ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠬᠣᠶᠠᠷ〕 Цаг төрийн үймээн – Д ᠂ Намдаг - Цаг төрийн үймээн ᠂ хоёрдугаар бүлэг -12 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠬᠣᠶᠠᠷ〕 Цаг төрийн үймээн – Д ᠂ Намдаг - Цаг төрийн үймээн ᠂ хоёрдугаар бүлэг -12

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠬᠣᠶᠠᠷ〕 Цаг төрийн үймээн – Д ᠂ Намдаг - Цаг төрийн үймээн ᠂ хоёрдугаар бүлэг -12

ᠠᠩᠭᠢᠯᠠᠯ:ᠲᠤᠭᠤᠵᠢ ᠷᠣᠮᠠᠨ
2025-11-25

161

ᠪᠤᠤᠷ᠎ᠠ ᠶ᠋ᠢ ᠠᠪᠴᠢᠷᠠᠬᠤ ᠵᠠᠮ ᠳ᠋ᠠᠭᠠᠨ


       ᠪᠤᠤᠷ᠎ᠠ ᠶ᠋ᠢᠨ ᠵᠦᠭ ᠶᠠᠪᠤᠬᠤ ᠪᠠᠷ ᠪᠣᠯᠵᠤ ᠬᠥᠲᠥᠯᠬᠦ ᠣᠯᠣᠰᠣ ᠭᠠᠷᠭᠠᠯᠭᠠᠵᠤ ᠠᠪᠤᠭᠠᠳ ᠲᠣᠮᠣ ᠬᠦᠦ ᠶ᠋ᠢ ᠳᠠᠭᠠᠭᠤᠯᠤᠨ ᠭᠠᠷᠤᠯ᠎ᠠ᠃ ᠲᠣᠰᠬᠣᠨ ᠤ᠋ ᠬᠥᠮᠦᠰ ᠠᠵᠢᠯ ᠬᠡᠷᠡᠭ ᠲᠡᠭᠡᠨ ᠳᠠᠷᠤᠭᠳᠠᠭᠰᠠᠨ ᠬᠡᠪ ᠢ᠋ᠶ᠋ᠡᠷ ᠪᠠᠢᠬᠤ ᠲᠤᠯᠠ ᠮᠥᠨ ᠯᠡ ᠬᠥᠯ ᠬᠥᠳᠡᠯᠭᠡᠭᠡᠨ ᠦᠭᠡᠢ ᠪᠠᠢᠵᠠᠢ᠃ ᠵᠥᠪᠬᠡᠨ ᠡᠨᠳᠡ ᠲᠡᠨᠳᠡ ᠲᠠᠬᠢᠶᠠᠨ ᠤ᠋ ᠬᠠᠰᠬᠢᠷᠬᠤ ᠯᠠ ᠰᠣᠨᠣᠰᠳᠠᠨ᠎ᠠ᠃ ᠨᠠᠮᠬᠠᠨ ᠰᠢᠪᠡᠷ ᠬᠡᠷᠡᠮ ᠬᠠᠰᠢᠶ᠎ᠠ ᠨᠤᠭᠤᠳ ᠤ᠋ᠨ ᠳᠡᠷᠭᠡᠳᠡᠭᠦᠷ ᠥᠩᠭᠡᠷᠡᠬᠦ ᠳ᠋ᠦ᠍ ᠳᠣᠲᠣᠷ᠎ᠠ ᠨᠢ ᠦᠷ᠎ᠡ ᠦᠨᠳᠦᠰᠦ ᠶ᠋ᠢ ᠨᠢ ᠠᠪᠤᠭᠰᠠᠨ ᠲᠠᠷᠢᠶ᠎ᠠ᠂ ᠨᠣᠭᠣᠭᠠᠨ ᠤ᠋ ᠰᠢᠷᠠᠯᠠᠭᠰᠠᠨ ᠨᠠᠪᠴᠢᠰ ᠬᠥᠭᠯᠡᠷᠡᠨ ᠬᠡᠪᠲᠡᠬᠦ ᠦᠵᠡᠭᠳᠡᠨ᠎ᠡ᠃ ᠲᠣᠰᠬᠣᠨ ᠠ᠋ᠴᠠ ᠭᠠᠷᠤᠭᠠᠳ ᠬᠡᠳᠦᠨ ᠠᠯᠬᠤᠮ ᠶᠠᠪᠤᠲᠠᠯ᠎ᠠ ᠠᠶᠠᠨ ᠤ᠋ ᠶᠡᠬᠡ ᠵᠠᠮ ᠳᠠᠭᠠᠷᠢᠯᠳᠤᠬᠤ ᠠᠵᠢ᠃  ᠲᠡᠨᠳᠡᠴᠡ ᠳ᠋ᠠᠨᠽᠠᠨ ᠵᠡᠭᠦᠨ ᠢ᠋ ᠴᠢᠭᠯᠡᠨ ᠶᠠᠪᠤᠯ᠎ᠠ᠃ ᠭᠡᠲᠡᠯ᠎ᠡ ᠬᠠᠵᠠᠭᠤ ᠳ᠋ᠤᠨᠢ ᠵᠢᠭᠠᠬᠠᠨ ᠬᠦᠦ《ᠯᠤᠤ ᠲᠤᠤ᠂ ᠯᠤᠤ ᠲᠤᠤ》 ᠭᠡᠵᠦ ᠬᠠᠰᠬᠢᠷᠤᠨ ᠵᠣᠭ ᠲᠣᠰᠤᠭᠠᠳ— ᠠ᠋ ᠡᠨᠡ ᠯᠤᠤ ᠲᠤᠤ ᠯᠠᠪ ᠳᠡᠭᠦᠦ ᠨᠠᠷ ᠢ᠋ ᠮᠢᠨᠢ ᠢᠳᠡᠨ᠎ᠡ ᠪᠣᠢ ᠭᠡᠵᠦ ᠴᠡᠴᠡᠷᠡᠭᠰᠡᠨ ᠬᠣᠭᠣᠯᠠᠢ ᠪᠠᠷ ᠬᠡᠯᠡᠪᠡ᠃  
       ᠪᠤᠤᠷ᠎ᠠ ᠶ᠋ᠢᠨ ᠲᠡᠩᠬᠡᠭᠡ ᠤᠯᠠᠮ ᠳᠣᠷᠣᠢᠲᠠᠭᠰᠠᠨ ᠪᠠᠢᠬᠤ ᠪᠣᠯᠪᠠᠴᠤ ᠵᠠᠮ ᠢ᠋ᠶ᠋ᠠᠨ ᠪᠠᠷᠢᠨ ᠭᠠᠷᠴᠤ ᠢᠷᠡᠵᠦ ᠶᠠᠪᠤᠭ᠎ᠠ ᠠᠵᠢ᠃ ᠳ᠋ᠠᠨᠽᠠᠨ ᠲᠡᠭᠦᠨ ᠢ᠋ ᠳᠣᠣᠷ᠎ᠠ ᠪᠠᠨ ᠵᠣᠭᠰᠣᠨ ᠬᠦᠯᠢᠶᠡᠪᠡ᠃ 
       — ᠲᠡᠮᠡᠭᠡ ᠳᠡᠭᠦᠦ ᠨᠠᠷ ᠢ᠋ ᠮᠢᠨᠢ ᠢᠳᠡᠬᠦ ᠦᠭᠡᠢ᠂ ᠡᠪᠡᠰᠦ ᠡᠴᠡ ᠥᠭᠡᠷ᠎ᠡ ᠶᠠᠭᠤᠮ᠎ᠠ ᠢᠳᠡᠳᠡᠭ ᠦᠭᠡᠢ ᠶᠦᠮ ᠭᠡᠬᠦ ᠳ᠋ᠦ᠍ ᠬᠦᠦ᠄ 
       — ᠢᠳᠡᠨ᠎ᠡ᠂ ᠵᠠᠪᠠᠯ ᠢᠳᠡᠨ᠎ᠡ᠂ ᠠᠪᠤ ᠡᠵᠢ ᠪᠢᠳᠡᠨ ᠢ᠋ ᠦᠭᠡ ᠲᠤᠭᠤᠯᠬᠤ ᠦᠭᠡᠢ ᠪᠠᠢᠪᠠᠯ ᠲᠡᠮᠡᠭᠡᠨ ᠳ᠋ᠦ᠍ ᠥᠭᠴᠦ ᠢᠳᠡᠭᠦᠯᠦᠨ᠎ᠡ ᠭᠡᠵᠦ ᠬᠡᠯᠡᠳᠡᠭ᠂ ᠠ᠋᠂ ᠵᠠᠷᠢᠮ ᠳ᠋ᠠᠭᠠᠨ ᠪᠦᠷ ᠯᠤᠤ ᠲᠤᠤ ᠳ᠋ᠤ᠌ ᠥᠭᠴᠦ ᠶᠠᠪᠤᠭᠤᠯᠤᠨ᠎ᠠ ᠭᠡᠳᠡᠭ ᠰᠢᠦ ᠭᠡᠵᠦ ᠵᠢᠷᠦᠬᠡ ᠠᠯᠳᠠᠨ᠎ᠠ᠃ 
       ᠯᠤᠤ ᠲᠤᠤ ᠭᠡᠵᠦ ᠮᠣᠩᠭᠣᠯ ᠬᠥᠮᠦᠨ ᠢ᠋ ᠠᠶᠤᠮᠰᠢᠭ ᠪᠣᠯᠭᠠᠨ ᠳᠤᠷᠠᠳᠤᠭᠰᠠᠨ ᠦᠭᠡ ᠠᠵᠢ᠃ ᠲᠡᠭᠦᠨ ᠢ᠋ ᠳ᠋ᠠᠨᠽᠠᠨ ᠦᠯᠦ ᠮᠡᠳᠡᠨ᠎ᠡ᠃ 
       — ᠲᠠ ᠯᠤᠤ ᠲᠤᠤ ᠶ᠋ᠢ ᠮᠡᠳᠡᠬᠦ ᠦᠭᠡᠢ ᠶᠦᠮ ᠭᠡᠵᠦ ᠤᠤ? ᠯᠤᠤ ᠳ᠋ᠠ ᠪᠣᠯ ᠮᠠᠰᠢ ᠠᠶᠤᠮᠰᠢᠭ ᠲᠠᠢ᠃ ᠡᠪᠦᠯ ᠪᠣᠯᠤᠨ ᠤᠰᠤ ᠬᠥᠯᠳᠡᠵᠦ᠂ ᠴᠠᠰᠤ ᠣᠷᠣᠬᠤ ᠪᠠᠷ ᠯᠤᠤ ᠳ᠋ᠠ ᠪᠣᠯ ᠡᠨᠡ ᠵᠠᠮ ᠢ᠋ᠶ᠋ᠠᠨ ᠣᠯᠠᠨ ᠲᠡᠮᠡᠭᠡ ᠪᠡᠨ ᠴᠤᠪᠤᠷᠠᠭᠤᠯᠤᠨ ᠡᠳᠦᠷ ᠪᠦᠷᠢ ᠶᠠᠪᠤᠨ᠎ᠠ᠃ 
       ᠳ᠋ᠠᠨᠽᠠᠨ ᠮᠣᠩᠭᠣᠯ ᠬᠥᠮᠦᠨ ᠢ᠋ ᠬᠡᠯᠡᠵᠦ ᠪᠠᠢᠭ᠎ᠠ ᠶ᠋ᠢ ᠣᠢᠯᠠᠭᠠᠨ᠂ 
       — ᠮᠥᠨ᠂ ᠮᠡᠳᠡᠯ᠎ᠡ ᠭᠡᠳ ᠵᠤᠨ ᠶᠠᠪᠤᠳᠠᠭ ᠦᠭᠡᠢ ᠶᠦᠮ ᠤᠤ? 
       — ᠲᠡᠢᠮᠦ ᠠ᠋ ᠶᠠᠪᠤᠬᠤ ᠦᠭᠡᠢ᠂ ᠶᠠᠭᠤᠨ ᠳ᠋ᠤ᠌ ᠭᠡᠪᠡᠯ ᠲᠡᠮᠡᠭᠡ ᠨᠢ ᠴᠠᠰᠤ ᠰᠢᠭ᠋ ᠬᠠᠢᠯᠴᠢᠬᠠᠳᠠᠭ ᠶᠤᠮ ᠭᠡᠨ᠎ᠡ ᠪᠢᠯᠡ᠃ 
       ᠳ᠋ᠠᠨᠽᠠᠨ ᠲᠡᠰᠬᠡᠯ ᠦᠭᠡᠢ ᠢᠨᠢᠶᠡᠳᠦ ᠠᠯᠳᠠᠪᠠ᠃ 
       — ᠢᠩᠭᠢᠬᠦ ᠳ᠋ᠦ᠍ ᠴᠢ ᠯᠤᠤ ᠳ᠋ᠠ ᠶ᠋ᠢᠨ ᠳᠡᠷᠭᠡᠳᠡ ᠣᠴᠢᠵᠤ ᠦᠵᠡᠭᠰᠡᠨ ᠤᠤ? 
       — ᠠ᠋ ᠬᠠᠮᠢᠭ᠎ᠠ ᠠ᠋ᠴᠠ᠂ ᠵᠦᠭᠡᠷ ᠨᠢᠭᠡ ᠤᠳᠠᠭ᠎ᠠ ᠰᠠᠢᠨ ᠬᠠᠷᠠᠭᠰᠠᠨ ᠭᠡᠳ ᠲᠡᠷᠡ ᠲᠤᠬᠠᠢ ᠪᠠᠨ ᠶᠠᠷᠢᠵᠤ ᠭᠠᠷᠤᠯ᠎ᠠ᠃ 
       ᠨᠢᠳᠤᠨᠤᠨ ᠡᠪᠦᠯ ᠮᠠᠨ ᠤ᠋ ᠲᠣᠰᠬᠣᠨ ᠳᠤᠮᠳᠠᠭᠤᠷ ᠬᠣᠶᠠᠷ ᠲᠣᠮᠣ ᠯᠤᠤ ᠳ᠋ᠠ ᠲᠡᠮᠡᠭᠡᠨ ᠳᠡᠭᠡᠷ᠎ᠡ ᠪᠡᠨ ᠬᠥᠨᠳᠡᠯᠡᠨ ᠰᠠᠭᠤᠨ ᠶᠠᠪᠤᠬᠤ ᠳ᠋ᠤᠨᠢ ᠪᠢ ᠪᠠᠢᠰᠢᠩ ᠳ᠋ᠠᠭᠠᠨ ᠵᠢᠭᠤᠲᠠᠨ ᠣᠷᠣᠭᠠᠳ ᠬᠤᠷᠤᠭᠤ ᠪᠠᠨ ᠨᠤᠷᠠᠭᠠᠨ ᠴᠣᠩᠬᠣ ᠪᠠᠨ ᠴᠣᠭᠣᠯᠤᠨ᠂ ᠡᠨᠡ ᠨᠢᠳᠦ ᠪᠡᠷ ᠬᠠᠷᠠᠭᠰᠠᠨ ᠭᠡᠵᠦ ᠵᠡᠭᠦᠨ ᠨᠢᠳᠦ ᠪᠡᠨ ᠠᠨᠢᠨ ᠪᠠᠷᠠᠭᠤᠨ ᠢ᠋ᠶ᠋ᠠᠨ ᠵᠢᠭᠠᠪᠠ᠃ 
       ᠳ᠋ᠠᠨᠽᠠᠨ ᠳᠠᠬᠢᠨ ᠢᠨᠢᠶᠡᠳᠦ ᠠᠯᠳᠠᠪᠠ᠃ ᠭᠡᠲᠡᠯ᠎ᠡ ᠲᠡᠷᠡ ᠶᠠᠪᠤᠳᠠᠯ ᠬᠦᠦ ᠳ᠋ᠦ᠍ ᠢᠨᠢᠶᠡᠳᠦᠮ ᠪᠢᠰᠢ ᠬᠠᠨᠢᠶᠠᠳᠤᠮ ᠪᠠᠢᠵᠠᠢ᠃
       — ᠠ᠋᠂ ᠲᠡᠷᠡ ᠬᠣᠶᠠᠷ ᠯᠤᠤ ᠳ᠋ᠠ ᠦᠨᠡᠬᠡᠷ ᠠᠶᠤᠮᠠᠷ ᠭᠡᠵᠦ ᠢᠷᠪᠠᠢᠭᠠᠳ ᠳᠠᠷᠠᠭ᠎ᠠ ᠳ᠋ᠤᠨᠢ᠄ ᠬᠣᠶᠠᠭᠤᠯᠠ ᠪᠠᠨ ᠲᠣᠮᠣ ᠴᠠᠭᠠᠨ ᠬᠣᠨᠢᠨ ᠳᠡᠪᠡᠯ ᠲᠡᠢ᠂ ᠮᠠᠯᠠᠭᠠᠢ ᠨᠢ ᠨᠣᠬᠠᠢ ᠠᠲᠠᠯ᠎ᠠ ᠪᠠᠨ ᠬᠠᠷ᠎ᠠ ᠪᠢᠰᠢ ᠤᠯᠠᠭᠠᠨ ᠭᠤᠲᠤᠯ ᠭᠡᠪᠡᠯ ᠳᠡᠩᠳᠡᠭᠦᠦ ᠲᠣᠮᠣ᠂ ᠪᠢ ᠪᠣᠳᠣᠪᠠᠯ ᠲᠡᠳᠡ ᠯᠠᠪ ᠬᠡᠦᠬᠡᠳ ᠡᠷᠢᠵᠦ ᠶᠠᠪᠤᠭᠰᠠᠨ ᠪᠢᠵᠡ ᠠ᠋ ᠭᠡᠵᠦ ᠡᠰᠢ ᠲᠡᠢᠰᠢ ᠪᠠᠢᠨ ᠪᠠᠢᠨ ᠬᠠᠷᠠᠨ ᠶᠠᠪᠤᠭᠰᠠᠨ ᠢ᠋ᠶ᠋ᠠᠨ ᠠᠭᠤᠷᠯᠠᠨ᠂ ᠤᠷᠲᠤ ᠮᠣᠳᠣ ᠪᠠᠷ ᠢ᠋ᠶ᠋ᠠᠨ ᠲᠡᠮᠡᠭᠡ ᠪᠡᠨ ᠳᠡᠰ ᠪᠠᠭᠤᠯᠭᠠᠨ ᠵᠣᠳᠣᠪᠠ᠃ ᠲᠡᠮᠡᠭᠡ ᠨᠢ ᠭᠠᠪ ᠳᠤᠤᠭᠠᠷᠤᠨ ᠠᠮᠠᠨ ᠠ᠋ᠴᠠ ᠪᠠᠨ ᠨᠢᠭᠡ ᠶᠠᠭᠤᠮ᠎ᠠ ᠬᠠᠶᠠᠭᠠᠳ ᠣᠷᠣᠭᠰᠢ ᠭᠦᠶᠦᠯᠭᠡᠨ ᠣᠳᠤᠭᠰᠠᠨ ᠭᠡᠵᠦ ᠲᠠᠢᠪᠤᠩ ᠶᠠᠷᠢᠵᠤ ᠪᠠᠢᠭᠰᠠᠨ ᠢ᠋ᠶ᠋ᠠᠨ ᠭᠡᠨᠡᠳᠲᠡ ᠰᠣᠴᠢᠨ᠄ 
       — ᠠ᠋᠂ ᠲᠡᠮᠡᠭᠡ ᠢᠷᠡᠯ᠎ᠡ ᠭᠡᠳ ᠠᠶᠤᠨ ᠬᠣᠢᠰᠢ ᠤᠬᠤᠷᠢᠵᠠᠢ᠃ 
       ᠳ᠋ᠠᠨᠽᠠᠨ ᠪᠤᠤᠷ᠎ᠠ ᠪᠠᠨ ᠲᠣᠰᠣᠨ ᠠᠪᠴᠤ ᠲᠣᠯᠣᠭᠠᠢ ᠳ᠋ᠤᠨᠢ ᠨᠣᠭᠲᠣ ᠵᠠᠩᠭᠢᠳᠵᠤ ᠠᠪᠤᠭᠠᠳ ᠲᠣᠰᠬᠣᠨ ᠤ᠋ ᠵᠦᠭ ᠬᠠᠨᠳᠤᠪᠠ᠃ ᠬᠦᠦ ᠤᠷᠢᠳᠠ ᠨᠢ ᠪᠠᠢᠨ ᠪᠠᠢᠨ ᠡᠷᠭᠢᠨ ᠬᠠᠷᠠᠨ ᠪᠥᠨᠲᠥᠭᠡᠨᠡᠨ ᠭᠦᠶᠦᠨ ᠶᠠᠪᠤᠯ᠎ᠠ᠃ 
       — ᠬᠡ ᠬᠡ ᠮᠢᠨᠢ᠂ ᠡᠨᠡ ᠲᠡᠮᠡᠭᠡ ᠳᠡᠭᠦᠦ ᠨᠠᠷ ᠢ᠋ ᠮᠢᠨᠢ ᠯᠠᠪ ᠢᠳᠡᠨ᠎ᠡ ᠪᠠᠢᠬᠤ ᠭᠡᠵᠦ ᠠᠮᠢᠰᠬᠤᠭᠠᠳᠠᠨ ᠬᠡᠯᠡᠬᠦ ᠳ᠋ᠦ᠍ᠨᠢ ᠳ᠋ᠠᠨᠽᠠᠨ᠄ 
       — ᠵᠦᠭᠡᠷ! ᠡᠨᠡ ᠲᠡᠮᠡᠭᠡ ᠪᠣᠯ ᠬᠡᠦᠬᠡᠳ ᠲᠦ᠍ ᠬᠠᠢᠷᠠᠲᠠᠢ ᠣᠨᠴᠠᠭᠠᠢ ᠰᠠᠢᠨ ᠲᠡᠮᠡᠭᠡ ᠭᠡᠵᠦ ᠬᠠᠷᠢᠭᠤᠯᠪᠠ᠃  ᠬᠦᠦ ᠶ᠋ᠢᠨ ᠠᠶᠤᠨ ᠰᠦᠷᠳᠡᠬᠦ ᠶᠠᠪᠤᠳᠠᠯ ᠠᠶᠠᠨᠳᠠᠭᠠᠨ ᠪᠠᠭᠠᠰᠤᠭᠰᠠᠨ ᠪᠥᠭᠡᠳ ᠲᠣᠰᠬᠣᠨ ᠤ᠋ ᠵᠠᠬ᠎ᠠ ᠳ᠋ᠤ᠌ ᠬᠦᠷᠴᠦ ᠢᠷᠡᠬᠦ ᠳ᠋ᠦ᠍᠄ 
      — ᠠ᠋᠂ ᠬᠡ ᠬᠡ᠂ ᠪᠢ ᠨᠢᠭᠡ ᠬᠥᠲᠥᠯᠵᠦ ᠦᠵᠡᠬᠦ ᠤᠤ? ᠭᠡᠵᠦ ᠭᠤᠶᠤᠯ᠎ᠠ᠃ 
      ᠳ᠋ᠠᠨᠽᠠᠨ ᠪᠤᠷᠠᠨᠲᠠᠭ ᠤ᠋ᠨ ᠦᠵᠦᠭᠦᠷ ᠢ᠋ ᠪᠠᠷᠢᠭᠤᠯᠪᠠ᠃ ᠬᠦᠦ ᠪᠠᠶᠠᠷᠯᠠᠬᠤ ᠪᠣᠯᠪᠠᠴᠤ ᠡᠪᠦᠳᠦᠭ ᠨᠢ ᠴᠡᠴᠡᠷᠡᠨ ᠪᠠᠢᠨ ᠪᠠᠢᠨ ᠡᠷᠭᠢᠨ ᠬᠠᠷᠠᠨ᠎ᠠ᠃  ᠶᠡᠷᠦ ᠨᠢ ᠡᠨᠳᠡ ᠨᠢᠭᠡ ᠲᠡᠮᠡᠭᠡ ᠪᠣᠢ ᠪᠣᠯᠬᠤ ᠶᠠᠪᠤᠳᠠᠯ ᠮᠠᠰᠢ ᠭᠠᠢᠬᠠᠯᠲᠠᠢ ᠠᠵᠢ᠃ ᠠᠢᠯ ᠪᠦᠷᠢ ᠡᠴᠡ ᠬᠥᠮᠦᠰ ᠯᠤᠤ ᠲᠤᠤ᠂ ᠯᠤᠤ ᠲᠤᠤ ᠭᠡᠵᠦ ᠱᠤᠤᠭᠢᠯᠳᠤᠨ ᠭᠦᠶᠦᠨ ᠭᠠᠷᠴᠤ ᠢᠷᠡᠵᠦ ᠳᠠᠭᠠᠨ᠎ᠠ᠃ ᠤᠷᠤᠭᠰᠢ ᠶᠠᠪᠤᠬᠤ ᠳᠣᠳᠣᠮ ᠤᠯᠤᠰ ᠠᠮᠢᠲᠠᠨ ᠨᠡᠮᠡᠭᠳᠡᠵᠦ ᠦᠢᠮᠡᠭᠡᠨ ᠱᠤᠤᠭᠢᠶᠠᠨ ᠳᠡᠯᠭᠡᠷᠡᠬᠦ ᠳ᠋ᠦ᠍ ᠪᠤᠤᠷ᠎ᠠ ᠶ᠋ᠢᠨ ᠲᠡᠩᠬᠡᠯᠡᠭᠦᠨ ᠠᠪᠤᠷᠢ ᠬᠥᠳᠡᠯᠬᠦ ᠮᠡᠲᠦ ᠨᠢᠳᠦ ᠨᠢ ᠰᠦᠷᠪᠦᠯᠵᠡᠨ ᠡᠨᠡ ᠲᠡᠷᠡ ᠶ᠋ᠢ ᠠᠵᠢᠭᠯᠠᠨ᠎ᠠ᠃ ᠭᠡᠲᠡᠯ᠎ᠡ ᠬᠦᠦ ᠲᠡᠭᠦᠨᠴᠡ ᠠᠶᠤᠨ ᠰᠦᠷᠳᠡᠬᠦ ᠪᠡᠨ ᠪᠦᠷᠢᠮᠦᠰᠦᠨ ᠪᠣᠯᠢᠭᠰᠠᠨ ᠲᠡᠳᠦᠢ ᠦᠭᠡᠢ ᠬᠠᠷᠢᠨ ᠣᠯᠠᠨ ᠤ᠋ ᠡᠮᠦᠨ᠎ᠡ《ᠲᠠ ᠨᠠᠷ ᠮᠢᠨᠦ ᠬᠡᠴᠢᠨᠡᠭᠡᠨ ᠵᠣᠷᠢᠭᠲᠠᠢ ᠡᠷ᠎ᠡ ᠪᠣᠯᠬᠤ ᠶ᠋ᠢ ᠬᠠᠷᠠᠵᠤ ᠪᠠᠢᠨ᠎ᠠ ᠤᠤ?》 ᠭᠡᠵᠦ ᠭᠠᠢᠬᠠᠭᠤᠯᠬᠤ ᠪᠠᠢᠳᠠᠯ ᠢ᠋ᠶ᠋ᠠᠷ ᠢᠨᠢᠶᠡᠮᠰᠦᠭᠯᠡᠨ ᠠᠯᠬᠤᠬᠤ ᠠᠵᠢ᠃ 

            ᠦᠰᠦᠭ ᠠᠮᠢᠯᠠᠭᠤᠯᠤᠭᠴᠢ᠄  ᠲᠡᠭᠷᠢ ᠡᠵᠢ