ᠰᠡᠳᠬᠢᠯ ᠦᠨ ᠤᠶᠠᠩᠭ᠎ᠠ ᠲᠠᠲᠠᠯᠭ᠎ᠠ – ᠴᠣ ᠂ ᠣᠷᠱᠤᠨ Сэтгэлийн уянга татлага – Чо ᠂ Оршин
ᠰᠡᠳᠬᠢᠯ ᠦᠨ ᠤᠶᠠᠩᠭ᠎ᠠ ᠲᠠᠲᠠᠯᠭ᠎ᠠ
— ᠬᠥᠯᠥᠨ ᠪᠤᠢᠷ ᠠᠢᠮᠠᠭ ᠤ᠋ᠨ1992 ᠣᠨ ᠤ᠋ ᠨᠠᠭᠠᠳᠤᠮ ᠤ᠋ᠨ ᠬᠤᠷᠠᠯ ᠳ᠋ᠤ᠌
ᠨᠠᠢᠷ ᠤ᠋ᠨ ᠰᠥᠩ
ᠴᠣ· ᠣᠷᠱᠤᠨ
ᠤᠶᠠᠩᠭ᠎ᠠ ᠰᠠᠢᠬᠠᠨ ᠲᠤᠤᠯᠢᠰ ᠤ᠋ᠨ ᠡᠬᠢ
ᠤᠳᠤᠮᠰᠢᠯᠲᠤ ᠨᠠᠢᠷ ᠤ᠋ᠨ ᠰᠥᠩ ᠥᠨᠳᠥᠷᠯᠡᠨ᠎ᠡ᠃
ᠪᠠᠷᠭᠤ ᠨᠠᠭᠠᠳᠤᠮ ᠰᠠᠢᠬᠠᠨ ᠳᠤᠷᠠᠳᠬᠠᠯ
ᠪᠠᠰᠠ ᠴᠤ᠌ ᠴᠠᠭᠠᠨ᠎ᠠ ᠪᠠᠨ ᠪᠢᠳᠡᠨ ᠦ᠌ ᠣᠮᠣᠭᠰᠢᠯ
ᠪᠠᠶᠠᠨ ᠨᠤᠲᠤᠭ ᠤ᠋ᠨ ᠬᠠᠢᠷ᠎ᠠ ᠪᠠᠷ ᠦᠳᠡᠨ᠎ᠡ!
ᠪᠠᠶᠠᠷᠲᠠᠢ ᠦᠭᠡ ᠬᠥᠯᠥᠨ ᠪᠤᠢᠷ ᠳᠤᠷᠠᠰᠤᠨ᠎ᠠ!
ᠮᠣᠩᠭᠣᠯ ᠬᠤᠸᠠᠷᠠᠨ
ᠵᠡᠷᠭᠡᠯᠡᠵᠦ ᠪᠠᠭᠤᠭᠰᠠᠨ
ᠵᠡᠷᠭᠡᠯᠭᠡᠨ ᠳᠡᠷᠡᠯᠡᠭᠰᠡᠨ ᠮᠣᠩᠭᠣᠯ ᠭᠡᠷ
ᠵᠡᠷᠭᠡᠴᠡᠭᠦᠯᠵᠦ ᠬᠠᠲᠠᠭᠰᠠᠨ
ᠵᠢᠭᠳᠡ ᠭᠢᠯᠠᠯᠵᠠᠭᠰᠠᠨ ᠮᠥᠩᠭᠥᠨ ᠲᠣᠪᠴᠢ᠃
ᠪᠠᠷᠭᠤ ᠡᠸᠡᠩᠬᠢ ᠶ᠋ᠢᠨ ᠪᠠᠲᠤ ᠭᠠᠩ
ᠭᠠᠯ ᠲᠤᠯᠭ᠎ᠠ —
ᠪᠠᠳᠠᠷᠠᠨ ᠳᠦᠷᠡᠯᠵᠡᠬᠦ ᠪᠠᠢᠩᠭᠤ ᠮᠥᠩᠬᠡᠵᠢᠬᠦ
ᠪᠠᠶᠠᠨ ᠳᠠᠯᠠᠯᠭ᠎ᠠ!
ᠲᠣᠭᠣᠷᠢᠭ ᠮᠣᠷᠢᠨ ᠤᠷᠤᠯᠳᠤᠭᠠᠨ
ᠳᠡᠭᠳᠡᠭᠡᠳ ᠳᠡᠭᠦᠯᠢᠭᠡᠳ ᠭᠠᠷᠤᠭᠰᠠᠨ ᠮᠣᠷᠢᠳ
ᠳᠡᠷᠭᠡᠳᠡᠭᠦᠷ ᠲᠣᠭᠣᠷᠢᠵᠤ ᠪᠠᠢᠨ᠎ᠠ
ᠳᠡᠯᠡᠬᠡᠢ ᠲᠣᠭᠣᠷᠢᠵᠤ ᠪᠠᠢᠨ᠎ᠠ
ᠮᠣᠷᠢ᠂ ᠬᠥᠮᠦᠨ ᠬᠣᠶᠠᠷ ᠨᠢᠰᠳᠡᠭ
ᠮᠣᠩᠭᠣᠯ ᠡᠷ᠎ᠡ ᠵᠢᠪᠬᠤᠭᠠᠵᠢᠳᠠᠭ
ᠲᠤᠭ ᠳᠡᠯ ᠨᠢ ᠬᠡᠢᠮᠣᠷᠢ ᠪᠣᠯᠵᠤ
ᠲᠤᠭᠤᠷᠠᠢ ᠲᠦᠪᠡᠷᠭᠡᠨ ᠨᠢ ᠬᠤᠭᠤᠷ ᠬᠠᠩᠭᠢᠨᠠᠨ᠎ᠠ
ᠮᠣᠷᠢᠲᠠᠨ ᠤ᠋ ᠠᠯᠳᠠᠷ
ᠥᠨᠢᠳᠡ ᠮᠠᠨᠳᠤᠨ᠎ᠠ
ᠮᠣᠷᠢ᠂ ᠬᠡᠦᠬᠡᠳ ᠬᠣᠶᠠᠷ ᠡᠩᠬᠡᠯᠬᠡᠨ ᠰᠤᠮᠤᠳᠠᠨ᠎ᠠ᠃
ᠲᠠᠯ᠎ᠠ ᠮᠢᠨᠦ
ᠳᠠᠭᠤᠤ ᠮᠥᠩᠬᠡᠷᠡᠭᠰᠡᠨ ᠲᠤᠤᠯᠢᠮ᠎ᠠ ᠰᠠᠢᠬᠠᠨ ᠲᠠᠯ᠎ᠠ ᠮᠢᠨᠢ
ᠠᠢᠷᠠᠭ ᠤ᠋ᠨ ᠦᠨᠦᠷ ᠢ᠋ᠶ᠋ᠡᠷ
ᠰᠡᠩᠭᠢᠨᠡᠵᠦ ᠪᠣᠰᠤᠨ᠎ᠠ
ᠠᠳᠤᠭᠤᠨ ᠤ᠋ ᠰᠠᠯᠬᠢ
ᠱᠤᠤᠭᠢᠵᠤ ᠶᠦᠷᠭᠦᠭᠡᠨᠡ
ᠬᠡᠳᠦᠬᠡᠨ ᠦᠰᠦᠭ ᠬᠡᠯᠬᠢᠵᠦ ᠪᠢᠴᠢᠮᠡᠷ ᠦᠭᠡᠢ
ᠤᠬᠠᠭᠠᠨ ᠰᠠᠨᠠᠭ᠎ᠠ ᠮᠢᠨᠢ
ᠶᠠᠭᠠᠬᠢᠬᠤ ᠪᠠᠷ ᠢ᠋ᠶ᠋ᠠᠨ ᠠᠮᠤᠷᠵᠢᠨᠠ ᠪᠢᠯᠡ ?
ᠬᠡᠳᠦᠨ ᠪᠠᠳᠠᠭ ᠴᠤ᠌ ᠴᠡᠭᠡᠵᠢᠯᠡᠮᠡᠷ ᠦᠭᠡᠢ ᠬᠡᠯᠡᠭᠡᠢᠬᠡᠨ ᠪᠢ
ᠶᠠᠭᠤᠨ ᠳ᠋ᠠᠭᠠᠨ ᠲᠠᠯᠪᠢᠭᠤᠷᠠᠨᠠ ᠪᠢᠯᠡ?
ᠠᠩᠭᠢᠷ ᠤ᠋ᠨ ᠥᠨᠳᠡᠭᠡ ᠠᠩᠭᠠᠯᠵᠠᠭᠰᠠᠨ ᠵᠤᠯᠵᠠᠭ᠎ᠠ ᠰᠢᠭ᠋
ᠠᠩᠬᠠᠨ ᠤ᠋ ᠮᠦᠷᠯᠡᠯ ᠲᠣᠭᠠᠨ ᠤ᠋ ᠡᠬᠢ ᠪᠣᠯᠵᠤ
ᠲᠣᠳᠣᠬᠠᠨ ᠬᠠᠷᠠᠭᠳᠠᠨ᠎ᠠ᠂
ᠠᠯᠳᠠᠰᠢ ᠤᠨᠤᠰᠢ ᠶ᠋ᠢᠨ ᠡᠭᠡᠯᠵᠢᠯᠡᠵᠦ ᠭᠤᠲᠤᠯᠳᠠᠭᠰᠠᠨ
ᠠᠭᠠᠯᠢᠭᠦᠢ ᠨᠠᠰᠤ ᠲᠣᠮᠣᠷᠠᠵᠤ ᠪᠠᠯᠠᠷᠠᠨ
ᠳᠤᠷᠠᠰᠤᠭᠠᠳ ᠢᠨᠢᠶᠡᠨ᠎ᠡ ᠠ᠋᠂
ᠲᠡᠷᠡ ᠯᠠ ᠪᠠᠭᠤᠴᠠ
ᠶᠠᠭᠠᠬᠢᠭᠰᠠᠨ ᠪᠢᠯᠡ ᠳᠠ? ᠲᠡᠳᠡᠨ ᠦ᠌ ᠬᠢᠨ ᠲᠡᠭᠡᠭᠡᠳ
ᠣᠷᠢᠯᠠᠵᠤ ᠬᠣᠯᠠᠳᠠᠯ᠎ᠠ ᠲᠡᠭᠡᠭᠡᠮᠡᠷ ᠦᠭᠡᠢ
ᠬᠠᠢᠷ᠎ᠠ ᠮᠥᠷᠥᠭᠡᠳᠦᠯ ᠲᠡᠩᠴᠡᠭᠦᠷᠢ ᠦᠭᠡᠢ
ᠵᠣᠪᠠᠯᠠᠩ ᠡᠳ᠋ᠯᠡᠯ᠎ᠡ ᠬᠣᠷᠢᠨ ᠨᠠᠰᠤᠨ ᠤ᠋ ᠬᠥᠨᠳᠡᠢ ᠶᠠᠪᠤᠳᠠᠯ
ᠬᠣᠨᠢᠨ ᠤ᠋ ᠪᠡᠯᠴᠢᠭᠡᠷ ᠦ᠋ᠨ ᠵᠠᠬ᠎ᠠ ᠠ᠋ᠴᠠ ᠴᠤᠬᠤᠢᠵᠤ
ᠭᠤᠴᠢ ᠬᠦᠷᠦᠭᠰᠡᠨ ᠣᠮᠣᠭᠯᠠᠩ ᠳᠥᠷᠥᠭᠡ ᠭᠤᠨ᠎ᠠ ᠶ᠋ᠢᠨ ᠡᠪᠡᠷ ᠲᠤ
ᠳᠤᠷᠠᠳᠬᠠᠯ ᠰᠡᠢᠯᠦᠭᠰᠡᠨ ᠤᠩᠰᠢᠬᠤ ᠳᠣᠳᠣᠮ
ᠤᠬᠠᠭᠠᠷᠠᠯ ᠰᠣᠷᠢᠳᠠᠭ ᠠᠭᠤᠵᠢᠮ ᠬᠣᠷᠸ᠎ᠠ
ᠲᠠᠯ᠎ᠠ ᠮᠢᠨᠦ᠃
ᠤᠬᠠᠭᠠᠵᠢᠬᠤ ᠳᠣᠳᠣᠮ
ᠬᠢᠴᠢᠶᠡᠮᠵᠢ ᠳᠠᠪᠲᠠᠳᠠᠭ ᠣᠶᠤᠨ ᠮᠡᠳᠡᠯᠭᠡ ᠶ᠋ᠢᠨ
ᠬᠢᠴᠢᠶᠡᠯ ᠮᠢᠨᠢ ᠪᠢᠯᠢᠤ⁈
ᠳᠠᠪᠬᠢᠭᠤᠯᠵᠤ ᠥᠨᠳᠡᠢᠬᠦ ᠳ᠋ᠦ᠍ ᠰᠡᠳᠬᠢᠯ ᠬᠠᠨᠠᠷᠠᠭᠰᠠᠨ
ᠳᠠᠭᠤᠯᠠᠵᠤ ᠴᠣᠭᠭᠢᠭᠤᠯᠬᠤ ᠳ᠋ᠤ᠌ ᠵᠣᠷᠢᠭ ᠪᠣᠰᠬᠠᠭᠰᠠᠨ
ᠲᠠᠯ᠎ᠠ ᠴᠢ᠂ ᠮᠢᠨᠦ
ᠥᠯᠥᠭᠡᠢ ᠬᠠᠢᠷ᠎ᠠ
ᠲᠠᠯ᠎ᠠ ᠴᠢ᠂ ᠮᠢᠨᠦ
ᠪᠦᠪᠡᠢ ᠡᠬᠡᠰᠢᠭ᠃
ᠮᠣᠷᠢᠲᠠᠢ ᠬᠥᠮᠦᠨ ᠲᠤᠭᠤᠷᠠᠢ ᠪᠠᠷ ᠢ᠋ᠶ᠋ᠠᠨ
ᠮᠣᠷᠢᠨ ᠬᠤᠭᠤᠷ ᠦᠦᠷᠰᠡᠭᠦᠯᠦᠨᠡ᠂
ᠮᠣᠩᠭᠣᠯ ᠣᠷᠣᠨ ᠵᠠᠩ ᠲᠠᠢ
ᠮᠥᠩᠬᠡ ᠠᠶᠠᠰ ᠠᠶᠠᠯᠤᠨ᠎ᠠ᠃
ᠮᠠᠯ ᠤ᠋ᠨ ᠬᠥᠮᠦᠨ ᠬᠠᠶᠠᠭ ᠲᠠᠢ ᠮᠢᠨᠦ ᠲᠠᠯ᠎ᠠ᠂
ᠨᠠᠳᠠ ᠲᠠᠢ ᠦᠢᠯᠡᠰ ᠢ᠋ᠶ᠋ᠡᠷ ᠴᠡᠴᠡᠭᠯᠡᠨ᠎ᠡ
ᠥᠭᠡᠳᠡᠷᠬᠡᠭ ᠢ᠋ᠶ᠋ᠡᠷ ᠴᠠᠯᠠᠢᠨᠠ
ᠵᠤᠰᠠᠭᠠᠯ ᠤ᠋ᠨ ᠰᠠᠭᠠᠯᠢᠴᠢᠨ ᠤ᠋
ᠲᠣᠭ᠎ᠠ ᠠᠪᠴᠤ ᠰᠠᠷᠠᠪᠴᠢᠯᠠᠭᠠᠯᠤᠭᠰᠠᠨ
ᠵᠣᠨᠠᠨ ᠴᠠᠪᠢᠳᠠᠷᠲᠤ ᠲᠠᠪᠠᠬᠠᠢ ᠶ᠋ᠢᠨ ᠳᠠᠭᠤᠯᠠᠭᠰᠠᠨ
《 ᠵᠧ ᠬᠥᠶᠢ》 ᠵᠢᠷᠤᠭ ᠰᠢᠭ᠋ ᠬᠡᠭᠡᠨᠴᠢᠷ
ᠸᠠᠷᠱᠠᠸᠠ ᠶ᠋ᠢᠨ ᠲᠠᠢᠵᠠ —
ᠪᠤᠶᠠᠨᠳᠡᠯᠭᠡᠷ ᠦ᠋ᠨ ᠵᠠᠭᠤᠨ ᠲᠦᠮᠡᠨ ᠦ᠌
ᠠᠯᠠᠭ᠎ᠠ ᠬᠡᠢᠮᠦᠷᠢᠯᠡᠭᠰᠡᠨ
《 ᠰᠠᠷᠠᠭᠤᠯ ᠲᠠᠯ᠎ᠠ》 ᠭᠠᠵᠠᠷ ᠤ᠋ᠨ ᠬᠣᠯᠠᠬᠠᠨ ᠳ᠋ᠤ᠌
ᠵᠢᠯᠣᠭᠣ ᠰᠤᠯᠠᠷᠠᠯ ᠥᠬᠡᠢ ᠲᠡᠮᠡᠦᠯᠳᠡᠭ
ᠭᠠᠩᠭᠠᠩ ᠬᠠᠷ᠎ᠠ ᠲᠠᠢ ᠪᠠᠳᠮ᠎ᠠ ᠡᠭᠡᠴᠢ ᠶ᠋ᠢᠨ
ᠦᠨᠡᠨᠴᠢᠬᠡᠨ ᠵᠠᠬᠢᠶ᠎ᠠ《 ᠭᠠᠷᠤᠳᠢ》ᠮᠥᠷᠥᠢᠴᠡᠭᠡᠨ ᠳ᠋ᠦ᠍
《 ᠮᠥᠨᠲᠥᠭᠡᠷ ᠰᠠᠷᠠᠯ》 ᠢ᠋ᠶ᠋ᠠᠷ ᠢ᠋ᠶ᠋ᠠᠨ ᠬᠡᠢᠰᠬᠡᠵᠦ ᠶᠠᠪᠤᠭᠰᠠᠨ
ᠭᠠᠯᠲᠠᠢ ᠴᠣᠭᠲᠠᠢ ᠨᠠᠴᠤᠭᠳᠣᠷᠵᠢ ᠬᠦᠦ ᠶ᠋ᠢᠨ
ᠰᠣᠷᠢᠯᠲᠠ ᠳᠠᠪᠬᠢᠭ᠎ᠠ ᠲᠠᠯ᠎ᠠ ᠴᠢᠨᠦ ᠮᠢᠨᠢ
ᠥᠯᠥᠭᠡᠢ ᠬᠠᠢᠷ᠎ᠠ ᠶ᠋ᠢᠨ ᠡᠬᠢ ᠶᠦᠮ
ᠲᠠᠯ᠎ᠠ ᠴᠢᠨᠦ ᠮᠢᠨᠢ
ᠪᠦᠪᠡᠢ ᠡᠭᠡᠰᠢᠭ ᠦ᠋ᠨ ᠣᠨᠳᠣᠷᠣᠯ ᠶᠤᠮ
ᠬᠣᠲᠠ ᠳ᠋ᠤ᠌ ᠠᠵᠢᠯᠯᠠᠭᠰᠠᠨ ᠴᠤ᠌
ᠲᠠᠯ᠎ᠠ ᠳ᠋ᠠᠭᠠᠨ ᠡᠭᠡᠨᠡᠭᠰᠢᠳᠡᠭ
ᠳᠣᠨᠳᠤᠪ ᠠᠬ᠎ᠠ ᠶ᠋ᠢᠨ ᠠᠶ᠎ᠠ ᠨᠠᠮᠢᠶ᠎ᠠ
ᠬᠣᠭᠣᠯᠠᠢ ᠰᠥᠭᠡᠩᠭᠢ ᠴᠤ᠌
ᠬᠤᠭᠤᠷ ᠨᠢ ᠴᠣᠪᠬᠣᠴᠢᠳᠠᠭ
ᠲᠥᠬᠥᠷ ᠦ᠋ᠨ ᠮᠢᠨᠢ《 ᠪᠤᠢᠷ ᠬᠥᠯᠥᠨ》
ᠰᠣᠳᠣᠨ ᠨᠠᠢᠷᠠᠭᠴᠢ ᠪᠤ᠌· ᠳᠣᠩᠶᠤᠳᠳᠣᠷᠵᠢ ᠶ᠋ᠢᠨ
《 ᠪᠢ ᠮᠠᠯᠴᠢᠨ ᠤ᠋ ᠬᠦᠦ》ᠴᠣᠭ ᠲᠠᠭᠠᠨ ᠭᠢᠯᠠᠯᠵᠠᠭᠰᠠᠨ
ᠴ · ᠮᠥᠩᠬᠡᠰᠦ᠋ᠷᠦᠩ ᠦ᠋ᠨ《 ᠬᠠᠩᠭᠠᠢ ᠶ᠋ᠢᠨ ᠴᠡᠩᠬᠡᠷ ᠢᠷᠭᠤᠢ》
ᠲᠠᠯ᠎ᠠ ᠴᠢᠨᠦ ᠮᠢᠨᠢ
ᠥᠯᠥᠭᠡᠢ ᠬᠠᠢᠷ᠎ᠠ ᠲᠥᠯᠥᠪ ᠠᠭᠠᠰᠢ
ᠲᠠᠯ᠎ᠠ ᠴᠢᠨᠦ ᠮᠢᠨᠢ
ᠪᠦᠪᠡᠢ ᠡᠬᠡᠰᠢᠭ ᠲᠥᠷᠬᠦ ᠳᠦᠷᠢ
ᠨᠠᠢ᠍ᠮᠠᠨ ᠨᠡᠷ᠎ᠡ ᠨᠠᠶᠠᠨ ᠠᠯᠳᠠᠷᠠᠢ
ᠨᠡᠷᠡᠲᠦ ᠬᠣᠷᠸ᠎ᠠ ᠰᠠᠷᠠᠲᠤ ᠪᠥᠮᠪᠥᠯᠢᠭ
ᠢᠵᠢᠯ ᠢ᠋ᠶ᠋ᠡᠷ ᠴᠣᠭᠴᠠᠯᠠᠬᠤ ᠦᠷᠡᠰ ᠨᠢ ᠪᠢᠯᠡ
ᠠᠯᠲᠠ ᠪᠠᠷ ᠪᠢᠴᠢᠬᠦ ᠢᠷᠭᠡᠳ ᠨᠢ ᠪᠢᠯᠡ᠃
ᠥᠰᠴᠦ ᠪᠣᠢᠵᠢᠭᠰᠠᠨ ᠦᠷ᠎ᠡ ᠨᠢ ᠪᠢᠳᠡ
ᠥᠳᠥ ᠰᠣᠳᠣ ᠪᠦᠷᠢᠳᠦᠭᠡᠳ
ᠵᠠᠢ ᠬᠣᠯᠠᠳᠬᠠᠵᠤ ᠵᠠᠭᠠᠭ ᠠᠯᠤᠰᠯᠠᠭᠰᠠᠨ ᠴᠤ᠌
ᠲᠠᠨ ᠰᠢᠭ᠋ ᠢ᠋ᠶ᠋ᠡᠨ ᠲᠠᠯ᠎ᠠ ᠶᠤᠮ ᠠ᠋᠂
ᠲᠠᠯ᠎ᠠ ᠰᠢᠭ᠋ ᠢ᠋ᠶ᠋ᠡᠨ ᠠᠭᠤᠳᠠᠮ ᠶᠤᠮ ᠠ᠋᠃
ᠲᠠᠯ᠎ᠠ ᠶ᠋ᠢᠨ ᠮᠠᠯᠴᠢᠨ ᠤ᠋ ᠪᠣᠳᠣᠯ ᠨᠢ ᠴᠡᠩᠬᠡᠷ
ᠬᠦᠰᠡᠯ ᠨᠢ ᠪᠣᠰᠤᠭ᠎ᠠ
ᠲᠠ ᠶᠡᠷᠦ ᠨᠢ ᠨᠠᠳᠠ ᠲᠠᠢ ᠪᠠᠨ ᠠᠳᠠᠯᠢ
ᠪᠢ ᠶᠡᠷᠦ ᠳ᠋ᠡᠭᠡᠨ ᠲᠠᠨ ᠤ᠋ ᠬᠣᠷᠸ᠎ᠠ
ᠲᠠᠯ᠎ᠠ — ᠠᠮᠢᠳᠤᠷᠠᠯ
ᠲᠠᠷᠠᠭ — ᠠᠢᠷᠠᠭ
ᠲᠡᠰᠬᠢᠮ᠎ᠡ — ᠠᠭᠠᠭᠢᠮ᠎ᠠ
ᠤᠯᠠᠷᠢᠯ ᠤ᠋ᠨ ᠨᠤᠬᠤᠴᠠᠭᠠᠨ ᠳ᠋ᠤ᠌
ᠠᠮᠢᠳᠤᠷᠠᠯ᠂ ᠬᠥᠮᠦᠨ ᠠᠵᠤ ᠪᠠᠨ ᠪᠠᠷᠠᠭᠰᠠᠨ
ᠪᠡᠯᠡ ᠦᠭᠡᠢ ᠲᠡᠮᠡᠴᠡᠯ ᠭᠡᠳᠡᠭ
ᠳᠠᠷᠬᠠᠨ ᠨᠣᠲ᠋ᠯᠠᠯ ᠲᠠᠯ᠎ᠠ ᠴᠢᠮᠠᠶ᠋ᠢ ᠪᠠᠨ
ᠳᠠᠭᠤᠯᠠᠵᠤ ᠶᠠᠪᠤᠨ᠎ᠠ
ᠲᠠᠯ᠎ᠠ ᠡᠷ᠎ᠡ ᠶ᠋ᠢᠨ ᠴᠡᠭᠡᠵᠢᠨ ᠳ᠋ᠦ᠍
ᠡᠮᠡᠭᠡᠯ ᠲᠡᠢ ᠮᠣᠷᠢ ᠪᠠᠭᠲᠠᠴᠢᠬᠠᠬᠤ
ᠳᠠᠨᠠᠭᠠᠷ ᠳᠠᠭᠤᠴᠢᠨ ᠤ᠋ ᠬᠣᠭᠣᠯᠠᠢ ᠳ᠋ᠤ᠌
ᠡᠷᠡᠮᠡᠭ ᠬᠠᠷᠴᠠᠭᠠᠢ ᠵᠢᠷᠭᠢᠴᠢᠬᠡᠬᠦ
ᠬᠤᠳᠠᠯ ᠪᠢᠰᠢ ᠦᠨᠡᠨ
ᠬᠤᠤᠳᠤᠤ ᠪᠢᠰᠢ ᠨᠡᠭᠡᠷᠡᠨ
ᠨᠠᠢᠷᠠᠭ ᠠᠢᠷᠠᠭ ᠲᠤ ᠥᠰᠦᠭᠰᠡᠨ ᠪᠢ
ᠨᠠᠷᠠ ᠲᠠᠢ ᠬᠣᠷᠸ᠎ᠠ ᠳ᠋ᠤ᠌ ᠵᠠᠷᠯᠠᠨᠠᠮ ᠪᠢᠯᠢᠤ᠃
ᠴᠢᠮᠠᠶ᠋ᠢ ᠪᠣᠳᠣᠳᠠᠭ ᠬᠥᠮᠦᠨ
ᠵᠡᠭᠦᠳᠦ ᠪᠡᠷ ᠤᠴᠠᠷᠠᠬᠤ ᠦᠭᠡᠢ
ᠵᠢᠷᠦᠬᠡ ᠪᠡᠷ ᠢ᠋ᠶ᠋ᠡᠨ ᠠᠭᠤᠯᠵᠠᠳᠠᠭ᠃
ᠴᠢᠮ᠎ᠠ ᠳ᠋ᠤ᠌ ᠬᠠᠢᠷᠠᠲᠠᠢ ᠬᠣᠢᠴᠢᠰ
ᠮᠥᠷᠥᠭᠡᠳᠦᠯ ᠢ᠋ᠶ᠋ᠡᠷ ᠳᠤᠷᠠᠰᠬᠤ ᠦᠭᠡᠢ
ᠢᠲᠡᠭᠡᠯ ᠢ᠋ᠶ᠋ᠡᠷ ᠢ᠋ᠶ᠋ᠡᠨ ᠲᠤᠯᠳᠠᠭ᠃
ᠡᠨᠡᠬᠡᠨ ᠬᠣᠷᠸ᠎ᠠ ᠶ᠋ᠢᠨ ᠶᠣᠰᠣ ᠬᠣᠢᠨ᠎ᠠ
ᠡᠯᠳᠡᠩ ᠴᠣᠭᠴᠠ ᠶ᠋ᠢᠨ ᠴᠢᠨᠢ
ᠬᠠᠮᠢᠭ᠎ᠠ ᠨᠢᠭᠡ ᠡᠪᠡᠰᠦ ᠨᠢ ᠪᠣᠯᠵᠤ
ᠤᠷᠭᠤᠭᠰᠠᠨ ᠴᠤ᠌ ᠶᠠᠭᠠᠮᠠᠢ᠃
ᠡᠯᠡᠷᠢᠰᠢ ᠦᠭᠡᠢ ᠡᠨᠡᠷᠢᠯ ᠦ᠋ᠨ
ᠨᠥᠬᠥᠭᠡᠰᠦ ᠡᠩᠭᠡᠷ ᠨᠢ ᠪᠣᠯᠵᠤ
ᠰᠢᠬᠯᠠᠭᠳᠠᠬᠤ ᠳᠤᠷ᠎ᠠ ᠲᠠᠢ᠃
ᠳᠠᠭᠤᠤ ᠰᠢᠯᠦᠭ ᠦ᠋ᠨ ᠠᠢᠵᠠᠮ ᠬᠡᠮᠨᠡᠭᠰᠡᠨ
ᠲᠤᠤᠯᠢᠮ᠎ᠠ ᠬᠣᠷᠸ᠎ᠠ ᠲᠠᠯ᠎ᠠ ᠮᠢᠨᠦ ᠳᠡ
ᠨᠡᠷ᠎ᠡ ᠪᠡᠨ ᠪᠢ ᠪᠢᠴᠢᠳᠡᠭ
ᠨᠢᠳᠡᠷ ᠢ᠋ᠶ᠋ᠡᠨ ᠴᠢᠮ᠎ᠠ ᠳ᠋ᠤ᠌ ᠥᠪᠯᠡᠯᠡ
ᠨᠡᠢᠭᠡᠮ ᠡᠬᠡ᠂ ᠠᠮᠢᠳᠤᠷᠠᠯ ᠡᠴᠢᠭᠡ ᠶ᠋ᠢ
ᠨᠠᠰᠤ ᠪᠠᠷ ᠢ᠋ᠶ᠋ᠠᠨ ᠬᠠᠢᠷᠠᠯᠠᠵᠤ ᠡᠷᠭᠦᠨ᠎ᠡ ᠪᠢ
ᠨᠠᠮᠲᠠᠷ ᠢ᠋ᠶ᠋ᠠᠨ ᠪᠠᠰᠠ ᠮᠥᠩᠬᠡᠯᠡᠨᠡ ᠪᠢ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 10
