ᠨᠠᠢ᠍ᠮᠠᠨ ᠰᠠᠭᠤᠳᠠᠯ ᠤᠨ ᠰᠠᠢᠨ ᠮᠠᠭᠤ ᠶᠢᠨ ᠢᠯᠡᠷᠬᠡᠢ ᠲᠠᠢᠯᠪᠤᠷᠢᠯᠠᠯ Найман суудлын сайн муугийн илэрхий тайлбарлал ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢ᠍ᠮᠠᠨ ᠰᠠᠭᠤᠳᠠᠯ ᠤᠨ ᠰᠠᠢᠨ ᠮᠠᠭᠤ ᠶᠢᠨ ᠢᠯᠡᠷᠬᠡᠢ ᠲᠠᠢᠯᠪᠤᠷᠢᠯᠠᠯ Найман суудлын сайн муугийн илэрхий тайлбарлал

ᠨᠠᠢ᠍ᠮᠠᠨ ᠰᠠᠭᠤᠳᠠᠯ ᠤᠨ ᠰᠠᠢᠨ ᠮᠠᠭᠤ ᠶᠢᠨ ᠢᠯᠡᠷᠬᠡᠢ ᠲᠠᠢᠯᠪᠤᠷᠢᠯᠠᠯ Найман суудлын сайн муугийн илэрхий тайлбарлал

ᠠᠩᠭᠢᠯᠠᠯ:ᠵᠠᠩ ᠦᠢᠯᠡ
2024-04-21

357


      1. ᠭᠠᠯ ᠤ᠋ᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠲᠡᠮᠦᠷ ᠦ᠋ᠨ ᠦᠢᠯᠡ ᠦᠢᠯᠡᠳᠬᠦ᠂ ᠪᠤᠷᠬᠠᠨ ᠳ᠋ᠤ᠌ ᠵᠠᠯᠪᠠᠷᠢᠬᠤ ᠮᠡᠲᠦ ᠶ᠋ᠢᠨ ᠪᠤᠶᠠᠨ ᠤ᠋ ᠦᠢᠯᠡ ᠳ᠋ᠦ᠍ ᠰᠠᠢᠨ᠃ ᠨᠠᠮᠤᠷ ᠭᠠᠢ ᠢᠷᠡᠬᠦ ᠶ᠋ᠢ ᠬᠢᠴᠢᠶᠡ᠃ ᠶᠢᠰᠦᠨ ᠰᠠᠷ᠎ᠠ ᠶ᠋ᠢᠨ ᠬᠣᠷᠢᠨ ᠤ᠋ ᠡᠳᠦᠷ ᠪᠠᠷᠠᠭᠤᠨ ᠬᠣᠢᠲᠤ ᠵᠦᠭ ᠪᠤᠤ ᠣᠴᠢ᠂ ᠣᠳᠣᠨ ᠬᠠᠷᠰᠢᠮᠤᠢ᠃ ᠤᠯᠠᠭᠠᠨ ᠵᠡᠭᠡᠷᠳᠡ ᠪᠤᠶᠤ ᠰᠣᠬᠣᠷ ᠳᠣᠭᠣᠯᠠᠩ ᠮᠣᠷᠢ ᠪᠦᠦ ᠣᠨᠣ᠂ ᠤᠯᠠᠭᠠᠨ ᠥᠩᠭᠡ ᠶ᠋ᠢ ᠴᠡᠭᠡᠷᠯᠡ ᠬᠡᠷᠡᠭᠦᠯ ᠵᠣᠳᠣᠭᠠᠨ ᠦᠢᠮᠡᠭᠡᠨ ᠨᠠᠷᠭᠢᠶᠠᠨ ᠲᠠᠢ ᠪᠦᠦ ᠣᠢᠷᠠᠲᠤᠭᠠᠷᠠᠢ᠃ ᠡᠨᠡ ᠵᠢᠯ ᠪᠡᠷᠢ ᠪᠤᠤ ᠬᠡᠯᠡᠯᠴᠡ᠃
      2. ᠰᠢᠷᠣᠢ ᠶ᠋ᠢᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠭᠡᠷ ᠡᠷᠦᠬᠡ ᠨᠡᠭᠦᠬᠦ ᠪᠤᠶᠤ ᠨᠤᠲᠤᠭ ᠲᠠᠪᠰᠢᠵᠤ ᠪᠣᠯᠬᠤ ᠦᠭᠡᠢ᠃ ᠬᠥᠭᠰᠢᠨ ᠮᠠᠯ ᠠᠪᠬᠤ ᠪᠠ ᠬᠠᠭᠤᠴᠢᠨ ᠭᠡᠷ ᠡᠪᠳᠡᠬᠦ ᠶ᠋ᠢ ᠴᠡᠭᠡᠷᠯᠡ᠂ ᠭᠠᠵᠠᠷ ᠤ᠋ᠨ ᠡᠭᠦᠳᠡ ᠪᠠᠭᠤᠬᠤ᠂ ᠮᠣᠳᠣ ᠵᠠᠢᠯᠠᠬᠤ᠂ ᠲᠠᠩᠭᠠᠷᠢᠭ ᠨᠢᠴᠤᠭᠠᠬᠤ ᠮᠠᠭᠤ ᠶ᠋ᠢ ᠳᠠᠷᠤᠬᠤ ᠳ᠋ᠤ᠌ ᠰᠠᠢᠨ᠃ ᠪᠡᠯᠪᠡᠰᠦᠨ ᠡᠴᠡ ᠪᠢᠲᠡᠭᠡᠢ ᠶᠠᠭᠤᠮ᠎ᠠ ᠠᠪ᠂ ᠦᠬᠦᠭᠰᠡᠳ ᠢ ᠣᠷᠣᠰᠢᠭᠤᠯᠬᠤ ᠠ᠋ᠴᠠ ᠵᠠᠢᠯᠠ᠂ ᠢᠯᠠᠩᠭᠤᠶ᠎ᠠ᠂ ᠪᠠᠨᠳᠢ᠂ ᠪᠣᠮᠪᠣ᠂ ᠬᠤᠤᠱᠠᠩ ᠲᠠᠢ ᠬᠡᠷᠡᠭᠦᠯ ᠪᠦᠦ ᠬᠢᠭᠡᠷᠡᠢ᠃ 
      3. ᠲᠡᠮᠦᠷ ᠦ᠋ᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠮᠣᠳᠣᠨ ᠦᠢᠯᠡ ᠦᠢᠯᠡᠳᠬᠦ ᠳ᠋ᠦ᠍ ᠰᠠᠢᠨ᠂ ᠲᠠᠩᠭᠠᠷᠢᠭ ᠨᠢᠴᠤᠭᠠᠬᠤ᠂ ᠠᠩ ᠭᠥᠷᠥᠭᠡᠰᠦ ᠬᠢᠬᠦ ᠳ᠋ᠦ᠍ ᠰᠠᠢᠨ᠃ ᠮᠥᠰᠥ ᠬᠥᠯᠳᠡᠬᠦ ᠪᠠ ᠬᠠᠢᠯᠬᠤ ᠴᠠᠭ ᠲᠤ᠌ ᠭᠡᠮ ᠢᠷᠡᠬᠦ ᠶ᠋ᠢ ᠬᠢᠴᠢᠶᠡ᠂ ᠴᠠᠭᠠᠨ ᠰᠠᠷ᠎ᠠ ᠶ᠋ᠢᠨ ᠰᠢᠨ᠎ᠡ ᠶ᠋ᠢᠨ ᠳᠥᠷᠪᠡᠨ ᠦ᠌ ᠡᠳᠦᠷ ᠦ᠋ᠨ ᠨᠠᠷᠠ ᠵᠢᠷᠭᠠᠬᠤ ᠦᠶ᠎ᠡ ᠳ᠋ᠦ᠍ ᠵᠡᠭᠦᠨ ᠪᠠ ᠵᠡᠭᠦᠨ ᠡᠮᠦᠨ᠎ᠡ ᠵᠦᠭ ᠪᠦᠦ ᠣᠴᠢ᠃ 
      4. ᠣᠭᠲᠠᠷᠭᠤᠢ ᠶ᠋ᠢᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠭᠠᠵᠠᠷ ᠬᠥᠬᠡᠷᠡᠬᠦ ᠦᠶ᠎ᠡ ᠳ᠋ᠦ᠍ ᠮᠠᠭᠤ᠃ ᠣᠭᠲᠠᠷᠭᠤᠢ ᠶ᠋ᠢᠨ ᠡᠭᠦᠳᠡ ᠰᠠᠬᠢᠬᠤ᠂ ᠭᠦᠷᠢᠮ ᠵᠠᠰᠠᠯ ᠬᠢᠯᠭᠡᠬᠦ᠂ ᠶᠡᠬᠡᠰ ᠲᠦ᠍ ᠠᠭᠤᠯᠵᠠᠬᠤ ᠳ᠋ᠤ᠌ ᠰᠠᠢᠨ ᠂ ᠬᠠᠭᠤᠴᠢᠨ ᠭᠡᠷ ᠡᠪᠳᠡᠬᠦ᠂ ᠭᠡᠷ ᠦ᠋ᠨ ᠰᠠᠭᠤᠷᠢ ᠲᠠᠯᠪᠢᠬᠤ᠂ ᠭᠡᠷ ᠪᠠᠷᠢᠬᠤ᠂ ᠨᠡᠭᠦᠳᠡᠯᠯᠡᠬᠦ᠂ ᠴᠡᠷᠢᠭ ᠲᠦ᠍ ᠮᠣᠷᠳᠠᠬᠤ ᠳ᠋ᠤ᠌ ᠪᠦᠷ ᠮᠠᠭᠤ᠂ ᠵᠢᠷᠭᠤᠭᠠᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠤ᠋ ᠡᠳᠦᠷ ᠨᠠᠷᠠ ᠵᠢᠷᠭᠠᠬᠤ ᠦᠶ᠎ᠡ ᠳ᠋ᠦ᠍ ᠵᠡᠭᠦᠨ ᠠᠮᠤᠨ᠎ᠠ ᠵᠦᠭ ᠪᠤᠤ ᠣᠴᠢ᠃  
      5. ᠤᠰᠤᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠤᠰᠤ ᠦᠶᠡᠷᠯᠡᠬᠦ ᠦᠶ᠎ᠡ ᠳ᠋ᠦ᠍ ᠭᠡᠮ ᠢᠷᠡᠬᠦ᠃ ᠪᠤᠷᠬᠠᠨ᠂ ᠯᠤᠤᠰ ᠳᠠᠬᠢᠬᠤ ᠵᠠᠳ ᠪᠠᠷᠢᠬᠤ᠂ ᠬᠠᠷᠢᠭᠤᠯᠭ᠎ᠠ ᠬᠢᠬᠦ᠂ ᠲᠡᠮᠦᠷ ᠤᠷᠠᠯᠠᠬᠤ ᠠᠵᠢᠯ ᠳ᠋ᠤ᠌ ᠰᠠᠢᠨ᠃ ᠬᠠᠷ᠎ᠠ ᠥᠩᠭᠡᠲᠦ ᠶᠠᠭᠤᠮ᠎ᠠ ᠣᠯᠬᠤ ᠶ᠋ᠢ ᠬᠢᠴᠢᠶᠡᠨ᠃ ᠪᠤᠵᠠᠷ ᠡᠪᠡᠳᠴᠢᠲᠡᠨ ᠦ᠌ ᠭᠡᠷ ᠲᠦ᠍ ᠪᠦᠦ ᠣᠷᠣ᠃ ᠶᠡᠬᠡ ᠭᠣᠣᠯ ᠭᠠᠲᠤᠯᠬᠤ᠂ ᠵᠢᠭᠠᠰᠤ ᠪᠠᠷᠢᠬᠤ᠂ ᠰᠤᠪᠠᠭ ᠭᠣᠣ ᠲᠠᠲᠠᠬᠤ ᠶ᠋ᠢ ᠴᠡᠭᠡᠷᠯᠡ᠃ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠦ᠋ᠨ ᠦᠳᠡ ᠶ᠋ᠢᠨ ᠬᠣᠢᠨ᠎ᠠ᠂ ᠡᠮᠦᠨ᠎ᠡ ᠪᠠ ᠵᠡᠭᠦᠨ ᠵᠦᠭ ᠪᠦᠦ ᠣᠴᠢ᠃  
      6. ᠠᠭᠤᠯᠠᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠬᠠᠯᠠᠭᠤᠨ ᠬᠦᠢᠲᠡᠨ ᠬᠤᠪᠢᠰᠬᠤ ᠦᠶ᠎ᠡ ᠳ᠋ᠦ᠍ ᠭᠡᠮ ᠢᠷᠡᠬᠦ᠃ ᠨᠣᠮ ᠤ᠋ᠨ ᠡᠭᠦᠳᠡᠨ ᠳ᠋ᠦ᠍ ᠣᠷᠣᠬᠤ᠂ ᠮᠣᠷᠢ ᠠᠳᠤᠭᠤᠰᠤ ᠨᠣᠮᠣᠬᠠᠳᠬᠠᠬᠤ᠂ ᠭᠡᠷ ᠦ᠋ᠨ ᠰᠠᠭᠤᠷᠢ ᠳᠠᠯᠪᠠᠬᠤ ᠪᠠ ᠭᠡᠷ ᠪᠦᠷᠢᠬᠦ ᠳ᠋ᠦ᠍ ᠪᠦᠷ ᠰᠠᠢᠨ᠂ ᠬᠠᠭᠤᠴᠢᠨ ᠰᠢᠲᠦᠭᠡᠨ ᠶᠠᠭᠤᠮ᠎ᠠ ᠶ᠋ᠢ ᠪᠦᠦ ᠡᠪᠳᠡ᠃ ᠲᠠᠩᠭᠠᠷᠢᠭ ᠤ᠋ᠨ ᠡᠳ᠋ ᠢ ᠪᠦᠦ ᠡᠳᠡᠯᠡ᠂ ᠬᠡᠷᠡᠭᠦᠯ ᠵᠣᠳᠣᠭᠠᠨ ᠳ᠋ᠤ᠌ ᠪᠦᠦ ᠣᠷᠣᠯᠴᠠ᠂ ᠴᠠᠭᠠᠨ ᠰᠠᠷ᠎ᠠ ᠶ᠋ᠢᠨ ᠠᠷᠪᠠᠨ ᠨᠢᠭᠡᠨ ᠦ᠌ ᠰᠥᠨᠢ ᠵᠡᠭᠦᠨ ᠡᠮᠦᠨ᠎ᠡ ᠪᠠ ᠬᠣᠢᠲᠤ ᠵᠦᠭ ᠪᠦᠦ ᠣᠴᠢ᠃  
      7. ᠮᠣᠳᠣᠨ ᠤ᠋ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠮᠣᠳᠣᠨ ᠨᠠᠪᠴᠢ ᠳᠡᠯᠭᠡᠷᠡᠬᠦ ᠦᠶ᠎ᠡ ᠳ᠋ᠦ᠍ ᠮᠠᠭᠤ᠂ ᠲᠡᠭᠷᠢ ᠪᠤᠷᠬᠠᠨ ᠲᠠᠬᠢᠬᠤ᠂ ᠮᠣᠳᠣ ᠵᠠᠢᠯᠠᠬᠤ᠂ ᠭᠡᠷ ᠪᠠᠢᠰᠢᠩ ᠤ᠋ᠨ ᠰᠠᠭᠤᠷᠢ ᠲᠠᠯᠪᠢᠬᠤ ᠳ᠋ᠤ᠌ ᠰᠠᠢᠨ᠃ ᠮᠣᠳᠣ ᠣᠭᠲᠣᠯᠬᠤ ᠦᠢᠯᠡ ᠪᠦᠷ ᠮᠠᠭᠤ᠃ ᠶᠠᠷ᠎ᠠ ᠰᠢᠷᠬ᠎ᠠ ᠲᠠᠢ ᠬᠥᠮᠦᠨ ᠡᠴᠡ ᠵᠠᠢᠯᠠ᠃ ᠬᠡᠭᠡᠷ᠎ᠡ ᠶ᠋ᠢᠨ ᠠᠷᠢᠶᠠᠲᠠᠨ ᠤ᠋ ᠮᠢᠬ᠎ᠠ ᠢᠳᠡᠬᠦ ᠶ᠋ᠢ ᠴᠡᠭᠡᠷᠯᠡ᠂ ᠢᠯᠠᠩᠭᠤᠶ᠎ᠠ ᠲᠠᠤᠯᠠᠢ ᠶ᠋ᠢᠨ ᠮᠢᠬ᠎ᠠ ᠴᠡᠭᠡᠷᠯᠡᠪᠡᠯ ᠰᠠᠢᠨ᠃ ᠶᠢᠰᠦᠨ ᠰᠠᠷ᠎ᠠ ᠶ᠋ᠢᠨ ᠬᠣᠷᠢᠨ ᠬᠣᠶᠠᠷ ᠤ᠋ᠨ ᠡᠳᠦᠷ ᠪᠠᠷᠠᠭᠤᠨ ᠪᠠ ᠪᠠᠷᠠᠭᠤᠨ ᠬᠣᠢᠲᠤ ᠵᠦᠭ ᠪᠤᠤ ᠶᠠᠪᠤ᠃  
      8.  ᠬᠡᠢ ᠶ᠋ᠢᠨ ᠰᠠᠭᠤᠳᠠᠯ : ᠡᠨᠡ ᠰᠠᠭᠤᠳᠠᠯ ᠳ᠋ᠤ᠌ ᠰᠠᠭᠤᠪᠠᠯ ᠲᠠᠯ᠎ᠠ ᠬᠥᠬᠡᠷᠡᠬᠦ ᠦᠶ᠎ᠡ ᠳ᠋ᠦ᠍ ᠮᠠᠭᠤ᠃ ᠲᠠᠷᠨᠢ ᠲᠣᠭᠲᠠᠭᠠᠯ ᠲᠣᠭᠠᠯᠠᠬᠤ ᠬᠠᠷᠢᠭᠤᠯᠭ᠎ᠠ ᠬᠢᠬᠦ ᠮᠡᠲᠦᠰ ᠦ᠋ᠨ ᠬᠠᠲᠠᠭᠤ ᠦᠯᠠ ᠳ᠋ᠤ᠌ ᠰᠠᠢᠨ᠃ ᠰᠠᠯᠬᠢᠨ ᠤ᠋ ᠵᠦᠭ ᠲᠠᠩᠭᠠᠷᠢᠭᠯᠠᠵᠤ ᠪᠣᠯᠬᠤ ᠦᠭᠡᠢ᠂ ᠬᠤᠷᠢᠮ ᠨᠠᠢᠷ ᠤ᠋ᠨ ᠭᠠᠵᠠᠷ ᠪᠦᠦ ᠣᠴᠢ᠃ ᠳᠣᠯᠣᠭᠠᠨ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ ᠵᠡᠭᠦᠨ ᠵᠦᠭ ᠪᠣᠯᠤᠨ ᠡᠮᠦᠨ᠎ᠡ ᠵᠦᠭ ᠪᠦᠦ ᠣᠴᠢ᠃