ᠮᠣᠩᠭᠣᠯ ᠡᠮᠡᠭᠲᠡᠢ ᠶᠢᠨ ᠤᠷᠠᠨ ᠦᠢᠯᠡ-ᠴ ᠰᠣᠩᠭᠢᠨ᠎ᠠ-ᠬᠣᠶᠠᠳᠤᠭᠠᠷ ᠪᠦᠯᠦᠭ19-ᠮᠣᠩᠭᠣᠯ ᠦᠨᠳᠦᠰᠦᠲᠡᠨ ᠦ᠌ ᠮᠠᠯᠠᠭᠠᠢ
ᠬᠣᠶᠠᠳᠤᠭᠠᠷ ᠪᠦᠯᠦᠭ19-ᠮᠣᠩᠭᠣᠯ ᠦᠨᠳᠦᠰᠦᠲᠡᠨ ᠦ᠌ ᠮᠠᠯᠠᠭᠠᠢ
ᠮᠣᠩᠭᠣᠯ ᠦᠨᠳᠦᠰᠦᠲᠡᠨ ᠦ᠌ ᠮᠠᠯᠠᠭᠠᠢ ᠪᠤᠰᠤᠳ ᠬᠤᠪᠴᠠᠰᠤᠨ ᠤ᠋ ᠨᠢᠭᠡ ᠠᠳᠠᠯᠢ ᠬᠥᠮᠦᠨ ᠦ᠌ ᠬᠤᠪᠴᠠᠰᠤ ᠬᠡᠷᠡᠭᠯᠡᠬᠦ ᠪᠣᠯᠤᠭᠰᠠᠨ ᠦᠶ᠎ᠡ ᠲᠡᠢ ᠬᠣᠯᠪᠣᠭ᠎ᠠ ᠲᠠᠢ ᠪᠢᠯᠡ᠃ ᠮᠠᠯᠠᠭᠠᠢ ᠶ᠋ᠢᠨ ᠭᠠᠷᠤᠯ ᠡᠭᠦᠰᠦᠯ ᠦ᠋ᠨ ᠡᠬᠢ ᠶ᠋ᠢ ᠴᠢᠬᠢᠪᠴᠢ ᠪᠤᠶᠤ ᠬᠤᠯᠤᠭᠤᠪᠴᠢ ᠪᠠᠢᠭᠰᠠᠨ ᠪᠣᠯᠪᠠ ᠤᠤ ᠭᠡᠵᠦ ᠲᠠᠭᠠᠮᠠᠭᠯᠠᠵᠤ ᠪᠠᠢᠨ᠎ᠠ᠃ ᠬᠥᠮᠦᠨ ᠲᠣᠯᠣᠭᠠᠢ ᠨᠢᠴᠦᠭᠦᠨ ᠶᠠᠪᠤᠬᠤ ᠳ᠋ᠤ᠌ ᠬᠠᠮᠤᠭ ᠤ᠋ᠨ ᠤᠷᠢᠳᠠᠪᠡᠷ ᠴᠢᠬᠢ ᠳᠠᠭᠠᠷᠠᠳᠠᠭ ᠠ᠋ᠴᠠ ᠦᠵᠡᠬᠦ ᠳ᠋ᠦ᠍ ᠴᠦ᠍ ᠲᠡᠢᠮᠦ ᠪᠠᠢᠵᠤ ᠪᠣᠯᠬᠤ ᠶᠤᠮ᠃
ᠮᠣᠩᠭᠣᠯᠴᠤᠳ ᠤ᠋ᠨ ᠮᠠᠯᠠᠭᠠᠢ ᠣᠯᠠᠨ ᠶᠠᠩᠵᠤ ᠪᠠᠢᠳᠠᠭ ᠪᠥᠭᠡᠳ ᠲᠤᠰ ᠣᠷᠣᠨ ᠤ᠋ ᠳᠣᠲᠣᠷᠠᠬᠢ ᠦᠨᠳᠦᠰᠦᠲᠡᠨ ᠶᠠᠰᠤᠲᠠᠨ ᠤ᠋ ᠮᠠᠯᠠᠭᠠᠢ ᠬᠣᠭᠣᠷᠣᠨᠳᠣ ᠪᠠᠨ ᠥᠭᠡᠷ᠎ᠡ ᠥᠭᠡᠷ᠎ᠡ ᠪᠣᠯᠪᠠᠴᠤ ᠶᠡᠷᠦᠩᠬᠡᠢ ᠬᠡᠯᠪᠡᠷᠢ ᠨᠢ ᠣᠢᠷᠠᠯᠴᠠᠭ᠎ᠠ ᠪᠠᠢᠳᠠᠭ᠃ ᠡᠪᠦᠯ ᠦ᠋ᠨ ᠮᠠᠯᠠᠭᠠᠢ ᠳ᠋ᠤ᠌ ᠡᠷᠲᠡ ᠦᠶ᠎ᠡ ᠡᠴᠡ ᠬᠣᠨᠢᠨ ᠤ᠋ ᠨᠡᠬᠡᠢ᠂ ᠬᠤᠷᠠᠭ᠎ᠠ ᠢᠰᠢᠭᠡᠨ ᠦ᠌ ᠠᠷᠠᠰᠤ᠂ ᠦᠰᠦᠯᠢᠭ ᠠᠩ ᠤ᠋ᠨ ᠠᠷᠠᠰᠤ ᠪᠣᠯᠬᠤ ᠬᠠᠷ᠎ᠠ ᠪᠤᠯᠠᠭ᠎ᠠ᠂ ᠦᠨᠡᠭᠡ᠂ ᠮᠠᠨᠤᠤᠯ᠂ ᠲᠠᠷᠪᠠᠭ᠎ᠠ ᠵᠡᠷᠭᠡ ᠶ᠋ᠢᠨ ᠠᠷᠠᠰᠤ ᠶ᠋ᠢ ᠬᠡᠷᠡᠭᠯᠡᠵᠦ ᠪᠠᠢᠵᠠᠢ᠃ ᠲᠡᠭᠦᠨ ᠡᠴᠡ ᠭᠠᠳᠠᠨ᠎ᠠ ᠮᠣᠩᠭᠣᠯ ᠤ᠋ᠨ ᠳᠡᠭᠡᠷ᠎ᠡ ᠦᠶ᠎ᠡ ᠶ᠋ᠢᠨ ᠠᠢᠮᠠᠭ ᠢᠯᠠᠩᠭᠤᠶ᠎ᠠ ᠬᠢᠳᠠᠨ ᠤ᠋ ᠬᠠᠭᠠᠨᠲᠤ ᠤᠯᠤᠰ ᠤ᠋ᠨ ᠦᠶ᠎ᠡ ᠳ᠋ᠦ᠍ ᠨᠡᠬᠡᠮᠡᠯ ᠶᠡᠬᠡ ᠬᠥᠭᠵᠢᠵᠦ ᠮᠠᠯ ᠤ᠋ᠨ ᠨᠣᠣᠰᠣ ᠪᠠᠷ ᠨᠡᠬᠡᠭᠰᠡᠨ ᠮᠠᠯᠠᠭᠠᠢ ᠬᠡᠷᠡᠭᠯᠡᠵᠦ ᠪᠠᠢᠭᠰᠠᠨ ᠪᠣᠯᠪᠠ ᠤᠤ ᠭᠡᠮᠡᠷ ᠪᠠᠷᠢᠮᠲᠠ ᠴᠤ᠌ ᠪᠠᠢᠳᠠᠭ᠃
ᠬᠡᠯᠪᠡᠷᠢ ᠶ᠋ᠢᠨ ᠬᠤᠪᠢ ᠳ᠋ᠤ᠌ ᠰᠡᠭᠦᠯ ᠦ᠋ᠨ ᠵᠠᠭᠤᠭᠠᠳ ᠵᠢᠯ ᠳ᠋ᠦ᠍ ᠱᠥᠪᠥᠭᠡᠷ ᠣᠷᠣᠢ ᠲᠠᠢ ᠪᠣᠯᠬᠤ ᠬᠠᠨᠳᠤᠯᠭ᠎ᠠ ᠲᠠᠢ ᠪᠣᠯᠵᠠᠢ᠃ ᠮᠣᠩᠭᠣᠯ ᠳᠡᠪᠡᠯ ᠦᠨᠳᠦᠰᠦᠲᠡᠨ ᠦ᠌ ᠵᠠᠩᠰᠢᠯ ᠬᠥᠮᠦᠨ ᠠᠷᠠᠳ ᠤ᠋ᠨ ᠵᠠᠩ ᠦᠢᠯᠡ ᠶ᠋ᠢ ᠬᠠᠳᠠᠭᠠᠯᠠᠵᠤ ᠢᠷᠡᠭᠰᠡᠨ ᠦ᠌ ᠨᠢᠭᠡ ᠠᠳᠠᠯᠢ ᠮᠠᠯᠠᠭᠠᠢ ᠶ᠋ᠢᠨ ᠣᠷᠣᠢ ᠶ᠋ᠢᠨ ᠰᠠᠮᠫᠠᠨ ᠡᠷᠲᠡᠨ ᠦ᠌ ᠮᠣᠩᠭᠣᠯᠴᠤᠳ ᠥᠪᠡᠷᠰᠡᠳ ᠢ᠋ᠶ᠋ᠡᠨ ᠨᠠᠷᠠ᠂ ᠰᠠᠷ᠎ᠠ ᠶ᠋ᠢᠨ ᠠᠷᠠᠳ ᠲᠦᠮᠡᠨ ᠭᠡᠵᠦ ᠦᠵᠡᠳᠡᠭ ᠪᠠᠢᠭᠰᠠᠨ ᠲᠤᠯᠠ ᠨᠠᠷᠠ ᠶ᠋ᠢ ᠲᠥᠯᠥᠭᠡᠯᠡᠭᠰᠡᠨ ᠭᠡᠵᠦ ᠦᠵᠡᠳᠡᠭ᠃ ᠮᠠᠯᠠᠭᠠᠢ ᠶ᠋ᠢᠨ ᠵᠠᠯᠠᠭ᠎ᠠ᠂ ᠱᠥᠪᠥᠭᠡᠷ ᠣᠷᠣᠢ ᠭᠤᠴᠢᠨ ᠬᠣᠶᠠᠷ ᠣᠶᠣᠳᠠᠯ ᠲᠠᠢ ᠪᠠᠢᠳᠠᠭ ᠨᠢ《ᠭᠤᠴᠢᠨ ᠬᠣᠶᠠᠷ ᠦᠶ᠎ᠡ ᠶ᠋ᠢᠨ ᠠᠷᠠᠳ ᠲᠦᠮᠡᠨ ᠦ᠌》 ᠵᠢᠷᠦᠬᠡ ᠶ᠋ᠢ ᠡᠭᠡᠭᠡᠭᠰᠡᠨ ᠨᠠᠷᠠᠨ ᠤ᠋ ᠰᠠᠴᠤᠷᠠᠭ ᠶᠤᠮ᠃
ᠮᠠᠯᠠᠭᠠᠢ ᠶ᠋ᠢᠨ ᠠᠷᠤ ᠳ᠋ᠤ᠌ ᠪᠠᠢᠳᠠᠭ ᠬᠣᠶᠠᠷ ᠪᠦᠴᠡ ᠲᠤᠰᠠᠭᠠᠷ ᠲᠣᠭᠲᠠᠨᠢᠯ᠂ ᠴᠢᠯᠥᠭᠡᠯᠡᠭᠳᠡᠭᠰᠡᠨ ᠦ᠌ ᠪᠠᠶᠠᠷ ᠢ᠋ ᠢᠯᠡᠷᠬᠡᠢᠯᠡᠳᠡᠭ ᠠᠵᠢ᠃ ᠬᠥᠮᠦᠨ ᠦ᠌ ᠲᠡᠷᠢᠭᠦᠨ ᠦ᠌ ᠳᠡᠭᠡᠷ᠎ᠡ ᠪᠠᠢᠳᠠᠭ ᠮᠠᠯᠠᠭᠠᠢ ᠳ᠋ᠤ᠌ ᠮᠣᠩᠭᠣᠯ ᠦᠨᠳᠦᠰᠦᠲᠡᠨ ᠦ᠌ ᠵᠠᠩᠰᠢᠯ ᠢ᠋ᠶ᠋ᠠᠷ ᠣᠯᠠᠨ ᠨᠠᠷᠢᠨ ᠤᠴᠢᠷ ᠤᠳᠬ᠎ᠠ ᠪᠠᠢᠳᠠᠭ᠃
ᠮᠠᠯᠠᠭᠠᠢ ᠶ᠋ᠢ ᠭᠢᠰᠬᠢᠬᠦ᠂ ᠳᠡᠭᠡᠭᠦᠷ ᠨᠢ ᠠᠯᠬᠤᠬᠤ ᠵᠡᠷᠭᠡ ᠶ᠋ᠢ ᠮᠠᠯᠠᠭᠠᠢ ᠶ᠋ᠢᠨ ᠡᠵᠡᠨ ᠢ᠋ ᠳᠣᠷᠣᠮᠵᠢᠯᠠᠭᠰᠠᠨ ᠭᠡᠵᠦ ᠦᠵᠡᠳᠡᠭ᠃
ᠮᠣᠩᠭᠣᠯ ᠬᠥᠮᠦᠨ ᠠᠯᠢᠪᠠ ᠶᠣᠰᠣᠯᠠᠯ ᠬᠦᠨᠳᠦᠳᠬᠡᠯ ᠳ᠋ᠦ᠍ ᠮᠠᠯᠠᠭᠠᠢ ᠡᠮᠦᠰᠳᠡᠭ ᠶᠠᠪᠤᠳᠠᠯ ᠣᠳᠣ ᠴᠤ᠌ ᠬᠡᠷᠡᠭᠯᠡᠭᠳᠡᠭᠰᠡᠭᠡᠷ ᠪᠠᠢᠨ᠎ᠠ᠃ ᠵᠢᠱ᠌ᠢᠶ᠎ᠡ ᠨᠢ᠄ ᠰᠢᠭᠦᠰᠦ ᠬᠥᠨᠳᠡᠭᠡᠬᠦ᠂ ᠬᠥᠮᠦᠨ ᠳ᠋ᠦ᠍ ᠰᠦ ᠬᠠᠳᠠᠭ ᠪᠠᠷᠢᠬᠤ᠂ ᠰᠠᠷᠬᠤᠳ ᠰᠥᠩᠨᠡᠬᠦ ᠳ᠋ᠦ᠍ ᠮᠠᠯᠠᠭᠠᠢ ᠪᠠᠨ ᠡᠮᠦᠰᠳᠡᠭ ᠵᠠᠩᠰᠢᠯ ᠲᠠᠢ᠃
ᠮᠣᠩᠭᠣᠯᠴᠤᠳ ᠡᠷᠲᠡ ᠦᠶ᠎ᠡ ᠡᠴᠡ ᠶᠠᠩᠵᠤ ᠪᠦᠷᠢ ᠶ᠋ᠢᠨ ᠬᠡᠯᠪᠡᠷᠢ ᠶ᠋ᠢᠨ ᠮᠠᠯᠠᠭᠠᠢ ᠲᠣᠭᠣᠷᠴᠣᠭ ᠬᠡᠷᠡᠭᠯᠡᠵᠦ ᠢᠷᠡᠭᠰᠡᠨ ᠨᠢ ᠣᠷᠴᠢᠨ ᠦᠶ᠎ᠡ ᠳ᠋ᠦ᠍ ᠴᠦ᠍ ᠬᠡᠷᠡᠭᠯᠡᠭᠳᠡᠭᠰᠡᠭᠡᠷ ᠪᠠᠢᠨ᠎ᠠ᠃ ᠮᠣᠩᠭᠣᠯ ᠦᠨᠳᠦᠰᠦᠲᠡᠨ ᠦ᠌ ᠮᠠᠯᠠᠭᠠᠢ ᠮᠥᠨ ᠬᠡᠷᠬᠡᠮ ᠲᠤᠰᠢᠶᠠᠯ᠂ ᠱᠠᠰᠢᠨ ᠰᠢᠲᠦᠯᠭᠡ᠂ ᠴᠡᠷᠢᠭ᠂ ᠭᠣᠶᠣᠯᠠᠯ ᠤ᠋ᠨ᠂ ᠡᠩ ᠦ᠋ᠨ᠂ ᠡᠪᠦᠯ᠂ ᠵᠤᠨ ᠤ᠋ ᠭᠡᠬᠦ ᠵᠡᠷᠭᠡ ᠶᠠᠩᠵᠤ ᠪᠦᠷᠢ ᠪᠠᠢᠳᠠᠭ᠃ ᠬᠠᠭᠠᠨ ᠤ᠋ ᠲᠢᠲᠢᠮ᠂ ᠨᠣᠶᠠᠳ ᠤ᠋ᠨ ᠤᠲᠤᠭ᠎ᠠ ᠵᠢᠩᠰᠡ ᠲᠡᠢ ᠮᠠᠯᠠᠭᠠᠢ᠂ ᠯᠠᠮᠠ ᠪᠤᠶᠤ ᠱᠠᠰᠢᠷ᠂ ᠱᠠᠨᠠᠮ᠂ ᠭᠣᠩᠰᠢᠶ᠎ᠠ ᠮᠠᠯᠠᠭᠠᠢ᠂ ᠮᠠᠯᠴᠢᠨ ᠪᠠ ᠡᠩ ᠦ᠋ᠨ ᠠᠷᠠᠳ ᠤ᠋ᠨ ᠮᠠᠯᠠᠭᠠᠢ ᠵᠡᠷᠭᠡ ᠣᠯᠠᠨ ᠲᠥᠷᠥᠯ ᠦ᠋ᠨ ᠮᠠᠯᠠᠭᠠᠢ ᠪᠠᠢᠳᠠᠭ ᠤ᠋ᠨ ᠳᠡᠭᠡᠷ᠎ᠡ ᠡᠷᠡᠭᠲᠡᠢ᠂ ᠡᠮᠡᠭᠲᠡᠢ ᠬᠥᠮᠦᠰ ᠦ᠋ᠨ ᠮᠠᠯᠠᠭᠠᠢ ᠬᠣᠭᠣᠷᠣᠨᠳᠣ ᠪᠠᠨ ᠥᠭᠡᠷ᠎ᠡ ᠥᠭᠡᠷ᠎ᠡ ᠣᠨᠴᠠᠯᠢᠭ ᠲᠠᠢ ᠪᠠᠢᠳᠠᠭ᠃
ᠵᠢᠷᠤᠭ 31
(1) ᠳᠤᠭᠤᠢ ᠬᠢᠯᠢᠩ ᠮᠠᠯᠠᠭᠠᠢ
(2) ᠰᠥᠨᠢᠳ ᠪᠤᠶᠤ ᠬᠦᠷᠢᠶ᠎ᠡ ᠮᠠᠯᠠᠭᠠᠢ
(3) ᠯᠣᠣᠪᠤᠤᠵᠠ
(4) ᠲᠣᠭᠣᠷᠴᠣᠭ
(5) ᠱᠠᠰᠢᠷ᠂ ᠱᠠᠨᠠᠮ ᠭᠣᠩᠰᠢᠶ᠎ᠠ ᠮᠠᠯᠠᠭᠠᠢ
(6) ᠵᠠᠩᠵᠤᠨ ᠮᠠᠯᠠᠭᠠᠢ
(7) ᠬᠤᠷᠳᠤᠨ ᠮᠣᠷᠢᠨ ᠤ᠋ ᠬᠡᠦᠬᠡᠳ ᠦ᠋ᠨ ᠡᠮᠦᠰᠬᠦ ᠮᠠᠯᠠᠭᠠᠢ
(8) ᠡᠷᠡᠭᠲᠡᠢ ᠬᠥᠮᠦᠨ ᠦ᠌ ᠡᠪᠦᠯ ᠦ᠋ᠨ ᠮᠠᠯᠠᠭᠠᠢ

ᠲᠣᠬᠢᠷᠠᠭᠰᠠᠨ ᠬᠤᠪᠴᠠᠰᠤ ᠪᠡᠶ᠎ᠡ ᠶ᠋ᠢᠨ ᠴᠢᠮᠡᠭ ᠪᠠᠢᠳᠠᠭ ᠤ᠋ᠨ ᠠᠳᠠᠯᠢ ᠮᠠᠯᠠᠭᠠᠢ ᠬᠥᠮᠦᠨ ᠦ᠌ ᠪᠡᠶ᠎ᠡ᠂ ᠵᠢᠰᠦ ᠴᠢᠷᠠᠢ ᠳ᠋ᠤ᠌ ᠦᠵᠡᠮᠵᠢ ᠣᠷᠣᠭᠤᠯᠳᠠᠭ ᠲᠡᠳᠦᠢ ᠦᠭᠡᠢ ᠬᠥᠮᠦᠨ ᠢ᠋ ᠭᠠᠳᠠᠨ᠎ᠠ ᠶ᠋ᠢᠨ ᠬᠠᠯᠠᠭᠤᠨ ᠬᠦᠢᠲᠡᠨ ᠦ᠌ ᠨᠥᠯᠥᠭᠡ ᠡᠴᠡ ᠬᠠᠮᠠᠭᠠᠯᠠᠬᠤ᠂ ᠤᠯᠤᠰ ᠭᠦᠷᠦᠨ ᠦ᠌ ᠲᠡᠦᠬᠡ ᠰᠣᠶᠣᠯ᠂ ᠤᠭᠰᠠᠭ᠎ᠠ᠂ ᠴᠣᠯᠠ ᠬᠡᠷᠬᠡᠮ ᠦ᠋ᠨ ᠢᠯᠭᠠᠭ᠎ᠠ ᠶ᠋ᠢ ᠲᠣᠳᠣᠷᠠᠭᠤᠯᠬᠤ ᠵᠡᠷᠭᠡ ᠣᠯᠠᠨ ᠲᠠᠯ᠎ᠠ ᠶ᠋ᠢᠨ ᠣᠨᠴᠠᠯᠢᠭ ᠲᠠᠢ ᠬᠤᠪᠴᠠᠰᠤ ᠶᠤᠮ᠃ ᠦᠨᠳᠦᠰᠦᠲᠡᠨ ᠦ᠌ ᠮᠠᠯᠠᠭᠠᠢ᠂ ᠲᠣᠭᠣᠷᠴᠣᠭ ᠢ᠋ ᠣᠷᠴᠢᠨ ᠦᠶ᠎ᠡ ᠶ᠋ᠢᠨ ᠨᠡᠢᠲᠡᠯᠢᠭ ᠬᠡᠷᠡᠭᠯᠡᠬᠦ ᠪᠡᠨ ᠪᠣᠯᠢᠭᠰᠠᠨ ᠴᠤ᠌ ᠮᠠᠨ ᠤ᠋ ᠦᠨᠳᠦᠰᠦᠲᠡᠨ ᠦ᠌ ᠪᠡᠶ᠎ᠡ ᠲᠠᠮᠢᠷ᠂ ᠤᠷᠠᠯᠢᠭ ᠤ᠋ᠨ ᠲᠠᠢᠵᠠ ᠶ᠋ᠢ ᠴᠢᠮᠡᠭᠰᠡᠭᠡᠷ ᠪᠠᠢᠭ᠎ᠠ ᠶ᠋ᠢᠨ ᠳᠡᠭᠡᠷ᠎ᠡ ᠮᠠᠯᠴᠢᠳ ᠤ᠋ᠨ ᠭᠣᠣᠯ ᠬᠡᠷᠡᠭᠯᠡᠳᠡᠭ ᠬᠤᠪᠴᠠᠰᠤᠨ ᠤ᠋ ᠨᠢᠭᠡ ᠶᠦᠮ᠃
ᠡᠭᠦᠨ ᠢ᠋ᠶ᠋ᠡᠷ ᠴᠤ᠌ ᠦᠯᠦ ᠪᠠᠷᠠᠮ ᠣᠷᠴᠢᠨ ᠦᠶ᠎ᠡ ᠳ᠋ᠦ᠍ ᠯᠣᠣᠪᠤᠤᠵᠠ ᠮᠠᠯᠠᠭᠠᠢ ᠶ᠋ᠢ ᠥᠪᠡᠷ ᠦ᠋ᠨ ᠣᠷᠣᠨ ᠳ᠋ᠤ᠌ ᠪᠣᠯᠤᠨ ᠭᠠᠳᠠᠭᠠᠳᠤ ᠶ᠋ᠢᠨ ᠬᠥᠮᠦᠨ ᠠᠷᠠᠳ ᠶᠡᠬᠡᠳᠡ ᠰᠣᠨᠢᠷᠬᠠᠨ ᠬᠡᠷᠡᠭᠯᠡᠳᠡᠭ ᠪᠣᠯᠤᠯ᠎ᠠ᠃ ᠰᠡᠭᠦᠯ ᠦ᠋ᠨ ᠦᠶ᠎ᠡ ᠳ᠋ᠦ᠍ ᠨᠢᠭᠡ ᠬᠡᠰᠡᠭ ᠬᠡᠷᠡᠭᠯᠡᠬᠦ ᠪᠡᠨ ᠪᠣᠯᠢᠭᠰᠠᠨ ᠪᠤᠯᠠᠭᠠᠨ ᠮᠠᠯᠠᠭᠠᠢ᠂ ᠳᠥᠷᠪᠡᠨ ᠲᠠᠯᠠᠲᠤ ᠪᠤᠯᠠᠭᠠᠨ ᠲᠣᠭᠣᠷᠴᠣᠭ ᠢ᠋ ᠬᠦᠷᠲᠡᠯ᠎ᠡ ᠰᠡᠷᠭᠦᠭᠡᠨ ᠬᠡᠷᠡᠭᠯᠡᠬᠦ ᠪᠣᠯᠵᠠᠢ᠃ ᠡᠭᠦᠨ ᠲᠡᠢ ᠤᠶᠠᠯᠳᠤᠭᠤᠯᠵᠤ ᠣᠷᠴᠢᠨ ᠦᠶ᠎ᠡ ᠳ᠋ᠦ᠍ ᠤᠯᠤᠰ ᠦᠢᠯᠡᠳᠪᠦᠷᠢᠯᠡᠵᠦ ᠪᠠᠢᠭ᠎ᠠ ᠶᠠᠩᠵᠤ ᠪᠦᠷᠢ ᠶ᠋ᠢᠨ ᠪᠣᠯᠪᠠᠰᠤᠷᠠᠩᠭᠤᠢ ᠵᠠᠭᠪᠤᠷ ᠪᠦᠬᠦᠢ ᠪᠤᠯᠠᠭ᠎ᠠ᠂ ᠬᠠᠯᠢᠭᠤ᠂ ᠦᠨᠡᠭᠡ᠂ ᠲᠠᠷᠪᠠᠭ᠎ᠠ ᠶ᠋ᠢᠨ ᠠᠷᠠᠰᠤᠨ ᠤ᠋ ᠪᠣᠯᠤᠨ ᠮᠠᠯ ᠤ᠋ᠨ ᠠᠷᠠᠰᠤ ᠪᠠᠷ ᠬᠢᠭᠰᠡᠨ ᠮᠠᠯᠠᠭᠠᠢ ᠶ᠋ᠢ ᠬᠢᠵᠦ ᠰᠤᠷᠬᠤ ᠶ᠋ᠢᠨ ᠵᠡᠷᠭᠡᠴᠡᠭᠡ ᠦᠨᠳᠦᠰᠦᠲᠡᠨ ᠦ᠌ ᠮᠠᠯᠠᠭᠠᠢ᠂ ᠲᠣᠭᠣᠷᠴᠣᠭ ᠢ᠋ ᠬᠢᠵᠦ ᠬᠡᠷᠡᠭᠯᠡᠬᠦ᠂ ᠤᠷ᠎ᠠ ᠶ᠋ᠢᠨ ᠰᠠᠩ ᠳ᠋ᠤ᠌ ᠬᠤᠪᠢ ᠨᠡᠮᠡᠷᠢ ᠣᠷᠣᠭᠤᠯᠬᠤ ᠳ᠋ᠤ᠌ ᠲᠤᠰᠠ ᠪᠣᠯᠬᠤ ᠵᠣᠷᠢᠯᠭ᠎ᠠ ᠪᠠᠷ ᠵᠠᠷᠢᠮ ᠮᠠᠯᠠᠭᠠᠢ᠂ ᠲᠣᠭᠣᠷᠴᠣᠭ ᠬᠢᠬᠦ ᠲᠠᠯ᠎ᠠ ᠪᠠᠷ ᠥᠬᠢᠳ ᠲᠦ᠍ ᠵᠥᠪᠯᠡᠬᠦ ᠳ᠋ᠦ᠍ ᠢᠯᠡᠭᠦᠳᠡᠬᠦ ᠦᠭᠡᠢ ᠪᠢᠵᠡ ᠠ᠋᠃
ᠵᠠᠩᠵᠤᠨ ᠮᠠᠯᠠᠭᠠᠢ ᠬᠢᠬᠦ ᠮᠠᠨ ᠤ᠋ ᠦᠨᠳᠦᠰᠦᠲᠡᠨ ᠦ᠌ ᠡᠷ᠎ᠡ ᠶ᠋ᠢᠨ ᠭᠤᠷᠪᠠᠨ ᠨᠠᠭᠠᠳᠤᠮ ᠤ᠋ᠨ ᠬᠦᠨᠳᠦᠳᠬᠡᠯ ᠦ᠋ᠨ ᠡᠮᠦᠰᠬᠡᠯ ᠦ᠋ᠨ ᠨᠢᠭᠡ ᠪᠣᠯᠬᠤ ᠵᠠᠩᠵᠤᠨ ᠮᠠᠯᠠᠭᠠᠢ ᠶ᠋ᠢ ᠤᠷᠠᠯᠢᠭ ᠤ᠋ᠨ ᠲᠠᠢᠵᠠᠨ ᠳ᠋ᠤ᠌ ᠳᠠᠭᠤᠴᠢᠳ᠂ ᠬᠤᠭᠤᠷᠴᠢᠳ᠂ ᠲᠤᠤᠯᠢᠴᠢᠳ᠂ ᠢᠷᠦᠭᠡᠯᠴᠢᠳ ᠥᠷᠭᠡᠨ ᠬᠡᠷᠡᠭᠯᠡᠵᠦ ᠪᠠᠢᠨ᠎ᠠ᠃ ᠵᠠᠩᠵᠤᠨ ᠮᠠᠯᠠᠭᠠᠢ ᠶ᠋ᠢ ᠡᠰᠬᠡᠬᠦ ᠳ᠋ᠡᠭᠡᠨ ᠶᠠᠭᠤᠨ ᠤ᠋ ᠡᠮᠦᠨ᠎ᠡ ᠡᠮᠦᠰᠬᠦ ᠬᠥᠮᠦᠨ ᠦ᠌ ᠪᠡᠨ ᠲᠣᠯᠣᠭᠠᠢ ᠶ᠋ᠢᠨ ᠬᠡᠮᠵᠢᠶᠡᠨ ᠳ᠋ᠦ᠍ ᠲᠣᠬᠢᠷᠠᠭᠤᠯᠬᠤ ᠶ᠋ᠢᠨ ᠲᠤᠯᠠᠳᠠ ᠲᠣᠯᠣᠭᠠᠢ ᠶ᠋ᠢᠨ ᠬᠡᠮᠵᠢᠶ᠎ᠡ ᠶ᠋ᠢ ᠵᠥᠪ ᠠᠪᠤᠨ᠎ᠠ᠃ ᠲᠣᠯᠣᠭᠠᠢ ᠶ᠋ᠢᠨ ᠬᠡᠮᠵᠢᠶ᠎ᠡ ᠶ᠋ᠢ ᠠᠪᠬᠤ ᠳ᠋ᠠᠭᠠᠨ ᠰᠡᠨᠲ᠋ᠢᠮᠧᠲ᠋ᠷ ᠢ᠋ᠶ᠋ᠡᠷ ᠲᠣᠯᠣᠭᠠᠢ ᠶ᠋ᠢ ᠣᠷᠢᠶᠠᠬᠤ ᠪᠢᠰᠢ ᠭᠠᠪᠠᠯᠠ ᠳᠤᠬᠤ ᠶ᠋ᠢᠨ ᠶᠠᠰᠤ ᠶ᠋ᠢ ᠲᠠᠰᠢᠭᠤ ᠣᠷᠢᠶᠠᠵᠤ ᠬᠡᠮᠵᠢᠨ᠎ᠡ᠃ ᠢᠩᠭᠢᠵᠦ ᠣᠷᠢᠶᠠᠬᠤ ᠳ᠋ᠠᠭᠠᠨ ᠰᠡᠨᠲ᠋ᠢᠮᠧᠲ᠋ᠷ ᠢ᠋ ᠬᠡᠳᠦ ᠴᠢᠩᠭ᠎ᠠ ᠲᠠᠲᠠᠬᠤ ᠦᠭᠡᠢ ᠬᠡᠮᠵᠢᠭᠰᠡᠨ ᠲᠣᠭ᠎ᠠ ᠪᠠᠨ ᠳᠥᠷᠪᠡ ᠪᠤᠶᠤ ᠵᠢᠷᠭᠤᠭᠠᠨ ᠲᠠᠯ᠎ᠠ ᠳ᠋ᠤ᠌ ᠬᠤᠪᠢᠶᠠᠵᠤ᠂ ᠲᠡᠭᠦᠨ ᠳᠡᠭᠡᠷ᠎ᠡ ᠲᠤᠰ ᠪᠦᠷᠢ ᠣᠶᠣᠳᠠᠯ ᠤ᠋ᠨ ᠬᠡᠮᠵᠢᠶ᠎ᠡ ᠨᠡᠮᠡᠵᠦ ᠡᠰᠬᠡᠨ᠎ᠡ᠃ ᠡᠬᠢᠯᠡᠭᠡᠳ ᠴᠠᠭᠠᠰᠤᠨ ᠦᠯᠢᠭᠡᠷ ᠭᠠᠷᠭᠠᠵᠤ ᠮᠠᠯᠠᠭᠠᠢ ᠶ᠋ᠢᠨ ᠢ᠋ᠶ᠋ᠡᠨ ᠶᠡᠷᠦᠩᠬᠡᠢ ᠵᠠᠭᠪᠤᠷ ᠢ᠋ ᠭᠠᠷᠭᠠᠨ ᠬᠡᠮᠵᠢᠭᠦᠷ ᠲᠡᠢ ᠪᠡᠨ ᠨᠡᠢᠯᠡᠭᠦᠯᠵᠦ ᠦᠵᠡᠭᠡᠳ ᠬᠠᠰᠤᠬᠤ ᠨᠡᠮᠡᠬᠦ ᠬᠡᠮᠵᠢᠶ᠎ᠡ ᠪᠡᠨ ᠲᠣᠬᠢᠷᠠᠭᠤᠯᠤᠨ ᠡᠰᠬᠡᠨ᠎ᠡ᠃
ᠵᠠᠩᠵᠤᠨ ᠮᠠᠯᠠᠭᠠᠢ ᠶ᠋ᠢᠨ ᠰᠠᠮᠫᠠᠨ ᠰᠢᠷᠭᠤᠭᠤᠯᠬᠤ ᠬᠡᠰᠡᠭ ᠲᠦ᠍ ᠨᠠᠷᠢᠬᠠᠨ ᠱᠣᠪᠬᠣ ᠦᠵᠦᠭᠦᠷ ᠭᠠᠷᠭᠠᠳᠠᠭ ᠤᠴᠢᠷ ᠡᠨᠳᠡ ᠡᠰᠬᠡᠭᠦᠷ ᠢ᠋ ᠨᠠᠷᠢᠨ ᠲᠣᠬᠢᠷᠠᠭᠤᠯᠤᠨ᠎ᠠ᠃ ᠡᠰᠬᠡᠭᠰᠡᠨ ᠳᠥᠷᠪᠡ ᠪᠤᠶᠤ ᠵᠢᠷᠭᠤᠭᠠᠨ ᠲᠠᠯ᠎ᠠ ᠳ᠋ᠤ᠌ ᠲᠣᠬᠢᠷᠠᠭᠤᠯᠤᠨ ᠳᠡᠭᠡᠭᠰᠢ ᠡᠷᠭᠢᠳᠡᠭ ᠳᠥᠷᠪᠡᠨ ᠲᠠᠯ᠎ᠠ ᠶ᠋ᠢ ᠬᠢᠬᠦ ᠳ᠋ᠡᠭᠡᠨ ᠶᠡᠬᠡ ᠪᠡᠶ᠎ᠡ ᠲᠠᠯ᠎ᠠ ᠬᠣᠶᠠᠷ ᠤ᠋ᠨ ᠵᠠᠯᠭᠠᠭᠳᠠᠬᠤ ᠬᠡᠰᠡᠭ ᠢ᠋ ᠠᠳᠠᠯᠢᠬᠠᠨ ᠬᠡᠮᠵᠢᠶ᠎ᠡ ᠲᠡᠢ ᠬᠢᠨ᠎ᠡ᠃
ᠵᠠᠩᠵᠤᠨ ᠮᠠᠯᠠᠭᠠᠢ ᠶ᠋ᠢ ᠡᠷᠡᠭᠲᠡᠢᠴᠦᠳ ᠡᠮᠦᠰᠳᠡᠭ ᠲᠤᠯᠠ ᠲᠡᠭᠦᠨ ᠦ᠌ ᠥᠩᠭᠡ ᠶ᠋ᠢ ᠰᠣᠩᠭᠣᠬᠤ ᠳ᠋ᠠᠭᠠᠨ ᠣᠷᠴᠢᠨ ᠦᠶ᠎ᠡ ᠳ᠋ᠦ᠍ ᠲᠣᠬᠢᠷᠠᠭᠤᠯᠵᠤ ᠬᠡᠳᠦ ᠲᠣᠳᠣ ᠪᠢᠰᠢ ᠥᠩᠭᠡ ᠪᠡᠷ ᠬᠢᠵᠦ᠂ ᠲᠣᠨᠣᠭ ᠢ᠋ ᠲᠣᠳᠣ ᠪᠥᠭᠡᠳ ᠭᠣᠶᠣᠮᠰᠣᠭ ᠮᠠᠲ᠋ᠧᠷᠢᠶᠠᠯ ᠢ᠋ᠶ᠋ᠠᠷ ᠲᠣᠨᠣᠭᠯᠠᠨ ᠲᠠᠯ᠎ᠠ ᠪᠦᠷᠢ ᠶ᠋ᠢᠨ ᠬᠣᠭᠣᠷᠣᠨᠳᠣᠬᠢ ᠬᠠᠪᠴᠢᠶᠠᠷᠢ ᠶ᠋ᠢ ᠥᠩᠭᠡᠨ ᠡᠴᠡ ᠳᠥᠩᠭᠡᠵᠦ ᠢᠯᠭᠠᠭᠳᠠᠬᠤ᠂ ᠲᠡᠳᠦᠢ ᠣᠢᠷᠠᠯᠴᠠᠭ᠎ᠠ ᠥᠩᠭᠡ ᠪᠡᠷ ᠨᠢᠭᠡ ᠵᠢᠭᠳᠡ ᠨᠠᠷᠢᠨ ᠬᠠᠪᠴᠢᠨ᠎ᠠ᠃ ᠡᠭᠦᠨ ᠦ᠌ ᠲᠤᠯᠠᠳᠠ ᠬᠠᠪᠴᠢᠬᠤ ᠬᠠᠪᠴᠢᠶᠠᠷᠢ ᠪᠠᠨ ᠤᠷᠢᠳᠴᠢᠯᠠᠨ ᠵᠢᠭᠳᠡ ᠨᠤᠭᠤᠯᠤᠨ ᠢᠩᠳᠡᠦᠳᠡᠭᠰᠡᠨ ᠪᠠᠢᠨ᠎ᠠ᠃ ᠮᠠᠯᠠᠭᠠᠢ ᠶ᠋ᠢᠨ ᠥᠩᠭᠡ ᠶ᠋ᠢ ᠣᠶᠣᠵᠤ ᠳᠠᠭᠤᠰᠬᠠᠭᠠᠳ ᠳᠣᠲᠣᠷ ᠲᠠᠯ᠎ᠠ ᠶ᠋ᠢ ᠴᠠᠷᠳᠠᠨ ᠥᠭᠡᠷ᠎ᠡ ᠳᠠᠪᠤᠤ ᠬᠡᠳᠦ ᠬᠡᠳᠦ ᠳᠠᠪᠬᠤᠷᠯᠠᠨ ᠨᠠᠭᠠᠵᠤ ᠬᠡᠪ ᠲᠦ᠍ ᠬᠢᠵᠦ ᠬᠠᠲᠠᠭᠠᠨ᠎ᠠ᠃
ᠳᠡᠭᠡᠭᠰᠢ ᠪᠡᠨ ᠡᠷᠭᠢᠳᠡᠭ ᠳᠥᠷᠪᠡᠨ ᠲᠠᠯ᠎ᠠ ᠴᠢᠬᠢ ᠶ᠋ᠢ ᠡᠰᠬᠡᠨ᠂ ᠳᠠᠪᠤᠤ ᠳᠠᠪᠬᠤᠷᠯᠠᠨ ᠨᠠᠭᠠᠵᠤ ᠴᠠᠷᠳᠠᠭᠠᠳ ᠦᠨᠡᠲᠦ ᠦᠰᠦ ᠪᠤᠶᠤ ᠬᠠᠷ᠎ᠠ ᠪᠣᠷᠣ ᠬᠢᠯᠢᠩ ᠢ᠋ ᠴᠢᠬᠢ ᠲᠡᠢ ᠪᠠᠷᠢᠨ ᠬᠦᠪᠦᠷᠢᠳᠴᠦ ᠣᠶᠣᠭᠠᠳ ᠡᠷᠭᠢᠭᠦᠯᠵᠦ ᠵᠠᠪᠰᠠᠷ ᠨᠢ ᠪᠠᠭ᠎ᠠ ᠵᠡᠷᠭᠡ ᠬᠥᠪᠥᠩ ᠵᠤᠯᠠᠵᠤ ᠵᠤᠵᠠᠭᠠᠯᠠᠨ ᠶᠡᠬᠡ ᠪᠡᠶ᠎ᠡ ᠳ᠋ᠦ᠍ ᠵᠠᠯᠭᠠᠨ ᠣᠶᠣᠵᠤ ᠳᠡᠭᠡᠭᠰᠢ ᠨᠢ ᠡᠷᠭᠢᠭᠦᠯᠦᠨ᠎ᠡ᠃ ᠳᠡᠭᠡᠭᠰᠢ ᠪᠡᠨ ᠡᠷᠭᠢᠭᠰᠡᠨ ᠴᠢᠬᠢ᠂ ᠮᠠᠯᠠᠭᠠᠢ ᠶ᠋ᠢᠨ ᠣᠷᠣᠢ ᠬᠡᠰᠡᠭ ᠡᠴᠡ ᠶᠡᠬᠡᠳᠬᠦ ᠪᠤᠶᠤ ᠪᠠᠭᠠᠳᠠᠪᠠᠯ ᠮᠠᠯᠠᠭᠠᠢ ᠶ᠋ᠢᠨ ᠦᠵᠡᠮᠵᠢ ᠰᠦᠷ ᠢ᠋ ᠳᠠᠷᠤᠵᠤ ᠡᠪ ᠦᠭᠡᠢ ᠪᠣᠯᠭᠠᠨ᠎ᠠ᠃
ᠲᠣᠭᠣᠷᠴᠣᠭ ᠢ᠋ ᠡᠰᠬᠡᠬᠦ ᠳ᠋ᠡᠭᠡᠨ ᠵᠠᠩᠵᠤᠨ ᠮᠠᠯᠠᠭᠠᠢ ᠲᠠᠢ ᠠᠳᠠᠯᠢ ᠪᠣᠯᠪᠠᠴᠤ ᠲᠠᠯ᠎ᠠ ᠨᠤᠭᠤᠳ ᠠᠷᠠᠢ ᠣᠯᠠᠨ᠂ ᠰᠠᠮᠫᠠᠨ ᠰᠢᠷᠭᠤᠭᠤᠯᠳᠠᠭ ᠬᠡᠰᠡᠭ ᠳᠡᠭᠡᠭᠰᠢ ᠪᠡᠨ ᠨᠠᠷᠢᠨ ᠪᠢᠰᠢ ᠬᠠᠷᠢᠨ ᠮᠣᠬᠣᠭᠣ ᠪᠠᠢᠬᠤ ᠳ᠋ᠠᠭᠠᠨ ᠰᠠᠢᠨ᠃ ᠬᠡᠷᠪᠡ ᠴᠢᠬᠢ ᠲᠡᠢ ᠲᠣᠭᠣᠷᠴᠣᠭ ᠪᠣᠯ ᠲᠣᠮᠣ ᠴᠢᠬᠢ ᠶ᠋ᠢ ᠵᠠᠩᠵᠤᠨ ᠮᠠᠯᠠᠭᠠᠢ ᠶ᠋ᠢᠨ ᠬᠢ ᠰᠢᠭ ᠢᠵᠢᠯ ᠡᠰᠬᠡᠬᠦ ᠪᠠ ᠬᠣᠶᠠᠷ ᠨᠢ ᠪᠠᠭ᠎ᠠ᠂ ᠬᠣᠶᠠᠷ ᠨᠢ ᠲᠣᠮᠣ ᠴᠢᠬᠢ ᠲᠡᠢ ᠪᠣᠯ ᠵᠢᠵᠢᠭ ᠬᠣᠶᠠᠷ ᠢ᠋ ᠢᠵᠢᠯ᠂ ᠲᠣᠮᠣ ᠬᠣᠶᠠᠷ ᠢ᠋ ᠨᠢᠭᠡ ᠢᠵᠢᠯ ᠡᠰᠬᠡᠬᠦ ᠪᠣᠯᠪᠠᠴᠤ ᠲᠣᠮᠣ ᠵᠢᠵᠢᠭ ᠶᠠᠮᠠᠷ ᠴᠤ᠌ ᠴᠢᠬᠢ ᠲᠡᠢ ᠬᠢᠭᠰᠡᠨ ᠲᠣᠭᠣᠷᠴᠣᠭ ᠤ᠋ᠨ ᠶᠡᠬᠡ ᠪᠡᠶ᠎ᠡ ᠳ᠋ᠢᠶᠠᠮᠧᠲ᠋ᠷ ᠦ᠋ᠨ ᠬᠡᠮᠵᠢᠶ᠎ᠡ ᠶᠠᠭ ᠲᠣᠬᠢᠷᠠᠭᠰᠠᠨ ᠪᠠᠢᠬᠤ ᠶᠣᠰᠣᠲᠠᠢ᠃
ᠬᠠᠷᠢᠨ ᠲᠣᠭᠣᠷᠴᠣᠭ ᠤ᠋ᠨ ᠬᠠᠪᠴᠢᠶᠠᠷᠢ᠂ ᠡᠮᠵᠢᠶᠡᠷᠢ ᠨᠢ ᠰᠠ ᠲᠠᠢ ᠲᠣᠷᠭ᠎ᠠ ᠪᠤᠶᠤ ᠬᠣᠷᠭᠣᠢ ᠮᠡᠲᠦ ᠲᠣᠳᠣ ᠥᠩᠭᠡ ᠲᠡᠢ ᠪᠠᠢᠬᠤ ᠨᠢ ᠲᠣᠬᠢᠷᠠᠮᠵᠢᠲᠠᠢ᠃ ᠲᠣᠭᠣᠷᠴᠣᠭ ᠤ᠋ᠨ ᠵᠢᠯᠠᠭ᠎ᠠ ᠵᠠᠪᠠᠯ ᠤᠯᠠᠭᠠᠨ ᠪᠠᠢᠳᠠᠭ ᠤᠴᠢᠷ ᠲᠡᠭᠦᠨ ᠢ᠋ ᠥᠭᠡᠷ᠎ᠡ ᠥᠩᠭᠡ ᠶ᠋ᠢᠨ ᠤᠲᠠᠰᠤ ᠪᠠᠷ ᠬᠢᠵᠦ ᠪᠣᠯᠬᠤ ᠦᠭᠡᠢ ᠪᠥᠭᠡᠳ ᠬᠡᠷᠪᠡ ᠤᠯᠠᠭᠠᠨ ᠤᠲᠠᠰᠤ ᠪᠠᠢᠬᠤ ᠦᠭᠡᠢ ᠪᠣᠯ ᠥᠭᠡᠷ᠎ᠡ ᠥᠩᠭᠡ ᠶ᠋ᠢᠨ ᠤᠲᠠᠰᠤ ᠶ᠋ᠢ ᠤᠯᠠᠭᠠᠨ ᠪᠡᠬᠡ ᠪᠤᠶᠤ ᠪᠥᠰ ᠪᠠᠷᠠᠭ᠎ᠠ ᠶ᠋ᠢᠨ ᠤᠯᠠᠭᠠᠨ ᠪᠣᠳᠣᠭ ᠲᠤ᠌ ᠣᠷᠣᠭᠤᠯᠵᠤ ᠬᠡᠷᠡᠭᠯᠡᠨ᠎ᠡ᠃ ᠲᠣᠭᠣᠷᠴᠣᠭ ᠤ᠋ᠨ ᠵᠢᠯᠠᠭ᠎ᠠ ᠥᠳᠬᠡᠨ ᠪᠠᠢᠬᠤ ᠲᠣᠰᠤᠮ ᠰᠦᠷ ᠲᠡᠢ ᠭᠣᠶᠣᠮᠰᠣᠭ ᠬᠠᠷᠠᠭᠳᠠᠳᠠᠭ᠃ ᠲᠣᠭᠣᠷᠴᠣᠭ ᠢ᠋ ᠡᠷᠡᠭᠲᠡᠢ ᠡᠮᠡᠭᠲᠡᠢ ᠬᠥᠮᠦᠰ ᠠᠯᠢ ᠠᠯᠢ ᠨᠢ ᠡᠮᠦᠰᠬᠦ ᠪᠣᠯᠪᠠᠴᠤ ᠵᠢᠯᠠᠭ᠎ᠠ ᠲᠠᠢ ᠲᠣᠭᠣᠷᠴᠣᠭ ᠢ᠋ ᠵᠥᠪᠬᠡᠨ ᠡᠮᠡᠭᠲᠡᠢᠴᠦᠳ ᠡᠮᠦᠰᠦᠨ᠎ᠡ᠃ ᠬᠡᠷᠪᠡ ᠵᠢᠯᠠᠭ᠎ᠠ ᠦᠭᠡᠢ ᠦᠰᠦ ᠲᠡᠢ ᠲᠣᠭᠣᠷᠴᠣᠭ ᠪᠣᠯ ᠪᠤᠯᠠᠭ᠎ᠠ᠂ ᠬᠡᠷᠡᠮᠦ ᠶ᠋ᠢᠨ ᠰᠡᠭᠦᠯ ᠢ᠋ ᠣᠷᠣᠢ ᠳᠡᠭᠡᠷ᠎ᠡ ᠨᠢ ᠳᠣᠭᠣᠭᠰᠢ ᠬᠠᠳᠠᠨ᠎ᠠ᠃ ᠮᠣᠩᠭᠣᠯᠴᠤᠳ ᠡᠷᠲᠡ ᠦᠶ᠎ᠡ ᠡᠴᠡ ᠬᠠᠷ᠎ᠠ ᠴᠠᠭᠠᠨ ᠢᠰᠡᠭᠡᠢ ᠪᠡᠷ ᠲᠣᠭᠣᠷᠴᠣᠭ᠂ ᠪᠦᠷᠬᠦ ᠮᠠᠯᠠᠭᠠᠢ ᠬᠢᠵᠦ ᠡᠮᠦᠰᠳᠡᠭ ᠪᠠᠢᠭᠰᠠᠨ ᠪᠥᠭᠡᠳ ᠢᠰᠡᠭᠡᠢ ᠲᠣᠭᠣᠷᠴᠣᠭ ᠢ᠋ ᠤᠯᠠᠭᠠᠨ ᠬᠣᠷᠭᠣᠢ ᠲᠣᠷᠭ᠎ᠠ ᠮᠡᠲᠦ ᠪᠥᠰ ᠪᠠᠷᠠᠭ᠎ᠠ ᠪᠠᠷ ᠡᠮᠵᠢᠨ ᠬᠣᠰᠢᠮᠠᠭ ᠲᠠᠯᠪᠢᠬᠤ᠂ ᠥᠯᠵᠡᠢ ᠴᠦᠳᠡᠨᠵᠡ ᠶ᠋ᠢᠨ ᠪᠤᠯᠤᠩ ᠬᠡ ᠪᠡᠷ ᠴᠢᠮᠡᠵᠦ ᠡᠮᠦᠰᠳᠡᠭ ᠪᠠᠢᠯ᠎ᠠ᠃
ᠲᠡᠭᠦᠨᠴᠢᠯᠡᠨ ᠭᠣᠶᠣᠯ ᠤ᠋ᠨ ᠲᠣᠭᠣᠷᠴᠣᠭ ᠢ᠋ ᠬᠣᠷᠭᠣᠢ᠂ ᠲᠣᠷᠭ᠎ᠠ᠂ ᠮᠠᠩᠨᠤᠭ ᠢ᠋ᠶ᠋ᠠᠷ ᠬᠢᠵᠦ ᠬᠣᠷᠭᠣᠢ᠂ ᠲᠣᠷᠭ᠎ᠠ ᠪᠠᠷ ᠲᠣᠨᠣᠭᠯᠠᠨ ᠵᠠᠷᠢᠮ ᠲᠣᠭᠣᠷᠴᠣᠭ ᠲᠤ᠌ ᠬᠡ ᠬᠠᠳᠬᠤᠮᠠᠯ ᠬᠠᠳᠬᠤᠬᠤ᠂ ᠱ᠌ᠢᠷᠦ ᠰᠤᠪᠤᠳ ᠢ᠋ᠶ᠋ᠠᠷ ᠲᠣᠨᠣᠭᠯᠠᠬᠤ ᠵᠡᠷᠭᠡ ᠪᠡᠷ ᠴᠢᠮᠡᠳᠡᠭ ᠪᠠᠢᠵᠠᠢ᠃
ᠬᠦᠷᠢᠶ᠎ᠡ ᠮᠠᠯᠠᠭᠠᠢ ᠬᠢᠬᠦ ᠬᠦᠷᠢᠶ᠎ᠡ ᠮᠠᠶᠢᠭ ᠤ᠋ᠨ ᠮᠠᠯᠠᠭᠠᠢ ᠶ᠋ᠢ ᠭᠣᠣᠯᠳᠠᠭᠤ ᠡᠬᠡᠨᠡᠷ ᠦᠰᠦ ᠲᠡᠢ ᠬᠥᠮᠦᠰ ᠭᠣᠶᠣᠯ ᠳ᠋ᠤ᠌ ᠬᠡᠷᠡᠭᠯᠡᠵᠦ ᠪᠠᠢᠭᠰᠠᠨ ᠪᠠ ᠤᠷ᠎ᠠ ᠬᠢᠴᠡ ᠨᠠᠷᠢᠨ ᠱᠠᠭᠠᠷᠳᠠᠳᠠᠭ᠃ ᠭᠣᠣᠯᠳᠠᠭᠤ ᠬᠦᠷᠢᠶᠡᠨ ᠭᠠᠩᠭᠠᠩ ᠡᠬᠡᠨᠡᠷ ᠦ᠋ᠳ ᠡᠮᠦᠰᠳᠡᠭ ᠪᠠᠢᠭᠰᠠᠨ ᠤᠴᠢᠷ ᠬᠦᠷᠢᠶ᠎ᠡ ᠮᠠᠯᠠᠭᠠᠢ ᠭᠡᠵᠦ ᠨᠡᠷᠡᠯᠡᠵᠡᠢ᠃ ᠬᠦᠷᠢᠶ᠎ᠡ ᠮᠠᠯᠠᠭᠠᠢ ᠭᠡᠬᠦ ᠳ᠋ᠦ᠍ ᠬᠠᠮᠤᠭ ᠤ᠋ᠨ ᠲᠦᠪᠡᠭᠲᠡᠢ ᠠᠵᠢᠯᠯᠠᠭ᠎ᠠ ᠣᠷᠣᠳᠠᠭ ᠬᠡᠰᠡᠭ ᠨᠢ ᠲᠡᠭᠦᠨ ᠦ᠌ ᠣᠷᠣᠢ ᠪᠥᠭᠡᠳ ᠣᠷᠣᠢ ᠶ᠋ᠢ ᠭᠤᠴᠢᠨ ᠬᠣᠶᠠᠷ ᠨᠠᠷᠢᠨ ᠰᠠᠪᠬᠠᠨ ᠨᠤᠭᠤᠯᠤᠭ᠎ᠠ ᠵᠢᠭᠳᠡ ᠭᠠᠷᠭᠠᠵᠤ ᠬᠢᠨ᠎ᠡ᠃ ᠡᠨᠡ ᠨᠤᠭᠤᠯᠤᠭ᠎ᠠ ᠶ᠋ᠢᠨ ᠳᠡᠭᠡᠳᠦ ᠬᠡᠰᠡᠭ ᠨᠠᠷᠢᠨ᠂ ᠳᠣᠣᠷᠠᠲᠤ ᠰᠡᠪᠰᠡᠭ(ᠬᠦᠷᠢᠶ᠎ᠡ) ᠵᠠᠯᠭᠠᠬᠤ ᠬᠡᠰᠡᠭ ᠨᠢ ᠥᠷᠭᠡᠪᠲᠦᠷ ᠪᠠᠢᠨ᠎ᠠ᠃
ᠰᠡᠪᠰᠡᠭ ᠢ᠋ ᠭᠣᠣᠯᠳᠠᠭᠤ ᠡᠬᠡᠨᠡᠷ ᠬᠥᠮᠦᠨ ᠦ᠌ ᠲᠣᠯᠣᠭᠠᠢ ᠶ᠋ᠢᠨ ᠬᠡᠷᠡᠭᠰᠡᠯ ᠦ᠋ᠨ ᠮᠥᠩᠭᠥᠨ ᠲᠣᠭᠤᠷᠴᠠᠭ ᠲᠤ᠌ ᠲᠠᠭᠠᠷᠠᠭᠤᠯᠤᠨ ᠬᠢᠨ᠎ᠡ᠃ ᠰᠡᠪᠰᠡᠭ ᠠᠷᠤ ᠲᠠᠯ᠎ᠠ ᠪᠠᠷ ᠢ᠋ᠶ᠋ᠠᠨ ᠵᠠᠳᠠᠭᠠᠢ ᠪᠠᠢᠬᠤ ᠪᠠ ᠲᠡᠨᠳᠡ ᠲᠠᠭᠠᠷᠠᠭᠰᠠᠨ ᠰᠢᠯᠪᠢᠴᠢ ᠲᠡᠢ᠂ ᠰᠢᠯᠪᠢᠴᠢᠨ ᠳᠡᠭᠡᠷ᠎ᠡ ᠵᠠᠪᠳᠤᠩ ᠪᠦᠴᠡ ᠲᠡᠢ ᠪᠠᠢᠨ᠎ᠠ᠃ ᠣᠷᠣᠢ ᠳᠡᠭᠡᠷ᠎ᠡ ᠨᠢ ᠳᠠᠪ ᠲᠠᠯᠪᠢᠵᠤ᠂ ᠳᠡᠭᠡᠷ᠎ᠡ ᠡᠴᠡ ᠨᠢ ᠰᠠᠮᠫᠠᠨ ᠰᠢᠷᠭᠤᠭᠤᠯᠤᠨᠠ᠃ ᠰᠠᠮᠫᠠᠨ ᠢ᠋ ᠲᠣᠷᠭ᠎ᠠ᠂ ᠱ᠌ᠢᠷᠦ ᠰᠤᠪᠤᠳ ᠢ᠋ᠶ᠋ᠠᠷ ᠬᠦᠷᠲᠡᠯ᠎ᠡ ᠬᠢᠳᠡᠭ ᠪᠠᠢᠵᠠᠢ᠃ ᠬᠦᠷᠢᠶ᠎ᠡ ᠮᠠᠯᠠᠭᠠᠢ ᠶ᠋ᠢᠨ ᠰᠠᠮᠫᠠᠨ ᠤ᠋ ᠳᠠᠪ ᠠ᠋ᠴᠠ ᠳᠣᠭᠣᠭᠰᠢ5—6 ᠲᠠᠯ᠎ᠠ ᠤᠷᠤᠭᠤ ᠨᠢ ᠠᠯᠲᠠᠨ ᠰᠠ ᠪᠠᠷ ᠪᠤᠶᠤ ᠲᠣᠷᠭ᠎ᠠ ᠪᠠᠷ ᠪᠠᠳᠮ᠎ᠠ ᠬᠢᠳᠡᠭ᠃
ᠰᠥᠨᠢᠳ ᠮᠠᠯᠠᠭᠠᠢ ᠬᠢᠴᠡ ᠬᠡᠯᠪᠡᠷᠢ ᠶ᠋ᠢᠨ ᠬᠤᠪᠢ ᠳ᠋ᠤ᠌ ᠬᠦᠷᠢᠶ᠎ᠡ ᠮᠠᠯᠠᠭᠠᠢ ᠲᠠᠢ ᠠᠳᠠᠯᠢᠬᠠᠨ ᠪᠣᠯᠪᠠᠴᠤ ᠣᠷᠣᠢ ᠨᠢ ᠬᠦᠷᠢᠶ᠎ᠡ ᠮᠠᠯᠠᠭᠠᠢ ᠠ᠋ᠴᠠ ᠠᠷᠠᠢ ᠪᠦᠳᠦᠭᠦᠨ ᠨᠠᠮᠬᠠᠨᠳᠠᠭᠤ ᠪᠠᠢᠨ᠎ᠠ᠃
ᠳᠤᠭᠤᠢ ᠬᠢᠯᠢᠩ ᠮᠠᠯᠠᠭᠠᠢ ᠶ᠋ᠢ ᠡᠷᠡᠭᠲᠡᠢ ᠡᠮᠡᠭᠲᠡᠢ ᠬᠥᠮᠦᠰ ᠦ᠋ᠨ ᠠᠯᠢ ᠠᠯᠢ ᠨᠢ ᠡᠮᠦᠰᠬᠦ ᠪᠥᠭᠡᠳ ᠵᠠᠷᠢᠮ ᠨᠢ ᠵᠠᠩᠭᠢ᠂ ᠵᠠᠯᠠᠨ᠂ ᠵᠠᠢᠰᠠᠩ ᠤ᠋ᠳ ᠡᠮᠦᠰᠳᠡᠭ ᠪᠠᠢᠵᠠᠢ᠃
ᠳᠤᠭᠤᠢ ᠬᠢᠯᠢᠩ ᠮᠠᠯᠠᠭᠠᠢ ᠭᠡᠳᠡᠭ ᠨᠢ ᠣᠷᠣᠢ ᠨᠢ ᠬᠦᠷᠢᠶ᠎ᠡ᠂ ᠰᠥᠨᠢᠳ ᠮᠠᠯᠠᠭᠠᠢ ᠶ᠋ᠢᠨ ᠬᠡᠯᠪᠡᠷᠢ ᠲᠡᠢ ᠪᠣᠯᠪᠠᠴᠤ ᠰᠡᠪᠰᠡᠭ ᠨᠢ ᠳᠡᠭᠡᠭᠰᠢ ᠪᠡᠨ ᠡᠷᠭᠢᠭᠰᠡᠨ ᠳᠤᠭᠤᠢ ᠮᠥᠭᠥ ᠬᠡᠯᠪᠡᠷᠢ ᠲᠡᠢ ᠪᠥᠭᠡᠳ ᠦᠰᠦᠨ ᠦ᠌ ᠣᠷᠣᠨ ᠳ᠋ᠤ᠌ ᠬᠢᠯᠢᠩ ᠬᠠᠲᠠᠳᠠᠭ ᠤᠴᠢᠷ ᠳᠤᠭᠤᠢ ᠬᠢᠯᠢᠩ ᠮᠠᠯᠠᠭᠠᠢ ᠭᠡᠵᠦ ᠨᠡᠷᠡᠯᠡᠵᠡᠢ᠃
ᠲᠡᠭᠦᠨ ᠢ᠋ ᠬᠢᠬᠦ ᠠᠷᠭ᠎ᠠ ᠰᠥᠨᠢᠳ ᠬᠦᠷᠢᠶ᠎ᠡ ᠮᠠᠯᠠᠭᠠᠢ ᠠᠳᠠᠯᠢ ᠪᠥᠭᠡᠳ ᠵᠥᠪᠬᠡᠨ ᠬᠦᠷᠢᠶ᠎ᠡ ᠨᠢ ᠳᠤᠭᠤᠢ ᠪᠠᠢᠳᠠᠭ (ᠣᠷᠴᠢᠨ ᠦᠶ᠎ᠡ ᠶ᠋ᠢᠨ ᠮᠠᠯᠠᠭᠠᠢ)᠃1940 ᠣᠨ ᠬᠦᠷᠲᠡᠯ᠎ᠡ ᠬᠠᠭᠤᠴᠢᠨ ᠮᠠᠯᠠᠭᠠᠢ ᠪᠠᠨ ᠬᠡᠷᠡᠭᠯᠡᠵᠦ ᠪᠠᠢᠯ᠎ᠠ᠃ ᠬᠤᠪᠢᠰᠬᠠᠯ ᠤ᠋ᠨ ᠵᠢᠯ ᠳ᠋ᠦ᠍ ᠤᠯᠤᠰ ᠣᠷᠣᠨ ᠤ᠋ ᠡᠳ᠋ ᠦ᠋ᠨ ᠵᠠᠰᠠᠭ ᠲᠤ᠌ ᠰᠢᠨ᠎ᠡ ᠥᠭᠡᠷᠡᠴᠢᠯᠡᠯᠲᠡ ᠭᠠᠷᠴᠤ ᠡᠬᠢᠯᠡᠬᠦ ᠶ᠋ᠢᠨ ᠬᠠᠮᠲᠤ ᠭᠠᠳᠠᠭᠠᠳᠤ ᠬᠠᠷᠢᠯᠴᠠᠭ᠎ᠠ ᠥᠷᠭᠡᠵᠢᠨ ᠬᠤᠪᠴᠠᠰᠤᠨ ᠤ᠋ ᠰᠢᠨ᠎ᠡ ᠵᠠᠭᠪᠤᠷ ᠪᠣᠢ ᠪᠣᠯᠬᠤ ᠳ᠋ᠤ᠌ ᠮᠠᠨ ᠤ᠋ ᠣᠷᠣᠨ ᠤ᠋ ᠬᠥᠮᠦᠨ ᠠᠷᠠᠳ ᠤ᠋ᠨ ᠬᠤᠪᠴᠠᠰᠤ ᠮᠠᠯᠠᠭᠠᠢ ᠳ᠋ᠤ᠌ ᠰᠢᠨ᠎ᠡ ᠵᠠᠭᠪᠤᠷ ᠬᠡᠷᠡᠭᠯᠡᠭᠳᠡᠬᠦ ᠪᠣᠯᠵᠤ᠂ ᠡᠮᠡᠭᠲᠡᠢᠴᠦᠳ ᠦ᠋ᠨ ᠤᠷᠠᠨ ᠦᠢᠯᠡ ᠳ᠋ᠦ᠍ ᠰᠢᠨ᠎ᠡ ᠠᠷᠭ᠎ᠠ ᠨᠠᠪᠲᠠᠷᠠᠯᠠ᠃ ᠬᠠᠭᠤᠴᠢᠨ ᠱᠥᠪᠥᠭᠡᠷ ᠣᠷᠣᠢ ᠲᠠᠢ ᠮᠠᠯᠠᠭᠠᠢ ᠶ᠋ᠢ ᠬᠡᠷᠡᠭᠯᠡᠬᠦ ᠪᠡᠨ ᠪᠣᠯᠢᠵᠤ ᠲᠡᠭᠦᠨ ᠦ᠌ ᠣᠷᠣᠨ ᠳ᠋ᠤ᠌ ᠤᠷᠲᠤ ᠲᠠᠯ᠎ᠠ ᠨᠢ ᠡᠷᠭᠢᠳᠡᠭ ᠬᠦᠷᠢᠶ᠎ᠡ ᠮᠠᠶᠢᠭ ᠲᠠᠢ ᠠᠷᠤ ᠳ᠋ᠠᠭᠠᠨ ᠬᠤᠨᠢᠶᠠᠰᠤ ᠲᠠᠢ ᠪᠤᠯᠠᠭ᠎ᠠ᠂ ᠬᠠᠯᠢᠭᠤ᠂ ᠬᠡᠷᠡᠮᠦ ᠪᠡᠷ ᠦᠰᠦᠯᠡᠭᠰᠡᠨ ᠬᠣᠷᠭᠣᠢ᠂ ᠲᠣᠷᠭ᠎ᠠ᠂ ᠮᠠᠩᠨᠤᠭ ᠥᠩᠭᠡ ᠲᠡᠢ ᠮᠠᠯᠠᠭᠠᠢ᠂ ᠳᠥᠷᠪᠡᠨ ᠲᠠᠯ᠎ᠠ ᠲᠠᠢ ᠲᠣᠭᠣᠷᠴᠣᠭ ᠬᠡᠷᠡᠭᠯᠡᠳᠡᠭ ᠪᠣᠯᠤᠯ᠎ᠠ᠃
ᠡᠨᠡ ᠨᠢ ᠴᠢᠨᠠᠭᠰᠢᠳᠠ ᠤᠯᠠᠮ ᠪᠣᠯᠪᠠᠰᠤᠷᠠᠩᠭᠤᠢ ᠪᠣᠯᠵᠤ ᠨᠢᠭᠡ ᠦᠶ᠎ᠡ ᠴᠢᠬᠢ ᠲᠡᠢ᠂ ᠰᠠᠷᠠᠪᠴᠢ ᠲᠠᠢ ᠮᠠᠯᠠᠭᠠᠢ ᠬᠡᠷᠡᠭᠯᠡᠵᠦ ᠡᠬᠢᠯᠡᠭᠰᠡᠨ ᠨᠢ ᠣᠳᠣ ᠬᠦᠷᠲᠡᠯ᠎ᠡ ᠬᠡᠷᠡᠭᠯᠡᠭᠳᠡᠵᠦ ᠪᠠᠢᠭ᠎ᠠ ᠪᠠᠷ ᠦᠯᠦ ᠪᠠᠷᠠᠮ ᠰᠡᠭᠦᠯ ᠦ᠋ᠨ ᠭᠤᠷᠪᠠᠨ ᠵᠢᠯ ᠳ᠋ᠦ᠍ ᠪᠦᠷ ᠴᠦ᠍ ᠶᠡᠬᠡ ᠳᠡᠯᠭᠡᠷᠡᠬᠦ ᠲᠥᠯᠥᠪ ᠲᠡᠢ ᠪᠠᠢᠨ᠎ᠠ᠃
ᠣᠷᠴᠢᠨ ᠦᠶ᠎ᠡ ᠳ᠋ᠦ᠍ ᠴᠢᠬᠢ ᠲᠡᠢ᠂ ᠰᠠᠷᠠᠪᠴᠢ ᠲᠠᠢ ᠮᠠᠯᠠᠭᠠᠢ ᠨᠡᠬᠡᠢ᠂ ᠦᠨᠡᠭᠡᠨ ᠯᠣᠣᠪᠣᠣᠵᠠ ᠮᠠᠯᠠᠭᠠᠢ ᠶ᠋ᠢ ᠡᠷᠡᠭᠲᠡᠢ ᠡᠮᠡᠭᠲᠡᠢ ᠪᠦᠬᠦ ᠬᠥᠮᠦᠨ ᠬᠡᠷᠡᠭᠯᠡᠬᠦ ᠶ᠋ᠢᠨ ᠵᠡᠷᠭᠡᠴᠡᠭᠡ ᠡᠮᠡᠭᠲᠡᠢᠴᠦᠳ ᠲᠣᠭᠣᠷᠢᠭ᠂ ᠪᠥᠭᠡᠷᠡᠩᠬᠡᠢ᠂ ᠭᠤᠷᠪᠠᠯᠵᠢᠨ ᠬᠡᠯᠪᠡᠷᠢ ᠲᠡᠢ ᠶᠠᠩᠵᠤ ᠪᠦᠷᠢ ᠶ᠋ᠢᠨ ᠪᠤᠯᠠᠭ᠎ᠠ᠂ ᠬᠠᠯᠢᠭᠤ᠂ ᠬᠡᠷᠡᠮᠦ᠂ ᠵᠢᠭᠠᠷᠲᠤ ᠬᠤᠯᠤᠭᠠᠨ᠎ᠠ ᠵᠡᠷᠭᠡ ᠦᠨᠡᠲᠦ ᠠᠩ ᠤ᠋ᠨ ᠦᠰᠦᠨ ᠮᠠᠯᠠᠭᠠᠢ ᠶ᠋ᠢ ᠬᠡᠷᠡᠭᠯᠡᠵᠦ ᠪᠠᠢᠨ᠎ᠠ᠃ ᠬᠠᠪᠤᠷ ᠨᠠᠮᠤᠷ ᠶᠠᠩᠵᠤ ᠪᠦᠷᠢ ᠶ᠋ᠢᠨ ᠬᠡᠯᠪᠡᠷᠢ ᠪᠦᠬᠦᠢ ᠪᠣᠯᠪᠠᠰᠤᠨ ᠴᠠᠮᠪᠠᠨ ᠮᠠᠯᠠᠭᠠᠢ᠂ ᠳᠠᠪᠤᠤ ᠶ᠋ᠢᠨ ᠮᠠᠯᠠᠭᠠᠢ ᠡᠮᠦᠰᠬᠦ ᠡᠴᠡ ᠭᠠᠳᠠᠨ᠎ᠠ ᠵᠤᠨ ᠳ᠋ᠤ᠌ ᠨᠠᠷᠠᠨ ᠤ᠋ ᠢᠯᠴᠢ ᠰᠠᠴᠤᠷᠠᠭᠤᠯᠳᠠᠭ ᠴᠠᠭᠠᠨ ᠳᠠᠪᠤᠤ᠂ ᠲᠣᠷᠭᠠᠨ ᠮᠠᠯᠠᠭᠠᠢ ᠶ᠋ᠢ ᠬᠢᠵᠦ ᠬᠡᠷᠡᠭᠯᠡᠵᠦ ᠪᠠᠢᠭ᠎ᠠ ᠨᠢ ᠬᠥᠮᠦᠨ ᠦ᠌ ᠡᠷᠡᠭᠦᠯ ᠮᠡᠨᠳᠦ ᠭᠤᠸ᠎ᠠ ᠰᠠᠢᠬᠠᠨ ᠳ᠋ᠤ᠌ ᠵᠣᠬᠢᠴᠠᠭᠰᠠᠨ ᠰᠣᠶᠣᠯ ᠲᠠᠢ ᠬᠤᠪᠴᠠᠰᠤᠨ ᠤ᠋ ᠨᠢᠭᠡ ᠪᠣᠯᠤᠯ᠎ᠠ᠃
ᠣᠷᠴᠢᠨ ᠦᠶ᠎ᠡ ᠳ᠋ᠦ᠍ ᠠᠷᠠᠳ ᠲᠦᠮᠡᠨ ᠦ᠌ ᠬᠡᠷᠡᠭᠯᠡᠵᠦ ᠪᠠᠢᠭ᠎ᠠ ᠵᠠᠷᠢᠮ ᠮᠠᠯᠠᠭᠠᠢ ᠶ᠋ᠢ ᠡᠰᠬᠡᠨ ᠣᠶᠣᠬᠤ ᠲᠠᠯ᠎ᠠ ᠪᠠᠷ ᠳᠤᠷᠠᠳᠤᠶ᠎ᠠ᠃ ᠮᠠᠨ ᠤ᠋ ᠮᠠᠯᠴᠢᠳ ᠪᠣᠯᠤᠨ ᠨᠡᠢᠲᠡ ᠬᠥᠮᠦᠰ ᠦ᠋ᠨ ᠬᠡᠷᠡᠭᠯᠡᠵᠦ ᠪᠠᠢᠭ᠎ᠠ ᠯᠣᠣᠪᠤᠤᠵᠠ ᠮᠠᠯᠠᠭᠠᠢ ᠬᠢᠬᠦ ᠳ᠋ᠦ᠍ ᠬᠢᠯᠪᠠᠷ ᠪᠥᠭᠡᠳ ᠲᠡᠭᠦᠨ ᠢ᠋ ᠲᠣᠯᠣᠭᠠᠢ ᠳ᠋ᠤ᠌ ᠲᠣᠬᠢᠷᠠᠭᠤᠯᠤᠨ ᠬᠢᠬᠦ ᠳ᠋ᠦ᠍ ᠵᠣᠬᠢᠬᠤ ᠤᠷᠠᠯᠢᠭ ᠬᠡᠷᠡᠭ ᠲᠡᠢ᠃ ᠯᠣᠣᠪᠣᠣᠵᠠ ᠬᠢᠬᠦ ᠳ᠋ᠦ᠍ ᠲᠣᠯᠣᠭᠠᠢ ᠶ᠋ᠢ ᠣᠷᠢᠶᠠᠬᠤ ᠮᠠᠶᠢᠭ ᠢ᠋ᠶ᠋ᠠᠷ ᠬᠡᠮᠵᠢᠬᠦ ᠦᠭᠡᠢ᠃ ᠲᠣᠯᠣᠭᠠᠢ ᠶ᠋ᠢᠨ ᠣᠷᠣᠢ ᠠ᠋ᠴᠠ ᠡᠷᠡᠦ ᠬᠦᠷᠲᠡᠯᠡᠬᠢ ᠵᠠᠢ ᠶ᠋ᠢ ᠬᠡᠮᠵᠢᠵᠦ ᠲᠡᠭᠦᠨ ᠳ᠋ᠦ᠍ ᠲᠣᠬᠢᠷᠠᠭᠤᠯᠤᠨ ᠥᠩᠭᠡ ᠪᠡᠨ ᠡᠰᠬᠡᠨ᠎ᠡ᠃ ᠥᠩᠭᠡ ᠶ᠋ᠢ ᠡᠰᠬᠡᠬᠦ ᠳ᠋ᠡᠭᠡᠨ ᠲᠣᠷᠭ᠎ᠠ᠂ ᠳᠤᠷᠳᠤᠩ ᠮᠡᠲᠦ ᠪᠤᠰᠤᠳ ᠳᠠᠪᠤᠤ ᠮᠠᠲ᠋ᠧᠷᠢᠶᠠᠯ ᠢ᠋ᠶ᠋ᠠᠨ ᠳᠥᠷᠪᠡᠯᠵᠢᠯᠡᠨ ᠬᠡᠮᠵᠢᠶ᠎ᠡ ᠪᠡᠨ ᠲᠠᠭᠠᠷᠠᠭᠤᠯᠤᠭᠠᠳ ᠣᠷᠣᠢ ᠬᠡᠰᠡᠭ ᠢ᠋ ᠳᠤᠭᠤᠢᠯᠠᠨ ᠠᠷᠤ ᠰᠢᠯᠢ ᠤᠷᠤᠭᠤ ᠨᠢ ᠨᠠᠯᠠᠤ ᠬᠠᠢᠴᠢᠯᠠᠵᠤ᠂ ᠤᠷᠲᠤ ᠳᠤᠬᠤ ᠶ᠋ᠢᠨ ᠬᠡᠰᠡᠭ ᠢ᠋ ᠨᠢ ᠪᠠᠭ᠎ᠠ ᠵᠡᠷᠭᠡ ᠳᠠᠷᠤᠵᠤ ᠬᠣᠶᠠᠷ ᠲᠠᠯ᠎ᠠ ᠡᠰᠬᠡᠭᠡᠳ ᠮᠥᠨ ᠳᠣᠲᠣᠷ ᠢ᠋ ᠥᠩᠭᠡ ᠶ᠋ᠢᠨ ᠬᠡᠮᠵᠢᠶᠡᠨ ᠳ᠋ᠦ᠍ ᠲᠣᠬᠢᠷᠠᠭᠤᠯᠤᠨ ᠡᠰᠬᠡᠨ᠎ᠡ᠃ ᠥᠩᠭᠡᠨ ᠦ᠌ ᠪᠡᠨ ᠠᠷᠤ ᠡᠮᠵᠢᠬᠦ ᠬᠡᠰᠡᠭ ᠢ᠋ ᠴᠠᠷᠳᠠᠵᠤ ᠳᠣᠲᠣᠷ᠎ᠠ ᠲᠠᠯ᠎ᠠ ᠳ᠋ᠤᠨᠢ ᠳᠠᠪᠤᠤ ᠪᠠᠷᠢᠵᠤ ᠨᠠᠭᠠᠵᠤ ᠰᠠᠢᠨ ᠢᠩᠳᠡᠦᠳᠡᠵᠦ ᠬᠠᠲᠠᠭᠠᠭᠠᠳ ᠡᠮᠵᠢᠨ᠎ᠡ᠃ ᠯᠣᠣᠪᠣᠣᠵᠠ ᠶ᠋ᠢ ᠭᠣᠶᠣᠮᠰᠣᠭ ᠡᠮᠵᠢᠵᠦ ᠲᠣᠨᠣᠭᠯᠠᠬᠤ ᠶ᠋ᠢᠨ ᠲᠤᠯᠠᠳᠠ ᠰᠠ ᠲᠠᠢ ᠲᠣᠷᠭ᠎ᠠ᠂ ᠥᠩᠭᠡ ᠣᠢᠷᠠᠯᠴᠠᠭ᠎ᠠ ᠴᠤᠯᠭᠤᠢ ᠫᠦᠦᠰᠦᠦ ᠪᠡᠷ ᠨᠢᠭᠡ ᠥᠷᠭᠡᠨ ᠡᠮᠵᠢᠵᠦ ᠲᠡᠭᠦᠨ ᠦ᠌ ᠳᠡᠭᠡᠷ᠎ᠡ ᠡᠴᠡ ᠬᠣᠶᠠᠳᠠᠬᠢ ᠡᠮᠵᠢᠶᠡᠷᠢ ᠶ᠋ᠢ ᠨᠠᠷᠢᠨ ᠰᠠᠭᠤᠯᠭᠠᠵᠤ ᠡᠮᠵᠢᠭᠡᠳ ᠥᠷᠭᠡᠨ ᠡᠮᠵᠢᠶᠡᠷᠢ ᠶ᠋ᠢᠨ ᠳᠣᠲᠣᠭᠤᠷ ᠳᠠᠩ ᠬᠣᠰᠢᠮᠣᠭ ᠣᠶᠣᠬᠤ ᠪᠤᠶᠤ ᠡᠰᠡᠪᠡᠯ ᠥᠯᠵᠡᠢ ᠭᠠᠷᠭᠠᠵᠤ ᠲᠣᠨᠣᠭᠯᠠᠬᠤ ᠳ᠋ᠤ᠌ ᠭᠣᠶᠣᠮᠰᠣᠭ ᠪᠣᠯᠳᠠᠭ᠃ ᠥᠯᠵᠡᠢ ᠶ᠋ᠢ ᠠᠷᠤ ᠲᠠᠯ᠎ᠠ ᠳ᠋ᠤᠨᠢ ᠣᠶᠣᠳᠠᠯ ᠢ᠋ ᠳᠠᠮᠨᠠᠭᠤᠯᠤᠨ ᠲᠠᠯᠪᠢᠬᠤ ᠤᠴᠢᠷ ᠮᠠᠯᠠᠭᠠᠢ ᠶ᠋ᠢ ᠪᠢᠲᠡᠭᠦᠯᠡᠵᠦ ᠣᠶᠣᠭᠰᠠᠨ ᠤ᠋ ᠳᠠᠷᠠᠭ᠎ᠠ ᠥᠯᠵᠡᠢ ᠪᠡᠨ ᠲᠠᠯᠪᠢᠪᠠᠯ ᠲᠣᠬᠢᠷᠠᠮᠵᠢᠲᠠᠢ᠃ ᠤᠴᠢᠷ ᠨᠢ ᠬᠣᠶᠠᠷ ᠲᠠᠯ᠎ᠠ ᠥᠯᠵᠡᠢ ᠶ᠋ᠢ ᠠᠷᠤ ᠳ᠋ᠤᠨᠢ ᠨᠡᠢᠯᠡᠭᠦᠯᠬᠦ ᠬᠡᠴᠡᠭᠦᠦ ᠪᠠᠢᠳᠠᠭ ᠤᠴᠢᠷ ᠤᠷᠢᠳᠴᠢᠯᠠᠨ ᠥᠯᠵᠡᠢ ᠪᠡᠨ ᠪᠦᠲᠦᠨ ᠬᠡ ᠪᠡᠷ ᠵᠠᠩᠭᠢᠳᠴᠤ ᠪᠡᠯᠡᠳᠬᠡᠭᠡᠳ ᠲᠠᠯᠪᠢᠵᠤ ᠣᠶᠣᠬᠤ ᠨᠢ ᠵᠣᠬᠢᠮᠵᠢᠲᠠᠢ᠃ ᠯᠣᠣᠪᠣᠣᠵᠠ ᠶ᠋ᠢᠨ ᠦᠰᠦ ᠶ᠋ᠢ ᠬᠠᠲᠠᠬᠤ ᠳ᠋ᠠᠭᠠᠨ ᠦᠨᠡᠭᠡᠨ ᠠᠷᠠᠰᠤ ᠶ᠋ᠢ ᠭᠣᠣᠯ ᠢ᠋ᠶ᠋ᠠᠷ ᠲᠣᠭᠣᠰᠢ ᠬᠤᠪᠢᠶᠠᠬᠤ ᠨᠢ ᠵᠣᠬᠢᠮᠵᠢ ᠦᠭᠡᠢ ᠪᠥᠭᠡᠳ ᠴᠡᠭᠡᠵᠢ ᠪᠥᠭᠰᠡ ᠪᠡᠷ ᠨᠢ ᠬᠤᠪᠢᠶᠠᠵᠤ ᠬᠣᠶᠠᠷ ᠯᠣᠣᠪᠣᠣᠵᠠ ᠬᠢᠬᠦ ᠨᠢ ᠦᠰᠦ ᠵᠢᠭᠳᠡ ᠪᠣᠯᠤᠨ᠎ᠠ᠃ ᠦᠨᠡᠭᠡᠨ ᠠᠷᠠᠰᠤᠨ ᠤ᠋ ᠦᠰᠦ ᠴᠡᠭᠡᠵᠢᠨ ᠳ᠋ᠡᠭᠡᠨ ᠰᠢᠩᠭᠡᠨ᠂ ᠪᠥᠭᠰᠡᠨ ᠪᠡᠶ᠎ᠡ ᠨᠢ ᠥᠳᠬᠡᠨ ᠨᠣᠯᠤᠤᠷᠬᠠᠭ ᠪᠠᠢᠳᠠᠭ ᠤᠴᠢᠷ ᠯᠣᠣᠪᠣᠣᠵᠠ ᠶ᠋ᠢᠨ ᠦᠰᠦ ᠵᠢᠭᠳᠡ ᠪᠢᠰᠢ ᠪᠣᠯᠳᠠᠭ᠃
ᠬᠠᠷᠢᠨ ᠬᠢᠷᠰᠠ ᠶ᠋ᠢᠨ ᠠᠷᠠᠰᠤ ᠶ᠋ᠢ ᠪᠣᠯ ᠭᠣᠣᠯ ᠨᠢᠷᠤᠭᠤᠨ ᠤ᠋ ᠰᠤᠳᠠᠯ ᠢ᠋ ᠭᠣᠣᠯᠯᠠᠭᠤᠯᠤᠨ ᠦᠰᠦᠯᠡᠬᠦ ᠪᠠ ᠢᠰᠢᠭᠡ᠂ ᠬᠤᠷᠠᠭ᠎ᠠ᠂ ᠨᠡᠬᠡᠢ ᠯᠣᠣᠪᠣᠣᠵᠠ ᠶ᠋ᠢᠨ ᠦᠰᠦ ᠶ᠋ᠢ ᠵᠢᠭᠳᠡ᠂ ᠬᠠᠷ᠎ᠠ ᠴᠠᠭᠠᠨ ᠲᠣᠯᠪᠣ ᠦᠭᠡᠢ ᠨᠢᠭᠡ ᠥᠩᠭᠡ ᠶ᠋ᠢᠨ ᠦᠰᠦ ᠪᠡᠷ ᠬᠢᠬᠦ ᠳ᠋ᠦ᠍ ᠵᠣᠬᠢᠷᠠᠮᠵᠢᠲᠠᠢ ᠪᠥᠭᠡᠳ ᠬᠡᠦᠬᠡᠳ ᠦ᠋ᠨ ᠯᠣᠣᠪᠣᠣᠵᠠ ᠶ᠋ᠢ ᠦᠰᠦ ᠠᠯᠠᠭᠯᠠᠨ ᠬᠢᠵᠦ ᠪᠣᠯᠤᠨ᠎ᠠ᠃
ᠡᠮᠡᠭᠲᠡᠢ ᠬᠥᠮᠦᠨ ᠦ᠌ ᠣᠷᠴᠢᠨ ᠦᠶ᠎ᠡ ᠶ᠋ᠢᠨ ᠪᠤᠯᠠᠭ᠎ᠠ᠂ ᠬᠠᠯᠢᠭᠤ᠂ ᠵᠢᠭᠠᠷᠲᠤ ᠬᠤᠯᠤᠭᠠᠨ᠎ᠠ ᠶ᠋ᠢᠨ ᠮᠠᠯᠠᠭᠠᠢ ᠶ᠋ᠢ ᠶᠠᠩᠵᠤ ᠪᠦᠷᠢ ᠶ᠋ᠢᠨ ᠬᠡᠯᠪᠡᠷᠢ ᠪᠡᠷ ᠬᠢᠵᠦ ᠪᠠᠢᠨ᠎ᠠ᠃ ᠡᠢᠮᠦ ᠳ᠋ᠦ᠍ ᠲᠣᠭᠲᠠᠭᠰᠠᠨ ᠨᠢᠭᠡ ᠵᠠᠭᠪᠤᠷ ᠦᠭᠡᠢ ᠤᠴᠢᠷ ᠲᠡᠷᠡ ᠪᠦᠭᠦᠳᠡ ᠶ᠋ᠢ ᠪᠢᠴᠢᠬᠦ ᠬᠡᠷᠡᠭ ᠦᠭᠡᠢ ᠪᠥᠭᠡᠳ ᠵᠥᠪᠬᠡᠨ ᠬᠥᠮᠦᠨ ᠳ᠋ᠦ᠍ ᠵᠣᠬᠢᠬᠤ ᠵᠣᠬᠢᠮᠵᠢ ᠶ᠋ᠢᠨ ᠬᠤᠪᠢ ᠳ᠋ᠤ᠌ ᠵᠥᠪᠯᠡᠬᠦ ᠳ᠋ᠦ᠍ ᠥᠨᠳᠥᠷ ᠨᠢᠷᠤᠭᠤ ᠲᠠᠢ᠂ ᠤᠷᠲᠤ ᠨᠢᠭᠤᠷ ᠲᠠᠢ ᠬᠥᠮᠦᠨ ᠳ᠋ᠦ᠍ ᠥᠨᠳᠥᠷ ᠮᠠᠯᠠᠭᠠᠢ ᠵᠣᠬᠢᠮᠵᠢ ᠦᠭᠡᠢ ᠤᠴᠢᠷ ᠪᠥᠭᠡᠷᠡᠩᠬᠡᠢ ᠪᠤᠶᠤ ᠲᠣᠭᠣᠷᠢᠭ ᠬᠡᠯᠪᠡᠷᠢ ᠶ᠋ᠢᠨ ᠮᠠᠯᠠᠭᠠᠢ ᠵᠣᠬᠢᠮᠵᠢᠲᠠᠢ᠃ ᠬᠠᠷᠢᠨ ᠨᠠᠮ ᠨᠢᠷᠤᠭᠤ ᠲᠠᠢ ᠪᠤᠶᠤ ᠲᠠᠷᠭᠤᠨ ᠬᠥᠮᠦᠨ ᠳ᠋ᠦ᠍ ᠥᠨᠳᠥᠷ ᠬᠦᠷᠢᠶ᠎ᠡ ᠲᠡᠢ ᠮᠠᠯᠠᠭᠠᠢ ᠵᠣᠬᠢᠮᠵᠢᠲᠠᠢ᠃ ᠡᠷᠡᠭᠲᠡᠢᠴᠦᠳ ᠲᠦ᠍ ᠪᠣᠯ ᠰᠠᠷᠠᠪᠴᠢ ᠲᠠᠢ ᠪᠤᠶᠤ ᠯᠣᠣᠪᠣᠣᠵᠠ ᠮᠠᠯᠠᠭᠠᠢ ᠵᠣᠬᠢᠮᠵᠢᠲᠠᠢ ᠪᠣᠯᠪᠠᠴᠤ ᠪᠣᠯᠪᠠᠰᠤᠨ ᠬᠤᠪᠴᠠᠰᠤᠨ ᠳ᠋ᠤ᠌ ᠯᠣᠣᠪᠣᠣᠵᠠ ᠵᠣᠬᠢᠮᠵᠢ ᠦᠭᠡᠢ᠃ ᠯᠣᠣᠪᠣᠣᠵᠠ ᠶ᠋ᠢ ᠡᠮᠵᠢᠵᠦ ᠲᠣᠨᠣᠭᠯᠠᠨ ᠬᠠᠲᠠᠭᠰᠠᠨ ᠦᠰᠦ ᠲᠡᠢ ᠢᠵᠢᠯ ᠥᠩᠭᠡ ᠲᠡᠢ ᠦᠰᠦ ᠪᠡᠷ ᠠᠷᠤ ᠲᠠᠯ᠎ᠠ ᠶ᠋ᠢ ᠡᠮᠵᠢᠵᠦ ᠠᠷᠤ ᠲᠠᠯ᠎ᠠ ᠶ᠋ᠢᠨ ᠣᠶᠣᠳᠠᠯ ᠢ᠋ ᠳᠠᠭᠠᠭᠤᠯᠤᠨ(ᠣᠷᠣᠢ ᠥᠭᠡᠳᠡ) ᠪᠤᠯᠠᠭ᠎ᠠ ᠬᠡᠷᠡᠮᠦ ᠶ᠋ᠢᠨ ᠰᠡᠭᠦᠯ ᠬᠠᠲᠠᠪᠠᠯ ᠪᠦᠷ ᠴᠦ᠍ ᠭᠣᠶᠣᠮᠰᠣᠭ ᠪᠣᠯᠤᠨ᠎ᠠ᠃ ᠰᠢᠨ᠎ᠡ ᠪᠡᠷ ᠥᠷᠭᠡᠨ ᠪᠤᠶᠤ ᠳᠤᠬᠤ ᠮᠡᠯᠵᠡᠨ᠂ ᠤᠷᠲᠤ ᠨᠢᠭᠤᠷ ᠲᠠᠢ ᠬᠥᠮᠦᠨ ᠳ᠋ᠦ᠍ ᠳᠡᠭᠡᠭᠰᠢ ᠪᠡᠨ ᠨᠠᠷᠢᠬᠠᠨ ᠣᠷᠣᠢ ᠲᠠᠢ ᠮᠠᠯᠠᠭᠠᠢ ᠵᠣᠬᠢᠮᠵᠢ ᠦᠭᠡᠢ ᠤᠴᠢᠷ ᠳᠤᠬᠤ ᠤᠷᠤᠭᠤ ᠳᠠᠷᠤᠭᠰᠠᠨ ᠰᠠᠷᠠᠪᠴᠢ ᠲᠠᠢ ᠪᠤᠶᠤ ᠡᠰᠡᠪᠡᠯ ᠦᠰᠦ ᠪᠡᠷ ᠢ᠋ᠶ᠋ᠡᠨ ᠳᠤᠬᠤ ᠪᠠᠨ ᠬᠠᠭᠠᠵᠤ ᠪᠥᠭᠡᠷᠡᠩᠬᠡᠢ ᠲᠣᠭᠣᠷᠢᠭ ᠮᠠᠯᠠᠭᠠᠢ ᠡᠮᠦᠰᠬᠦ ᠵᠣᠬᠢᠮᠵᠢᠲᠠᠢ ᠪᠠᠢᠳᠠᠭ᠃ ᠵᠤᠨ ᠤ᠋ ᠨᠠᠷᠠᠨ ᠤ᠋ ᠮᠠᠯᠠᠭᠠᠢ ᠶ᠋ᠢ ᠬᠡᠳᠦ ᠬᠡᠳᠦᠨ ᠶᠠᠩᠵᠤ ᠪᠠᠷ ᠬᠢᠵᠦ ᠪᠣᠯᠤᠨ᠎ᠠ᠃ ᠵᠤᠨ ᠤ᠋ ᠮᠠᠯᠠᠭᠠᠢ ᠶ᠋ᠢ ᠬᠢᠬᠦ ᠳ᠋ᠡᠭᠡᠨ ᠮᠠᠲ᠋ᠧᠷᠢᠶᠠᠯ ᠢ᠋ ᠵᠥᠪ ᠰᠣᠩᠭᠣᠨ᠎ᠠ᠃ ᠵᠤᠨ ᠤ᠋ ᠮᠠᠯᠠᠭᠠᠢ ᠳ᠋ᠤ᠌ ᠨᠡᠢᠯᠡᠭ ᠮᠠᠲ᠋ᠧᠷᠢᠶᠠᠯ ᠲᠣᠬᠢᠷᠠᠮᠵᠢ ᠦᠭᠡᠢ ᠪᠥᠭᠡᠳ ᠨᠢᠮᠭᠡᠨ ᠴᠠᠭᠠᠨ ᠳᠠᠪᠤᠤ ᠡᠷᠢᠶᠡᠨ ᠳᠠᠪᠤᠤ ᠵᠣᠬᠢᠷᠠᠮᠵᠢᠲᠠᠢ᠃
ᠦᠰᠦᠭ ᠠᠮᠢᠯᠠᠭᠤᠯᠤᠭᠴᠢ᠄ ᠱᠠᠭᠰᠠᠯ᠂ ᠪᠠᠶᠠᠨᠰᠡᠷᠡᠩ᠂ ᠲᠣᠭᠳᠠᠭᠤᠨᠪᠠᠶᠠᠷ ᠂ ᠰᠠᠢᠨᠪᠢᠯᠢᠭ᠌
ᠬᠢᠨᠠᠭᠴᠢ᠄ ᠰᠡᠬᠡᠭᠡᠷᠡᠯ᠂ ᠣᠳᠬᠠᠨᠰᠣ᠎ᠠ
