《ᠮᠣᠩᠭᠣᠯ ᠤ᠋ᠨ ᠨᠢᠭᠤᠴᠠ ᠲᠣᠪᠴᠢᠶᠠᠨ》 ᠨᠠᠢ᠍ᠮᠠᠳᠤᠭᠠᠷ ᠪᠦᠯᠦᠭ ᠂ ᠬᠦᠴᠦᠯᠦᠭ ᠦ᠋ᠨ ᠳᠤᠲᠠᠭᠠᠭᠰᠠᠨ ᠪᠠ ᠵᠠᠮᠤᠬ᠎ᠠ ᠶ᠋ᠢᠨ ᠳᠠᠷᠤᠭᠳᠠᠭᠰᠠᠨ ᠨᠢХүчлогийн дутаасан ба жамхын дарагдсан нь
198᠂ ᠮᠡᠷᠭᠢᠳ ᠢᠷᠭᠡᠨ ᠢ᠋ ᠡᠵᠡᠯᠡᠵᠦ ᠲᠣᠭᠳᠣᠬ᠎ᠠ ᠪᠡᠬᠢ ᠶ᠋ᠢᠨ ᠶᠡᠬᠡ ᠬᠥᠪᠡᠭᠦᠨ ᠬᠣᠳᠣ ᠶ᠋ᠢᠨ ᠬᠠᠲᠤᠨ ᠲᠥᠭᠡᠢ ᠲᠦᠷᠭᠡᠨ᠎ᠡ ᠬᠣᠶᠠᠷ ᠠ᠋ᠴᠠ ᠲᠥᠷᠬᠡᠨᠡ ᠶ᠋ᠢ ᠲᠡᠨᠳᠡ ᠥᠭᠡᠳᠡᠢ ᠬᠠᠨ ᠳ᠋ᠤ᠌ ᠥᠭᠪᠡ᠃ ᠮᠡᠷᠭᠢᠳ ᠦ᠋ᠨ ᠵᠠᠷᠢᠮ ᠤᠯᠤᠰ ᠳᠠᠢᠵᠢᠵᠤ ᠲᠠᠢ᠌ᠬᠠᠯ ᠰᠢᠪᠡᠭᠡ ᠳ᠋ᠦ᠍ ᠣᠴᠢᠭᠠᠳ ᠬᠣᠷᠣᠭᠠᠯᠠᠨ ᠪᠡᠬᠢᠯᠡᠵᠡᠢ᠃ ᠲᠡᠨᠳᠡ ᠴᠢᠩᠭᠢᠰ ᠬᠠᠭᠠᠨ ᠵᠠᠷᠯᠢᠭ ᠪᠣᠯᠤᠷᠤᠨ᠄ 《ᠰᠣᠷᠬᠠᠨ ᠰᠢᠷ᠎ᠠ ᠶ᠋ᠢᠨ ᠬᠥᠪᠡᠭᠦᠨ ᠴᠢᠮᠪᠠᠢ᠂ ᠵᠡᠭᠦᠨ ᠭᠠᠷ ᠤ᠋ᠨ ᠴᠡᠷᠢᠭ ᠢ᠋ ᠠᠪᠤᠭᠠᠳ ᠬᠣᠷᠣᠭᠠᠯᠠᠨ ᠪᠡᠬᠢᠯᠡᠭᠰᠡᠨ ᠮᠡᠷᠭᠢᠳ ᠢ᠋ ᠪᠦᠰᠡᠯᠡ》 ᠭᠡᠵᠦ ᠢᠯᠡᠭᠡᠪᠡ᠃ ᠲᠣᠭᠳᠠᠬ᠎ᠠ ᠶ᠋ᠢᠨ ᠬᠥᠪᠡᠭᠦᠨ ᠬᠣᠳᠣ᠂ ᠴᠢᠯᠠᠭᠤᠨ ᠨᠠᠷ ᠤ᠋ᠨ ᠬᠠᠮᠲᠤ ᠴᠥᠭᠡᠨ ᠬᠥᠮᠦᠨ ᠳᠤᠲᠠᠭᠠᠵᠤ ᠭᠠᠷᠤᠭᠰᠠᠨ ᠢ᠋ ᠴᠢᠩᠭᠢᠰ ᠬᠠᠭᠠᠨ ᠨᠡᠬᠡᠵᠦ ᠠᠯᠲᠠᠢ ᠶ᠋ᠢᠨ ᠥᠪᠥᠷ ᠲᠦ᠍ ᠡᠪᠦᠯᠵᠢᠵᠦ᠂ ᠦᠬᠡᠷ ᠵᠢᠯ ᠦ᠋ᠨ (1205 ᠣᠨ) ᠬᠠᠪᠤᠷ ᠠᠷᠠᠢ ᠶ᠋ᠢᠨ ᠳᠠᠪᠠᠭ᠎ᠠ ᠪᠠᠷ ᠳᠠᠪᠠᠵᠤ ᠣᠲᠣᠪᠠᠯ᠂ ᠨᠢᠮᠡᠨ ᠦ᠌ ᠬᠦᠴᠦᠯᠦᠭ ᠬᠠᠨ ᠤᠯᠤᠰ ᠢ᠋ᠶ᠋ᠠᠨ ᠠᠯᠳᠠᠵᠤ᠂ ᠴᠥᠭᠡᠨ ᠬᠥᠮᠦᠨ ᠲᠡᠢ ᠳᠤᠲᠠᠭᠠᠵᠤ ᠶᠠᠪᠤᠭ᠎ᠠ ᠮᠡᠷᠭᠢᠳ ᠦ᠋ᠨ ᠲᠣᠭᠳᠣᠬ᠎ᠠ ᠲᠠᠢ ᠠᠭᠤᠯᠵᠠᠵᠤ᠂ ᠡᠷᠴᠢᠰ ᠮᠥᠷᠡᠨ ᠦ᠌ ᠪᠣᠭᠳᠣᠷᠮᠠ ᠭᠡᠳᠡᠭ ᠭᠠᠵᠠᠷ ᠬᠠᠮᠲᠤᠷᠠᠨ ᠴᠡᠷᠢᠭ ᠢ᠋ᠶ᠋ᠡᠨ ᠵᠠᠰᠠᠵᠤ ᠪᠠᠢᠵᠠᠢ᠃ ᠴᠢᠩᠭᠢᠰ ᠬᠠᠭᠠᠨ ᠬᠦᠷᠴᠦ ᠪᠠᠢᠯᠳᠤᠪᠠᠯ᠂ ᠲᠣᠭᠳᠣᠬ᠎ᠠ ᠲᠡᠨᠳᠡ ᠵᠡᠷᠯᠢᠭ ᠰᠤᠮᠤᠨ ᠳ᠋ᠤ᠌ ᠣᠨᠣᠭᠳᠠᠵᠤ ᠦᠬᠦᠪᠡ᠃ ᠬᠥᠪᠡᠭᠦᠳ ᠨᠢ ᠲᠡᠭᠦᠨ ᠦ᠌ ᠬᠡᠭᠦᠷ ᠢ᠋ ᠠᠪᠴᠤ ᠶᠠᠪᠤᠵᠤ᠂ ᠣᠷᠣᠰᠢᠭᠤᠯᠵᠤ ᠵᠠᠪᠳᠤᠬᠤ ᠦᠭᠡᠢ ᠪᠣᠯᠤᠭᠠᠳ᠂ ᠲᠣᠯᠣᠭᠠᠢ ᠶ᠋ᠢ ᠨᠢ ᠣᠭᠲᠣᠯᠤᠨ ᠠᠪᠴᠤ ᠣᠳᠪᠠ᠃ ᠲᠡᠨᠳᠡ ᠡᠴᠡ ᠨᠢᠮᠡᠨ ᠮᠡᠷᠭᠢᠳ ᠨᠠᠷ ᠬᠠᠮᠲᠤᠷᠠᠨ ᠪᠠᠢᠯᠳᠤᠵᠤ ᠪᠠᠷᠠᠬᠤ ᠦᠭᠡᠢ ᠪᠣᠯᠤᠭᠠᠳ ᠪᠤᠷᠤᠭᠤᠯᠠᠨ ᠳᠤᠲᠠᠭᠠᠵᠤ᠂ ᠡᠷᠴᠢᠰ ᠮᠥᠷᠡᠨ ᠢ᠋ ᠭᠠᠲᠤᠯᠬᠤ ᠳ᠋ᠤ᠌ ᠣᠯᠠᠩᠬᠢ ᠬᠥᠮᠦᠨ ᠨᠢ ᠤᠰᠤᠨ ᠳ᠋ᠤ᠌ ᠵᠢᠪᠪᠣᠵᠣ ᠦᠬᠦᠪᠡ᠃ ᠨᠢᠮᠡᠨ᠂ ᠮᠡᠷᠭᠢᠳ ᠦ᠋ᠨ ᠴᠥᠭᠡᠨ ᠬᠥᠮᠦᠨ ᠡᠷᠴᠢᠰ ᠢ᠋ ᠭᠡᠲᠦᠯᠦᠭᠡᠳ ᠬᠠᠭᠠᠴᠠᠨ ᠰᠠᠯᠪᠠ᠃ ᠨᠢᠮᠡᠨ ᠦ᠌ ᠬᠦᠴᠥᠯᠥᠭ ᠬᠠᠨ ᠤᠢᠭᠤᠷ ᠤ᠋ᠨ ᠬᠠᠷᠯᠣᠭ ᠢ᠋ ᠳᠠᠭᠠᠷᠢᠨ᠂ ᠰᠠᠷᠲᠠᠭᠤᠯ ᠤ᠋ᠨ ᠭᠠᠵᠠᠷ ᠲᠤ᠌ ᠴᠦᠢ ᠮᠥᠷᠡᠨ ᠳ᠋ᠦ᠍ ᠪᠠᠢᠭ᠎ᠠ ᠬᠠᠷ᠎ᠠ ᠬᠢᠲᠠᠳ ᠤ᠋ᠨ ᠬᠥᠷ ᠬᠠᠨ ᠳ᠋ᠤ᠌ ᠨᠡᠢᠯᠡᠨ ᠣᠴᠢᠪᠠ᠃ ᠮᠡᠷᠭᠢᠳ ᠦ᠋ᠨ ᠲᠣᠭᠳᠣᠬ᠎ᠠ ᠶ᠋ᠢᠨ ᠬᠥᠪᠡᠭᠦᠳ ᠬᠣᠲᠣ᠂ ᠭᠠᠯ᠂ ᠴᠢᠯᠠᠭᠤᠨ ᠲᠡᠷᠢᠭᠦᠲᠡᠨ ᠮᠡᠷᠭᠢᠳ᠂ ᠬᠠᠩᠯᠢᠨ ᠤ᠋ ᠬᠢᠪᠴᠠᠭ ᠤ᠋ᠳ ᠢ᠋ ᠳᠠᠭᠠᠷᠢᠨ ᠣᠳᠪᠠ᠃ ᠲᠡᠨᠳᠡ ᠡᠴᠡ ᠴᠢᠩᠭᠢᠰ ᠬᠠᠭᠠᠨ ᠬᠠᠷᠢᠵᠤ᠂ ᠠᠷᠠᠢ ᠶ᠋ᠢᠨ ᠳᠠᠪᠠᠭ᠎ᠠ ᠪᠠᠷ ᠳᠠᠪᠠᠵᠤ ᠤᠤᠯ ᠣᠷᠳᠣᠨ ᠳ᠋ᠠᠭᠠᠨ ᠪᠠᠭᠤᠪᠠ᠃ ᠴᠢᠮᠪᠠᠢ ᠲᠠᠢ᠌ᠬᠠᠯ ᠤ᠋ᠳ ᠪᠥᠬᠥᠭᠰᠡᠨ ᠮᠡᠷᠭᠢᠳ ᠢ᠋ ᠡᠵᠡᠯᠡᠪᠡ᠃ ᠴᠢᠩᠭᠢᠰ ᠬᠠᠭᠠᠨ ᠵᠠᠷᠯᠢᠭ ᠪᠣᠯᠵᠤ᠂ ᠮᠡᠷᠭᠢᠳ ᠡᠴᠡ ᠬᠢᠳᠤᠬᠤ ᠶ᠋ᠢ ᠨᠢ ᠬᠢᠳᠤᠭᠤᠯᠵᠤ ᠦᠯᠡᠭᠰᠠᠥᠨ ᠢ᠋ ᠴᠡᠷᠢᠭ ᠦ᠋ᠳ ᠢ᠋ᠶ᠋ᠡᠷ ᠲᠠᠯᠠᠭᠤᠯᠵᠤ ᠳᠡᠭᠡᠷᠡᠮᠳᠡᠭᠦᠯᠪᠡ᠃ ᠪᠠᠰᠠ ᠤᠷᠢᠳᠤ ᠳᠠᠭᠠᠵᠤ ᠣᠷᠣᠭᠰᠠᠨ ᠮᠡᠷᠭᠢᠳ ᠠᠭᠤᠷᠤᠭ (ᠠᠷᠤ ᠶ᠋ᠢᠨ ᠪᠤᠶᠤ ᠤᠤᠯ) ᠣᠷᠳᠣᠨ ᠠ᠋ᠴᠠ ᠤᠷᠪᠠᠨ ᠪᠣᠰᠤᠭᠰᠠᠨ ᠳ᠋ᠤ᠌ ᠣᠷᠳᠣᠨ ᠤ᠋ ᠭᠠᠵᠠᠷ ᠲᠤ᠌ ᠪᠠᠢᠭᠰᠠᠨ ᠬᠥᠲᠥᠴᠢ ᠨᠠᠷ ᠲᠡᠳᠡᠨ ᠢ᠋ ᠳᠠᠷᠤᠵᠠᠢ᠃ ᠲᠡᠨᠳᠡ ᠴᠢᠩᠭᠢᠰ ᠬᠠᠭᠠᠨ ᠵᠠᠷᠯᠢᠭ ᠪᠣᠯᠤᠷᠤᠨ᠄ 《ᠲᠡᠳᠡᠨ ᠢ᠋ ᠬᠠᠮᠲᠤ ᠪᠠᠢᠯᠭᠠᠶ᠎ᠠ ᠭᠡᠰᠡᠨ ᠪᠢᠯᠡ᠂ ᠭᠡᠲᠡᠯ᠎ᠡ ᠲᠡᠳᠡ ᠤᠷᠪᠠᠭᠰᠠᠨ ᠠᠵᠠᠢ》 ᠭᠡᠳ ᠮᠡᠷᠭᠢᠳ ᠢ᠋ ᠵᠦᠭ ᠵᠦᠭ ᠳᠠᠭᠤᠰᠲᠠᠯ᠎ᠠ ᠬᠤᠪᠢᠶᠠᠷᠢᠯᠠᠪᠠ᠃
199᠂ ᠮᠥᠨ ᠦᠬᠡᠷ ᠵᠢᠯ᠂ ᠴᠢᠩᠭᠢᠰ ᠬᠠᠭᠠᠨ ᠵᠠᠷᠯᠢᠭ ᠪᠣᠯᠵᠤ᠂ ᠰᠦᠪᠡᠬᠡᠳᠡᠢ ᠳ᠋ᠦ᠍ ᠲᠡᠮᠦᠷ ᠲᠡᠷᠭᠡ ᠬᠢᠯᠭᠡᠵᠦ ᠥᠭᠭᠡᠳ ᠲᠣᠭᠳᠣᠬ᠎ᠠ ᠶ᠋ᠢᠨ ᠬᠥᠪᠡᠭᠦᠳ ᠬᠣᠲᠣ᠂ ᠭᠠᠯ᠂ ᠴᠢᠯᠠᠭᠤᠨ ᠲᠡᠷᠢᠭᠦᠲᠡᠨ ᠢ᠋ ᠨᠡᠬᠡᠬᠥᠯᠬᠥ ᠪᠡᠷ ᠢᠯᠡᠭᠡᠬᠦ ᠳ᠋ᠦ᠍ ᠪᠡᠨ ᠰᠦᠪᠡᠬᠡᠳᠡᠢ ᠳ᠋ᠦ᠍ ᠵᠠᠷᠯᠢᠭ ᠪᠣᠯᠤᠭᠰᠠᠨ ᠨᠢ᠄
《ᠤᠷᠰᠢᠭᠲᠤ ᠲᠣᠭᠳᠣᠬ᠎ᠠ ᠶ᠋ᠢᠨ ᠤᠷᠪᠠᠭᠰᠠᠨ ᠬᠥᠪᠡᠭᠦᠳ ᠣᠷᠭᠠᠳᠣ ᠬᠤᠯᠠᠨ ᠰᠢᠭ᠋ ᠤᠬᠠᠭᠠᠨ ᠠᠯᠳᠠᠵᠤ ᠰᠢᠷᠬᠠᠲᠤ ᠪᠤᠭᠤ ᠰᠢᠭ᠋ ᠰᠢᠨᠲᠠᠷᠠᠨ ᠮᠣᠬᠣᠵᠤ ᠪᠤᠴᠠᠵᠤ ᠠᠷᠪᠠᠯᠵᠠᠭᠰᠠᠭᠠᠷ ᠪᠣᠷᠣᠭᠣᠯᠣᠨ ᠳᠤᠲᠠᠭᠠᠪᠠ᠂ᠬᠥᠭᠡᠭᠡᠭᠳᠡᠭᠰᠡᠨ ᠬᠣᠲᠣ ᠴᠢᠯᠠᠭᠤᠨ ᠨᠠᠷ ᠬᠥᠭᠡᠷᠬᠦ ᠵᠢᠭᠦᠷ ᠲᠡᠢ ᠪᠣᠯᠵᠤ ᠬᠥᠬᠡ ᠲᠡᠭᠷᠢ ᠳ᠋ᠦ᠍ ᠨᠢᠰᠪᠡᠯ ᠬᠦᠯᠦᠭ ᠪᠠᠭᠠᠲᠤᠷ ᠴᠢ ᠬᠥᠨᠥᠭᠡᠬᠦ ᠱᠣᠩᠬᠣᠷ ᠪᠣᠯᠵᠤ ᠬᠥᠭᠡᠭᠡᠵᠦ ᠲᠡᠳᠡᠨ ᠢ᠋ ᠪᠠᠷᠢᠭᠠᠷᠠᠢ!ᠮᠠᠭᠤ ᠲᠣᠭᠳᠣᠬ᠎ᠠ ᠶ᠋ᠢᠨ ᠬᠥᠪᠡᠭᠦᠳ ᠮᠤᠩᠬᠠᠭ ᠲᠠᠷᠪᠠᠭ᠎ᠠ ᠪᠣᠯᠵᠤ ᠮᠤᠬᠤᠷ ᠨᠦᠬᠡᠨ ᠳ᠋ᠦ᠍ ᠰᠢᠷᠭᠤᠪᠠᠯ᠂ ᠲᠡᠭᠦᠰ ᠪᠠᠭᠠᠲᠤᠷ ᠰᠦᠪᠡᠬᠡᠳᠡᠢ ᠲᠡᠮᠦᠷ ᠴᠠᠷᠢᠯ ᠪᠣᠯᠵᠤ ᠳᠥᠩᠭᠡᠵᠦ ᠮᠠᠯᠲᠠᠵᠤ ᠭᠦᠢᠴᠡᠭᠡᠷᠡᠢ! ᠥᠰᠢᠶᠡᠲᠦ ᠮᠡᠷᠭᠢᠳ ᠦ᠋ᠨ ᠦᠷᠡᠰ ᠥᠷᠭᠡᠰᠦᠲᠦ ᠵᠢᠭᠠᠰᠤ ᠪᠣᠯᠵᠤ ᠥᠷᠭᠡᠨ ᠳᠠᠯᠠᠢ ᠳ᠋ᠤ᠌ ᠣᠷᠣᠪᠠᠯ ᠥᠷᠯᠥᠭ ᠰᠦᠪᠡᠬᠡᠳᠡᠢ ᠴᠢ ᠥᠭᠡᠰᠢ ᠭᠤᠪᠴᠢᠭᠤᠷ ᠪᠣᠯᠵᠤ ᠦᠯᠭᠡᠵᠦ ᠭᠣᠬᠠᠳᠠᠵᠤ ᠪᠠᠷᠢᠭᠠᠷᠠᠢ! ᠥᠷᠯᠥᠭ ᠪᠠᠭᠠᠲᠤᠷ ᠴᠢᠮ᠎ᠠ ᠶ᠋ᠢ ᠥᠨᠳᠥᠷ ᠳᠠᠪᠠᠭ᠎ᠠ ᠶ᠋ᠢ ᠳᠠᠪᠠᠭᠤᠯᠵᠤ ᠥᠷᠭᠡᠨ ᠮᠥᠷᠡᠨ ᠢ᠋ ᠭᠡᠲᠦᠯᠦᠭᠦᠯᠵᠦ᠂ ᠥᠰᠢᠶᠡᠲᠦ ᠮᠡᠷᠭᠢᠳ ᠢ᠋ ᠳᠠᠷᠤᠭᠤᠯᠬᠤ ᠪᠠᠷ ᠡᠳᠦᠷ ᠪᠣᠯᠵᠣᠵᠤ ᠢᠯᠡᠭᠡᠪᠡ᠃ ᠤᠰᠤᠨ ᠤ᠋ ᠤᠷᠲᠤ ᠶ᠋ᠢ ᠲᠤᠭᠤᠯᠵᠤ ᠭᠠᠵᠠᠷ ᠤ᠋ᠨ ᠬᠣᠯᠠ ᠳ᠋ᠤ᠌ ᠬᠦᠷᠬᠦ ᠳ᠋ᠦ᠍ ᠪᠡᠨ ᠤᠨᠤᠬᠤ ᠮᠣᠷᠢᠳ ᠢ᠋ᠶ᠋ᠠᠨ ᠭᠠᠮᠨᠠᠵᠤ᠂ᠤᠤᠭᠤᠯᠭ᠎ᠠ ᠬᠦᠨᠡᠰᠦ ᠪᠡᠨ ᠬᠡᠮᠨᠡᠵᠦ᠂ᠤᠷᠢᠳ ᠠ᠋ᠴᠠ ᠪᠣᠯᠭᠣᠮᠵᠢᠲᠠᠢ ᠶᠠᠪᠤ! ᠠᠭᠲᠠ ᠮᠣᠷᠢᠳ ᠢ᠋ᠶ᠋ᠠᠨ ᠮᠠᠭᠤᠳᠠᠭᠤᠯᠪᠠᠯ ᠠᠮᠠ ᠪᠠᠨ ᠪᠠᠷᠢᠪᠠᠴᠤ ᠬᠣᠵᠢᠮᠳᠠᠨᠠ ᠃ ᠠᠯᠢᠪᠠ ᠬᠦᠨᠡᠰᠦ ᠪᠡᠨ ᠪᠠᠷᠠᠪᠠᠯ ᠠᠷᠪᠢᠯᠠᠨ ᠭᠠᠮᠨᠠᠪᠠᠴᠤ ᠣᠷᠣᠢᠲᠠᠨᠠ᠃ᠠᠯᠤᠰ ᠤ᠋ᠨ ᠲᠡᠷᠡ ᠵᠠᠮ ᠳ᠋ᠤ᠌ ᠠᠪᠠᠯᠠᠬᠤ ᠭᠥᠷᠥᠭᠡᠰᠦ ᠣᠯᠠᠨ ᠪᠣᠢ᠂ ᠠᠩ ᠠᠪᠠ ᠬᠢᠭᠰᠡᠭᠡᠷ ᠠᠯᠤᠰ ᠤ᠋ᠨ ᠵᠠᠮ ᠢ᠋ ᠪᠤᠤ ᠮᠠᠷᠲᠠ᠂ ᠬᠦᠨᠡᠰᠦᠨ ᠦ᠌ ᠨᠡᠮᠡᠷᠢ ᠪᠣᠯᠭᠠᠵᠤ ᠬᠦᠷᠦᠯᠴᠡᠬᠦ ᠬᠡᠮᠵᠢᠶ᠎ᠡ ᠪᠡᠷ ᠠᠪᠠᠯᠠ᠃ᠡᠷᠬᠢᠯᠡᠭᠰᠡᠨ ᠠᠪᠠ ᠠ᠋ᠴᠠ ᠠᠩᠭᠢᠳᠠ ᠡᠩ ᠦ᠋ᠨ ᠶᠠᠪᠤᠬᠤ ᠵᠠᠮ ᠳ᠋ᠤ᠌ ᠡᠷ᠎ᠡ ᠴᠡᠷᠢᠭ ᠦ᠋ᠨ ᠮᠣᠷᠢᠳ ᠤ᠋ᠨ ᠡᠮᠡᠭᠡᠯ ᠦ᠋ᠨ ᠬᠣᠲᠣᠷᠭᠠ ᠶ᠋ᠢ ᠮᠤᠯᠲᠤᠯᠵᠤ᠂ ᠠᠭᠲᠠ ᠶ᠋ᠢᠨ ᠬᠠᠵᠠᠭᠠᠷ ᠢ᠋ ᠠᠮᠠᠭᠠᠢᠴᠢᠯᠠᠵᠤ ᠠᠶ᠎ᠠ ᠪᠠᠷ ᠵᠥᠭᠡᠯᠡᠨ ᠶᠠᠪᠤ᠂ ᠴᠢᠩᠳᠠ ᠡᠢᠮᠦ ᠵᠢᠷᠤᠮ ᠢ᠋ ᠴᠢᠷᠮᠠᠢᠨ ᠰᠠᠬᠢᠵᠤ ᠶᠠᠪᠤᠪᠠᠯ ᠠᠶᠠᠨ ᠤ᠋ ᠬᠥᠮᠦᠨ ᠳᠤᠷ᠎ᠠ ᠪᠠᠷ ᠠᠪᠠᠯᠠᠨ ᠳᠠᠪᠬᠢᠬᠤ ᠪᠠᠨ ᠪᠣᠯᠢᠨ᠎ᠠ᠂ ᠴᠡᠭᠡᠷᠯᠡᠬᠦ ᠵᠢᠷᠤᠮ ᠢ᠋ ᠵᠥᠷᠢᠴᠡᠭᠰᠡᠨ ᠴᠡᠷᠢᠭ ᠦ᠋ᠨ ᠬᠥᠮᠦᠰ ᠢ᠋ ᠵᠠᠨᠴᠢ᠂ᠲᠠᠨᠢᠬᠤ ᠬᠥᠮᠦᠨ᠂ᠮᠢᠨᠦ ᠲᠠᠭᠠᠯᠠᠯ ᠵᠠᠷᠯᠢᠭ ᠢ᠋ ᠵᠥᠷᠢᠴᠡᠪᠡᠯ ᠲᠠ ᠨᠠᠷ ᠨᠠᠳᠠ ᠳ᠋ᠤ᠌ ᠶᠠᠪᠤᠭᠤᠯ᠂ ᠲᠠᠨᠢᠬᠤ ᠦᠭᠡᠢ ᠬᠥᠮᠦᠨ᠂ᠮᠢᠨᠦ ᠲᠠᠭᠠᠯᠠᠯ ᠵᠠᠷᠯᠢᠭ ᠢ᠋ ᠵᠥᠷᠢᠴᠡᠪᠡᠯ ᠲᠠ ᠨᠠᠷ ᠮᠡᠳᠡᠵᠦ ᠰᠢᠳᠬᠡ᠃ ᠠᠭᠤᠯᠠ ᠨᠢᠷᠤᠭᠤ ᠶ᠋ᠢ ᠠᠯᠤᠰᠯᠠᠪᠠᠴᠤ ᠤᠭ ᠰᠠᠨᠠᠭ᠎ᠠ ᠪᠠᠨ ᠨᠢᠭᠡᠳᠬᠡᠵᠦ᠂ ᠮᠥᠷᠡᠨ ᠭᠣᠣᠯ ᠢ᠋ ᠭᠡᠲᠦᠯᠪᠡᠴᠦ ᠮᠥᠨ ᠰᠠᠨᠠᠭ᠎ᠠ ᠪᠠᠨ ᠨᠢᠭᠡᠳᠬᠡᠵᠦ᠂ ᠮᠥᠩᠬᠡ ᠲᠡᠭᠷᠢ ᠶ᠋ᠢᠨ ᠬᠦᠴᠦᠨ ᠳ᠋ᠦ᠍ ᠮᠥᠷᠥ ᠶ᠋ᠢᠨ ᠬᠦᠴᠦ ᠨᠡᠮᠡᠭᠳᠡᠵᠦ᠂ ᠭᠠᠢᠲᠤ ᠲᠣᠭᠲᠠᠭ᠎ᠠ ᠶ᠋ᠢᠨ ᠬᠥᠪᠡᠭᠦᠳ ᠢ᠋ ᠭᠠᠷ ᠲᠠᠭᠠᠨ ᠣᠷᠣᠭᠤᠯᠵᠤ ᠪᠠᠷᠢᠪᠠᠯ ᠲᠡᠳᠡᠨ ᠢ᠋ ᠠᠪᠴᠢᠷᠠᠬᠤ ᠬᠡᠷᠡᠭ ᠦᠭᠡᠢ᠂ ᠲᠡᠨᠳᠡ ᠨᠢ ᠴᠢᠭ ᠢ᠋ ᠨᠢ ᠣᠯᠤᠭᠲᠤᠨ!》 ᠭᠡᠵᠦ ᠵᠠᠷᠯᠢᠭ ᠪᠣᠯᠪᠠ᠃
ᠴᠢᠩ ᠵᠣᠷᠢᠭᠲᠤ ᠰᠦᠪᠡᠬᠡᠳᠡᠢ ᠳ᠋ᠦ᠍ ᠴᠢᠩᠭᠢᠰ ᠪᠠᠰᠠ ᠬᠡᠯᠡᠪᠡ᠄
《ᠴᠢ ᠣᠳᠣ ᠶᠠᠪᠤᠭᠠᠳ ᠴᠢᠪᠢᠯᠲᠦ ᠮᠡᠷᠭᠢᠳ ᠢ᠋ ᠰᠥᠨᠥᠭᠡ᠃ᠪᠠᠯᠴᠢᠷ ᠴᠠᠭ ᠲᠤ᠌ ᠮᠢᠨᠢ ᠲᠡᠳᠡ ᠪᠠᠢᠨ ᠪᠠᠢᠨ ᠳᠣᠪᠲᠣᠯᠵᠤ᠂ ᠪᠤᠷᠬᠠᠨ ᠬᠠᠯᠳᠤᠨ ᠳ᠋ᠤ᠌ ᠪᠢᠳᠡᠨ ᠢ᠋ ᠪᠤᠯᠲᠠᠭᠤᠯᠤᠨ ᠰᠠᠨᠳᠤᠷᠭᠠᠵᠤ ᠪᠠᠢᠭᠰᠠᠨ᠂ ᠥᠰᠢᠶᠡᠲᠦ ᠲᠡᠷᠡ ᠮᠡᠷᠭᠢᠳ ᠦ᠋ᠳ ᠥᠨᠥ ᠪᠠᠰᠠ ᠲᠠᠩᠭᠠᠷᠢᠭᠯᠠᠭᠠᠳ ᠥᠭᠡᠷ᠎ᠡ ᠵᠦᠭ ᠳᠤᠲᠠᠭᠠᠪᠠ᠃ ᠤᠷᠲᠤ ᠶ᠋ᠢᠨ ᠦᠵᠦᠭᠦᠷ ᠲᠦ᠍ ᠬᠦᠷᠴᠦ ᠭᠦᠨ ᠦ᠌ ᠢᠷᠣᠭᠠᠯ ᠳ᠋ᠤ᠌ ᠣᠷᠣᠵᠤ ᠲᠥᠯᠥᠭᠡᠰᠦ ᠥᠰᠢᠶ᠎ᠡ ᠶ᠋ᠢ ᠠᠪ!》 ᠭᠡᠵᠦ ᠲᠡᠮᠦᠷ ᠲᠡᠷᠭᠡ ᠶ᠋ᠢ ᠬᠡᠷᠡᠭᠯᠡᠭᠦᠯᠦᠨ ᠦᠨᠡᠨ ᠢᠲᠡᠭᠡᠯ ᠲᠡᠢ ᠰᠦᠪᠡᠬᠡᠳᠡᠢ ᠶ᠋ᠢ ᠦᠬᠡᠷ ᠵᠢᠯ ᠢᠯᠡᠭᠡᠪᠡ᠃
《ᠳᠠᠯᠳᠠ ᠣᠷᠣᠪᠠᠴᠤ ᠢᠯᠡ ᠮᠡᠲᠦ ᠰᠠᠨᠠᠵᠤ᠂ ᠬᠣᠯᠠ ᠡᠴᠢᠪᠡᠴᠦ ᠣᠢᠷ᠎ᠠ ᠮᠡᠲᠦ ᠪᠣᠳᠣᠵᠤ᠂ ᠪᠢᠳᠡᠨ ᠳ᠋ᠦ᠍ ᠢᠲᠡᠭᠡᠯ ᠲᠡᠢ ᠶᠠᠪᠤᠪᠠᠯ᠂ ᠳᠡᠭᠡᠳᠦ ᠲᠡᠭᠷᠢ ᠢᠪᠡᠭᠡᠵᠦ ᠳᠡᠮᠵᠢᠬᠦ ᠪᠣᠯᠤᠨ᠎ᠠ》 ᠭᠡᠵᠦ ᠪᠠᠭᠠᠲᠤᠷ ᠰᠦᠪᠡᠬᠡᠳᠢ ᠮᠣᠷᠳᠠᠬᠤ ᠳ᠋ᠤ᠌ ᠪᠠᠰᠠ ᠵᠠᠷᠯᠢᠭ ᠪᠣᠯᠪᠠ᠃
200᠂ ᠨᠢᠮᠡᠨ ᠮᠡᠷᠭᠢᠳ ᠢ᠋ ᠡᠵᠡᠯᠡᠵᠦ ᠳᠠᠭᠤᠰᠪᠠᠯ ᠨᠢᠮᠡᠨ ᠲᠡᠢ ᠬᠠᠮᠲᠤ ᠪᠠᠢᠭᠰᠠᠨ ᠵᠠᠮᠤᠬ᠎ᠠ᠂ ᠤᠯᠤᠰ ᠢ᠋ᠶ᠋ᠠᠨ ᠠᠯᠳᠠᠵᠤ ᠲᠠᠪᠤᠨ ᠨᠥᠬᠥᠷ ᠲᠡᠢ ᠲᠡᠨᠦᠭᠦᠴᠢᠯᠡᠵᠦ ᠶᠠᠪᠤᠭᠠᠳ ᠳᠠᠩᠨᠤ (ᠲᠠᠩᠨᠠ) ᠠᠭᠤᠯᠠᠨ ᠳ᠋ᠤ᠌ ᠭᠠᠷᠴᠤ ᠨᠢᠭᠡᠨ ᠤᠭᠠᠯᠵᠠ ᠠᠯᠠᠭᠠᠳ ᠰᠢᠷᠠᠵᠤ ᠢᠳᠡᠵᠦ ᠪᠠᠢᠭᠠᠳ᠂ ᠵᠠᠮᠤᠬ᠎ᠠ ᠨᠥᠬᠥᠳ ᠲᠡᠭᠡᠨ ᠬᠡᠯᠡᠭᠰᠡᠨ ᠨᠢ᠂ 《ᠬᠡᠨ ᠦ᠌ ᠬᠥᠪᠡᠭᠦᠳ ᠡᠨᠡ ᠡᠳᠦᠷ ᠤᠭᠠᠯᠵᠠ ᠠᠯᠠᠵᠤ᠂ ᠢᠩᠭᠢᠵᠦ ᠢᠳᠡᠵᠦ ᠪᠠᠢᠨ᠎ᠠ?》 ᠭᠡᠳ ᠲᠡᠷᠡ ᠤᠭᠠᠯᠵᠠ ᠶ᠋ᠢᠨ ᠮᠢᠬ᠎ᠠ ᠶ᠋ᠢ ᠢᠳᠡᠵᠦ ᠪᠠᠢᠬᠤ ᠵᠠᠪᠰᠠᠷ ᠲᠠᠪᠤᠨ ᠨᠥᠬᠥᠷ ᠨᠢ ᠵᠠᠮᠤᠬ᠎ᠠ ᠶ᠋ᠢ ᠭᠠᠷᠳᠠᠨ ᠪᠠᠷᠢᠵᠤ ᠴᠢᠩᠭᠢᠰ ᠬᠠᠭᠠᠨ ᠳ᠋ᠤ᠌ ᠠᠪᠴᠢᠷᠠᠵᠠᠢ᠃ ᠵᠠᠮᠤᠬ᠎ᠠ᠂ ᠨᠥᠬᠥᠳ ᠲᠡᠭᠡᠨ ᠪᠠᠷᠢᠭᠳᠠᠵᠤ ᠢᠷᠡᠭᠡᠳ ᠴᠢᠩᠭᠢᠰ ᠬᠠᠭᠠᠨ ᠳ᠋ᠤ᠌ ᠬᠡᠯᠡᠭᠦᠯᠦᠭᠰᠡᠨ ᠨᠢ᠄
《ᠬᠠᠷ᠎ᠠ ᠬᠡᠷᠢᠶ᠎ᠡ ᠬᠠᠯᠲᠠᠷ ᠨᠤᠭᠤᠰᠤ ᠶ᠋ᠢ ᠪᠠᠷᠢᠬᠤ ᠪᠣᠯᠪᠠ᠂ ᠬᠠᠷᠠᠴᠤ ᠪᠣᠭᠣᠯ ᠬᠠᠨ ᠡᠵᠡᠨ ᠳ᠋ᠡᠭᠡᠨ ᠬᠠᠯᠳᠠᠬᠤ ᠪᠣᠯᠪᠠ᠂ ᠬᠠᠭᠠᠨ ᠠᠨᠳᠠ ᠮᠢᠨᠢ ᠬᠠᠢᠷᠠᠯᠠᠵᠤ ᠥᠷᠥᠰᠢᠶᠡ᠂ ᠪᠣᠷᠣ ᠡᠯᠢᠶ᠎ᠡ ᠪᠣᠷᠣᠯᠠᠭ ᠨᠤᠭᠤᠰᠤ ᠶ᠋ᠢ ᠪᠠᠷᠢᠬᠤ ᠪᠣᠯᠪᠠ᠂ ᠪᠣᠭᠣᠯ ᠵᠠᠷᠤᠴᠠ ᠪᠣᠳᠠᠲᠤ ᠡᠵᠡᠨ ᠳ᠋ᠡᠭᠡᠨ ᠪᠤᠴᠠᠵᠤ ᠬᠠᠯᠳᠠᠪᠠ᠂ ᠪᠣᠭᠳᠠ ᠠᠨᠳᠠ ᠮᠢᠨᠢ ᠪᠣᠳᠣᠵᠤ ᠦᠵᠡ》 ᠭᠡᠵᠡᠢ᠃
ᠵᠠᠮᠤᠬ᠎ᠠ ᠶ᠋ᠢᠨ ᠲᠡᠷᠡ ᠦᠭᠡᠨ ᠳ᠋ᠦ᠍ ᠴᠢᠩᠭᠢᠰ ᠬᠠᠭᠠᠨ ᠵᠠᠷᠯᠢᠭ ᠪᠣᠯᠤᠷᠤᠨ᠄ 《ᠬᠠᠭᠠᠨ ᠡᠵᠡᠨ ᠳ᠋ᠡᠭᠡᠨ ᠬᠠᠯᠳᠠᠭᠰᠠᠨ ᠬᠥᠮᠦᠨ ᠢ᠋ ᠶᠠᠭᠠᠬᠢᠵᠤ ᠣᠷᠬᠢᠬᠤ ᠪᠣᠢ? ᠲᠡᠢᠮᠦ ᠬᠥᠮᠦᠨ ᠬᠡᠨ ᠲᠡᠢ ᠨᠥᠬᠥᠷᠯᠡᠬᠦ ᠪᠣᠢ? ᠬᠠᠨ ᠡᠵᠡᠨ ᠲᠡᠢ ᠬᠠᠯᠳᠠᠭᠰᠠᠨ ᠬᠠᠷᠠᠴᠤ ᠠᠷᠠᠳ ᠢ᠋ ᠤᠷᠤᠭ ᠲᠥᠷᠥᠯ ᠢ᠋ ᠨᠢ ᠬᠦᠷᠲᠡᠯ᠎ᠡ ᠤᠰᠠᠳᠬ᠎ᠠ》 ᠭᠡᠵᠦ ᠵᠠᠷᠯᠢᠭ ᠪᠣᠯᠪᠠ᠃ ᠲᠡᠭᠡᠭᠡᠳ ᠵᠠᠮᠤᠬ᠎ᠠ ᠶ᠋ᠢᠨ ᠨᠢᠳᠦᠨ ᠦ᠌ ᠡᠮᠦᠨ᠎ᠡ ᠲᠡᠭᠦᠨ ᠳ᠋ᠦ᠍ ᠬᠠᠯᠳᠠᠭᠰᠠᠨ ᠠᠷᠠᠳ ᠢ᠋ ᠠᠯᠠᠪᠠ᠃ ᠴᠢᠩᠭᠢᠰ ᠬᠠᠭᠠᠨ᠂ ᠵᠠᠮᠤᠬ᠎ᠠ ᠳ᠋ᠤ᠌ ᠬᠡᠯᠡ ᠭᠡᠵᠦ ᠵᠠᠷᠯᠢᠭ ᠪᠣᠯᠤᠭᠰᠠᠨ ᠨᠢ᠄
《ᠣᠳᠣ ᠪᠢᠳᠡ ᠬᠣᠶᠠᠭᠤᠯᠠ ᠣᠢᠷᠠᠲᠤᠵᠤ ᠪᠠᠰᠠ ᠨᠥᠬᠥᠷᠯᠡᠶ᠎ᠡ᠂ ᠥᠨᠥ ᠪᠣᠯᠬᠤ ᠳ᠋ᠤ᠌ ᠴᠢ ᠥᠷᠥᠭᠡᠰᠦᠨ ᠠᠷᠠᠯ ᠪᠣᠯᠤᠭᠠᠳ᠂ ᠥᠭᠡᠷ᠎ᠡ ᠰᠠᠨᠠᠭ᠎ᠠ ᠠᠬᠤᠭᠤᠯᠬᠤ ᠦᠭᠡᠢ ᠪᠢᠵᠡ᠂ᠬᠠᠮᠲᠤ ᠬᠣᠶᠠᠭᠤᠯᠠ ᠨᠡᠢᠯᠡᠵᠦ ᠬᠠᠷᠢᠯᠴᠠᠨ ᠨᠠᠢᠷᠠᠮᠳᠠᠵᠤ᠂ ᠤᠮᠠᠷᠲᠠᠭᠰᠠᠨ ᠢ᠋ᠶ᠋ᠠᠨ ᠰᠠᠨᠠᠭᠤᠯᠵᠤ᠂ ᠤᠨᠲᠠᠭᠰᠠᠨ ᠢ᠋ᠶ᠋ᠠᠨ ᠰᠡᠷᠢᠭᠦᠯᠵᠦ ᠶᠠᠪᠤᠶ᠎ᠠ᠂ ᠥᠭᠡᠷ᠎ᠡ ᠵᠠᠮ ᠢ᠋ᠶ᠋ᠠᠷ ᠶᠠᠪᠤᠭᠰᠠᠨ ᠪᠣᠯᠪᠠᠴᠤ ᠥᠯᠵᠡᠢᠲᠦ ᠰᠠᠢᠨ ᠨᠥᠬᠥᠷ ᠮᠢᠨᠢ ᠮᠥᠨ ᠪᠢᠯᠡ ᠴᠢ᠂ ᠥᠰᠢᠶᠡᠯᠳᠡᠨ ᠪᠠᠢᠯᠳᠤᠬᠤ ᠡᠳᠦᠷ ᠪᠣᠯᠬᠤ ᠳ᠋ᠤ᠌ ᠦᠷᠦ ᠵᠢᠷᠦᠬᠡ ᠪᠡᠨ ᠡᠪᠡᠳᠬᠡᠳᠡᠭ ᠪᠢᠯᠡ ᠴᠢ᠂ ᠠᠩᠭᠢᠳᠠ ᠵᠠᠮ ᠢ᠋ᠶ᠋ᠠᠷ ᠶᠠᠪᠤᠭᠰᠠᠨ ᠪᠣᠯᠪᠠᠴᠤ ᠠᠨᠳᠠ ᠰᠠᠢᠨ ᠨᠥᠬᠥᠷ ᠮᠢᠨᠢ ᠮᠥᠨ ᠪᠢᠯᠡ ᠴᠢ᠂ ᠤᠯᠠᠢᠰᠢᠷᠠᠨ ᠪᠠᠢᠯᠳᠤᠬᠤ ᠡᠳᠦᠷ ᠪᠣᠯᠬᠤ ᠳ᠋ᠤ᠌ ᠠᠭᠤᠰᠬᠢ ᠵᠢᠷᠦᠬᠡ ᠪᠡᠨ ᠡᠪᠡᠳᠬᠡᠳᠡᠭ ᠪᠢᠯᠡ ᠴᠢ᠃ᠬᠡᠳᠦᠨ ᠵᠢᠰᠢᠶ᠎ᠠ ᠬᠡᠯᠡᠪᠡᠯ᠂ ᠬᠡᠷᠡᠢᠳ ᠤᠯᠤᠰ ᠲᠠᠢ ᠪᠢᠳᠡ ᠬᠠᠷ᠎ᠠ ᠬᠠᠯᠵᠠᠨ ᠡᠯᠠᠳ ᠲᠤ᠌ ᠬᠠᠳᠬᠤᠯᠳᠤᠬᠤ ᠴᠠᠭ ᠪᠣᠯᠬᠤ ᠳ᠋ᠤ᠌᠂ ᠲᠤᠭᠤᠷᠢᠯ ᠬᠠᠨ ᠤ᠋ ᠰᠠᠨᠠᠭ᠎ᠠ ᠶ᠋ᠢ ᠲᠣᠳᠣᠷᠠᠭᠤᠯᠵᠤ ᠪᠢᠳᠡᠨ ᠳ᠋ᠦ᠍ ᠬᠡᠯᠡᠭᠡᠳ ᠲᠤᠩ ᠶᠡᠬᠡ ᠲᠤᠰᠠᠯᠠᠪᠠ᠃ ᠪᠠᠰᠠ ᠨᠢᠮᠡᠨ ᠤᠯᠤᠰ ᠢ᠋ ᠦᠭᠡ ᠪᠡᠷ ᠦᠬᠦᠲᠡᠯ᠎ᠡ ᠰᠦᠷᠳᠡᠭᠦᠯᠵᠦ᠂ ᠠᠮᠠ ᠪᠠᠷ ᠠᠶᠤᠲᠠᠯ᠎ᠠ ᠰᠠᠨᠳᠤᠷᠭᠠᠵᠤ᠂ ᠠᠯᠢᠪᠠ ᠪᠠᠢᠳᠠᠯ ᠢ᠋ ᠮᠡᠳᠡᠭᠳᠡᠵᠦ ᠠᠴᠢ ᠲᠤᠰᠠ ᠬᠦᠷᠭᠡᠭᠰᠡᠨ ᠪᠢᠯᠡ》 ᠭᠡᠵᠦ ᠬᠡᠯᠡᠭᠦᠯᠵᠡᠢ᠃ᠵᠠᠮᠤᠬ᠎ᠠ ᠥᠭᠦᠯᠡᠷᠦᠨ᠄
《ᠡᠷᠲᠡ ᠥᠩᠭᠡᠷᠡᠭᠰᠡᠨ ᠴᠠᠭ ᠲᠤ᠌ ᠡᠩᠬᠦᠷᠡᠢ ᠪᠠᠭ᠎ᠠ ᠨᠠᠰᠤᠨ ᠳ᠋ᠤ᠌ ᠬᠣᠷᠬᠣᠨᠠᠭ ᠵᠤᠪᠤᠷ᠎ᠠ ᠶ᠋ᠢᠨ ᠬᠥᠨᠳᠡᠢ ᠳ᠋ᠦ᠍ ᠬᠣᠶᠠᠭᠤᠯᠠ ᠶᠡᠬᠡ ᠨᠠᠢᠷᠠᠮᠳᠠᠵᠤ ᠬᠠᠭᠠᠨ ᠠᠨᠳᠠ ᠴᠢᠮ᠎ᠠ ᠲᠠᠢ ᠬᠠᠢᠷᠠᠲᠤ ᠨᠠᠢᠵᠠ ᠪᠣᠯᠵᠤ᠂ ᠦᠯᠦ ᠰᠢᠩᠭᠡᠬᠦ ᠢᠳᠡᠭᠡ ᠢᠳᠡᠯᠴᠡᠵᠦ ᠦᠯᠦ ᠮᠠᠷᠲᠠᠬᠤ ᠦᠭᠡ ᠬᠡᠯᠡᠯᠴᠡᠵᠦ᠂ ᠨᠢᠭᠡ ᠬᠥᠨᠵᠢᠯᠡ ᠨᠥᠮᠥᠷᠴᠦ ᠨᠢᠭᠡ ᠰᠠᠨᠠᠯ ᠳ᠋ᠤ᠌ ᠰᠠᠨᠠᠵᠤ ᠶᠠᠪᠤᠯ᠎ᠠ᠃ ᠬᠥᠨᠳᠡᠯᠡᠨ ᠦ᠌ ᠬᠥᠮᠦᠨ ᠳ᠋ᠦ᠍ ᠬᠥᠳᠡᠭᠳᠡᠵᠦ ᠬᠥᠨᠥᠭᠡᠬᠦ ᠦᠭᠡᠨ ᠳ᠋ᠦ᠍ ᠠᠪᠲᠠᠭᠳᠠᠵᠤ᠂ ᠬᠠᠵᠠᠭᠤ ᠶ᠋ᠢᠨ ᠬᠥᠮᠦᠨ ᠳ᠋ᠦ᠍ ᠬᠠᠳᠬᠤᠭᠳᠠᠵᠤ᠂ ᠬᠠᠳᠬᠤᠬᠤ ᠦᠭᠡᠨ ᠳ᠋ᠦ᠍ ᠠᠪᠲᠠᠭᠳᠠᠵᠤ᠂ᠬᠠᠭᠠᠨ ᠠᠨᠳᠠ ᠴᠢᠮ᠎ᠠ ᠠ᠋ᠴᠠ ᠬᠠᠭᠠᠴᠠᠨ ᠰᠠᠯᠤᠭᠠᠳ ᠪᠢ᠂ ᠬᠠᠷ᠎ᠠ ᠨᠢᠭᠤᠷ ᠤ᠋ᠨ ᠢ᠋ᠶ᠋ᠠᠨ ᠠᠷᠠᠰᠤ ᠶ᠋ᠢ ᠬᠠᠯᠴᠠᠷᠠᠵᠤ ᠬᠠᠭᠤᠷᠤᠭᠰᠠᠨ ᠤ᠋ ᠠᠳᠠᠯᠢ ᠬᠠᠭᠠᠨ ᠠᠨᠳᠠ ᠴᠢᠨᠦ ᠬᠠᠯᠠᠭᠤᠨ ᠴᠢᠷᠠᠢ ᠶ᠋ᠢ ᠬᠠᠷᠠᠬᠤ ᠠ᠋ᠴᠠ ᠬᠠᠯᠠᠰᠢᠷᠠᠨ ᠵᠣᠪᠠᠵᠤ ᠶᠠᠪᠤᠪᠠ᠂ ᠤᠮᠠᠷᠲᠠᠰᠢ ᠦᠭᠡᠢ ᠬᠡᠯᠡᠯᠴᠡᠭᠰᠡᠨ ᠤᠷᠢᠳᠤ ᠶ᠋ᠢᠨ ᠦᠭᠡ ᠶ᠋ᠢ ᠰᠠᠨᠠᠵᠤ᠂ ᠤᠯᠠᠭᠠᠨ ᠨᠢᠭᠤᠷ ᠤ᠋ᠨ ᠢ᠋ᠶ᠋ᠠᠨ ᠠᠷᠠᠰᠤ ᠶ᠋ᠢ ᠤᠷᠠᠭᠤᠯᠵᠤ ᠥᠪᠴᠢᠭᠦᠯᠦᠭᠰᠡᠨ ᠠᠳᠠᠯᠢ᠂ ᠠᠭᠤᠵᠢᠭᠤ ᠰᠡᠳᠬᠢᠯᠲᠦ ᠠᠨᠳᠠ ᠶ᠋ᠢᠨ ᠢ᠋ᠶ᠋ᠡᠨ ᠤᠬᠠᠭᠠᠨᠲᠤ ᠴᠢᠷᠠᠢ ᠶ᠋ᠢ ᠬᠠᠷᠠᠬᠤ ᠠ᠋ᠴᠠ ᠤᠬᠤᠷᠢᠨ ᠵᠣᠪᠠᠵᠤ ᠶᠠᠪᠤᠪᠠ ᠃ ᠬᠠᠭᠠᠨ ᠠᠨᠳᠠ ᠨᠠᠮ᠎ᠠ ᠶ᠋ᠢ ᠬᠠᠢᠷᠠᠯᠠᠨ ᠰᠣᠶᠣᠷᠬᠠᠵᠤ ᠬᠠᠮᠲᠤᠷᠠᠨ ᠨᠥᠬᠥᠴᠡᠶᠡ ᠭᠡᠵᠡᠢ᠂ᠨᠥᠬᠥᠴᠡᠬᠦ ᠴᠠᠭ ᠲᠤ᠌ ᠨᠥᠬᠥᠴᠡᠭᠰᠡᠨ ᠦᠭᠡᠢ ᠪᠢ ᠲᠡᠮᠦᠵᠢᠨ ᠴᠢ ᠲᠦᠮᠡᠨ ᠤᠯᠤᠰ ᠢ᠋ ᠲᠦᠪᠰᠢᠨ ᠪᠣᠯᠭᠠᠵᠤ᠂ ᠬᠠᠷᠢ ᠤᠯᠤᠰ ᠢ᠋ ᠬᠠᠮᠲᠤᠳᠬᠠᠨ ᠵᠠᠬᠢᠷᠴᠤ᠂ ᠬᠠᠮᠤᠭ ᠢ᠋ ᠡᠵᠡᠯᠡᠭᠰᠡᠨ ᠬᠠᠭᠠᠨ ᠪᠣᠯᠤᠭᠠᠳ ᠳᠡᠯᠡᠬᠡᠢ ᠳ᠋ᠠᠬᠢᠨ ᠪᠡᠯᠡᠨ ᠪᠠᠢᠬᠤ ᠳ᠋ᠤ᠌ ᠳᠡᠮᠡᠢ ᠨᠠᠳᠠ ᠪᠠᠷ ᠶᠠᠭᠤ ᠬᠢᠬᠦ ᠪᠣᠢ? ᠬᠠᠷᠠᠩᠬᠤᠢ ᠰᠥᠨᠢ ᠶ᠋ᠢᠨ ᠵᠡᠭᠦᠳᠦ ᠪᠣᠯᠵᠤ᠂ᠭᠡᠭᠡᠨ ᠡᠳᠦᠷ ᠦ᠋ᠨ ᠭᠡᠮᠲᠡᠨ ᠪᠣᠯᠵᠤ᠂ᠬᠠᠭᠠᠨ ᠠᠨᠳᠠ ᠶ᠋ᠢ ᠵᠣᠪᠠᠭᠠᠬᠤ ᠪᠣᠯᠤᠨ᠎ᠠ ᠪᠢ᠂ ᠡᠩᠭᠡᠷ ᠦ᠋ᠨ ᠴᠢᠨᠢ ᠪᠥᠭᠡᠰᠦ ᠡᠭᠡᠮ ᠦ᠋ᠨ ᠴᠢᠨᠢ ᠥᠷᠭᠡᠰᠦ ᠪᠣᠯᠬᠤ ᠪᠢᠵᠡ ᠪᠢ᠂ ᠠᠲᠠᠭᠠᠲᠤ ᠡᠮ᠎ᠡ ᠶ᠋ᠢᠨ ᠦᠭᠡ ᠪᠡᠷ ᠠᠨᠳᠠ ᠠ᠋ᠴᠠ ᠰᠠᠯᠤᠭᠠᠳ ᠠᠯᠵᠢᠶᠠᠨ ᠵᠣᠪᠠᠪᠠ ᠪᠢ᠂ ᠡᠨᠡ ᠨᠠᠰᠤᠨ ᠤ᠋ ᠳᠣᠲᠣᠷ᠎ᠠ ᠡᠷᠬᠢᠮ ᠠᠨᠳᠠ ᠪᠢᠳᠡᠨ ᠦ᠌ ᠡᠩᠬᠦᠷᠡᠢ ᠨᠡᠷ᠎ᠡ ᠠᠯᠳᠠᠷᠰᠢᠵᠤ᠂ ᠤᠷᠭᠤᠬᠤ ᠨᠠᠷᠠᠨ ᠠ᠋ᠴᠠ ᠠᠪᠤᠭᠠᠳ ᠰᠢᠩᠭᠡᠬᠦ ᠨᠠᠷᠠᠨ ᠬᠦᠷᠲᠡᠯ᠎ᠡ ᠤᠯᠤᠰ ᠳᠠᠶᠠᠭᠠᠷ ᠲᠤ᠌ ᠳᠠᠭᠤᠷᠢᠰᠪᠠ᠃ ᠰᠡᠷᠭᠦᠯᠡᠩ ᠪᠠᠭᠠᠲᠤᠷ ᠴᠢᠮ᠎ᠠ ᠳ᠋ᠤ᠌ ᠰᠡᠴᠡᠨ ᠶᠡᠬᠡ ᠵᠠᠶᠠᠭᠠᠵᠠᠢ᠂ ᠡᠷᠡᠯᠬᠡᠭ ᠪᠠᠭᠠᠲᠤᠷ ᠠᠨᠳᠠ ᠳ᠋ᠤ᠌ ᠡᠷᠳᠡᠮᠲᠡᠨ ᠳᠡᠭᠦᠦ ᠨᠠᠷ ᠲᠥᠷᠥᠵᠡᠢ᠂ ᠳᠠᠯᠠᠨ ᠭᠤᠷᠪᠠᠨ ᠬᠦᠯᠦᠭ ᠲᠡᠢ ᠳᠠᠷᠬᠠᠨ ᠥᠷᠯᠥᠭ ᠨᠥᠬᠥᠳ ᠲᠡᠢ ᠳᠠᠯᠠᠢ ᠴᠢᠩᠭᠢᠰ ᠴᠢᠮ᠎ᠠ ᠳ᠋ᠤ᠌ ᠳᠠᠷᠤᠭᠳᠠᠵᠤ ᠮᠥᠬᠥᠪᠡ᠂ ᠪᠢ ᠴᠢᠨᠢ᠂ ᠥᠪᠡᠷ ᠦ᠋ᠨ ᠡᠴᠢᠭᠡ ᠡᠬᠡ ᠡᠴᠡ ᠥᠨᠥᠴᠢᠨ ᠪᠡᠶ᠎ᠡ ᠬᠣᠴᠣᠷᠤᠭᠠᠳ᠂ ᠢᠲᠡᠭᠡᠬᠦ ᠰᠠᠢᠨ ᠨᠥᠬᠥᠷ ᠦᠭᠡᠢ᠂ ᠢᠳᠡ ᠲᠡᠢ ᠰᠠᠢᠨ ᠳᠡᠭᠦᠦ ᠦᠭᠡᠢ᠂ᠢᠯᠡᠭᠦᠦ ᠳᠤᠲᠠᠭᠤ ᠦᠭᠡ ᠲᠡᠢ᠂ᠶᠡᠬᠡ ᠲᠣᠮᠣᠭᠴᠢ ᠡᠬᠡᠨᠡᠷ ᠲᠡᠢ᠂ᠡᠢᠮᠦ ᠪᠠᠢᠭᠰᠠᠨ ᠤᠴᠢᠷ ᠠ᠋ᠴᠠ᠂ᠲᠡᠭᠷᠢ ᠡᠴᠢᠭᠡ ᠡᠴᠡ ᠵᠠᠶᠠᠭᠠᠲᠠᠢ ᠲᠡᠮᠦᠵᠢᠨ ᠴᠢᠮ᠎ᠠ ᠳ᠋ᠤ᠌ ᠳᠡᠢᠯᠦᠭᠳᠡᠪᠡ ᠪᠢ᠂ ᠠᠨᠳᠠ ᠨᠥᠬᠥᠷ ᠮᠢᠨᠢ ᠰᠣᠶᠣᠷᠬᠠᠵᠤ ᠠᠮᠢ ᠶ᠋ᠢ ᠮᠢᠨᠢ ᠦᠳᠲᠡᠷ ᠲᠣᠨᠢᠯᠭᠠᠪᠠᠯ᠂ ᠠᠷᠢᠭᠤᠨ ᠵᠢᠷᠦᠬᠡ ᠴᠢᠨᠢ ᠠᠮᠠᠷᠠᠵᠤ ᠠᠮᠤᠭᠤᠯᠠᠩ ᠵᠢᠷᠭᠠᠬᠤ ᠪᠣᠯᠤᠨ᠎ᠠ᠃ᠠᠨᠳᠠ ᠴᠢ ᠰᠣᠶᠣᠷᠬᠠᠵᠤ ᠠᠰᠬᠠᠷᠠᠬᠤ ᠴᠢᠰᠤ ᠶ᠋ᠢ ᠭᠠᠷᠭᠠᠯ ᠦᠭᠡᠢ ᠠᠯᠠᠭᠤᠯᠵᠤ ᠥᠷᠥᠰᠢᠶᠡ ᠨᠠᠮ᠎ᠠ ᠶ᠋ᠢ᠂ᠦᠬᠦᠵᠦ ᠬᠡᠪᠲᠡᠬᠦ ᠶᠠᠰᠤ ᠮᠢᠨᠢ ᠦᠷᠡᠵᠢᠯᠲᠦ ᠶᠡᠬᠡ ᠳᠡᠯᠡᠬᠡᠢ ᠳ᠋ᠦ᠍ ᠡᠭᠦᠷᠢᠳᠡ ᠣᠷᠣᠰᠢᠵᠤ ᠪᠠᠢᠭᠠᠳ ᠢᠲᠡᠭᠡᠯᠲᠦ ᠠᠨᠳᠠ ᠶ᠋ᠢᠨ ᠤᠷᠤᠭ ᠢ᠋ ᠢᠪᠡᠭᠡᠵᠦ ᠲᠡᠳᠬᠦᠬᠦ ᠪᠣᠯᠲᠤᠭᠠᠢ ᠭᠡᠵᠦ ᠡᠢᠮᠦ ᠢᠷᠦᠭᠡᠯ ᠢ᠋ ᠲᠠᠯᠪᠢᠶ᠎ᠠ᠂ ᠥᠭᠡᠷ᠎ᠡ ᠲᠥᠷᠥᠯ ᠦ᠋ᠨ ᠪᠢ ᠥᠨᠳᠥᠷ ᠲᠥᠷᠥᠯᠲᠦ ᠠᠨᠳᠠ ᠶ᠋ᠢᠨ ᠥᠮᠥᠭ ᠰᠦᠯᠲᠠᠨ ᠳ᠋ᠤ᠌ ᠳᠠᠷᠤᠭᠳᠠᠪᠠ᠂ ᠬᠡᠯᠡᠭᠰᠡᠨ ᠦᠭᠡ ᠶ᠋ᠢ ᠮᠢᠨᠢ ᠮᠠᠷᠲᠠᠬᠤ ᠦᠭᠡᠢ ᠬᠡᠵᠢᠶ᠎ᠡ ᠢᠮᠠᠭᠲᠠ ᠳᠤᠷᠠᠳᠴᠤ ᠶᠠᠪᠤᠭᠠᠷᠠᠢ! ᠣᠳᠣ ᠨᠠᠮ᠎ᠠ ᠶ᠋ᠢ ᠲᠣᠨᠢᠯᠭᠠᠲᠤᠭᠠᠢ!》 ᠭᠡᠵᠦ ᠥᠭᠦᠯᠡᠪᠡᠯ᠂ ᠡᠳᠡᠭᠡᠷ ᠦᠭᠡ ᠶ᠋ᠢ ᠰᠣᠨᠣᠰᠤᠭᠠᠳ ᠴᠢᠩᠭᠢᠰ ᠬᠠᠭᠠᠨ ᠥᠭᠦᠯᠡᠷᠦᠨ᠄
《ᠠᠨᠳᠠ ᠨᠥᠬᠥᠷ ᠵᠠᠮᠤᠬ᠎ᠠ ᠠᠩᠭᠢ ᠲᠠᠰᠤᠷᠬᠠᠢ ᠶᠠᠪᠤᠪᠠᠴᠤ ᠠᠲᠠᠭ᠎ᠠ ᠬᠣᠷᠣ ᠰᠠᠨᠠᠵᠤ ᠠᠮᠢ ᠶ᠋ᠢ ᠬᠣᠣᠷᠯᠠᠬᠤ ᠦᠢᠯᠡ ᠶ᠋ᠢ ᠠᠷᠠᠢ ᠬᠢᠭᠰᠡᠨ ᠦᠭᠡᠢ ᠪᠢᠯᠡ᠂ ᠵᠠᠰᠠᠷᠠᠵᠤ ᠴᠢᠳᠠᠬᠤ ᠪᠣᠯᠪᠠᠴᠤ ᠵᠠᠰᠠᠷᠠᠬᠤ ᠶ᠋ᠢ ᠬᠢᠴᠢᠶᠡᠬᠦ ᠦᠭᠡᠢ ᠪᠠᠢᠨ᠎ᠠ᠂ ᠦᠵᠡᠬᠦ ᠲᠥᠯᠭᠡ ᠪᠡᠷ ᠮᠡᠷᠭᠡᠯᠡᠪᠡᠯ ᠦᠬᠦᠬᠦ ᠴᠠᠭ ᠨᠢ ᠪᠣᠯᠤᠭ᠎ᠠ ᠦᠭᠡᠢ ᠮᠡᠲᠦ᠂ ᠳᠡᠭᠡᠳᠦ ᠢᠵᠠᠭᠤᠷ ᠤ᠋ᠨ ᠬᠥᠮᠦᠨ ᠢ᠋ ᠳᠡᠮᠡᠢ ᠬᠣᠣᠷᠯᠠᠵᠤ ᠪᠣᠯᠬᠤ ᠦᠭᠡᠢ᠂ ᠬᠥᠮᠦᠨ ᠦ᠌ ᠠᠮᠢ ᠶ᠋ᠢ ᠬᠣᠣᠷᠯᠠᠬᠤ ᠳ᠋ᠤ᠌ ᠬᠦᠨᠳᠦᠲᠦ ᠰᠢᠯᠲᠠᠭᠠᠨ ᠬᠡᠷᠡᠭᠲᠡᠢ᠂ ᠡᠨᠡ ᠲᠤᠬᠠᠢ ᠰᠢᠯᠲᠠᠭᠠᠨ ᠢ᠋ ᠬᠡᠯᠡᠪᠡᠯ᠂ ᠤᠷᠢᠳ ᠵᠥᠴᠢ ᠲᠡᠷᠡᠮᠡᠯᠡ ᠂ ᠲᠠᠢᠴᠠᠷ ᠬᠣᠶᠠᠷ ᠠᠳᠤᠭᠤ ᠪᠠᠨ ᠬᠠᠷᠢᠯᠴᠠᠨ ᠲᠡᠬᠡᠷᠡᠮᠳᠡᠯᠴᠡᠬᠥ ᠦᠶ᠎ᠡ ᠳ᠋ᠦ᠍ ᠵᠠᠮᠤᠬ᠎ᠠ ᠠᠨᠳᠠ ᠴᠢ᠂ ᠪᠤᠷᠤᠭᠤ ᠵᠠᠩ᠂ ᠪᠤᠯᠢᠬᠠᠢ ᠶᠠᠪᠤᠳᠠᠯ ᠭᠠᠷᠭᠠᠵᠤ᠂ ᠳᠠᠯᠠᠨ ᠪᠠᠯᠵᠣᠳ ᠭᠡᠳᠡᠭ ᠭᠠᠵᠠᠷ ᠪᠠᠢᠯᠳᠤᠵᠤ᠂ ᠨᠠᠮ᠎ᠠ ᠶ᠋ᠢ ᠵᠠᠷᠤᠨ᠎ᠠ ᠶ᠋ᠢᠨ ᠬᠠᠪᠴᠢᠯ ᠳ᠋ᠤ᠌ ᠪᠠᠴᠢᠮᠳᠠᠭᠤᠯᠤᠨ ᠠᠶᠤᠯᠭᠠᠭᠰᠠᠨ ᠢ᠋ᠶ᠋ᠠᠨ ᠰᠠᠨᠠᠵᠤ ᠪᠠᠢᠨ᠎ᠠ ᠤᠤ? ᠣᠳᠣ ᠪᠠᠰᠠ ᠨᠥᠬᠥᠷᠯᠡᠶ᠎ᠡ ᠭᠡᠪᠡᠯ ᠵᠥᠪᠰᠢᠶᠡᠷᠡᠬᠦ ᠦᠭᠡᠢ ᠪᠠᠢᠨ᠎ᠠ᠃ ᠠᠮᠢ ᠶ᠋ᠢ ᠴᠢᠨᠢ ᠬᠠᠢᠷᠠᠯᠠᠬᠤ ᠪᠣᠯᠪᠠᠴᠤ ᠠᠷᠭ᠎ᠠ ᠦᠭᠡᠢ ᠳ᠋ᠦ᠍ ᠬᠦᠷᠪᠡ ᠭᠡᠵᠦ ᠬᠡᠯᠡᠭᠦᠯᠦᠭᠲᠦᠨ᠃ ᠣᠳᠣ ᠴᠢᠨᠦ ᠦᠭᠡ ᠪᠡᠷ ᠴᠢᠰᠤ ᠭᠠᠷᠭᠠᠯ ᠦᠭᠡᠢ ᠨᠥᠬᠥᠴᠡᠭᠦᠯᠵᠦ ᠬᠡᠭᠦᠷ ᠢ᠋ ᠴᠢᠨᠢ ᠢᠯᠡ ᠬᠠᠶᠠᠬᠤ ᠦᠭᠡᠢ᠂ ᠬᠦᠨᠳᠦᠲᠦ ᠶᠣᠰᠣ ᠪᠠᠷ ᠣᠷᠣᠰᠢᠭᠤᠯᠤᠶᠠ》 ᠭᠡᠵᠦ ᠵᠠᠷᠯᠢᠭ ᠪᠣᠯᠪᠠ᠃ ᠲᠡᠨᠳᠡ ᠵᠠᠮᠤᠬ᠎ᠠ ᠶ᠋ᠢ ᠦᠬᠦᠭᠦᠯᠵᠦ ᠬᠡᠭᠦᠷ ᠢ᠋ ᠨᠢ ᠣᠷᠣᠰᠢᠭᠤᠯᠪᠠ᠃
201᠂ ᠲᠡᠭᠡᠭᠡᠳ ᠢᠰᠡᠭᠡᠢ ᠲᠤᠭᠤᠷᠭᠠᠲᠠᠨ ᠤᠯᠤᠰ ᠡᠢᠨᠬᠦ ᠰᠢᠳᠤᠷᠭᠤ ᠪᠣᠯᠵᠤ᠂ ᠪᠠᠷᠰ ᠵᠢᠯ (1206 ᠣᠨ) ᠤᠨᠤᠨ ᠮᠥᠷᠡᠨ ᠦ᠌ ᠡᠬᠢᠨ ᠳ᠋ᠦ᠍ ᠬᠤᠷᠠᠯᠳᠤᠵᠤ᠂ ᠶᠢᠰᠦᠨ ᠬᠥᠯᠲᠦ ᠴᠠᠭᠠᠨ ᠲᠤᠭ ᠢ᠋ᠶ᠋ᠠᠨ ᠮᠠᠨᠳᠤᠭᠤᠯᠤᠭᠠᠳ ᠲᠡᠮᠦᠵᠢᠨ ᠳ᠋ᠦ᠍ ᠴᠢᠩᠭᠢᠰ ᠬᠠᠭᠠᠨ (ᠳᠠᠯᠠᠢ ᠬᠠᠭᠠᠨ) ᠴᠣᠯᠠ ᠶ᠋ᠢ ᠥᠭᠪᠡ᠃ ᠮᠤᠬᠤᠯᠠᠢ ᠳ᠋ᠤ᠌ ᠭᠦᠸᠧ ᠸᠠᠩ (ᠤᠯᠤᠰ ᠤ᠋ᠨ ᠸᠠᠩ) ᠴᠣᠯᠠ ᠶ᠋ᠢ ᠥᠭᠪᠡ᠃ ᠨᠢᠮᠡᠨ ᠦ᠌ ᠬᠦᠴᠥᠯᠥᠭ ᠬᠠᠭᠠᠨ ᠢ᠋ ᠨᠡᠬᠡᠬᠥᠯᠬᠥ ᠪᠡᠷ ᠵᠡᠪᠡ ᠶ᠋ᠢ ᠮᠣᠷᠳᠠᠭᠤᠯᠪᠠ᠃ ᠮᠣᠩᠭ᠋ᠣᠯ ᠤᠭᠰᠠᠭᠠᠲᠠᠨ ᠤᠯᠤᠰ ᠢ᠋ ᠨᠢᠭᠡᠳᠬᠡᠨ ᠪᠠᠷᠠᠵᠤ ᠴᠢᠩᠭᠢᠰ ᠬᠠᠭᠠᠨ ᠵᠠᠷᠯᠢᠭ ᠪᠣᠯᠤᠷᠤᠨ᠄
202᠂ 《ᠤᠯᠤᠰ ᠲᠥᠷᠥ ᠶ᠋ᠢ ᠪᠠᠢ᠌ᠭᠣᠯᠣᠯᠳᠣᠭᠰᠠᠨ ᠤᠷᠢᠳᠤ ᠶ᠋ᠢᠨ ᠭᠠᠪᠢᠶᠠᠲᠤ ᠨᠥᠬᠥᠳ ᠢ᠋ᠶ᠋ᠡᠨ ᠤᠭᠰᠠᠭᠠᠲᠠᠨ ᠨᠣᠶᠠᠳ ᠪᠣᠯᠭᠠᠵᠤ᠂ ᠮᠢᠲᠠᠷᠠᠯ ᠦᠭᠡᠢ ᠵᠢᠳᠬᠦᠭᠰᠡᠨ ᠮᠢᠨᠦ ᠬᠠᠢᠷᠠᠲᠤ ᠨᠥᠬᠥᠳ ᠢ᠋ ᠮᠢᠩᠭᠠᠨ ᠤ᠋ ᠨᠣᠶᠠᠳ ᠡᠷᠭᠦᠮᠵᠢᠯᠡᠵᠦ᠂ ᠰᠣᠶᠣᠷᠬᠠᠯ ᠤ᠋ᠨ ᠦᠭᠡ ᠶ᠋ᠢ ᠬᠡᠯᠡᠶ᠎ᠡ》 ᠭᠡᠵᠦ ᠵᠠᠷᠯᠢᠭ ᠪᠣᠯᠪᠠ᠃ ᠮᠢᠩᠭᠠᠨ ᠤ᠋ ᠨᠣᠶᠠᠳ ᠢ᠋ ᠲᠣᠮᠢᠯᠠᠵᠤ ᠲᠤᠰᠢᠶᠠᠭᠰᠠᠨ ᠨᠢ᠄ 1᠂ ᠮᠡᠩᠭᠡᠯᠢᠭ ᠡᠴᠢᠭᠡ︔ 2᠂ ᠪᠣᠭᠣᠷᠴᠤ︔ 3᠂ ᠮᠤᠬᠤᠯᠠᠢ ᠭᠦᠸᠧ ᠸᠠᠩ︔ 4᠂ ᠬᠣᠷᠴᠢ︔ 5᠂ ᠢᠯᠦᠭᠡᠢ︔ 6᠂ ᠵᠦᠷᠴᠢᠲᠡᠢ︔ 7᠂ ᠬᠤᠨᠠᠨ︔ 8᠂ ᠬᠤᠪᠢᠯᠠᠢ︔ 9᠂ ᠵᠡᠯᠮ᠎ᠡ︔ 10᠂ ᠲᠥᠭᠡ 11᠂ ᠳᠡᠭᠡᠢ︔ 12᠂ ᠲᠤᠯᠤᠨ︔ 13᠂ ᠥᠩᠭᠥᠷ︔ 14᠂ ᠴᠦᠯᠭᠡᠲᠡᠢ︔ 15᠂ ᠪᠣᠷᠣᠬᠤᠯ︔ 16᠂ ᠰᠢᠭᠢᠬᠤᠲᠤᠭ︔ 17᠂ ᠬᠦᠴᠦ︔ 18᠂ ᠬᠥᠭᠡᠴᠦ︔ 19᠂ ᠬᠣᠷᠭᠣᠰᠣᠨ︔ 20᠂ ᠦᠰᠦᠨ︔ 21᠂ ᠬᠣᠢ᠌ᠯᠳᠠᠷ︔ 22᠂ ᠰᠢᠯᠦᠬᠡᠢ︔ 23᠂ ᠵᠠᠳᠠᠢ︔ 24᠂ ᠲᠠᠬᠠᠢ︔ 25᠂ ᠴᠠᠭᠠᠨ ᠭᠤᠸ᠎ᠠ︔ 26᠂ ᠠᠯᠠᠭ︔ 27᠂ ᠰᠣᠷᠬᠠᠨ ᠰᠢᠷ᠎ᠠ︔ 28᠂ ᠪᠣᠯᠣᠭᠠᠨ︔ 29᠂ ᠬᠠᠷᠠᠴᠠᠷ︔ 30᠂ ᠬᠦᠬᠡᠴᠦᠰ 31᠂ ᠰᠦᠬᠡᠲᠦ︔ 32᠂ ᠨᠠᠶᠠᠭ᠎ᠠ︔ 33᠂ ᠵᠣᠩᠰᠢ︔ 34᠂ ᠬᠦᠴᠦᠭᠦᠷ︔ 35᠂ ᠪᠡᠯᠡ︔ 36᠂ ᠣᠷᠣᠨᠠᠷᠳᠠᠢ ︔ 37᠂ ᠲᠡᠢᠷ︔ 38᠂ ᠮᠦᠬᠡ︔ 39᠂ ᠪᠥᠵᠥᠷ︔ 40᠂ ᠮᠦᠩᠬᠥᠬᠥᠷ︔ 41᠂ ᠳᠣᠯᠣᠭᠠᠲᠠᠢ︔ 42᠂ ᠪᠥᠭᠡᠨ︔ 43᠂ ᠬᠣᠢᠲᠤᠰ︔ 44᠂ ᠮᠠᠷᠠᠯ︔ 45᠂ ᠵᠢᠪᠭᠡ︔ 46᠂ ᠶᠣᠷᠤᠬᠠᠨ︔ 47᠂ ᠬᠥᠬᠡ︔ 48᠂ ᠵᠡᠪᠡ︔ 49᠂ ᠣᠳᠣᠲᠠᠢ︔ 50᠂ ᠪᠡᠯᠡ ᠴᠡᠷᠪᠢ︔ 51᠂ ᠬᠡᠲᠡ︔ 52᠂ ᠰᠦᠪᠡᠬᠡᠳᠡᠢ︔ 53᠂ ᠮᠥᠩᠬᠡ︔ 54᠂ ᠬᠠᠯᠵᠠ︔ 55᠂ ᠬᠤᠷᠴᠠᠬᠤᠰ︔ 56᠂ ᠭᠥᠬᠢ︔ 57᠂ ᠪᠠᠳᠠᠢ︔ 58᠂ ᠬᠢᠰᠢᠯᠢᠭ︔ 59᠂ ᠬᠡ᠎ᠲᠡᠢ︔ 60᠂ ᠴᠠᠭᠤᠷᠬᠠᠢ︔ 61᠂ ᠬᠣᠩᠬᠢᠷᠠᠨ︔ 62᠂ ᠲᠣᠭᠣᠨᠲᠡᠮᠦᠷ︔ 63᠂ ᠮᠡᠬᠡᠲᠦ︔ 64᠂ ᠬᠠᠲᠠᠭᠠᠨ︔ 65᠂ ᠮᠣᠷᠤᠬᠠ︔ 66᠂ ᠲᠤᠷᠢ ᠪᠤᠬ᠎ᠠ︔ 67᠂ ᠢᠳᠣᠬᠠᠳᠠᠢ︔ 68᠂ ᠰᠢᠷᠠᠬᠤᠯ︔ 69᠂ ᠲᠠᠣᠭᠣᠨ︔ 70᠂ ᠲᠠᠮᠠᠴᠢ︔ 71᠂ ᠬᠠᠭᠤᠷᠠᠨ︔ 72᠂ ᠠᠯᠴᠤ︔ 73᠂ ᠲᠣᠪᠰᠠᠬᠠ︔ 74᠂ ᠲᠣᠩᠬᠣᠢᠲᠠᠢ ︔ 75᠂ ᠳᠣᠪᠣᠭᠠ ︔ 76᠂ ᠠᠵᠢᠨᠠᠢ︔ 77᠂ ᠲᠦᠳᠡᠬᠡᠷ︔ 78᠂ ᠰᠡᠴᠡᠬᠦᠷ︔ 79᠂ ᠵᠠᠳᠠᠷ︔ 80᠂ ᠣᠯᠠᠷ ᠬᠦᠷᠭᠡᠨ︔ 81᠂ ᠬᠢᠩᠬᠢᠶᠠᠳᠠᠢ︔ 82᠂ ᠪᠤᠬ᠎ᠠ ᠬᠦᠷᠭᠡᠨ︔ 83᠂ ᠬᠤᠷᠢᠯ︔ 84᠂ ᠠᠰᠢᠭ ᠬᠦᠷᠭᠡᠨ︔ 85᠂ ᠬᠠᠲᠠᠢ ᠬᠦᠷᠭᠡᠨ︔ 86᠂ ᠴᠢᠭᠦ ᠬᠦᠷᠭᠡᠨ︔ 87᠂ 88᠂ ᠠᠯᠴᠤ ᠬᠦᠷᠭᠡᠨ᠂ ᠭᠤᠷᠪᠠᠨ ᠮᠢᠩᠭᠠᠨ ᠬᠣᠩᠭᠢᠷᠠᠳ︔ 89᠂ 90᠂ ᠪᠣᠳᠣ ᠬᠦᠷᠭᠡᠨ᠂ ᠬᠣᠶᠠᠷ ᠮᠢᠩᠭᠠᠨ ᠢᠬᠢᠷᠡᠰ︔ 91᠂ 92᠂ 93᠂ 94᠂ 95᠂ ᠣᠩᠭ᠋ᠣᠳ ᠤ᠋ᠨ ᠠᠯᠠᠬᠣᠰᠢ ᠲᠢᠭᠢᠳ ᠬᠣᠷᠢ ᠬᠦᠷᠭᠡᠨ᠂ ᠲᠠᠪᠤᠨ ᠮᠢᠩᠭᠠᠳ ᠣᠩᠭ᠋ᠣᠳ᠂ ᠣᠢ ᠶ᠋ᠢᠨ ᠢᠷᠭᠡᠨ ᠡᠴᠡ ᠭᠠᠳᠠᠨ᠎ᠠ᠂ ᠮᠣᠩᠭᠣᠯ ᠤᠯᠤᠰ ᠤ᠋ᠨ ᠮᠢᠩᠭᠠᠳ ᠤ᠋ᠨ ᠨᠣᠶᠠᠳ ᠢ᠋ ᠴᠢᠩᠭᠢᠰ ᠬᠠᠭᠠᠨ ᠤ᠋ ᠲᠣᠮᠢᠯᠠᠭᠰᠠᠨ ᠢ᠋ᠶ᠋ᠠᠷ ᠮᠢᠩᠭ᠋ᠠᠳᠣ ᠶ᠋ᠢᠨ ᠨᠣᠶᠠᠳ ᠶᠡᠷᠡᠨ ᠲᠠᠪᠤᠨ ᠬᠥᠮᠦᠨ ᠪᠣᠯᠪᠠ᠃
203᠂ ᠪᠠᠰᠠ ᠴᠢᠩᠭᠢᠰ ᠬᠠᠭᠠᠨ ᠬᠦᠷᠭᠡᠳ ᠦ᠋ᠨ ᠬᠠᠮᠲᠤ ᠡᠳᠡᠭᠡᠷ ᠶᠡᠷᠡᠨ ᠲᠠᠪᠤᠨ ᠮᠢᠩᠭᠠᠨ ᠤ᠋ ᠨᠣᠶᠠᠳ ᠢ᠋ ᠲᠣᠮᠢᠯᠠᠭᠠᠳ ᠲᠡᠷᠡ ᠳᠣᠲᠣᠷ᠎ᠠ ᠵᠠᠷᠯᠢᠭ ᠪᠣᠯᠤᠷᠤᠨ᠄ 《ᠥᠮᠥᠭ ᠲᠤᠰᠠᠲᠤ ᠨᠥᠬᠥᠳ ᠲᠡᠭᠡᠨ ᠥᠭᠡᠷ᠎ᠡ ᠰᠣᠶᠣᠷᠬᠠᠯ ᠢ᠋ ᠦᠭᠶ᠎ᠡ᠂ ᠪᠣᠭᠣᠷᠴᠤ ᠮᠤᠬᠤᠯᠠᠢ ᠲᠡᠷᠢᠭᠦᠲᠡᠢ ᠪᠤᠰᠤᠳ ᠨᠣᠶᠠᠳ ᠢ᠋ ᠢᠷᠡᠭᠦᠯᠲᠦᠭᠡᠢ》 ᠭᠡᠵᠦ ᠭᠡᠷ ᠳᠣᠲᠣᠷ᠎ᠠ ᠪᠠᠢᠭᠰᠠᠨ ᠰᠢᠭᠢᠬᠤᠲᠤᠭ ᠢ᠋ 《ᠲᠡᠳᠡᠨ ᠢ᠋ ᠤᠷᠢᠵᠤ ᠠᠪᠴᠢᠷᠠ》 ᠭᠡᠰᠡᠨ ᠳ᠋ᠦ᠍ ᠰᠢᠭᠢᠬᠤᠲᠤᠭ ᠥᠭᠦᠯᠡᠷᠦᠨ᠄
《ᠪᠣᠭᠣᠷᠴᠤ ᠮᠤᠬᠤᠯᠠᠢ ᠨᠠᠷ ᠪᠤᠯᠲᠤ ᠪᠢᠳᠡᠨ ᠡᠴᠡ ᠶᠡᠬᠡ ᠲᠤᠰᠠᠯᠠᠵᠤ ᠢᠯᠡᠭᠦᠦ ᠵᠢᠳᠬᠦᠭᠰᠡᠨ ᠤᠤ? ᠲᠡᠮᠳᠡᠭᠯᠡᠨ ᠰᠣᠶᠣᠷᠬᠠᠬᠤ ᠳ᠋ᠤ᠌ ᠲᠡᠳᠡᠨ ᠡᠴᠡ ᠪᠢ ᠳᠤᠲᠠᠭᠤ ᠲᠤᠰᠠᠯᠠᠵᠤ ᠶᠠᠳᠠᠭᠤ ᠲᠡᠳᠬᠦᠭᠰᠡᠨ ᠤᠤ? ᠥᠯᠥᠭᠡᠢ ᠲᠡᠢ ᠴᠠᠭ ᠠ᠋ᠴᠠ ᠪᠠᠨ ᠪᠢ ᠥᠨᠳᠥᠷ ᠪᠣᠱᠣᠭ᠎ᠠ ᠶ᠋ᠢ ᠴᠢᠨᠢ ᠲᠦᠰᠢᠵᠦ᠂ ᠡᠳᠦᠢ ᠶᠡᠬᠡ ᠰᠠᠬᠠᠯᠲᠠᠢ ᠡᠪᠦᠭᠡᠨ ᠪᠤᠭᠤᠷᠤᠯ ᠪᠣᠯᠲᠠᠯ᠎ᠠ ᠪᠠᠨ ᠥᠭᠡᠷ᠎ᠡ ᠰᠠᠨᠠᠭ᠎ᠠ ᠰᠠᠨᠠᠭᠰᠠᠨ ᠦᠭᠡᠢ᠂ ᠥᠷᠥᠰᠢᠶᠡᠯ ᠳ᠋ᠦ᠍ ᠴᠢᠨᠢ ᠪᠠᠭᠲᠠᠭᠰᠠᠭᠠᠷ ᠢᠷᠡᠪᠡ᠂ ᠠᠯᠮᠠᠢ ᠪᠠᠭ᠎ᠠ ᠨᠠᠰᠤᠨ ᠠ᠋ᠴᠠ ᠪᠠᠨ ᠪᠢ ᠠᠯᠲᠠᠨ ᠪᠣᠱᠣᠭ᠎ᠠ ᠶ᠋ᠢ ᠴᠢᠨᠢ ᠲᠦᠰᠢᠵᠦ ᠠᠮᠠᠨ ᠳ᠋ᠠᠭᠠᠨ ᠡᠳᠦᠢ ᠰᠠᠬᠠᠯᠲᠠᠢ ᠠᠬᠠᠮᠠᠳ ᠨᠠᠰᠤᠲᠠᠢ ᠪᠣᠯᠲᠠᠯ᠎ᠠ ᠪᠠᠨ ᠠᠯᠵᠢᠶᠠᠵᠤ ᠪᠡᠷᠬᠡᠰᠢᠶᠡᠭᠰᠡᠨ ᠵᠦᠢᠯ ᠦᠭᠡᠢ ᠠᠯᠢ ᠴᠢᠳᠠᠬᠤ ᠪᠠᠷ ᠵᠢᠳᠬᠦᠪᠡ᠃ ᠬᠥᠯ ᠳ᠋ᠦ᠍ ᠪᠡᠨ ᠬᠡᠪᠲᠡᠭᠦᠯᠵᠦ ᠬᠥᠨᠵᠢᠯᠡ ᠳ᠋ᠦ᠍ ᠪᠡᠨ ᠬᠤᠴᠢᠵᠤ ᠬᠥᠪᠡᠭᠦᠨ ᠠᠳᠠᠯᠢ ᠪᠠᠷ ᠬᠥᠮᠦᠵᠢᠭᠦᠯᠪᠡ ᠨᠠᠮ᠎ᠠ ᠶ᠋ᠢ᠂ᠳᠡᠷᠭᠡᠳᠡ ᠪᠡᠨ ᠬᠡᠪᠲᠡᠭᠦᠯᠵᠦ ᠳᠡᠪᠡᠯ ᠳ᠋ᠦ᠍ ᠪᠡᠨ ᠬᠤᠴᠢᠵᠤᠳᠡᠭᠦᠦ ᠮᠡᠲᠦ ᠪᠡᠷ ᠲᠦᠰᠢᠵᠦ ᠥᠰᠬᠡᠪᠡ᠃ ᠣᠳᠣ ᠨᠠᠳᠠ ᠳ᠋ᠤ᠌ ᠶᠠᠮᠠᠷ ᠰᠣᠶᠣᠷᠬᠠᠯ ᠢ᠋ ᠬᠠᠢᠷᠠᠯᠠᠬᠤ ᠪᠣᠢ?》 ᠭᠡᠵᠦ ᠬᠡᠯᠡᠭᠰᠡᠨ ᠳ᠋ᠦ᠍ ᠴᠢᠩᠭᠢᠰ ᠬᠠᠭᠠᠨ᠂ ᠰᠢᠭᠢᠬᠤᠲᠤᠭ ᠲᠤ᠌ ᠥᠭᠦᠯᠡᠷᠦᠨ᠄ 《ᠴᠢ ᠮᠢᠨᠦ ᠵᠢᠷᠭᠤᠳᠤᠭᠠᠷ ᠳᠡᠭᠦᠦ ᠪᠢᠰᠢᠦ? ᠡᠷᠭᠦᠮᠡᠯ ᠳᠡᠭᠦᠦ ᠴᠢᠮ᠎ᠠ ᠳ᠋ᠤ᠌ ᠥᠪᠡᠷ ᠦ᠋ᠨ ᠳᠡᠭᠦᠦ ᠨᠠᠷ ᠤ᠋ᠨ ᠠᠳᠠᠯᠢ ᠥᠮᠴᠢ ᠬᠤᠪᠢ ᠶ᠋ᠢ ᠣᠯᠭᠣᠶ᠎ᠠ᠂ ᠪᠠᠰᠠ ᠴᠢᠨᠦ ᠬᠦᠷᠭᠡᠭᠰᠡᠨ ᠠᠴᠢ ᠲᠤᠰᠠ ᠶ᠋ᠢ ᠪᠣᠳᠣᠵᠤ᠂ ᠶᠢᠰᠦᠨ ᠣᠰᠣᠯ ᠢ᠋ ᠬᠡᠯᠲᠦᠷᠢᠭᠦᠯᠬᠦ ᠪᠣᠯᠭᠠᠶ᠎ᠠ》 ᠭᠡᠵᠦ ᠵᠠᠷᠯᠢᠭ ᠪᠣᠯᠪᠠ᠃ 《ᠮᠥᠩᠬᠡ ᠲᠡᠭᠷᠢ ᠶ᠋ᠢᠨ ᠢᠪᠡᠭᠡᠯ ᠢ᠋ᠶ᠋ᠡᠷ ᠤᠯᠤᠰ ᠭᠦᠷᠦᠨ ᠢ᠋ ᠲᠣᠬᠣᠨᠢᠭᠤᠯᠵᠤ ᠪᠠᠢᠬᠤ ᠳ᠋ᠤ᠌ ᠴᠢ᠂ ᠦᠵᠡᠬᠦ ᠨᠢᠳᠦ ᠰᠣᠨᠣᠰᠬᠤ ᠴᠢᠬᠢ ᠪᠣᠯᠵᠤ ᠶᠠᠪᠤ᠂ ᠪᠢᠳᠡᠨ ᠦ᠌ ᠡᠬᠡ ᠪᠠ ᠳᠡᠭᠦᠦ ᠨᠠᠷ᠂ ᠬᠥᠪᠡᠭᠦᠳ ᠲᠦ᠍ ᠢᠰᠡᠭᠡᠢ ᠲᠤᠭᠤᠷᠭᠠᠲᠠᠨ ᠤ᠋ ᠳᠣᠲᠣᠷ᠎ᠠ ᠠ᠋ᠴᠠ ᠡᠵᠡᠯᠡᠬᠦ ᠬᠤᠪᠢ ᠶ᠋ᠢ ᠣᠯᠭᠣᠵᠤ᠂ ᠬᠠᠪᠢᠳᠠᠭᠰᠠᠨ ᠡᠬᠥᠳᠡᠳᠡᠨ ᠦ᠌ ᠳᠣᠲᠣᠷ᠎ᠠ ᠠ᠋ᠴᠠ ᠬᠠᠷᠢᠶᠠᠯᠠᠬᠤ ᠠᠷᠠᠳ ᠢ᠋ ᠬᠤᠪᠢᠶᠠᠵᠤ ᠥᠭ᠃ ᠴᠢᠨᠦ ᠲᠤᠰᠢᠶᠠᠭᠰᠠᠨ ᠦᠭᠡ ᠶ᠋ᠢ ᠬᠡᠨ ᠴᠦ᠍ ᠥᠭᠡᠷᠡᠴᠢᠯᠡᠵᠦ ᠦᠯᠦ ᠪᠣᠯᠤᠨ᠎ᠠ》 ᠭᠡᠵᠦ ᠵᠠᠷᠯᠢᠭ ᠪᠣᠯᠪᠠ᠃ ᠪᠠᠰᠠ ᠰᠢᠭᠢᠬᠤᠲᠤᠭ ᠢ᠋ 《ᠪᠦᠬᠦ ᠤᠯᠤᠰ ᠤ᠋ᠨ ᠳᠣᠲᠣᠷᠠᠬᠢ ᠬᠤᠯᠠᠭᠠᠢ ᠶ᠋ᠢ ᠴᠡᠭᠡᠷᠯᠡᠭᠦᠯᠵᠦ᠂ ᠬᠤᠳᠠᠯ ᠢ᠋ ᠮᠣᠬᠣᠭᠠᠵᠤ᠂ ᠦᠬᠦᠭᠦᠯᠬᠦ ᠶᠣᠰᠣᠲᠠᠢ ᠶ᠋ᠢ ᠦᠬᠦᠭᠦᠯᠵᠦ᠂ ᠶᠠᠯᠠᠯᠠᠬᠤ ᠶᠣᠰᠣᠲᠠᠢ ᠶ᠋ᠢ ᠨᠢ ᠶᠠᠯᠠᠯᠠᠵᠤ ᠪᠠᠢ》 ᠭᠡᠵᠦ ᠪᠦᠬᠦ ᠤᠯᠤᠰ ᠤ᠋ᠨ ᠳᠡᠭᠡᠳᠦ ᠵᠠᠷᠭᠤᠴᠢ (ᠰᠢᠭᠦᠭᠴᠢ) ᠪᠣᠯᠭᠠᠪᠠ᠃ ᠪᠠᠰᠠ 《ᠨᠡᠢᠲᠡ ᠤᠯᠤᠰ ᠤ᠋ᠨ ᠥᠮᠴᠢ ᠶ᠋ᠢ ᠬᠤᠪᠢᠶᠠᠵᠤ ᠵᠠᠷᠭᠤ ᠶ᠋ᠢ ᠰᠢᠳᠬᠡᠵᠦ᠂ ᠲᠡᠭᠦᠨ ᠢ᠋ ᠪᠡᠨ ᠬᠥᠬᠡ ᠳᠡᠪᠲᠡᠷ ᠲᠦ᠍ ᠪᠢᠴᠢᠵᠦ ᠳᠡᠪᠲᠡᠷᠯᠡᠭᠲᠦᠨ᠃ ᠨᠠᠳᠠ ᠲᠠᠢ ᠵᠥᠪᠯᠡᠵᠦ ᠰᠢᠭᠢᠬᠤᠲᠤᠭ ᠤ᠋ᠨ ᠰᠢᠳᠬᠡᠭᠡᠳ ᠴᠠᠭᠠᠨ ᠴᠠᠭᠠᠰᠤᠨ ᠳᠡᠭᠡᠷ᠎ᠡ ᠬᠥᠬᠡ ᠪᠢᠴᠢᠭ ᠪᠢᠴᠢᠵᠦ ᠳᠡᠪᠲᠡᠷᠯᠡᠭᠰᠡᠨ ᠢ᠋ ᠤᠷᠤᠭ ᠤ᠋ᠨ ᠤᠷᠤᠭ ᠲᠤ᠌ ᠬᠦᠷᠲᠡᠯ᠎ᠡ ᠡᠭᠦᠷᠢᠳᠡ ᠬᠡᠨ ᠴᠦ᠍ ᠪᠤᠤ ᠥᠭᠡᠷᠡᠴᠢᠯᠡᠲᠦᠭᠡᠢ》 ᠭᠡᠵᠦ ᠵᠠᠷᠯᠢᠭ ᠪᠣᠯᠪᠠ᠃ ᠰᠢᠭᠢᠬᠤᠲᠤᠭ ᠥᠭᠦᠯᠡᠷᠦᠨ᠄ 《ᠮᠢᠨᠦ ᠮᠡᠲᠦ ᠶ᠋ᠢᠨ ᠡᠷᠭᠦᠳᠡᠯ (ᠡᠷᠭᠦᠮᠡᠯ) ᠳᠡᠭᠦᠦ᠂ ᠬᠠᠭᠠᠨ ᠤ᠋ ᠳᠡᠭᠦᠦ ᠲᠡᠢ ᠠᠳᠠᠯᠢ ᠪᠠᠷ ᠬᠤᠪᠢ ᠥᠮᠴᠢ ᠠᠪᠴᠤ ᠶᠠᠭᠠᠬᠢᠵᠤ ᠪᠣᠯᠬᠤ ᠪᠣᠢ? ᠬᠠᠭᠠᠨ ᠰᠣᠶᠣᠷᠬᠠᠪᠠᠯ᠂ ᠪᠠᠢᠰᠢᠩ ᠭᠡᠷ ᠲᠡᠢ᠂ ᠪᠠᠯᠭᠠᠰᠤ ᠬᠣᠲᠠ ᠶ᠋ᠢᠨ ᠢᠷᠭᠡᠳ ᠡᠴᠡ ᠠᠪᠤᠶ᠎ᠠ》 ᠭᠡᠵᠦ ᠥᠴᠢᠪᠡᠯ 《ᠴᠢ ᠥᠪᠡᠷ ᠢ᠋ᠶ᠋ᠡᠨ ᠡᠨᠡ ᠬᠡᠷᠡᠭ ᠢ᠋ ᠪᠦᠷᠢᠳᠬᠡᠵᠦ ᠰᠢᠳᠬᠡᠬᠦ ᠲᠤᠯᠠ ᠥᠪᠡᠷ ᠢ᠋ᠶ᠋ᠡᠨ ᠮᠡᠳᠡᠵᠦ ᠭᠦᠢᠴᠡᠳᠭᠡ》 ᠭᠡᠪᠡ᠃ ᠰᠢᠭᠢᠬᠤᠲᠤᠭ ᠥᠪᠡᠷ ᠢ᠋ᠶ᠋ᠡᠨ ᠬᠠᠭᠠᠨ ᠠ᠋ᠴᠠ ᠰᠣᠶᠣᠷᠬᠠᠯ ᠢ᠋ ᠣᠯᠵᠤ ᠲᠡᠭᠦᠰᠦᠭᠡᠳ ᠭᠠᠷᠴᠤ᠂ ᠪᠣᠭᠣᠷᠴᠤ᠂ ᠮᠤᠬᠤᠯᠠᠢ ᠲᠡᠷᠢᠭᠦᠲᠡᠨ ᠨᠣᠶᠠᠳ ᠢ᠋ ᠤᠷᠢᠵᠤ ᠣᠷᠣᠭᠤᠯᠪᠠ᠃
204᠂ ᠲᠡᠨᠳᠡ ᠡᠴᠡ ᠴᠢᠩᠭᠢᠰ ᠬᠠᠭᠠᠨ ᠮᠠᠩᠬᠡᠯᠢᠭ᠌ ᠡᠴᠢᠭᠡ ᠳ᠋ᠦ᠍ ᠵᠠᠷᠯᠢᠭ ᠪᠣᠯᠤᠷᠤᠨ᠄ 《ᠲᠥᠷᠥᠬᠦ ᠶ᠋ᠢᠨ ᠬᠠᠮᠲᠤ ᠲᠥᠷᠥᠯᠴᠡᠭᠰᠡᠨ᠂ ᠥᠰᠬᠦ ᠶ᠋ᠢᠨ ᠬᠠᠮᠲᠤ ᠦᠰᠥᠯᠴᠡᠭᠰᠡᠨ ᠥᠯᠵᠡᠢᠲᠦ ᠪᠤᠶᠠᠨᠲᠤ ᠴᠢᠨᠦ᠂ ᠥᠷᠥᠰᠢᠶᠡᠯ ᠲᠤᠰᠠ ᠬᠦᠷᠭᠡᠭᠰᠡᠨ ᠨᠢ ᠡᠳᠦᠢ ᠲᠡᠳᠦᠢ ᠪᠣᠯᠵᠠᠢ᠃ ᠲᠡᠷᠡ ᠳᠣᠲᠣᠷ᠎ᠠ ᠠ᠋ᠴᠠ ᠲᠡᠮᠳᠡᠭᠯᠡᠵᠦ ᠬᠡᠯᠡᠪᠡᠯ᠂ ᠸᠠᠩ ᠬᠠᠨ ᠡᠴᠢᠭᠡ ᠰᠡᠩᠭᠦᠮ ᠠᠨᠳᠠ ᠬᠣᠶᠠᠷ ᠨᠠᠮ᠎ᠠ ᠶ᠋ᠢ ᠮᠡᠬᠡᠯᠡᠵᠦ ᠤᠷᠢᠭᠰᠠᠨ ᠳ᠋ᠤ᠌᠂ ᠣᠴᠢᠬᠤ ᠵᠠᠮ ᠳ᠋ᠠᠭᠠᠨ ᠮᠠᠩᠬᠡᠯᠢᠭ᠌ ᠡᠴᠢᠭᠡ ᠶ᠋ᠢᠨ ᠭᠡᠷ ᠲᠦ᠍ ᠬᠣᠨᠣᠪᠠᠯ᠂ ᠴᠢ ᠨᠠᠮ᠎ᠠ ᠶ᠋ᠢ ᠢᠳᠬᠠᠭᠰᠠᠨ ᠦᠭᠡᠢ ᠪᠣᠯ ᠬᠠᠷ᠎ᠠ ᠤᠰᠤᠨ ᠳ᠋ᠤ᠌ ᠵᠢᠪᠪᠣᠵᠣ᠂ ᠬᠠᠯᠠᠭᠤᠨ ᠭᠠᠯ ᠳ᠋ᠤ᠌ ᠲᠦᠯᠡᠭᠳᠡᠵᠦ ᠦᠬᠦᠬᠦ ᠪᠢᠯᠡ᠂ ᠪᠢ᠃ ᠲᠡᠷᠡ ᠲᠤᠰᠠ ᠶ᠋ᠢ ᠴᠢᠨᠢ ᠰᠡᠳᠬᠢᠵᠦ᠂ ᠤᠷᠤᠭ ᠤ᠋ᠨ ᠤᠷᠤᠭ ᠲᠤ᠌ ᠬᠦᠷᠲᠡᠯ᠎ᠡ ᠡᠭᠦᠷᠢᠳᠡ ᠮᠠᠷᠲᠠᠬᠤ ᠦᠭᠡᠢ᠃ ᠲᠡᠷᠡ ᠲᠤᠰᠠ ᠶ᠋ᠢ ᠴᠢᠨᠢ ᠰᠠᠨᠠᠵᠤ᠂ ᠡᠨᠡ ᠡᠷᠬᠢᠮ ᠰᠠᠭᠤᠳᠠᠯ ᠳ᠋ᠤ᠌ ᠰᠠᠭᠤᠯᠭᠠᠵᠤ ᠣᠨ ᠪᠦᠷᠢ ᠣᠰᠤᠯᠳᠤᠬᠤ ᠦᠭᠡᠢ᠂ ᠰᠠᠷ᠎ᠠ ᠪᠦᠷᠢ ᠰᠠᠭᠠᠳᠣᠬᠣ ᠦᠭᠡᠢ ᠰᠠᠢᠰᠢᠶᠠᠯ ᠱᠠᠩᠨᠠᠯ ᠢ᠋ ᠥᠭᠴᠦ᠂ ᠦᠷ᠎ᠡ ᠶ᠋ᠢᠨ ᠦᠷ᠎ᠡ ᠳ᠋ᠦ᠍ ᠬᠦᠷᠲᠡᠯ᠎ᠡ ᠡᠭᠦᠷᠢᠳᠡ ᠮᠢᠯᠢᠶᠠᠵᠤ ᠪᠠᠢᠶ᠎ᠠ》 ᠭᠡᠵᠦ ᠵᠠᠷᠯᠢᠭ ᠪᠣᠯᠪᠠ᠃
205᠂ ᠪᠠᠰᠠ ᠴᠢᠩᠭᠢᠰ ᠬᠠᠭᠠᠨ ᠪᠣᠭᠣᠷᠴᠤ ᠳ᠋ᠤ᠌ ᠥᠭᠦᠯᠡᠷᠦᠨ᠄ 《ᠨᠠᠰᠤᠨ ᠪᠠᠭ᠎ᠠ ᠴᠠᠭ ᠲᠤ᠌ ᠨᠢᠮᠡᠨ ᠰᠢᠷᠭ᠎ᠠ ᠮᠣᠷᠢ ᠪᠠᠨ ᠠᠯᠳᠠᠭᠠᠳ ᠭᠤᠷᠪᠠ ᠬᠣᠨᠣᠭ ᠨᠡᠬᠡᠵᠦ ᠶᠠᠪᠤᠬᠤ ᠵᠠᠮ ᠳ᠋ᠤ᠌ ᠴᠢᠮ᠎ᠠ ᠲᠠᠢ ᠠᠭᠤᠯᠵᠠᠭᠰᠠᠨ ᠪᠢᠯᠡ᠃ ᠮᠣᠩᠬᠢᠨᠠᠵᠣ ᠶᠠᠪᠤᠭ᠎ᠠ ᠨᠠᠳᠠ ᠳ᠋ᠤ᠌ ᠲᠤᠰᠠᠯᠠᠶ᠎ᠠ ᠭᠡᠵᠦ ᠴᠢ ᠭᠡᠷ ᠲᠡᠭᠡᠨ ᠬᠠᠷᠢᠵᠤ᠂ ᠡᠴᠢᠭᠡ ᠳ᠋ᠡᠭᠡᠨ ᠬᠡᠯᠡᠯ ᠦᠭᠡᠢ ᠪᠡᠷ ᠭᠡᠭᠦᠦ ᠶ᠋ᠢᠨ ᠠᠢᠷᠠᠭ ᠲᠠᠢ ᠰᠠᠭᠤᠯᠠᠭ᠎ᠠ ᠪᠠᠨ ᠬᠡᠭᠡᠷ᠎ᠡ ᠣᠷᠬᠢᠵᠤ᠂ ᠮᠢᠨᠦ ᠣᠭᠳᠣᠷ ᠬᠣᠩᠬᠣᠷ ᠮᠣᠷᠢ ᠶ᠋ᠢ ᠶᠡᠭᠦᠯᠡᠵᠦ᠂ ᠤᠷᠤᠭ ᠰᠢᠩᠬᠤᠯᠠ ᠮᠣᠷᠢ ᠶ᠋ᠢ ᠨᠠᠳᠠ ᠳ᠋ᠤ᠌ ᠤᠨᠤᠭᠤᠯᠤᠭᠠᠳ ᠥᠪᠡᠷ ᠢ᠋ᠶ᠋ᠡᠨ ᠬᠤᠷᠳᠤᠨ ᠤᠬᠠᠭ᠎ᠠ (ᠬᠤᠸᠠ) ᠮᠣᠷᠢ ᠪᠠᠨ ᠤᠨᠤᠵᠤ᠂ ᠠᠳᠤᠭᠤ ᠪᠠᠨ ᠡᠵᠡᠨ ᠦᠭᠡᠢ ᠣᠷᠬᠢᠭᠠᠳ ᠶᠠᠭᠠᠷᠠᠪᠴᠢᠯᠠᠨ ᠨᠠᠳᠠ ᠲᠠᠢ ᠪᠠᠰᠠ ᠭᠤᠷᠪᠠ ᠬᠣᠨᠣᠭ ᠳᠡᠭᠡᠷᠡᠮᠴᠢᠳ ᠢ᠋ ᠨᠡᠭᠡᠭᠡᠭᠰᠡᠨ ᠪᠢᠯᠡ᠃ ᠪᠢᠳᠡ ᠬᠣᠶᠠᠷ ᠰᠢᠷᠭ᠎ᠠ ᠮᠣᠷᠢᠳ ᠢ᠋ ᠮᠢᠨᠢ ᠳᠡᠭᠡᠷᠡᠮᠳᠡᠭᠰᠡᠨ ᠬᠦᠷᠢᠶᠡᠨ ᠳ᠋ᠦ᠍ ᠬᠦᠷᠦᠭᠡᠳ᠂ ᠬᠦᠷᠢᠶᠡᠯᠡᠭᠰᠡᠨ ᠭᠡᠷ ᠦ᠋ᠳ ᠦ᠋ᠨ ᠵᠠᠬ᠎ᠠ ᠳ᠋ᠤ᠌ ᠪᠠᠢᠭᠰᠠᠨ ᠰᠢᠷᠭ᠎ᠠ ᠮᠣᠷᠢᠳ ᠢ᠋ ᠭᠠᠳᠠᠭᠰᠢ ᠬᠥᠭᠡᠭᠡᠵᠦ ᠳᠤᠲᠠᠭᠠᠵᠤ ᠠᠪᠴᠢᠷᠠᠪᠠ᠃ ᠴᠢ ᠨᠠᠬᠤ ᠪᠠᠶᠠᠨ ᠤ᠋ ᠭᠠᠭᠴᠠ ᠬᠦᠦ ᠨᠢ ᠪᠥᠭᠡᠳ ᠶᠠᠭᠤ ᠮᠡᠳᠡᠵᠦ ᠨᠠᠳᠠ ᠲᠠᠢ ᠨᠥᠬᠥᠷᠯᠡᠭᠰᠡᠨ ᠪᠢᠯᠡ? ᠴᠢ ᠦᠨᠡᠨ ᠰᠠᠢᠬᠠᠨ ᠰᠡᠳᠬᠢᠯ ᠢ᠋ᠶ᠋ᠡᠷ ᠨᠥᠬᠥᠷᠯᠡᠪᠡ᠃ ᠲᠡᠭᠦᠨ ᠦ᠌ ᠬᠣᠢᠨ᠎ᠠ ᠴᠢᠮᠢ᠋ᠢ ᠰᠠᠨᠠᠭᠰᠠᠭᠠᠷ ᠶᠠᠪᠤᠵᠤ᠂ ᠪᠢ ᠪᠡᠯᠭᠦᠳᠡᠢ ᠶ᠋ᠢ ᠢᠯᠡᠭᠡᠵᠦ ᠨᠥᠬᠥᠷᠯᠡᠶ᠎ᠡ ᠭᠡᠪᠡᠯ᠂ ᠴᠢ ᠪᠥᠭᠲᠦᠭᠡᠷ ᠬᠣᠩᠬᠣᠷ ᠢ᠋ᠶ᠋ᠠᠨ ᠤᠨᠤᠵᠤ ᠪᠣᠷᠣ ᠥᠷᠮᠥᠭ ᠭᠡᠮᠨᠢᠭ᠌ ᠢ᠋ᠶ᠋ᠡᠨ ᠨᠥᠮᠥᠷᠴᠦ ᠥᠪᠡᠷ ᠢ᠋ᠶ᠋ᠡᠨ ᠬᠦᠷᠴᠦ ᠢᠷᠡᠪᠡ᠃ ᠭᠤᠷᠪᠠᠨ ᠮᠡᠷᠭᠢᠳ ᠪᠢᠳᠡᠨ ᠳ᠋ᠦ᠍ ᠬᠠᠯᠳᠠᠵᠤ᠂ ᠪᠤᠷᠬᠠᠨ ᠬᠠᠯᠳᠤᠨ ᠢ᠋ ᠭᠤᠷᠪᠠᠨ ᠤᠳᠠᠭ᠎ᠠ ᠪᠦᠰᠡᠯᠡᠬᠦ ᠳ᠋ᠦ᠍ ᠴᠢ ᠪᠢᠳᠡᠨ ᠦ᠌ ᠬᠠᠮᠲᠤ ᠪᠦᠰᠡᠯᠡᠭᠳᠡᠪᠡ᠃ ᠪᠠᠰᠠ ᠲᠡᠭᠦᠨ ᠦ᠌ ᠬᠣᠢᠨ᠎ᠠ ᠳᠠᠯᠠᠨ ᠨᠡᠮᠥᠷᠬᠡᠰ ᠲᠦ᠍ ᠲᠠᠲ᠋ᠠᠷ ᠲᠠᠢ ᠲᠤᠯᠤᠯᠳᠤᠵᠤ ᠬᠣᠨᠣᠬᠤ ᠳ᠋ᠤ᠌ ᠡᠳᠦᠷ ᠰᠥᠨᠢ ᠦᠷᠭᠦᠯᠵᠢ ᠬᠤᠷ᠎ᠠ ᠵᠦᠰᠡᠷᠡᠨ ᠣᠷᠣᠪᠠ᠃ ᠲᠡᠷᠡ ᠰᠥᠨᠢ ᠨᠠᠮ᠎ᠠ ᠶ᠋ᠢ ᠤᠨᠲᠠᠭᠤᠯᠬᠤ ᠭᠡᠵᠦ ᠨᠥᠮᠥᠷᠭᠡ ᠪᠡᠨ ᠨᠠᠳᠠ ᠳ᠋ᠤ᠌ ᠨᠥᠮᠥᠷᠭᠡᠭᠡᠳ᠂ ᠮᠢᠨᠦ ᠳᠡᠭᠡᠷ᠎ᠡ ᠪᠣᠷᠣᠭᠠᠨ ᠤ᠋ ᠤᠰᠤ ᠶ᠋ᠢ ᠳᠤᠰᠤᠯᠠᠭᠤᠯᠬᠤ ᠦᠭᠡᠢ ᠪᠡᠷ ᠰᠥᠨᠢ ᠲᠤᠷᠰᠢ ᠵᠣᠭᠰᠣᠬᠤ ᠳ᠋ᠠᠭᠠᠨ ᠴᠢ ᠥᠷᠥᠭᠡᠰᠦᠨ ᠬᠥᠯ ᠢ᠋ᠶ᠋ᠡᠨ ᠭᠠᠭᠴᠠ ᠤᠳᠠᠭ᠎ᠠ ᠰᠣᠯᠢᠵᠤ ᠭᠢᠰᠬᠢᠭᠰᠡᠨ ᠪᠢᠯᠡ᠃ ᠬᠦᠯᠦᠭ ᠪᠠᠭᠠᠲᠤᠷ ᠤ᠋ᠨ ᠰᠢᠨᠵᠢ ᠡᠨᠡ ᠮᠥᠨ᠃ ᠲᠡᠭᠦᠨ ᠡᠴᠡ ᠪᠤᠰᠤᠳ ᠴᠢᠨᠦ ᠵᠢᠳᠬᠦᠯ ᠢ᠋ ᠠᠯᠢ ᠶ᠋ᠢ ᠨᠢ ᠬᠡᠯᠡᠵᠦ ᠪᠠᠷᠠᠬᠤ ᠪᠣᠢ? ᠪᠣᠭᠣᠷᠴᠤ ᠮᠤᠬᠤᠯᠠᠢ ᠬᠣᠶᠠᠷ᠂ ᠵᠥᠪ ᠶᠠᠪᠤᠳᠠᠯ ᠢ᠋ ᠮᠢᠨᠢ ᠵᠥᠪᠰᠢᠶᠡᠷᠡᠨ ᠲᠡᠳᠬᠦᠵᠦ᠂ ᠪᠤᠷᠤᠭᠤ ᠶᠠᠪᠤᠳᠠᠯ ᠢ᠋ ᠮᠢᠨᠢ ᠪᠤᠴᠠᠭᠠᠨ ᠵᠣᠭᠰᠣᠭᠠᠵᠤ᠂ ᠡᠨᠡ ᠶᠡᠬᠡ ᠰᠠᠭᠤᠷᠢᠨ ᠳ᠋ᠤ᠌ ᠬᠦᠷᠭᠡᠪᠡ᠃ ᠣᠳᠣ ᠪᠦᠭᠦᠳᠡ ᠶ᠋ᠢᠨ ᠳᠡᠭᠡᠷ᠎ᠡ ᠰᠠᠭᠤᠯᠭᠠᠵᠤ᠂ ᠶᠢᠰᠦᠨ ᠤᠳᠠᠭ᠎ᠠ ᠣᠰᠣᠯ ᠭᠠᠷᠭᠠᠪᠠᠴᠤ ᠶᠠᠯ᠎ᠠ ᠬᠡᠯᠡᠯᠴᠡᠬᠦ ᠦᠭᠡᠢ ᠪᠣᠯᠭᠠᠶ᠎ᠠ᠃ ᠪᠣᠭᠣᠷᠴᠤ᠂ ᠪᠠᠷᠠᠭᠤᠨ ᠭᠠᠷ ᠤ᠋ᠨ ᠠᠯᠲᠠᠢ ᠣᠷᠴᠢᠮ ᠤ᠋ᠨ ᠲᠦᠮᠡᠨ ᠢ᠋ ᠮᠡᠳᠡᠵᠦ ᠵᠠᠬᠢᠷᠲᠤᠭᠠᠢ》 ᠭᠡᠵᠦ ᠵᠠᠷᠯᠢᠭ ᠪᠣᠯᠪᠠ᠃
206᠂ ᠪᠠᠰᠠ ᠮᠤᠬᠤᠯᠠᠢ ᠳ᠋ᠤ᠌ ᠴᠢᠩᠭᠢᠰ ᠬᠠᠭᠠᠨ ᠵᠠᠷᠯᠢᠭ ᠪᠣᠯᠤᠷᠤᠨ᠄ 《ᠬᠣᠲᠠᠯᠠ ᠬᠠᠭᠠᠨ ᠤ᠋ ᠪᠥᠵᠢᠭᠯᠡᠬᠦ ᠬᠣᠷᠬᠣᠨᠠᠭ ᠵᠤᠪᠤᠷ᠎ᠠ ᠶ᠋ᠢᠨ ᠬᠥᠨᠳᠡᠢ ᠳ᠋ᠦ᠍ ᠰᠠᠭᠯᠠᠭᠠᠷ ᠮᠣᠳᠣᠨ ᠤ᠋ ᠢᠷᠣᠭᠠᠯ ᠳ᠋ᠤ᠌ ᠰᠠᠭᠠᠳᠠᠨ ᠪᠠᠭᠤᠬᠤ ᠴᠠᠭ ᠲᠤ᠌ ᠮᠤᠬᠤᠯᠠᠢ᠂ ᠲᠡᠭᠷᠢ ᠶ᠋ᠢᠨ ᠵᠠᠢᠷᠠᠨ ᠤ᠋ (ᠰᠦᠯᠳᠡ) ᠵᠢᠭᠠᠭᠰᠠᠨ ᠦᠭᠡ ᠶ᠋ᠢ ᠲᠡᠮᠳᠡᠭᠯᠡᠨ ᠬᠡᠯᠡᠭᠰᠡᠨ ᠦ᠌ ᠲᠤᠯᠠ ᠲᠡᠨᠳᠡ ᠪᠢ (ᠮᠤᠬᠤᠯᠠᠢ ᠶ᠋ᠢᠨ ᠡᠴᠢᠭᠡ) ᠭᠦᠨ ᠭᠤᠸ᠎ᠠ ᠶ᠋ᠢ ᠳᠤᠷᠠᠰᠴᠤ᠂ ᠮᠤᠬᠤᠯᠠᠢ ᠲᠠᠢ ᠦᠭᠡ ᠪᠠᠷᠢᠯᠳᠤᠭᠰᠠᠨ ᠪᠢᠯᠡ᠃ ᠣᠳᠣ ᠲᠡᠭᠦᠨ ᠦ᠌ ᠶᠣᠰᠣᠭᠠᠷ ᠪᠢ ᠶᠡᠬᠡ ᠰᠠᠭᠤᠷᠢᠨ ᠳ᠋ᠤ᠌ ᠰᠠᠭᠤᠭᠰᠠᠨ ᠤ᠋ ᠲᠤᠯᠠ ᠮᠤᠬᠤᠯᠠᠢ ᠶ᠋ᠢ ᠤᠷᠤᠭ ᠤ᠋ᠨ ᠤᠷᠤᠭ ᠲᠤ᠌ ᠬᠦᠷᠲᠡᠯ᠎ᠡ ᠤᠯᠤᠰ ᠭᠦᠷᠦᠨ ᠦ᠌ ᠭᠦᠸᠧ ᠸᠠᠩ ᠪᠣᠯᠭᠠᠶ᠎ᠠ》 ᠭᠡᠵᠦ ᠭᠦᠸᠧ ᠸᠠᠩ ᠨᠡᠷ᠎ᠡ ᠥᠭᠪᠡ᠃ 《ᠮᠤᠬᠤᠯᠠᠢ ᠭᠦᠸᠧ ᠸᠠᠩ ᠵᠡᠭᠦᠨ ᠭᠠᠷ ᠤ᠋ᠨ ᠬᠠᠷᠠᠭᠣᠨ ᠵᠢᠳᠦᠨ ᠦ᠌ ᠬᠠᠪᠢ ᠶ᠋ᠢᠨ ᠲᠦᠮᠡᠨ ᠢ᠋ ᠮᠡᠳᠡᠲᠦᠭᠡᠢ》 ᠭᠡᠵᠦ ᠵᠠᠷᠯᠢᠭ ᠪᠣᠯᠪᠠ᠃
207᠂ ᠴᠢᠩᠭᠢᠰ ᠬᠠᠭᠠᠨ ᠬᠣᠷᠴᠢ ᠳ᠋ᠤ᠌ ᠥᠭᠦᠯᠡᠷᠦᠨ᠄
《ᠥᠴᠦᠬᠡᠨ ᠪᠠᠯᠴᠢᠷ ᠴᠠᠭ ᠠ᠋ᠴᠠ ᠡᠳᠦᠢ ᠪᠣᠯᠲᠠᠯ᠎ᠠ ᠮᠢᠨᠢ ᠥᠯᠵᠡᠢᠲᠦ ᠨᠥᠬᠥᠷ ᠮᠢᠨᠢ ᠪᠣᠯᠵᠤ᠂ ᠨᠣᠢᠲᠠᠨ ᠳ᠋ᠤ᠌ ᠬᠠᠮᠲᠤ ᠨᠣᠷᠴᠤ ᠬᠦᠢᠲᠡᠨ ᠳ᠋ᠦ᠍ ᠬᠠᠮᠲᠤ ᠬᠦᠷᠦᠵᠦ᠂ ᠬᠦᠴᠦ ᠪᠡᠨ ᠡᠷᠭᠦᠪᠡ ᠴᠢ᠃ ᠬᠣᠯᠠ ᠤᠷᠢᠳᠤ ᠶ᠋ᠢᠨ ᠴᠠᠭ ᠲᠤ᠌ ᠬᠣᠷᠴᠢ ᠴᠢ ᠮᠡᠷᠭᠡᠯᠡᠭᠡᠳ ᠵᠥᠩᠨᠡᠵᠦ ᠬᠡᠯᠡᠭᠰᠡᠨ ᠦᠭᠡ ᠪᠡᠨ ᠵᠥᠪ ᠪᠣᠯᠭᠠᠨ ᠲᠣᠬᠢᠷᠠᠵᠤ᠂ ᠲᠡᠭᠷᠢ ᠶ᠋ᠢᠨ ᠥᠷᠥᠰᠢᠶᠡᠯ ᠬᠦᠴᠦ ᠪᠡᠷ ᠲᠡᠷᠡ ᠶᠣᠰᠣ ᠪᠠᠷ ᠪᠦᠲᠦᠪᠡᠯ ᠭᠤᠴᠢᠨ ᠡᠬᠡᠨᠡᠷ ᠠᠪᠤᠶ᠎ᠠ ᠭᠡᠵᠦ ᠭᠤᠶᠤᠭᠰᠠᠨ ᠪᠢᠯᠡ ᠴᠢ᠃ ᠣᠳᠣ ᠴᠢ ᠬᠡᠯᠡᠭᠰᠡᠨ ᠦᠭᠡ ᠪᠦᠲᠦᠭᠰᠡᠨ ᠦ᠌ ᠲᠤᠯᠠ ᠡᠵᠡᠯᠡᠵᠦ ᠣᠷᠣᠭᠤᠯᠤᠭᠰᠠᠨ ᠤᠯᠤᠰ ᠤ᠋ᠨ ᠳᠣᠲᠣᠷ᠎ᠠ ᠠ᠋ᠴᠠ ᠴᠢ ᠰᠠᠢᠨ ᠡᠬᠡᠨᠡᠷ᠂ ᠰᠠᠢᠬᠠᠨ ᠬᠡᠦᠬᠡᠨ ᠨᠦ᠍ᠭᠦᠳ ᠢ᠋ ᠰᠣᠩᠭ᠋ᠣᠵᠣ ᠠᠪ》 ᠭᠡᠵᠦ ᠵᠠᠷᠯᠢᠭ ᠪᠣᠯᠪᠠ᠃ ᠪᠠᠰᠠ 《ᠭᠤᠷᠪᠠᠨ ᠮᠢᠩᠭᠠᠨ ᠪᠠᠭᠠᠷᠢᠨ ᠤ᠋ ᠳᠡᠭᠡᠷ᠎ᠡ ᠲᠠᠬᠠᠢ ᠠᠰᠢᠭ ᠬᠣᠶᠠᠷ ᠤ᠋ᠨ ᠬᠠᠮᠲᠤ ᠠᠳᠠᠷᠬᠢᠨ ᠤ᠋ ᠴᠢᠨᠦᠰ᠂ ᠲᠦᠬᠥᠯᠥᠰ᠂ ᠲᠡᠯᠠᠩᠭᠦᠳ ᠠᠢᠮᠠᠭ ᠢ᠋ ᠨᠡᠢᠯᠡᠭᠦᠯᠵᠦ ᠲᠦᠮᠡᠨ ᠢᠷᠭᠡᠨ ᠪᠣᠯᠭᠠᠭᠠᠳ ᠬᠣᠷᠴᠢ ᠵᠠᠬᠢᠷᠴᠤ᠂ ᠡᠷᠴᠢᠰ ᠮᠥᠷᠡᠨ ᠦ᠌ ᠳᠠᠭᠠᠤ ᠣᠢ ᠶ᠋ᠢᠨ ᠢᠷᠭᠡᠨ ᠬᠦᠷᠲᠡᠯᠡᠬᠢ ᠨᠤᠲᠤᠭ ᠢ᠋ ᠡᠵᠡᠮᠰᠢᠨ ᠨᠤᠲᠤᠭᠯᠠᠵᠤ᠂ ᠪᠠᠰᠠ ᠣᠢ ᠶ᠋ᠢᠨ ᠲᠦᠮᠡᠨ ᠢᠷᠭᠡᠨ ᠢ᠋ ᠳᠠᠷᠤᠭᠠᠯᠠᠵᠤ ᠮᠡᠳᠡᠲᠦᠭᠡᠢ》 ᠭᠡᠵᠦ ᠵᠠᠷᠯᠢᠭ ᠪᠣᠯᠪᠠ᠃ 《ᠬᠣᠷᠴᠢ ᠶ᠋ᠢᠨ ᠵᠥᠪᠰᠢᠶᠡᠷᠡᠯ ᠦᠭᠡᠢ ᠪᠡᠷ ᠣᠢ ᠶ᠋ᠢᠨ ᠢᠷᠭᠡᠨ ᠡᠢᠰᠢ ᠲᠠᠢᠰᠢ ᠨᠡᠭᠦᠵᠦ ᠦᠯᠦ ᠪᠣᠯᠤᠨ᠎ᠠ᠂ ᠬᠣᠷᠴᠢ ᠶ᠋ᠢᠨ ᠦᠭᠡ ᠶ᠋ᠢ ᠵᠥᠷᠢᠴᠡᠭᠰᠡᠳ ᠢ᠋ ᠰᠢᠳᠬᠡᠲᠦᠭᠡᠢ》 ᠭᠡᠵᠦ ᠵᠠᠷᠯᠢᠭ ᠪᠣᠯᠪᠠ᠃
208᠂ ᠪᠠᠰᠠ ᠴᠢᠩᠭᠢᠰ ᠬᠠᠭᠠᠨ ᠵᠦᠷᠴᠢᠳᠡᠢ ᠳ᠋ᠦ᠍ ᠥᠭᠦᠯᠡᠷᠦᠨ᠄ 《ᠴᠢᠨᠦ ᠪᠦᠲᠦᠭᠡᠭᠰᠡᠨ ᠡᠷᠬᠢᠮ ᠲᠤᠰᠠ ᠶ᠋ᠢ ᠳᠤᠷᠠᠳᠪᠠᠯ᠂ ᠬᠡᠷᠡᠢᠳ ᠲᠡᠢ ᠬᠠᠷ᠎ᠠ ᠬᠠᠯᠵᠣᠨ ᠡᠯᠠᠳ ᠲᠤ᠌ ᠬᠠᠳᠬᠤᠯᠳᠤᠨ ᠪᠠᠢᠯᠳᠤᠬᠤ ᠴᠠᠭ ᠲᠤ᠌ ᠬᠣᠢ᠌ᠯᠳᠠᠷ ᠠᠨᠳᠠ ᠲᠡᠷᠢᠭᠦᠯᠡᠨ ᠪᠠᠢᠯᠳᠤᠨ᠎ᠠ ᠭᠡᠰᠡᠨ ᠪᠣᠯᠪᠠᠴᠤ᠂ ᠴᠣᠬᠣᠮ ᠬᠡᠷᠡᠭ ᠢ᠋ ᠪᠦᠲᠦᠭᠡᠭᠰᠡᠨ ᠨᠢ ᠴᠢ ᠮᠥᠨ᠃ ᠵᠦᠷᠴᠢᠳᠡᠢ ᠴᠢ ᠳᠣᠪᠲᠣᠯᠵᠤ ᠣᠷᠣᠭᠠᠳ ᠵᠢᠷᠭᠢᠨ᠂ ᠲᠦᠢᠪᠡᠭᠡᠨ᠂ ᠲᠤᠩᠭᠠᠢᠳ᠂ ᠬᠣᠷᠢ ᠰᠢᠯᠠᠮᠣᠨ ᠢ᠋ ᠮᠢᠩᠭᠠᠨ ᠲᠣᠷᠬᠠᠭ ᠤ᠋ᠳ᠂ ᠰᠢᠯᠢᠳᠡᠭ ᠴᠡᠷᠢᠭ ᠪᠦᠭᠦᠳᠡ ᠶ᠋ᠢ ᠳᠠᠷᠤᠭᠰᠠᠭᠠᠷ ᠶᠡᠬᠡ ᠭᠣᠣᠯ ᠬᠦᠴᠦᠨ ᠳ᠋ᠦ᠍ ᠬᠦᠷᠴᠦ᠂ ᠰᠡᠩᠭᠦᠮ ᠦ᠋ᠨ ᠡᠩᠭᠡᠰᠬᠡ ᠬᠠᠴᠠᠷ ᠢ᠋ ᠬᠠᠷᠪᠤᠨ ᠰᠢᠷᠬᠠᠲᠤᠭᠤᠯᠵᠤ᠂ ᠮᠥᠩᠬᠡ ᠲᠡᠭᠷᠢ ᠳ᠋ᠦ᠍ ᠢᠯᠠᠬᠤ ᠶ᠋ᠢᠨ ᠡᠭᠦᠳᠡ ᠶ᠋ᠢ ᠨᠡᠭᠡᠭᠡᠪᠡ᠃ ᠰᠡᠩᠭᠦᠮ ᠢ᠋ ᠰᠢᠷᠬᠠᠲᠤᠭᠤᠯᠤᠭᠰᠠᠨ ᠦᠭᠡᠢ ᠪᠣᠯ ᠪᠢᠳᠡ ᠶᠠᠮᠠᠷ ᠪᠣᠯᠬᠤ ᠶ᠋ᠢ ᠮᠡᠳᠡᠬᠦ ᠦᠭᠡᠢ᠃ ᠵᠦᠷᠴᠢᠳᠡᠢ ᠴᠢᠨᠦ ᠬᠦᠷᠭᠡᠭᠰᠡᠨ ᠡᠷᠬᠢᠮ ᠶᠡᠬᠡ ᠲᠤᠰᠠ ᠲᠡᠷᠡ ᠪᠠᠢᠨ᠎ᠠ᠃ ᠲᠡᠨᠳᠡ ᠡᠴᠡ ᠵᠠᠢᠯᠠᠵᠤ᠂ ᠬᠠᠯᠬ᠎ᠠ ᠭᠣᠣᠯ ᠤᠷᠤᠭᠤ ᠨᠡᠭᠦᠬᠦ ᠳ᠋ᠦ᠍ ᠵᠦᠷᠴᠢᠳᠡᠢ ᠴᠢᠮ᠎ᠠ ᠶ᠋ᠢ ᠪᠢ ᠥᠨᠳᠥᠷ ᠠᠭᠤᠯᠠ ᠶ᠋ᠢᠨ ᠨᠥᠮᠥᠷᠢ ᠮᠡᠲᠦ ᠥᠮᠥᠭ ᠪᠣᠯᠭᠠᠨ ᠰᠠᠨᠠᠵᠤ ᠶᠠᠪᠤᠯ᠎ᠠ᠃ ᠲᠡᠨᠳᠡ ᠡᠴᠡ ᠪᠢᠳᠡ ᠪᠠᠯᠵᠣᠨ ᠨᠠᠭᠤᠷ ᠲᠤ᠌ ᠤᠮᠳᠠᠯᠠᠬᠤ ᠪᠠᠷ ᠪᠠᠭᠤᠪᠠ᠃ ᠵᠢᠴᠢ ᠪᠠᠯᠵᠣᠨ ᠨᠠᠭᠤᠷ ᠠ᠋ᠴᠠ ᠵᠦᠷᠴᠢᠳᠡᠢ ᠶ᠋ᠢ ᠲᠤᠷᠰᠢᠭᠤᠯ (ᠠᠯᠭᠢᠨᠴᠢ) ᠪᠣᠯᠭᠠᠵᠤ ᠬᠡᠷᠡᠢᠳ ᠲᠦ᠍ ᠶᠠᠪᠤᠭᠤᠯᠤᠭᠰᠠᠨ ᠪᠢᠯᠡ᠃ ᠲᠡᠭᠷᠢ ᠭᠠᠵᠠᠷ ᠤ᠋ᠨ ᠢᠪᠡᠭᠡᠯ ᠢ᠋ᠶ᠋ᠡᠷ ᠪᠢᠳᠡ ᠬᠡᠷᠡᠢᠳ ᠢᠷᠭᠡᠨ ᠢ᠋ ᠨᠣᠮᠣᠳᠬᠠᠨ ᠳᠠᠭᠠᠭᠤᠯᠪᠠ᠃ ᠭᠣᠣᠯᠯᠠᠬᠤ ᠬᠡᠷᠡᠢᠳ ᠤᠯᠤᠰ ᠢ᠋ ᠰᠠᠯᠭᠠᠵᠤ ᠳᠠᠷᠤᠭᠰᠠᠨ ᠤᠴᠢᠷ ᠠ᠋ᠴᠠ ᠳᠠᠭᠠᠯᠳᠤᠬᠤ ᠨᠢᠮᠡᠨ᠂ ᠮᠡᠷᠭᠢᠳ ᠦ᠋ᠨ ᠵᠣᠷᠢᠭ ᠰᠢᠨᠲᠠᠷᠠᠵᠤ ᠪᠠᠢᠯᠳᠤᠵᠤ ᠴᠢᠳᠠᠬᠤ ᠦᠭᠡᠢ ᠪᠣᠰᠨᠢᠪᠠ᠃ ᠮᠡᠷᠭᠢᠳ᠂ ᠨᠢᠮᠡᠨ ᠨᠠᠷ ᠢ᠋ ᠪᠤᠲᠠᠷᠠᠨ ᠰᠠᠷᠨᠢᠬᠤ ᠵᠠᠪᠰᠠᠷ᠂ ᠬᠡᠷᠡᠢᠳ ᠦ᠋ᠨ ᠵᠠᠬ᠎ᠠ ᠭᠣᠮᠪᠣ ᠬᠣᠶᠠᠷ ᠥᠬᠢᠨ ᠢ᠋ᠶ᠋ᠡᠨ ᠳᠠᠭᠠᠬᠤ ᠰᠢᠯᠲᠠᠭᠠᠨ ᠢ᠋ᠶ᠋ᠠᠷ ᠬᠠᠷᠢᠶᠠᠲᠤ ᠨᠠᠷ ᠢ᠋ᠶ᠋ᠠᠨ ᠬᠠᠮᠲᠤ ᠠᠪᠴᠤ ᠦᠯᠡᠳᠡᠪᠡ᠃ ᠭᠡᠲᠡᠯ᠎ᠡ ᠲᠡᠷᠡ ᠳᠠᠢᠰᠤᠩᠨᠠᠵᠤ ᠣᠳᠤᠭᠰᠠᠨ ᠲᠤᠯᠠ ᠵᠦᠷᠴᠢᠳᠡᠢ ᠨᠡᠬᠡᠵᠦ᠂ ᠨᠢᠭᠡᠨᠲᠡ ᠵᠠᠢᠯᠠᠨ ᠣᠳᠤᠭᠰᠠᠨ ᠵᠠᠬ᠎ᠠ ᠭᠣᠮᠪᠣ ᠶ᠋ᠢ ᠵᠠᠯᠢ ᠠᠷᠭ᠎ᠠ ᠪᠠᠷ ᠪᠠᠷᠢᠵᠤ ᠲᠣᠨᠢᠯᠭᠠᠪᠠ᠃ ᠲᠡᠷᠡ ᠵᠠᠬ᠎ᠠ ᠭᠣᠮᠪᠣ ᠶ᠋ᠢᠨ ᠤᠯᠤᠰ ᠢ᠋ ᠲᠡᠯᠡᠵᠦ ᠡᠵᠡᠯᠡᠪᠡ᠃ ᠵᠦᠷᠴᠢᠳᠡᠢ ᠶ᠋ᠢᠨ ᠪᠠᠰᠠ ᠨᠢᠭᠡ ᠲᠤᠰᠠ ᠨᠢ ᠡᠨᠡ ᠮᠥᠨ᠃》ᠠᠯᠠᠯᠳᠤᠬᠤ ᠡᠳᠦᠷ ᠠᠮᠢ ᠪᠠᠨ ᠬᠠᠢᠷᠠᠯᠠᠬᠤ ᠦᠭᠡᠢ ᠠᠴᠢ ᠶ᠋ᠢ ᠬᠦᠷᠭᠡᠵᠦ᠂ ᠪᠠᠢᠯᠳᠤᠬᠤ ᠡᠳᠦᠷ ᠪᠠᠢᠷᠢ ᠪᠠᠨ ᠠᠯᠳᠠᠬᠤ ᠦᠭᠡᠢ ᠪᠠᠭᠠᠲᠤᠷᠯᠠᠨ ᠵᠢᠳᠬᠦᠭᠰᠡᠨ ᠦ᠌ ᠲᠤᠯᠠ ᠴᠢᠩᠭᠢᠰ ᠬᠠᠭᠠᠨ᠂ ᠢᠪᠠᠭ᠎ᠠ ᠪᠡᠬᠢ ᠬᠠᠲᠤᠨ ᠢ᠋ᠶ᠋ᠠᠨ ᠵᠦᠷᠴᠢᠳᠡᠢ ᠳ᠋ᠦ᠍ ᠰᠣᠶᠣᠷᠬᠠᠵᠤ ᠦᠭᠭᠡᠳ᠂ ᠢᠪᠠᠭ᠎ᠠ ᠳ᠋ᠤ᠌ ᠥᠭᠦᠯᠡᠷᠦᠨ᠄
《ᠠᠪᠤᠷᠢ ᠵᠠᠩ ᠢ᠋ ᠴᠢᠨᠢ ᠭᠣᠯᠣᠭᠰᠠᠨ ᠪᠢᠰᠢ ᠠᠷᠢᠭᠤᠨ ᠦᠵᠡᠰᠬᠦᠯᠡᠩ ᠢ᠋ ᠴᠢᠨᠢ ᠴᠢᠮᠠᠯᠠᠭᠰᠠᠨ ᠪᠢᠰᠢ᠂ ᠬᠥᠯ ᠢ᠋ ᠴᠢᠨᠢ ᠰᠢᠪᠡᠷᠢ ᠲᠡᠢ ᠭᠡᠰᠡᠨ ᠪᠢᠰᠢ ᠬᠥᠯᠥᠰᠥ ᠶ᠋ᠢ ᠴᠢᠨᠢ ᠦᠨᠦᠷ ᠲᠡᠢ ᠭᠡᠰᠡᠨ ᠪᠢᠰᠢ ᠡᠪᠦᠷ ᠳᠤᠯᠠᠭᠠᠴᠠᠭᠤᠯᠵᠤ ᠬᠥᠯ ᠢ᠋ᠶ᠋ᠡᠨ ᠬᠤᠴᠢᠭᠤᠯᠤᠭᠰᠠᠨ ᠥᠪᠡᠷ ᠦ᠋ᠨ ᠬᠠᠲᠤᠨ ᠴᠢᠮ᠎ᠠ ᠶ᠋ᠢ ᠶᠡᠬᠡ ᠲᠥᠷᠥ ᠶ᠋ᠢᠨ ᠦᠢᠯᠡᠰ ᠲᠦ᠍ ᠶᠡᠬᠡᠳᠡ ᠵᠢᠳᠬᠦᠭᠰᠡᠨ ᠵᠦᠷᠴᠢᠳᠡᠢ ᠳ᠋ᠦ᠍ ᠡᠢᠨᠬᠦ ᠰᠣᠶᠣᠷᠬᠠᠬᠤ ᠪᠣᠯᠪᠠ᠃ ᠬᠠᠳᠬᠤᠯᠳᠤᠬᠤ ᠴᠠᠭ ᠲᠤ᠌ ᠬᠠᠯᠬ᠎ᠠ ᠪᠣᠯᠵᠤ ᠬᠠᠭᠠᠴᠠᠭᠰᠠᠨ ᠤᠯᠤᠰ ᠢ᠋ ᠬᠠᠮᠲᠤᠳᠬᠠᠨ ᠥᠭᠴᠦ᠂ ᠬᠠᠳᠬᠤᠯᠳᠤᠨ ᠪᠠᠢᠯᠳᠤᠬᠤ ᠳ᠋ᠤ᠌ ᠬᠤᠶᠠᠭ ᠪᠣᠯᠵᠤ ᠬᠤᠪᠢᠶᠠᠭᠰᠠᠨ ᠤᠯᠤᠰ ᠢ᠋ ᠬᠤᠷᠢᠶᠠᠵᠤ ᠦᠭᠭᠰᠡᠨ ᠵᠦᠷᠴᠢᠳᠡᠢ ᠶ᠋ᠢᠨ ᠠᠴᠢ ᠶ᠋ᠢ ᠬᠠᠷᠢᠭᠤᠯᠵᠤ᠂ ᠭᠠᠪᠢᠶ᠎ᠠ ᠶ᠋ᠢ ᠲᠡᠮᠳᠡᠭᠯᠡᠬᠦ ᠶ᠋ᠢᠨ ᠲᠤᠯᠠ ᠴᠢᠮ᠎ᠠ ᠶ᠋ᠢ ᠥᠭᠪᠡ᠃ ᠡᠭᠦᠨ ᠡᠴᠡ ᠬᠣᠢᠰᠢ ᠮᠢᠨᠦ ᠤᠷᠤᠭ ᠠ᠋ᠴᠠ ᠬᠠᠭᠠᠨ ᠰᠢᠷᠡᠭᠡᠨ ᠳ᠋ᠦ᠍ ᠵᠠᠯᠭᠠᠮᠵᠢᠯᠠᠨ ᠰᠠᠭᠣᠭᠴᠢᠳ᠂ ᠡᠨᠡ ᠮᠡᠲᠦ ᠲᠤᠰᠠ ᠬᠢᠭᠰᠡᠨ ᠢ᠋ ᠬᠠᠷᠢᠭᠤᠯᠤᠭᠰᠠᠨ ᠶᠣᠰᠣ ᠶ᠋ᠢ ᠰᠡᠳᠬᠢᠵᠦ᠂ ᠮᠢᠨᠦ ᠦᠭᠡ ᠶ᠋ᠢ ᠥᠭᠡᠷᠡᠴᠢᠯᠡᠯ ᠦᠭᠡᠢ ᠪᠡᠷ ᠤᠷᠤᠭ ᠤ᠋ᠨ ᠤᠷᠤᠭ ᠲᠤ᠌ ᠬᠦᠷᠲᠡᠯ᠎ᠡ ᠢᠪᠠᠭ᠎ᠠ ᠢᠢᠨ ᠣᠷᠣ ᠰᠠᠭᠤᠷᠢ (ᠨᠡᠷ᠎ᠡ ᠬᠦᠨᠳᠦ) ᠶ᠋ᠢ ᠪᠤᠤ ᠲᠠᠰᠤᠯᠲᠤᠭᠠᠢ 》 ᠭᠡᠵᠦ ᠵᠠᠷᠯᠢᠭ ᠪᠣᠯᠪᠠ᠃ ᠪᠠᠰᠠ ᠴᠢᠩᠭᠢᠰ ᠬᠠᠭᠠᠨ ᠢᠪᠠᠭ᠎ᠠ ᠳ᠋ᠤ᠌ ᠥᠭᠦᠯᠡᠷᠦᠨ᠄ 《ᠴᠢᠨᠦ ᠡᠴᠢᠭᠡ ᠵᠠᠬ᠎ᠠ ᠭᠣᠮᠪᠣ᠂ ᠴᠢᠮ᠎ᠠ ᠳ᠋ᠤ᠌ ᠢᠨᠵᠢ ᠪᠣᠯᠭᠠᠵᠤ ᠠᠰᠢᠭ ᠲᠡᠮᠦᠷ᠂ ᠠᠯᠴᠢᠭ ᠠᠯᠴᠠᠭ ᠬᠣᠶᠠᠷ ᠲᠣᠭᠣᠭᠠᠴᠢ ᠶ᠋ᠢᠨ ᠬᠠᠮᠲᠤ ᠬᠣᠶᠠᠷ ᠵᠠᠭᠤᠨ ᠬᠥᠮᠦᠨ ᠢ᠋ ᠦᠭᠭᠰᠡᠨ ᠪᠢᠯᠡ᠃ ᠣᠳᠣ ᠴᠢ ᠣᠷᠣᠭᠣᠳ ᠢᠷᠭᠡᠨ ᠳ᠋ᠦ᠍ ᠣᠴᠢᠬᠤ ᠳ᠋ᠠᠭᠠᠨ ᠳᠤᠷᠠᠰᠬᠠᠯ ᠪᠣᠯᠭᠠᠵᠤ ᠂ ᠨᠠᠳᠠ ᠳ᠋ᠤ᠌ ᠢᠨᠵᠢ ᠶ᠋ᠢᠨ ᠬᠥᠮᠦᠰ ᠡᠴᠡ ᠠᠰᠢᠭ ᠲᠡᠮᠦᠷ ᠲᠣᠭᠣᠭᠠᠴᠢ ᠪᠠᠨ ᠨᠢᠭᠡᠨ ᠵᠠᠭᠤᠨ ᠬᠥᠮᠦᠨ ᠦ᠌ ᠬᠠᠮᠲᠤ ᠥᠭᠴᠦ ᠣᠳ》 ᠭᠡᠵᠦ ᠠᠪᠪᠠ᠃ ᠪᠠᠰᠠ ᠴᠢᠩᠭᠢᠰ ᠬᠠᠭᠠᠨ ᠵᠦᠷᠴᠢᠳᠡᠢ ᠳ᠋ᠦ᠍ ᠥᠭᠦᠯᠡᠷᠦᠨ᠄ 《ᠢᠪᠠᠭ᠎ᠠ ᠬᠠᠲᠤᠨ ᠢ᠋ᠶ᠋ᠠᠨ ᠴᠢᠮ᠎ᠠ ᠳ᠋ᠤ᠌ ᠥᠭᠪᠡ᠂ ᠴᠢ ᠳᠥᠷᠪᠡᠨ ᠮᠢᠩᠭᠠᠨ ᠣᠷᠣᠭᠣᠳ ᠢ᠋ᠶ᠋ᠠᠨ ᠮᠡᠳᠡᠵᠦ ᠵᠠᠬᠢᠷᠣᠳᠣᠭᠠᠢ》 ᠭᠡᠵᠦ ᠰᠣᠶᠣᠷᠬᠠᠵᠤ ᠵᠠᠷᠯᠢᠭ ᠪᠣᠯᠪᠠ᠃

