 7-06 ᠰᠥᠨᠢ ᠶ᠋ᠢᠨ ᠲᠤᠯᠤᠯᠳᠤᠭᠠᠨ-ᠲᠣᠭᠰᠢᠨ ᠶᠸᠸᠫᠡᠲBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-22

218

ᠵᠢᠷᠭᠤᠭ᠎ᠠ᠂ ᠰᠥᠨᠢ ᠶ᠋ᠢᠨ ᠲᠤᠯᠤᠯᠳᠤᠭᠠᠨ


᠁ ᠮᠠᠨ ᠤ᠋ ᠬᠢᠨ ᠴᠥᠭᠡᠨ ᠪᠣᠯᠪᠠᠴᠤ ᠪᠢᠳᠡ ᠰᠯᠢᠸᠶᠡᠨ ᠰᠢᠦ᠂ ᠮᠠᠨ ᠤ᠋ ᠴᠣᠬᠢᠯᠲᠠ ᠮᠡᠷᠭᠡᠨ ᠪᠣᠯᠣᠳ ᠴᠢᠩᠭ᠎ᠠ᠁

                    (ᠮ᠂ ᠨᠠ᠊᠂ ᠶᠠᠽᠠᠢᠺᠦᠸ)

ᠰᠦᠽᠳᠠᠯᠢ ᠶ᠋ᠢᠨ ᠣᠢᠷ᠎ᠠ ᠶᠡᠬᠡ ᠸᠠᠩ ᠭᠸᠤᠷᠬᠢ  ᠶ᠋ᠢᠨ ᠰᠠᠭᠤᠷᠢᠨ ᠤ᠋ ᠲᠤᠰᠢᠶ᠎ᠠ ᠭᠠᠵᠠᠷ ᠲᠠᠲ᠋ᠠᠷ ᠤ᠋ᠨ ᠨᠢᠭᠡ ᠪᠠᠭ ᠣᠴᠢᠵᠤ᠂ ᠵᠦᠢ ᠪᠤᠰᠤ ᠪᠠᠷ ᠳᠡᠭᠡᠷᠡᠮᠯᠡᠨ ᠪᠣᠢ ᠪᠥᠭᠡᠳ ᠲᠤᠭ ᠲᠡᠮᠳᠡᠭ ᠲᠡᠢ ᠨᠢᠭᠡ ᠶᠡᠬᠡᠮᠰᠦᠭ ᠬᠠᠭᠠᠨ ᠲᠡᠭᠦᠨ ᠦ᠌ ᠵᠦᠭ ᠶᠠᠪᠤᠵᠤ ᠥᠩᠭᠡᠷᠡᠪᠡ ᠭᠡᠬᠦ ᠶ᠋ᠢ ᠶᠸᠸᠫᠡᠲ ᠲᠣᠬᠢᠶᠠᠯᠳᠤᠭᠴᠢᠳ ᠠ᠋ᠴᠠ ᠰᠣᠨᠣᠰᠴᠤ ᠮᠡᠳᠡᠭᠰᠡᠨ ᠶᠤᠮ᠂ ᠪᠠᠲᠤ ᠬᠠᠭᠠᠨ ᠥᠪᠡᠷ ᠢ᠋ᠶ᠋ᠡᠨ ᠲᠡᠨᠳᠡ ᠪᠠᠢᠵᠤ ᠮᠠᠭᠠᠳ ᠦᠭᠡᠢ ᠭᠡᠵᠦ ᠶᠸᠸᠫᠡᠲ ᠪᠣᠳᠣᠪᠠ᠃
— ᠮᠢᠨᠦ ᠪᠡᠶ᠎ᠡ ᠲᠡᠭᠦᠨ ᠲᠡᠢ ᠡᠰᠡ ᠲᠣᠬᠢᠶᠠᠯᠳᠤᠪᠠᠰᠤ ᠬᠡᠵᠢᠶ᠎ᠡ ᠴᠦ᠍ ᠲᠣᠬᠢᠶᠠᠯᠳᠤᠬᠤ ᠦᠭᠡᠢ ᠪᠣᠯᠤᠨ᠎ᠠ᠃

ᠲᠡᠨᠳᠡ ᠡᠴᠡ ᠲᠤᠰ ᠪᠠᠭ ᠰᠦᠽᠳᠠᠯᠢ ᠶ᠋ᠢᠨ ᠵᠦᠭ ᠶᠠᠭᠠᠷᠠᠨ ᠮᠣᠷᠳᠠᠪᠠ᠃

ᠮᠣᠷᠢᠨ ᠴᠡᠷᠢᠭ ᠨᠢ ᠲᠠᠲ᠋ᠠᠷ ᠤ᠋ᠨ ᠪᠠᠭ ᠤ᠋ᠳ ( ᠤ᠋ᠨ) ᠣᠯᠵᠠ ᠬᠠᠢᠵᠤ ᠪᠣᠯᠵᠣᠰᠢ ᠦᠭᠡᠢ ᠣᠯᠠᠨ ᠬᠥᠮᠦᠨ ᠦ᠌ ᠶᠠᠪᠤᠳᠠᠭ ᠶᠡᠬᠡ ᠵᠠᠮ ᠠ᠋ᠴᠠ ᠬᠣᠯᠠᠭᠤᠷ ᠲᠣᠭᠣᠷᠢᠨ ᠶᠠᠪᠤᠯ᠎ᠠ᠃ ᠶᠠᠪᠠᠭᠠᠨ ᠴᠡᠷᠢᠭ ᠦ᠋ᠳ ᠣᠢ ᠶ᠋ᠢᠨ ᠬᠠᠷᠭᠤᠢ ᠪᠠᠷ ᠰᠢᠭᠤᠳ ᠶᠠᠪᠤᠯ᠎ᠠ᠃ ᠲᠡᠷᠡ ᠬᠠᠰᠢᠶᠠᠨ᠎ᠠ ᠬᠦᠷᠴᠦ ᠶᠸᠸᠫᠠᠲ ᠴᠸᠷᠨᠢᠭᠤᠸ ᠤ᠋ᠨ ᠬᠢᠨ ᠦ᠌ ᠮᠣᠷᠢᠲᠤ ᠴᠡᠷᠢᠭ  ᠦ᠋ᠳ ᠢ᠋ ᠬᠣᠢᠨ᠎ᠠ ᠦᠯᠡᠳᠡᠭᠡᠵᠦ ᠥᠪᠡᠷ ᠢ᠋ᠶ᠋ᠡᠨ ᠤᠷᠤᠭᠰᠢᠯᠠᠨ ᠶᠠᠪᠤᠵᠤ ᠥᠨᠳᠥᠷ ᠮᠣᠳᠣᠨ ᠬᠠᠰᠢᠶᠠᠨ ᠤ᠋ ᠴᠠᠭᠠᠨ᠎ᠠ ᠲᠠᠲ᠋ᠠᠷ ᠤ᠋ᠳ ᠤ᠋ᠨ ᠤᠢᠳᠬᠠᠷᠲᠤ ᠳᠠᠭᠤᠤ ᠳᠠᠭᠤᠯᠠᠬᠤ ᠪᠠ ᠪᠦᠷᠢᠶᠡᠨ ᠦ᠌ ᠴᠢᠮᠡᠭᠡ ᠰᠣᠨᠣᠰᠳᠠᠨ᠎ᠠ᠃ ᠲᠡᠳᠡ ᠬᠤᠷᠳᠤᠨ ᠪᠥᠭᠡᠨᠡᠷᠡᠨ ᠪᠠᠢᠪᠠ ᠃ ᠲᠡᠭᠡᠲᠡᠯ᠎ᠡ ᠲᠡᠨᠳᠡ ᠡᠴᠡ ᠲᠠᠲ᠋ᠠᠷ ᠤ᠋ᠳ ᠤ᠋ᠨ ᠵᠠᠭᠤ ᠰᠢᠬᠠᠮ ᠮᠣᠷᠢᠲᠤ ᠴᠡᠷᠢᠭ ᠭᠠᠷᠴᠤ ᠢᠷᠡᠪᠡ ᠃ ᠲᠡᠳᠡᠨ ᠦ᠌ ᠨᠢᠭᠡ ᠨᠢ ᠶᠢᠰᠦᠨ ᠰᠡᠭᠦᠯᠲᠦ ᠴᠠᠭᠠᠨ ᠲᠤᠭ ᠪᠠᠷᠢᠵᠠᠢ᠃ ᠲᠡᠳᠡ ᠮᠣᠷᠢᠳ ᠢ᠋ᠶ᠋ᠠᠨ ᠭᠤᠶᠠᠳᠠᠭᠠᠳ ᠵᠠᠮ ᠢ᠋ᠶ᠋ᠠᠷ ᠳᠣᠪᠲᠣᠯᠤᠨ ᠣᠳᠤᠯ᠎ᠠ᠃

ᠬᠠᠪ ᠬᠠᠷᠠᠩᠭᠤᠢ ᠪᠣᠯᠤᠭᠠᠳ ᠨᠣᠢᠷᠰᠤᠨ ᠪᠦᠬᠦᠢ ᠣᠢ ᠶ᠋ᠢᠨ ᠳᠡᠭᠡᠭᠦᠷ ᠰᠠᠷᠠᠨ ᠤ᠋ ᠭᠡᠷᠡᠯ ᠲᠤᠶᠠᠭᠠᠷᠠᠬᠤ ᠲᠠᠢ ᠬᠠᠮᠲᠤ ᠼᠪᠶᠠᠭ᠎ᠠ ᠮᠠᠴᠤᠯᠬᠢᠯᠠᠨ ᠶᠸᠸᠫᠠᠲ ᠳᠡᠭᠡᠷ᠎ᠡ ᠬᠦᠷᠪᠡ ᠃
— ᠴᠡᠷᠢᠭ ᠦ᠋ᠳ ᠡᠨᠳᠡ ᠪᠡᠯᠡᠬᠡᠨ ᠵᠣᠭᠰᠣᠵᠤ ᠪᠠᠢᠨ᠎ᠠ᠂ ᠪᠣᠯᠤᠭ᠎ᠠ ᠦᠭᠡᠢ ᠤᠤ?
— ᠡᠬᠢᠯᠡᠭᠲᠦᠨ ᠭᠡᠵᠦ ᠶᠸᠸᠫᠠᠲ ᠬᠠᠷᠢᠭᠤᠯᠪᠠ ᠃ 
—ᠪᠤᠤ ᠱᠤᠤᠭᠢᠯᠳᠤᠭᠲᠤᠨ᠂ ᠴᠢᠮᠡᠭᠡ ᠦᠭᠡᠢ ᠴᠣᠬᠢᠭᠲᠤᠨ᠃

ᠨᠠᠮ ᠨᠡᠢᠯᠡᠭᠴᠢᠳ ᠨᠢᠭᠡ ᠴᠦ᠍ ᠦᠯᠦ ᠬᠠᠰᠬᠢᠷᠤᠯᠳᠤᠨ ᠴᠢᠪ ᠴᠢᠮᠡᠭᠡ ᠦᠭᠡᠢ ᠳᠠᠭᠠᠷᠢᠨ ᠣᠷᠣᠪᠠ ᠃

ᠲᠤᠭ ᠨᠣᠢᠷ ᠤ᠋ᠨ ᠳᠤᠮᠳᠠ ᠤᠨᠲᠠᠵᠤ ᠬᠡᠪᠲᠡᠭᠰᠡᠨ ᠮᠣᠩᠭᠣᠯᠴᠤᠳ ᠴᠣᠬᠣᠮ ᠶᠠᠭᠤ ᠪᠣᠯᠤᠭᠰᠠᠨ ᠪᠠ ᠦᠯᠦ ᠮᠡᠳᠡᠬᠦ ᠳᠠᠢᠰᠤᠨ ᠬᠠᠮᠢᠭ᠎ᠠ ᠠ᠋ᠴᠠ ᠬᠦᠷᠴᠦ ᠢᠷᠡᠭᠰᠡᠨ ᠢ᠋ ᠤᠳᠠᠲᠠᠯ᠎ᠠ ᠣᠢᠯᠠᠭᠠᠵᠤ ᠴᠢᠳᠠᠭᠰᠠᠨ ᠦᠭᠡᠢ᠃ ᠲᠡᠷᠡᠬᠦ ᠮᠣᠷᠢᠲᠤ ᠴᠡᠷᠢᠭ ᠦ᠋ᠳ ᠬᠠᠰᠢᠶᠠᠨ ᠤ᠋ ᠥᠷᠭᠡᠨ ᠬᠠᠭᠠᠯᠭ᠎ᠠ ᠪᠠᠷ ᠣᠷᠣᠵᠤ ᠢᠷᠡᠬᠦ᠂ ᠲᠡᠳᠡᠨ ᠦ᠌ ᠪᠣᠯᠣᠳ ᠳᠤᠭᠤᠯᠠᠭᠠᠨ ᠠ᠋ᠴᠠ ᠴᠡᠩᠬᠡᠷ ᠣᠴᠢ ᠦᠰᠦᠷᠦᠨ᠎ᠡ᠃ ᠤᠷᠲᠤ ᠢᠯᠳᠦ ᠬᠦᠨᠳᠦ ᠵᠢᠳᠠ ᠲᠠᠲ᠋ᠠᠷ ᠤ᠋ᠳ ᠤ᠋ᠨ ᠴᠡᠷᠢᠭ  ᠢ᠋ ᠬᠢᠷᠭᠠᠪᠠ᠃ ᠭᠠᠭᠴᠠᠬᠠᠨ ᠬᠢᠬᠤᠨᠠᠨ ᠶᠤᠢᠯᠠᠯᠳᠤᠬᠤ ᠴᠢᠮᠡᠭᠡ᠂ ᠠᠨᠢᠷ ᠦᠭᠡᠢ ᠠᠭᠠᠷ ᠲᠤ᠌ ᠴᠤᠤᠷᠢᠶᠳᠤᠨ᠎ᠠ᠃
— ᠳᠠᠯᠠᠪᠴᠢᠲᠤ ᠮᠠᠩᠭᠤᠰ ᠤ᠋ᠳ ᠭᠡᠵᠦ ᠬᠠᠰᠬᠢᠷᠤᠯᠳᠤᠨ᠎ᠠ᠃ ᠲᠡᠭᠦᠨ ᠢ᠋ ᠲᠠᠲ᠋ᠠᠷ ᠤ᠋ᠳ ᠳᠠᠪᠲᠠᠨ ᠬᠠᠰᠬᠢᠷᠤᠨ᠎ᠠ᠃ ᠲᠡᠳᠡ ᠨᠣᠢᠷ ᠠ᠋ᠴᠠ ᠪᠠᠨ ᠰᠡᠷᠢᠭᠡᠳ ᠭᠠᠳᠠᠭᠰᠢ ᠭᠠᠷᠬᠤ ᠶ᠋ᠢ ᠡᠷᠡᠮᠡᠯᠵᠡᠨ ᠬᠠᠰᠢᠶᠠᠨ ᠤ᠋ ᠳᠣᠲᠣᠷ᠎ᠠ ᠡᠰᠢ ᠲᠡᠰᠢ ᠦᠰᠦᠷᠦᠨ ᠬᠠᠭᠠᠯᠭᠠᠨ ᠤ᠋ ᠵᠦᠭ ᠭᠦᠶᠦᠯᠳᠦᠨ ᠪᠠᠢᠬᠤ ᠳ᠋ᠤ᠌ ᠥᠨᠥᠬᠢ ᠦᠯᠦ ᠮᠡᠳᠡᠬᠦ ᠬᠥᠮᠦᠰ ᠲᠡᠳᠡᠨ ᠢ᠋ ᠤᠭᠲᠤᠨ ᠰᠦᠬᠡ ᠪᠡᠷ ᠴᠠᠪᠴᠢᠯᠠᠨ ᠪᠠᠢᠪᠠ᠃ ᠮᠠᠰᠢ ᠰᠦᠷᠡᠬᠡᠢ ᠲᠡᠮᠡᠴᠡᠯ ᠡᠭᠦᠰᠴᠦ ᠲᠦᠢᠮᠡᠷ ᠦ᠋ᠨ ᠬᠠᠷᠠᠩᠭᠤᠢ ᠤᠲᠤᠭᠠᠨ ᠤ᠋ ᠳᠣᠲᠣᠷ᠎ᠠ ᠲᠡᠷᠡ ᠰᠥᠨᠢ ᠶ᠋ᠢᠨ ᠲᠤᠷᠰᠢ ᠦᠷᠭᠦᠯᠵᠢᠯᠡᠭᠰᠡᠨ ᠪᠢᠯᠡ᠃ ᠬᠠᠭᠤᠴᠢᠨ ᠮᠣᠳᠣᠨ ᠪᠠᠷᠢᠯᠭ᠎ᠠ ᠨᠤᠭᠤᠳ ᠨᠢ ᠤᠯᠠᠯᠵᠠᠨ ᠰᠢᠲᠠᠵᠤ ᠪᠠᠢᠪᠠ᠁

ᠮᠣᠩᠭᠣᠯᠴᠤᠳ ᠲᠡᠷᠡ ᠬᠦ᠌ ᠲᠦᠢᠮᠡᠷ ᠲᠦ᠍ ᠲᠥᠭᠡᠷᠢᠯᠳᠦᠭᠡᠳ ᠰᠢᠳᠡᠵᠦ ᠪᠠᠢᠭ᠎ᠠ ᠪᠠᠢᠰᠢᠩ ᠤ᠋ᠳ ᠪᠠ ᠮᠣᠷᠢᠨ ᠤ᠋ ᠰᠠᠷᠠᠪᠴᠢᠨ ᠤ᠋ ᠬᠣᠭᠣᠷᠣᠨᠳᠣ ᠪᠠᠷᠬᠢᠷᠠᠯᠳᠤᠨ ᠭᠦᠶᠦᠯᠳᠦᠨ᠎ᠡ᠃ ᠨᠠᠮ ᠨᠡᠢᠯᠡᠭᠴᠢᠳ ᠲᠡᠷᠡ ᠰᠥᠨᠢ ᠲᠠᠲ᠋ᠠᠷ ᠤ᠋ᠨ ᠣᠯᠠᠨ ᠬᠥᠮᠦᠨ ᠲᠡᠢ ᠪᠠᠭ ᠢ᠋ ᠪᠤᠲᠠ ᠴᠣᠬᠢᠭᠰᠠᠨ ᠪᠣᠯᠪᠠᠴᠤ ᠬᠠᠲᠠᠭᠤ ᠲᠤᠯᠤᠯᠳᠤᠭᠠᠨ ᠳ᠋ᠤ᠌ ᠥᠪᠡᠷᠰᠡᠳ ᠡᠴᠡ ᠪᠡᠨ ᠠᠯᠳᠠᠭᠰᠠᠨ ᠨᠢ ᠴᠥᠭᠡᠨ ᠦᠭᠡᠢ ᠪᠢᠯᠡ᠃

ᠦᠰᠦᠭ ᠠᠮᠢᠯᠠᠭᠤᠯᠤᠭᠴᠢ᠄ ᠠᠯᠲᠠᠨᠴᠢᠮᠡᠭ  1᠂ ᠪᠠᠶᠠᠨᠴᠡᠴᠡᠭ 1 ᠂ᠬᠦᠦᠳᠠᠭᠠᠭᠤᠯ 1  
ᠶᠡᠷᠦᠩᠬᠡᠢ ᠬᠢᠨᠠᠭᠴᠢ᠄ ᠠᠯᠲᠠᠨᠴᠢᠮᠡᠭ 3 ᠂ ᠠᠷᠢᠭᠤᠨ 3