ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ19-ᠮᠣᠩᠭᠣᠯ ᠦᠨᠳᠦᠰᠦᠲᠡᠨ ᠦ᠌ ᠮᠠᠯᠠᠭᠠᠢ
ᠠᠩᠭᠢᠯᠠᠯ:ᠵᠠᠩ ᠦᠢᠯᠡЖан үйл 2024-04-21
311
ᠬᠣᠶᠠᠳᠤᠭᠠᠷ ᠪᠦᠯᠦᠭ19-ᠮᠣᠩᠭᠣᠯ ᠦᠨᠳᠦᠰᠦᠲᠡᠨ ᠦ᠌ ᠮᠠᠯᠠᠭᠠᠢ ᠮᠣᠩᠭᠣᠯ ᠦᠨᠳᠦᠰᠦᠲᠡᠨ ᠦ᠌ ᠮᠠᠯᠠᠭᠠᠢ ᠪᠤᠰᠤᠳ ᠬᠤᠪᠴᠠᠰᠤᠨ ᠤ᠋ ᠨᠢᠭᠡ ᠠᠳᠠᠯᠢ ᠬᠥᠮᠦᠨ ᠦ᠌ ᠬᠤᠪᠴᠠᠰᠤ ᠬᠡᠷᠡᠭᠯᠡᠬᠦ ᠪᠣᠯᠤᠭᠰᠠᠨ ᠦᠶ᠎ᠡ ᠲᠡᠢ ᠬᠣᠯᠪᠣᠭ᠎ᠠ ᠲᠠᠢ ᠪᠢᠯᠡ᠃ ᠮᠠᠯᠠᠭᠠᠢ ᠶ᠋ᠢᠨ ᠭᠠᠷᠤᠯ ᠡᠭᠦᠰᠦᠯ ᠦ᠋ᠨ ᠡᠬᠢ ᠶ᠋ᠢ ᠴᠢᠬᠢᠪᠴᠢ ᠪᠤᠶᠤ ᠬᠤᠯᠤᠭᠤᠪᠴᠢ ᠪᠠᠢᠭᠰᠠᠨ ᠪᠣᠯᠪᠠ ᠤᠤ ᠭᠡᠵᠦ ᠲᠠᠭᠠᠮᠠᠭᠯᠠᠵᠤ ᠪᠠᠢᠨ᠎ᠠ᠃ ᠬᠥᠮᠦᠨ ᠲᠣᠯᠣᠭᠠᠢ ᠨᠢᠴᠦᠭᠦᠨ ᠶᠠᠪᠤᠬᠤ ᠳ᠋ᠤ᠌ ᠬᠠᠮᠤᠭ ᠤ᠋ᠨ ᠤᠷᠢᠳᠠᠪᠡᠷ ᠴᠢᠬᠢ ᠳᠠᠭᠠᠷᠠᠳᠠᠭ ᠠ᠋ᠴᠠ ᠦᠵᠡᠬᠦ ᠳ...