ᠲᠠᠨᠢᠯ ᠤᠨ ᠤᠴᠠᠷᠠᠯ – ᠴᠣ ᠂ ᠣᠷᠱᠤᠨ Танилын учрал – Чо ᠂ Оршин
ᠲᠠᠨᠢᠯ ᠤᠨ ᠤᠴᠠᠷᠠᠯ
ᠠᠨᠳᠠᠭ ᠠᠪᠤ ᠬᠣᠨᠢ ᠪᠠᠨ ᠬᠣᠲᠠᠯᠠᠵᠤ ᠪᠠᠢᠲᠠᠯ᠎ᠠ᠂
ᠠᠲᠠᠨ ᠲᠡᠮᠡᠭᠡᠨ ᠦ᠌ ᠲᠠᠰᠢᠶ᠎ᠠ ᠪᠠᠷ ᠬᠣᠶᠠᠷ ᠬᠥᠮᠦᠨ
ᠠᠮᠠᠳᠠᠵᠤ ᠢᠷᠡᠭᠡᠳ ᠨᠢᠭᠤᠷ ᠵᠣᠯᠭᠠᠵᠤ ᠤᠴᠠᠷᠠᠯ᠎ᠠ᠃
《 ᠮᠠᠯ ᠰᠦᠷᠦᠭ ᠮᠡᠨᠳᠦ ᠤᠤ?》 ᠭᠡᠵᠦ ᠠᠰᠠᠭᠤᠬᠤ ᠳ᠋ᠤᠨᠢ
ᠮᠠᠭᠰᠤᠷ ᠬᠤᠰᠢᠭᠤᠨ ᠳᠠᠷᠤᠭ᠎ᠠ ᠢᠷᠡᠭᠰᠡᠨ ᠢ᠋ ᠮᠡᠳᠡᠵᠡᠢ᠂
《 ᠮᠡᠨᠳᠦ ᠰᠠᠢᠨ ᠪᠠᠢᠨ᠎ᠠ ᠤᠤ?》 ᠭᠡᠬᠦ ᠳ᠋ᠦ᠍ᠨᠢ
ᠮᠠᠨ ᠤ᠋ ᠬᠥᠮᠦᠨ᠂ ᠬᠠᠷᠢᠨ ᠨᠥᠭᠦᠭᠡ ᠪᠡᠨ ᠲᠠᠨᠢᠵᠤ ᠶᠠᠳᠠᠵᠠᠢ᠃
ᠣᠲᠣᠷ ᠬᠠᠢᠳᠠᠭ ᠡᠪᠦᠯᠵᠢᠶ᠎ᠡ ᠰᠠᠭᠤᠷᠢᠨ ᠤ᠋ ᠠᠯᠢᠨ ᠳ᠋ᠤ᠌ ᠴᠤ᠌
ᠣᠷᠣᠵᠤ ᠬᠣᠨᠣᠭᠠᠳ ᠬᠡᠯᠡᠯᠴᠡᠵᠦ ᠶᠠᠪᠤᠳᠠᠭ ᠳᠠᠷᠤᠭ᠎ᠠ ᠪᠠᠨ
ᠠᠨᠳᠠᠭ ᠡᠪᠦᠭᠡᠨ ᠳᠠᠷᠤᠢ ᠶᠡᠬᠡ ᠰᠣᠨᠢᠷᠬᠠᠭᠰᠠᠨ ᠦᠭᠡᠢ
ᠠᠩᠬ᠎ᠠ ᠢᠷᠡᠭᠰᠡᠨ ᠲᠡᠷᠡ ᠬᠥᠮᠦᠨ ᠢ᠋ ᠯᠡ ᠠᠵᠢᠭᠯᠠᠵᠤ ᠰᠢᠷᠲᠡᠨ᠎ᠡ᠃
ᠭᠡᠷ ᠲᠤ ᠣᠷᠣᠭᠠᠳ ᠴᠢᠢᠯᠡᠵᠦ ᠰᠠᠭᠤᠬᠤ ᠵᠠᠭᠤᠷ᠎ᠠ
ᠭᠡᠭᠡ ᠭᠠᠷᠭᠠᠵᠤ ᠳ᠋ᠧᠩ ᠢ᠋ᠶ᠋ᠡᠨ ᠠᠰᠠᠭᠠᠨ ᠦᠵᠡᠪᠡᠯ᠂
ᠭᠡᠯ ᠴᠤ᠌ ᠮᠠᠭᠰᠤᠷ ᠠ᠋ᠴᠠ ᠥᠨᠳᠥᠷᠬᠡᠨ ᠪᠡᠶ᠎ᠡ ᠲᠡᠢ
ᠭᠡᠵᠢᠭᠡ ᠦᠰᠦ ᠨᠢ ᠪᠤᠭᠤᠷᠤᠯᠲᠤᠵᠤ ᠶᠠᠪᠤᠭ᠎ᠠ ᠬᠥᠮᠦᠨ ᠪᠠᠢᠯ᠎ᠠ᠃
ᠠᠬᠢᠮᠠᠭ ᠨᠠᠰᠤᠨ ᠤ᠋ ᠲᠣᠮᠣᠭᠠᠲᠠᠢ ᠬᠥᠮᠦᠨ ᠪᠠᠢᠨ᠎ᠠ ᠳᠠ
ᠠᠵᠢᠯ ᠲᠤᠰᠢᠶᠠᠯ ᠨᠢ ᠴᠤ᠌ ᠺᠠᠳ᠋ᠷ ᠯᠠ ᠶᠤᠮ ᠪᠢᠵᠡ
ᠠᠨᠳᠠᠭ ᠭᠤᠸᠠᠢ ᠲᠦᠳᠡᠬᠡᠨ ᠠᠰᠠᠭᠤᠵᠤ ᠬᠦᠦᠷᠨᠢᠬᠦ ᠪᠡᠷ
ᠠᠷᠭ᠎ᠠ ᠦᠭᠡᠢ ᠳᠣᠲᠣᠷ᠎ᠠ ᠪᠠᠨ ᠶᠠᠭᠠᠷᠠᠵᠤ ᠪᠠᠢᠪᠠ᠃
ᠬᠤᠰᠢᠭᠤᠨ ᠳᠠᠷᠤᠭ᠎ᠠ ᠮᠢᠨᠢ ᠶᠠᠷᠢᠭᠠᠴᠢ ᠬᠥᠮᠦᠨ ᠶᠦᠮ
ᠬᠣᠭᠣᠷᠣᠨᠳᠣ ᠠ᠋ᠴᠠ ᠨᠢ ᠬᠠᠷᠢᠨ ᠲᠠᠨᠢᠯᠴᠠᠭᠤᠯᠵᠤ ᠭᠠᠷᠪᠠ᠂
ᠬᠣᠶᠠᠷ ᠪᠡᠶ᠎ᠡ ᠶ᠋ᠢᠨ ᠢ᠋ᠶ᠋ᠡᠨ ᠨᠡᠷ᠎ᠡ ᠤᠰᠤ ᠶ᠋ᠢ ᠮᠡᠳᠡᠯᠴᠡᠵᠦ
ᠬᠣᠷᠢᠭ᠎ᠠ ᠴᠡᠭᠡᠷ ᠦᠭᠡᠢ ᠶᠠᠷᠢᠯᠴᠠᠬᠤ ᠦᠶ᠎ᠡ ᠡᠬᠢᠯᠡᠪᠡ᠃
ᠬᠠᠮᠲᠤ ᠢᠷᠡᠭᠰᠡᠨ ᠲᠡᠷᠡ ᠨᠥᠬᠥᠷ ᠢ᠋ᠶ᠋ᠡᠨ ᠵᠢᠭᠠᠵᠤ
《 ᠬᠠᠨ ᠣᠪᠣᠭ ᠲᠠᠢ᠂ ᠹᠦᠵᠢᠶᠠᠨ ᠤ᠋ ᠬᠥᠮᠦᠨ ᠶᠦᠮ᠂
ᠣᠳᠣ ᠬᠤᠰᠢᠭᠤᠨ ᠤ᠋ ᠳᠡᠳ᠋ ᠳᠠᠷᠤᠭ᠎ᠠ ᠪᠠᠷ ᠲᠣᠮᠢᠯᠠᠭᠳᠠᠵᠤ
ᠣᠲᠣᠷ ᠢ᠋ᠶ᠋ᠠᠷ ᠨᠠᠳᠠᠲᠠᠢ ᠶᠠᠪᠤᠭ᠎ᠠ ᠨᠢ ᠡᠨᠡ᠃
ᠦᠨᠳᠦᠰᠦᠲᠡᠨ ᠶᠠᠰᠤᠲᠠᠨ ᠮᠠᠨᠢ ᠣᠨᠳᠣᠣ ᠪᠣᠯᠪᠠᠴᠤ
ᠦᠨᠳᠦᠰᠦᠨ ᠱᠠᠲᠤᠨ ᠤ᠋ ᠤᠳᠤᠷᠢᠳᠤᠯᠭ᠎ᠠ ᠪᠣᠯᠤᠭᠰᠠᠨ ᠶᠤᠮ ᠴᠢᠨᠢ
ᠤᠷᠤᠰᠤᠮ᠎ᠠ ᠲᠣᠳᠣ ᠪᠠᠷ ᠮᠣᠩᠭᠣᠯ ᠬᠡᠯᠡ ᠶ᠋ᠢ ᠮᠢᠨᠢ ᠰᠤᠷᠤᠭᠠᠳ
ᠣᠷᠣᠨ ᠨᠤᠲᠤᠭ ᠤ᠋ᠨ ᠠᠵᠢᠯ ᠳ᠋ᠤ᠌ ᠳᠡᠮᠲᠡᠢ ᠰᠢᠦ》ᠭᠡᠰᠡᠨ ᠢ᠋ᠶ᠋ᠡᠨ
ᠮᠠᠭᠰᠤᠷ ᠳᠠᠷᠤᠭ᠎ᠠ ᠳᠠᠬᠢᠨ ᠵᠡᠭᠦᠨᠰᠢ ᠪᠡᠨ ᠡᠷᠭᠢᠵᠦ
ᠮᠠᠯᠴᠢᠨ ᠡᠪᠦᠭᠡᠨ ᠠᠨᠳᠠᠭ ᠥᠭᠡᠳᠡ ᠬᠠᠨᠳᠤᠵᠤ
《 ᠮᠠᠨ ᠤ᠋ ᠣᠷᠣᠨ ᠤ᠋ ᠵᠢᠱ᠌ᠢᠶᠡᠴᠢ ᠴᠣᠯᠠ ᠲᠠᠢ ᠬᠥᠮᠦᠨ
ᠮᠠᠯ ᠢ᠋ᠶ᠋ᠠᠨ ᠥᠰᠬᠡᠭᠰᠡᠨ ᠲᠡᠷᠢᠭᠦᠨ ᠦ᠌ ᠮᠠᠯᠴᠢᠳ ᠢ᠋ᠶ᠋ᠠᠷ
ᠣᠷᠣᠨ ᠠᠢᠮᠠᠭ ᠤ᠋ᠨ ᠰᠠᠢᠴᠤᠤᠯ ᠤ᠋ᠨ ᠬᠤᠷᠠᠯ ᠳ᠋ᠤ᠌
ᠣᠯᠠᠨ ᠤᠳᠠᠭ᠎ᠠ ᠣᠷᠣᠯᠴᠠᠵᠤ ᠥᠩᠭᠡᠷᠡᠭᠰᠡᠨ ᠬᠥᠮᠦᠨ᠂
ᠤᠯᠤᠰ ᠣᠷᠣᠨ ᠤ᠋ ᠪᠠᠨ ᠬᠥᠭᠵᠢᠯ ᠴᠡᠴᠡᠭᠯᠡᠯ ᠦ᠋ᠨ ᠦᠢᠯᠡᠰ ᠲᠤ
ᠣᠳᠣᠨ ᠮᠧᠲ᠋ᠠᠯ ᠢ᠋ᠶ᠋ᠠᠷ ᠱᠠᠩᠨᠠᠭᠳᠠᠵᠤ ᠶᠠᠪᠤᠭᠰᠠᠨ ᠪᠠᠭᠠᠲᠤᠷ᠃
ᠠᠷᠪᠠᠨ ᠵᠢᠯ ᠦ᠋ᠨ ᠤᠷᠰᠢᠭᠲᠤ ᠶᠡᠬᠡ ᠰᠠᠮᠠᠭᠤᠷᠠᠯ ᠳ᠋ᠤ᠌
ᠠᠷᠪᠢᠨ ᠰᠦᠷᠦᠭ ᠢ᠋ᠶ᠋ᠡᠨ ᠥᠰᠬᠡᠭᠰᠡᠨ ᠨᠢ ᠶᠠᠯ᠎ᠠ ᠪᠣᠯᠤᠭᠠᠳ
ᠠᠮᠢ ᠪᠠᠨ ᠠᠷᠠᠢ ᠯᠠ ᠥᠭᠭᠦᠭᠰᠡᠨ ᠦᠭᠡᠢ ᠲᠠᠮᠤᠯᠠᠭᠳᠠᠵᠤ
ᠠᠳᠠᠲᠤ ᠡᠲᠡᠭᠡᠳ ᠦ᠋ᠨ ᠨᠡᠷ᠎ᠡ ᠶ᠋ᠢ ᠵᠡᠭᠦᠵᠦ ᠶᠠᠪᠤᠭᠰᠠᠨ ᠴᠤ᠌
ᠬᠢᠯᠢᠰ ᠭᠦᠵᠢᠷ ᠴᠣᠬᠢᠭᠳᠠᠭᠰᠠᠨ ᠮᠢᠨᠢ ᠬᠡᠴᠡᠭᠦᠦ ᠭᠡᠳ
ᠬᠡᠷᠬᠢᠪᠡᠴᠦ ᠶᠡᠷᠦ ᠬᠣᠢᠷᠭᠣᠰᠢᠵᠤ ᠰᠠᠭᠤᠭ᠎ᠠ ᠦᠭᠡᠢ᠂
ᠦᠨᠳᠦᠰᠦᠲᠡᠨ ᠦ᠌ ᠲᠥᠷᠥ ᠶ᠋ᠢᠨ ᠪᠣᠳᠣᠯᠭ᠎ᠠ ᠶ᠋ᠢᠨ ᠠᠴᠢ ᠪᠠᠷ
ᠥᠨᠥ ᠪᠠᠰᠠ ᠴᠢᠷᠮᠠᠢᠨ ᠵᠢᠳᠬᠦᠵᠦ ᠪᠠᠢᠭ᠎ᠠ ᠶᠤᠮ》 ᠭᠡᠯᠡ᠃
ᠬᠠᠮᠲᠤ ᠠᠵᠢᠯᠯᠠᠭᠴᠢ ᠪᠠᠨ ᠲᠠᠨᠢᠯᠴᠠᠭᠤᠯᠵᠤ ᠪᠠᠷᠠᠭᠰᠠᠨ ᠳ᠋ᠤ᠌
ᠬᠠᠨ ᠨᠥᠬᠥᠷ ᠴᠤ᠌ ᠬᠠᠯᠠᠭᠤᠮᠰᠤᠭ ᠲᠠᠭᠠᠲᠠᠢ ᠢᠨᠢᠶᠡᠮᠰᠦᠭᠯᠡᠵᠦ
《 ᠡᠪᠦᠭᠡᠨ ᠲᠠᠨ ᠤ᠋ ᠠᠯᠳᠠᠷ ᠢ᠋ ᠰᠣᠨᠣᠰᠴᠤ ᠪᠠᠢᠭᠰᠠᠨ ᠯᠠ ᠳᠠ
ᠥᠨᠥᠳᠥᠷ ᠬᠠᠷᠢᠨ ᠪᠢᠳᠡ ᠴᠢᠨᠢ ᠬᠠᠭᠤᠴᠢᠨ ᠲᠠᠨᠢᠯ ᠪᠠᠢᠨ᠎ᠠ》 ᠭᠡᠬᠦ ᠳ᠋ᠦ᠍
ᠨᠠᠰᠤᠲᠠᠢ ᠪᠣᠯᠤᠭᠰᠠᠨ ᠠᠨᠳᠠᠭ ᠨᠢᠳᠦ ᠪᠡᠨ ᠨᠤᠭᠤᠯᠤᠭᠠᠳ
《 ᠨᠡᠭᠡᠷᠡᠨ ᠴᠤ᠌ ᠬᠡᠯᠡᠭᠰᠡᠨ ᠦ᠌ ᠬᠣᠢᠨ᠎ᠠ ᠲᠡᠢᠮᠦ ᠰᠢᠭ
ᠶᠠᠭ ᠯᠠ ᠡᠢᠮᠦᠷᠬᠦ ᠬᠥᠮᠦᠨ ᠪᠠᠢᠵᠤ ᠪᠢᠯᠢᠤ⁈
ᠶᠠᠮᠠᠷ ᠵᠢᠯ ᠰᠠᠨ ᠪᠢᠯᠡ?》 ᠭᠡᠳ ᠪᠣᠳᠣᠯ ᠳ᠋ᠤ᠌ ᠤᠮᠪᠠᠯ᠎ᠠ᠄
ᠲᠡᠷᠡᠬᠡᠨ ᠵᠢᠯ ᠳ᠋ᠦ᠍ ᠮᠠᠨ ᠤ᠋ ᠡᠨᠳᠡ ᠵᠤᠳᠯᠠᠭᠰᠠᠨ
ᠲᠡᠢᠮᠦ ᠯᠡ ᠶᠡᠬᠡ ᠴᠠᠭᠠᠨ ᠤ᠋ ᠭᠠᠮᠰᠢᠭ ᠳᠤᠮᠳᠠ
ᠲᠡᠮᠡᠴᠡᠵᠦ ᠢᠯᠠᠬᠤ ᠶ᠋ᠢ ᠨᠠᠮ ᠮᠠᠨᠢ ᠤᠷᠢᠶᠠᠯᠠᠵᠤ
ᠲᠩᠷᠢ ᠲᠡᠢ ᠦᠵᠡᠯᠴᠡᠵᠦ ᠢᠯᠠᠯᠲᠠ ᠣᠯᠤᠭᠰᠠᠨ ᠶᠤᠮ᠃
ᠬᠤᠷᠠᠵᠤ ᠪᠠᠢᠭᠰᠠᠨ ᠨᠡᠲᠦᠭᠡᠷ ᠬᠠᠷ᠎ᠠ ᠡᠭᠦᠯᠡᠨ ᠡᠴᠡ
ᠬᠣᠷᠣᠮᠬᠠᠨ ᠵᠠᠭᠤᠷ᠎ᠠ ᠴᠠᠰᠤ ᠯᠠᠪᠰᠠᠯᠠᠵᠤ ᠪᠠᠭᠤᠯ᠎ᠠ
ᠬᠤᠢ ᠰᠠᠯᠬᠢᠨ ᠤ᠋ ᠡᠷᠴᠢ ᠲᠡᠢ ᠬᠠᠮᠲᠤᠷᠠᠨ ᠨᠡᠢᠯᠡᠭᠡᠳ
ᠬᠤᠩᠭᠠᠷ ᠴᠠᠰᠤ ᠲᠠᠯ᠎ᠠ ᠬᠥᠳᠡᠭᠡ ᠦᠭᠡᠢ ᠣᠪᠣᠭᠠᠷᠠᠯᠠ᠃
ᠢᠩᠭᠢᠭᠡᠳ ᠬᠦᠢᠲᠡᠨ ᠦ᠌ ᠣᠮᠣᠭ ᠴᠤ᠌ ᠴᠢᠩᠭᠠᠷᠠᠭᠰᠠᠭᠠᠷ
ᠡᠷᠭᠢᠭᠡᠳ ᠪᠠᠰᠠ ᠡᠳᠦᠷ ᠥᠨᠵᠢᠯ ᠦᠭᠡᠢ ᠰᠢᠭᠤᠷᠤᠭᠰᠠᠭᠠᠷ
ᠪᠤᠯᠠᠭ ᠤ᠋ᠨ ᠤᠰᠤ ᠭᠣᠣᠯ ᠭᠣᠷᠣᠬ᠎ᠠ ᠵᠠᠳᠠ ᠬᠥᠯᠳᠡᠵᠦ
ᠪᠤᠯᠳᠤᠷᠤᠤ ᠰᠢᠪᠠᠭ ᠤ᠋ᠨ ᠣᠷᠣᠢ ᠯᠠ ᠴᠤᠬᠤᠢᠵᠤ ᠪᠤᠯᠲᠠᠢᠨᠠ᠃
ᠥᠨᠢᠷ ᠨᠤᠲᠤᠭ ᠤ᠋ᠨ ᠮᠢᠨᠢ ᠥᠩ ᠰᠠᠢᠬᠠᠨ ᠪᠡᠯᠴᠢᠭᠡᠷ
ᠦᠶᠡᠯᠡᠭᠰᠡᠨ ᠴᠠᠰᠤᠨ ᠳ᠋ᠤ᠌ ᠦᠵᠡᠭᠳᠡᠬᠦ ᠶᠠᠭᠤᠮ᠎ᠠ ᠦᠭᠡᠢ ᠪᠣᠯᠪᠠ
ᠥᠯᠥᠨ ᠬᠣᠨᠢᠳ ᠭᠡᠳᠡᠰᠦ ᠬᠣᠩᠬᠣᠢᠵᠤ ᠡᠪᠡᠰᠦ ᠡᠷᠢᠭᠡᠳ
ᠦᠬᠡᠷ ᠦ᠋ᠨ ᠡᠪᠦᠳᠦᠭ ᠲᠤᠯᠤᠭᠰᠠᠨ ᠴᠠᠭᠠᠨ ᠳᠡᠯᠡᠬᠡᠢ ᠪᠣᠯᠪᠠ᠃
ᠡᠪᠦᠭᠡᠳ ᠬᠥᠭᠰᠢᠳ ᠮᠢᠨᠢ ᠲᠡᠷᠡ ᠭᠠᠮᠰᠢᠭ ᠢ᠋ ᠦᠵᠡᠬᠦ ᠳ᠋ᠡᠭᠡᠨ
ᠥᠩᠭᠡᠷᠡᠭᠰᠡᠨ ᠦ᠌ ᠲᠡᠮᠦᠷ ᠵᠤᠳ ᠲᠠᠢ ᠠᠳᠠᠯᠢᠳᠬᠠᠵᠤ᠂
ᠬᠣᠲᠠ ᠲᠠᠢ ᠠᠢᠯ ᠨᠢ ᠬᠠᠰᠢᠶ᠎ᠠ ᠬᠣᠷᠣᠭ᠎ᠠ ᠪᠠᠨ ᠠᠴᠢᠭᠠᠳ
ᠬᠣᠩᠬᠣᠷ ᠳᠦᠭᠦᠷᠲᠡᠯ᠎ᠡ ᠵᠣᠪᠠᠯᠭ᠎ᠠ ᠬᠠᠶᠠᠭᠰᠠᠨ ᠢ᠋ ᠶᠠᠷᠢᠬᠤ ᠶᠤᠮ᠃
ᠪᠤᠲᠠ ᠦᠬᠡᠷ ᠬᠡᠯᠡᠨ ᠦ᠌ ᠦᠵᠦᠭᠦᠷ ᠢ᠋ᠶ᠋ᠡᠷ ᠰᠢᠷᠪᠢᠳᠡᠭ ᠢ᠋ᠶ᠋ᠡᠷ ᠢ᠋ᠶ᠋ᠡᠨ
ᠪᠣᠷᠪᠢ ᠬᠣᠮᠢᠯ ᠤ᠋ᠨ ᠨᠡᠭᠦᠮᠡᠯ ᠪᠠᠷ᠎ᠠ ᠪᠠᠷ ᠬᠥᠭᠡᠭᠡᠴᠡᠯᠳᠦᠨ᠎ᠡ
ᠪᠤᠭ ᠠᠳᠤᠭᠤ ᠬᠥᠯ ᠢ᠋ᠶ᠋ᠡᠷ ᠴᠠᠪᠴᠢᠯᠠᠵᠤ ᠴᠢᠳᠠᠳᠠᠭ ᠢ᠋ᠶ᠋ᠠᠷ ᠢ᠋ᠶ᠋ᠠᠨ
ᠪᠦᠬᠦᠢ ᠴᠢᠳᠠᠯ ᠢ᠋ᠶ᠋ᠠᠷ ᠬᠠᠲᠠᠭᠤ ᠴᠠᠰᠤ ᠶ᠋ᠢ ᠮᠠᠯᠲᠠᠨ᠎ᠠ᠃
ᠦᠨᠡᠬᠡᠷ ᠭᠠᠴᠢᠭ ᠡᠷᠡᠨ ᠪᠣᠯᠤᠯ᠎ᠠ᠂ ᠮᠠᠨᠠᠢᠬᠢᠨ ᠳ᠋ᠤ᠌
ᠦᠵᠡᠵᠦ ᠪᠠᠢᠲᠠᠯ᠎ᠠ ᠬᠠᠯᠠᠭᠤᠨ ᠬᠣᠰᠢᠭᠤᠲᠤ ᠲᠠᠷᠳᠠᠯᠠ
ᠦᠷᠡᠵᠢᠭᠦᠯᠵᠦ ᠥᠰᠬᠡᠭᠰᠡᠨ ᠮᠠᠯ ᠤ᠋ᠨ ᠲᠡᠩᠬᠡᠭᠡ ᠪᠠᠷᠠᠭᠳᠠᠭᠠᠳ
ᠥᠷᠥᠴᠡ ᠡᠴᠡ ᠪᠡᠨ ᠵᠣᠪᠠᠬᠤ ᠴᠠᠭ ᠲᠤᠯᠭᠠᠷᠠᠯ᠎ᠠ᠃
ᠤᠳᠤᠷᠢᠳᠬᠤ ᠬᠥᠮᠦᠰ ᠣᠯᠠᠨ ᠤᠯᠤᠰ ᠲᠡᠷᠢᠭᠦᠨ ᠳ᠋ᠦ᠍ ᠬᠣᠰᠢᠭᠤᠴᠢᠯᠠᠵᠤ
ᠣᠶᠤᠨ ᠤᠬᠠᠭᠠᠨ᠂ ᠢᠳᠡᠪᠬᠢ ᠬᠦᠴᠦᠨ ᠦ᠌ ᠳᠠᠭᠠᠭᠤᠯᠤᠭᠴᠢ ᠪᠣᠯᠤᠯ᠎ᠠ᠂
ᠣᠯᠢᠭ ᠦᠭᠡᠢ ᠲᠣᠭᠰᠢᠨ ᠵᠤᠳ ᠤ᠋ᠨ ᠲᠩᠷᠢ ᠬᠡᠴᠡᠭᠦᠷᠡᠭᠰᠡᠨ ᠴᠤ᠌
ᠣᠴᠢ ᠪᠢᠰᠢ ᠪᠦᠷ ᠪᠠᠮᠪᠠᠷ ᠪᠣᠯᠤᠨ ᠵᠣᠷᠢᠭ ᠳᠦᠷᠡᠯᠵᠡᠯᠡ᠃
ᠲᠡᠷᠡ ᠡᠪᠦᠯ ᠮᠠᠨᠠᠢᠬᠢ ᠲᠠᠭᠠᠨᠠᠲᠤ ᠶ᠋ᠢᠨ ᠱᠠᠲᠤ ᠪᠠᠷ ᠡᠪᠦᠯᠵᠢᠪᠡ
ᠲᠡᠭᠡᠬᠦ ᠳ᠋ᠦ᠍ ᠨᠢᠭᠡ ᠨᠥᠬᠥᠷ ᠮᠠᠨ ᠤ᠋ ᠳ᠋ᠤ᠌ ᠢᠷᠡᠪᠡ
ᠲᠡᠮᠡᠴᠡᠯ ᠬᠥᠳᠡᠯᠮᠦᠷᠢ ᠳ᠋ᠦ᠍ ᠡᠪᠦᠯᠵᠢᠨ ᠬᠠᠮᠲᠤ ᠶᠠᠪᠤᠭᠠᠳ
ᠲᠡᠷᠡ ᠡᠨᠡ ᠦᠭᠡᠢ ᠪᠠᠬᠠᠲᠠᠢᠬᠠᠨ ᠳᠠᠰᠤᠯᠴᠠᠪᠠ᠃
ᠠᠢᠮᠠᠭ ᠳᠡᠭᠡᠷ᠎ᠡ ᠠᠵᠢᠯ ᠲᠠᠢ ᠶᠤᠮ ᠭᠡᠨ᠎ᠡ ᠪᠢᠯᠡ
ᠠᠷᠰᠯᠠᠨ ᠱᠦᠵᠢ ᠶ᠋ᠢᠨ ᠨᠠᠷᠢᠨ ᠪᠢᠴᠢᠭᠡᠴᠢ ᠭᠡᠳᠡᠭ᠂
ᠠᠮᠢᠳᠤᠷᠠᠯ ᠰᠤᠷᠲᠠᠯ ᠨᠢ ᠪᠣᠷᠣᠭᠵᠢᠭᠤᠨ ᠶᠤᠮ ᠭᠡᠨ᠎ᠡ᠃
ᠠᠯᠢ ᠡᠷᠲᠡ ᠬᠤᠪᠢᠰᠬᠠᠯ ᠳ᠋ᠤ᠌ ᠣᠷᠣᠯᠴᠠᠭᠰᠠᠨ ᠭᠡᠳᠡᠭ᠃
ᠬᠦᠢᠲᠡᠨ ᠬᠦᠨᠡᠰᠦ ᠶ᠋ᠢ ᠨᠠᠳᠠ ᠲᠠᠢ ᠪᠤᠯᠢᠶᠠᠯᠳᠤᠨ ᠢᠳᠡᠳᠡᠭ
ᠬᠦᠳᠡᠷᠯᠢᠭ ᠶᠠᠩᠵᠤ ᠶ᠋ᠢᠨ ᠬᠢᠲᠠᠳ ᠬᠥᠮᠦᠨ ᠪᠠᠢᠯ᠎ᠠ
ᠬᠥᠭᠰᠢᠨ ᠪᠢᠳᠡᠨ ᠢ᠋ ᠬᠦᠨᠳᠦᠯᠡᠵᠦ ᠰᠠᠢᠨ ᠬᠠᠪᠰᠤᠷᠤᠭᠠᠳ
ᠬᠦᠴᠢᠷ ᠠᠵᠢᠯ ᠳ᠋ᠤ᠌ ᠪᠢ ᠯᠡ ᠭᠡᠳ ᠭᠦᠶᠦᠳᠡᠭ ᠰᠠᠨ᠃
ᠠᠯᠬᠤᠵᠤ ᠭᠢᠰᠬᠢᠬᠦ ᠨᠢ ᠴᠤ᠌ ᠬᠥᠩᠭᠡᠨ ᠱᠦᠩᠭᠡᠨ ᠯᠡ ᠳᠡ
ᠠᠭᠰᠢᠷᠠᠭ᠎ᠠ ᠨᠠᠰᠤᠲᠠᠢ ᠨᠠᠳᠠ ᠠ᠋ᠴᠠ ᠳᠡᠭᠦᠤᠮᠡᠷ ᠯᠡ ᠳᠡ᠂
ᠠᠭᠠᠰᠢ ᠵᠠᠩ ᠳ᠋ᠤᠨᠢ ᠯᠠᠷᠵᠠ ᠶᠠᠩᠪᠠ ᠦᠭᠡᠢ
ᠠᠢᠬᠤᠪᠲᠤᠷ ᠳᠠᠷᠤᠤ ᠬᠥᠮᠦᠨ ᠯᠡ ᠪᠠᠢᠭᠰᠠᠨ ᠰᠠᠨ᠃
ᠦᠷ ᠴᠠᠢᠮᠠᠭᠴᠠ ᠯᠠ ᠬᠣᠶᠠᠭᠤᠯᠠ ᠲᠡᠮᠡᠭᠡ ᠪᠡᠨ ᠬᠥᠲᠥᠯᠦᠭᠡᠳ
ᠥᠷᠭᠡᠨ ᠲᠠᠯ᠎ᠠ ᠳ᠋ᠤ᠌ ᠴᠠᠰᠤ ᠬᠠᠭᠠᠯᠬᠤ ᠪᠠᠷ ᠭᠠᠷᠳᠠᠭ ᠂
ᠡᠳᠦᠷ ᠨᠢ ᠪᠢ ᠬᠣᠨᠢᠳ ᠢ᠋ᠶ᠋ᠠᠨ ᠬᠤᠮᠢᠵᠤ ᠲᠠᠭᠤᠭᠠᠳ
ᠡᠪᠡᠰᠦ ᠭᠠᠷᠭᠠᠭᠰᠠᠨ ᠪᠡᠯᠴᠢᠭᠡᠷ ᠲᠤ ᠬᠠᠷᠢᠭᠤᠯᠵᠤ ᠶᠠᠪᠤᠳᠠᠭ᠃
ᠬᠠᠭᠠᠯᠪᠤᠷᠢᠯᠠᠭᠰᠠᠨ ᠴᠠᠰᠤᠨ ᠠ᠋ᠴᠠ ᠴᠤᠬᠤᠢᠭᠰᠠᠨ ᠡᠪᠡᠰᠦᠨ ᠳ᠋ᠦ᠍
ᠬᠠᠷᠠᠯᠠᠬᠤ ᠰᠢᠬᠠᠭᠰᠠᠨ ᠬᠣᠨᠢᠳ ᠰᠢᠭᠤᠷᠤᠨ ᠢᠳᠡᠰᠢᠯᠡᠳᠡᠭ᠂
ᠬᠠᠵᠠᠭᠤ ᠳ᠋ᠤᠨᠢ ᠠᠮᠠᠷᠠᠭᠰᠠᠨ ᠪᠢᠳᠡ ᠬᠣᠶᠠᠷ ᠴᠤ᠌ ᠪᠠᠶᠠᠷᠯᠠᠵᠤ
ᠬᠠᠰᠢ ᠯᠠ ᠢᠯᠡᠭᠦᠬᠡᠨ ᠴᠠᠳᠬᠠᠶᠠ ᠭᠡᠳ ᠰᠥᠨᠢᠵᠢᠨ ᠠᠵᠢᠯᠯᠠᠳᠠᠭ᠃
ᠰᠢᠭᠠᠨᠲᠠᠭᠰᠠᠨ ᠰᠥᠬᠥ ᠳ᠋ᠦ᠍ ᠬᠠᠭᠠᠯᠤᠭᠤᠷ ᠮᠢᠨᠢ ᠭᠤᠯᠭᠤᠪᠠᠯ
ᠱᠠᠯᠠᠮᠠᠭᠠᠢ ᠲᠡᠷᠡ ᠮᠢᠨᠢ ᠪᠠᠭᠤᠭᠠᠳ ᠳᠠᠷᠤᠵᠤ ᠶᠠᠪᠤᠨ᠎ᠠ᠂
ᠴᠢᠩᠭᠠᠭᠠᠬᠤ ᠲᠡᠮᠡᠭᠡ ᠮᠢᠨᠢ ᠵᠣᠭ ᠬᠢᠬᠦ ᠭᠡᠪᠡᠯ
ᠴᠢᠳᠠᠮᠠᠭᠠᠢ ᠲᠡᠷᠡ ᠮᠢᠨᠢ ᠳ᠋ᠧᠦᠪᠢᠩ ᠪᠠᠷᠢᠨ ᠳᠠᠭᠠᠭᠤᠯᠤᠨ᠎ᠠ᠃
ᠬᠠᠯᠠᠭᠤᠨ ᠬᠥᠯᠥᠰᠥᠨ ᠳ᠋ᠦ᠍ ᠨᠡᠪᠲᠡᠷᠡᠭᠰᠡᠨ ᠳᠡᠪᠡᠯ ᠬᠠᠭᠠᠷᠢᠪᠠᠴᠤ
ᠬᠠᠷᠢᠯᠴᠠᠨ ᠵᠣᠷᠢᠭᠵᠢᠭᠤᠯᠤᠨ ᠪᠢᠳᠡ ᠬᠣᠶᠠᠷ ᠴᠢᠷᠮᠠᠢᠳᠠᠭ᠂
ᠬᠠᠷᠠᠩᠭᠤᠢ ᠪᠣᠯᠵᠤ ᠰᠢᠷ᠎ᠠ ᠭᠡᠭᠡ ᠲᠠᠰᠤᠷᠠᠭᠰᠠᠨ ᠴᠤ᠌
ᠬᠠᠭᠠᠯᠵᠤ ᠯᠠ ᠪᠠᠢᠪᠠᠯ ᠮᠠᠷᠭᠠᠰᠢ ᠰᠠᠢᠨ ᠭᠡᠯᠴᠡᠳᠡᠭ᠃
ᠤᠯᠠᠩᠭᠠᠰᠤᠭᠰᠠᠨ ᠭᠠᠮᠰᠢᠭ ᠠᠷᠠᠭ᠎ᠠ ᠬᠠᠪᠢᠷᠤᠨ ᠪᠠᠢᠭᠰᠠᠨ ᠴᠤ᠌
ᠣᠯᠠᠨ ᠤ᠋ ᠬᠦᠴᠦ ᠨᠡᠢᠭᠡᠮ ᠦ᠋ᠨ ᠳᠠᠪᠠᠭᠤᠯᠢᠭ ᠲᠤ ᠴᠥᠬᠥᠷᠡᠪᠡ᠂
ᠣᠷᠭᠢᠯᠤᠭᠰᠠᠨ ᠬᠥᠳᠡᠯᠮᠦᠷᠢ ᠴᠠᠭᠠᠨ ᠵᠤᠳ ᠢ᠋ ᠤᠶᠠᠷᠠᠭᠠᠵᠤ
ᠣᠷᠣᠮ ᠦᠭᠡᠢ ᠳᠠᠷᠤᠭᠳᠠᠭᠰᠠᠨ ᠪᠡᠯᠴᠢᠭᠡᠷ ᠢ᠋ᠶ᠋ᠡᠨ ᠪᠤᠯᠢᠶᠠᠪᠠ᠃
ᠨᠠᠮ ᠤ᠋ᠨ ᠬᠥᠮᠦᠵᠢᠯ ᠢ᠋ ᠤᠳᠠᠭᠠᠨ ᠵᠢᠯ ᠬᠦᠯᠢᠶᠡᠭᠰᠡᠨ
ᠨᠢᠭᠲᠠᠷᠠᠨ ᠪᠦᠯᠬᠦᠮᠳᠡᠭᠰᠡᠨ ᠺᠠᠲ᠌ᠷ ᠠᠷᠠᠳ ᠲᠠᠢ ᠪᠣᠯᠬᠣᠷ
ᠨᠡᠢᠲᠡ ᠶ᠋ᠢᠨ ᠰᠦᠷᠦᠭ ᠮᠢᠨᠢ ᠰᠦᠷᠳᠡᠭᠦᠯᠦᠯ ᠢ᠋ ᠳᠠᠪᠠᠭᠠᠳ
ᠨᠢᠭᠡ ᠴᠤ᠌ ᠬᠣᠬᠢᠷᠠᠯ ᠦᠭᠡᠢ ᠭᠠᠮᠰᠢᠭ ᠢ᠋ ᠳᠤᠭᠤᠯᠪᠠ᠃
ᠬᠠᠭᠳᠠ ᠶ᠋ᠢᠨ ᠳᠣᠣᠷ᠎ᠠ ᠨᠣᠭᠣᠭ᠎ᠠ ᠨᠢᠳᠦᠯᠡᠵᠦ ᠬᠠᠪᠤᠷᠰᠢᠯᠠ
ᠬᠠᠷᠠᠮᠴᠢ ᠵᠤᠳ ᠢ᠋ ᠪᠢᠳᠡ ᠰᠥᠭᠥᠳᠬᠡᠵᠦ ᠳᠡᠢᠯᠦᠯ᠎ᠡ᠂
ᠬᠠᠨᠠᠲᠤ ᠭᠡᠷ ᠲᠤ ᠳᠠᠰᠤᠯᠴᠠᠭᠰᠠᠨ ᠨᠥᠬᠥᠷ ᠮᠢᠨᠢ
ᠬᠠᠢᠯᠠᠷ ᠲᠠᠭᠠᠨ ᠪᠤᠴᠠᠬᠤ ᠪᠣᠯᠤᠭᠠᠳ ᠪᠤᠵᠢᠭᠢᠨᠠᠪᠠ᠃
ᠬᠥᠯᠳᠡᠵᠦ ᠬᠠᠭᠠᠷᠢᠭᠳᠠᠭᠰᠠᠨ ᠬᠠᠴᠠᠷ ᠤ᠋ᠨ ᠬᠢᠨᠢ ᠰᠣᠷᠪᠢ
ᠬᠥᠭᠡᠷᠪᠡᠴᠦ ᠬᠥᠷᠥᠰᠥᠵᠢᠭᠰᠡᠨ ᠴᠢᠷᠠᠢ ᠳ᠋ᠤᠨᠢ ᠴᠣᠭ ᠰᠦᠯᠳᠡ ᠪᠠᠳᠠᠷᠠᠭᠠᠳ
ᠬᠥᠯ ᠭᠠᠷ ᠨᠢ ᠡᠪᠡᠷᠰᠢᠨ ᠬᠠᠲᠠᠭᠤᠵᠢᠵᠤ ᠪᠣᠷᠣᠯᠠᠭᠠᠳ
ᠬᠥᠳᠡᠯᠮᠦᠷᠢᠴᠢ ᠴᠢᠨᠠᠷ ᠨᠢ ᠨᠡᠩ ᠲᠣᠪᠣᠢᠨ ᠭᠢᠯᠠᠯᠵᠠᠵᠠᠢ᠃
ᠠᠴᠢᠲᠤ ᠬᠤᠪᠢᠰᠬᠠᠯᠴᠢᠳ ᠤ᠋ᠨ ᠪᠠᠢᠭᠤᠯᠤᠭᠰᠠᠨ ᠤᠯᠤᠰ ᠲᠠᠭᠠᠨ
ᠠᠭᠤᠤ ᠨᠠᠮ ᠤ᠋ᠨ ᠬᠥᠮᠦᠵᠢᠭᠦᠯᠦᠭᠰᠡᠨ ᠡᠢᠮᠦ ᠺᠠᠳ᠋ᠷ ᠢ᠋
ᠠᠵᠢᠯ ᠲᠡᠮᠡᠴᠡᠯ ᠳ᠋ᠦ᠍ ᠬᠠᠮᠲᠤ ᠪᠠᠢᠭᠠᠳ ᠣᠢᠯᠠᠭᠠᠭᠰᠠᠨ ᠢ᠋ᠶ᠋ᠠᠨ
ᠠᠨᠳᠠᠭ ᠡᠪᠦᠭᠡᠨ ᠦᠨᠡᠨ ᠬᠦ᠌ ᠪᠢᠰᠢᠷᠡᠵᠦ ᠲᠣᠭᠣᠭᠰᠠᠨ ᠲᠤᠯᠠ
ᠴᠠᠭᠠᠨ ᠢᠳᠡᠭᠡ ᠪᠡᠨ ᠲᠠᠪᠠᠭ ᠳᠦᠭᠦᠷᠡᠩ ᠥᠷᠥᠯᠡ
《 ᠴᠠᠢ ᠤᠤᠭᠤ᠂ ᠶᠠᠭᠤᠮ᠎ᠠ ᠢᠳᠡ》 ᠭᠡᠵᠦ ᠱᠠᠯᠠᠯ᠎ᠠ
ᠴᠠᠢᠯᠭᠠᠨ ᠰᠠᠨᠠᠭᠠᠲᠤ ᠮᠣᠩᠭᠣᠯ ᠬᠥᠮᠦᠨ ᠦ᠌ ᠬᠤᠪᠢ ᠪᠠᠷ
ᠰᠠᠯᠬᠤ ᠶ᠋ᠢᠨ ᠦᠭᠡ ᠪᠡᠨ ᠢᠩᠭᠢᠵᠦ ᠬᠡᠯᠡᠭᠰᠡᠨ ᠶᠦᠮ᠃
《 ᠥᠰᠬᠦ ᠨᠠᠰᠤᠨ ᠠ᠋ᠴᠠ ᠪᠠᠶᠠᠳ ᠲᠤ ᠵᠠᠷᠤᠭᠳᠠᠵᠤ
ᠦᠢᠯᠡ ᠲᠠᠮᠤ ᠪᠠᠨ ᠬᠠᠨᠲᠠᠯ᠎ᠠ ᠠᠮᠰᠠᠵᠤ ᠥᠩᠭᠡᠷᠡᠭᠰᠡᠨ ᠰᠠᠨ
ᠥᠨᠥ ᠡᠷᠡᠨ ᠳ᠋ᠦ᠍ ᠲᠠ ᠮᠠᠨ ᠲᠠᠢ ᠴᠣᠭ ᠠᠵᠢᠯᠯᠠᠬᠤ ᠶ᠋ᠢ
ᠥᠪᠡᠷᠦᠨ ᠪᠡᠶ᠎ᠡ ᠪᠡᠷ ᠢ᠋ᠶ᠋ᠡᠨ ᠦᠵᠡᠯ᠎ᠡ᠂ ᠮᠡᠳᠡᠯ᠎ᠡ᠃
ᠲᠡᠷᠢᠭᠦᠯᠡᠭᠴᠢ ᠶ᠋ᠢᠨ ᠢᠮᠠᠭᠲᠠ ᠰᠤᠷᠭᠠᠵᠤ ᠪᠠᠢᠳᠠᠭ
ᠲᠥᠷᠥ ᠵᠠᠰᠠᠭ ᠤ᠋ᠨ ᠠᠵᠢᠯᠲᠠᠳ ᠬᠥᠳᠡᠯᠮᠦᠷᠢᠯᠡᠬᠦ ᠬᠡᠷᠡᠭᠲᠡᠢ ᠭᠡᠳᠡᠭ ᠢ᠋
ᠡᠷᠭᠢᠴᠡᠭᠦᠯᠵᠦ ᠪᠣᠳᠣᠬᠤ ᠳ᠋ᠤ᠌ ᠲᠣᠳᠣᠬᠠᠨ ᠪᠥᠭᠡᠳ ᠢᠯᠡᠬᠡᠨ
ᠡᠨᠡ ᠪᠦᠬᠦᠨ ᠢ᠋ ᠪᠢᠳᠡ ᠴᠡᠭᠡᠵᠢᠯᠡᠬᠦ ᠬᠡᠷᠡᠭᠲᠡᠢ》 ᠭᠡᠬᠦ ᠳ᠋ᠦ᠍
ᠲᠡᠷᠡ ᠮᠢᠨᠢ ᠤᠷᠮ᠎ᠠ ᠲᠠᠢ ᠰᠣᠨᠣᠰᠤᠨ᠎ᠠ᠂ ᠲᠡᠮᠳᠡᠭᠯᠡᠨ᠎ᠡ
ᠲᠡᠭᠡᠭᠡᠳ ᠪᠦᠷ《 ᠵᠢᠷᠤᠮᠯᠠᠬᠤ ᠰᠤᠷᠲᠠᠯ ᠮᠠᠨᠢ》 ᠭᠡᠨ᠎ᠡ᠂
ᠲᠡᠢᠮᠦ ᠳᠡ᠂ ᠮᠠᠨ ᠤ᠋ ᠬᠠᠷᠢᠴᠠᠭ᠎ᠠ ᠡᠢᠮᠦ ᠪᠠᠢᠪᠠᠯ ᠵᠣᠬᠢᠨ᠎ᠠ
ᠲᠡᠷᠭᠡᠨ ᠳ᠋ᠦ᠍ ᠭᠠᠷᠭᠠᠭᠠᠳ ᠭᠠᠷ ᠪᠠᠷᠢᠯᠴᠠᠯᠠ᠃
ᠶᠠᠪᠤᠬᠤ ᠦᠶ᠎ᠡ ᠳ᠋ᠡᠭᠡᠨ ᠣᠪᠣᠭ ᠨᠡᠷ᠎ᠡ ᠪᠡᠨ ᠳᠠᠪᠲᠠᠵᠤ ᠪᠢᠯᠡ
ᠶᠠᠭᠠᠬᠢᠪᠠᠴᠤ ᠮᠠᠷᠲᠠᠬᠤ ᠦᠭᠡᠢ ᠭᠡᠳ ᠮᠡᠷᠡᠢᠵᠦ ᠪᠢᠯᠡ᠂
ᠬᠡᠯᠡ ᠣᠷᠢᠶᠠᠯᠳᠤᠭᠠᠳ ᠴᠡᠭᠡᠵᠢᠯᠡᠵᠦ ᠥᠭᠬᠦ ᠦᠭᠡᠢ ᠴᠤ᠌
ᠬᠡᠵᠢᠶ᠎ᠡ ᠪᠣᠯᠪᠠᠴᠤ ᠰᠠᠢᠨ ᠬᠥᠮᠦᠨ ᠭᠡᠵᠦ ᠪᠣᠳᠣᠨ᠎ᠠ᠃
《 ᠠᠯᠳᠠᠷ ᠨᠡᠷ᠎ᠡ ᠴᠢᠨᠢ ᠬᠡᠨ ᠭᠡᠯᠡ ᠳᠡ᠂ ᠶᠠᠭᠠᠮᠠᠢ
ᠠᠵᠢᠯᠰᠠᠭ ᠰᠤᠷᠲᠠᠯ ᠢ᠋ ᠴᠢᠨᠢ ᠲᠡᠭᠡᠭᠡᠳ ᠪᠢ ᠪᠢᠰᠢᠷᠡᠭᠰᠡᠨ ᠶᠦᠮ
ᠠᠢ ᠳᠠ᠂ ᠣᠳᠣ ᠬᠣᠶᠠᠭᠤᠯᠠ ᠢᠩᠭᠢᠵᠦ ᠤᠴᠠᠷᠠᠬᠤ ᠶ᠋ᠢ
ᠠᠨᠳᠠᠭ ᠪᠢ ᠰᠠᠨᠠᠵᠤ ᠣᠯᠤᠭᠰᠠᠨ ᠦᠭᠡᠢ ᠰᠢᠦ!》 ᠭᠡᠳ
ᠡᠪᠦᠭᠡᠨ ᠭᠡᠨᠡᠳᠲᠡ ᠪᠠᠬ᠎ᠠ ᠲᠠᠢ ᠢᠨᠢᠶᠡᠯ᠎ᠡ
ᠦᠬᠦᠭ ᠢ᠋ᠶ᠋ᠡᠨ ᠠᠭᠤᠳᠠᠯᠤᠨ ᠠᠷᠢᠬᠢ ᠪᠠᠨ ᠬᠠᠯᠠᠭᠠᠯᠠ
ᠡᠮᠡᠭᠡᠨ ᠲᠡᠢ ᠪᠡᠨ ᠬᠣᠶᠠᠭᠤᠯᠠ ᠪᠦᠷ ᠰᠦᠢᠳ ᠪᠣᠯᠤᠯ᠎ᠠ
ᠡᠯᠢᠭᠡᠨ ᠰᠠᠳᠤᠨ ᠢ᠋ᠶ᠋ᠠᠨ ᠢᠷᠡᠭᠰᠡᠨ ᠰᠢᠭ ᠬᠥᠭᠡᠷᠴᠦ ᠭᠠᠷᠤᠯ᠎ᠠ
ᠮᠠᠷᠭᠠᠰᠢ ᠪᠣᠯᠵᠤ ᠨᠠᠷᠠ ᠳᠣᠷᠣᠨ᠎ᠠ ᠠ᠋ᠴᠠ ᠮᠠᠨᠳᠤᠪᠠ
ᠮᠠᠯᠴᠢᠨ ᠡᠪᠦᠭᠡᠨ ᠴᠤ᠌ ᠬᠣᠨᠢ ᠪᠠᠨ ᠪᠡᠯᠴᠢᠭᠡᠷ ᠲᠤ ᠭᠠᠷᠭᠠᠪᠠ
ᠮᠠᠨ ᠤ᠋ ᠬᠣᠶᠠᠷ ᠺᠠᠲ᠌ᠷ ᠮᠣᠷᠳᠠᠬᠤ ᠪᠣᠯᠤᠭᠠᠳ
《 ᠮᠠᠨ ᠳ᠋ᠤ᠌ ᠰᠠᠨᠠᠯ ᠶᠠᠭᠤ?》 ᠭᠡᠬᠦ ᠳ᠋ᠦ᠍ᠨᠢ
ᠠᠨᠳᠠᠭ ᠡᠪᠦᠭᠡᠨ ᠲᠠᠨᠢᠯ ᠤ᠋ᠨ ᠢ᠋ᠶ᠋ᠠᠨ ᠴᠢᠷᠠᠢ ᠶ᠋ᠢ ᠰᠢᠷᠳᠡᠵᠦ
ᠠᠲᠤᠷᠢᠶ᠎ᠠ ᠪᠣᠯᠤᠭᠰᠠᠨ ᠮᠠᠩᠨᠠᠢ ᠪᠠᠨ ᠲᠡᠨᠢᠢᠯᠭᠡᠭᠡᠳ᠂
《 ᠬᠡᠯᠡᠭᠰᠡᠨ ᠶᠠᠷᠢᠭᠰᠠᠨ ᠮᠠᠨᠢ ᠣᠪᠣᠭ᠎ᠠ ᠣᠯᠠᠨ
ᠬᠢᠬᠦ ᠠᠵᠢᠯ ᠳ᠋ᠤ᠌ ᠮᠠᠨᠢ ᠮᠥᠨ ᠦᠵᠡᠭᠳᠡᠨ᠎ᠡ》 ᠭᠡᠯᠡ᠃
ᠵᠣᠭᠳᠣᠷ ᠬᠥᠳᠡᠯᠭᠡᠭᠰᠡᠨ ᠲᠡᠮᠡᠭᠡ ᠲᠡᠢ ᠺᠠᠳ᠋ᠷ
ᠵᠣ ᠳᠠᠪᠠᠭᠠᠳ ᠠᠶᠠᠨ ᠵᠠᠮ ᠳ᠋ᠠᠭᠠᠨ ᠣᠷᠣᠪᠠ᠂
ᠵᠣᠷᠢᠯᠭ᠎ᠠ ᠬᠠᠷᠠᠯᠲᠠ ᠵᠥᠪ ᠲᠣᠳᠣ ᠶᠤᠮ ᠴᠢᠨᠢ
ᠵᠣᠷᠢᠭᠰᠠᠨ ᠦᠢᠯᠡᠰ ᠨᠢ ᠪᠡᠶᠡᠯᠡᠲᠦᠭᠡᠢ ᠭᠡᠮᠡᠨ ᠡᠪᠦᠭᠡᠨ ᠢᠷᠥᠭᠡᠯᠡ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 13
