ᠠᠷᠠᠴᠠ ᠶ᠋ᠢᠨ ᠰᠢᠯᠢ ᠡᠪᠡᠰᠦМарцын шил өвс

ᠠᠷᠠᠴᠠ ᠶ᠋ᠢᠨ ᠰᠢᠯᠢ ᠡᠪᠡᠰᠦ
ᠰᠢᠯᠢ ᠡᠪᠡᠰᠦᠨ ᠦ᠌ ᠢᠵᠠᠭᠤᠷ
ᠪᠠᠭᠯᠠᠷᠠᠨ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠭᠠᠵᠠᠷ ᠳᠣᠣᠷᠠᠬᠢ ᠡᠰᠢ ᠨᠢ ᠲᠠᠰᠢᠭᠤ ᠪᠠᠷ ᠤᠷᠭᠤᠨ᠎ᠠ᠂ ᠭᠠᠳᠠᠭᠤᠷ ᠨᠢ ᠬᠠᠭᠤᠴᠢᠨ ᠨᠠᠪᠴᠢᠨ ᠤ᠋ ᠣᠷᠣᠮ ᠪᠣᠯᠤᠨ ᠰᠢᠷᠬᠡᠭ ᠪᠦᠷᠬᠦᠵᠦ ᠪᠣᠢ᠃ ᠨᠠᠪᠴᠢᠨ ᠤ᠋ ᠶᠡᠬᠡᠩᠬᠢ ᠨᠢ ᠣᠵᠣᠭᠣᠷ ᠠ᠋ᠴᠠ ᠪᠠᠭᠯᠠᠷᠠᠨ ᠤᠷᠭᠤᠳᠠᠭ᠂ ᠪᠦᠰᠡ ᠬᠡᠯᠪᠡᠷᠢ ᠲᠡᠢ᠂ 15—30cmᠤᠷᠲᠤ᠂ᠤᠭ ᠤ᠋ᠨ ᠭᠡᠰᠡᠭ ᠲᠡᠭᠡᠨ ᠲᠣᠭᠳᠣᠢ ᠲᠠᠢ᠃ ᠴᠡᠴᠡᠭ ᠨᠢ ᠶᠡᠷᠦ ᠳ᠋ᠡᠭᠡᠨ ᠬᠣᠣᠰ ᠪᠡᠯᠭᠡ ᠲᠡᠢ᠂ ᠲᠦᠷᠦᠭᠦᠦ ᠰᠢᠭ ᠢᠬᠴᠤ ᠴᠠᠴᠤᠭ ᠬᠡᠯᠪᠡᠷᠢᠲᠦ ᠪᠠᠭ ᠴᠡᠴᠡᠭ ᠪᠦᠷᠢᠯᠳᠦᠨ᠎ᠡ᠂ ᠪᠣᠷᠣᠪᠲᠤᠷ ᠨᠣᠭᠣᠭᠠᠨ ᠥᠩᠭᠡᠲᠡᠢ ᠪᠥᠭᠡᠳ ᠤᠷᠲᠤ ᠪᠠᠷᠢᠭᠤᠯ ᠲᠠᠢ᠃ ᠴᠡᠴᠡᠭ ᠦ᠋ᠨ ᠰᠢᠳᠠᠷ ᠨᠢ ᠵᠢᠷᠭᠤᠭ᠎ᠠ᠂ ᠬᠣᠶᠠᠷ ᠴᠠᠭᠠᠷᠢᠭ ᠢ᠋ᠶ᠋ᠠᠷ ᠪᠠᠢᠷᠢᠯᠠᠨ᠎ᠠ᠃ ᠡᠷ᠎ᠡ ᠲᠣᠭᠣᠷᠴᠣᠭ ᠨᠢ ᠵᠢᠷᠭᠤᠭ᠎ᠠ᠂ ᠥᠷᠭᠡᠨ ᠲᠣᠭᠣᠰᠣᠪᠴᠢ ᠲᠠᠢ᠃ ᠤᠮᠠᠢ ᠨᠢ ᠥᠨᠳᠡᠭᠡᠯᠵᠢᠨ ᠬᠡᠯᠪᠡᠷᠢ ᠲᠡᠢ᠂ ᠨᠢᠭᠡ ᠲᠠᠰᠤᠭ ᠲᠠᠢ᠂ ᠨᠢᠭᠡ ᠦᠷ᠎ᠡ ᠨᠠᠬᠢᠶ᠎ᠠ ᠲᠠᠢ᠃ ᠤᠮᠠᠢ ᠶ᠋ᠢᠨ ᠬᠠᠯᠢᠰᠤ ᠨᠢ ᠵᠢᠷᠭᠤᠭ᠎ᠠ᠂ ᠪᠣᠯᠪᠠᠰᠤᠷᠠᠪᠠᠯ ᠰᠠᠯᠤᠨ᠎ᠠ᠂ ᠵᠠᠷᠢᠮ ᠳ᠋ᠠᠭᠠᠨ ᠭᠤᠷᠪᠠᠨ ᠤᠮᠠᠢ ᠶ᠋ᠢᠨ ᠬᠠᠯᠢᠰᠤ ᠨᠢ ᠬᠥᠭᠵᠢᠬᠦ ᠦᠭᠡᠢ᠃ ᠡᠮ᠎ᠡ ᠲᠣᠭᠣᠷᠴᠣᠭ ᠤ᠋ᠨ ᠪᠠᠭᠠᠨ᠎ᠠ ᠶ᠋ᠢᠨ ᠠᠮᠠᠰᠠᠷ ᠨᠢ ᠣᠬᠣᠷ᠂ ᠥᠲᠥᠨ ᠬᠡᠯᠪᠡᠷᠢ ᠲᠡᠢ ᠪᠤᠶᠤ ᠬᠥᠬᠥᠨᠴᠢᠷ ᠰᠢᠭ ᠳᠣᠪᠣᠭᠣᠷ ᠲᠠᠢ᠃ ᠵᠢᠮᠢᠰ ᠨᠢ ᠥᠨᠳᠡᠭᠡᠯᠵᠢᠨ ᠪᠤᠶᠤ ᠤᠷᠲᠤᠯᠵᠢᠨ ᠵᠤᠤᠪᠠᠩ ᠬᠡᠯᠪᠡᠷᠢ ᠲᠡᠢ᠂ ᠤᠭ ᠲᠤᠨᠢ ᠶᠡᠷᠦ ᠳ᠋ᠡᠭᠡᠨ ᠭᠣᠬ᠎ᠠ ᠬᠡᠯᠪᠡᠷᠢᠲᠦ ᠬᠣᠶᠠᠷ ᠳᠠᠷᠤᠪᠴᠢ ᠲᠠᠢ᠂ ᠪᠣᠯᠪᠠᠰᠤᠷᠠᠪᠠᠯ ᠵᠢᠷᠭᠤᠭᠠᠨ ᠬᠡᠯᠲᠡᠰ ᠪᠣᠯᠵᠤ ᠬᠠᠭᠠᠷᠠᠨ᠎ᠠ᠃
ᠴᠢᠭᠢᠭᠲᠡᠢ ᠡᠯᠡᠰᠦᠷᠬᠡᠭ ᠭᠠᠵᠠᠷ ᠬᠢᠭᠡᠳ ᠬᠤᠵᠢᠷᠲᠤ ᠳᠠᠩ ᠭᠠᠵᠠᠷ ᠤᠷᠭᠤᠨ᠎ᠠ ᠳᠠᠯᠠᠢ᠂ ᠳᠠᠯᠠᠢ ᠶ᠋ᠢᠨ ᠬᠥᠪᠡᠭᠡ ᠪᠡᠷ ᠪᠠᠰᠠ ᠤᠷᠭᠤᠨ᠎ᠠ᠃
ᠮᠠᠨ ᠤ᠋ ᠤᠯᠤᠰ ᠤ᠋ᠨ ᠵᠡᠭᠦᠨ ᠬᠣᠢᠲᠤ ᠬᠡᠰᠡᠭ ᠡᠴᠡ ᠪᠠᠷᠠᠭᠤᠨ ᠡᠮᠦᠨᠡᠲᠦ ᠬᠡᠰᠡᠭ ᠬᠦᠷᠲᠡᠯᠡᠬᠢ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠬᠢᠲᠠᠳ ᠨᠡᠷ᠎ᠡ᠄还韭菜
ᠠᠩᠭ᠌ᠯᠢ ᠨᠡᠷ᠎ᠡ᠄Triglochin maritimum L.
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
