ᠪᠠᠲᠤ ᠬᠠᠭᠠᠨ 8-02ᠪᠠᠢᠯᠳᠤᠭᠠᠨ ᠤ᠋ ᠪᠠᠢᠷᠢ-ᠰᠢᠭᠤᠷᠭ᠎ᠠ ᠲᠠᠯᠪᠢᠪᠠBat khaan Бат хаан-ᠷᠣᠮᠠᠨ
ᠬᠣᠶᠠᠷ᠂ ᠪᠠᠢᠯᠳᠤᠭᠠᠨ ᠤ᠋ ᠪᠠᠢᠷᠢ
ᠷᠣᠰᠲ᠋ᠣᠸ ᠠ᠋ᠴᠠ ᠡᠯᠴᠢ ᠨᠠᠷ ᠳᠠᠪᠬᠢᠨ ᠢᠷᠡᠵᠦ ᠶᠡᠬᠡ ᠸᠠᠩ ᠭᠧᠦᠷᠬᠢ ᠸᠰᠧᠸᠦᠯᠦᠳᠦᠸᠢᠴ ᠪᠠ ᠸᠠᠩ ᠸᠠᠰᠢᠯᠢᠺᠦ ᠺᠣᠨᠰᠲ᠋ᠠᠨᠲ᠋ᠢᠨᠤᠸᠢᠴ ( ᠤ᠋ᠨ) ᠪᠤᠰᠤᠳ ᠸᠠᠩ ᠵᠠᠩᠭᠢ ᠨᠠᠷ ᠪᠣᠯᠤᠨ ᠪᠠᠢᠯᠳᠤᠭᠴᠢᠳ ᠲᠸ᠋᠂ ᠨᠤᠸᠭᠤᠷᠤᠳ᠋ ᠲᠸ᠋᠂ ᠫᠰᠺᠤᠸᠲ᠂ ᠸᠠᠤᠯᠭᠠ ᠮᠥᠷᠡᠨ ᠦ᠌ ᠣᠢᠷ᠎ᠠ ᠶ᠋ᠢᠨ ᠬᠣᠲᠠ ᠨᠤᠭᠤᠳ ᠰᠦᠳᠢᠰᠯᠡᠸᠯᠢ᠂ ᠶᠡᠷᠦᠰᠯᠡᠸᠯᠢ᠂ ᠺᠣᠰᠲ᠋ᠷᠤᠮ ᠪᠣᠯᠤᠨ ᠴᠢᠨᠠᠭᠰᠢᠳᠠ ᠭᠠᠯᠢᠴᠢ ᠪᠠ ᠴᠠᠭᠠᠨ ᠨᠠᠭᠤᠷ ᠲᠸ᠋ ᠬᠥᠭᠡᠭᠡᠬᠦ ( ᠬᠦᠷᠭᠡᠬᠦ ) ᠵᠠᠬᠢᠳᠠᠯ ᠢ᠋ ᠥᠭᠪᠡ᠃ ᠡᠳᠡᠨᠡᠷ ᠴᠡᠷᠢᠭ ᠦ᠋ᠳ ᠢ᠋ ᠳᠠᠢᠴᠢᠯᠠᠵᠤ ᠤᠯᠠᠭᠠᠨ ᠳᠣᠪᠣᠴᠠᠭ ᠭᠡᠳᠡᠭ ᠭᠠᠵᠠᠷ ᠪᠠᠢᠯᠳᠤᠭᠠᠨ ᠤ᠋ ᠪᠠᠢᠷᠢ ᠵᠣᠬᠢᠶᠠᠵᠤ ᠣᠷᠣᠰ ᠤ᠋ᠨ ᠪᠦᠬᠦ ᠬᠥᠮᠦᠰ ᠦ᠋ᠨ ᠨᠢᠭᠡᠳᠦᠭᠰᠡᠨ ᠶᠡᠬᠡ ᠴᠡᠷᠢᠭ ᠪᠠᠢᠭᠤᠯᠬᠤ ᠪᠣᠯᠵᠠᠢ᠃ ᠤᠯᠠᠭᠠᠨ ᠳᠣᠪᠣᠴᠠᠭ ᠤ᠋ᠨ ᠵᠦᠭ ᠪᠦᠬᠦᠨ ᠡᠴᠡ ᠴᠡᠷᠢᠭ ᠦ᠋ᠳ ᠴᠤᠪᠤᠨ᠎ᠠ᠃ ᠵᠠᠷᠢᠮ ᠤ᠋ᠳ ᠨᠢ ᠮᠣᠷᠢ ᠲᠠᠢ᠂ ᠬᠦ ᠬᠤᠶᠠᠭ ᠡᠮᠦᠰᠴᠦ᠂ ᠰᠡᠯᠡᠮ᠎ᠡ ᠵᠢᠳᠠ ᠪᠠᠷᠢᠵᠠᠢ᠃ ᠪᠤᠰᠤᠳ ᠨᠢ ᠶᠡᠬᠡ ᠲᠥᠯᠥᠪ ᠦᠰᠦᠲᠡᠢ ᠪᠣᠭᠣᠨᠢ ᠳᠡᠪᠡᠯ ᠡᠮᠦᠰᠴᠦ ᠴᠢᠪᠬ᠎ᠠ ᠰᠦᠬᠡ ᠪᠠᠷᠢᠵᠠᠢ᠃ ᠤᠯᠠᠭᠠᠨ ᠳᠣᠪᠣᠴᠠᠭ ᠳᠡᠭᠡᠷ᠎ᠡ ᠸᠠᠩ ᠭᠧᠣᠷᠬᠢ ᠪᠠᠢᠭᠰᠠᠨ ᠦᠭᠡᠢ᠃
— ᠪᠠᠢᠯᠳᠤᠭᠠᠨ ᠤ᠋ ᠴᠢᠭᠤᠯᠭᠠᠨ ᠮᠠᠨᠢ ᠬᠠᠮᠢᠭ᠎ᠠ ᠪᠠᠢᠨ᠎ᠠ ᠭᠡᠵᠦ ᠴᠤᠭᠯᠠᠷᠠᠭᠰᠠᠨ ᠪᠠᠢᠯᠳᠤᠭᠴᠢᠳ ᠬᠣᠭᠣᠷᠣᠨᠳᠣ ᠪᠠᠨ ᠶᠠᠷᠢᠯᠴᠠᠨ᠎ᠠ᠃
— ᠡᠨᠡ ᠭᠠᠵᠠᠷ ᠴᠥ᠍ ᠨᠢᠭᠤᠴᠠ ᠪᠠᠢᠬᠤ ᠪᠠᠢᠯ ᠦᠭᠡᠢ᠂ ᠬᠠᠷᠢᠨ ᠲᠠᠲ᠋ᠠᠷ ᠤ᠋ᠳ ᠤᠷᠢᠳᠴᠢᠯᠠᠨ ᠡᠵᠡᠯᠡᠬᠦ ᠶᠤᠮ ᠪᠢᠰᠢ ᠪᠢᠵᠡ ᠭᠡᠵᠦ ᠭᠠᠯ ᠳ᠋ᠤ᠌ ᠳᠤᠯᠠᠭᠠᠴᠠᠬᠤ ᠵᠠᠭᠤᠷ᠎ᠠ ᠶᠠᠷᠢᠯᠴᠠᠵᠠᠭᠠᠨ᠎ᠠ᠃
— ᠶᠡᠬᠡ ᠸᠠᠩ ᠭᠧᠦᠷᠬᠢ ᠥᠪᠡᠷ ᠦ᠋ᠨ ᠤᠳᠠᠲᠠᠯ᠎ᠠ ᠪᠣᠳᠣᠭᠰᠠᠨ ᠪᠣᠳᠣᠯᠭ᠎ᠠ ᠪᠠᠨ ᠬᠠᠶᠠᠭᠰᠠᠨ ᠨᠢ ᠰᠠᠢᠨ ᠪᠠᠢᠨ᠎ᠠ ᠳ᠋ᠠ! ᠲᠡᠷᠡ ᠣᠳᠣ ᠸᠠᠩ ᠨᠠᠷ ᠤ᠋ᠨ ᠳᠣᠲᠣᠷ᠎ᠠ ᠠ᠋ᠴᠠ ᠬᠠᠮᠤᠭ ᠤ᠋ᠨ ᠬᠦᠴᠦᠲᠡᠢ ᠨᠢ ᠪᠥᠭᠡᠳ ᠣᠷᠣᠰ ᠤ᠋ᠨ ᠴᠡᠷᠢᠭ ᠦ᠋ᠳ ᠢ᠋ ᠮᠠᠩᠯᠠᠢᠯᠠᠨ ᠪᠣᠰᠬᠤ ᠴᠠᠭ ᠨᠢ ᠴᠦ᠍ ᠪᠣᠯᠵᠤ ᠳ᠋ᠠ᠃ ᠬᠡᠳᠦᠢᠨᠡᠢ ᠲᠠᠲ᠋ᠠᠷ ᠤ᠋ᠳ ᠤ᠋ᠨ ᠲᠤᠬᠠᠢ ᠠᠩᠬ᠎ᠠ ᠰᠣᠨᠣᠰᠤᠭᠳᠠᠬᠤ ᠳ᠋ᠤ᠌ ᠡᠢᠨᠬᠦ ᠬᠥᠳᠡᠯᠬᠦ ᠶᠣᠰᠣᠲᠠᠢ ᠪᠠᠢᠭᠰᠠᠨ ᠶᠤᠮ᠃ ᠲᠡᠷᠡ ᠦᠶ᠎ᠡ ᠳ᠋ᠦ᠍ ᠥᠪᠡᠷ ᠢ᠋ᠶ᠋ᠡᠨ ᠭᠡᠳᠡᠷᠭᠦ ᠰᠠᠭᠤᠵᠤ ᠷᠶᠡᠽᠡᠨ ᠦ᠌ ᠬᠢᠨ ᠳ᠋ᠦ᠍ ᠲᠤᠰᠠᠯᠠᠭᠰᠠᠨ ᠦᠭᠡᠢ᠂ ᠣᠳᠣ ᠴᠠᠭ ᠨᠥᠭᠴᠢᠵᠦ᠂ ᠬᠡᠴᠢᠨᠡᠨ ᠣᠷᠣᠰ ᠬᠥᠮᠦᠨ ᠬᠥᠰᠡᠷ ᠬᠠᠶᠠᠭᠳᠠᠪᠠ᠃ ᠪᠦᠬᠦ ᠳᠡᠯᠡᠬᠡᠢ ᠳᠠᠶᠠᠭᠠᠷ ᠵᠠᠨᠤᠯᠲᠠᠢ ᠳᠠᠢᠰᠤᠨ ᠤ᠋ ᠡᠰᠡᠷᠭᠦ ᠪᠦᠭᠦᠳᠡ ᠲᠡᠮᠡᠴᠡᠪᠡᠯ ᠲᠡᠭᠦᠨ ᠢ᠋ ᠪᠡᠨ ᠠᠷᠢᠭᠤᠳᠬᠠᠵᠤ ᠴᠢᠳᠠᠨ᠎ᠠ᠂ ᠠᠢ ᠳ᠋ᠠ᠃ ᠸᠠᠩ ᠤ᠋ᠳ ᠤ᠋ᠨ ᠬᠡᠷᠡᠭᠦᠯ ᠮᠠᠷᠭᠤᠯᠳᠤᠭᠠᠨ ᠠ᠋ᠴᠠ ᠪᠣᠯᠵᠤ ᠣᠷᠣᠰ ᠤ᠋ᠨ ᠭᠠᠵᠠᠷ ᠮᠥᠬᠥᠳᠡᠭ ᠪᠠᠢᠨ᠎ᠠ ᠳ᠋ᠠ ᠭᠡᠯᠴᠡᠨ᠎ᠡ᠃
ᠶᠡᠬᠡ ᠸᠠᠩ ᠭᠧᠣᠷᠬᠢ ᠸᠰᠧᠸᠦᠯᠦᠳᠦᠸᠢᠴ ᠷᠣᠰᠲ᠋ᠣᠸ ᠲᠤ᠌ ᠤᠳᠠᠭᠠᠨ ᠪᠠᠢᠭᠰᠠᠨ ᠦᠭᠡᠢ᠃ ᠥᠭᠯᠢᠴᠢ ᠳ᠋ᠦ᠍ ᠬᠦᠷᠴᠦ ᠸᠡᠦᠯᠭᠠ ᠮᠥᠷᠡᠨ ᠢ᠋ ᠤᠷᠤᠭᠤᠳᠠᠨ ᠮᠸᠢ᠌ᠱᠺᠢᠨ ᠳ᠋ᠦ᠍ ᠬᠦᠷᠦᠭᠡᠳ ᠲᠡᠨᠳᠡ ᠡᠴᠡ ᠣᠢ ᠶ᠋ᠢᠨ ᠵᠠᠮ ᠢ᠋ᠶ᠋ᠠᠷ ᠶᠠᠪᠤᠭᠰᠠᠭᠠᠷ ᠮᠣᠯᠣᠭᠠ ᠭᠣᠣᠯ ᠳ᠋ᠤ᠌ ᠬᠣᠯᠠ ᠪᠤᠰᠤ ᠴᠢᠳᠬᠤᠬᠤ ᠰᠢᠲ ᠭᠣᠣᠯ ᠳ᠋ᠤ᠌ ᠬᠦᠷᠪᠡ᠃ ᠲᠡᠨᠳᠡ ᠪᠤᠵᠸᠨ᠋ᠺᠢ ᠭᠡᠳᠡᠭ ᠲᠣᠰᠬᠣᠨ ᠳ᠋ᠤ᠌ ᠸᠠᠾᠷᠠᠮᠧᠶᠠ ᠭᠡᠭᠴᠢ ᠯᠠᠮᠠ ᠶ᠋ᠢᠨ ᠭᠡᠷ ᠲᠦ᠍ ᠪᠠᠭᠤᠳᠠᠯᠯᠠᠪᠠ᠃ ᠯᠠᠮᠠ ᠥᠪᠡᠷ ᠦ᠋ᠨ ᠢ᠋ᠶ᠋ᠡᠨ ᠭᠠᠵᠢᠭᠰᠠᠨ ᠮᠣᠳᠣᠨ ᠰᠦᠮ᠎ᠡ ᠲᠡᠢ ᠠᠳᠠᠯᠢ ᠡᠷᠲᠡᠨ ᠦ᠌ ᠬᠥᠮᠦᠨ ᠪᠥᠭᠡᠳ ᠬᠠᠭᠤᠴᠢ ᠬᠥᠭᠡᠷᠬᠦ ᠳ᠋ᠡᠭᠡᠨ ᠳᠤᠷᠠᠲᠠᠢ᠂ ᠯᠠᠮᠠ ᠶ᠋ᠢᠨ ᠡᠬᠡᠨᠡᠷ ᠣᠯᠢᠮᠫᠶᠠᠳᠠ ᠨᠠᠰᠤ ᠠᠬᠢᠮᠠᠭ ᠪᠣᠯᠪᠠᠴᠤ ᠬᠥᠩᠭᠡᠨ᠂ ᠡᠶᠡᠯᠳᠡᠭ ᠪᠠ ᠪᠠᠶᠠᠰᠬᠤᠯᠠᠩᠲᠠᠢ᠂ ᠡᠭᠦᠳᠡᠨ ᠦ᠌ ᠲᠠᠯᠠᠪᠠᠢ ᠪᠠᠷ ᠭᠦᠶᠦᠵᠦ ᠵᠣᠴᠢᠨ ᠳ᠋ᠤ᠌ ᠳᠠᠪᠤᠰᠤᠯᠠᠭᠰᠠᠨ ᠮᠢᠬ᠎ᠠ ᠪᠠ ᠨᠠᠷᠢᠨ ᠪᠣᠣᠪᠣ᠂ ᠰᠠᠶᠢ ᠬᠠᠭᠠᠰ ᠨᠢ ᠡᠬᠢᠯᠡᠭᠰᠡᠨ ᠮᠥᠭᠥ ᠲᠡᠢ ᠪᠤᠳᠠᠭ᠎ᠠ ᠪᠠᠰᠠ ᠰᠣᠩᠭᠢᠨ᠎ᠠ ᠲᠠᠢ ᠵᠢᠭᠠᠰᠤ ᠲᠡᠷᠢᠭᠦᠲᠡᠨ ᠢ᠋ᠶ᠋ᠡᠷ ᠵᠣᠴᠢᠯᠠᠬᠤ ᠶ᠋ᠢ ᠡᠷᠡᠮᠡᠯᠵᠡᠨ᠎ᠡ᠃
ᠸᠠᠾᠷᠠᠮᠧᠶᠠ ᠠ᠋ᠴᠠ ᠲᠠᠢᠯᠪᠤᠷᠢᠯᠠᠨ ᠥᠭᠦᠯᠡᠬᠦ ᠨᠢ᠄《ᠪᠤᠵᠸᠨ᠋ᠺᠢ ᠭᠡᠳᠡᠭ ᠰᠠᠭᠤᠷᠢᠨ ᠳ᠋ᠤ᠌ ᠪᠠᠷᠠᠭᠤᠨ ᠠ᠋ᠴᠠ ᠭᠠᠭᠴᠠᠬᠠᠨ ᠵᠠᠮ ᠪᠧᠵᠧᠼᠺ ᠡᠴᠡ ᠢᠷᠡᠨ᠎ᠡ᠃ ᠬᠠᠷᠢᠨ ᠵᠡᠭᠦᠨ ᠵᠦᠭ ᠡᠴᠡ ᠪᠣᠯ ᠵᠥᠪᠬᠡᠨ ᠡᠪᠦᠯ ᠦ᠋ᠨ ᠴᠠᠭ ᠮᠣᠯᠣᠭᠠ ᠪᠠ ᠰᠢᠲ ᠭᠣᠣᠯ ᠤ᠋ᠳ ᠢ᠋ᠶ᠋ᠠᠷ ᠶᠠᠪᠤᠵᠤ ᠪᠣᠯᠤᠨ᠎ᠠ᠃ ᠡᠷᠭᠢᠨ ᠲᠣᠭᠣᠷᠢᠨ ᠣᠢ ᠮᠣᠳᠣ᠂ ᠵᠤᠨ ᠪᠣᠯ ᠰᠢᠪᠠᠷ ᠨᠠᠮᠤᠭ ᠪᠥᠭᠡᠳ ᠡᠪᠦᠯ ᠬᠥᠯᠳᠡᠬᠦ ᠦᠭᠡᠢ ᠠᠭᠤᠷ ᠰᠠᠪᠰᠠᠵᠤ ᠪᠠᠢᠳᠠᠭ ᠪᠠᠮᠪᠠᠯᠵᠤᠤᠷ ᠬᠦᠷᠲᠡᠯ᠎ᠡ ᠪᠠᠢᠬ᠎ᠠ》 ᠭᠡᠪᠡ᠃
— ᠲᠡᠭᠡᠪᠡᠯ ᠲᠠᠲ᠋ᠠᠷ ᠤ᠋ᠳ ᠡᠨᠳᠡ ᠢᠷᠡᠵᠦ ᠴᠢᠳᠠᠬᠤ ᠦᠭᠡᠢ ᠪᠢᠵᠡ ᠠ᠋? ᠭᠡᠵᠦ ᠸᠠᠩ ᠭᠧᠣᠷᠬᠢ ᠥᠭᠦᠯᠡᠨ᠎ᠡ᠃
— ᠴᠥᠮ ᠢ᠋ᠶ᠋ᠡᠷ ᠰᠢᠭᠢᠳᠴᠦ ᠦᠬᠦᠨ᠎ᠡ ᠭᠡᠵᠦ ᠸᠠᠾᠷᠠᠮᠧᠶᠠ ᠪᠠᠲᠤᠯᠠᠨ᠎ᠠ᠃
— ᠡᠨᠡ ᠭᠠᠵᠠᠷ ᠮᠢᠨᠦ ᠳᠤᠷ᠎ᠠ ᠶ᠋ᠢ ᠲᠠᠲᠠᠨ᠎ᠠ᠂ ᠡᠨᠳᠡ ᠪᠢ ᠥᠪᠡᠷ ᠦ᠋ᠨ ᠪᠠᠢᠯᠳᠤᠭᠠᠨ ᠳ᠋ᠤ᠌ ᠪᠠᠢᠷᠢ ᠶ᠋ᠢ ᠵᠣᠬᠢᠶᠠᠨ᠎ᠠ᠃
— ᠲᠩᠷᠢ ᠥᠷᠥᠰᠢᠶᠡ! ᠭᠡᠵᠦ ᠯᠠᠮᠠ ᠸᠠᡁᠷᠠᠮᠸᠶᠠ ᠵᠥᠪᠰᠢᠶᠡᠷᠡᠵᠦ᠂
— ᠡᠵᠡᠨ ᠬᠠᠷᠢᠶᠠᠲᠤ ᠮᠢᠨᠢ ᠡᠬᠢᠯᠡᠭᠲᠦᠨ᠂ ᠪᠦᠭᠦᠳᠡ ᠶ᠋ᠢ ᠵᠠᠬᠢᠷᠤᠭᠴᠢ ᠡᠵᠡᠨ ᠲᠠᠨ ᠤ᠋ ᠲᠥᠯᠥᠭᠡ᠂ ᠲᠠᠨ ᠤ᠋ ᠪᠦᠬᠦ ᠴᠡᠷᠢᠭ ᠦ᠋ᠨ ᠲᠥᠯᠥᠭᠡ᠂ ᠳᠠᠢᠰᠤᠨ ᠢ᠋ ᠳᠠᠷᠤᠵᠤ ᠳᠡᠢᠯᠬᠦ ᠶ᠋ᠢᠨ ᠲᠥᠯᠥᠭᠡ ᠪᠢ ᠡᠳᠦᠷ ᠪᠦᠷᠢ ᠮᠥᠷᠭᠥᠯ ᠬᠢᠰᠦᠭᠡᠢ ᠭᠡᠪᠡ᠃
ᠳᠠᠢᠴᠢᠯᠠᠭᠠᠨ ᠳ᠋ᠤ᠌ ᠬᠠᠮᠤᠭ ᠤ᠋ᠨ ᠨᠢᠭᠡᠳᠦᠭᠡᠷ ᠲᠦ᠍ ᠣᠢᠷ᠎ᠠ ᠪᠠᠢᠭ᠎ᠠ ᠪᠠᠷ ᠸᠠᠩ ᠰᠢᠼᠢᠺ ᠢ᠋ ᠴᠢᠭᠤᠯᠭᠠᠨ ᠳ᠋ᠤ᠌ ᠳᠠᠭᠤᠳᠠᠨ ᠡᠳᠡᠨᠡᠷ ᠴᠡᠷᠢᠭ ᠦ᠋ᠳ ᠦ᠋ᠨ ᠬᠠᠮᠲᠤ ᠡᠪᠡᠰᠦ᠂ ᠭᠤᠯᠢᠷ᠂ ᠳᠠᠪᠤᠰᠤᠯᠠᠭᠰᠠᠨ ᠵᠢᠭᠠᠰᠤ ᠠᠴᠢᠶᠠᠯᠠᠵᠤ ᠢᠷᠡᠭᠦᠯᠪᠡ᠃
ᠸᠠᠩ ᠰᠢᠼᠢᠺ ᠦ᠋ᠨ ᠡᠷᠡᠴᠦᠳ᠂ ᠦᠰᠦᠲᠡᠢ ᠳᠡᠪᠡᠯ ᠪᠤᠶᠤ ᠲᠠᠤᠯᠠᠢ ᠶ᠋ᠢᠨ ᠠᠷᠠᠰᠤᠨ ᠳᠡᠪᠡᠯ ᠢ᠋ ᠥᠩᠭᠡ ᠶ᠋ᠢᠨ ᠲᠤᠤᠵᠠ ᠪᠠᠷ ᠡᠮᠵᠢᠭᠰᠡᠨ ᠴᠢᠨᠣ᠎ᠠ ᠶ᠋ᠢᠨ ᠠᠷᠠᠰᠤᠨ ᠭᠤᠷᠪᠠᠨ ᠲᠠᠯ᠎ᠠ ᠮᠠᠯᠠᠭᠠᠢ ᠡᠮᠦᠰᠳᠡᠭ ᠪᠥᠭᠡᠳ ᠮᠥᠷᠥ ᠪᠡᠨ ᠬᠦᠷᠦᠭᠰᠡᠨ ᠦᠰᠦᠲᠡᠢ ᠡᠷᠡᠴᠦᠳ᠂ ᠸᠠᠩ ᠣᠷᠣᠵᠤ ᠢᠷᠡᠬᠦ ᠱᠠᠲᠤᠨ ᠤ᠋ ᠳᠡᠷᠭᠡᠳᠡ ᠴᠢᠪᠬ᠎ᠠ ᠲᠤᠯᠵᠠᠭᠠᠨ ᠰᠢᠬᠠᠴᠠᠯᠳᠤᠨ ᠵᠣᠭᠰᠣᠵᠠᠭᠠᠨ᠎ᠠ᠃
ᠠᠬᠠᠯᠠᠭᠴᠢ ᠨᠢ ᠤᠷᠤᠭᠰᠢ ᠭᠠᠷᠴᠤ ᠥᠪᠡᠷ ᠦ᠋ᠨ ᠦᠨᠳᠦᠰᠦᠨ ᠦ᠌ ᠰᠢᠼ ᠭᠣᠣᠯ ᠤ᠋ᠨ ᠠᠶᠠᠯᠭᠤ ᠪᠠᠷ᠂
— ᠶᠠᠭᠤᠨ ᠳ᠋ᠤ᠌ ᠪᠢᠳᠡᠨ ᠢ᠋ ᠳᠠᠭᠤᠳᠠᠪᠠ? ᠰᠢᠼᠢᠺ ᠢ᠋ ᠶᠠᠭᠤᠨ ᠳ᠋ᠤ᠌ ᠪᠣᠰᠬᠠᠪᠠ? ᠪᠢᠳᠡᠨ ᠢ᠋ ᠬᠡᠨ ᠲᠡᠢ ᠠᠯᠠᠯᠳᠤᠬᠤ ᠶ᠋ᠢ ᠬᠡᠯᠡᠵᠦ ᠥᠭᠭᠦᠨ᠎ᠡ ᠤᠤ? ᠭᠡᠪᠡ᠃
ᠸᠠᠩ ᠬ᠌ᠸᠣᠷᠭᠢ ᠳᠠᠷᠤᠢᠬᠠᠨ ᠥᠪᠡᠷ ᠦ᠋ᠨ ᠠᠵᠤ ᠠᠬᠤᠢᠴᠢ ᠴᠢᠳᠠᠪᠤᠷᠢ ᠶ᠋ᠢ ᠦᠵᠡᠭᠦᠯᠦᠨ᠂ ᠨᠢᠭᠡᠨᠲᠡ ᠰᠢᠼ ᠭᠣᠣᠯ ᠤ᠋ᠨ ᠳᠠᠭᠠᠤ ᠰᠠᠷᠠᠪᠴᠢ ᠶ᠋ᠢ ᠪᠣᠰᠬᠠᠵᠤ ᠰᠠᠷᠠᠪᠴᠢ ᠪᠦᠷᠢ ᠳ᠋ᠦ᠍ ᠰᠢᠪᠡᠷ ᠪᠤᠶᠤ ᠴᠢᠯᠠᠭᠤ ᠪᠠᠷ ᠫᠢᠰᠢᠩ ᠪᠠᠷᠢᠬᠤ᠂ ᠪᠤᠰᠤᠳ ᠬᠥᠮᠦᠨ ᠦ᠌ ᠥᠨᠳᠥᠷ ᠦ᠋ᠨ ᠬᠡᠮᠵᠢᠶᠡᠨ ᠦ᠌ ᠤᠷᠲᠤ ᠣᠺᠣᠫ( ᠨᠦᠬᠡ) ᠮᠠᠯᠲᠠᠬᠤ ᠶ᠋ᠢ ᠳᠠᠭᠠᠭᠠᠯᠭᠠᠪᠠ᠃
— ᠡᠭᠦᠨ ᠢ᠋ ᠪᠢᠳᠡ ᠴᠢᠳᠠᠨ᠎ᠠ᠂ ᠪᠢᠳᠡ ᠨᠠᠮᠤᠭ ᠮᠠᠯᠲᠠᠬᠤ ᠨᠠᠷᠠᠰᠤ ᠴᠠᠪᠴᠢᠬᠤ ᠳ᠋ᠤ᠌ ᠳᠠᠳᠤᠯᠭ᠎ᠠ ᠲᠠᠢ ᠭᠡᠵᠦ ᠰᠢᠼ ᠦ᠋ᠨ ᠡᠷᠡᠴᠦᠳ ᠬᠠᠷᠢᠭᠤᠯᠪᠠ᠃
ᠡᠷᠡᠴᠦᠳ ᠲᠡᠷᠡ ᠳᠠᠷᠤᠢ ᠪᠥᠭᠡᠮ ᠪᠥᠭᠡᠮ ᠢ᠋ᠶ᠋ᠡᠷ ᠣᠢ ᠳᠣᠲᠣᠷ᠎ᠠ ᠣᠴᠢᠵᠤ ᠰᠦᠬᠡ ᠪᠡᠷ ᠴᠠᠪᠴᠢᠨ᠎ᠠ᠂ ᠨᠠᠷᠠᠰᠤ ᠬᠤᠱ᠌ᠢ ᠤᠨᠠᠵᠤ ᠭᠠᠵᠠᠷ ᠪᠦᠷᠬᠦᠪᠡ ᠃ ᠥᠩᠭᠡᠯᠡᠵᠦ ᠤᠷᠤᠰᠤᠭᠰᠠᠨ ᠰᠢᠼ ᠭᠣᠣᠯ ᠤ᠋ᠨ ᠥᠨᠳᠥᠷ ᠡᠷᠭᠢ ᠳ᠋ᠦ᠍ ᠬᠣᠯᠲᠣᠰᠣ ᠪᠠᠷ ᠪᠦᠲᠦᠭᠡᠭᠳᠡᠭᠰᠡᠨ ᠬᠠᠪᠲᠠᠭᠠᠢ ᠰᠠᠷᠠᠪᠴᠢ ᠰᠦᠨᠳᠡᠷᠯᠡᠨ ᠪᠣᠰᠪᠠ᠃ ᠬᠡᠳᠦ ᠬᠣᠨᠣᠭᠰᠠᠨ ᠤ᠋ ᠳᠠᠷᠠᠭ᠎ᠠ ᠲᠡᠳᠡᠭᠡᠷ ᠰᠠᠷᠠᠪᠴᠢ ᠨᠤᠭᠤᠳ ᠠ᠋ᠴᠠ ᠤᠲᠤᠭ᠎ᠠ ᠭᠠᠷᠴᠤ ᠦᠵᠡᠭᠳᠡᠨ᠎ᠡ᠃
ᠰᠠᠢᠨ ᠳᠤᠷ᠎ᠠ ᠶ᠋ᠢᠨ ᠪᠠᠢᠯᠳᠤᠭᠴᠢᠳ ᠵᠦᠭ ᠪᠦᠬᠦᠨ ᠡᠴᠡ ᠭᠠᠭᠴᠠ᠂ ᠨᠢᠭᠡ᠂ ᠲᠠᠪᠤ᠂ ᠠᠷᠪᠠ ᠪᠠᠷ ᠢ᠋ᠶ᠋ᠠᠨ ᠢᠷᠡᠭᠰᠡᠭᠡᠷ ᠪᠠᠢᠯ᠎ᠠ᠃ ᠸᠠᠩ ᠭᠸᠤᠷᠭᠢ ᠪᠦᠭᠦᠳᠡ ᠳ᠋ᠦ᠍ᠨᠢ ᠠᠵᠢᠯ ᠣᠨᠤᠭᠳᠠᠭᠤᠯᠤᠭᠰᠠᠭᠠᠷ ᠵᠠᠷᠢᠮ ᠨᠢ ᠨᠠᠮᠤᠭ ᠭᠠᠵᠠᠷ ᠢ᠋ᠶ᠋ᠠᠷ ᠤᠬᠤᠨ᠎ᠠ᠂ ᠪᠤᠰᠤᠳ ᠨᠢ ᠣᠢ ᠳᠣᠲᠣᠷ᠎ᠠ ᠠ᠋ᠴᠠ ᠬᠠᠭᠤᠷᠠᠢ ᠮᠣᠳᠣ᠂ ᠬᠣᠵᠤᠤᠯ᠎ᠠ ᠴᠤᠭᠯᠠᠷᠠᠭᠤᠯᠤᠨ ᠤᠷᠲᠤ ᠬᠠᠭᠠᠯᠲᠠ ᠪᠡᠬᠢᠯᠡᠯᠲᠡ ᠬᠢᠨ᠎ᠡ᠃
ᠤᠳᠠᠭᠰᠠᠨ ᠦᠭᠡᠢ ᠷᠤᠰᠲ᠋ᠤᠸ ᠤ᠋ᠨ ᠸᠠᠩ ᠸᠠᠰᠢᠯᠢᠺᠤ ᠺᠤᠨᠰᠲ᠋ᠨᠨᠲ᠋ᠢᠨᠤᠸᠢᠴ ᠥᠪᠡᠷ ᠦ᠋ᠨ ᠪᠠᠭ ᠭᠤᠷᠪᠠᠨ ᠵᠠᠭᠤᠨ ᠮᠣᠷᠢᠲᠤ ᠴᠡᠷᠢᠭ᠂ ᠨᠢᠭᠡ ᠮᠢᠩᠭᠠᠨ ᠶᠠᠪᠠᠭᠠᠨ ᠪᠠᠢᠯᠳᠤᠭᠴᠢ ᠨᠠᠷ ᠤ᠋ᠨ ᠬᠠᠮᠲᠤ ᠬᠦᠷᠦᠯᠴᠡᠨ ᠢᠷᠡᠪᠡ ᠃ ᠲᠡᠳᠡᠨ ᠦ᠌ ᠬᠣᠢᠨ᠎ᠠ ᠠ᠋ᠴᠠ ᠮᠢᠬ᠎ᠠ᠂ ᠭᠤᠯᠢᠷ᠂ ᠪᠣᠷᠳᠣᠭ᠎ᠠ ᠠᠴᠢᠭᠰᠠᠨ ᠴᠢᠷᠭ᠎ᠠ ᠨᠤᠭᠤᠳ ᠶᠠᠪᠤᠨ᠎ᠠ᠃ ᠸᠠᠩ ᠱᠤᠤᠭᠢᠶᠠᠨᠲᠤ ᠯᠠᠭᠧᠷ ᠢ᠋ ᠲᠣᠭᠣᠷᠢᠨ ᠶᠠᠪᠤᠵᠤ᠂ ᠬᠠᠭᠠᠯᠲᠠ ᠶ᠋ᠢᠨ ᠡᠮᠦᠨ᠎ᠡ ᠮᠣᠷᠢ ᠪᠠᠨ ᠵᠣᠭᠰᠣᠭᠠᠵᠤ ᠴᠠᠭᠠᠨ ᠮᠣᠳᠣᠨ ᠰᠠᠷᠠᠪᠴᠢ ᠨᠤᠭᠤᠳ ᠢ᠋ ᠰᠢᠷᠳᠡᠨ ᠪᠣᠳᠣᠯᠭ᠎ᠠ ᠪᠣᠯᠤᠨ ᠭᠠᠢᠬᠠᠵᠤ ᠲᠣᠯᠣᠭᠠᠢ ᠪᠠᠨ ᠰᠡᠭᠰᠦᠷᠦᠭᠡᠳ ᠰᠦᠮ᠎ᠡ ᠶ᠋ᠢᠨ ᠵᠦᠭ ᠴᠢᠭᠯᠡᠪᠡ᠃
ᠬᠠᠷ᠎ᠠ ᠯᠠᠮᠠ ᠶ᠋ᠢᠨ ᠪᠠᠢᠰᠢᠩ ᠤ᠋ᠨ ᠳᠡᠷᠭᠡᠳᠡᠬᠢ ᠰᠢᠨ᠎ᠡ ᠰᠠᠷᠠᠪᠴᠢ ᠶ᠋ᠢᠨ ᠳᠡᠭᠡᠷ᠎ᠡ ᠶᠡᠬᠡ ᠸᠠᠩ ᠤ᠋ᠨ ᠬᠠᠷ᠎ᠠ ᠳᠠᠯᠪᠠᠭ᠎ᠠ ᠬᠡᠢᠰᠦᠨ᠎ᠡ᠃ ᠲᠡᠭᠦᠨ ᠦ᠌ ᠳᠡᠭᠡᠷ᠎ᠡ《 ᠭᠠᠷ ᠢ᠋ᠶ᠋ᠠᠷ ᠪᠦᠲᠦᠰᠢ ᠦᠭᠡᠢ ᠰᠫᠠᠰᠸᠢ》 ᠶ᠋ᠢᠨ ᠳᠦᠷᠢ ᠶ᠋ᠢ ᠠᠯᠲᠠᠨ ᠤᠲᠠᠰᠤ ᠪᠠᠷ ᠵᠡᠭᠦᠦ ᠣᠷᠢᠶᠠᠨ ᠣᠶᠣᠵᠠᠢ᠃
ᠱᠠᠲᠤᠨ ᠳᠡᠭᠡᠷ᠎ᠡ᠂ ᠤᠷᠲᠤ ᠬᠣᠷᠮᠣᠢ ᠲᠠᠢ ᠡᠷᠢᠶᠡᠨ ᠳᠡᠪᠡᠯ᠂ ᠤᠷᠤᠭᠰᠢ ᠭᠣᠵᠣᠢᠭᠰᠠᠨ ᠪᠤᠭᠤᠷᠤᠯ ᠰᠠᠬᠠᠯᠲᠠᠢ ᠰᠦᠯᠵᠢᠮᠡᠯ ᠦᠰᠦᠲᠡᠢ ᠡᠪᠦᠭᠡᠨ ᠯᠠᠮᠠ ᠭᠠᠷᠴᠤ ᠢᠷᠡᠪᠡ᠃
— ᠴᠢᠮᠠᠲᠤ ᠰᠢᠳᠤᠷᠭᠤ ᠶ᠋ᠢ ᠭᠦᠢᠴᠡᠳᠬᠡᠰᠦᠭᠡᠢ! ᠸᠠᠩ ᠸᠠᠰᠢᠯᠢᠺᠤ ᠺᠤᠨᠰᠲ᠋ᠠᠨᠲ᠋ᠢᠨᠤᠸᠢᠴ ᠣᠷᠣᠵᠤ ᠳᠤᠯᠠᠭᠠᠴᠠᠨ᠎ᠠ ᠤᠤ?
—ᠰᠠᠢᠨ ᠪᠠᠢᠨ᠎ᠠ ᠤᠤ? ᠸᠠᠾᠷᠠᠮᠸᠢ ᠭᠤᠸᠠᠢ ᠰᠡᠭᠦᠯᠴᠢ ᠶ᠋ᠢᠨ ᠤᠳᠠᠭ᠎ᠠ ᠡᠨᠳᠡ ᠢᠷᠡᠭᠰᠡᠨ ᠡᠴᠡ ᠬᠣᠢᠰᠢ ᠤᠳᠠᠲᠠᠯ᠎ᠠ ᠴᠢᠮᠠᠶ᠋ᠢ ᠦᠵᠡᠭᠰᠡᠨ ᠦᠭᠡᠢ᠂ ᠴᠢ ᠪᠣᠯᠤᠨ ᠴᠢᠨᠦ ᠰᠦᠮ᠎ᠡ ᠤᠯᠠᠮ ᠥᠲᠡᠯᠦᠭᠰᠡᠭᠡᠷ ᠪᠠᠢᠨ᠎ᠠ ᠤᠤ?
— ᠰᠡᠭᠦᠯᠴᠢ ᠶ᠋ᠢᠨ ᠤᠳᠠᠭ᠎ᠠ ᠴᠢᠪᠬ᠎ᠠ ᠪᠠᠷ ᠠᠩ ᠠᠩᠨᠠᠵᠤ ᠶᠠᠪᠤᠭᠰᠠᠨ ᠠ᠋ᠴᠠ ᠬᠣᠢᠰᠢ ᠲᠠᠨ ᠲᠠᠢ ᠠᠭᠤᠯᠵᠠᠭᠰᠠᠨ ᠦᠭᠡᠢ! ᠬᠥᠭᠰᠢᠨ ᠲᠣᠯᠣᠭᠠᠢ ᠮᠡᠨᠳᠦ ᠪᠠᠢᠨ᠎ᠠ᠂ ᠪᠠᠰᠠ ᠬᠡᠷᠡᠭ ᠪᠣᠯᠵᠤ ᠴᠤ᠌ ᠮᠠᠭᠠᠳ ᠦᠭᠡᠢ᠃
— ᠬᠦᠵᠦᠭᠦᠦ ᠨᠢ ᠢᠯᠵᠠᠷᠠᠪᠠᠴᠤ ᠬᠥᠭᠰᠢᠨ ᠲᠣᠯᠣᠭᠠᠢ ᠬᠡᠪ ᠢ᠋ᠶ᠋ᠡᠷ ᠢ᠋ᠶ᠋ᠡᠨ ᠦᠯᠡᠳᠡᠵᠦ ᠪᠠᠰᠠ ᠴᠥ᠍ ᠬᠡᠷᠡᠭ ᠪᠣᠯᠵᠤ ᠮᠠᠭᠠᠳ ᠪᠤᠶᠤ᠃
ᠸᠠᠩ ᠬᠠᠷ᠎ᠠ ᠬᠣᠩᠭᠣᠷ ᠮᠣᠷᠢᠨ ᠠ᠋ᠴᠠ ᠪᠠᠨ ᠪᠠᠭᠤᠬᠤ ᠳ᠋ᠤ᠌᠂ ᠰᠢᠳᠠᠷ ᠴᠡᠷᠢᠭ ᠦ᠋ᠳ ᠭᠦᠶᠦᠯᠳᠦᠨ ᠣᠴᠢᠵᠤ ᠮᠣᠷᠢᠨ ᠤ᠋ ᠴᠤᠯᠪᠤᠭᠤᠷ ᠠ᠋ᠴᠠ ᠨᠢ ᠪᠠᠷᠢᠪᠠ᠃
ᠸᠠᠰᠢᠯᠢᠺᠤ ᠬᠠᠭᠤᠴᠢᠨ ᠪᠠᠢᠰᠢᠩ ᠤ᠋ᠨ ᠱᠠᠲᠤ ᠥᠭᠡᠳᠡ ᠭᠠᠷᠴᠤ ᠸᠠᠾᠷᠠᠮᠸᠶᠠ ᠯᠠᠮᠠ ᠶ᠋ᠢᠨ ᠠᠳᠢᠰ ᠲᠠᠯᠪᠢᠵᠤ ᠪᠠᠢᠭ᠎ᠠ ᠦᠷᠴᠢᠭᠢᠷ ᠭᠠᠷ ᠢ᠋ ᠦᠨᠦᠰᠪᠡ᠃
— ᠲᠠᠨᠠᠷ ᠴᠢᠨᠢ ᠪᠠᠷᠤᠭ ᠬᠣᠲᠠ ᠪᠠᠢᠭᠤᠯᠴᠢᠬᠠᠬᠤ ᠶᠤᠮ ᠰᠢᠪ ᠳ᠋ᠠ᠃
— ᠲᠡᠢᠮᠦ ᠠ᠋᠂ ᠬᠣᠲᠠ ᠲᠠᠢ ᠣᠢᠷᠠᠯᠴᠠᠭ᠎ᠠ ᠰᠢᠦ ᠭᠡᠵᠦ ᠯᠠᠮᠠ ᠬᠠᠷᠢᠭᠤᠯᠪᠠ᠃
— ᠡᠨᠡ ᠬᠣᠲᠠ ᠨᠢ ᠤᠳᠠᠭᠠᠨ ᠪᠠᠢᠬᠤ ᠶᠤᠮ ᠪᠣᠯᠪᠠ ᠤᠤ? ᠬᠣᠶᠠᠷ ᠵᠢᠯ ᠤᠤ? ᠡᠰᠡᠪᠡᠯ ᠢᠯᠡᠭᠦᠦ ᠤᠤ?
— ᠥᠴᠦᠬᠡᠨ ᠪᠢ ᠶᠠᠭᠤ ᠭᠡᠵᠦ ᠬᠡᠯᠡᠬᠦ ᠪᠣᠢ ᠳ᠋ᠠ᠂ ᠡᠭᠦᠨ ᠢ᠋ ᠶᠡᠬᠡ ᠸᠠᠩ ᠭᠸᠷᠤᠬᠢ ᠸᠰᠸᠸᠤᠯᠤᠳᠤᠸᠢ᠍ᠴ ᠰᠢᠢᠳᠪᠦᠷᠢᠯᠡᠨ᠎ᠡ᠂ᠲᠡᠷᠡ ᠪᠡᠷ ᠳ᠋ᠦ᠋ᠨᠵᠡ ᠠᠪᠴᠢᠷᠠᠵᠤ ᠪᠠᠷᠢᠯᠭ᠎ᠠ ᠪᠠᠷᠢᠬᠤ ᠶ᠋ᠢ ᠲᠤᠰᠢᠶᠠᠭᠰᠠᠨ ᠢ᠋ᠶ᠋ᠠᠷ ᠡᠨᠡ ᠪᠠᠢᠯᠳᠤᠭᠠᠨ ᠤ᠋ ᠪᠡᠬᠢᠯᠡᠯᠲᠡ ᠪᠣᠢ ᠪᠣᠯᠤᠭᠠᠳ ᠪᠠᠢᠭ᠎ᠠ ᠶᠤᠮ᠃
— ᠦᠵᠡᠪᠡᠯ ᠣᠯᠠᠨ ᠬᠥᠮᠦᠨ ᠴᠤᠭᠯᠠᠷᠠᠭᠰᠠᠨ ᠶᠤᠮ ᠪᠠᠢᠨ᠎ᠠ᠂ ᠡᠳᠡ ᠪᠦᠭᠦᠳᠡ ᠶ᠋ᠢ ᠶᠠᠭᠠᠬᠢᠵᠤ ᠬᠣᠭᠣᠯᠠᠯᠠᠳᠠᠭ ᠶᠤᠮ ᠪᠣᠢ?
— ᠮᠠᠨ ᠤ᠋ ᠡᠵᠡᠨ ᠪᠦᠭᠦᠳᠡ ᠶ᠋ᠢ ᠡᠷᠭᠢᠴᠡᠭᠦᠯᠦᠨ ᠪᠣᠳᠣᠭᠰᠠᠨ ᠶᠤᠮ᠃ ᠢᠷᠡᠭᠰᠡᠨ ᠪᠠᠢᠯᠳᠤᠭᠴᠢᠳ ᠥᠪᠡᠷᠰᠡᠳ ᠢ᠋ᠶ᠋ᠡᠨ ᠢᠳᠡᠬᠦ ᠶᠠᠭᠤᠮ᠎ᠠ ᠪᠠᠨ ᠠᠪᠴᠤ ᠢᠷᠡᠭᠰᠡᠨ᠂ ᠲᠡᠭᠦᠨ ᠡᠴᠡ ᠭᠠᠳᠠᠨ᠎ᠠ ᠶᠡᠬᠡ ᠸᠠᠩ ᠤ᠋ᠨ ᠲᠤᠰᠢᠶᠠᠯ ᠢ᠋ᠶ᠋ᠠᠷ ᠵᠦᠭ ᠪᠦᠬᠦᠨ ᠡᠴᠡ ᠭᠤᠯᠢᠷ᠂ ᠳᠠᠪᠤᠰᠤᠯᠠᠭᠰᠠᠨ ᠵᠢᠭᠠᠰᠤ ᠵᠥᠭᠡᠭᠡᠵᠦ ᠪᠠᠢᠨ᠎ᠠ᠂
ᠡᠨᠳᠡᠬᠢ ᠶ᠋ᠢᠨ ᠠᠪᠠᠭᠠᠢᠴᠤᠳ ᠺᠸᠠᠰ ᠬᠢᠵᠦ ᠥᠭᠬᠦ ᠪᠤᠶᠤ ᠲᠠᠯᠬ᠎ᠠ ᠪᠠᠷᠢᠵᠤ ᠥᠭᠴᠦ ᠪᠠᠢᠨ᠎ᠠ᠃
— ᠡᠪᠡᠰᠦ ᠲᠡᠨᠳᠡ ᠪᠣᠢ ᠤᠤ? ᠨᠠᠳᠠ ᠲᠠᠢ ᠮᠣᠷᠢᠨ ᠴᠡᠷᠢᠭ ᠦ᠋ᠳ ᠶᠠᠪᠤᠭ᠎ᠠ ᠶᠤᠮ᠃
— ᠴᠢᠨᠦ ᠮᠣᠷᠢᠨ ᠳ᠋ᠤ᠌ ᠥᠭᠬᠦ ᠡᠪᠡᠰᠦ ᠣᠯᠳᠠᠬᠤ ᠪᠢᠵᠡ ᠠ᠋᠃ ᠪᠢ ᠵᠤᠨ ᠦᠨᠢᠶᠡᠨ ᠳ᠋ᠡᠭᠡᠨ ᠵᠣᠷᠢᠭᠤᠯᠵᠤ ᠡᠪᠡᠰᠦ ᠬᠠᠳᠤᠵᠤ ᠠᠪᠤᠭᠰᠠᠨ ᠶᠤᠮ᠂ ᠸᠠᠩ ᠲᠡᠭᠦᠨ ᠢ᠋ ᠴᠢᠨᠦ ᠴᠡᠷᠢᠭ ᠦ᠋ᠨ ᠮᠣᠷᠢᠨ ᠳ᠋ᠤ᠌ ᠥᠭᠬᠦ ᠪᠠᠢᠯ ᠦᠭᠡᠢ ᠳ᠋ᠠ᠃ ᠪᠠᠰᠠ ᠲᠠᠷᠢᠶᠠᠴᠢᠳ ᠤ᠋ᠨ ᠡᠪᠡᠰᠦ ᠠᠴᠢᠵᠤ ᠢᠷᠡᠬᠦ ᠶ᠋ᠢ ᠬᠠᠷᠠᠳᠠᠭ ᠪᠢᠯᠡ᠃ ᠭᠡᠬᠦ ᠳ᠋ᠦ᠍ ᠪᠢᠳᠡ ᠶᠠᠭᠤᠨ ᠳ᠋ᠤ᠌ ᠱᠠᠲᠤ ᠳᠡᠭᠡᠷ᠎ᠡ ᠳᠠᠭᠠᠷᠢᠵᠤ ᠪᠠᠢᠨ᠎ᠠ ? ᠣᠷᠣᠭᠠᠴᠢ᠂ ᠸᠠᠩ ᠲᠠ ᠮᠢᠨᠦ ᠥᠴᠦᠬᠡᠨ ᠰᠦᠮ᠎ᠡ ᠳ᠋ᠦ᠍ ᠣᠷᠣᠨ᠎ᠠ ᠤᠤ?
ᠸᠠᠩ ᠸᠠᠰᠢᠯᠢᠺᠤ ᠤᠰᠤᠨ ᠤ᠋ ᠡᠷᠭᠢ ᠳᠠᠭᠠᠵᠤ ᠦᠷᠭᠦᠯᠵᠢᠯᠡᠭᠰᠡᠨ ᠪᠠᠢᠯᠳᠤᠭᠴᠢᠳ ᠤ᠋ᠨ ᠵᠦᠭ ᠡᠷᠭᠢᠵᠦ ᠲᠦᠷᠦᠭᠦᠴᠢ ᠶ᠋ᠢᠨ ᠵᠠᠭᠤᠲᠤ ᠶ᠋ᠢᠨ ᠳᠠᠷᠤᠭ᠎ᠠ ᠶ᠋ᠢ ᠳᠠᠭᠤᠳᠠᠵᠤ᠂
— ᠪᠦᠯᠡᠲ᠋ᠺᠤ! ᠯᠠᠭ᠌ᠸᠷ ᠢ᠋ ᠦᠵᠡᠵᠦ᠂ ᠮᠣᠷᠢᠳ ᠢ᠋ᠶ᠋ᠠᠨ ᠪᠠᠢᠯᠭᠠᠬᠤ ᠭᠠᠵᠠᠷ ᠢ᠋ ᠡᠷᠢᠵᠦ ᠣᠯᠤᠭᠲᠤᠨ᠃ ᠸᠠᠩ ᠭᠸᠤᠷᠬᠢ ᠸᠰᠸᠸᠤᠯᠤᠳᠤᠸᠢᠴ ᠲᠠᠢ ᠲᠡᠵᠢᠭᠡᠯ ᠦ᠋ᠨ ᠲᠤᠬᠠᠢ ᠶᠠᠷᠢᠯᠴᠠᠶ᠎ᠠ᠃
— ᠪᠢᠳᠡᠨ ᠳ᠋ᠦ᠍ ᠭᠤᠷᠪᠠᠨ ᠡᠳᠦᠷ ᠦ᠋ᠨ ᠡᠪᠡᠰᠦᠨ ᠦ᠌ ᠪᠡᠯᠡᠳᠬᠡᠯ ᠪᠣᠢ᠂ ᠣᠪᠢᠶᠠᠰᠤ ᠠᠷᠪᠠ ᠬᠣᠨᠣᠭ ᠲᠤ᠌ ᠬᠦᠷᠦᠯᠴᠡᠨ᠎ᠡ᠃
— ᠬᠥᠮᠦᠨ ᠣᠯᠠᠨ ᠴᠤᠭᠯᠠᠷᠠᠵᠠᠢ᠃ ᠡᠢᠮᠦ ᠳ᠋ᠦ᠍ ᠮᠣᠷᠢᠳ ᠢ᠋ᠶ᠋ᠠᠨ ᠠᠯᠠᠵᠤ ᠬᠦᠨᠡᠰᠦᠨ ᠳ᠋ᠦ᠍ ᠬᠡᠷᠡᠭᠯᠡᠬᠦ ᠦᠭᠡᠢ ᠯᠡ ᠶᠤᠮᠰᠠᠨ᠃ ᠶᠡᠬᠡ ᠸᠠᠩ ᠴᠤ᠌ ᠢᠷᠡᠪᠡ! ᠭᠡᠪᠡ᠃
ᠦᠰᠦᠲᠡᠢ ᠳᠡᠪᠡᠯ ᠢ᠋ ᠨᠥᠮᠥᠷᠦᠭᠰᠡᠨ ᠸᠠᠩ ᠭᠸᠤᠷᠬᠢ᠂ ᠫᠡᠨᠳᠡᠭᠡᠷ ᠤᠯᠠᠭᠠᠨ ᠴᠢᠷᠠᠢ ᠭᠠᠷᠭᠠᠨ ᠭᠠᠷᠴᠤ ᠢᠷᠡᠪᠡ᠃
— ᠪᠢ ᠪᠡᠶ᠎ᠡ ᠪᠡᠨ ᠤᠬᠢᠶᠠᠬᠤ ᠭᠠᠵᠠᠷ ᠲᠤ᠌ ᠰᠠᠢᠬᠠᠨ ᠬᠥᠯᠥᠷᠡᠵᠦ ᠠᠪᠤᠯ᠎ᠠ᠂ ᠳᠤᠯᠠᠭᠠᠴᠠᠬᠤ ᠳ᠋ᠤ᠌ ᠳᠤᠷᠠᠲᠠᠢ᠂ ᠡᠳᠡ ᠵᠢᠷᠭᠤᠭᠠᠨ ᠪᠡᠶ᠎ᠡ ᠤᠬᠢᠶᠠᠬᠤ ᠰᠢᠨ᠎ᠡ ᠭᠠᠵᠠᠷ ᠪᠠᠷᠢᠵᠤ ᠠᠮᠵᠢᠭᠰᠠᠨ᠂ ᠡᠨᠡ ᠦᠭᠡᠢ ᠪᠣᠯ ᠬᠥᠮᠦᠨ ᠪᠥᠭᠡᠰᠦᠨ ᠳ᠋ᠦ᠍ ᠪᠠᠷᠢᠭᠳᠠᠬᠤ ᠪᠣᠯᠤᠨ᠎ᠠ᠂ ᠴᠥᠮ ᠢ᠋ ᠪᠣᠳᠣᠭᠰᠠᠭᠠᠷ ᠪᠠᠢᠲᠠᠯ᠎ᠠ ᠲᠣᠯᠣᠭᠠᠢ ᠲᠦᠵᠢᠷᠡᠬᠦ ᠰᠢᠭ᠌ ᠪᠣᠯᠬᠤ ᠶᠤᠮ᠃ ᠰᠠᠢᠨ ᠪᠠᠢᠨ᠎ᠠ ᠤᠤ? ᠬᠠᠢᠷᠠᠲᠤ ᠠᠴᠢ ᠮᠢᠨᠢ᠂ ᠮᠢᠨᠦ ᠰᠢᠨ᠎ᠡ ᠪᠠᠢᠰᠢᠩ ᠳ᠋ᠤ᠌ ᠣᠴᠢᠶ᠎ᠠ ᠭᠡᠪᠡ᠃
ᠦᠰᠦᠭ ᠠᠮᠢᠯᠠᠭᠤᠯᠤᠭᠴᠢ᠄ ᠭᠡᠷᠡᠯ 1᠂ ᠪᠠᠶᠠᠨᠴᠡᠴᠡᠭ 1᠂ ᠮᠡᠷᠭᠡᠨᠭᠣᠸ᠎ᠠ 1᠂ ᠠᠯᠲᠠᠨᠴᠢᠮᠡᠭ1᠂ ᠬᠡᠷᠡᠶ᠋ᠢᠳ ᠂ ᠮᠥᠩᠬᠡᠨᠠᠰᠤᠨ 1᠂ ᠬᠦᠦᠳᠠᠭᠠᠭᠤᠯ 1
ᠬᠢᠨᠠᠭᠴᠢ᠄ ᠪᠠᠶᠠᠨᠴᠡᠴᠡᠭ 1᠂ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 7 ᠠᠷᠢᠭᠤᠨ 7
