ᠨᠠᠮᠤᠭ ᠤ᠋ᠨ ᠰᠢᠯᠢ ᠡᠪᠡᠰᠦНамгийн шил өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠭ ᠤ᠋ᠨ ᠰᠢᠯᠢ ᠡᠪᠡᠰᠦНамгийн шил өвс

ᠨᠠᠮᠤᠭ ᠤ᠋ᠨ ᠰᠢᠯᠢ ᠡᠪᠡᠰᠦНамгийн шил өвс

2024-04-22

329

ᠨᠠᠮᠤᠭ ᠤ᠋ᠨ ᠰᠢᠯᠢ ᠡᠪᠡᠰᠦ

               ᠰᠢᠯᠢ ᠡᠪᠡᠰᠦᠨ ᠦ᠌ ᠢᠵᠠᠭᠤᠷ 
      ᠣᠯᠠᠨ ᠨᠠᠰᠤᠲᠤ ᠡᠪᠡᠰᠦᠯᠢᠭ ᠤᠷᠭᠤᠮᠠᠯ᠂20—60cm ᠥᠨᠳᠥᠷ᠂ ᠨᠠᠷᠢᠨ ᠤᠷᠲᠤ ᠦᠨᠳᠦᠰᠦᠯᠢᠭ ᠡᠰᠢ ᠲᠡᠢ᠃ ᠡᠰᠢᠨ ᠦ᠌ ᠤᠭ ᠤ᠋ᠨ ᠬᠡᠰᠡᠭ ᠨᠢ ᠲᠣᠮᠣᠷᠠᠨ᠎ᠠ᠂ ᠰᠠᠬᠠᠯ ᠦᠨᠳᠦᠰᠦ ᠲᠡᠢ ᠃ ᠨᠠᠪᠴᠢᠨ ᠤ᠋ ᠶᠡᠬᠡᠩᠬᠢ ᠨᠢ ᠣᠵᠣᠭᠣᠷ ᠠ᠋ᠴᠠ ᠰᠢᠭᠤᠳ ᠤᠷᠭᠤᠨ᠎ᠠ᠂ ᠪᠦᠰᠡ ᠬᠡᠯᠪᠡᠷᠢ ᠲᠡᠢ᠂6—30cm ᠤᠷᠲᠤ᠂1᠂5—2mm ᠥᠷᠭᠡᠨ᠂ ᠲᠣᠮᠣ ᠨᠠᠪᠴᠢᠨ ᠤ᠋ ᠲᠣᠭᠳᠣᠢ ᠲᠠᠢ᠃ ᠴᠡᠴᠡᠭ ᠨᠢ ᠶᠡᠷᠦ ᠳ᠋ᠡᠭᠡᠨ ᠬᠣᠣᠰ ᠪᠡᠯᠭᠡ ᠲᠡᠢ᠂3—3᠂5mm ᠤᠷᠲᠤ ᠪᠥᠭᠡᠳ ᠪᠣᠷᠣᠪᠲᠤᠷ ᠨᠣᠭᠣᠭᠠᠨ᠂3—5mm ᠤᠷᠲᠤ ᠪᠠᠷᠢᠭᠤᠯ ᠲᠠᠢ᠂ ᠪᠠᠭᠯᠠᠭᠴᠢ ᠦᠭᠡᠢ᠂10—30mm ᠤᠷᠲᠤ ᠨᠡᠯᠢᠶᠡᠳ ᠰᠡᠢᠷᠡᠭ ᠲᠦᠷᠦᠭᠦᠦ ᠬᠡᠯᠪᠡᠷᠢᠲᠦ ᠪᠤᠶᠤ ᠴᠠᠴᠤᠭ ᠬᠡᠯᠪᠡᠷᠢᠲᠦ ᠪᠠᠭ ᠴᠡᠴᠡᠭ ᠪᠦᠷᠢᠯᠳᠦᠨ᠎ᠡ; ᠴᠡᠴᠡᠭ ᠦ᠋ᠨ  ᠰᠢᠳᠠᠷ ᠨᠢ ᠵᠢᠷᠭᠤᠭ᠎ᠠ᠂ ᠬᠣᠶᠠᠷ ᠴᠠᠭᠠᠷᠢᠭ ᠢ᠋ᠶ᠋ᠠᠷ ᠪᠠᠢᠷᠢᠯᠠᠨ᠎ᠠ᠂ ᠬᠠᠢᠷᠰᠤᠨ ᠢᠯᠲᠠᠰᠤ ᠮᠡᠲᠦ ᠪᠥᠭᠡᠳ ᠲᠣᠷᠭᠠᠨ ᠬᠠᠯᠢᠰᠤᠯᠢᠭ ᠬᠥᠪᠡᠭᠡ ᠲᠡᠢ; ᠡᠷ᠎ᠡ ᠲᠣᠭᠣᠷᠴᠣᠭ ᠨᠢ ᠵᠢᠷᠭᠤᠭ᠎ᠠ; ᠤᠮᠠᠢ ᠶ᠋ᠢᠨ ᠬᠠᠯᠢᠰᠤ ᠨᠢ ᠵᠢᠷᠭᠤᠭ᠎ᠠ᠂ ᠵᠠᠷᠢᠮ ᠳ᠋ᠠᠭᠠᠨ ᠭᠤᠷᠪᠠ ᠨᠢ ᠬᠥᠭᠵᠢᠬᠦ ᠦᠭᠡᠢ; ᠡᠮ᠎ᠡ ᠲᠣᠭᠣᠷᠴᠣᠭ ᠤ᠋ᠨ ᠪᠠᠭᠠᠨ᠎ᠠ ᠨᠢ ᠲᠤᠩ ᠣᠬᠣᠷ᠂ ᠠᠮᠠᠰᠠᠷ ᠨᠢ ᠥᠳᠥᠯᠢᠭ ᠪᠤᠶᠤ ᠬᠥᠬᠥᠨᠴᠢᠷ ᠰᠢᠭ ᠳᠣᠪᠣᠭᠣᠷ ᠲᠠᠢ᠃ ᠵᠢᠮᠢᠰ ᠨᠢ ᠪᠥᠭᠡᠷᠡᠩᠬᠡᠢ ᠪᠠᠭᠠᠨ᠎ᠠ ᠰᠢᠭ᠋ ᠪᠤᠶᠤ ᠲᠣᠩᠭᠣᠷᠠᠭᠤ ᠥᠨᠳᠡᠭᠡᠯᠵᠢᠨ ᠬᠡᠯᠪᠡᠷᠢ ᠲᠡᠢ᠂6—8mm ᠤᠷᠲᠤ᠂1᠂5mm ᠥᠷᠭᠡᠨ᠂ ᠦᠵᠦᠭᠦᠷ ᠨᠢ ᠰᠢᠯᠤᠭᠤᠨ ᠪᠤᠶᠤ ᠭᠠᠳᠠᠭᠰᠢ ᠮᠤᠷᠤᠢ᠂ ᠤᠭ ᠤ᠋ᠨ ᠬᠡᠰᠡᠭ ᠲᠤᠨᠢ ᠣᠯᠠᠩᠬᠢ ᠳ᠋ᠠᠭᠠᠨ ᠭᠣᠬ᠎ᠠ ᠰᠢᠭ᠋ ᠬᠣᠶᠠᠷ ᠳᠠᠷᠤᠪᠴᠢ ᠲᠠᠢ᠂ ᠪᠣᠯᠪᠠᠰᠤᠷᠠᠯ ᠳᠣᠣᠷ᠎ᠠ ᠲᠠᠯ᠎ᠠ ᠠ᠋ᠴᠠ ᠳᠡᠭᠡᠭᠰᠢ ᠪᠡᠨ ᠭᠤᠷᠪᠠᠨ ᠬᠡᠯᠲᠡᠰ ᠪᠣᠯᠵᠤ ᠬᠠᠭᠠᠷᠠᠨ᠎ᠠ᠃
       ᠭᠣᠣᠯ ᠤ᠋ᠨ  ᠬᠥᠪᠡᠭᠡᠨ ᠦ᠌ ᠴᠢᠭᠢᠭᠯᠢᠭ ᠭᠠᠵᠠᠷ ᠪᠤᠶᠤ ᠬᠤᠵᠢᠷᠲᠤ ᠳᠠᠩ ᠳᠡᠭᠡᠷ᠎ᠡ ᠤᠷᠭᠤᠨ᠎ᠠ; ᠴᠢᠭᠢᠭᠲᠡᠢ ᠡᠯᠡᠰᠦᠷᠬᠡᠭ ᠭᠠᠵᠠᠷ᠂ ᠨᠠᠮᠤᠭ ᠭᠠᠵᠠᠷ ᠬᠢᠭᠡᠳ ᠳᠠᠯᠠᠢ ᠶ᠋ᠢᠨ ᠬᠥᠪᠡᠭᠡ ᠪᠡᠷ ᠪᠠᠰᠠ ᠤᠷᠭᠤᠳᠠᠭ᠃
        ᠮᠠᠨ ᠤ᠋ ᠤᠯᠤᠰ ᠤ᠋ᠨ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠳ᠋ᠤ᠌ ᠪᠦᠷ ᠤᠷᠭᠤᠳᠠᠭ᠃
         ᠬᠢᠲᠠᠳ ᠨᠡᠷ᠎ᠡ᠄水麦冬
         ᠠᠩᠭ᠌ᠯᠢ ᠨᠡᠷ᠎ᠡ᠄Triglochin PalustreL.
         ᠦᠰᠦᠭ ᠠᠮᠢᠯᠠᠭᠤᠯᠤᠭᠴᠢ᠄ ᠣ · ᠰᠡᠴᠡᠨᠲᠤ
         ᠬᠢᠨᠠᠭᠴᠢ᠄ ᠲᠤᠶᠠᠭ᠎ᠠ