ᠪᠠᠲᠤ ᠬᠠᠭᠠᠨ 8-01 ᠷᠤᠰᠲ᠋ᠤᠸ ᠤ᠋ᠨ ᠸᠠᠩ ᠸᠠᠰᠢᠯᠢᠺᠤ-ᠰᠢᠭᠤᠷᠭ᠎ᠠ ᠲᠠᠯᠪᠢᠪᠠBat khaan Бат хаан-ᠷᠣᠮᠠᠨ
ᠨᠠᠢ᠍ᠮᠠᠳᠤᠭᠠᠷ ᠪᠦᠯᠦᠭ ᠰᠢᠭᠤᠷᠭ᠎ᠠ ᠲᠠᠯᠪᠢᠪᠠ
ᠲᠠᠲ᠋ᠠᠷ ᠤ᠋ᠳ ᠤ᠋ᠨ ᠬᠢᠨ ᠪᠠᠲᠤ ᠶ᠋ᠢᠨ ᠤᠳᠤᠷᠢᠳᠤᠯᠭ᠎ᠠ ᠪᠠᠷ ᠳᠣᠷᠣᠨᠠᠲᠤ ᠣᠷᠣᠰ ᠢ᠋ ᠡᠵᠡᠯᠡᠨ ᠠᠪᠴᠤ ᠬᠣᠭᠣᠰᠣᠷᠠᠭᠤᠯᠪᠠ᠃ ᠣᠷᠣᠰ ᠬᠥᠮᠦᠰ ᠡᠨᠳᠡ ᠲᠡᠨᠳᠡ ᠦᠭᠡᠢ ᠪᠠᠭᠠᠲᠤᠷᠯᠢᠭ ᠢ᠋ᠶ᠋ᠠᠷ ᠬᠠᠮᠠᠭᠠᠯᠠᠭᠰᠠᠭᠠᠷ ᠨᠢᠭᠡ ᠴᠦ᠍ ᠬᠣᠲᠠ᠂ ᠨᠢᠭᠡ ᠴᠦ᠍ ᠸᠠᠩ ᠪᠠᠭᠤᠵᠤ ᠥᠭᠭᠦᠭᠰᠡᠨ ᠦᠭᠡᠢ᠃
( ᠺ᠊᠂ ᠺᠤᠰᠲ᠋ᠤᠮᠠᠷᠤᠸ᠂ ᠣᠷᠣᠰ ᠤ᠋ᠨ ᠲᠡᠦᠬᠡ)
ᠨᠢᠭᠡ ᠂ ᠷᠤᠰᠲ᠋ᠤᠸ ᠤ᠋ᠨ ᠸᠠᠩ ᠸᠠᠰᠢᠯᠢᠺᠤ
ᠶᠡᠬᠡ ᠸᠠᠩ ᠭᠸᠤᠷᠬᠢ ᠸᠰᠸᠸᠤᠯᠤᠳᠤᠸᠢᠴ ᠥᠪᠡᠷ ᠦ᠋ᠨ ᠨᠡᠢᠰᠯᠡᠯ ᠬᠣᠲᠠ ᠸᠯᠠᠳᠢᠮᠢᠷ ᠢ᠋ ᠬᠠᠶᠠᠵᠤ ᠤᠮᠠᠷ᠎ᠠ ᠵᠦᠭ ᠣᠳᠪᠠ᠃ ᠭᠤᠷᠪᠠᠨ ᠮᠣᠷᠢ ᠬᠥᠯᠯᠡᠭᠰᠡᠨ ᠴᠢᠷᠭ᠎ᠠ᠂ ᠤᠴᠢᠷ ᠤᠬᠠᠭᠠᠨ ᠦᠭᠡᠢ ᠰᠠᠨᠳᠤᠷᠴᠤ ᠨᠢᠭᠡ ᠰᠠᠭᠤᠷᠢᠨ ᠠ᠋ᠴᠠ ᠨᠥᠭᠦᠭᠡ ᠳ᠋ᠦ᠍ ᠬᠦᠷᠪᠡᠯ ᠲᠡᠨᠳᠡ ᠰᠢᠨ᠎ᠡ ᠮᠣᠷᠢ ᠶᠡᠭᠦᠯᠡᠵᠦ ᠥᠭᠭᠦᠨ᠎ᠡ᠃
ᠶᠡᠬᠡ ᠸᠠᠩ ᠵᠢᠭᠤᠲᠠᠵᠤ ᠪᠠᠢᠭ᠎ᠠ ᠲᠣᠰᠬᠣᠨ ᠤ᠋ ᠬᠥᠮᠦᠨ ᠳ᠋ᠦ᠍᠂ ᠡᠷᠡᠰ ᠬᠠᠲᠠᠭᠤ ᠪᠠᠷ᠄
— ᠰᠡᠯᠡᠮ᠎ᠡ ᠰᠦᠬᠡ ᠨᠤᠭᠦᠳ ᠢ᠋ᠶ᠋ᠡᠨ ᠠᠪᠴᠠᠭᠠᠵᠤ ᠰᠠᠢᠨ ᠳᠤᠷ᠎ᠠ ᠪᠠᠷ ᠨᠢᠭᠡᠳᠴᠦ᠂ ᠸᠠᠩ ᠤ᠋ᠳ ᠢ᠋ ᠬᠦᠷᠢᠶᠡᠯᠡᠨ ᠮᠡᠬᠡᠲᠡᠢ ᠪᠥᠭᠡᠳ ᠬᠠᠲᠠᠭᠤᠵᠢᠯᠲᠠᠢ ᠳᠠᠢᠰᠤᠨ ᠲᠠᠢ ᠦᠬᠦᠲᠡᠯ᠎ᠡ ᠪᠠᠢᠯᠳᠤᠬᠤ ᠳ᠋ᠤ᠌ ᠪᠡᠯᠡᠳᠬᠡᠭᠲᠦᠨ! ᠬᠡᠨ ᠪᠢᠳᠡᠨ ᠳ᠋ᠦ᠍ ᠲᠤᠰᠠᠯᠠᠵᠤ ᠲᠡᠭᠦᠨ ᠢ᠋ ᠵᠡᠷᠯᠢᠭ ᠲᠠᠯ᠎ᠠ ᠳᠠᠰᠢ ᠬᠥᠭᠡᠭᠡᠵᠦ ᠥᠭᠬᠦ ᠪᠢᠯᠡ? ᠬᠡᠨ ᠴᠦ᠍ ᠦᠭᠡᠢ ᠂ ᠪᠢᠳᠡ ᠨᠠᠷ ᠥᠪᠡᠷᠰᠡᠳ ᠦ᠋ᠨ ᠲᠥᠷᠥᠭᠰᠡᠨ ᠭᠠᠵᠠᠷ ᠢ᠋ᠶ᠋ᠠᠨ ᠠᠪᠤᠷᠠᠬᠤ ᠶᠣᠰᠣᠲᠠᠢ᠃ ᠪᠢᠳᠡᠨ ᠦ᠌ ᠬᠠᠮᠲᠤ ᠲᠡᠭᠷᠢ ᠪᠣᠢ ᠂ ᠪᠢᠳᠡᠨ ᠢ᠋ ᠬᠠᠮᠠᠭᠠᠯᠠᠨ᠎ᠠ᠃ ᠪᠢ ᠥᠪᠡᠷ ᠢ᠋ᠶ᠋ᠡᠨ ᠲᠠᠨᠠᠷ ᠢ᠋ ᠳᠠᠭᠠᠭᠤᠯᠤᠨ᠎ᠠ ᠭᠡᠨ᠎ᠡ᠃
ᠮᠣᠷᠢ ᠮᠥᠨ ᠯᠡ ᠨᠠᠷᠢᠨ ᠵᠠᠮ ᠢ᠋ᠶ᠋ᠠᠷ ᠣᠷᠣᠭᠰᠢ ᠳᠠᠪᠬᠢᠨ᠎ᠠ᠃ ᠸᠠᠩ ᠵᠠᠳᠠᠭᠠᠢ ᠴᠢᠷᠭᠠᠨ ᠳᠡᠭᠡᠷ᠎ᠡ ᠪᠠᠭᠠᠪᠠᠭᠠᠢ ᠶ᠋ᠢᠨ ᠠᠷᠠᠰᠤᠨ ᠳᠡᠪᠡᠯ ᠢ᠋ᠶ᠋ᠡᠷ ᠣᠷᠢᠶᠠᠨ ᠰᠠᠭᠤᠵᠠᠢ᠃ ᠳᠠᠷᠠᠭ᠎ᠠ ᠶ᠋ᠢᠨ ᠠᠴᠢᠶ᠎ᠠ ᠶ᠋ᠢ ᠲᠡᠭᠦᠨ ᠦ᠌ ᠬᠣᠶᠠᠷ ᠲᠦᠰᠢᠮᠡᠳ ᠬᠠᠷᠠᠵᠤ ᠶᠠᠪᠤᠨ᠎ᠠ᠃ ᠭᠤᠷᠪᠠᠳᠤᠭᠠᠷ ᠲᠤ᠌ ᠬᠥᠭᠰᠢᠨ ᠵᠠᠷᠤᠴᠠ ᠬᠦᠨᠡᠰᠦᠨ ᠦ᠌ ᠬᠠᠮᠲᠤ ᠶᠠᠪᠤᠨ᠎ᠠ᠃ ᠮᠣᠷᠢ ᠤᠨᠤᠭᠰᠠᠨ ᠴᠡᠷᠢᠭ ᠦ᠋ᠳ ᠸᠠᠩ ᠢ᠋ ᠬᠠᠮᠠᠭᠠᠯᠠᠵᠤ ᠶᠠᠪᠤᠨ᠎ᠠ᠃ ᠵᠠᠮ ᠰᠠᠢᠨ ᠮᠡᠳᠡᠬᠦ ᠵᠠᠮᠴᠢᠳ ᠡᠮᠦᠨ᠎ᠡ ᠨᠢ ᠳᠠᠪᠬᠢᠨ᠎ᠠ᠃ ᠡᠪᠦᠯ ᠴᠠᠭ ᠲᠠᠯ᠎ᠠ ᠨᠤᠲᠤᠭ ᠢ᠋ ᠴᠠᠰᠤ ᠪᠦᠷᠬᠦᠵᠦ ᠰᠠᠭᠤᠷᠢ ᠨᠤᠭᠤᠳ ᠨᠢᠭᠡ ᠠᠳᠠᠯᠢ ᠪᠣᠯᠵᠤ ᠦᠵᠡᠭᠳᠡᠬᠦ ᠲᠤᠯᠠ ᠵᠠᠮ ᠠ᠋ᠴᠠ ᠲᠥᠭᠡᠷᠢᠬᠦ ᠳ᠋ᠦ᠍ ᠬᠢᠯᠪᠠᠷᠬᠠᠨ ᠠᠵᠢ᠃
ᠸᠠᠩ ᠤᠯᠠᠭᠠᠴᠢ ᠶ᠋ᠢ ᠶᠠᠭᠠᠷᠠᠭᠤᠯᠵᠤ ᠬᠠᠮᠢᠭ᠎ᠠ ᠪᠣᠯᠪᠠᠴᠤ ᠰᠠᠭᠠᠲᠠᠬᠤ ᠦᠭᠡᠢ ᠶ᠋ᠢ ᠬᠢᠴᠢᠶᠡᠨ ᠤᠯᠠᠮ ᠴᠠᠰᠢ ᠳᠠᠪᠬᠢᠨ᠎ᠠ᠃ ᠬᠦᠢᠲᠡᠨ ᠪᠥᠭᠡᠳ ᠴᠢᠮᠡᠭᠡ ᠠᠨᠢᠷ ᠦᠭᠡᠢ ᠠᠭᠠᠷ ᠲᠤ᠌ ᠴᠢᠷᠭ᠎ᠠ ᠨᠠᠢᠭᠤᠵᠤ ᠨᠢᠭᠡᠨ ᠵᠢᠭᠳᠡ ᠮᠣᠷᠢᠨ ᠤ᠋ ᠲᠦᠪᠡᠷᠭᠡᠨ ᠪᠠ ᠵᠢᠯᠣᠭᠣᠴᠢ ᠶ᠋ᠢᠨ ᠪᠠᠷᠬᠢᠷᠠᠬᠤ ᠳᠠᠭᠤᠨ ᠳ᠋ᠤ᠌ ᠸᠠᠩ ᠳᠤᠯᠠᠭᠠᠨ ᠢ᠋ᠶ᠋ᠠᠷ ᠬᠤᠴᠢᠵᠤ ᠰᠠᠭᠤᠭᠠᠳ ᠵᠡᠭᠦᠷᠮᠡᠭᠯᠡᠨ᠎ᠡ᠃ ᠭᠠᠭᠴᠠᠬᠦ ᠲᠡᠭᠦᠨ ᠦ᠌ ᠴᠢᠬᠢᠨ ᠳ᠋ᠦ᠍ ᠲᠠᠷᠭᠤᠨ ᠬᠠᠯᠠᠭᠤᠨ ᠭᠠᠷ ᠢ᠋ᠶ᠋ᠠᠷ ᠲᠡᠪᠡᠷᠢᠵᠦ ᠪᠠᠢᠭᠠᠳ ᠬᠡᠯᠡᠵᠦ ᠪᠠᠢᠭᠰᠠᠨ ᠬᠠᠲᠤᠨ ᠠᠭᠠᠹᠢᠶᠠ ᠶ᠋ᠢᠨ ᠰᠡᠭᠦᠯ ᠦ᠋ᠨ ᠦᠭᠡ ᠰᠣᠨᠣᠰᠳᠠᠬᠤ ᠮᠡᠲᠦ ᠪᠣᠯᠵᠤ《ᠨᠠᠮᠠᠶ᠋ᠢ ᠪᠠᠨ ᠶᠠᠭᠤᠨ ᠳ᠋ᠤ᠌ ᠭᠠᠯᠠᠭᠤ ᠨᠤᠭᠤᠰᠤᠨ ᠤ᠋ ᠬᠠᠰᠢᠶᠠᠨ ᠳ᠋ᠤ᠌ ᠬᠠᠶᠠᠭ᠎ᠠ ᠪᠣᠢ? ᠬᠡᠷᠪᠡ ᠦᠬᠦᠵᠦ ᠭᠡᠮ ᠴᠢᠨᠦ ᠳᠡᠷᠭᠡᠳᠡ ᠪᠠᠢᠵᠤ ᠦᠬᠦᠬᠦ ᠰᠠᠨ ᠭᠡᠰᠡᠨ ᠦᠭᠡ ᠰᠠᠨᠠᠭᠳᠠᠨ᠎ᠠ 》᠃ ᠦᠨᠡᠬᠡᠷ ᠲᠡᠢᠮᠦ ᠭᠡᠵᠦ ᠪᠣᠳᠣᠬᠤ ᠳ᠋ᠤ᠌ ᠡᠬᠡᠨᠡᠷ ᠦ᠋ᠨ ᠲᠡᠪᠡᠷᠢᠵᠦ ᠪᠠᠢᠭᠰᠠᠨ ᠭᠠᠷ ᠢ᠋ ᠬᠡᠴᠢᠨᠡᠨ ᠬᠠᠲᠠᠭᠤ ᠪᠥᠭᠡᠳ ᠰᠢᠷᠦᠭᠦᠨ ᠢ᠋ᠶ᠋ᠡᠷ ᠵᠠᠢᠯᠠᠭᠤᠯᠤᠭᠰᠠᠨ ᠨᠢ ᠰᠠᠨᠠᠭᠳᠠᠨ᠎ᠠ᠃ ᠬᠠᠲᠤᠨ ᠢ᠋ᠶ᠋ᠠᠨ ᠴᠠᠭᠠᠨ ᠨᠠᠭᠤᠷ ᠬᠦᠷᠲᠡᠯ᠎ᠡ ᠬᠣᠯᠠ ᠶᠠᠪᠤᠭᠤᠯᠵᠤ ᠪᠣᠯᠬᠤ ᠪᠠᠢᠭᠰᠠᠨ ᠶᠤᠮᠰᠠᠨ ᠃ ᠲᠡᠭᠡᠪᠡᠯ ᠲᠡᠨᠳᠡ ᠬᠡᠷᠢᠶ᠎ᠡ ᠴᠦ᠍ ᠨᠢᠰᠦᠨ ᠬᠦᠷᠬᠦ ᠳ᠋ᠦ᠍ ᠪᠡᠷᠬᠡᠲᠡᠢ ᠪᠢᠵᠡ᠂ ᠭᠡᠲᠡᠯ᠎ᠡ ᠸᠯᠠᠳᠢᠮᠢᠷ ᠤ᠋ᠨ ᠬᠥᠮᠦᠰ ᠶᠠᠭᠤ ᠭᠡᠵᠦ ᠬᠡᠯᠡᠬᠦ ᠪᠣᠯ ? 《ᠥᠪᠡᠷ ᠢ᠋ᠶ᠋ᠡᠨ ᠶᠠᠪᠤᠴᠢᠬᠠᠭᠰᠠᠨ ᠂ ᠪᠠᠰᠠ ᠡᠬᠡᠨᠡᠷ ᠢ᠋ᠶ᠋ᠡᠨ ᠶᠠᠪᠤᠭᠤᠯᠪᠠ 》ᠭᠡᠬᠦ ᠪᠣᠯᠤᠨ᠎ᠠ ᠪᠢᠵᠡ ᠠ᠋ ᠭᠡᠵᠦ ᠪᠣᠳᠣᠭᠳᠠᠨ᠎ᠠ᠃ ᠪᠣᠳᠣᠯᠭ᠎ᠠ ᠳ᠋ᠠᠭᠠᠨ ᠵᠡᠭᠦᠷᠮᠡᠭᠯᠡᠵᠦ ᠶᠠᠪᠤᠭᠰᠠᠨ ᠸᠠᠩ᠂ ᠴᠢᠷᠭᠠᠨ ᠤ᠋ ᠡᠷᠭᠢᠬᠦ ᠳ᠋ᠦ᠍ ᠡᠮᠦᠨ᠎ᠡ ᠪᠡᠨ ᠬᠠᠷ᠎ᠠ ᠪᠤᠲᠠ ᠰᠥᠭᠡᠭ ᠢ᠋ ᠦᠵᠡᠵᠦ ᠵᠢᠪᠡᠭᠦᠴᠡᠨ ᠲᠠᠭᠵᠢᠪᠠ᠃ ᠡᠭᠦᠨ ᠦ᠌ ᠨᠢᠳᠦᠨ ᠳ᠋ᠦ᠍ ᠲᠠᠲ᠋ᠠᠷ ᠤ᠋ᠨ ᠮᠣᠷᠢᠨ ᠴᠡᠷᠢᠭ ᠦ᠋ᠳ ᠮᠣᠷᠢᠨ ᠤ᠋ ᠪᠠᠨ ᠳᠡᠯ ᠳᠡᠭᠡᠷ᠎ᠡ ᠪᠥᠬᠥᠢᠵᠦ ᠳᠠᠪᠬᠢᠭᠠᠳ᠂ ᠲᠣᠮᠣ ᠨᠤᠮᠤ ᠰᠤᠮᠤ ᠪᠠᠷ ᠬᠠᠷᠪᠤᠬᠤ ᠭᠡᠵᠦ ᠪᠠᠢᠭ᠎ᠠ ᠮᠡᠲᠦ ᠦᠵᠡᠭᠳᠡᠨ᠎ᠡ᠁᠂ ᠤᠯᠠᠭᠠᠴᠢ ᠵᠥᠭᠡᠯᠡᠨ ᠢ᠋ᠶ᠋ᠡᠷ ᠢᠰᠬᠡᠷᠴᠦ ᠬᠠᠵᠠᠭᠤ ᠳᠠᠰᠢ ᠵᠠᠢᠯᠠᠭᠰᠠᠨ ᠮᠣᠷᠢᠨ ᠤ᠋ ᠠᠮᠠ ᠶ᠋ᠢ ᠵᠠᠯᠠᠵᠤ᠂ ᠬᠠᠷ᠎ᠠ ᠪᠤᠲᠠ ᠶ᠋ᠢ ᠲᠣᠭᠣᠷᠢᠨ ᠭᠠᠷᠪᠠ᠃
ᠳᠠᠷᠠᠭ᠎ᠠ ᠶ᠋ᠢᠨ ᠡᠳᠦᠷ ᠦᠳᠡᠰᠢ᠂ ᠸᠠᠩ ᠬᠡᠳᠦᠢᠨᠡᠢ ᠴᠠᠰᠤᠨ ᠲᠠᠯ᠎ᠠ ᠳᠣᠲᠣᠷᠠᠬᠢ ᠨᠧᠷᠦ ᠨᠠᠭᠤᠷ ᠢ᠋ ᠥᠩᠭᠡᠷᠡᠪᠡ᠃ ᠡᠮᠦᠨ᠎ᠡ ᠨᠢ ᠷᠣᠰᠲ᠋ᠣᠸ ᠬᠣᠲᠠ ᠶ᠋ᠢᠨ ᠬᠡᠷᠡᠮ ᠦ᠋ᠨ ᠱᠥᠷᠭᠡ ᠲᠡᠢ ᠬᠠᠨ᠎ᠠ ᠪᠣᠯᠤᠨ ᠰᠦᠮ᠎ᠡ ᠶ᠋ᠢᠨ ᠣᠷᠣᠢ ᠲᠣᠳᠣᠬᠠᠨ ᠵᠤᠷᠠᠢᠨ ᠬᠠᠷᠠᠭᠳᠠᠨ᠎ᠠ᠃
ᠸᠠᠩ ᠭᠧᠣᠷᠬᠢ ᠸᠰᠧᠸᠣᠯᠣᠳᠣᠸᠢᠴ ᠡᠨᠡ ᠰᠥᠨᠢ ᠷᠣᠰᠲ᠋ᠣᠸ ᠬᠣᠲᠠ ᠳ᠋ᠤ᠌ ᠥᠨᠵᠢᠬᠦ ᠪᠡᠷ ᠰᠢᠢᠳᠴᠦ ᠥᠪᠡᠷ ᠦ᠋ᠨ ᠬᠠᠷᠢᠶᠠᠲᠤ ᠸᠠᠩ ᠸᠠᠰᠢᠯᠢᠺᠣ ᠺᠣᠨᠰᠲ᠋ᠠᠨᠲ᠋ᠢᠨᠤᠸᠢᠴ ᠲᠠᠢ ᠤᠴᠠᠷᠠᠬᠤ ᠶ᠋ᠢ ᠪᠣᠳᠣᠨ᠎ᠠ᠃ ᠸᠠᠰᠢᠯᠢᠺᠣ ᠶ᠋ᠢ ᠲᠥᠷᠥᠯ ᠲᠥᠷᠥᠭᠰᠡᠳ ᠪᠠ ᠪᠤᠰᠤᠳ ᠸᠠᠩ ᠤ᠋ᠳ ᠴᠥᠮ ᠦᠨᠡᠯᠡᠨ ᠬᠠᠢᠷᠠᠯᠠᠳᠠᠭ ᠠᠵᠢ᠃ ᠠᠷᠠᠳ ᠢᠷᠭᠡᠳ ᠦ᠋ᠨ ᠳᠣᠲᠣᠷ᠎ᠠ ᠶᠠᠷᠢᠯᠴᠠᠬᠤ ᠨᠢ《ᠲᠡᠷᠡ᠂ ᠬᠥᠮᠦᠨ ᠪᠦᠬᠦᠨ ᠳ᠋ᠦ᠍ ᠬᠠᠢᠷᠠᠲᠠᠢ ᠨᠡᠢᠯᠡᠮᠵᠢ ᠲᠡᠢ ᠪᠥᠭᠡᠳ ᠶᠡᠬᠡᠮᠰᠦᠭ ᠢ᠋ ᠮᠡᠳᠡᠬᠦ ᠦᠭᠡᠢ ᠭᠡᠯᠴᠡᠨ᠎ᠡ ᠃ ᠲᠡᠢᠮᠦ ᠤᠴᠢᠷ ᠠ᠋ᠴᠠ ᠲᠡᠷᠡ ᠡᠷᠡᠯᠬᠡᠭ ᠵᠣᠷᠢᠭᠲᠠᠢ ᠪᠥᠭᠡᠳ ᠵᠠᠯᠠᠭᠤ ᠪᠠᠢᠬᠤ ᠳ᠋ᠠᠭᠠᠨ ᠠᠷᠪᠠᠨ ᠲᠠᠪᠤᠨ ᠵᠢᠯ ᠦ᠋ᠨ ᠡᠮᠦᠨ᠎ᠡ᠂ ᠷᠣᠰᠲ᠋ᠣᠸ ᠤ᠋ᠨ ᠣᠲᠷᠢᠶᠠᠳ᠋ ᠲᠠᠢ ᠶᠠᠪᠤᠵᠤ ᠺᠯᠺᠠ ᠭᠣᠣᠯ ᠤ᠋ᠨ ᠡᠷᠭᠢ ᠳ᠋ᠡᠬᠢ ᠺᠢᠶᠧᠸ ᠬᠣᠲᠠᠨ ᠳ᠋ᠤ᠌ ᠣᠴᠢᠵᠤ ᠲᠠᠲ᠋ᠠᠷ ᠤ᠋ᠳ ᠲᠠᠢ ᠪᠠᠢᠯᠳᠤᠵᠤ ᠪᠠᠢᠵᠠᠢ᠃
ᠷᠣᠰᠲ᠋ᠣᠸ ᠤ᠋ᠨ ᠨᠠᠷᠢᠨ ᠭᠤᠳᠤᠮᠵᠢ ᠨᠤᠭᠤᠳ ᠢ᠋ᠶ᠋ᠠᠷ ᠭᠤᠷᠪᠠᠨ ᠮᠣᠷᠢᠨ ᠲᠡᠷᠭᠡ ᠪᠣᠯᠭᠣᠮᠵᠢᠲᠠᠢ ᠪᠠᠷ ᠶᠠᠪᠤᠭᠰᠠᠭᠠᠷ ᠸᠠᠩ ᠤ᠋ᠨ ᠬᠠᠰᠢᠶᠠᠨ ᠤ᠋ ᠡᠭᠦᠳᠡᠨ ᠳ᠋ᠦ᠍ ᠢᠷᠡᠪᠡ᠃ ᠵᠠᠷᠤᠴᠠ ᠨᠠᠷ ᠪᠣᠯᠤᠨ ᠴᠡᠷᠢᠭ ᠦ᠋ᠳ ᠭᠦᠶᠦᠨ ᠢᠷᠡᠵᠦ ᠸᠠᠩᠲᠠᠨ ᠢ᠋ ᠴᠢᠷᠭᠠᠨ ᠠ᠋ᠴᠠ ᠲᠤᠰᠠᠯᠠᠨ ᠪᠠᠭᠤᠯᠭᠠᠵᠤ ᠰᠤᠭᠤᠪᠴᠢᠯᠠᠨ ᠳᠡᠮᠵᠢᠵᠦ ᠳᠣᠪᠵᠢᠶ᠎ᠠ ᠥᠭᠡᠳᠡ ᠭᠠᠷᠭᠠᠪᠠ᠃
— ᠮᠢᠨᠦ ᠬᠠᠢᠷᠠᠲᠤ ᠬᠠᠷᠢᠶᠠᠲᠤ ᠸᠠᠩ ᠸᠠᠰᠢᠯᠢᠺᠣ ᠺᠣᠨᠰᠲ᠋ᠠᠨᠲ᠋ᠢᠨᠤᠸᠢᠴ ᠬᠠᠮᠢᠭ᠎ᠠ ᠪᠠᠢᠨ᠎ᠠ?
— ᠲᠡᠮᠦᠷ ᠦ᠋ᠨ ᠳᠠᠷᠬᠠᠨ ᠤ᠋ ᠭᠠᠵᠠᠷ ᠪᠠᠢᠬ᠎ᠠ᠃
ᠷᠣᠰᠲ᠋ᠣᠸ— ᠲᠣᠭ᠎ᠠ ᠭᠠᠷᠴᠤ ᠪᠠᠶ᠋ᠢᠬᠤ ᠶ᠋ᠢ ᠵᠠᠰᠠᠵᠤ ᠴᠢᠳᠠᠭᠰᠠᠨ ᠦᠭᠡᠢ᠃
— ᠲᠡᠷᠡ ᠲᠡᠨᠳᠡ ᠶᠠᠮᠠᠷ ᠠᠵᠢᠯ ᠲᠠᠢ ᠪᠣᠢ?
— ᠰᠡᠯᠡᠮ᠎ᠡ ᠳᠠᠪᠲᠠᠵᠤ ᠪᠠᠢᠨ᠎ᠠ᠃
— ᠨᠠᠮᠠᠶ᠋ᠢ ᠲᠡᠭᠦᠨ ᠳᠡᠭᠡᠷ᠎ᠡ ᠳᠠᠭᠠᠭᠤᠯᠵᠤ ᠣᠴᠢᠭᠠᠷᠠᠢ᠃
ᠸᠠᠩ ᠭᠸᠤᠷᠬᠢ ᠸᠰᠸᠸᠤᠯᠳᠤᠸᠢᠴ ᠪᠠᠭᠠᠪᠠᠭᠠᠢ ᠶ᠋ᠢᠨ ᠦᠰᠦᠲᠡᠢ ᠳᠡᠪᠡᠯ ᠢ᠋ᠶ᠋ᠡᠨ ᠣᠷᠬᠢᠵᠤ ᠦᠨᠡᠭᠡᠨ ᠳᠡᠪᠡᠯ ᠲᠡᠢ ᠪᠡᠨ ᠴᠡᠷᠢᠭ ᠦ᠋ᠳ ᠦ᠋ᠨ ᠬᠣᠢᠨ᠎ᠠ ᠠ᠋ᠴᠠ ᠬᠣᠲᠠ ᠶ᠋ᠢᠨ ᠬᠠᠷᠠᠩᠭᠤᠢ ᠭᠤᠳᠤᠮᠵᠢ ᠪᠠᠷ ᠶᠠᠪᠤᠪᠠ᠃
— ᠮᠠᠨ ᠤ᠋ ᠲᠡᠮᠦᠷ ᠦ᠋ᠨ ᠳᠠᠷᠬᠠᠨ ᠤ᠋ ᠭᠠᠵᠠᠷ ᠪᠡᠬᠢᠯᠡᠯᠲᠡ ᠶ᠋ᠢᠨ ᠴᠠᠭᠠᠨ᠎ᠠ ᠪᠠᠢᠳᠠᠭ ᠶᠤᠮ᠃
ᠨᠠᠭᠤᠷ ᠤ᠋ᠳ ᠤ᠋ᠨ ᠡᠷᠭᠢ ᠳᠡᠭᠡᠭᠦᠷ ᠲᠡᠮᠦᠷ ᠦ᠋ᠨ ᠳᠠᠷᠬᠠᠨ ᠤ᠋ ᠬᠡᠳᠦᠨ ᠬᠠᠷ᠎ᠠ ᠪᠠᠢᠰᠢᠩ ᠤ᠋ᠳ ᠦᠷᠭᠦᠯᠵᠢᠯᠡᠨ ᠪᠠᠢᠪᠠ᠃ ᠲᠡᠭᠦᠨ ᠦ᠌ ᠳᠣᠲᠣᠷ᠎ᠠ ᠠ᠋ᠴᠠ ᠯᠠᠩᠲᠤᠤ ᠰᠦᠬᠡ ᠶ᠋ᠢᠨ ᠳᠠᠭᠤ ᠰᠣᠨᠣᠰᠳᠠᠵᠤ᠂ ᠶᠠᠨᠲᠤᠩ ᠠ᠋ᠴᠠ ᠪᠥᠭᠡᠮ ᠬᠠᠷ᠎ᠠ ᠤᠲᠤᠭ᠎ᠠ ᠣᠷᠭᠢᠯᠵᠤ ᠭᠠᠯ ᠤ᠋ᠨ ᠳᠥᠯᠥ ᠤᠯᠠᠯᠵᠠᠨ᠎ᠠ᠃ ᠰᠢᠳᠡᠵᠦ ᠪᠠᠢᠭ᠎ᠠ ᠭᠠᠯ ᠤ᠋ᠨ ᠣᠴᠢ ᠳᠡᠭᠡᠭᠰᠢ ᠭᠠᠷᠴᠤ᠂ ᠬᠠᠷ᠎ᠠ ᠡᠭᠦᠯᠡ ᠲᠡᠢ ᠲᠩᠷᠢ ᠳ᠋ᠦ᠍ ᠳᠡᠭᠳᠡᠨ᠎ᠡ᠃
ᠳᠠᠷᠬᠠᠨ ᠤ᠋ ᠭᠠᠵᠠᠷ ᠠᠵᠢᠯ ᠲᠤᠩ ᠶᠡᠬᠡ ᠪᠠᠢᠪᠠ᠃ ᠲᠡᠮᠦᠷ ᠦ᠋ᠨ ᠳᠠᠷᠬᠠᠨ ᠨᠤᠭᠤᠳ ᠳᠥᠰᠢ ᠳᠡᠭᠡᠷ᠎ᠡ ᠪᠡᠨ ᠪᠥᠬᠥᠢᠵᠦ᠂ ᠲᠣᠮᠣ ᠬᠠᠢᠴᠢ ᠤᠯᠠᠢᠭᠰᠠᠨ ᠤᠷᠲᠤ ᠨᠠᠷᠢᠨ ᠲᠡᠮᠦᠷ ᠢ᠋ ᠬᠠᠪᠴᠢᠵᠤ ᠵᠢᠵᠢᠭ ᠠᠯᠤᠬ᠎ᠠ ᠪᠠᠷᠢᠨ ᠯᠠᠩᠲᠤᠤᠳᠠᠭᠴᠢ ᠶ᠋ᠢᠨ ᠬᠠᠮᠢᠭ᠎ᠠ ᠴᠣᠬᠢᠬᠤ ᠶ᠋ᠢ ᠵᠢᠭᠠᠵᠤ ᠥᠭᠭᠦᠨ᠎ᠡ᠂ ᠬᠦᠴᠦᠲᠡᠢ ᠯᠠᠩᠲᠤᠤᠳᠠᠭᠴᠢ ᠨᠠᠷ ᠬᠦᠨᠳᠦ ᠯᠠᠩᠲᠤᠤ ᠶ᠋ᠢ ᠡᠭᠡᠯᠵᠢᠯᠡᠨ ᠪᠠᠭᠤᠯᠭᠠᠨ᠎ᠠ᠃
— ᠣᠳᠣᠬᠠᠨ᠂ ᠣᠳᠣᠬᠠᠨ ᠡᠷᠬᠢᠮ ᠵᠣᠴᠢᠨ ᠮᠢᠨᠢ ᠭᠡᠵᠦ ᠪᠤᠰᠤᠳ ᠤ᠋ᠨ ᠠᠳᠠᠯᠢ ᠵᠢᠪᠡ ᠳ᠋ᠦ᠍ ᠪᠣᠳᠣᠭᠳᠠᠭᠰᠠᠨ ᠨᠢᠭᠡᠨ ᠬᠥᠮᠦᠨ ᠪᠠᠷᠬᠢᠷᠠᠪᠠ᠃ ᠬᠣᠶᠠᠷ ᠲᠡᠮᠦᠷ ᠢ᠋ ᠨᠡᠢᠯᠡᠭᠦᠯᠦᠨ ᠰᠢᠷᠭᠢᠭᠡᠵᠦ ᠪᠠᠢᠨ᠎ᠠ!
—ᠲᠡᠮᠦᠷ ᠣᠯᠳᠠᠬᠤ ᠶ᠋ᠢ ᠪᠠᠢᠯ᠎ᠠ! ᠬᠣᠲᠠ ᠶ᠋ᠢᠨ ᠳᠣᠲᠣᠷ᠎ᠠ ᠪᠦᠬᠦ ᠴᠣᠣᠵᠢ ᠴᠠᠭᠤᠷᠭ᠎ᠠ᠂ ᠲᠡᠷᠭᠡᠨ ᠦ᠌ ᠲᠡᠮᠦᠷ ᠤᠯᠠ ᠵᠡᠷᠭᠡ ᠶ᠋ᠢ ᠮᠤᠯᠲᠤᠯᠵᠤ ᠭᠦᠢᠴᠡᠪᠡ᠃
ᠲᠡᠮᠦᠷ ᠦ᠋ᠨ ᠳᠠᠷᠬᠠᠨ ᠪᠠᠢᠬᠤ ᠦᠭᠡᠢ ᠥᠪᠡᠷ ᠢ᠋ᠶ᠋ᠡᠨ ᠪᠠᠯᠪᠠᠵᠤ ᠰᠠᠭᠤᠨ᠎ᠠ᠃
— ᠸᠠᠩ ᠸᠠᠰᠢᠯᠢᠺᠤ ᠴᠢ ᠴᠢᠨᠢ ᠶᠠᠭᠤᠨ ᠳ᠋ᠤ᠌ ᠡᠢᠨᠬᠦ ᠥᠪᠡᠷ ᠢ᠋ᠶ᠋ᠡᠨ ᠡᠩ ᠦ᠋ᠨ ᠨᠢᠭᠡᠨ ᠯᠠᠩᠲᠤᠤᠴᠢᠨ ᠤ᠋ ᠠᠵᠢᠯ— ᠲᠡᠮᠦᠷ ᠪᠠᠯᠪᠠᠵᠤ ᠪᠠᠢᠭ᠎ᠠ ᠶᠤᠮ ᠪᠣᠢ? ᠭᠡᠬᠦ ᠳ᠋ᠦ᠍ ᠣᠢᠷ᠎ᠠ ᠪᠠᠢᠭᠰᠠᠨ ᠳᠠᠷᠬᠠᠨ ᠵᠠᠪᠰᠠᠷ ᠠ᠋ᠴᠠ ᠨᠢ᠄
— ᠮᠠᠨ ᠤ᠋ ᠸᠠᠩ ᠶᠠᠭᠤᠮ᠎ᠠ ᠳᠠᠷᠬᠠᠯᠠᠬᠤ ᠳ᠋ᠠᠭᠠᠨ ᠵᠠᠫᠷᠠᠸ ᠤ᠋ᠨ ᠤᠷᠠᠴᠤᠳ ᠠ᠋ᠴᠠ ᠳᠤᠲᠠᠬᠤ ᠦᠭᠡᠢ ᠰᠢᠦ ᠭᠡᠪᠡ᠃
— ᠪᠢ ᠣᠳᠣ ᠭᠠᠷ ᠢ᠋ᠶ᠋ᠠᠨ ᠤᠬᠢᠶᠠᠭᠠᠳ ᠮᠠᠨ ᠤ᠋ ᠳ᠋ᠤ᠌ ᠣᠴᠢᠶ᠎ᠠ᠂ ᠬᠠᠲᠤᠨ ᠠᠬᠠᠢ ᠮᠢᠨᠢ ᠪᠢᠳᠡᠨ ᠢ᠋ ᠪᠣᠣᠪᠣ ᠢᠳᠡᠭᠡ ᠪᠡᠷ ᠵᠣᠴᠢᠯᠠᠨ᠎ᠠ ᠪᠢᠵᠡ ᠠ᠋! ᠠᠢ ᠲᠸᠠᠢ᠍ᠷᠶᠠ! ᠺᠤᠨᠤᠫᠠᠲ᠋ᠸᠢ! ᠨᠠᠰᠢ ᠢᠷ᠎ᠡ! ᠮᠢᠨᠦ ᠬᠠᠯᠠᠭ᠎ᠠ ᠶ᠋ᠢ ᠠᠪᠤᠭᠲᠤᠨ! ᠭᠡᠪᠡ᠃ ᠯᠠᠩᠲᠤᠤᠴᠢ ᠯᠠᠩᠲᠤᠤ ᠪᠠᠨ ᠪᠠᠭᠤᠯᠭᠠᠵᠤ᠂ ᠴᠣᠬᠣᠷ ᠨᠢᠭᠤᠷ ᠲᠠᠢ ᠥᠨᠳᠥᠷ ᠵᠠᠯᠠᠭᠤ ᠳ᠋ᠤ᠌ ᠰᠢᠯᠵᠢᠭᠦᠯᠦᠨ ᠥᠭᠪᠡ᠃ ᠲᠡᠭᠡᠭᠡᠳ ᠸᠠᠩ ᠸᠠᠰᠢᠯᠢᠺᠤ ᠭᠠᠷ ᠢ᠋ᠶ᠋ᠠᠨ ᠬᠤᠪᠢᠩ ᠲᠠᠢ ᠤᠰᠤᠨ ᠳ᠋ᠤ᠌ ᠵᠠᠶ᠋ᠢᠯᠵᠤ ᠰᠢᠲᠠᠭᠰᠠᠨ ᠡᠯᠢᠭᠡᠪᠴᠢᠨ ᠳ᠋ᠡᠭᠡᠨ ᠠᠷᠴᠢᠵᠤ ᠬᠠᠶᠠᠭᠠᠳ ᠭᠸᠤᠷᠬᠢ ᠸᠰᠸᠸᠤᠯᠤᠳᠤᠸᠢᠴ ᠲᠡᠰᠢ ᠣᠴᠢᠪᠠ᠃ ᠰᠠᠴᠤᠷᠠᠵᠤ ᠪᠠᠢᠭ᠎ᠠ ᠣᠴᠢᠨ ᠤ᠋ ᠭᠡᠷᠡᠯ ᠳ᠋ᠦ᠍ ᠥᠨᠳᠥᠷ ᠭᠤᠸᠠᠯᠢᠭ ᠪᠥᠭᠡᠳ ᠰᠦᠷᠡᠬᠡᠢ ᠴᠢᠷᠠᠢᠲᠠᠢ ᠡᠨᠡᠬᠦ ᠪᠠᠭᠠᠲᠤᠷ ᠢ᠋ ᠰᠢᠨᠵᠢᠯᠡᠨ ᠬᠠᠷᠠᠵᠤ ᠪᠣᠯᠬᠤ ᠪᠠᠢᠪᠠ᠃ ᠡᠭᠦᠨ ᠦ᠌ ᠵᠠᠩᠭᠢᠳᠤᠭᠰᠠᠨ ᠬᠠᠷ᠎ᠠ ᠬᠥᠮᠥᠰᠬᠡ ᠪᠣᠯᠤᠨ ᠲᠥᠯᠥᠪ ᠨᠢᠭᠡᠨ ᠵᠦᠭ ᠰᠢᠷᠲᠡᠬᠦ ᠬᠠᠷᠠᠴᠠᠨ ᠳ᠋ᠤ᠌ ᠶᠠᠮᠠᠷ ᠨᠢᠭᠡᠨ ᠵᠠᠨᠤᠯᠲᠤ ᠪᠣᠳᠣᠯᠭ᠎ᠠ ᠣᠷᠣᠰᠢᠨ᠎ᠠ᠃
ᠸᠠᠩ ᠤ᠋ᠳ ᠲᠡᠪᠡᠷᠢᠯᠳᠦᠨ ᠭᠤᠷᠪᠠᠨᠲᠠ ᠦᠨᠦᠰᠦᠯᠳᠦᠪᠡ᠃
— ᠰᠦᠷᠡᠬᠡᠢ ᠴᠠᠭ ᠪᠣᠯᠵᠠᠢ! ᠡᠳᠦᠷ ᠪᠦᠷᠢ ᠲᠡᠢᠮᠦ ᠬᠣᠲᠠ ᠰᠥᠨᠥᠯᠡ᠂ ᠲᠡᠢᠮᠦ ᠡᠷ᠎ᠡ ᠦᠬᠦᠯ᠎ᠡ᠂ ᠲᠡᠢᠮᠦ ᠡᠬᠡᠨᠡᠷ ᠢ᠋ ᠳᠣᠷᠣᠮᠵᠢᠯᠠᠯᠠ ᠭᠡᠵᠦ ᠰᠣᠨᠣᠰᠤᠭᠳᠠᠬᠤ ᠶᠤᠮ᠃ ᠣᠳᠣ ᠪᠢᠳᠡ ᠴᠥᠮ ᠡᠪᠲᠡᠢ ᠪᠥᠭᠡᠳ ᠰᠡᠳᠬᠢᠯ ᠵᠢᠷᠦᠬᠡ ᠪᠡᠨ ᠨᠢᠭᠡᠳᠬᠡᠨ ᠪᠣᠰᠴᠠᠭᠠᠬᠤ ᠬᠡᠷᠡᠭᠲᠡᠢ ᠪᠠᠢᠨ᠎ᠠ᠃
— ᠪᠠᠰᠠ ᠨᠢᠭᠡᠨ ᠲᠣᠯᠣᠭᠠᠢ ᠲᠠᠢ ᠪᠠᠷ ᠭᠡᠵᠦ ᠸᠠᠩ ᠬ᠌ᠸᠣᠷᠭᠢ ᠬᠠᠷᠢᠭᠤᠯᠤᠭᠠᠳ ᠪᠡᠶ᠎ᠡ ᠪᠡᠨ ᠡᠭᠴᠡᠯᠡᠨ ᠪᠠᠷᠳᠠᠮ ᠶᠡᠬᠡᠮᠰᠦᠭ ᠢ᠋ᠶ᠋ᠡᠷ ᠲᠡᠮᠦᠷ ᠦ᠋ᠨ ᠳᠠᠷᠬᠠᠨ ᠤ᠋ ᠭᠠᠵᠠᠷ ᠠ᠋ᠴᠠ ᠭᠠᠷᠴᠤ ᠬᠠᠮᠢᠶᠠᠲᠠᠨ ᠸᠠᠩ ᠢ᠋ ᠳᠠᠭᠠᠨ ᠶᠠᠪᠤᠪᠠ᠃
ᠰᠥᠨᠢ ᠬᠣᠶᠠᠷ ᠸᠠᠩ ᠰᠢᠷᠡᠭᠡᠨ ᠦ᠌ ᠳᠡᠷᠭᠡᠳᠡ ᠤᠷᠭᠤᠮᠠᠯ ᠤ᠋ᠨ ᠲᠣᠰᠣ ᠪᠠᠷ ᠬᠢᠭᠰᠡᠨ ᠳ᠋ᠧᠩ ᠦ᠋ᠨ ᠰᠦᠮᠡᠯᠵᠡᠭᠰᠡᠨ ᠭᠡᠷᠡᠯ ᠳ᠋ᠦ᠍ ᠤᠳᠠᠲᠠᠯ᠎ᠠ ᠰᠠᠭᠤᠪᠠ᠃
ᠡᠳᠡᠨᠠᠷ ᠵᠢᠮᠢᠰ ᠬᠠᠪᠴᠢᠭᠤᠯᠤᠭᠰᠠᠨ ᠨᠠᠷᠢᠨ ᠪᠣᠣᠪᠣ ᠪᠠ ᠮᠥᠨ ᠵᠢᠮᠢᠰ ᠲᠡᠢ ᠨᠢᠮᠭᠡᠨ ᠪᠢᠩ ᠵᠡᠷᠭᠡ ᠶ᠋ᠢ ᠢᠳᠡᠵᠦ᠂ ᠵᠥᠭᠡᠢ ᠶ᠋ᠢᠨ ᠪᠠᠯ ᠲᠠᠢ ᠴᠠᠢ ᠤᠤᠭᠤᠵᠤ ᠴᠢᠨᠠᠭᠰᠢᠳᠠ ᠶᠠᠭᠠᠬᠢᠬᠤ ᠲᠤᠬᠠᠢ ᠪᠠᠨ ᠬᠡᠯᠡᠯᠴᠡᠪᠡ᠃
ᠭᠸᠤᠷᠬᠢ ᠸᠰᠸᠸᠤᠯᠤᠳᠤᠸᠢ᠍ᠴ ᠥᠪᠡᠷ ᠦ᠋ᠨ ᠪᠠᠢᠯᠳᠤᠭᠠᠨ ᠤ᠋ ᠲᠥᠯᠥᠪᠯᠡᠭᠡ ᠶ᠋ᠢ ᠲᠠᠢᠯᠪᠤᠷᠢᠯᠠᠵᠤ ᠥᠭᠪᠡ᠃
— ᠲᠠᠲ᠋ᠠᠷ ᠤ᠋ᠳ᠂ ᠭᠣᠣᠯ ᠤ᠋ᠨ ᠤᠰᠤᠨ ᠤ᠋ ᠬᠠᠭᠠᠯᠪᠤᠷᠢ ᠮᠡᠲᠦ ᠣᠯᠠᠨ ᠰᠠᠯᠠᠭ᠎ᠠ ᠪᠣᠯᠵᠤ ᠪᠦᠬᠦ ᠣᠷᠣᠰ ᠤ᠋ᠨ ᠭᠠᠵᠠᠷ ᠢ᠋ᠶ᠋ᠠᠷ ᠲᠠᠷᠠᠵᠤ᠂ ᠵᠢᠵᠢᠭ ᠤᠲ᠋ᠷᠢᠶᠠᠳ᠋ ᠤ᠋ᠳ ᠪᠣᠯᠤᠨ ᠪᠤᠲᠠᠷᠠᠭᠰᠠᠭᠠᠷ ᠪᠠᠢᠨ᠎ᠠ᠃ ᠪᠢᠳᠡᠨᠡᠷ ᠨᠢᠭᠡ ᠠᠭᠤᠤ ᠶᠡᠬᠡ ᠬᠦᠴᠦ ᠪᠣᠯᠤᠨ ᠨᠢᠭᠡᠳᠴᠦ᠂ ᠨᠢᠭᠡᠳᠦᠭᠰᠡᠨ ᠬᠦᠴᠦᠷᠬᠡᠭ ᠴᠡᠷᠢᠭ ᠢ᠋ ᠪᠠᠢᠭᠤᠯᠬᠤ ᠬᠡᠷᠡᠭᠲᠡᠢ᠃ ᠬᠠᠷᠢᠨ ᠴᠤᠭᠯᠠᠷᠠᠬᠤ ᠳ᠋ᠠᠭᠠᠨ ᠲᠠᠲ᠋ᠠᠷ ᠤ᠋ᠳ ᠲᠸ᠋ ᠬᠠᠮᠢᠭ᠎ᠠ ᠴᠤᠭᠯᠠᠷᠠᠨ ᠪᠠᠢᠭ᠎ᠠ ᠪᠠᠨ ᠦᠯᠦ ᠮᠡᠳᠡᠭᠳᠡᠬᠦ ᠶ᠋ᠢᠨ ᠲᠤᠯᠠ ᠠᠭᠯᠠᠭ ᠭᠦᠨ ᠣᠢ ᠳ᠋ᠤ᠌ ᠨᠢᠭᠤᠴᠠᠭᠠᠢ ᠪᠠᠷ ᠴᠤᠭᠯᠠᠷᠠᠬᠤ ᠬᠡᠷᠡᠭᠲᠡᠢ᠃ ᠲᠡᠭᠡᠭᠰᠡᠨ ᠦ᠌ ᠳᠠᠷᠠᠭ᠎ᠠ ᠲᠠᠲ᠋ᠠᠷ ᠤ᠋ᠳ ᠲᠸ᠋ ᠪᠥᠭᠡᠮᠨᠡᠷᠡᠬᠦ ᠪᠣᠯᠤᠯᠴᠠᠭ᠎ᠠ ᠣᠯᠭᠣᠯ ᠦᠭᠡᠢ ᠪᠡᠷ ᠲᠡᠳᠡᠨ ᠦ᠌ ᠤᠲ᠋ᠷᠢᠶᠡᠳ᠋ ᠦ᠋ᠳ ᠢ᠋ ᠨᠢᠭᠡ᠂ ᠨᠢᠭᠡ ᠪᠡᠷ ᠨᠢ ᠳᠡᠰ ᠳᠠᠷᠠᠭᠠᠯᠠᠨ ᠤᠰᠠᠳᠬᠠᠬᠤ ᠬᠡᠷᠡᠭᠲᠡᠢ᠃ ᠲᠡᠳᠡᠨ ᠢ᠋ ᠲᠡᠷᠡ ᠬᠡᠪ ᠢ᠋ᠶ᠋ᠡᠷ ᠨᠢ ᠪᠠᠢᠯᠭᠠᠵᠤ ᠪᠠᠢᠭᠠᠳ᠂ ᠬᠡᠰᠡᠭ ᠬᠡᠰᠡᠭ ᠢ᠋ᠶ᠋ᠡᠷ ᠨᠢ ᠴᠣᠬᠢᠬᠤ ᠬᠡᠷᠡᠭᠲᠡᠢ᠃
— ᠠᠯᠲᠠ ᠰᠢᠭ᠋ ᠴᠠᠭ ᠥᠩᠭᠡᠷᠡᠭᠡᠳ ᠯᠡ ᠪᠠᠢᠨ᠎ᠠ᠂ ᠴᠢ ᠲᠡᠭᠡᠭᠡᠳ ᠴᠡᠷᠢᠭ ᠢ᠋ᠶ᠋ᠡᠨ ᠬᠠᠮᠢᠭ᠎ᠠ ᠴᠤᠭᠯᠠᠷᠠᠭᠤᠯᠬᠤ ᠭᠡᠵᠦ ᠪᠠᠢᠨ᠎ᠠ ᠪᠣᠢ?
— ᠬᠠᠮᠢᠭ᠎ᠠ ᠴᠥ᠍ ᠶᠠᠭᠠᠬᠢᠬᠤᠪ᠂ ᠭᠠᠯᠢᠴᠸ᠂ ᠸᠸᠰᠢᠶᠸᠭᠤᠨᠰᠺ᠂ ᠴᠠᠭᠠᠨ ᠨᠠᠭᠤᠷ ᠢ᠋ᠶ᠋ᠠᠷ ᠪᠣᠯᠤᠨ᠎ᠠ᠃
— ᠬᠡᠲᠦᠷᠬᠡᠢ ᠬᠣᠯᠠ ᠪᠢᠰᠢ ᠤᠤ!
— ᠲᠡᠭᠡᠪᠡᠯ ᠮᠤᠯᠤᠭᠠ ᠭᠣᠣᠯ ᠳᠡᠭᠡᠷ᠎ᠡ ᠬᠦᠴᠦ ᠬᠤᠷᠠᠯᠳᠤᠭᠤᠯᠵᠤ ᠪᠣᠯᠬᠤ ᠶᠤᠮ ᠪᠠᠢᠨ᠎ᠠ᠃ ᠨᠠᠪᠲᠠᠷᠠᠰᠢ ᠦᠭᠡᠢ ᠱᠸᠷᠸᠢ ᠶ᠋ᠢᠨ ᠣᠢ ᠪᠣᠢ! ᠶᠡᠷᠦ ᠨᠢ ᠲᠡᠷᠡ ᠴᠢᠨᠢ ᠲᠣᠬᠢᠷᠠᠮᠵᠢᠲᠠᠢ ᠭᠠᠵᠠᠷ ᠶᠤᠮ᠃ ᠶᠠᠭᠠᠬᠢᠭᠠᠳ ᠭᠡᠪᠡᠯ᠂ ᠬᠣᠪᠳᠣᠭ ᠰᠢᠨᠤᠬᠠᠢ ᠲᠠᠲ᠋ᠠᠷ ᠤ᠋ᠳ ᠯᠠᠪ ᠨᠤᠸᠭᠤᠷᠤᠳ᠋ ᠳᠠᠰᠢ ᠣᠴᠢᠨ᠎ᠠ᠃ ᠲᠡᠳᠡ ᠭᠠᠳᠠᠭᠠᠳᠤ ᠣᠷᠣᠨ ᠤ᠋ ᠦᠨᠡᠲᠦ ᠲᠠᠸᠠᠷ ᠤ᠋ᠳ ᠢ᠋ ᠲᠡᠷᠡᠬᠦ ᠨᠤᠸᠭᠤᠷᠤᠳ᠋ ᠤ᠋ᠨ ᠬᠤᠳᠠᠯᠳᠤᠭᠠᠴᠢᠳ ᠤ᠋ᠨ ᠵᠣᠭᠣᠷᠢ ᠠ᠋ᠴᠠ ᠥᠭᠡᠷ᠎ᠡ ᠬᠠᠮᠢᠭ᠎ᠠ ᠠ᠋ᠴᠠ ᠣᠯᠬᠤ ᠪᠢᠯᠡ? ᠲᠠᠲ᠋ᠠᠷ ᠤ᠋ᠳ ᠢ᠋ ᠨᠤᠸᠭᠤᠷᠤᠳ᠋ ᠤ᠋ᠨ ᠬᠠᠭᠠᠨ ᠲᠠᠢ ᠲᠤᠯᠤᠯᠳᠤᠵᠤ ᠡᠬᠢᠯᠡᠬᠦ ᠳ᠋ᠦ᠍ ᠨᠢ ᠪᠢᠳᠡ ᠨᠠᠷ ᠲᠠᠲ᠋ᠠᠷ ᠤ᠋ᠳ ᠤ᠋ᠨ ᠵᠠᠮ ᠢ᠋ ᠣᠭᠲᠣᠯᠵᠤ ᠠᠷᠤ ᠠ᠋ᠴᠠ ᠨᠢ
ᠴᠣᠬᠢᠨ ᠲᠡᠨᠳᠡ ᠪᠢᠳᠡ ᠲᠠᠲ᠋ᠠᠷ ᠤ᠋ᠳ ᠢ᠋ ᠳᠠᠭᠤᠰᠬᠠᠨ᠎ᠠ᠃
— ᠪᠢ ᠪᠣᠯ ᠠᠷᠠᠢ ᠥᠭᠡᠷ᠎ᠡ ᠮᠠᠶᠢᠭ ᠢ᠋ᠶ᠋ᠠᠷ ᠬᠢᠬᠦ ᠪᠠᠢᠭᠰᠠᠨ ᠶᠤᠮ᠂ ᠶᠸᠸᠫᠠᠲ ᠺᠣᠯᠤᠸᠷᠠᠲ ᠣᠯᠠᠨ ᠪᠤᠰᠤ᠂ ᠶᠡᠷᠦ ᠡᠴᠡ ᠮᠢᠩᠭ᠎ᠠ ᠲᠠᠪᠤᠨ ᠵᠠᠭᠤ ᠰᠢᠬᠠᠮ ᠴᠡᠷᠢᠭ ᠲᠡᠢ ᠪᠠᠢᠭᠰᠠᠨ᠂ ᠭᠡᠲᠡᠯ᠎ᠡ ᠲᠠᠲ᠋ᠠᠷ ᠤ᠋ᠳ ᠢ᠋ ᠬᠡᠷᠬᠢᠨ ᠴᠠᠪᠴᠢᠭᠰᠠᠨ ᠪᠢᠯᠡ ᠳ᠋ᠠ! ᠭᠡᠵᠦ ᠸᠠᠰᠢᠯᠢᠺᠦ ᠬᠡᠯᠡᠪᠡ᠃
— ᠭᠡᠰᠡᠨ ᠴᠦ᠍ ᠴᠢᠨᠦ ᠲᠡᠷᠡ ᠰᠥᠨᠥᠭᠰᠡᠨ ᠰᠢᠦ ᠳ᠋ᠠ!
— ᠦᠬᠦᠭᠰᠡᠨ ᠴᠦ᠍ ᠪᠣᠯᠪᠠ᠂ ᠲᠡᠳᠡᠨ ᠢ᠋ ᠰᠠᠢᠨ ᠴᠢᠳᠠᠭᠰᠠᠨ ᠰᠢᠦ ᠳ᠋ᠠ! ᠲᠡᠳᠡ ᠨᠠᠷ ᠲᠠᠢ ᠲᠡᠢᠨᠬᠥ ᠪᠠᠢᠯᠳᠤᠵᠤ ᠮᠥᠷ ᠢ᠋ᠶ᠋ᠡᠷ ᠨᠢ ᠬᠥᠭᠡᠭᠡᠵᠦ ᠣᠯᠳᠠᠭᠰᠠᠨ ᠯᠠᠭᠧᠷ ᠢ᠋ ᠨᠢ ᠳᠠᠭᠠᠷᠢᠵᠤ ᠬᠢᠳᠤᠭᠠᠳ᠂ ᠠᠯᠢ ᠲᠣᠬᠢᠷᠠᠮᠵᠢᠲᠠᠢ ᠴᠠᠭ ᠢ᠋ ᠬᠦᠯᠢᠶᠡᠨ ᠠᠭᠤᠢ ᠳ᠋ᠤ᠌ ᠨᠢᠭᠡᠳᠴᠦ ᠪᠠᠢᠬᠤ ᠬᠡᠷᠡᠭᠲᠡᠢ ᠶᠤᠮ᠃ᠠᠶᠤᠯ ᠴᠣᠬᠣᠮ ᠬᠠᠮᠢᠭ᠎ᠠ ᠪᠠᠶ᠋ᠢᠭ᠎ᠠ ᠶ᠋ᠢ ᠲᠠᠲ᠋ᠠᠷ ᠤ᠋ᠳ ᠲᠤ᠌ ᠮᠡᠳᠡᠭᠳᠡᠭᠦᠯᠬᠦ ᠦᠭᠡᠢ ᠶ᠋ᠢᠨ ᠲᠤᠯᠠᠳᠠ᠂ ᠭᠠᠵᠠᠷ ᠪᠦᠷᠢ ᠳ᠋ᠦ᠍ ᠰᠠᠢᠨ ᠳᠤᠷ᠎ᠠ ᠶ᠋ᠢᠨ ᠴᠡᠷᠢᠭ ᠦ᠋ᠳ ᠢ᠋ ᠴᠤᠭᠯᠠᠷᠠᠭᠤᠯᠬᠤ ᠲᠠᠯ᠎ᠠ ᠪᠠᠷ ᠲᠤᠰᠠᠯᠠᠬᠤ ᠬᠡᠷᠡᠭᠲᠡᠢ ᠭᠡᠵᠦ ᠪᠢ ᠪᠣᠳᠣᠵᠤ ᠪᠠᠢᠨ᠎ᠠ᠃
— ᠦᠭᠡᠢ ᠡᠨᠡ ᠴᠢᠨᠢ ᠪᠤᠷᠤᠭᠤ!ᠢᠩᠭᠢᠪᠡᠯ ᠬᠦᠴᠦ ᠪᠡᠨ ᠪᠤᠲᠠᠷᠠᠭᠠᠬᠤ ᠳ᠋ᠤ᠌ ᠬᠦᠷᠦᠨ᠎ᠡ᠃ ᠬᠠᠷᠢᠨ ᠪᠤᠷᠬᠠᠨ ᠲᠡᠭᠷᠢ ( ᠶ᠋ᠢᠨ ) ᠢᠪᠡᠭᠡᠯ ᠳ᠋ᠦ᠍ ᠪᠢᠰᠢᠷᠡᠨ ᠬᠦᠴᠦᠷᠬᠡᠭ ᠴᠡᠷᠢᠭ ᠢ᠋ ᠬᠤᠷᠠᠯᠳᠤᠭᠤᠯᠤᠨ ᠯᠠᠮᠠ ᠨᠠᠷ ᠢ᠋ ᠠᠪᠴᠤ ᠪᠠᠢᠯᠳᠤᠭᠠᠨ ᠳ᠋ᠤ᠌ ᠲᠡᠷᠢᠭᠦᠨ ᠳ᠋ᠦ᠍ ᠣᠷᠣᠵᠤ ᠲᠤᠯᠤᠯᠳᠤᠬᠤ ᠬᠡᠷᠡᠭᠲᠡᠢ᠃ ᠲᠡᠭᠡᠪᠡᠯ ᠲᠡᠭᠷᠢ ᠮᠠᠨ ᠊ᠢ ᠬᠠᠷᠠᠵᠤ ᠭᠠᠳᠠᠭᠠᠳᠤ ᠳᠠᠢᠰᠤᠨ ᠢ᠋ ᠬᠢᠯᠢᠩᠨᠡᠨ ᠲᠣᠨᠢᠯᠭᠠᠨ᠎ᠠ᠃ ᠪᠢ ᠴᠦ᠍ ᠴᠠᠭᠯᠠᠰᠢ ᠦᠭᠡᠢ ᠠᠯᠳᠠᠷ ᠭᠠᠪᠢᠶ᠎ᠠ ᠶ᠋ᠢ ᠦᠢᠯᠡᠳᠬᠦ ᠪᠣᠯᠪᠠ ᠤᠤ ᠭᠡᠵᠦ ᠢᠲᠡᠭᠡᠵᠦ ᠪᠠᠢᠨ᠎ᠠ᠃ ᠮᠢᠨᠦ ᠲᠤᠰᠠᠯᠠᠮᠵᠢ ᠶ᠋ᠢ ᠪᠦᠬᠦ ᠣᠷᠣᠰ ᠤ᠋ᠨ ᠭᠠᠵᠠᠷ ᠬᠦᠯᠢᠶᠡᠵᠦ ᠪᠠᠢᠨ᠎ᠠ᠂ ᠪᠢ ᠲᠡᠭᠦᠨ ᠢ᠋ ᠠᠪᠤᠷᠠᠨ᠎ᠠ! ᠬᠠᠷᠢᠨ ᠪᠢ ᠸᠠᠩ ᠸᠠᠰᠢᠯᠢᠺᠦ ᠺᠣᠨᠰᠲ᠋ᠠᠨᠲ᠋ᠢᠨᠤᠸᠢᠴ ᠴᠢᠮ᠎ᠠ ᠠ᠋ᠴᠠ ᠲᠤᠰᠠᠯᠠᠮᠵᠢ ᠶ᠋ᠢ ᠡᠷᠢᠵᠦ ᠪᠠᠢᠨ᠎ᠠ᠂ ᠴᠢᠨᠦ ᠦᠭᠡ ᠶ᠋ᠢ ᠢᠲᠡᠭᠡᠵᠦ ᠴᠢᠨᠦ ᠵᠥᠪᠯᠡᠯᠭᠡ ᠶ᠋ᠢ ᠰᠣᠨᠣᠰᠤᠨ᠎ᠠ᠃
ᠪᠦᠬᠦ ᠸᠠᠩ ᠤ᠋ᠳ᠂ ᠭᠠᠵᠠᠷ ᠤ᠋ᠨ ᠡᠵᠡᠳ᠂ ᠵᠠᠢᠰᠠᠩ ᠤ᠋ᠳ ᠪᠣᠯᠤᠨ ᠵᠠᠩᠭᠢ ᠨᠤᠭᠤᠳ ᠢ᠋ ᠥᠪᠡᠷᠰᠡᠳ ᠦ᠋ᠨ ᠴᠡᠷᠢᠭ ᠦ᠋ᠳ ᠪᠠ ᠰᠦᠰᠦᠭ ᠦ᠋ᠨ ᠴᠡᠷᠢᠭ ᠢ᠋ ᠳᠠᠭᠠᠭᠤᠯᠤᠨ ᠮᠤᠯᠤᠭᠠ ᠭᠣᠣᠯ ᠳ᠋ᠤ᠌ ᠢᠷ᠎ᠡ ᠭᠡᠵᠦ ᠡᠯᠴᠢ ᠮᠣᠷᠳᠠᠭᠤᠯᠪᠠ᠃
—ᠲᠡᠨᠳᠡ ᠪᠢ ᠪᠠᠢᠯᠳᠤᠭᠠᠨ ᠤ ᠴᠢᠭᠤᠯᠭᠠᠨ ᠢ᠋ ᠵᠣᠬᠢᠶᠠᠵᠤ᠂ ᠲᠡᠨᠳᠡ ᠡᠴᠡ ᠥᠪᠡᠷ ᠢ᠋ᠶ᠋ᠡᠨ ᠵᠣᠷᠢᠭᠲᠤ ᠪᠠᠢᠯᠳᠤᠭᠴᠢᠳ ᠢ᠋ᠶ᠋ᠠᠨ ᠳᠠᠭᠠᠭᠤᠯᠤᠨ ᠲᠠᠲ᠋ᠠᠷ ᠤ᠋ᠳ ᠢ᠋ ᠦᠬᠦᠯ ᠳ᠋ᠦ᠍ ᠲᠣᠨᠢᠯᠭᠠᠨ᠎ᠠ᠃ ᠪᠢ ᠡᠬᠡ ᠣᠷᠣᠨ ᠳ᠋ᠠᠭᠠᠨ ᠲᠤᠰᠠᠯᠠᠬᠤ ᠶ᠋ᠢᠨ ᠲᠤᠯᠠᠳᠠ ᠴᠥᠮ ᠢ᠋ ᠦᠢᠯᠡᠳᠦᠨ᠎ᠡ᠂ ᠥᠪᠡᠷ ᠢ᠋ᠶ᠋ᠡᠨ ᠷᠣᠰᠲ᠋ᠣᠸ ᠤ᠋ᠨ ᠡᠷᠡᠴᠦᠳ ᠢ᠋ ᠠᠪᠴᠤ ᠢᠷᠡᠨ᠎ᠡ ᠭᠡᠪᠡ ᠃
ᠦᠰᠦᠭ ᠠᠮᠢᠯᠠᠭᠤᠯᠤᠭᠴᠢ᠄ ᠬᠦᠦᠳᠠᠭᠠᠭᠤᠯ 2᠂ ᠠᠯᠲᠠᠨᠴᠢᠮᠡᠭ 2᠂ ᠭᠡᠷᠡᠯ 1᠂ ᠮᠡᠷᠭᠡᠨᠭᠣᠸ᠎ᠠ 1᠂ ᠬᠡᠷᠡᠢᠳ ᠂ ᠮᠥᠩᠬᠡᠨᠠᠰᠤᠨ 1
ᠬᠢᠨᠠᠭᠴᠢ᠄ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 7᠂ ᠠᠷᠢᠭᠤᠨ7
