《ᠮᠣᠩᠭᠣᠯ ᠤ᠋ᠨ ᠨᠢᠭᠤᠴᠠ ᠲᠣᠪᠴᠢᠶᠠᠨ》ᠳᠥᠷᠪᠡᠳᠦᠭᠡᠷ ᠪᠦᠯᠦᠭ-ᠵᠠᠮᠤᠬ᠎ᠠ ᠪᠠ ᠲᠠᠢᠴᠢᠭᠤᠳ ᠲᠠᠢ ᠲᠡᠮᠡᠴᠡᠭᠰᠡᠨ ᠨᠢЖамух ба тайчуудтай тэмцсэн нь
ᠠᠩᠭᠢᠯᠠᠯ:ᠲᠡᠦᠬᠡ ᠰᠣᠶᠣᠯТүүх соёл 2022-10-26
2876
ᠵᠠᠮᠤᠬ᠎ᠠ ᠪᠠ ᠲᠠᠢᠴᠢᠭᠤᠳ ᠲᠠᠢ ᠲᠡᠮᠡᠴᠡᠭᠰᠡᠨ ᠨᠢ 127᠂ ᠠᠷᠬᠠᠢ ᠬᠠᠰᠠᠷ᠂ ᠴᠠᠭᠤᠷᠬᠠᠨ ᠬᠣᠶᠠᠷ ᠢ᠋ ᠵᠠᠮᠤᠬ᠎ᠠ ᠳ᠋ᠤ᠌ ᠡᠯᠴᠢ ᠪᠣᠯᠭᠠᠵᠤ ᠣᠴᠢᠭᠤᠯᠪᠠᠯ᠂ ᠵᠠᠮᠤᠬ᠎ᠠ ᠥᠭᠦᠯᠡᠷᠦᠨ᠄ 《ᠠᠯᠲᠠᠨ ᠬᠣᠴᠠᠷ ᠬᠣᠶᠠᠷ ᠲᠤ᠌ ᠣᠴᠢᠵᠤ ᠬᠡᠯᠡ᠂ ᠠᠯᠲᠠᠨ ᠬᠣᠴᠠᠷ ᠲᠠ ᠨᠠᠷ ᠲᠡᠮᠦᠵᠢᠨ ᠠᠨᠳᠠ ᠪᠢᠳᠡ ᠬᠣᠶᠠᠷ ᠤ᠋ᠨ ᠵᠠᠪᠰᠠᠷ ᠲᠤ᠌ ᠰᠦᠪᠡᠭᠡ ᠶ᠋ᠢ ᠰᠦᠯᠪᠡᠵᠦ᠂ ᠬᠠᠪᠢᠷᠭ᠎ᠠ ᠶ᠋ᠢ ᠬᠠᠳᠬᠤᠵᠤ ᠶᠠᠭᠤᠨ ᠳ᠋ᠤ᠌ ᠰᠠᠯᠭᠠᠪᠠ? ᠲᠡᠮᠦᠵᠢᠨ ᠪᠢᠳᠡ ᠬᠣᠶᠠᠷ ᠢ᠋ ᠬᠠᠮᠲᠤ ᠪᠠᠢᠬᠤ ᠳ᠋ᠤ᠌ ᠲᠡᠭᠦᠨ ᠢ᠋ ᠬᠠᠭᠠᠨ ᠡᠰᠡ ᠪᠣ...