《ᠮᠣᠩᠭᠣᠯ ᠤ᠋ᠨ ᠨᠢᠭᠤᠴᠠ ᠲᠣᠪᠴᠢᠶᠠᠨ》ᠳᠣᠯᠣᠳᠤᠭᠠᠷ ᠪᠦᠯᠦᠭ ᠂ ᠸᠠᠩ ᠬᠠᠨ ᠰᠥᠨᠥᠭᠰᠡᠨ ᠨᠢ Ван хан сөнөсөн нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠤ᠋ᠨ ᠨᠢᠭᠤᠴᠠ ᠲᠣᠪᠴᠢᠶᠠᠨ》ᠳᠣᠯᠣᠳᠤᠭᠠᠷ ᠪᠦᠯᠦᠭ ᠂ ᠸᠠᠩ ᠬᠠᠨ ᠰᠥᠨᠥᠭᠰᠡᠨ ᠨᠢ Ван хан сөнөсөн нь

《ᠮᠣᠩᠭᠣᠯ ᠤ᠋ᠨ ᠨᠢᠭᠤᠴᠠ ᠲᠣᠪᠴᠢᠶᠠᠨ》ᠳᠣᠯᠣᠳᠤᠭᠠᠷ ᠪᠦᠯᠦᠭ ᠂ ᠸᠠᠩ ᠬᠠᠨ ᠰᠥᠨᠥᠭᠰᠡᠨ ᠨᠢ Ван хан сөнөсөн нь

ᠠᠩᠭᠢᠯᠠᠯ:ᠲᠡᠦᠬᠡ ᠰᠣᠶᠣᠯ
2022-10-29

1908


186᠂ ᠬᠡᠷᠡᠢᠳ ᠢᠷᠭᠡᠨ ᠢ᠋ ᠲᠣᠷᠣᠢ᠌ᠳᠣᠭᠣᠯᠵᠣ᠂ ᠵᠦᠭ ᠵᠦᠭ ᠬᠤᠪᠢᠶᠠᠵᠤ ᠠᠪᠤᠪᠠ᠃ ᠰᠦᠯᠳᠡᠲᠦ ᠣᠪᠣᠭ ᠤ᠋ᠨ ᠲᠠᠬᠠᠢ ᠪᠠᠭᠠᠲᠤᠷ ᠤ᠋ᠨ ᠵᠠᠷᠤᠴᠠ ᠪᠣᠯᠭᠠᠵᠤ᠂ ᠨᠢᠭᠡ ᠵᠠᠭᠤᠨ ᠵᠢᠷᠭᠢᠨ ᠢ᠋ ᠥᠭᠪᠡ᠃ ᠪᠠᠰᠠ ᠸᠠᠩ ᠬᠠᠨ ᠤ᠋ ᠳᠡᠭᠦᠦ ᠵᠠᠬ᠎ᠠ ᠭᠣᠮᠪᠣ ᠳ᠋ᠤ᠌ ᠬᠣᠶᠠᠷ ᠥᠬᠢᠨ ᠪᠠᠢᠭᠰᠠᠨ ᠢ᠋ ᠡᠭᠡᠴᠢ ᠢᠪᠠᠭ᠎ᠠ ᠶ᠋ᠢ ᠴᠢᠩᠭᠢᠰ ᠬᠠᠭᠠᠨ ᠥᠪᠡᠷ ᠢ᠋ᠶ᠋ᠡᠨ ᠠᠪᠴᠤ᠂ ᠳᠡᠭᠦᠦ ᠰᠣᠷᠬᠠᠭᠳᠠᠨᠢ ᠶ᠋ᠢ ᠬᠥᠪᠡᠭᠦᠨ ᠲᠤᠯᠤᠢ ᠳ᠋ᠤ᠌ ᠥᠭᠪᠡ᠃ ᠡᠢᠮᠦ ᠶ᠋ᠢᠨ ᠲᠤᠯᠠ ᠵᠠᠬ᠎ᠠ ᠭᠣᠮᠪᠣ ᠶ᠋ᠢᠨ ᠬᠠᠷᠢᠶᠠᠲᠤ ᠥᠮᠴᠢ ᠶ᠋ᠢᠨ ᠢᠷᠭᠡᠨ ᠢ᠋ ᠬᠠᠯᠳᠠᠵᠤ ᠠᠪᠤᠭᠰᠠᠨ ᠦᠭᠡᠢ᠃ ᠬᠠᠷᠢᠨ ᠵᠠᠬ᠎ᠠ ᠭᠣᠮᠪᠣ ᠶ᠋ᠢ ᠲᠡᠷᠭᠡᠨ ᠦ᠌ ᠨᠥᠭᠦᠭᠡ ᠠᠷᠠᠯ ᠮᠡᠲᠦ ᠨᠠᠳᠠᠳᠤ ᠲᠤᠰᠠ ᠪᠣᠯᠵᠤ ᠶᠠᠪᠤ ᠭᠡᠵᠦ ᠰᠣᠶᠣᠷᠬᠠᠵᠤ ᠥᠷᠥᠰᠢᠶᠡᠪᠡ᠃
187᠂ ᠪᠠᠰᠠ ᠴᠢᠩᠭᠢᠰ ᠬᠠᠭᠠᠨ᠂ ᠸᠠᠩ ᠬᠠᠨ ᠤ᠋ ᠰᠠᠭᠤᠳᠠᠭ ᠠᠯᠲᠠᠨ ᠠᠰᠠᠷ᠂ ᠬᠡᠷᠡᠭᠯᠡᠳᠡᠭ ᠠᠯᠲᠠᠨ ᠵᠠᠪᠢᠶ᠎ᠠ ᠠᠶᠠᠭ᠎ᠠ ᠪᠠ ᠠᠰᠠᠷᠠᠵᠤ ᠶᠠᠪᠤᠭᠰᠠᠨ ᠠᠷᠠᠳ ᠰᠡᠯᠲᠡ᠂ ᠸᠠᠩ ᠤ᠋ᠨ ᠬᠠᠵᠠᠭᠤ ᠳ᠋ᠤ᠌ ᠪᠠᠷ᠎ᠠ ᠪᠣᠯᠤᠭᠴᠢ ᠬᠡᠷᠡᠢᠳ ᠴᠥᠮ ᠢ᠋ ᠪᠠᠳᠠᠢ᠂ ᠬᠢᠰᠢᠯᠢᠭ ᠬᠣᠶᠠᠷ ᠲᠤ᠌ ᠣᠯᠭᠣᠵᠤ《ᠬᠤᠪᠢ ᠳ᠋ᠠᠭᠠᠨ ᠵᠠᠷᠤᠴᠠᠯᠠᠵᠤ ᠬᠤᠨᠳᠠᠭ᠎ᠠ ᠪᠠᠨ ᠪᠠᠷᠢᠭᠤᠯᠵᠤ ᠬᠣᠷᠣᠮᠰᠬ᠎ᠠ ᠪᠠᠨ ᠵᠡᠭᠦᠯᠭᠡᠵᠦ ᠤᠷᠤᠭ ᠤ᠋ᠨ ᠤᠷᠤᠭ ᠲᠤ᠌ ᠬᠦᠷᠲᠡᠯ᠎ᠡ ᠤᠳᠠᠲᠠᠯ᠎ᠠ ᠳᠠᠷᠬᠠᠯᠠᠨ ᠵᠢᠷᠭᠠᠭᠲᠤᠨ ᠲᠠ ᠬᠣᠶᠠᠷ ᠠᠯᠠᠯᠳᠤᠭᠠᠨ ᠲᠡᠢᠨ ᠳ᠋ᠦ᠍ ᠶᠠᠪᠤᠵᠤ ᠠᠪᠤᠭᠰᠠᠨ ᠣᠯᠵᠠ ᠪᠠᠨ ᠴᠥᠮ ᠢ᠋ ᠠᠮᠢᠨ ᠳ᠋ᠠᠭᠠᠨ ᠠᠰᠢᠭᠯᠠᠵᠤ ᠪᠠᠢ᠌ᠭᠳᠣᠨ᠃ ᠠᠩ ᠠᠪᠠ ᠳ᠋ᠤ᠌ ᠶᠠᠪᠤᠵᠤ ᠠᠯᠠᠭᠰᠠᠨ ᠭᠥᠷᠥᠭᠡᠰᠦ ᠪᠡᠨ ᠴᠥᠮ ᠢ᠋ ᠬᠣᠪᠢᠨ ᠳ᠋ᠠᠭᠠᠨ ᠬᠡᠷᠡᠭᠯᠡᠵᠦ ᠪᠠᠢ᠌ᠭᠳᠣᠨ》ᠭᠡᠳ ᠴᠢᠩᠭᠢᠰ ᠬᠠᠭᠠᠨ ᠪᠠᠰᠠ ᠵᠠᠷᠯᠢᠭ ᠪᠣᠯᠤᠷᠤᠨ᠄ 《ᠪᠠᠳᠠᠢ ᠬᠢᠰᠢᠯᠢᠭ ᠬᠣᠶᠠᠷ᠂ ᠮᠢᠨᠦ ᠠᠮᠢ ᠶ᠋ᠢ ᠠᠪᠤᠷᠠᠵᠤ ᠲᠤᠰᠠ ᠬᠦᠷᠭᠡᠭᠰᠡᠨ ᠦ᠌ ᠲᠤᠯᠠ ᠮᠥᠩᠬᠡ ᠲᠡᠭᠷᠢ ᠳ᠋ᠦ᠍ ᠢᠪᠡᠭᠡᠭᠳᠡᠵᠦ᠂ ᠬᠡᠷᠡᠢᠳ ᠤᠯᠤᠰ ᠢ᠋ ᠲᠣᠷᠣᠢ᠌ᠳᠣᠭᠣᠯᠵᠣ᠂ ᠥᠨᠳᠥᠷ ᠰᠠᠭᠤᠷᠢᠨ ᠳ᠋ᠤ᠌ ᠬᠦᠷᠪᠡ ᠪᠢ᠃ ᠣᠳᠣ ᠪᠠ ᠢᠷᠡᠭᠡᠳᠦᠢ ᠳ᠋ᠦ᠍ ᠤᠷᠤᠭ ᠤ᠋ᠨ ᠤᠷᠤᠭ ᠬᠦᠷᠲᠡᠯ᠎ᠡ ᠮᠢᠨᠦ ᠰᠠᠭᠤᠷᠢ ᠶ᠋ᠢ ᠵᠠᠯᠭᠠᠮᠵᠢᠯᠠᠭᠴᠢᠳ᠂ ᠡᠨᠡ ᠬᠣᠶᠠᠷ ᠤ᠋ᠨ ᠬᠦᠷᠭᠡᠭᠰᠡᠨ ᠲᠤᠰᠠ ᠶ᠋ᠢ ᠡᠭᠦᠷᠢᠳᠡ ᠰᠠᠨᠠᠵᠤ ᠶᠠᠪᠤᠲᠤᠭᠠᠢ》 ᠭᠡᠵᠦ ᠵᠠᠷᠯᠢᠭ ᠪᠣᠯᠪᠠ᠃ᠬᠡᠷᠡᠢᠳ ᠤᠯᠤᠰ ᠢ᠋ ᠡᠵᠡᠯᠡᠵᠦ ᠬᠡᠨ ᠳ᠋ᠦ᠍ ᠴᠦ᠍ ᠲᠣᠳᠠᠭᠠᠯ ᠦᠭᠡᠢ ᠬᠡᠰᠡᠭᠯᠡᠵᠦ ᠬᠤᠪᠢᠶᠠᠵᠤ ᠠᠪᠤᠪᠠ᠃ᠲᠦᠮᠡᠨ ᠲᠦᠢᠪᠡᠭᠡᠨ ᠢ᠋ ᠨᠣᠮᠣᠭᠠᠳᠬᠠᠵᠣ ᠲᠡᠭᠦᠨ ᠢ᠋ ᠪᠦᠷᠢᠨ᠎ᠡ ᠲᠠᠰᠣᠴᠠᠵᠣ ᠲᠦᠭᠡᠭᠡᠨ ᠬᠤᠪᠢᠶᠠᠵᠤ ᠣᠷᠬᠢᠪᠠ᠃ᠣᠯᠠᠨ ᠲᠣᠩᠭ᠋ᠠᠢ᠌ᠳ ᠢ᠋ ᠳᠠᠷᠤᠵᠤ ᠣᠷᠣᠢ ᠪᠣᠯᠬᠤ ᠶ᠋ᠢᠨ ᠡᠮᠦᠨ᠎ᠡ ᠣᠭᠲᠣᠴᠢᠨ ᠬᠤᠪᠢᠶᠠᠵᠤ ᠠᠪᠤᠪᠠ᠃ᠴᠢᠰᠤ ᠤᠷᠤᠰᠬᠠᠬᠤ ᠳᠤᠷᠠᠲᠠᠢ ᠴᠤᠤᠲᠤ ᠵᠢᠷᠭᠢᠨ ᠣᠪᠣᠭ ᠢ᠋ ᠴᠣᠭ ᠢ᠋ ᠬᠤᠪᠢᠶᠠᠵᠤ ᠡᠵᠡᠯᠡᠪᠡ᠃ᠬᠡᠷᠡᠢᠳ ᠢᠷᠭᠡᠨ ᠢ᠋ ᠰᠥᠨᠥᠭᠡᠵᠦ ᠲᠡᠷᠡ ᠡᠪᠦᠯ᠂ ᠠᠪᠠᠴᠢᠭ᠎ᠠ ᠬᠥᠳᠡᠬᠡᠷ ᠭᠡᠳᠡᠭ ᠭᠠᠵᠠᠷ ᠡᠪᠦᠯᠵᠢᠪᠡ᠃
188᠂ ᠸᠠᠩ ᠬᠠᠨ ᠰᠡᠩᠭᠦᠮ ᠬᠣᠶᠠᠷ ᠳᠤᠲᠠᠭᠠᠵᠤ ᠭᠠᠷᠤᠭᠠᠳ ᠲᠢᠳᠢᠭ᠌ ᠰᠠᠬᠠᠯ ᠤ᠋ᠨ ᠨᠡᠭᠦᠨ ᠤᠰᠤ ᠭᠡᠳᠡᠭ ᠭᠠᠵᠠᠷ ᠸᠠᠩ ᠬᠠᠨ ᠠᠩᠭ᠋ᠠᠵᠣ ᠤᠰᠤᠨ ᠳᠡᠭᠡᠷ᠎ᠡ ᠣᠴᠢᠭᠠᠳ ᠨᠢᠮᠡᠨ ᠦ᠌ ᠬᠠᠷᠠᠭᠤᠯ ᠤ᠋ᠨ ᠬᠣᠷᠢᠰᠤ ᠪᠡᠴᠢ ᠭᠡᠭᠴᠢ ᠬᠥᠮᠦᠨ ᠲᠡᠢ ᠲᠣᠬᠢᠶᠠᠯᠳᠤᠪᠠ᠃ ᠬᠣᠷᠢᠰᠤ ᠪᠠᠴᠢ ᠳ᠋ᠤ᠌ ᠸᠠᠩ ᠬᠠᠨ 《ᠪᠢ ᠸᠠᠩ ᠬᠠᠨ ᠮᠥᠨ》 ᠭᠡᠵᠦ ᠬᠡᠯᠡᠭᠰᠡᠨ ᠪᠣᠯᠪᠠᠴᠤ ᠲᠡᠷᠡ ᠲᠠᠨᠢᠭᠰᠠᠨ ᠦᠭᠡᠢ ᠪᠠ ᠦᠨᠡᠮᠰᠢᠭᠰᠡᠨ ᠥᠬᠡᠢ᠂ ᠸᠠᠩ ᠬᠠᠨ ᠢ᠋ ᠪᠠᠷᠢᠵᠤ ᠠᠪᠤᠭᠠᠳ ᠠᠯᠠᠵᠠᠢ᠃ ᠰᠡᠩᠭᠦᠮ ᠲᠢᠳᠢᠭ᠌ ᠰᠠᠬᠠᠯ ᠤ᠋ᠨ ᠨᠡᠭᠦᠨ ᠤᠰᠤᠨ ᠳᠡᠭᠡᠷ᠎ᠡ ᠣᠴᠢᠯ ᠦᠭᠡᠢ ᠲᠣᠭᠣᠷᠢᠨ ᠭᠠᠷᠴᠤ᠂ ᠴᠦᠯ ᠭᠠᠵᠠᠷ ᠤᠰᠤ ᠡᠷᠢᠵᠦ ᠶᠠᠪᠤᠲᠠᠯ᠎ᠠ᠂ ᠬᠡᠰᠡᠭ ᠬᠤᠯᠠᠨ ᠢᠯᠠᠭᠠᠷᠬᠠᠨ ᠵᠣᠭᠰᠣᠵᠤ ᠪᠠᠢᠬᠤ ᠶ᠋ᠢ ᠦᠵᠡᠭᠡᠳ ᠰᠡᠩᠭᠦᠮ᠂ ᠮᠣᠷᠢᠨ ᠠ᠋ᠴᠠ ᠪᠠᠭᠤᠵᠤ ᠮᠣᠷᠢ ᠪᠠᠨ ᠠᠭᠳᠠᠴᠢ ᠬᠥᠭᠡᠴᠦ ᠳ᠋ᠦ᠍ ᠪᠠᠷᠢᠭᠤᠯᠤᠭᠠᠳ᠂ ᠬᠤᠯᠠᠨ ᠢ᠋ ᠮᠢᠷᠢᠶᠠᠵᠤ ᠣᠳᠪᠠ᠃ ᠰᠡᠩᠭᠦᠮ᠂ ᠠᠭᠲᠠᠴᠢ ᠬᠥᠭᠡᠴᠦ᠂ ᠬᠥᠭᠡᠴᠦ ᠶ᠋ᠢᠨ ᠡᠬᠡᠨᠡᠷ ᠭᠤᠷᠪᠠᠭᠤᠯᠠ ᠶᠠᠪᠤᠭᠰᠠᠨ ᠠᠵᠠᠢ᠃ ᠭᠡᠲᠡᠯ᠎ᠡ ᠠᠭᠳᠠᠴᠢ ᠬᠥᠭᠡᠴᠦ᠂ ᠰᠡᠩᠭᠦᠮ ᠦ᠋ᠨ ᠮᠣᠷᠢ ᠶ᠋ᠢ ᠬᠥᠲᠥᠯᠦᠭᠡᠳ ᠭᠡᠳᠡᠷᠭᠦ ᠪᠤᠴᠠᠨ ᠬᠠᠲᠠᠷᠢᠪᠠᠯ ᠲᠡᠭᠦᠨ ᠦ᠌ ᠡᠮ᠎ᠡ ᠥᠭᠦᠯᠡᠷᠦᠨ᠄
《ᠠᠯᠲᠠᠲᠤ ᠶ᠋ᠢ ᠡᠮᠦᠰᠬᠦ ᠳ᠋ᠦ᠍ ᠠᠮᠲᠠᠲᠤ ᠶ᠋ᠢ ᠢᠳᠡᠬᠦ ᠳ᠋ᠦ᠍ ᠠᠮᠠᠷᠠᠭ ᠬᠥᠭᠡᠴᠦ ᠮᠢᠨᠢ ᠭᠡᠵᠦ ᠬᠠᠢᠷᠠᠯᠠᠵᠤ ᠠᠰᠠᠷᠠᠨ ᠰᠠᠨᠠᠵᠤ ᠪᠢᠯᠡ ᠬᠠᠷᠢᠨ ᠣᠳᠣ ᠴᠢ ᠬᠠᠨ ᠰᠡᠩᠭᠦᠮ ᠢ᠋ ᠣᠷᠬᠢᠵᠤ ᠬᠠᠶᠠᠵᠤ ᠳᠤᠲᠠᠭᠠᠬᠤ ᠪᠤᠶᠤ?》 ᠭᠡᠵᠦ ᠬᠣᠴᠣᠷᠬᠤ ᠶ᠋ᠢ ᠵᠠᠪᠳᠤᠪᠠᠯ᠂ ᠬᠥᠭᠡᠴᠦ ᠥᠭᠦᠯᠡᠷᠦᠨ᠄ 《ᠴᠢ ᠰᠡᠩᠭᠦᠮ ᠦ᠋ᠨ ᠡᠬᠡᠨᠡᠷ ᠪᠣᠯᠬᠤ ᠭᠡᠪᠡ ᠤᠤ?》 ᠭᠡᠪᠡᠯ ᠡᠮ᠎ᠡ ᠨᠢ ᠥᠭᠦᠯᠡᠷᠦᠨ᠄
《ᠴᠢ ᠨᠠᠮ᠎ᠠ ᠶ᠋ᠢ ᠨᠣᠬᠠᠢ ᠮᠡᠲᠦ ᠢᠴᠢᠩᠭᠦᠷᠢ ᠦᠭᠡᠢ ᠠᠮᠢᠲᠠᠨ ᠭᠡᠬᠦ ᠪᠤᠶᠤ? ᠴᠢ ᠠᠯᠲᠠᠨ ᠬᠤᠨᠳᠠᠭ᠎ᠠ ᠶ᠋ᠢ ᠨᠢ ᠣᠷᠭᠢᠲᠤᠭᠠᠢ᠃ ᠶᠠᠳᠠᠬᠤ ᠳ᠋ᠠᠭᠠᠨ ᠤᠰᠤ ᠤᠤᠭᠤᠬᠤ ᠰᠠᠪᠠ ᠲᠠᠢ ᠦᠯᠡᠳᠡᠭ》 ᠭᠡᠪᠡᠯ᠂ ᠬᠥᠭᠡᠴᠦ ᠠᠯᠲᠠᠨ ᠬᠤᠨᠳᠠᠭ᠎ᠠ ᠶ᠋ᠢ ᠨᠢ ᠬᠣᠢᠰᠢ ᠬᠠᠶᠠᠭᠠᠳ ᠬᠠᠲᠠᠷᠢᠨ ᠣᠳᠪᠠ᠃ ᠠᠭᠳᠠᠴᠢ ᠬᠥᠭᠡᠴᠦ ᠪᠤᠴᠠᠵᠤ ᠢᠷᠡᠭᠡᠳ ᠴᠢᠩᠭᠢᠰ ᠬᠠᠭᠠᠨ ᠳ᠋ᠤ᠌ ᠣᠴᠢᠵᠤ᠄ 《ᠰᠡᠩᠭᠦᠮ ᠢ᠋ ᠲᠡᠢ᠌ᠠᠬᠥ ᠴᠦᠯ ᠳ᠋ᠦ᠍ ᠶᠠᠪᠠᠭᠠᠨ ᠬᠠᠶᠠᠭᠠᠳ ᠢᠷᠡᠪᠡ》 ᠭᠡᠵᠦ ᠶᠠᠷᠢᠯᠴᠠᠭᠰᠠᠨ ᠦᠭᠡ ᠪᠡᠨ ᠪᠦᠷᠢᠨ ᠢ᠋ᠶ᠋ᠡᠷ ᠠᠢᠯᠠᠳᠬᠠᠪᠠᠯ ᠴᠢᠩᠭᠢᠰ ᠬᠠᠭᠠᠨ ᠵᠠᠷᠯᠢᠭ ᠪᠣᠯᠤᠷᠤᠨ᠄
《ᠭᠠᠭᠴᠠᠬᠦ ᠡᠮ᠎ᠡ ᠶ᠋ᠢᠨ ᠬᠢᠨᠢ ᠠᠮᠢ ᠶ᠋ᠢ ᠥᠷᠥᠰᠢᠶᠡᠶ᠎ᠡ᠂ ᠨᠥᠭᠦᠭᠡ ᠠᠭᠳᠠᠴᠢ ᠬᠥᠭᠡᠴᠦ᠂ ᠬᠠᠨ ᠡᠵᠡᠨ ᠢ᠋ᠶ᠋ᠡᠨ ᠬᠠᠶᠠᠵᠤ ᠢᠷᠡᠪᠡ᠃ ᠬᠠᠷᠠᠬᠠᠨ ᠢᠲᠡᠭᠡᠵᠦ ᠪᠣᠯᠬᠤ ᠦᠭᠡᠢ ᠬᠥᠮᠦᠨ》 ᠭᠡᠵᠦ ᠴᠠᠪᠴᠢᠵᠤ ᠠᠯᠠᠪᠠ᠃ ᠰᠡᠩᠭᠦᠮ᠂ ᠠᠰᠢᠭ ᠪᠠᠯᠭᠠᠰᠤ ᠶ᠋ᠢ ᠳᠠᠭᠠᠷᠢᠵᠤ᠂ ᠲᠥᠪᠡᠳ ᠣᠷᠣᠨ ᠳ᠋ᠤ᠌ ᠰᠠᠭᠤᠵᠤ ᠪᠠᠢᠭᠰᠠᠨ ᠪᠣᠯᠪᠠᠴᠤ ᠨᠤᠲᠤᠭ ᠤ᠋ᠨ ᠠᠷᠠᠳ ᠲᠤ᠌ ᠬᠠᠪᠴᠢᠭᠳᠠᠵᠤ ᠳᠤᠲᠠᠭᠠᠵᠤ ᠭᠠᠷᠤᠭᠠᠳ ᠺᠠᠰᠢᠭᠠᠷ ᠲᠤ᠌ ᠢᠷᠡᠪᠡ᠃ ᠲᠡᠨᠳᠡᠬᠢ ᠶ᠋ᠢᠨ ᠨᠣᠶᠠᠨ ᠺᠠᠯᠵᠣ᠂ ᠰᠡᠩᠭᠦᠮ ᠢ᠋ ᠪᠠᠷᠢᠵᠤ ᠠᠯᠠᠭᠰᠠᠨ ᠪᠠ ᠡᠬᠡᠨᠡᠷ ᠬᠡᠦᠬᠡᠳ ᠢ᠋ ᠴᠢᠩᠭᠢᠰ ᠬᠠᠭᠠᠨ ᠳ᠋ᠤ᠌ ᠬᠦᠷᠭᠡᠵᠦ ᠥᠭᠪᠡ ᠭᠡᠳᠡᠭ ᠦᠭᠡ ᠪᠠᠢᠳᠠᠭ᠂ ᠷᠠᠰᠢᠳ᠋
189᠂ ᠨᠢᠮᠡᠨ ᠦ᠌ ᠲᠢᠶᠠᠨ ᠬᠠᠨ ᠤ᠋ ᠡᠬᠡ ᠬᠦᠷᠪᠡᠰᠦ ᠥᠭᠦᠯᠡᠷᠦᠨ᠄ 《ᠸᠠᠩ ᠬᠠᠨ᠂ ᠡᠷᠲᠡᠨ ᠦ᠌ ᠶᠡᠬᠡ ᠬᠠᠨ ᠪᠢᠯᠡ᠃ ᠲᠣᠯᠣᠭᠠᠢ ᠶ᠋ᠢ ᠨᠢ ᠠᠪᠴᠢᠷᠠᠭᠲᠤᠨ᠂ ᠬᠡᠷᠪᠡ ᠮᠥᠨ ᠪᠣᠯ ᠪᠢᠳᠡ ᠲᠠᠬᠢᠶ᠎ᠠ》 ᠭᠡᠵᠦ ᠬᠣᠷᠢᠰᠤ ᠪᠠᠴᠢ ᠳ᠋ᠤ᠌ ᠡᠯᠴᠢ ᠢᠯᠡᠬᠡᠨ᠂ ᠸᠠᠩ ᠬᠠᠨ ᠤ᠋ ᠲᠣᠯᠣᠭᠠᠢ ᠶ᠋ᠢ ᠣᠭᠲᠣᠯᠵᠤ ᠠᠪᠴᠢᠷᠠᠭᠤᠯᠪᠠᠯ ᠴᠣᠬᠣᠮ ᠮᠥᠨ ᠲᠤᠯᠠ ᠴᠠᠭᠠᠨ ᠣᠯᠪᠣᠭ ᠳᠡᠭᠡᠷ᠎ᠡ ᠣᠷᠣᠰᠢᠭᠤᠯᠵᠤ᠂ ᠢᠳᠡᠭᠡ ᠰᠢᠭᠦᠰᠦ ᠡᠷᠭᠦᠨ᠂ ᠪᠡᠷᠢᠶᠡᠳ ᠢ᠋ᠶ᠋ᠡᠨ (ᠪᠡᠷᠦᠭᠦᠳ) ᠪᠡᠷᠢᠯᠡᠬᠦᠯᠵᠦ᠂ ᠬᠤᠭᠤᠷ ᠬᠤᠭᠤᠷᠳᠠᠭᠤᠯᠵᠤ᠂ ᠢᠳᠡᠭᠡ ᠰᠢᠭᠦᠰᠦ ᠲᠠᠯᠪᠢᠵᠤ᠂ ᠬᠤᠨᠳᠠᠭ᠎ᠠ ᠡᠷᠭᠦᠭᠦᠯᠵᠦ ᠲᠠᠬᠢᠪᠠ᠃ ᠲᠡᠭᠡᠵᠦ ᠲᠠᠬᠢᠵᠦ ᠪᠠᠢᠲᠠᠯ᠎ᠠ᠂ ᠲᠡᠷᠡ ᠲᠣᠯᠣᠭᠠᠢ ᠢᠨᠢᠶᠡᠭᠰᠡᠨ ᠳ᠋ᠦ᠍ ᠢᠨᠢᠶᠡᠪᠡ ᠭᠡᠵᠦ ᠲᠢᠶᠠᠨ ᠬᠠᠨ ᠬᠢᠯᠢᠩᠯᠡᠵᠦ ᠬᠡᠮᠬᠡᠴᠡᠨ ᠭᠢᠰᠬᠢᠯᠡᠭᠦᠯᠪᠡ᠃ ᠡᠭᠦᠨ ᠳ᠋ᠦ᠍ ᠬᠥᠭᠰᠠᠬᠥᠤ ᠰᠠᠪᠷᠠᠭ ᠥᠭᠦᠯᠡᠷᠦᠨ᠄ 《ᠦᠬᠦᠭᠰᠡᠨ ᠬᠠᠨ ᠤ᠋ ᠲᠣᠯᠣᠭᠠᠢ ᠶ᠋ᠢ ᠣᠭᠲᠣᠯᠵᠤ ᠠᠪᠴᠢᠷᠠᠭᠠᠳ ᠬᠡᠮᠬᠡᠴᠡᠨ ᠬᠠᠶᠠᠵᠤ ᠶᠠᠭᠠᠬᠢᠵᠤ ᠵᠣᠬᠢᠬᠤ ᠪᠣᠢ? ᠮᠠᠨᠠᠢᠬᠢᠨ ᠨᠣᠬᠠᠢ ᠮᠠᠭᠤᠬᠠᠢ ᠪᠠᠷ ᠣᠯᠢᠨ ᠬᠤᠴᠠᠬᠤ ᠪᠣᠯᠪᠠ᠂ ᠤᠷᠢᠳᠤ ᠢᠨᠠᠠᠴᠠ ᠪᠡᠯᠭᠡ ᠬᠠᠭᠠᠨ ᠤ᠋ ᠬᠡᠯᠡᠭᠰᠡᠨ ᠨᠢ᠄
〈ᠡᠷ᠎ᠡ ᠨᠠᠮ᠎ᠠ ᠶ᠋ᠢ ᠥᠲᠡᠯᠦᠭᠰᠡᠨ ᠬᠣᠢᠨ᠎ᠠ ᠡᠬᠡᠨᠡᠷ ᠦ᠋ᠨ ᠮᠢᠨᠢ ᠵᠠᠯᠠᠭᠤ ᠪᠠᠢᠬᠤ ᠳ᠋ᠤ᠌ ᠡᠷᠬᠡᠲᠦ ᠲᠡᠭᠷᠢ ᠶ᠋ᠢᠨ ᠡᠯᠪᠡᠷᠢᠯ ᠢ᠋ᠶ᠋ᠡᠷ ᠡᠨᠡ ᠲᠢᠶᠠᠨ ᠲᠥᠷᠥᠭᠰᠡᠨ ᠪᠢᠯᠡ᠃ᠲᠣᠷᠯᠠᠭ ᠭᠤᠸ᠎ᠠ ᠪᠡᠶ᠎ᠡ ᠲᠡᠢ ᠲᠣᠷᠮᠣᠭᠣᠷ ᠪᠣᠷᠣ ᠬᠦᠦ ᠮᠢᠨᠢ ᠠᠷᠠᠳ ᠳᠣᠣᠷᠠᠲᠤ ᠣᠯᠠᠨ ᠢ᠋ᠶ᠋ᠠᠨ ᠠᠰᠠᠷᠠᠨ ᠵᠠᠬᠢᠷᠴᠤ ᠴᠢᠳᠠᠬᠤ ᠪᠣᠯᠪᠠ ᠤᠤ?〉 ᠭᠡᠵᠦ ᠪᠠᠢᠭᠰᠠᠨ ᠪᠢᠯᠡ᠂ ᠣᠳᠣ 〈ᠬᠠᠷ᠎ᠠ ᠨᠣᠬᠠᠢ ᠮᠠᠭᠤ ᠢᠷᠣ᠎ᠠ ᠪᠠᠷ ᠬᠤᠴᠠᠬᠤ ᠪᠣᠯᠪᠠ᠃ᠬᠠᠲᠤᠨ ᠬᠦᠷᠪᠡᠰᠦ ᠬᠠᠮᠤᠭ ᠬᠡᠷᠡᠭ ᠢ᠋ ᠮᠡᠳᠡᠬᠦ ᠪᠣᠯᠪᠠ᠃ᠬᠠᠨ ᠲᠢᠶᠠᠨ ᠴᠢ ᠬᠠᠯᠠᠰᠢᠷᠠᠬᠤ ᠵᠥᠭᠡᠯᠡᠨ ᠬᠥᠮᠦᠨ ᠪᠠᠢᠨ᠎ᠠ᠃ ᠠᠩ ᠬᠦᠷᠦᠭᠡ ᠬᠢᠬᠦ ᠡᠴᠡ ᠥᠭᠡᠷ᠎ᠡ᠂ ᠮᠡᠳᠡᠬᠦ ᠡᠷᠳᠡᠮ ᠴᠢᠳᠠᠯ ᠦᠭᠡᠢ ᠠᠵᠠᠢ〉 ᠭᠡᠪᠡᠯ᠂ ᠲᠢᠶᠠᠨ ᠬᠠᠨ ᠥᠭᠦᠯᠡᠷᠦᠨ᠄ 《ᠳᠣᠷᠣᠨ᠎ᠠ ᠵᠦᠭ ᠦ᠋ᠨ ᠴᠥᠭᠡᠨ ᠮᠣᠩᠭ᠋ᠣᠯ ᠣᠮᠣᠭᠳᠠᠭᠠᠳ ᠪᠠᠢᠬᠤ ᠪᠥᠯᠥᠭᠡ᠃ ᠡᠷᠲᠡᠨ ᠦ᠌ ᠰᠤᠷᠪᠤᠯᠵᠢᠲᠤ ᠸᠠᠩ ᠬᠠᠨ ᠢ᠋ ᠡᠯᠳᠡᠪ ᠢ᠋ᠶ᠋ᠡᠷ ᠠᠶᠤᠯᠭᠠᠨ ᠳᠤᠲᠠᠭᠠᠯᠭᠠᠵᠤ ᠡᠨᠡ ᠰᠠᠢᠬᠠᠨ ᠦᠬᠦᠭᠦᠯᠪᠡ᠃ ᠲᠡᠭᠡᠭᠡᠳ ᠲᠡᠳᠡ᠂ ᠪᠦᠭᠦᠳᠡ ᠶ᠋ᠢ ᠡᠵᠡᠯᠡᠨ ᠬᠠᠭᠠᠨ ᠪᠣᠯᠬᠤ ᠰᠠᠨᠠᠭ᠎ᠠ ᠲᠠᠢ ᠤᠤ? ᠲᠡᠭᠷᠢ ᠶ᠋ᠢ ᠤᠯᠠᠮ ᠭᠡᠭᠡᠨ ᠭᠡᠷᠡᠯ ᠲᠡᠢ ᠪᠣᠯᠭᠠᠬᠤ ᠶ᠋ᠢᠨ ᠲᠤᠯᠠ ᠨᠠᠷᠠ ᠰᠠᠷᠠ ᠬᠣᠶᠠᠷ ᠪᠠᠢᠳᠠᠭ ᠪᠢᠵᠡ᠃ ᠭᠡᠲᠡᠯ᠎ᠡ ᠭᠠᠵᠠᠷ ᠳᠡᠭᠡᠷ᠎ᠡ ᠬᠣᠶᠠᠷ ᠬᠠᠨ ᠪᠠᠢᠵᠤ ᠶᠠᠭᠠᠬᠢᠵᠤ ᠪᠣᠯᠤᠨ᠎ᠠ (ᠭᠠᠵᠠᠷ ᠳᠡᠭᠡᠷ᠎ᠡ ᠶᠠᠭᠤᠨ ᠤ᠋ ᠲᠤᠯᠠ ᠬᠣᠶᠠᠷ ᠬᠠᠨ ᠪᠠᠢᠬᠤ ᠬᠡᠷᠡᠭᠲᠡᠢ ᠪᠣᠢ) ᠣᠳᠣ ᠲᠡᠷᠡ ᠬᠡᠳᠦᠨ ᠮᠣᠩᠭᠣᠯ ᠢ᠋ ᠡᠵᠡᠯᠡᠵᠦ ᠠᠪᠴᠢᠷᠠᠶ᠎ᠠ》 ᠭᠡᠵᠡᠢ᠃ ᠲᠡᠭᠦᠨ ᠳ᠋ᠦ᠍ ᠡᠬᠡ ᠬᠦᠷᠪᠡᠰᠦ ᠨᠢ ᠥᠭᠦᠯᠡᠷᠦᠨ᠄
《ᠶᠠᠭᠤ ᠬᠢᠨ᠎ᠡ? ᠲᠡᠳᠡᠨ ᠢ᠋ ᠮᠣᠩᠭ᠋ᠣᠯᠴᠣᠳ ᠬᠠᠩᠬᠤᠯᠤᠮ᠎ᠠ ᠮᠠᠭᠤ ᠦᠨᠦᠷᠲᠡᠢ ᠬᠠᠷ᠎ᠠ ᠮᠠᠭᠤᠬᠠᠢ ᠬᠤᠪᠴᠠᠰᠤ ᠲᠠᠢ ᠲᠤᠯᠠ ᠠᠪᠴᠢᠷᠠᠵᠤ ᠶᠠᠭᠤ ᠬᠢᠨ᠎ᠡ? ᠬᠣᠯᠠᠬᠠᠨ ᠪᠠᠢᠪᠠᠯ ᠳᠡᠭᠡᠷ᠎ᠡ ᠪᠢᠯᠡ᠃ ᠭᠠᠭᠴᠠᠬᠦ ᠰᠢᠯᠢᠳᠡᠭ ᠰᠠᠢᠨ ᠥᠬᠢᠳ ᠪᠡᠷᠢᠶᠡᠳ ᠢ᠋ ᠨᠢ ᠠᠪᠴᠢᠷᠠᠭᠠᠳ ᠭᠠᠷ ᠬᠥᠯ ᠢ᠋ ᠨᠢ ᠤᠬᠢᠶᠠᠯᠭᠠᠪᠠᠯ ᠦᠨᠢᠶ᠎ᠡ᠂ ᠬᠣᠨᠢ ᠰᠠᠭᠠᠯᠭᠠᠵᠣ ᠪᠣᠯᠬᠤ ᠮᠡᠲᠦ》 ᠭᠡᠪᠡᠯ ᠲᠢᠶᠠᠨ ᠬᠠᠨ ᠥᠭᠦᠯᠡᠷᠦᠨ᠄ 《ᠲᠡᠳᠡ ᠶᠠᠮᠠᠷ ᠪᠣᠯᠪᠠᠴᠤ ᠬᠠᠮᠢᠶ᠎ᠠ ᠦᠭᠡᠢ ᠪᠢᠳᠡ ᠮᠣᠩᠭ᠋ᠣᠯ ᠳ᠋ᠤ᠌ ᠣᠴᠢᠵᠤ ᠬᠣᠷᠮᠣᠰᠬ᠎ᠠ ᠰᠠᠭᠠᠳᠠᠭ ᠢ᠋ ᠬᠣᠷᠢᠶᠠᠨ ᠠᠪᠴᠢᠷᠠᠶ᠎ᠠ (ᠡᠵᠡᠯᠡᠨ ᠠᠪᠴᠢᠷᠠᠶ᠎ᠠ)》 ᠭᠡᠵᠡᠢ᠃
190᠂ ᠡᠳᠡᠭᠡᠷ ᠦᠭᠡ ᠶ᠋ᠢ ᠰᠣᠨᠣᠰᠤᠭᠠᠳ ᠬᠥᠭᠰᠠᠬᠥᠤ ᠰᠠᠪᠷᠠᠭ ᠪᠠᠭᠠᠲᠤᠷ ᠥᠭᠦᠯᠡᠷᠦᠨ᠄ 《ᠲᠠ ᠬᠡᠲᠦᠷᠬᠡᠢ ᠶᠡᠬᠡ ᠦᠭᠡ ᠬᠡᠯᠡᠵᠦ ᠪᠠᠢᠨ᠎ᠠ᠂ ᠡᠶ᠎ᠡ᠂ ᠲᠣᠷᠯᠣᠭ ᠬᠠᠨ ᠮᠢᠨᠢ ᠢᠩᠭᠢᠵᠦ ᠪᠣᠯᠬᠤ ᠪᠤᠶᠤ? ᠪᠣᠯᠢᠭᠲᠤᠨ》 ᠭᠡᠵᠦ ᠬᠥᠭᠰᠠᠬᠥᠤ ᠰᠠᠪᠷᠠᠭ ᠬᠡᠳᠦᠢᠪᠡᠷ ᠢᠳᠬᠠᠪᠠᠴᠤ ᠦᠭᠡ ᠶ᠋ᠢ ᠨᠢ ᠰᠣᠨᠣᠰᠤᠭᠰᠠᠨ ᠦᠭᠡᠢ᠂ ᠲᠤᠷᠪᠢ ᠳᠠᠰᠢ ᠨᠡᠷᠡᠲᠦ ᠡᠯᠴᠢ ᠶ᠋ᠢ ᠣᠩᠭ᠋ᠣᠳ ᠠᠢᠮᠠᠭ ᠤ᠋ᠨ ᠠᠯᠠᠬᠣᠰᠢ ᠲᠢᠭᠢᠳ ᠬᠣᠷᠢ ᠳ᠋ᠤ᠌ ᠲᠣᠮᠢᠯᠠᠨ ᠶᠠᠪᠤᠭᠤᠯᠵᠤ ᠬᠡᠯᠡᠭᠦᠯᠦᠭᠰᠡᠨ ᠨᠢ᠄ 《ᠡᠨᠡ ᠳᠣᠷᠣᠨ᠎ᠠ ᠵᠦᠭ ᠦ᠋ᠨ ᠴᠥᠭᠡᠨ ᠮᠣᠩᠭ᠋ᠣᠯ ᠣᠮᠣᠭᠳᠠᠬᠤ ᠪᠣᠯᠪᠠ᠂ ᠴᠢ ᠪᠠᠷᠠᠭᠤᠨ ᠭᠠᠷ ᠪᠣᠯᠵᠤ ᠮᠣᠷᠳᠠ᠃ ᠪᠢ ᠡᠨᠳᠡ ᠡᠴᠡ ᠬᠠᠮᠰᠠᠵᠤ ᠬᠣᠶᠠᠭᠤᠯᠠ ᠲᠡᠷᠡ ᠬᠡᠳᠦᠨ ᠮᠣᠩᠭ᠋ᠣᠯ ᠤ᠋ᠨ ᠬᠣᠷᠮᠣᠰᠬ᠎ᠠ ᠶ᠋ᠢ ᠪᠤᠯᠢᠶᠠᠨ ᠠᠪᠤᠶ᠎ᠠ》 ᠭᠡᠵᠦ ᠢᠯᠡᠭᠡᠵᠡᠢ᠃ ᠲᠡᠷᠡ ᠦᠭᠡᠨ ᠳ᠋ᠦ᠍ ᠠᠯᠠᠬᠣᠰᠢ ᠲᠢᠭᠢᠳ ᠬᠣᠷᠢ ᠬᠠᠷᠢᠭᠤ ᠥᠭᠦᠯᠡᠷᠦᠨ᠄
《ᠪᠢ ᠴᠢᠨᠦ ᠪᠠᠷᠠᠭᠤᠨ ᠭᠠᠷ ᠪᠣᠯᠵᠤ ᠴᠢᠳᠠᠬᠤ ᠦᠭᠡᠢ》 ᠭᠡᠵᠦ ᠶᠠᠪᠤᠭᠤᠯᠤᠭᠠᠳ᠂ ᠶᠣᠬᠣᠨᠠᠨ ᠨᠡᠷᠡᠲᠦ ᠡᠯᠴᠢ ᠪᠡᠨ ᠵᠠᠷᠤᠵᠤ ᠴᠢᠩᠭᠢᠰ ᠬᠠᠭᠠᠨ ᠳ᠋ᠤ᠌ ᠬᠡᠯᠡᠭᠦᠯᠦᠭᠰᠡᠨ ᠨᠢ᠄ 《ᠨᠢᠮᠡᠨ ᠦ᠌ ᠲᠢᠶᠠᠨ ᠬᠠᠨ᠂ ᠴᠢᠨᠦ ᠬᠣᠷᠮᠣᠰᠬ᠎ᠠ ᠶ᠋ᠢ ᠪᠤᠯᠢᠶᠠᠵᠤ ᠠᠪᠤᠶ᠎ᠠ᠂ ᠨᠠᠮ᠎ᠠ ᠶ᠋ᠢ ᠪᠠᠷᠠᠭᠤᠨ ᠭᠠᠷ ᠪᠣᠯ ᠭᠡᠰᠡᠨ ᠳ᠋ᠦ᠍ ᠪᠢ ᠡᠰᠡ ᠵᠥᠪᠰᠢᠶᠡᠷᠡᠪᠡ᠃ ᠣᠳᠣ ᠪᠢ ᠴᠢᠮᠢ᠋ᠢ ᠪᠣᠯᠭᠣᠮᠵᠢᠯᠠᠲᠤᠭᠠᠢ ᠭᠡᠵᠦ ᠡᠨᠡ ᠤᠴᠢᠷ ᠢ᠋ ᠮᠡᠳᠡᠵᠦ ᠢᠯᠡᠭᠡᠪᠡ᠃ ᠳᠠᠢᠰᠤᠨ ᠳ᠋ᠤ᠌ ᠴᠢ ᠬᠣᠷᠮᠣᠰᠬ᠎ᠠ ᠪᠠᠨ ᠠᠪᠳᠣᠭᠣᠵᠠᠢ》 ᠭᠡᠵᠦ ᠢᠯᠡᠭᠡᠵᠡᠢ᠃ ᠲᠡᠷᠡ ᠴᠠᠭ ᠲᠤ᠌ ᠴᠢᠩᠭᠢᠰ ᠬᠠᠭᠠᠨ᠂ ᠲᠡᠮᠡᠭᠡᠨ ᠬᠡᠭᠡᠷ᠎ᠡ ᠭᠡᠳᠡᠭ ᠭᠠᠵᠠᠷ ᠠᠪᠠ ᠬᠢᠵᠦ ᠪᠠᠢᠭᠰᠠᠨ ᠪᠠ ᠲᠥᠯᠬᠢᠠᠴᠡᠭᠦᠳ ᠭᠡᠳᠡᠭ ᠭᠠᠵᠠᠷ ᠢ᠋ ᠬᠣᠮᠣᠷᠠᠨ ᠠᠩᠨᠠᠵᠤ ᠪᠠᠢᠬᠤ ᠳ᠋ᠤ᠌ ᠠᠯᠠᠬᠣᠰᠢ ᠲᠢᠭᠢᠳ ᠬᠣᠷᠢ ᠶ᠋ᠢᠨ ᠶᠠᠪᠤᠭᠤᠯᠤᠭᠰᠠᠨ ᠡᠯᠴᠢ ᠶᠣᠬᠣᠨᠠᠨ ᠢᠷᠡᠵᠦ ᠬᠡᠯᠡ ᠬᠦᠷᠭᠡᠪᠡ᠃ ᠡᠨᠡ ᠮᠡᠳᠡᠭᠡ ᠶ᠋ᠢ ᠰᠣᠨᠣᠰᠤᠭᠠᠳ ᠮᠥᠨ ᠠᠪᠠ ᠶ᠋ᠢᠨ ᠭᠠᠵᠠᠷ 《ᠶᠠᠭᠠᠬᠢᠬᠤ ᠪᠣᠢ?》 ᠭᠡᠵᠦ ᠵᠥᠪᠯᠡᠯᠳᠦᠪᠡᠯ᠂ ᠣᠯᠠᠨ ᠬᠥᠮᠦᠨ ᠥᠭᠦᠯᠡᠷᠦᠨ᠄ 《ᠪᠢᠳᠡᠨ ᠦ᠌ ᠠᠭᠲᠠ ᠲᠤᠷᠠᠩᠬᠠᠢ ᠪᠠᠢᠨ᠎ᠠ᠃ ᠣᠳᠣ ᠶᠠᠭᠠᠬᠢᠬᠤ ᠴᠤ᠌ ᠠᠷᠭ᠎ᠠ ᠦᠭᠡᠢ ᠨᠠᠮᠤᠷ᠂ ᠠᠭᠲᠠ ᠪᠠᠨ ᠲᠠᠷᠭᠤᠯᠠᠭᠰᠠᠨ ᠬᠣᠢᠨ᠎ᠠ ᠪᠠᠢᠯᠳᠤᠶ᠎ᠠ᠂ᠷᠠᠰᠢᠳ᠋ ᠭᠡᠪᠡᠯ᠂ ᠣᠳᠴᠢᠭᠢᠨ ᠨᠣᠶᠠᠨ ᠥᠭᠦᠯᠡᠷᠦᠨ᠄ 《ᠠᠭᠲᠠ ᠶ᠋ᠢ ᠲᠤᠷᠠᠩᠬᠠᠢ ᠭᠡᠵᠦ ᠰᠢᠯᠲᠠᠭᠯᠠᠵᠤ ᠶᠠᠭᠠᠬᠢᠵᠤ ᠪᠣᠯᠤᠨ᠎ᠠ? ᠮᠢᠨᠦ ᠮᠣᠷᠢᠳ ᠲᠠᠷᠭᠤᠨ ᠪᠠᠢᠨ᠎ᠠ᠃ ᠡᠢᠮᠦ ᠮᠡᠳᠡᠭᠡ ᠶ᠋ᠢ ᠰᠣᠨᠣᠰᠤᠭᠠᠳ ᠵᠦᠭᠡᠷ ᠰᠠᠭᠤᠵᠤ ᠪᠣᠯᠬᠤ ᠤᠤ? ᠨᠢᠭᠡᠨᠲᠡ ᠡᠢᠮᠦ ᠮᠡᠳᠡᠭᠡ ᠰᠣᠨᠣᠰᠤᠭᠰᠠᠨ ᠲᠤᠯᠠ ᠳᠠᠷᠤᠢ ᠪᠠᠢᠯᠳᠤᠷ᠎ᠠ ᠮᠣᠷᠳᠠᠶ᠎ᠠ᠃ ᠬᠥᠳᠡᠯᠦᠯ ᠦᠭᠡᠢ ᠰᠠᠭᠤᠵᠤ ᠪᠠᠢᠭᠠᠳ ᠲᠢᠶᠠᠨ ᠬᠠᠨ ᠳ᠋ᠤ᠌ ᠠᠪᠲᠠᠭᠳᠠᠪᠠᠯ ᠡᠨᠡ ᠭᠠᠵᠠᠷ ᠮᠣᠩᠭ᠋ᠣᠯᠴᠣᠳ᠂ ᠲᠢᠶᠠᠨ ᠬᠠᠨ ᠳ᠋ᠤ᠌ ᠡᠵᠡᠯᠡᠭᠳᠡᠭᠰᠡᠨ ᠭᠡᠬᠦ ᠮᠠᠭᠤ ᠨᠡᠷ᠎ᠡ ᠦᠯᠡᠳᠡᠬᠦ ᠪᠢᠰᠢᠦ᠃ ᠪᠠᠢᠯᠳᠤᠭᠰᠠᠨ ᠤ᠋ ᠬᠣᠢᠨ᠎ᠠ ᠲᠡᠳᠡ ᠳᠡᠢᠯᠬᠦ᠂ ᠪᠢᠳᠡ ᠳᠡᠢᠯᠬᠦ ᠠᠯᠢ ᠨᠢ ᠪᠣᠯᠬᠤ ᠶ᠋ᠢ ᠭᠠᠭᠴᠠᠬᠦ ᠮᠥᠩᠬᠡ ᠲᠡᠭᠷᠢ ᠮᠡᠳᠡᠨ᠎ᠡ᠂ ᠷᠠᠰᠢᠳ᠋》 ᠭᠡᠪᠡ᠃ ᠪᠡᠯᠭᠦᠳᠡᠢ ᠨᠣᠶᠠᠨ ᠥᠭᠦᠯᠡᠷᠦᠨ᠄
《ᠠᠮᠢᠳᠤ ᠶᠠᠪᠤᠭ᠎ᠠ ᠪᠠᠢᠲᠠᠯ᠎ᠠ ᠠᠯᠲᠠᠨ ᠬᠣᠷᠮᠣᠰᠬ᠎ᠠ ᠪᠠᠨ ᠠᠯᠳᠠᠪᠠᠯ ᠠᠮᠢᠳᠤ ᠶᠠᠪᠤᠭᠰᠠᠨ ᠤ᠋ ᠬᠡᠷᠡᠭ ᠶᠠᠭᠤᠨ?ᠨᠤᠮᠤ ᠰᠤᠮᠤ ᠪᠠᠨ ᠪᠠᠷᠢᠭᠰᠠᠭᠠᠷ ᠰᠠᠭᠠᠳᠠᠭ ᠬᠣᠷᠮᠣᠰᠠᠬ᠎ᠠ ᠪᠠᠨ ᠳᠡᠷᠡᠯᠡᠭᠰᠡᠭᠡᠷ ᠶᠠᠰᠤ ᠪᠠᠨ ᠬᠡᠭᠡᠷ᠎ᠡ ᠣᠷᠬᠢᠬᠤ ᠠ᠋ᠴᠠ ᠡᠷᠬᠢᠮ ᠰᠠᠢᠨ ᠦᠬᠦᠯ ᠡᠷ᠎ᠡ ᠬᠥᠮᠦᠨ ᠳ᠋ᠦ᠍ ᠪᠠᠢᠬᠤ ᠪᠤᠶᠤ? ᠠᠷᠤ ᠨᠢᠮᠡᠨ ᠤᠯᠤᠰ ᠠᠭᠤᠤ ᠶᠡᠬᠡ ᠨᠤᠲᠤᠭ ᠲᠠᠢ ᠠᠷᠠᠳ ᠢᠷᠭᠡᠨ ᠣᠯᠠᠨ ᠲᠠᠢ ᠠᠳᠤᠭᠤ ᠮᠠᠯ ᠪᠠᠶᠠᠯᠢᠭ ᠲᠠᠢ ᠭᠡᠵᠦ ᠶᠡᠬᠡ ᠰᠦᠷ ᠪᠠᠳᠠᠷᠠᠭᠤᠯᠤᠨ ᠡᠢᠮᠦ ᠦᠭᠡ ᠬᠡᠯᠡᠵᠦ ᠪᠠᠢᠨ᠎ᠠ᠃ᠬᠠᠷᠢᠨ ᠡᠨᠡ ᠳᠡᠯᠢᠮ ᠳ᠋ᠦ᠍ ᠬᠠᠯᠳᠠᠵᠤ ᠪᠢᠳᠡ ᠣᠴᠢᠪᠠᠯ ᠨᠤᠲᠤᠭ ᠤᠰᠤ ᠶ᠋ᠢ ᠡᠵᠡᠯᠡᠵᠦ ᠨᠤᠮᠤ ᠰᠤᠮᠤ ᠶ᠋ᠢ ᠪᠤᠯᠢᠶᠠᠬᠤ ᠳ᠋ᠤ᠌ ᠪᠡᠷᠬᠡ ᠦᠭᠡᠢ᠃ᠣᠳᠣ ᠪᠢᠳᠡ ᠳᠣᠪᠲᠣᠯᠤᠨ ᠣᠴᠢᠪᠠᠯ ᠣᠯᠠᠨ ᠠᠳᠤᠭᠤ ᠪᠠᠨ ᠬᠤᠷᠢᠶᠠᠵᠤ ᠠᠮᠵᠢᠬᠤ ᠦᠭᠡᠢ᠂ᠣᠷᠬᠢᠭᠠᠳ ᠳᠤᠲᠠᠭᠠᠬᠤ ᠨᠢ ᠮᠠᠭᠠᠳ ᠦᠭᠡᠢ ᠪᠢᠰᠢᠦ᠂ ᠤᠷᠲᠤ ᠭᠡᠷ ᠢ᠋ᠶ᠋ᠡᠨ ᠠᠴᠢᠵᠤ ᠴᠢᠳᠠᠬᠤ ᠦᠭᠡᠢ᠂ ᠬᠠᠶᠠᠭᠠᠳ ᠵᠠᠢᠯᠠᠬᠤ ᠨᠢ ᠯᠠᠪᠲᠠᠢ ᠪᠢᠰᠢᠦ᠂ᠣᠯᠠᠨ ᠬᠠᠷᠢᠶᠠᠲᠤ ᠠᠷᠠᠳ ᠨᠢ ᠣᠢ ᠲᠠᠢᠭ᠎ᠠ ᠳ᠋ᠤ᠌ ᠰᠢᠷᠭᠤᠵᠤ ᠣᠰᠣᠯᠳᠠᠨ ᠰᠠᠮᠠᠭᠤᠷᠠᠬᠤ ᠪᠢᠵᠡ᠂ ᠣᠳᠣ ᠡᠢᠮᠦ ᠦᠭᠡ ᠶ᠋ᠢ ᠰᠣᠨᠣᠰᠤᠭᠰᠠᠭᠠᠷ ᠪᠠᠢᠵᠤ ᠣᠭᠲᠣ ᠵᠦᠭᠡᠷ ᠥᠩᠭᠡᠷᠡᠭᠦᠯᠵᠦ ᠪᠣᠯᠬᠤ ᠦᠭᠡᠢ᠂ᠣᠯᠠᠨ ᠳᠠᠶᠠᠭᠠᠷ ᠪᠠᠢᠯᠳᠤᠷ᠎ᠠ ᠮᠣᠷᠳᠠᠶ᠎ᠠ》 ᠭᠡᠪᠡ᠃
191᠂ ᠪᠡᠯᠭᠦᠳᠡᠢ ᠨᠣᠶᠠᠨ ᠤ᠋ ᠡᠨᠡ ᠦᠭᠡ ᠶ᠋ᠢ ᠴᠢᠩᠭᠢᠰ ᠬᠠᠭᠠᠨ ᠵᠥᠪᠰᠢᠶᠡᠷᠡᠵᠦ᠂ ᠠᠪᠠ ᠠ᠋ᠴᠠ ᠪᠠᠭᠤᠭᠠᠳ ᠠᠪᠠᠴᠢᠭ᠎ᠠ ᠬᠥᠳᠡᠬᠡᠷ ᠡᠴᠡ ᠨᠡᠭᠦᠵᠦ᠂ ᠬᠠᠯᠬ᠎ᠠ ᠭᠣᠣᠯ ᠤ᠋ᠨ ᠣᠷᠣᠨᠣᠭᠣ ᠶ᠋ᠢᠨ ᠬᠡᠯᠲᠡᠭᠡᠢ ᠬᠠᠳᠠ ᠭᠡᠳᠡᠭ ᠭᠠᠵᠠᠷ ᠣᠴᠢᠵᠤ ᠪᠠᠭᠤᠭᠠᠳ ᠴᠡᠷᠢᠭ ᠠᠷᠠᠳ ᠢ᠋ᠶ᠋ᠠᠨ ᠪᠦᠷᠢᠳᠬᠡᠨ ᠲᠣᠭᠠᠯᠠᠪᠠ᠃ ᠴᠢᠩᠭᠢᠰ ᠬᠠᠭᠠᠨ᠂ ᠴᠡᠷᠢᠭ ᠢ᠋ᠶ᠋ᠡᠨ ᠬᠤᠪᠢᠶᠠᠷᠢᠯᠠᠵᠤ᠂ ᠮᠢᠩᠭᠠᠨ ᠤ᠋ ᠨᠣᠶᠠᠨ᠂ ᠵᠠᠭᠤᠨ ᠤ᠋ ᠨᠣᠶᠠᠨ᠂ᠠᠷᠪᠠᠨ ᠤ᠋ ᠨᠣᠶᠠᠨ ᠪᠠ ᠲᠡᠷᠢᠭᠦᠯᠡᠨ ᠵᠠᠬᠢᠷᠬᠤ ᠶᠡᠬᠡ ᠴᠡᠷᠪᠢ ᠨᠠᠷ ᠢ᠋ ᠲᠣᠮᠢᠯᠠᠪᠠ᠃ ᠲᠣᠳᠠᠢ ᠴᠡᠷᠪᠢ᠂ ᠲᠤᠭᠤᠯᠬᠤ ᠴᠡᠷᠪᠢ᠂ ᠥᠭᠡᠯᠡᠨ ᠴᠡᠷᠪᠢ᠂ ᠲᠤᠯᠤᠨ ᠴᠡᠷᠪᠢ᠂ ᠪᠤᠴᠠᠷᠨᠨ ᠴᠡᠷᠪᠢ᠂ ᠰᠦᠬᠡᠲᠦ ᠴᠡᠷᠪᠢ ᠡᠨᠡ ᠵᠢᠷᠭᠤᠭᠠᠨ ᠴᠡᠷᠪᠢ ᠲᠦᠰᠢᠮᠡᠯ ᠢ᠋ ᠲᠡᠨᠳᠡ ᠲᠣᠮᠢᠯᠠᠪᠠ᠃ ᠴᠡᠷᠢᠭ ᠦ᠋ᠳ ᠢ᠋ᠶ᠋ᠡᠨ ᠠᠷᠪᠠᠨ᠂ ᠵᠠᠭᠤᠨ᠂ ᠮᠢᠩᠭᠠᠨ ᠪᠣᠯᠭᠠᠨ ᠬᠤᠪᠢᠶᠠᠷᠢᠯᠠᠵᠤ ᠳᠠᠭᠤᠰᠤᠭᠠᠳ᠂ ᠪᠠᠰᠠ ᠨᠠᠶᠠᠨ ᠬᠡᠪᠲᠡᠭᠦᠯ (ᠰᠥᠨᠢ ᠶ᠋ᠢᠨ ᠮᠠᠨᠠᠭᠤᠯ) ᠳᠠᠯᠠᠨ ᠲᠣᠷᠬᠠᠭ ᠤ᠋ᠳ (ᠲᠣᠷᠭᠠᠨ ᠴᠡᠷᠢᠭ) ᠬᠡᠰᠢᠭᠲᠡᠨ (ᠡᠭᠡᠯᠵᠢ ᠶ᠋ᠢᠨ ᠬᠠᠷᠠᠭᠠᠯᠵᠠᠭᠴᠢ) ᠨᠠᠷ ᠢ᠋ ᠲᠤᠰᠬᠠᠢᠯᠠᠨ ᠲᠣᠮᠢᠯᠠᠵᠤ᠂ ᠡᠭᠦᠨ ᠳ᠋ᠦ᠍ ᠮᠢᠩᠭᠠᠨ ᠤ᠋ ᠨᠣᠶᠠᠳ᠂ ᠵᠠᠭᠤᠨ ᠤ᠋ ᠨᠣᠶᠠᠳ ᠤ᠋ᠨ ᠬᠥᠪᠡᠭᠦᠳ ᠳᠡᠭᠦᠦ ᠨᠠᠷ ᠪᠠ ᠰᠤᠯᠠ ᠠᠷᠠᠳ ᠤ᠋ᠨ (ᠴᠢᠯᠥᠭᠡᠲᠦ ᠢᠷᠭᠡᠨ ᠦ᠌) ᠬᠥᠪᠡᠭᠦᠳ ᠳᠡᠭᠦᠦ ᠨᠠᠷ ᠤ᠋ᠨ ᠳᠣᠲᠣᠷ᠎ᠠ ᠠ᠋ᠴᠠ ᠡᠷᠳᠡᠮ ᠴᠢᠳᠠᠯ ᠲᠠᠢ᠂ ᠪᠡᠶ᠎ᠡ ᠪᠢᠯᠳᠠᠷ ᠰᠠᠢᠲᠠᠢ ᠶ᠋ᠢ ᠨᠢ ᠢᠯᠭᠠᠵᠤ ᠣᠷᠣᠭᠤᠯᠪᠠ᠃ ᠴᠢᠩᠭᠢᠰ ᠬᠠᠭᠠᠨ ᠲᠡᠨᠳᠡ ᠠᠷᠬᠠᠢ ᠬᠠᠰᠠᠷ ᠢ᠋ ᠥᠷᠥᠰᠢᠶᠡᠨ ᠳᠣᠲᠣᠨᠣᠯᠠᠵᠤ᠄ 《ᠮᠢᠩᠭᠠᠨ ᠰᠠᠢᠨ ᠪᠠᠭᠠᠲᠤᠷ ᠢ᠋ ᠰᠢᠯᠢᠵᠦ ᠠᠪᠲᠤᠭᠠᠢ! ᠪᠠᠢᠯᠳᠤᠬᠤ ᠡᠳᠦᠷ ᠡᠮᠦᠨ᠎ᠡ ᠮᠢᠨᠢ ᠶᠠᠪᠤᠵᠤ ᠪᠠᠢᠯᠳᠤᠲᠤᠭᠠᠢ ! ᠶᠡᠷᠦ ᠶ᠋ᠢᠨ ᠡᠳᠦᠷ ᠮᠢᠨᠦ ᠰᠢᠳᠠᠷ ᠬᠡᠰᠢᠭᠲᠡᠨ ᠪᠣᠯᠵᠤ ᠶᠠᠪᠤᠲᠤᠭᠠᠢ!》 ᠭᠡᠵᠦ ᠵᠠᠷᠯᠢᠭ ᠪᠣᠯᠪᠠ᠃ ᠪᠠᠰᠠ 《ᠳᠠᠯᠠᠨ ᠲᠣᠷᠬᠠᠭ ᠤ᠋ᠳ ᠢ᠋ ᠥᠭᠡᠯᠡᠨ ᠴᠡᠷᠪᠢ ᠠᠬᠠᠯᠠᠵᠤ ᠶᠠᠪᠤᠲᠤᠭᠠᠢ! ᠬᠣᠢᠲᠤᠰ ᠬᠠᠯᠴᠠᠨ ᠲᠠᠢ ᠵᠥᠪᠯᠡᠵᠦ ᠶᠠᠪᠤᠲᠤᠭᠠᠢ!》 ᠭᠡᠪᠡ᠃
192᠂ ᠪᠠᠰᠠ ᠴᠢᠩᠭᠢᠰ ᠬᠠᠭᠠᠨ ᠵᠠᠷᠯᠢᠭ ᠪᠣᠯᠤᠷᠤᠨ᠄ 《ᠬᠣᠷᠴᠢᠨ (ᠨᠤᠮᠤ ᠰᠤᠮᠤ ᠠᠭᠰᠠᠭᠴᠢᠳ)᠂ ᠲᠣᠷᠭᠤᠳ᠂ ᠬᠡᠰᠢᠭᠲᠡᠨ ᠪᠠᠭᠤᠷᠢᠴᠢ (ᠲᠣᠭᠣᠭᠠᠴᠢ)᠂ ᠬᠠᠭᠠᠯᠭᠠᠴᠢ ᠠᠭᠳᠠᠴᠢ ᠨᠠᠷ ᠡᠳᠦᠷ ᠪᠦᠷᠢ ᠬᠡᠰᠢᠭᠯᠡᠨ (ᠡᠭᠡᠯᠵᠢᠯᠡᠨ) ᠰᠡᠷᠭᠡᠢᠯᠡᠬᠦ ᠬᠠᠮᠠᠭᠠᠯᠠᠬᠤ ᠠᠵᠢᠯ ᠢ᠋ ᠭᠦᠢᠴᠡᠳᠬᠡᠵᠦ ᠪᠠᠢᠭᠠᠳ ᠤᠭ ᠡᠭᠦᠷᠭᠡ ᠪᠡᠨ ᠨᠠᠷᠠ ᠰᠢᠩᠭᠡᠬᠦ ᠶ᠋ᠢᠨ ᠤᠷᠢᠳ ᠬᠡᠪ ᠦ᠋ᠨ ᠬᠡᠪᠲᠡᠭᠦᠯ ᠦ᠋ᠨ ᠬᠥᠮᠦᠰ ᠲᠦ᠍ ᠰᠢᠯᠵᠢᠭᠦᠯᠵᠦ ᠥᠪᠡᠷᠰᠡᠳ ᠢ᠋ᠶ᠋ᠡᠨ ᠠᠭᠲᠠᠨ ᠳ᠋ᠤ᠌ ᠭᠠᠷᠴᠤ ᠬᠣᠨᠣᠲᠤᠭᠠᠢ! ᠬᠡᠪᠲᠡᠭᠦᠯ ᠦ᠋ᠨ ᠬᠥᠮᠦᠰ ᠰᠥᠨᠢ ᠡᠭᠡᠯᠵᠢ ᠪᠡᠷ ᠡᠭᠦᠳᠦᠨ ᠳ᠋ᠦ᠍ ᠵᠣᠭᠰᠣᠵᠤ᠂ ᠭᠡᠷ ᠢ᠋ ᠲᠣᠭᠣᠷᠢᠵᠤ ᠮᠠᠨᠠᠵᠤ ᠪᠠᠢᠲᠤᠭᠠᠢ! ᠬᠣᠷᠴᠢᠨ᠂ ᠲᠣᠷᠬᠠᠭ ᠤ᠋ᠳ ᠪᠢᠳᠡᠨ ᠢ᠋ ᠥᠷᠯᠥᠭᠡ ᠶ᠋ᠢᠨ ᠬᠣᠭᠣᠯᠠ ᠢᠳᠡᠮᠡᠭᠴᠡ ᠢᠷᠡᠵᠦ ᠬᠡᠪᠲᠡᠭᠦᠯ ᠦ᠋ᠨ ᠬᠥᠮᠦᠰ ᠡᠴᠡ ᠡᠭᠦᠷᠭᠡ ᠬᠦᠯᠢᠶᠡᠨ ᠠᠪᠴᠤ᠂ ᠤᠷᠢᠳ ᠶᠣᠰᠣ ᠪᠠᠷ ᠰᠠᠭᠤᠷᠢ ᠪᠠᠨ ᠡᠵᠡᠯᠡᠵᠦ ᠬᠠᠷᠠᠭᠠᠯᠵᠠᠵᠤ᠂ ᠰᠠᠬᠢᠵᠤ ᠶᠠᠪᠤᠲᠤᠭᠠᠢ! ᠭᠤᠷᠪᠠᠨ ᠡᠳᠦᠷ᠂ ᠭᠤᠷᠪᠠᠨ ᠰᠥᠨᠢ ᠵᠢᠭᠰᠠᠭᠤᠯᠤᠨ ᠶᠠᠪᠤᠵᠤ ᠳᠠᠭᠤᠰᠤᠭᠠᠳ ᠭᠤᠷᠪᠠᠨ ᠰᠥᠨᠢ (ᠠᠮᠠᠷᠠᠵᠤ) ᠬᠣᠨᠣᠲᠤᠭᠠᠢ! ᠬᠣᠷᠴᠢᠨ ᠨᠠᠷ ᠬᠡᠪᠲᠡᠭᠦᠯ ᠦ᠋ᠨ ᠡᠭᠦᠷᠭᠡ ᠶ᠋ᠢ ᠰᠣᠯᠢᠵᠤ ᠶᠠᠪᠤᠲᠤᠭᠠᠢ!》 ᠭᠡᠵᠦ ᠵᠠᠷᠯᠢᠭ ᠪᠣᠯᠪᠠ᠃ ᠲᠡᠭᠡᠭᠡᠳ᠂ ᠴᠡᠷᠢᠭ ᠦ᠋ᠳ ᠢ᠋ᠶ᠋ᠡᠨ ᠮᠢᠩᠭ᠎ᠠ ᠮᠢᠩᠭ᠎ᠠ ᠪᠠᠷ ᠬᠤᠪᠢᠶᠠᠷᠢᠯᠠᠵᠤ ᠳᠠᠭᠤᠰᠤᠭᠠᠳ᠂ ᠴᠡᠷᠪᠢ ᠨᠣᠶᠠᠳ ᠢ᠋ ᠲᠣᠮᠢᠯᠠᠵᠤ᠂ ᠨᠠᠶᠠᠨ ᠬᠡᠪᠲᠡᠭᠦᠯ᠂ ᠳᠠᠯᠠᠨ ᠲᠣᠷᠬᠠᠭ ᠤ᠋ᠳ᠂ ᠬᠡᠰᠢᠭᠲᠡᠨ ᠨᠠᠷ ᠢ᠋ ᠲᠣᠮᠢᠯᠠᠵᠤ᠂ ᠠᠷᠬᠠᠢ ᠬᠠᠰᠠᠷ ᠢ᠋ ᠰᠢᠯᠢᠳᠡᠭ ᠪᠠᠭᠠᠲᠤᠷ ᠤ᠋ᠳ ᠤ᠋ᠨ ᠳᠠᠷᠤᠭ᠎ᠠ ᠪᠣᠯᠭᠠᠵᠤ᠂ ᠬᠠᠯᠬ᠎ᠠ ᠭᠣᠣᠯ ᠤ᠋ᠨ ᠣᠷᠣᠨᠣᠭᠣ ᠶ᠋ᠢᠨ ᠬᠡᠯᠲᠡᠭᠡᠢ ᠬᠠᠳᠠ ᠭᠡᠳᠡᠭ ᠭᠠᠵᠠᠷ ᠠ᠋ᠴᠠ ᠨᠢᠮᠡᠨ ᠤᠯᠤᠰ ᠲᠠᠢ ᠪᠠᠢᠯᠳᠤᠬᠤ ᠪᠠᠷ ᠮᠣᠷᠳᠠᠪᠠ᠃ ᠲᠡᠷᠡ ᠴᠠᠭ ᠲᠤ᠌ ᠮᠡᠷᠭᠢᠳ ᠦ᠋ᠨ ᠲᠣᠭᠳᠠᠬ᠎ᠠ᠂ ᠬᠡᠷᠡᠢᠳ ᠠᠢᠮᠠᠭ ᠤ᠋ᠨ ᠨᠣᠶᠠᠳ ᠤ᠋ᠨ ᠨᠢᠭᠡᠨ ᠪᠥᠭᠡᠳ ᠳᠤᠲᠠᠭᠠᠵᠤ ᠢᠷᠡᠭᠰᠡᠨ ᠠᠯᠢᠨ ᠲᠠᠢᠵᠢ᠂ ᠬᠤᠲᠤᠭ ᠪᠡᠬᠢ ᠪᠡᠷ ᠲᠣᠯᠣᠭᠠᠢᠯᠠᠭᠤᠯᠤᠭᠰᠠᠨ ᠣᠢᠷᠠᠳ ᠠᠢᠮᠠᠭ᠂ ᠵᠠᠵᠢᠷᠠᠳᠠᠢ ᠠᠢᠮᠠᠭ ᠤ᠋ᠨ ᠵᠠᠮᠤᠬ᠎ᠠ᠂ ᠳᠥᠷᠪᠡᠨ ᠲᠠᠲ᠋ᠠᠷ᠂ ᠬᠠᠲᠠᠭᠢᠨ᠂ ᠰᠠᠯᠵᠢᠭᠣᠳ ᠠᠢᠮᠠᠭ ᠤ᠋ᠳ ᠴᠥᠮ ᠨᠢᠮᠡᠨ ᠲᠡᠢ ᠨᠢᠭᠡᠳᠦᠭᠰᠡᠨ ᠪᠠᠢᠵᠠᠢ᠂ ᠷᠠᠰᠢᠳ᠋
193᠂ ᠬᠤᠯᠤᠭᠠᠨ᠎ᠠ ᠵᠢᠯ ᠦ᠋ᠨ (1204 ᠣᠨ) ᠵᠤᠨ ᠤ᠋ ᠲᠡᠷᠢᠭᠦᠨ ᠰᠠᠷ᠎ᠠ ᠶ᠋ᠢᠨ ᠠᠷᠪᠠᠨ ᠵᠢᠷᠭᠤᠭᠠᠨ ᠤ᠋ ᠤᠯᠠᠭᠠᠨ ᠲᠡᠷᠭᠡᠯ ᠡᠳᠦᠷ ᠲᠤᠭ ᠢ᠋ᠶ᠋ᠠᠨ ᠲᠠᠬᠢᠵᠣ ᠮᠣᠷᠳᠠᠭᠠᠳ ᠵᠡᠪᠡ ᠬᠤᠪᠢᠯᠠᠢ ᠬᠣᠶᠠᠷ ᠢ᠋ ᠬᠡᠷᠦᠯᠦᠨ ᠥᠭᠡᠳᠡ ᠲᠠᠩᠨᠠᠭᠤᠯ ᠪᠣᠯᠭᠠᠵᠤ ᠶᠠᠪᠤᠭᠤᠯᠪᠠ᠃ ᠲᠡᠷᠡ ᠬᠣᠶᠠᠷ ᠶᠠᠪᠤᠵᠤ ᠰᠠᠭᠠᠷᠢ ᠬᠡᠭᠡᠷ᠎ᠡ ᠳ᠋ᠦ᠍ ᠬᠦᠷᠴᠦ᠂ ᠬᠠᠩᠬᠠᠷ ᠬᠠᠨ ᠤ᠋ (ᠬᠠᠩᠬᠠᠢ ᠬᠠᠨ) ᠡᠬᠢᠨ ᠳᠡᠭᠡᠷ᠎ᠡ ᠪᠠᠢᠭᠰᠠᠨ ᠨᠢᠮᠡᠨ ᠦ᠌ ᠬᠠᠷᠠᠭᠤᠯ ᠲᠠᠢ ᠤᠴᠠᠷᠠᠪᠠ᠃ ᠲᠡᠳᠡ ᠬᠠᠷᠢᠯᠴᠠᠨ ᠲᠤᠯᠤᠯᠳᠤᠵᠤ ᠪᠠᠢᠭᠠᠳ ᠨᠢᠮᠡᠨ ᠦ᠌ ᠬᠠᠷᠠᠭᠤᠯ ᠳ᠋ᠤ᠌ ᠮᠠᠨ ᠤ᠋ ᠬᠠᠷᠠᠭᠤᠯ ᠡᠮᠡᠭᠡᠯ ᠲᠡᠢ ᠡᠴᠡᠩᠬᠡᠢ ᠰᠠᠷᠠᠯ ᠮᠣᠷᠢ ᠶ᠋ᠢ ᠠᠪᠲᠠᠵᠠᠢ᠃ ᠨᠢᠮᠡᠨ ᠦ᠌ ᠬᠠᠷᠠᠭᠤᠯ ᠲᠡᠷᠡ ᠮᠣᠷᠢ ᠶ᠋ᠢ ᠪᠠᠷᠢᠵᠤ ᠠᠪᠤᠭᠠᠳ 《ᠮᠣᠩᠭᠣᠯ ᠤ᠋ᠨ ᠠᠭᠲᠠ ᠲᠤᠷᠠᠩᠬᠠᠢ ᠠᠵᠢ》 ᠭᠡᠯᠴᠡᠪᠡ᠃ ᠮᠠᠨᠠᠢ ᠶᠡᠬᠡ ᠴᠡᠷᠢᠭ ᠰᠠᠭᠠᠷᠢ ᠬᠡᠭᠡᠷ᠎ᠡ ᠳ᠋ᠦ᠍ ᠬᠦᠷᠴᠦ ᠪᠠᠭᠤᠭᠠᠳ 《ᠣᠳᠣ ᠶᠠᠭᠠᠬᠢᠬᠤ ᠪᠣᠢ?》 ᠭᠡᠵᠦ ᠬᠡᠯᠡᠯᠴᠡᠬᠦ ᠳ᠋ᠦ᠍ ᠲᠣᠳᠣᠢ ᠴᠡᠷᠪᠢ᠂ ᠴᠢᠩᠭᠢᠰ ᠬᠠᠭᠠᠨ ᠳ᠋ᠤ᠌ ᠳᠤᠷᠠᠳᠬᠠᠨ ᠠᠢᠯᠠᠳᠬᠠᠭᠰᠠᠨ ᠨᠢ 《ᠪᠢᠳᠡᠨ ᠦ᠌ ᠴᠡᠷᠢᠭ ᠴᠥᠭᠡᠨ ᠪᠥᠭᠡᠳ ᠵᠠᠮ ᠳ᠋ᠤ᠌ ᠴᠢᠯᠡᠵᠦ ᠶᠠᠳᠠᠷᠠᠪᠠ᠃ ᠡᠢᠮᠦ ᠶ᠋ᠢᠨ ᠲᠤᠯᠠ ᠡᠨᠳᠡ ᠪᠠᠬᠠᠨ ᠰᠠᠭᠠᠳᠣᠵᠣ ᠠᠭᠲᠠ ᠪᠠᠨ ᠴᠠᠳᠬᠠᠶ᠎ᠠ᠂ ᠰᠠᠭᠠᠷᠢ ᠬᠡᠭᠡᠷ᠎ᠡ ᠶ᠋ᠢ ᠳᠡᠯᠭᠡᠨ ᠪᠠᠭᠤᠵᠤ᠂ ᠠᠮᠢᠳᠤ ᠬᠥᠮᠦᠨ ᠳᠣᠳᠣᠮ ᠡᠷ᠎ᠡ ᠪᠦᠷᠢ ᠰᠥᠨᠢ ᠲᠠᠪᠤᠨ ᠠᠩᠭᠢ ᠭᠠᠯ ᠲᠦᠯᠡᠵᠦ ᠭᠠᠯ ᠢ᠋ᠶ᠋ᠠᠷ ᠰᠦᠷ ᠪᠠᠳᠠᠷᠠᠭᠤᠯᠤᠶ᠎ᠠ᠃ ᠨᠢᠮᠡᠨ ᠨᠠᠷ ᠣᠯᠠᠨ ᠭᠡᠨ᠎ᠡ᠂ ᠭᠡᠪᠡᠴᠦ ᠲᠡᠳᠡᠨ ᠦ᠌ ᠬᠠᠨ ᠨᠢ ᠭᠡᠷ ᠡᠴᠡ ᠭᠠᠷᠴᠤ ᠦᠵᠡᠭᠡ ᠦᠭᠡᠢ ᠲᠠᠩᠬᠠᠢ ᠬᠥᠮᠦᠨ ᠭᠡᠨ᠎ᠡ᠃ ᠪᠢᠳᠡ ᠭᠠᠯ ᠢ᠋ᠶ᠋ᠠᠷ ᠰᠦᠷᠳᠡᠭᠦᠯᠦᠨ ᠲᠡᠳᠡᠨ ᠢ᠋ ᠬᠥᠯᠥᠷᠡᠭᠦᠯᠵᠦ ᠪᠠᠢᠬᠤ ᠵᠠᠪᠰᠠᠷ ᠪᠢᠳᠡᠨ ᠦ᠌ ᠠᠭᠲᠠ ᠴᠠᠳᠬᠤ ᠪᠢᠵᠡ᠃ ᠠᠭᠲᠠ ᠪᠠᠨ ᠠᠮᠠᠷᠠᠵᠤ ᠴᠠᠳᠮᠠᠭᠴᠠ ᠨᠢᠮᠡᠨ ᠦ᠌ ᠬᠠᠷᠠᠭᠤᠯ ᠢ᠋ ᠳᠠᠭᠠᠷᠢᠵᠤ ᠭᠣᠣᠯ ᠬᠦᠴᠦᠨ ᠳ᠋ᠦ᠍ ᠨᠢ ᠬᠦᠷᠲᠡᠯ᠎ᠡ ᠬᠥᠭᠡᠭᠡᠵᠦ ᠣᠷᠣᠭᠤᠯᠤᠭᠠᠳ ᠲᠡᠳᠡᠨ ᠢ᠋ ᠰᠠᠮᠭᠠᠷᠳᠠᠬᠤ ᠰᠠᠮᠪᠠᠭ᠎ᠠ ᠳ᠋ᠤ᠌ ᠪᠠᠢᠯᠳᠤᠨ ᠣᠷᠣᠪᠠᠯ ᠪᠣᠯᠬᠤ ᠤᠤ?》 ᠭᠡᠵᠦ ᠳᠤᠷᠠᠳᠬᠠᠪᠠᠯ᠂ ᠡᠨᠡ ᠦᠭᠡ ᠶ᠋ᠢ ᠵᠥᠪᠰᠢᠶᠡᠷᠡᠵᠦ ᠴᠢᠩᠭᠢᠰ ᠬᠠᠭᠠᠨ ᠵᠠᠷᠯᠢᠭ ᠪᠣᠯᠤᠷᠤᠨ᠄ 《ᠲᠡᠢᠮᠦ ᠪᠣᠯ ᠭᠠᠯ ᠤ᠋ᠳ ᠢ᠋ ᠲᠦᠯᠡᠭᠲᠦᠨ》 ᠭᠡᠵᠦ ᠴᠡᠷᠢᠭ ᠦ᠋ᠳ ᠲᠦ᠍ ᠲᠤᠰᠢᠶᠠᠯ ᠲᠤᠩᠬᠠᠭᠯᠠᠪᠠ᠃ ᠴᠡᠷᠢᠭ ᠦ᠋ᠳ ᠰᠠᠭᠠᠷᠢ ᠬᠡᠭᠡᠷ᠎ᠡ ᠳ᠋ᠦ᠍ ᠲᠠᠷᠬᠠᠵᠤ ᠪᠠᠭᠤᠭᠠᠳ ᠠᠮᠢᠳᠤ ᠬᠥᠮᠦᠨ ᠪᠦᠷᠢ ᠲᠠᠪᠤᠨ ᠠᠩᠭᠢ ᠭᠠᠯ ᠲᠦᠯᠡᠪᠡ᠃ ᠨᠢᠮᠡᠨ ᠦ᠌ ᠬᠠᠷᠠᠭᠤᠯ᠂ ᠬᠠᠩᠬᠠᠢ ᠬᠠᠨ ᠤ᠋ ᠲᠡᠷᠢᠭᠦᠨ ᠡᠴᠡ ᠰᠥᠨᠢ ᠣᠯᠠᠨ ᠭᠠᠯ ᠢ᠋ ᠦᠵᠡᠵᠦ 《ᠮᠣᠩᠭᠣᠯ ᠴᠥᠭᠡᠨ ᠭᠡᠰᠡᠨ ᠪᠢᠰᠢ ᠪᠢᠯᠢᠤ? ᠣᠳᠣᠨ ᠠ᠋ᠴᠠ ᠣᠯᠠᠨ ᠭᠠᠯ ᠨᠣᠴᠣᠵᠤ ᠪᠠᠢᠨ᠎ᠠ》 ᠭᠡᠵᠦ ᠲᠢᠶᠠᠨ ᠬᠠᠨ ᠳ᠋ᠤ᠌ ᠥᠨᠥᠬᠢ ᠪᠠᠷᠢᠭᠰᠠᠨ ᠮᠠᠭᠤ ᠡᠮᠡᠭᠡᠯ ᠲᠡᠢ ᠰᠠᠷᠠᠯ ᠮᠣᠷᠢ ᠶ᠋ᠢ ᠬᠦᠷᠬᠡᠬᠥᠯᠪᠡ᠃ ᠪᠠᠰᠠ ᠲᠢᠶᠠᠨ ᠬᠠᠨ ᠳ᠋ᠤ᠌ ᠮᠡᠳᠡᠭᠦᠯᠦᠭᠰᠡᠨ ᠨᠢ᠄ 《ᠮᠣᠩᠭᠣᠯ ᠤ᠋ᠨ ᠴᠡᠷᠢᠭ ᠦ᠋ᠳ ᠰᠠᠭᠠᠷᠢ ᠬᠡᠭᠡᠷ᠎ᠡ ᠶ᠋ᠢ ᠲᠦᠭᠦᠷᠡᠲᠡᠯ᠎ᠡ ᠪᠠᠭᠤᠵᠠᠢ᠃ ᠡᠳᠦᠷ ᠪᠦᠷᠢ ᠤᠨᠳᠤᠷᠬᠤ ᠤᠰᠤ ᠰᠢᠭ᠋ ᠨᠡᠮᠡᠨ ᠢᠷᠡᠵᠦ ᠪᠠᠢᠬᠤ ᠪᠣᠯᠤᠯᠲᠠᠢ᠂ ᠣᠳᠣᠨ ᠠ᠋ᠴᠠ ᠣᠯᠠᠨ ᠭᠠᠯ ᠨᠣᠴᠣᠵᠤ ᠪᠠᠢᠨ᠎ᠠ᠃ (ᠡᠳᠦᠷ ᠥᠨᠳᠥᠷ ᠠᠭᠤᠯᠠᠨ ᠳ᠋ᠤ᠌ ᠭᠠᠷᠴᠤ ᠪᠠᠢᠳᠠᠭ ᠪᠣᠯᠪᠠ ᠤᠤ ᠰᠥᠨᠢ ᠲᠠᠯ᠎ᠠ ᠳ᠋ᠤ᠌ ᠣᠳᠣ ᠮᠡᠲᠦ ᠣᠯᠠᠨ ᠭᠠᠯ ᠨᠣᠴᠣᠭᠠᠵᠤ ᠪᠠᠢᠨ᠎ᠠ)》 ᠭᠡᠵᠦ ᠢᠯᠡᠭᠡᠪᠡ᠃
194᠂ ᠬᠠᠷᠠᠭᠤᠯ ᠤ᠋ᠨ ᠡᠨᠡ ᠬᠡᠯᠡ ᠢᠷᠡᠬᠦ ᠳ᠋ᠦ᠍ ᠲᠢᠶᠠᠨ ᠬᠠᠨ ᠬᠠᠩᠬᠠᠢ ᠶ᠋ᠢᠨ ᠬᠠᠴᠢᠷ ᠤᠰᠤᠨ ᠳ᠋ᠤ᠌ ᠪᠠᠢᠪᠠ᠃ ᠲᠢᠶᠠᠨ ᠬᠠᠨ᠂ ᠡᠨᠡ ᠬᠡᠯᠡ ᠶ᠋ᠢ ᠠᠪᠤᠭᠠᠳ ᠬᠦᠴᠥᠯᠥᠭ ᠬᠠᠨ ᠬᠥᠪᠡᠭᠦᠨ ᠳ᠋ᠡᠭᠡᠨ ᠬᠡᠯᠡᠵᠦ ᠢᠯᠡᠭᠡᠷᠦᠨ᠄ 《ᠮᠣᠩᠭᠣᠯ ᠤ᠋ᠨ ᠠᠭᠲᠠ ᠲᠤᠷᠠᠩᠬᠠᠢ ᠠᠵᠠᠢ᠂ ᠣᠳᠣᠨ ᠠ᠋ᠴᠠ ᠣᠯᠠᠨ ᠭᠠᠯ ᠨᠣᠴᠣᠵᠤ ᠪᠠᠢᠨ᠎ᠠ ᠭᠡᠨ᠎ᠡ᠃ ᠮᠣᠩᠭᠣᠯ ᠣᠯᠠᠨ ᠠᠵᠠᠢ᠃ ᠣᠳᠣ ᠪᠢᠳᠡ᠂ᠬᠠᠷ᠎ᠠ ᠮᠤᠤᠰᠠᠢᠨ ᠮᠣᠩᠭᠣᠯ ᠲᠠᠢ ᠬᠠᠳᠬᠤᠯᠳᠤᠵᠤ ᠨᠢᠭᠡᠨᠲᠡ ᠡᠬᠢᠯᠡᠪᠡᠯ ᠬᠠᠭᠠᠴᠠᠬᠤ ᠳ᠋ᠤ᠌ ᠪᠡᠷᠬᠡ ᠪᠣᠯᠤᠨ᠎ᠠ᠃ᠬᠠᠴᠠᠷ ᠢ᠋ ᠵᠢᠳᠠᠯᠠᠵᠤ ᠪᠠᠢᠪᠠᠴᠤ ᠬᠠᠷᠠᠭᠰᠠᠨ ᠨᠢᠳᠦ ᠪᠡᠨ ᠴᠠᠪᠴᠢᠳᠠᠭ ᠦᠭᠡᠢ ᠬᠠᠷ᠎ᠠ ᠴᠢᠰᠤᠨ ᠤᠷᠤᠰᠴᠤ ᠪᠠᠢᠪᠠᠴᠤ ᠬᠠᠷᠢᠵᠤ ᠣᠭᠲᠣ ᠪᠤᠴᠠᠳᠠᠭ ᠦᠭᠡᠢ ᠬᠠᠲᠠᠭᠤᠵᠢᠯ ᠶᠡᠬᠡᠲᠦ ᠮᠣᠩᠭ᠋ᠣᠯ ᠲᠠᠢ ᠬᠠᠮᠢᠶ᠎ᠠ ᠦᠭᠡᠢ ᠪᠠᠢᠯᠳᠤᠵᠤ ᠪᠣᠯᠬᠤ ᠦᠭᠡᠢ᠃ ᠣᠳᠣ ᠮᠣᠩᠭ᠋ᠣᠯ ᠤ᠋ᠨ ᠠᠭᠲᠠ ᠲᠤᠷᠠᠩᠬᠠᠢ ᠪᠠᠢᠨ᠎ᠠ᠃ ᠪᠢᠳᠡ᠂ ᠤᠯᠤᠰ ᠢ᠋ᠶ᠋ᠠᠨ ᠠᠯᠲᠠᠢ ᠳᠠᠪᠠᠭᠤᠯᠤᠨ ᠬᠥᠳᠡᠯᠭᠡᠵᠦ᠂ ᠴᠡᠷᠢᠭ ᠢ᠋ᠶ᠋ᠡᠨ ᠵᠠᠰᠠᠵᠠᠭᠠᠵᠣ ᠮᠣᠩᠭ᠋ᠣᠯᠴᠣᠳ ᠢ᠋ ᠥᠳᠥᠭᠡᠨ ᠳᠠᠯᠠᠯᠵᠤ᠂ ᠠᠯᠲᠠᠢ ᠶ᠋ᠢᠨ ᠦᠯᠡᠭᠡᠰᠦ ᠬᠦᠷᠲᠡᠯ᠎ᠡ ᠨᠣᠬᠠᠢ ᠬᠡᠷᠥᠬᠥᠯ ᠬᠡᠷᠦᠵᠦ ᠵᠠᠢ᠌ᠮᠣᠷᠣᠭᠣᠯᠣᠨ ᠴᠢᠷᠦᠭᠳᠡᠭᠦᠯᠵᠦ ᠠᠪᠠᠴᠢᠪᠠᠯ ᠪᠢᠳᠡᠨ ᠦ᠌ ᠠᠭᠲᠠ ᠲᠠᠷᠭᠤᠨ ᠲᠤᠯᠠ ᠭᠡᠳᠡᠰᠦ ᠲᠠᠲᠠᠷᠠᠨ ᠰᠢᠪᠬᠠᠷᠠᠨ᠎ᠠ᠃ ᠮᠣᠩᠭ᠋ᠣᠯ ᠤ᠋ᠨ ᠠᠭᠲᠠ ᠤᠯᠠᠮ ᠲᠤᠷᠠᠩᠬᠠᠢᠯᠠᠨ ᠶᠠᠳᠠᠷᠠᠬᠤ ᠪᠣᠯᠤᠨ᠎ᠠ᠃ ᠲᠡᠷᠡ ᠴᠠᠭ ᠲᠤ᠌ ᠪᠢᠳᠡ ᠡᠮᠦᠨ᠎ᠡ ᠡᠴᠡ ᠨᠢ ᠳᠣᠪᠲᠣᠯᠤᠨ ᠣᠷᠣᠶ᠎ᠠ》 ᠭᠡᠵᠦ ᠢᠯᠡᠭᠡᠵᠡᠢ᠃ ᠲᠡᠷᠡ ᠦᠭᠡ ᠶ᠋ᠢ ᠰᠣᠨᠣᠰᠤᠭᠠᠳ ᠬᠦᠴᠥᠯᠥᠭ ᠬᠠᠨ ᠥᠭᠦᠯᠡᠷᠦᠨ᠄ 《ᠲᠢᠶᠠᠨ ᠬᠠᠨ ᠮᠥᠨ ᠠᠨᠠᠢ (ᠮᠤᠤᠰᠠᠢᠨ ) ᠡᠮ᠎ᠡ ᠮᠡᠲᠦ ᠵᠢᠷᠦᠬᠡ ᠠᠯᠳᠠᠵᠤ᠂ ᠡᠢᠮᠦ ᠦᠭᠡ ᠬᠡᠯᠡᠵᠡᠢ᠃ ᠮᠣᠩᠭ᠋ᠣᠯᠴᠣᠳ ᠬᠠᠮᠢᠭ᠎ᠠ ᠠ᠋ᠴᠠ ᠣᠯᠠᠨ ᠪᠠᠢᠬᠤ ᠪᠣᠢ? ᠮᠣᠩᠭ᠋ᠣᠯ ᠤ᠋ᠨ ᠣᠯᠠᠩᠬᠢ᠂ ᠵᠠᠮᠤᠬ᠎ᠠ ᠶ᠋ᠢ ᠳᠠᠭᠠᠵᠤ ᠡᠨᠳᠡ ᠪᠢᠳᠡᠨ ᠳ᠋ᠦ᠍ ᠪᠠᠢᠨ᠎ᠠ᠃ ᠵᠢᠷᠮᠦᠰᠦᠨ ᠡᠮ᠎ᠡ ᠶ᠋ᠢᠨ ᠰᠢᠭᠡᠬᠦ ᠭᠠᠵᠠᠷ ᠠ᠋ᠴᠠ ᠬᠣᠯᠠ ᠶᠠᠪᠤᠭ᠎ᠠ ᠦᠭᠡᠢ ᠵᠢᠵᠢᠭ ᠲᠤᠭᠤᠯ ᠤ᠋ᠨ ᠪᠡᠯᠴᠢᠬᠦ ᠭᠠᠵᠠᠷ ᠠ᠋ᠴᠠ ᠭᠠᠷᠴᠤ ᠦᠵᠡᠭᠡ ᠦᠭᠡᠢ ᠡᠮ᠎ᠡ ᠲᠢᠶᠠᠨ ᠵᠢᠷᠦᠬᠡ ᠠᠯᠳᠠᠵᠤ ᠡᠨᠡ ᠦᠭᠡ ᠶ᠋ᠢ ᠬᠡᠯᠡᠵᠡᠢ》 ᠭᠡᠵᠦ ᠡᠴᠢᠭᠡ ᠲᠢᠶᠠᠨ ᠬᠠᠨ ᠢ᠋ ᠡᠯᠳᠡᠪ ᠢ᠋ᠶ᠋ᠡᠷ ᠳᠠᠭᠠᠷᠢᠨ ᠳᠣᠷᠣᠮᠵᠢᠯᠠᠵᠤ ᠡᠯᠴᠢ ᠬᠥᠮᠦᠨ ᠢ᠋ ᠢᠯᠡᠭᠡᠪᠡ᠃
ᠡᠮ᠎ᠡ ᠭᠡᠬᠦ ᠵᠡᠷᠭᠡ ᠳᠣᠷᠣᠮᠵᠢᠯᠠᠨ ᠬᠠᠷᠢᠶᠠᠭᠰᠠᠨ ᠡᠨᠡ ᠦᠭᠡ ᠶ᠋ᠢ ᠰᠣᠨᠣᠰᠤᠭᠠᠳ ᠲᠢᠶᠠᠨ ᠬᠠᠨ ᠥᠭᠦᠯᠡᠷᠦᠨ᠄
《ᠬᠦᠴᠦᠯᠢᠭ ᠬᠥᠪᠡᠭᠦᠨ ᠴᠢᠨᠦ ᠬᠦᠴᠦᠷᠬᠡᠬᠦ ᠪᠠᠷᠳᠠᠬᠤ ᠶᠡᠬᠡ ᠪᠣᠯᠪᠠᠴᠤ ᠬᠦᠷᠦᠯᠴᠡᠨ ᠠᠯᠠᠯᠳᠤᠬᠤ ᠴᠠᠭ ᠲᠤ᠌ ᠬᠥᠮᠦᠨ ᠡᠴᠡ ᠤᠷᠢᠳᠠ ᠱᠠᠩᠳᠠᠷᠠᠬᠣ ᠪᠢᠵᠡ᠃ᠲᠡᠷᠡ ᠶᠡᠬᠡ ᠣᠮᠣᠭ ᠢ᠋ᠶ᠋ᠠᠨ ᠲᠡᠷᠰ ᠳᠠᠢᠰᠤᠨ ᠳ᠋ᠤ᠌ ᠭᠠᠷᠭᠠᠭᠠᠰᠠᠢ! ᠲᠡᠮᠡᠴᠡᠵᠦ ᠨᠢᠭᠡᠨᠲᠡ ᠡᠬᠢᠯᠡᠪᠡᠯ ᠵᠦᠭᠡᠷ ᠰᠠᠯᠬᠤ ᠠᠷᠭ᠎ᠠ ᠦᠭᠡᠢ》ᠭᠡᠪᠡ᠃ ᠲᠡᠷᠡ ᠦᠭᠡ ᠶ᠋ᠢ ᠰᠣᠨᠣᠰᠤᠭᠠᠳ᠂ ᠲᠢᠶᠠᠨ ᠬᠠᠨ ᠤ᠋ ᠳᠠᠷᠠᠭᠠᠬᠢ ᠶᠡᠬᠡ ᠨᠣᠶᠠᠨ ᠬᠣᠷᠢᠰᠤ ᠪᠡᠴᠢ ᠥᠭᠦᠯᠡᠷᠦᠨ᠄
 ᠢᠨᠠᠭᠴᠢ ᠪᠡᠯᠭᠡ ᠬᠠᠨ ᠡᠴᠢᠭᠡ ᠴᠢᠨᠢ ᠠᠳᠠᠯᠢ ᠵᠡᠷᠭᠡ ᠶ᠋ᠢᠨ ᠳᠠᠢᠰᠤᠨ ᠳ᠋ᠤ᠌ ᠠᠷᠠᠭ᠎ᠠ ᠦᠵᠡᠭᠦᠯᠵᠦ ᠶᠠᠪᠤᠭ᠎ᠠ ᠦᠭᠡᠢ ᠠᠯᠠᠯᠳᠤᠬᠤ ᠲᠤᠯᠤᠯᠳᠤᠬᠤ ᠡᠳᠦᠷ ᠲᠦ᠍ ᠠᠭᠲᠠ ᠪᠠᠨ ᠤᠬᠤᠷᠢᠭᠤᠯᠵᠤ ᠦᠵᠡᠭᠡ ᠦᠭᠡᠢ ᠪᠢᠯᠡ᠃ ᠥᠨᠥ ᠴᠢ ᠶᠠᠭᠤᠨ ᠳ᠋ᠤ᠌ ᠮᠠᠷᠭᠠᠰᠢ ᠶ᠋ᠢᠨ ᠲᠥᠯᠥᠭᠡ ᠵᠢᠷᠦᠬᠡ ᠠᠯᠳᠠᠨ᠎ᠠ᠃ ᠴᠢᠨᠦ ᠢᠩᠭᠢᠵᠦ ᠵᠢᠷᠦᠬᠡ ᠱᠠᠩᠳᠠᠷᠠᠬᠣ ᠶ᠋ᠢ ᠮᠡᠳᠡᠭᠰᠡᠨ ᠪᠣᠯ ᠴᠢᠨᠦ ᠬᠠᠲᠤᠨ ᠡᠬᠡ ᠬᠦᠷᠪᠡᠰᠦ ᠶ᠋ᠢ ᠠᠪᠴᠢᠷᠠᠵᠤ ᠴᠡᠷᠢᠭ ᠵᠠᠬᠢᠷᠠᠭᠣᠯᠬᠣ ᠪᠢᠯᠢᠤ? ᠬᠥᠭᠡᠷᠦᠬᠦᠢ ᠬᠥᠭᠰᠠᠬᠥᠤ ᠰᠠᠪᠷᠠᠭ ᠪᠠᠭᠠᠲᠤᠷ ᠥᠲᠡᠯᠦᠭᠡᠳ ᠴᠡᠷᠢᠭ ᠦ᠋ᠨ ᠴᠠᠭᠠᠵᠠ ᠰᠤᠯᠠᠷᠠᠪᠠ᠃ ᠮᠣᠩᠭ᠋ᠣᠯ ᠤ᠋ᠨ ᠵᠠᠪᠰᠢᠶᠠᠨ ᠪᠣᠯᠬᠤ ᠪᠢᠵᠡ᠃ ᠪᠢᠳᠡ ᠲᠠᠢᠯᠳᠠᠬᠤ ᠪᠣᠯᠤᠨ᠎ᠠ᠃ ᠠᠢ ᠲᠣᠷᠯᠣᠭ ᠲᠢᠶᠠᠨ ᠴᠢ ᠶᠠᠯᠢᠬᠤ ᠦᠭᠡᠢ ᠬᠥᠮᠦᠨ ᠠᠵᠠᠢ》 ᠭᠡᠳ ᠬᠣᠷᠮᠣᠰᠬ᠎ᠠ ᠪᠠᠨ ᠳᠡᠯᠡᠳᠴᠦ ᠡᠷᠭᠢᠵᠦ ᠬᠠᠲᠠᠷᠢᠨ ᠣᠳᠪᠠ᠃
195᠂ ᠲᠡᠭᠦᠨ ᠳ᠋ᠦ᠍ ᠲᠢᠶᠠᠨ ᠬᠠᠨ ᠬᠢᠯᠢᠩᠯᠡᠵᠦ ᠥᠭᠦᠯᠡᠷᠦᠨ᠄ 《ᠦᠬᠦᠬᠦ ᠠᠮᠢ᠂ ᠵᠣᠪᠠᠬᠤ ᠪᠡᠶ᠎ᠡ ᠪᠦᠭᠦᠳᠡ ᠨᠢᠭᠡᠨ ᠠᠳᠠᠯᠢ ᠪᠢᠵᠡ ᠠ᠋᠃ ᠲᠡᠢᠮᠦ ᠪᠣᠯ ᠬᠠᠳᠬᠤᠯᠳᠤᠶ᠎ᠠ》 ᠭᠡᠵᠦ ᠬᠠᠴᠢᠷ ᠤᠰᠤᠨ ᠠ᠋ᠴᠠ ᠬᠥᠳᠡᠯᠵᠦ᠂ ᠲᠠᠮᠢᠷ ᠤᠷᠤᠭᠤ ᠶᠠᠪᠤᠭᠠᠳ ᠣᠷᠬᠣᠨ ᠢ᠋ ᠭᠡᠲᠦᠯᠵᠦ᠂ ᠨᠠᠬᠤ ᠬᠤᠨ ᠤ᠋ ᠵᠡᠭᠦᠨ ᠬᠣᠷᠮᠣᠢ ᠶ᠋ᠢ ᠳᠠᠭᠠᠷᠢᠨ᠂ ᠴᠠᠬᠢᠷ ᠮᠣᠭᠣᠳ ᠭᠡᠳᠡᠭ ᠭᠠᠵᠠᠷ ᠬᠦᠷᠴᠦ ᠢᠷᠡᠬᠦ ᠳ᠋ᠦ᠍ ᠴᠢᠩᠭᠢᠰ ᠬᠠᠭᠠᠨ ᠤ᠋ ᠬᠠᠷᠠᠭᠤᠯ ᠦᠵᠡᠵᠦ᠂ 《ᠨᠢᠮᠡᠨ ᠬᠦᠷᠴᠦ ᠠᠢᠰᠤᠢ》 ᠭᠡᠵᠦ ᠬᠡᠯᠡ ᠬᠦᠷᠭᠡᠪᠡᠯ ᠡᠭᠦᠨ ᠢ᠋ ᠰᠣᠨᠣᠰᠤᠭᠠᠳ ᠴᠢᠩᠭᠢᠰ ᠬᠠᠭᠠᠨ ᠵᠠᠷᠯᠢᠭ ᠪᠣᠯᠤᠷᠤᠨ᠄ 《ᠣᠯᠠᠨ ᠠ᠋ᠴᠠ ᠣᠯᠠᠨ ᠭᠠᠷᠤᠵᠠ ᠭᠠᠷᠤᠨ᠎ᠠ᠂ ᠴᠥᠭᠡᠨ ᠡᠴᠡ ᠴᠥᠭᠡᠨ ᠭᠠᠷᠤᠵᠠ ᠭᠠᠷᠤᠨ᠎ᠠ》ᠭᠡᠳ ᠡᠰᠡᠷᠭᠦ ᠨᠢ ᠮᠣᠷᠢᠯᠠᠵᠤ (ᠡᠮᠦᠨ᠎ᠡ ᠡᠴᠡ ᠨᠢ ᠣᠴᠢᠵᠤ) ᠲᠡᠳᠡᠨ ᠦ᠌ ᠬᠠᠷᠠᠭᠤᠯ ᠢ᠋ ᠬᠥᠭᠡᠭᠡᠳ ᠴᠡᠷᠢᠭ ᠢ᠋ᠶ᠋ᠡᠨ ᠵᠠᠰᠠᠬᠤ ᠳ᠋ᠠᠭᠠᠨ《ᠬᠠᠷᠭᠠᠨ᠎ᠠ ᠵᠣᠷᠴᠢᠯ ᠢ᠋ᠶ᠋ᠠᠷ ᠬᠠᠳᠬᠤᠯᠳᠤᠵᠤ ᠨᠠᠭᠤᠷ ᠪᠠᠢᠷᠢᠯᠠᠯ ᠢ᠋ᠶ᠋ᠠᠷ ᠪᠠᠢᠯᠳᠤᠵᠤ ᠴᠦᠴᠡ ᠬᠠᠳᠬᠤᠯᠳᠤᠭᠠᠨ ᠢ᠋ᠶ᠋ᠠᠷ ᠴᠥᠮᠥᠷᠴᠦ ᠲᠤᠯᠤᠶ᠎ᠠ ᠬᠡᠯᠲᠡᠢᠪᠡ ᠃ᠲᠡᠭᠡᠭᠡᠳ ᠴᠢᠩᠭᠢᠰ ᠬᠠᠭᠠᠨ ᠥᠪᠡᠷ ᠢ᠋ᠶ᠋ᠡᠨ ᠮᠠᠩᠯᠠᠢ ᠳ᠋ᠤ᠌ ᠶᠠᠪᠤᠵᠤ᠂ ᠬᠠᠰᠠᠷ ᠲᠤ᠌ ᠭᠣᠣᠯ ᠬᠦᠴᠦ ᠪᠡᠨ ᠵᠠᠬᠢᠷᠠᠭᠣᠯᠪᠠ᠃ ᠣᠳᠴᠢᠬᠢᠨ ᠨᠣᠶᠠᠨ ᠢ᠋ᠶ᠋ᠠᠷ ᠪᠡᠯᠡᠳᠬᠡᠯ ᠠᠭᠲᠠ ᠶ᠋ᠢ ᠵᠠᠬᠢᠷᠠᠭᠣᠯᠪᠠ᠃ ᠨᠢᠮᠡᠨ᠂ ᠴᠠᠬᠢᠷ ᠮᠣᠭᠣᠳ ᠠ᠋ᠴᠠ ᠪᠤᠴᠠᠵᠤ᠂ ᠨᠠᠬᠤ ᠬᠤᠨ ᠤ᠋ ᠥᠪᠥᠷ ᠠᠭᠤᠯᠠ ᠶ᠋ᠢᠨ ᠬᠣᠷᠮᠣᠢ ᠭᠢᠨᠵᠢᠨ ᠭᠢᠨᠵᠢ ᠪᠠᠢᠵᠠᠢ᠃ ᠲᠡᠭᠡᠭᠡᠳ ᠨᠢᠮᠡᠨ ᠦ᠌ ᠬᠠᠷᠠᠭᠤᠯ ᠢ᠋ ᠪᠢᠳᠡᠨ ᠦ᠌ ᠬᠠᠷᠠᠭᠤᠯ ᠬᠥᠭᠡᠭᠡᠵᠦ᠂ ᠨᠠᠬᠤ ᠬᠤᠨ ᠤ᠋ ᠥᠪᠥᠷ ᠲᠦ᠍ ᠪᠠᠢᠭ᠎ᠠ ᠭᠣᠣᠯ ᠬᠦᠴᠦᠨ ᠳ᠋ᠦ᠍ ᠨᠢ ᠬᠦᠷᠴᠦ ᠣᠴᠢᠪᠠᠯ ᠲᠢᠶᠠᠨ ᠬᠠᠨ ᠦᠵᠡᠵᠦ᠂ ᠨᠢᠮᠡᠨ ᠦ᠌ ᠬᠠᠮᠲᠤ ᠪᠠᠢᠯᠳᠤᠬᠤ ᠪᠠᠷ ᠢᠷᠡᠭᠰᠡᠨ ᠵᠠᠮᠤᠬ᠎ᠠ ᠠ᠋ᠴᠠ ᠠᠰᠠᠭᠤᠷᠤᠨ᠄ 《ᠲᠡᠷᠡ ᠰᠦᠷᠦᠭ ᠬᠣᠨᠢᠨ ᠳ᠋ᠤ᠌ ᠣᠷᠣᠵᠤ ᠬᠣᠲᠠᠨ ᠳ᠋ᠤ᠌ ᠨᠢ ᠬᠦᠷᠲᠡᠯ᠎ᠡ ᠬᠥᠭᠡᠭᠡᠵᠦ ᠶᠠᠪᠤᠭ᠎ᠠ ᠴᠢᠨᠣ᠎ᠠ ᠮᠡᠲᠦ ᠳᠣᠪᠲᠣᠯᠤᠭᠴᠢ ᠶᠠᠮᠠᠷ ᠬᠥᠮᠦᠰ ᠪᠣᠢ?》 ᠭᠡᠪᠡᠯ᠂ ᠵᠠᠮᠤᠬ᠎ᠠ ᠥᠭᠦᠯᠡᠷᠦᠨ᠄ 《ᠲᠡᠮᠦᠵᠢᠨ ᠠᠨᠳᠠ ᠮᠢᠨᠢ᠂ ᠳᠥᠷᠪᠡᠨ ᠨᠣᠬᠠᠢ ᠶ᠋ᠢ ᠬᠥᠮᠦᠨ ᠦ᠌ ᠮᠢᠬ᠎ᠠ ᠪᠠᠷ ᠲᠡᠵᠢᠭᠡᠵᠦ ᠭᠢᠨᠵᠢᠨ ᠡᠴᠡ ᠤᠶᠠᠵᠤ ᠪᠠᠢᠳᠠᠭ ᠪᠢᠯᠡ᠃ ᠣᠳᠣ ᠮᠠᠨ ᠤ᠋ ᠬᠠᠷᠠᠭᠤᠯ ᠢ᠋ ᠬᠥᠭᠡᠭᠡᠵᠦ ᠢᠷᠡᠭᠴᠢᠥᠨ ᠲᠡᠷᠡ ᠳᠥᠷᠪᠡᠨ ᠨᠣᠬᠠᠢ ᠪᠢᠵᠡ᠃ᠰᠢᠷᠡᠮᠦᠨ ᠲᠡᠮᠦᠷ ᠮᠠᠩᠨᠠᠢ ᠲᠠᠢ ᠰᠢᠪᠡᠭᠡ ᠬᠤᠷᠴᠠ ᠬᠡᠯᠡ ᠲᠡᠢ ᠭᠠᠩ ᠲᠡᠮᠦᠷ ᠵᠢᠷᠦᠬᠡ ᠲᠡᠢ ᠭᠠᠳᠠᠰᠤ ᠴᠦᠴᠡ ᠶ᠋ᠢᠨ ᠬᠣᠰᠢᠭᠤ ᠲᠠᠢ ᠭᠠᠯᠵᠠᠭᠤ ᠳᠥᠷᠪᠡᠨ ᠨᠣᠬᠠᠢ᠃ᠲᠦᠮᠡᠨ ᠠᠮᠢᠲᠠᠨ ᠢ᠋ ᠬᠢᠳᠤᠬᠤ ᠪᠠᠷ ᠲᠡᠮᠦᠷ ᠭᠢᠨᠵᠢ ᠡᠴᠡ ᠮᠣᠯᠳᠣᠷᠴᠣ ᠰᠢᠭᠤᠳ ᠪᠠᠷᠢᠵᠤ ᠢᠳᠡᠬᠦ ᠪᠡᠷ ᠰᠢᠨᠤᠬᠠᠢ ᠰᠢᠯᠦᠰᠦ ᠪᠡᠨ ᠰᠠᠪᠢᠷᠠᠭᠤᠯᠵᠤ ᠠᠢᠰᠤᠢ ᠃ᠰᠢᠭᠦᠳᠡᠷᠢ ᠪᠡᠷ ᠤᠮᠳᠠ ᠬᠢᠵᠦ ᠰᠢᠯᠦᠰᠦ ᠪᠡᠷ ᠬᠣᠭᠣᠯᠠ ᠬᠢᠵᠦ ᠰᠠᠯᠬᠢ ᠪᠠᠷ ᠤᠨᠤᠭ᠎ᠠ ᠬᠢᠵᠦ ᠰᠠᠭᠠᠳᠠᠭ ᠢ᠋ᠶ᠋ᠠᠷ ᠨᠥᠬᠥᠷ ᠬᠢᠵᠦ ᠶᠠᠪᠤᠳᠠᠭ᠃ᠵᠡᠪᠡ᠂ ᠬᠤᠪᠢᠯᠠᠢ ᠲᠡᠷᠢᠭᠦᠲᠡᠢ ᠵᠠᠯᠠᠮ᠎ᠠ᠂ ᠰᠦᠪᠡᠭᠳᠡᠢ ᠳᠠᠷᠠᠭ᠎ᠠ ᠲᠠᠢ ᠲᠡᠮᠦᠵᠢᠨ ᠠᠨᠳᠠ ᠶ᠋ᠢᠨ ᠲᠡᠵᠢᠭᠡᠭᠰᠡᠨ ᠲᠡᠷᠡ ᠳᠥᠷᠪᠡᠨ ᠨᠣᠬᠠᠳ ᠲᠠᠮᠠᠣᠯᠠᠨ ᠬᠦᠷᠴᠦ ᠢᠷᠡᠪᠡ》 ᠭᠡᠵᠡᠢ᠃ ᠲᠢᠶᠠᠨ ᠬᠠᠨ ᠥᠭᠦᠯᠡᠷᠦᠨ᠄ 《ᠲᠡᠢᠮᠦ ᠪᠣᠯ ᠲᠡᠷᠡ ᠮᠤᠤᠰᠠᠢᠨ ᠠᠮᠢᠲᠠᠳ ᠠ᠋ᠴᠠ ᠬᠣᠯᠠ ᠪᠠᠢᠶ᠎ᠠ》 ᠭᠡᠳ ᠬᠣᠢᠰᠢ ᠤᠬᠤᠷᠢᠵᠤ ᠠᠭᠤᠯᠠ ᠥᠭᠡᠳᠡ ᠥᠭᠰᠥᠪᠡ᠃ ᠪᠠᠰᠠ ᠲᠡᠳᠡᠨ ᠦ᠌ ᠬᠣᠢᠨ᠎ᠠ ᠠ᠋ᠴᠠ ᠬᠠᠷᠠᠢᠯᠠᠨ ᠳᠡᠭᠦᠯᠢᠨ ᠶᠠᠪᠤᠭ᠎ᠠ ᠬᠥᠮᠦᠰ ᠢ᠋ ᠦᠵᠡᠵᠦ᠂ ᠲᠢᠶᠠᠨ ᠬᠠᠨ᠂ ᠵᠠᠮᠤᠬ᠎ᠠ ᠠ᠋ᠴᠠ ᠠᠰᠠᠭᠤᠷᠤᠨ᠄
《ᠡᠷᠲᠡ ᠲᠠᠯᠪᠢᠭᠰᠠᠨ ᠤᠨᠠᠭ᠎ᠠ ᠡᠬᠡ ᠶ᠋ᠢᠨ ᠰᠦ ᠶ᠋ᠢ ᠬᠥᠬᠥᠵᠦ ᠡᠷᠬᠡᠯᠡᠨ ᠳᠠᠪᠬᠢᠨ ᠨᠠᠭᠠᠳᠣᠬᠣ ᠮᠡᠲᠦ ᠡᠷᠴᠢᠯᠡᠨ ᠦᠰᠦᠷᠴᠦ ᠶᠠᠪᠤᠭ᠎ᠠ ᠡᠨᠡ ᠬᠡᠳᠦᠨ ᠬᠥᠮᠦᠨ ᠢ᠋ ᠡᠷᠬᠢᠮ ᠵᠠᠮᠤᠬ᠎ᠠ ᠮᠡᠳᠡᠬᠦ ᠤᠤ?》ᠭᠡᠪᠡᠯ᠂ ᠵᠠᠮᠤᠬ᠎ᠠ ᠥᠭᠦᠯᠡᠷᠦᠨ᠄
《ᠵᠡᠪᠰᠡᠭᠲᠦ ᠡᠷ᠎ᠡ ᠶ᠋ᠢ ᠠᠶᠤᠯᠭᠠᠵᠤ ᠵᠡᠪᠡ ᠲᠣᠨᠣᠭ ᠢ᠋ ᠪᠤᠯᠢᠶᠠᠳᠠᠭ ᠢᠯᠳᠦᠲᠦ ᠡᠷ᠎ᠡ ᠶ᠋ᠢ ᠨᠢᠴᠤᠭᠠᠵᠤ ᠢᠯᠡᠭᠦᠦ ᠳᠤᠲᠠᠭᠤ ᠶ᠋ᠢ ᠪᠤᠯᠢᠶᠠᠳᠠᠭ ᠢᠳᠡᠲᠦ ᠣᠷᠣᠭᠣᠳ᠂ ᠮᠠᠩᠭᠤᠳ ᠨᠠᠷ ᠪᠢᠵᠡ᠃ᠪᠠᠭᠠᠲᠤᠷ ᠵᠣᠷᠢᠭᠲᠤ ᠲᠡᠳᠡ ᠪᠠᠢᠯᠳᠤᠭᠠᠨ ᠪᠣᠯᠬᠤ ᠣᠢᠷᠠᠲᠤᠭᠰᠠᠨ ᠳ᠋ᠤ᠌ ᠪᠠᠶᠠᠷᠯᠠᠨ ᠬᠠᠷᠠᠢᠵᠤ ᠶᠠᠪᠤᠨ᠎ᠠ》 ᠭᠡᠵᠡᠢ᠃ ᠲᠡᠨᠳᠡ ᠡᠴᠡ ᠲᠢᠶᠠᠨ ᠬᠠᠨ ᠥᠭᠦᠯᠡᠷᠦᠨ᠄
《ᠲᠡᠢᠮᠦ ᠪᠣᠯ ᠲᠡᠷᠡ ᠮᠤᠤᠰᠠᠢᠨ ᠠ᠋ᠴᠠ ᠬᠣᠯᠠ ᠪᠠᠢᠶ᠎ᠠ》ᠭᠡᠵᠦ ᠪᠠᠰᠠ ᠤᠬᠤᠷᠢᠨ ᠠᠭᠤᠯᠠ ᠥᠭᠡᠳᠡ ᠠᠪᠠᠷᠢᠪᠠ᠃ 《ᠪᠠᠰᠠ ᠲᠡᠳᠡᠨ ᠦ᠌ ᠬᠣᠢᠨ᠎ᠠ ᠠ᠋ᠴᠠ ᠥᠯᠥᠰᠦᠭᠰᠡᠨ ᠰᠢᠪᠠᠭᠤ ᠮᠡᠲᠦ ᠥᠷᠪᠥᠯᠵᠡᠨ ᠱᠥᠷᠪᠥᠯᠵᠡᠨ ᠢᠷᠡᠭᠴᠢᠥᠨ ᠬᠡᠨ ᠪᠣᠢ?》 ᠭᠡᠵᠦ ᠲᠢᠶᠠᠨ ᠬᠠᠨ ᠠᠰᠠᠭᠤᠪᠠᠯ᠂ ᠵᠠᠮᠤᠬ᠎ᠠ ᠬᠠᠷᠢᠭᠤ ᠥᠭᠦᠯᠡᠷᠦᠨ᠄
ᠲᠡᠷᠡ ᠬᠣᠢᠨ᠎ᠠ ᠠ᠋ᠴᠠ ᠢᠷᠡᠭᠴᠢ ᠨᠢ ᠲᠡᠮᠦᠵᠢᠨ ᠠᠨᠳᠠ ᠮᠥᠨ ᠪᠠᠢᠨ᠎ᠠ ᠃ᠬᠠᠨ ᠲᠡᠮᠦᠵᠢᠨ ᠲᠡᠷᠡ ᠬᠠᠮᠤᠭ ᠪᠡᠶ᠎ᠡ ᠳ᠋ᠡᠭᠡᠨ ᠴᠥᠮ ᠰᠢᠪᠦᠭᠡ ᠬᠠᠳᠬᠤᠬᠤ ᠵᠠᠢ ᠦᠭᠡᠢ ᠱᠤᠷᠠᠭ ᠲᠡᠮᠦᠷ ᠡᠮᠦᠰᠴᠦ ᠵᠡᠭᠦᠦ ᠰᠢᠪᠡᠬᠦ ᠵᠠᠪᠰᠠᠷ ᠦᠭᠡᠢ ᠵᠦᠢᠮᠡᠯ ᠬᠤᠶᠠᠭ ᠡᠮᠦᠰᠴᠦ ᠥᠯᠥᠰᠦᠭᠰᠡᠨ ᠰᠢᠪᠠᠭᠤ ᠮᠡᠲᠦ ᠥᠷᠪᠥᠯᠵᠡᠨ ᠱᠥᠷᠪᠥᠯᠵᠡᠨ ᠠᠢᠰᠤᠢ᠃ ᠠᠭᠤᠷᠯᠠᠭᠰᠠᠨ ᠠᠷᠢᠶᠠᠲᠠᠨ ᠮᠡᠲᠦ ᠣᠷᠣᠭᠰᠢ ᠳᠡᠭᠦᠯᠢᠨ ᠠᠢᠰᠤᠢ᠃ᠨᠢᠮᠡᠨ ᠠᠢᠮᠠᠭ ᠲᠠ ᠨᠠᠷ ᠮᠣᠩᠭ᠋ᠣᠯ ᠢ᠋ ᠦᠵᠡᠮᠡᠭᠴᠡ᠂ ᠢᠰᠢᠭᠡ ᠶ᠋ᠢᠨ ᠭᠣᠳ ᠴᠤ᠌ ᠦᠯᠡᠳᠡᠬᠦ ᠦᠭᠡᠢ ᠃ᠡᠢᠰᠢ ᠲᠡᠢᠰᠢ ᠬᠤᠪᠢᠶᠠᠵᠤ ᠡᠵᠡᠯᠡᠨ᠎ᠡ ᠭᠡᠳᠡᠭ ᠪᠠᠢᠭᠰᠠᠨ ᠪᠢᠰᠢ ᠪᠢᠯᠢᠤ? ᠣᠳᠣ ᠲᠠ ᠨᠠᠷ ᠦᠵᠡᠲᠦᠭᠡᠢ》 ᠭᠡᠪᠡ᠃ ᠡᠨᠡ ᠦᠭᠡ ᠶ᠋ᠢ ᠰᠣᠨᠣᠰᠤᠭᠠᠳ ᠲᠢᠶᠠᠨ ᠬᠠᠨ ᠥᠭᠦᠯᠡᠷᠦᠨ᠄
《ᠠᠢ ᠲᠡᠢᠮᠦ ᠪᠣᠯ ᠡᠨᠡ ᠠᠭᠤᠯᠠ ᠶ᠋ᠢᠨ ᠠᠮᠠ ᠥᠭᠡᠳᠡ ᠪᠠᠰᠠ ᠠᠪᠠᠷᠢᠶ᠎ᠠ》 ᠭᠡᠵᠦ ᠠᠭᠤᠯᠠ ᠥᠭᠰᠥᠵᠦ ᠨᠡᠯᠢᠶᠡᠳ ᠶᠠᠪᠤᠭᠠᠳ ᠲᠢᠶᠠᠨ ᠬᠠᠨ᠂ ᠵᠠᠮᠤᠬ᠎ᠠ ᠠ᠋ᠴᠠ ᠠᠰᠠᠭᠤᠪᠠ᠄ 《ᠪᠠᠰᠠ ᠲᠡᠷᠡ ᠬᠣᠢᠨ᠎ᠠ ᠠ᠋ᠴᠠ ᠨᠢ ᠢᠷᠡᠵᠦ ᠶᠠᠪᠤᠭ᠎ᠠ ᠨᠦᠰᠡᠷ ᠠᠮᠢᠲᠠᠨ ᠬᠡᠨ ᠪᠣᠢ?》 ᠭᠡᠪᠡᠯ᠂ ᠵᠠᠮᠤᠬ᠎ᠠ ᠥᠭᠦᠯᠡᠷᠦᠨ᠄
《ᠬᠦᠨᠳᠦᠲᠦ ᠥᠭᠡᠯᠦᠨ ᠬᠠᠲᠤᠨ ᠤ᠋ ᠬᠥᠮᠦᠨ ᠦ᠌ ᠮᠢᠬ᠎ᠠ ᠪᠠᠷ ᠲᠡᠵᠢᠭᠡᠭᠰᠡᠨ ᠬᠦᠴᠦᠲᠦ ᠬᠠᠰᠠᠷ ᠭᠡᠳᠡᠭ ᠬᠦᠦ ᠨᠢ ᠲᠡᠷᠡ ᠮᠥᠨ ᠭᠤᠷᠪᠠᠨ ᠪᠠᠭᠤᠬᠤ ᠪᠠᠷ ᠵᠢᠳᠬᠦᠪᠡᠴᠦ ᠭᠤᠯᠵᠠᠢᠬᠤ ᠦᠭᠡᠢ ᠬᠦᠴᠦ ᠲᠡᠢ ᠭᠤᠨᠵᠢᠨ ᠦᠬᠡᠷ ᠢ᠋ ᠢᠳᠡᠪᠡᠴᠦ ᠴᠠᠳᠬᠤ ᠦᠭᠡᠢ ᠬᠣᠳᠣᠭᠣᠳᠣ ᠲᠠᠢ ᠬᠡᠳᠦᠨ ᠠᠯᠲᠠ ᠪᠡᠶ᠎ᠡ ᠳ᠋ᠡᠭᠡᠨ ᠬᠡᠯᠬᠢᠶ᠎ᠡ ᠬᠤᠶᠠᠭ ᠡᠮᠦᠰᠦᠭᠰᠡᠨ ᠬᠡᠷᠴᠡᠭᠡᠢ ᠳᠣᠭᠰᠢᠨ ᠬᠠᠰᠠᠷ ᠬᠡᠨ ᠪᠦᠬᠦᠨ ᠢ᠋ ᠢᠳᠡᠬᠦ ᠪᠡᠷ ᠠᠢᠰᠤᠢ! ᠬᠣᠷᠣᠮᠰᠠᠭ᠎ᠠ ᠰᠠᠭᠠᠳᠠᠭ ᠲᠠᠢ ᠬᠥᠮᠦᠨ ᠢ᠋ ᠬᠣᠪᠬᠤ ᠲᠠᠲᠠᠭᠠᠳ ᠵᠠᠯᠭᠢᠬᠤ ᠳ᠋ᠤ᠌ ᠬᠣᠮᠬᠣᠢ ᠲᠡᠷᠡ ᠬᠠᠰᠠᠷ ᠤ᠋ᠨ ᠬᠣᠭᠣᠯᠠᠢ ᠳ᠋ᠤ᠌ ᠲᠣᠷᠳᠠᠭ ᠦᠭᠡᠢ ᠭᠡᠨ᠎ᠡ᠃ ᠠᠮᠢᠳᠤ ᠬᠥᠮᠦᠨ ᠢ᠋ ᠪᠦᠬᠦᠯᠢ ᠪᠡᠷ ᠠᠪᠴᠤ ᠰᠢᠭᠦᠷᠡᠭᠡᠳ ᠵᠠᠯᠭᠢᠬᠤ ᠳ᠋ᠤ᠌ ᠠᠶᠤᠯᠲᠤ ᠲᠡᠷᠡ ᠭᠠᠢᠬᠠᠯ ᠤ᠋ᠨ ᠠᠮᠠᠨ ᠳ᠋ᠤ᠌ ᠲᠡᠭᠡᠭᠯᠡᠬᠦ ᠦᠭᠡᠢ ᠭᠡᠨ᠎ᠡ᠃ᠠᠭᠤᠷ ᠨᠢ ᠶᠡᠬᠡ ᠬᠦᠷᠴᠦ ᠤᠷᠢᠳᠠᠬᠢ ᠰᠤᠮᠤ ᠪᠠᠨ ᠰᠢᠬᠥᠷᠴᠦ ᠤᠬᠤᠰᠬᠢᠨ ᠬᠠᠷᠪᠤᠬᠤ ᠳ᠋ᠤ᠌ ᠠᠭᠤᠯᠠ ᠶ᠋ᠢᠨ ᠴᠠᠭᠠᠳᠤᠬᠢ ᠬᠥᠮᠦᠰ ᠴᠦ᠍ ᠤᠤᠯ ᠰᠤᠮᠤᠨ ᠳ᠋ᠤ᠌ ᠣᠨᠣᠭᠳᠠᠵᠤ ᠤᠨᠳᠤᠢ ᠰᠤᠨᠳᠤᠢ ᠦᠬᠦᠵᠡᠭᠡᠨ᠎ᠡ᠃ ᠬᠢᠯᠢᠩ ᠨᠢ ᠶᠡᠬᠡ ᠬᠦᠷᠴᠦ ᠬᠡᠢᠰᠪᠦᠷᠢ ᠰᠤᠮᠤ ᠪᠠᠨ ᠰᠢᠬᠥᠷᠴᠦ ᠬᠡᠢ ᠶ᠋ᠢᠨ ᠵᠦᠭ ᠬᠠᠷᠪᠤᠬᠤ ᠳ᠋ᠤ᠌ ᠬᠢᠷ᠎ᠠ ᠶ᠋ᠢᠨ ᠴᠠᠭᠠᠳᠤᠬᠢ ᠬᠥᠮᠦᠰ ᠴᠦ᠍ ᠬᠢᠷᠭᠠᠬᠤ ᠲᠡᠷᠡ ᠰᠤᠮᠤᠨ ᠳ᠋ᠤ᠌ ᠬᠢᠳᠤᠭᠳᠠᠵᠤ ᠣᠯᠠᠨ ᠢ᠋ᠶ᠋ᠠᠷ ᠦᠬᠦᠵᠡᠭᠡᠨ᠎ᠡ᠃ ᠶᠡᠬᠡ ᠳᠡᠯᠢᠵᠦ ᠬᠠᠷᠪᠤᠪᠠᠯ ᠶᠢᠰᠦᠨ ᠵᠠᠭᠤᠨ ᠠᠯᠲᠠ ᠭᠠᠵᠠᠷ ᠬᠠᠷᠪᠤᠳᠠᠭ
ᠲᠠᠲᠠᠭᠤ ᠳᠡᠯᠢᠵᠦ ᠬᠠᠷᠪᠤᠪᠠᠯ ᠲᠠᠪᠤᠨ ᠵᠠᠭᠤᠨ ᠠᠯᠲᠠ ᠭᠠᠵᠠᠷ ᠬᠠᠷᠪᠤᠳᠠᠭ ᠬᠥᠮᠦᠨ ᠲᠡᠢ ᠠᠳᠠᠯᠢ ᠬᠥᠮᠦᠨ ᠪᠢᠰᠢ ᠬᠥᠮᠦᠨ ᠢ᠋ ᠢᠳᠡᠬᠦ ᠮᠠᠩᠭ᠋ᠣᠰ ᠬᠦᠴᠦᠲᠦ ᠬᠠᠰᠠᠷ ᠲᠡᠷᠡ ᠬᠦᠷᠴᠦ ᠢᠷᠡᠵᠦ ᠶᠠᠪᠤᠨ᠎ᠠ》ᠭᠡᠪᠡᠯ᠂ ᠲᠢᠶᠠᠨ ᠬᠠᠨ ᠥᠭᠦᠯᠡᠷᠦᠨ᠄
《ᠲᠡᠢᠮᠦ ᠪᠣᠯ ᠥᠨᠳᠥᠷ ᠠᠭᠤᠯᠠᠨ ᠳ᠋ᠤ᠌ ᠬᠣᠷᠭᠣᠳᠣᠶ᠎ᠠ᠂ ᠳᠡᠭᠡᠭᠰᠢ ᠠᠪᠠᠷᠢᠲᠤᠭᠠᠢ》 ᠭᠡᠵᠦ ᠠᠭᠤᠯᠠ ᠥᠭᠡᠳᠡ ᠤᠯᠠᠮ ᠠᠪᠠᠷᠢᠪᠠ᠃ ᠪᠠᠰᠠ ᠲᠢᠶᠠᠨ ᠬᠠᠨ ᠵᠠᠮᠤᠬ᠎ᠠ ᠠ᠋ᠴᠠ ᠠᠰᠠᠭᠤᠪᠠ᠄ 《ᠲᠡᠭᠦᠨ ᠦ᠌ ᠬᠣᠢᠨ᠎ᠠ ᠢᠷᠡᠵᠦ ᠶᠠᠪᠤᠭ᠎ᠠ ᠬᠡᠨ ᠪᠣᠢ?》 ᠭᠡᠪᠡᠯ᠂ ᠵᠠᠮᠤᠬ᠎ᠠ ᠥᠭᠦᠯᠡᠷᠦᠨ᠄
《ᠥᠭᠡᠯᠦᠨ ᠡᠬᠡ ᠶ᠋ᠢᠨ ᠣᠳᠬᠣᠨ ᠬᠦᠦ ᠥᠨᠥᠬᠢ ᠣᠳᠴᠢᠬᠢᠨ ᠲᠡᠷᠡ ᠮᠥᠨ᠃ ᠡᠷᠬᠢᠮᠰᠦᠭ ᠲᠠᠩᠬᠠᠢ ᠤᠴᠢᠷ ᠠ᠋ᠴᠠ ᠡᠷᠲᠡ ᠤᠨᠲᠠᠳᠠᠭ ᠪᠣᠯᠪᠠᠴᠤ ᠡᠷᠡᠯᠬᠡᠭ ᠵᠣᠷᠢᠭᠲᠠᠢ ᠬᠥᠮᠦᠨ ᠤᠳᠬᠤᠨ ᠬᠥᠪᠡᠭᠦᠨ ᠤᠴᠢᠷ ᠠ᠋ᠴᠠ ᠣᠷᠣᠢ ᠪᠣᠰᠳᠠᠭ ᠪᠣᠯᠪᠠᠴᠤ ᠣᠮᠣᠭ ᠴᠢᠳᠠᠯᠲᠠᠢ ᠡᠷ᠎ᠡ ᠪᠠᠢᠯᠳᠤᠭᠠᠨ ᠦᠢᠮᠡᠭᠡᠨ ᠪᠣᠯᠬᠤ ᠳ᠋ᠤ᠌ ᠪᠠᠢᠷᠢᠨ ᠳ᠋ᠠᠭᠠᠨ ᠬᠣᠴᠣᠷᠳᠠᠭ ᠦᠭᠡᠢ ᠪᠠᠭᠠᠲᠤᠷ ᠤᠳᠴᠢᠬᠢᠨ ᠲᠡᠷᠡ ᠶᠠᠪᠤᠨ᠎ᠠ》 ᠭᠡᠪᠡᠯ᠂ 《ᠲᠡᠢᠮᠦ ᠪᠣᠯ ᠠᠭᠤᠯᠠ ᠶ᠋ᠢᠨ ᠣᠷᠭᠢᠯ ᠳᠡᠭᠡᠷ᠎ᠡ ᠭᠠᠷᠤᠶ᠎ᠠ》 ᠭᠡᠵᠦ ᠲᠢᠶᠠᠨ ᠬᠠᠨ ᠬᠡᠯᠡᠪᠡ᠃
196᠂ ᠵᠠᠮᠤᠬ᠎ᠠ᠂ ᠲᠢᠶᠠᠨ ᠬᠠᠨ ᠳ᠋ᠤ᠌ ᠡᠢᠮᠦ ᠦᠭᠡ ᠶ᠋ᠢ ᠬᠡᠯᠡᠭᠡᠳ᠂ ᠨᠢᠮᠡᠨ ᠡᠴᠡ ᠬᠠᠭᠠᠴᠠᠨ ᠰᠠᠯᠵᠤ᠂ ᠴᠢᠩᠭᠢᠰ ᠬᠠᠭᠠᠨ ᠳ᠋ᠤ᠌ ᠬᠥᠮᠦᠨ ᠶᠠᠪᠤᠭᠤᠯᠵᠤ ᠬᠡᠯᠡᠭᠦᠯᠦᠭᠰᠡᠨ ᠨᠢ᠄
《ᠲᠢᠶᠠᠨ ᠬᠠᠨ ᠴᠢᠮ᠎ᠠ ᠠ᠋ᠴᠠ ᠠᠶᠤᠵᠤ ᠲᠠᠢᠭ᠎ᠠ ᠠᠭᠤᠯᠠᠨ ᠳ᠋ᠤ᠌ ᠰᠢᠷᠭᠤᠵᠤ ᠣᠷᠣᠪᠠ᠂ ᠤᠬᠠᠭᠠᠨ ᠠᠯᠳᠠᠲᠠᠯ᠎ᠠ ᠠᠶᠤᠭᠠᠳ ᠲᠡᠷᠡ ᠠᠭᠤᠯᠠᠨ ᠳ᠋ᠤ᠌ ᠬᠣᠷᠭᠣᠳᠣᠨ ᠠᠪᠠᠷᠢᠵᠤ ᠪᠠᠢᠨ᠎ᠠ᠃ᠲᠡᠮᠦᠵᠢᠨ ᠴᠢ ᠬᠠᠲᠠᠭᠤᠵᠢᠵᠤ ᠬᠢᠴᠢᠶᠡ ᠲᠡᠳᠡ ᠰᠠᠨᠳᠤᠷᠤᠨ ᠳᠤᠲᠠᠭᠠᠵᠤ ᠪᠠᠢᠨ᠎ᠠ᠂ ᠡᠳᠡᠨ ᠦ᠌ ᠴᠠᠷ ᠢ᠋ ᠠᠵᠢᠵᠤ ᠬᠠᠷᠠᠬᠤ ᠳ᠋ᠤ᠌ ᠡᠰᠡᠷᠭᠦᠴᠡᠬᠦ ᠴᠢᠳᠠᠯ ᠦᠭᠡᠢ ᠪᠣᠯᠵᠠᠢ᠃ ᠪᠢᠳᠡ ᠨᠥᠬᠥᠳ ᠦ᠋ᠨ ᠬᠠᠮᠲᠤ ᠨᠢᠮᠡᠨ ᠡᠴᠡ ᠬᠠᠭᠠᠴᠠᠪᠠ》 ᠭᠡᠵᠦ ᠢᠯᠡᠭᠡᠪᠡ᠃ ᠴᠢᠩᠭᠢᠰ ᠬᠠᠭᠠᠨ᠂ ᠨᠠᠷᠠᠨ ᠣᠷᠣᠢ ᠪᠣᠯᠬᠤ ᠬᠢᠷᠢ ᠳ᠋ᠦ᠍ ᠨᠠᠬᠤ ᠬᠤᠨ ᠤ᠋ ᠠᠭᠤᠯᠠ ᠶ᠋ᠢ ᠪᠦᠰᠡᠯᠡᠵᠦ ᠠᠪᠤᠭᠠᠳ ᠬᠣᠨᠣᠪᠠ᠃ ᠲᠡᠷᠡ ᠰᠥᠨᠢ ᠨᠢᠮᠡᠨ ᠦ᠋ᠳ ᠪᠤᠷᠤᠭᠤᠯᠠᠨ ᠳᠤᠲᠠᠭᠠᠬᠤ ᠭᠡᠳ ᠨᠠᠬᠤ ᠬᠤᠨ ᠤ᠋ ᠠᠭᠤᠯᠠᠨ ᠳᠡᠭᠡᠷ᠎ᠡ ᠡᠴᠡ ᠬᠠᠯᠲᠤᠷᠢᠨ ᠤᠨᠠᠵᠤ᠂ ᠨᠤᠷᠠᠭᠰᠠᠨ ᠲᠦᠯᠡᠭᠡ ᠮᠡᠲᠦ ᠪᠡᠶ᠎ᠡ ᠪᠡᠶ᠎ᠡ ᠪᠡᠨ ᠳᠠᠷᠤᠯᠴᠠᠵᠤ ᠶᠠᠰᠤ ᠪᠠᠨ ᠬᠡᠮᠬᠡᠴᠢᠵᠦ ᠦᠬᠦᠵᠡᠭᠡᠪᠡ᠃ ᠮᠠᠷᠭᠠᠰᠢ ᠨᠢ ᠲᠢᠶᠠᠨ ᠬᠠᠨ ᠢ᠋ ᠮᠣᠬᠣᠭᠠᠵᠤ ᠪᠠᠷᠢᠪᠠ᠃ ᠲᠢᠶᠠᠨ ᠬᠠᠨ ᠬᠦᠨᠳᠦ ᠰᠢᠷᠬᠠᠳᠤᠭᠰᠠᠨ ᠲᠤᠯᠠ ᠳᠠᠷᠤᠢ ᠦᠬᠦᠪᠡ᠃ ᠷᠠᠰᠢᠳ᠋ ᠬᠦᠴᠥᠯᠥᠭ ᠬᠠᠨ ᠲᠤᠰᠠᠭᠠᠷ ᠪᠠᠢᠭᠰᠠᠨ ᠲᠤᠯᠠ ᠴᠥᠭᠡᠨ ᠬᠥᠮᠦᠨ ᠦ᠌ ᠬᠠᠮᠲᠤ ᠳᠤᠲᠠᠭᠠᠵᠤ᠂ ᠲᠠᠮᠢᠷ ᠭᠣᠣᠯ ᠬᠦᠷᠴᠦ ᠨᠡᠬᠡᠭᠰᠡᠨ ᠴᠡᠷᠢᠭ ᠲᠦ᠍ ᠭᠦᠢᠴᠡᠭᠳᠡᠭᠡᠳ ᠬᠦᠷᠢᠶ᠎ᠡ ᠪᠡᠬᠢᠯᠡᠯᠲᠡ ᠶ᠋ᠢ ᠪᠠᠷᠢᠵᠤ ᠪᠠᠢᠯᠳᠤᠭᠰᠠᠨ ᠪᠣᠯᠪᠠᠴᠤ ᠪᠠᠰᠠ ᠲᠡᠰᠪᠦᠷᠢᠯᠡᠭᠰᠡᠨ ᠦᠭᠡᠢ᠂ ᠴᠠᠰᠢ ᠳᠤᠲᠠᠭᠠᠵᠤ ᠪᠣᠢ᠌ᠷᠣᠭ ᠬᠠᠨ ᠠᠪᠠᠭ᠎ᠠ ᠳ᠋ᠠᠭᠠᠨ ᠣᠴᠢᠪᠠ᠃ ᠨᠢᠮᠡᠨ ᠦ᠌ ᠤᠯᠤᠰ ᠢᠷᠭᠡᠨ ᠢ᠋ ᠠᠯᠲᠠᠢ ᠶ᠋ᠢᠨ ᠥᠯᠥᠭᠡᠢ ᠳ᠋ᠦ᠍ ᠮᠣᠬᠣᠭᠠᠵᠤ ᠴᠥᠮ ᠢ᠋ ᠨᠢ ᠡᠷᠬᠡᠨ ᠳ᠋ᠡᠭᠡᠨ ᠣᠷᠣᠭᠤᠯᠵᠤ ᠠᠪᠤᠪᠠ᠃ ᠵᠠᠮᠤᠬ᠎ᠠ ᠪᠠᠷᠠᠭᠤᠨ ᠵᠦᠭ ᠳᠤᠲᠠᠭᠠᠪᠠ᠃ ᠵᠠᠮᠤᠬ᠎ᠠ ᠶ᠋ᠢ ᠳᠠᠭᠠᠵᠤ ᠶᠠᠪᠤᠭᠰᠠᠨ ᠵᠠᠳᠠᠷᠠᠨ᠂ ᠬᠠᠲᠠᠭᠢᠨ᠂ ᠰᠠᠯᠵᠢᠭᠣᠳ᠂ ᠳᠥᠷᠪᠡᠨ᠂ ᠲᠠᠢᠴᠢᠭᠤᠳ ᠬᠣᠩᠭᠢᠷᠠᠳ ᠲᠡᠷᠢᠭᠦᠲᠡᠨ ᠠᠢᠮᠠᠭ ᠤ᠋ᠳ ᠲᠡᠨᠳᠡ ᠴᠢᠩᠭᠢᠰ ᠬᠠᠭᠠᠨ ᠳ᠋ᠤ᠌ ᠳᠠᠭᠠᠵᠤ ᠣᠷᠣᠪᠠ᠃ ᠲᠢᠶᠠᠨ ᠤ᠋ ᠡᠬᠡ ᠬᠦᠷᠪᠡᠰᠦ ᠬᠠᠲᠤᠨ ᠢ᠋ ᠴᠢᠩᠭᠢᠰ ᠬᠠᠭᠠᠨ ᠠᠪᠴᠢᠷᠠᠭᠤᠯᠵᠤ ᠥᠭᠦᠯᠡᠷᠦᠨ᠄ 《ᠴᠢ ᠮᠣᠩᠭ᠋ᠣᠯ ᠬᠥᠮᠦᠨ ᠢ᠋ ᠮᠠᠭᠤᠬᠠᠢ ᠦᠨᠦᠷ ᠲᠡᠢ ᠭᠡᠳᠡᠭ ᠪᠢᠯᠡ ᠤᠤ? ᠴᠢ ᠣᠳᠣ ᠶᠠᠭᠤᠨ ᠳ᠋ᠤ᠌ ᠢᠷᠡᠪᠡ?》 ᠭᠡᠵᠦ ᠲᠡᠭᠦᠨ ᠢ᠋ ᠴᠢᠩᠭᠢᠰ ᠬᠠᠭᠠᠨ ᠥᠪᠡᠷ ᠢ᠋ᠶ᠋ᠡᠨ ᠠᠪᠤᠯ᠎ᠠ᠃ ᠲᠢᠶᠠᠨ ᠤ᠋ ᠠᠢᠮᠠᠭ ᠠ᠋ᠴᠠ ᠨᠢᠭᠡ ᠬᠥᠮᠦᠨ ᠳᠤᠲᠠᠭᠠᠪᠠ᠃ ᠬᠠᠰᠠᠷ ᠲᠡᠭᠦᠨ ᠢ᠋ ᠠᠮᠢᠳᠤ ᠪᠠᠷ ᠪᠡᠷᠢ ᠭᠡᠰᠡᠨ ᠳ᠋ᠦ᠍ ᠪᠠᠲᠤ ᠭᠦᠢᠴᠡᠭᠡᠳ ᠠᠮᠢᠳᠤ ᠪᠠᠷ ᠪᠠᠷᠢᠨ ᠢᠷᠡᠪᠡ᠃ ᠦᠵᠡᠪᠡᠯ᠂ ᠡᠪᠦᠷ ᠲᠦ᠍ ᠨᠢ ᠨᠢᠭᠡᠨ ᠲᠠᠮᠠᠭ᠎ᠠ ᠪᠣᠢ᠃ ᠬᠠᠰᠠᠷ ᠥᠭᠦᠯᠡᠷᠦᠨ᠄ 《ᠲᠠᠨ ᠤ᠋ ᠣᠯᠠᠨ ᠠᠢᠮᠠᠭ ᠴᠡᠷᠢᠭ ᠴᠥᠮ ᠮᠠᠨ ᠢ᠋ ᠳᠠᠭᠠᠵᠤ ᠪᠠᠢᠬᠤ ᠳ᠋ᠤ᠌᠂ ᠴᠢ ᠡᠨᠡ ᠶᠠᠭᠤᠮ᠎ᠠ ᠶ᠋ᠢ ᠡᠪᠦᠷᠯᠡᠵᠦ ᠬᠠᠮᠢᠭᠠᠰᠢ ᠣᠳᠪᠠ?》 ᠭᠡᠪᠡᠯ᠂ ᠲᠡᠷᠡ ᠬᠥᠮᠦᠨ ᠥᠭᠦᠯᠡᠷᠦᠨ᠄ 《ᠮᠢᠨᠦ ᠪᠡᠶ᠎ᠡ᠂ ᠲᠤᠰᠢᠶᠠᠯ ᠤ᠋ᠨ ᠭᠠᠵᠠᠷ ᠢ᠋ᠶ᠋ᠠᠨ ᠦᠬᠦᠲᠡᠯ᠎ᠡ ᠰᠠᠬᠢᠨ᠎ᠠ᠃ ᠡᠨᠡ ᠲᠠᠮᠠᠭ᠎ᠠ ᠶ᠋ᠢ ᠬᠠᠭᠤᠴᠢᠨ ᠡᠵᠡᠨ ᠳ᠋ᠡᠭᠡᠨ ᠬᠦᠷᠭᠡᠵᠦ ᠦᠭᠶ᠎ᠡ ᠭᠡᠰᠡᠨ ᠪᠢᠯᠡ᠃ ᠠᠵᠠ ᠳᠤᠲᠠᠵᠤ ᠪᠠᠷᠢᠭᠳᠠᠪᠠ》 ᠭᠡᠬᠦ ᠳ᠋ᠦ᠍᠂ ᠬᠠᠰᠠᠷ ᠥᠭᠦᠯᠡᠷᠦᠨ᠄ 《ᠴᠢ ᠠᠯᠢ ᠣᠪᠣᠭ ᠤ᠋ᠨ ᠬᠥᠮᠦᠨ᠂ ᠶᠠᠮᠠᠷ ᠲᠤᠰᠢᠶᠠᠯ ᠲᠠᠢ ᠪᠠᠢᠭᠰᠠᠨ ᠪᠣᠢ?》 ᠭᠡᠪᠡᠯ᠂ ᠲᠡᠷᠡ ᠬᠥᠮᠦᠨ ᠥᠭᠦᠯᠡᠷᠦᠨ᠄ 《ᠪᠢ ᠢᠵᠠᠭᠤᠷ ᠠ᠋ᠴᠠ ᠤᠢᠭᠤᠷ ᠭᠠᠵᠠᠷ ᠤ᠋ᠨ ᠬᠥᠮᠦᠨ᠂ᠨᠡᠷ᠎ᠡ ᠲᠠᠲᠠᠲᠤᠩᠭ᠎ᠠ᠂ ᠮᠢᠨᠦ ᠡᠵᠡᠨ ᠡᠨᠡ ᠲᠠᠮᠠᠭ᠎ᠠ ᠶ᠋ᠢ ᠨᠠᠳᠠᠳᠤ ᠲᠤᠰᠢᠶᠠᠵᠤ᠂ ᠡᠳ᠋ ᠢᠳᠡᠰᠢ ᠶ᠋ᠢ ᠭᠠᠷᠭᠠᠬᠤ ᠪᠠ ᠣᠷᠣᠭᠤᠯᠬᠤ ᠶᠠᠪᠤᠳᠠᠯ ᠢ᠋ ᠨᠠᠳᠠᠳᠤ ᠲᠤᠰᠢᠶᠠᠭᠰᠠᠨ ᠪᠢᠯᠡ᠃》 ᠢᠩᠭᠢᠲᠡᠯ᠎ᠡ᠂ ᠬᠠᠰᠠᠷ ᠪᠠᠰᠠ ᠠᠰᠠᠭᠤᠷᠤᠨ᠄ 《ᠡᠨᠡ ᠲᠠᠮᠠᠭ᠎ᠠ ᠶ᠋ᠢ ᠶᠠᠭᠤᠨ ᠳ᠋ᠤ᠌ ᠬᠡᠷᠡᠭᠯᠡᠨ᠎ᠡ?》 ᠲᠠᠲᠠᠲᠤᠩᠭ᠎ᠠ ᠥᠭᠦᠯᠡᠷᠦᠨ᠄ 《ᠰᠠᠢᠨ ᠬᠥᠮᠦᠨ ᠢ᠋ ᠰᠣᠩᠭ᠋ᠣᠵᠣ ᠵᠠᠷᠯᠢᠭ ᠪᠢᠴᠢᠭ ᠶᠠᠪᠤᠭᠤᠯᠬᠤ ᠠᠯᠢᠪᠠ ᠦᠢᠯᠡᠰ ᠲᠦ᠍ ᠬᠡᠷᠡᠭᠯᠡᠨ᠎ᠡ》 ᠭᠡᠪᠡᠯ᠂ ᠬᠠᠰᠠᠷ ᠰᠠᠢᠰᠢᠶᠠᠵᠤ ᠰᠢᠳᠤᠷᠭᠤ ᠡᠯᠪᠡᠷᠢᠯᠲᠦ ᠬᠥᠮᠦᠨ ᠭᠡᠵᠦ ᠲᠡᠮᠦᠵᠢᠨ ᠳ᠋ᠦ᠍ ᠮᠡᠳᠡᠭᠦᠯᠵᠦ᠂ ᠠᠯᠢᠪᠠ ᠪᠢᠴᠢᠭ ᠶᠠᠪᠤᠭᠤᠯᠬᠤ ᠳ᠋ᠤ᠌ ᠬᠡᠷᠡᠭᠯᠡᠬᠦ ᠪᠡᠷ ᠲᠡᠷᠡ ᠲᠠᠮᠠᠭ᠎ᠠ ᠶ᠋ᠢ ᠮᠥᠨ ᠬᠦ ᠲᠠᠲᠠᠲᠤᠩᠭ᠎ᠠ ᠳ᠋ᠤ᠌ ᠲᠤᠰᠢᠶᠠᠪᠠ᠃ ᠬᠠᠰᠠᠷ᠂ ᠲᠠᠲᠠᠲᠤᠩᠭ᠎ᠠ ᠶ᠋ᠢ ᠪᠠᠭᠰᠢ ᠪᠠᠷᠢᠨ᠂ ᠪᠢᠴᠢᠭ ᠬᠠᠤᠯᠢ᠂ ᠴᠡᠷᠢᠭ ᠦ᠋ᠨ ᠪᠣᠳᠣᠯᠭ᠎ᠠ ᠲᠡᠷᠢᠭᠦᠲᠡᠨ ᠣᠯᠠᠨ ᠵᠦᠢᠯ ᠪᠢᠴᠢᠭ ᠤᠳᠬ᠎ᠠ ᠵᠢᠭᠠᠯᠭᠠᠵᠤ ᠤᠳᠠᠯ ᠦᠭᠡᠢ ᠰᠤᠷᠪᠠ᠃
ᠮᠡᠷᠭᠡᠨ ᠭᠡᠭᠡᠨ ᠦ᠌ ᠠᠯᠲᠠᠨ ᠲᠣᠪᠴᠢ ᠶ᠋ᠢᠨ 23 ᠳ᠋ᠤᠭᠠᠷ ᠪᠦᠯᠦᠭ ᠲᠦ᠍ ᠪᠣᠢ
197᠂ ᠮᠥᠨ ᠬᠤᠯᠤᠭᠠᠨ᠎ᠠ ᠵᠢᠯ ᠦ᠋ᠨ ᠨᠠᠮᠤᠷ ᠬᠠᠷ᠎ᠠ ᠲᠠᠯ᠎ᠠ ᠶ᠋ᠢᠨ ᠢᠵᠠᠭᠤᠷ ᠭᠡᠳᠡᠭ ᠭᠠᠵᠠᠷ ᠮᠡᠷᠭᠢᠳ ᠦ᠋ᠨ ᠲᠣᠭᠳᠣᠬ᠎ᠠ ᠪᠡᠬᠢ ᠲᠡᠢ ᠴᠢᠩᠭᠢᠰ ᠬᠠᠭᠠᠨ ᠪᠠᠢᠯᠳᠤᠵᠤ᠂ ᠲᠣᠭᠳᠣᠬ᠎ᠠ ᠶ᠋ᠢ ᠳᠡᠢᠯᠦᠭᠡᠳ ᠬᠥᠭᠡᠭᠡᠵᠦ ᠰᠠᠭᠠᠷᠢ ᠬᠡᠭᠡᠷ᠎ᠡ ᠭᠡᠳᠡᠭ ᠭᠠᠵᠠᠷ ᠮᠡᠷᠭᠢᠳ ᠦ᠋ᠨ ᠠᠢᠮᠠᠭ ᠣᠯᠠᠨ ᠢ᠋ ᠳᠠᠭᠠᠭᠤᠯᠤᠨ ᠠᠪᠤᠪᠠ᠃ ᠲᠣᠭᠳᠣᠬ᠎ᠠ᠂ ᠬᠣᠲᠣ᠂ ᠴᠢᠯᠠᠭᠤᠨ ᠬᠣᠶᠠᠷ ᠬᠥᠪᠡᠭᠦᠨ ᠪᠠ ᠴᠥᠭᠡᠨ ᠬᠥᠮᠦᠨ ᠢ᠋ ᠠᠪᠴᠤ ᠳᠤᠲᠠᠭᠠᠵᠤ ᠣᠳᠪᠠ᠃ ᠬᠣᠲᠣ᠂ ᠴᠢᠯᠠᠭᠤᠨ ᠤ᠋ ᠡᠬᠡᠨᠡᠷ ᠢ᠋ ᠴᠢᠩᠭᠢᠰ ᠬᠠᠭᠠᠨ ᠤ᠋ ᠬᠥᠪᠡᠭᠦᠨ ᠥᠭᠡᠳᠡᠢ ᠳ᠋ᠦ᠍ ᠥᠭᠪᠡ᠃ ᠮᠡᠷᠭᠢᠳ ᠢᠷᠭᠡᠨ ᠢ᠋ ᠡᠵᠡᠯᠡᠭᠳᠡᠬᠦ ᠳ᠋ᠦ᠍ ᠣᠧᠨᠰ ᠮᠡᠷᠭᠢᠳ ᠦ᠋ᠨ ᠲᠡᠷᠢᠭᠦᠯᠡᠭᠴᠢ ᠲᠡᠢᠷ ᠤᠰᠤᠨ ᠭᠡᠭᠴᠢ ᠬᠥᠮᠦᠨ ᠪᠠᠢᠯᠳᠤᠬᠤ ᠰᠠᠨᠠᠯ ᠦᠭᠡᠢ ᠭᠡᠵᠦ ᠥᠪᠡᠷ ᠦ᠋ᠨ ᠥᠬᠢᠨ ᠬᠤᠯᠠᠨ ᠢ᠋ ᠴᠢᠩᠭᠢᠰ ᠬᠠᠭᠠᠨ ᠳ᠋ᠤ᠌ ᠦᠵᠡᠭᠦᠯᠬᠦ ᠪᠡᠷ ᠠᠪᠴᠢᠷᠠᠵᠤ ᠶᠠᠪᠤᠲᠠᠯ᠎ᠠ᠂ ᠵᠠᠮ ᠳ᠋ᠤ᠌ ᠲᠣᠬᠢᠶᠠᠯᠳᠤᠭᠰᠠᠨ ᠮᠣᠩᠭ᠋ᠣᠯ ᠴᠡᠷᠢᠭ ᠰᠠᠭᠠᠲᠠᠭᠤᠯᠬᠤ ᠳ᠋ᠤ᠌ ᠲᠤᠯᠠ ᠪᠠᠭᠠᠷᠢᠳᠠᠢ ᠶ᠋ᠢᠨ ᠨᠠᠶᠠᠭ᠎ᠠ ᠨᠣᠶᠠᠨ ᠳ᠋ᠤ᠌ ᠲᠡᠢᠷ ᠤᠰᠤᠨ ᠤᠴᠠᠷᠠᠵᠤ ᠥᠭᠦᠯᠡᠷᠦᠨ᠄ 《ᠪᠢ ᠡᠨᠡ ᠥᠬᠢᠨ ᠢ᠋ᠶ᠋ᠡᠨ ᠴᠢᠩᠭᠢᠰ ᠬᠠᠭᠠᠨ ᠳ᠋ᠤ᠌ ᠦᠵᠡᠭᠦᠯᠬᠦ ᠪᠡᠷ ᠶᠠᠪᠤᠵᠤ ᠪᠠᠢᠨ᠎ᠠ》 ᠭᠡᠪᠡᠯ᠂ ᠨᠠᠶᠠᠭ᠎ᠠ ᠨᠣᠶᠠᠨ ᠥᠭᠦᠯᠡᠷᠦᠨ᠄ 《ᠥᠬᠢᠨ ᠢ᠋ ᠴᠢᠨᠢ ᠪᠢᠳᠡ ᠬᠠᠮᠲᠤ ᠠᠪᠠᠴᠢᠵᠤ ᠦᠵᠡᠭᠦᠯᠦᠶ᠎ᠡ᠃ ᠴᠢ ᠭᠠᠭᠴᠠᠭᠠᠷ ᠣᠳᠪᠠᠯ ᠡᠢᠮᠦ ᠰᠠᠮᠠᠭᠤᠨ ᠴᠠᠭ ᠲᠤ᠌ ᠲᠣᠬᠢᠶᠠᠯᠳᠤᠭᠰᠠᠨ ᠴᠡᠷᠢᠭ ᠦ᠋ᠳ ᠴᠢᠮ᠎ᠠ ᠶ᠋ᠢ ᠬᠣᠣᠷᠯᠠᠬᠤ ᠪᠠ ᠴᠢᠨᠦ ᠥᠬᠢᠨ ᠲᠡᠢ ᠰᠠᠮᠠᠭᠤᠷᠠᠬᠤ ᠲᠤᠯᠠ ᠬᠣᠶᠠᠭᠤᠯᠠ ᠬᠠᠮᠲᠤ ᠣᠴᠢᠶ᠎ᠠ᠃ ᠴᠢ ᠨᠠᠮ᠎ᠠ ᠶ᠋ᠢ ᠭᠤᠷᠪᠠ ᠬᠣᠨᠣᠭ ᠬᠦᠯᠢᠶᠡ》 ᠭᠡᠵᠦ ᠳᠤᠷᠠᠳᠬᠠᠵᠤ ᠬᠦᠯᠢᠶᠡᠯᠭᠡᠪᠡ᠃ ᠲᠡᠨᠳᠡ ᠡᠴᠡ ᠨᠠᠶᠠᠭ᠎ᠠ ᠨᠣᠶᠠᠨ ᠲᠠᠢᠷ ᠤᠰᠤᠨ ᠬᠣᠶᠠᠷ᠂ ᠬᠤᠯᠠᠨ ᠢ᠋ ᠠᠪᠴᠤ ᠴᠢᠩᠭᠢᠰ ᠬᠠᠭᠠᠨ ᠳ᠋ᠤ᠌ ᠬᠦᠷᠭᠡᠪᠡ᠃ ᠴᠢᠩᠭᠢᠰ ᠬᠠᠭᠠᠨ ᠬᠤᠯᠠᠨ ᠢ᠋ ᠨᠠᠶᠠᠭ᠎ᠠ ᠨᠣᠶᠠᠨ᠂ ᠭᠡᠷ ᠲᠡᠭᠡᠨ ᠭᠤᠷᠪᠠ ᠬᠣᠨᠣᠭ ᠬᠦᠯᠢᠶᠡᠯᠭᠡᠭᠰᠡᠨ ᠢ᠋ ᠰᠣᠨᠣᠰᠤᠭᠠᠳ ᠮᠠᠰᠢ ᠬᠢᠯᠢᠩᠨᠡᠵᠦ 《ᠴᠢ ᠡᠨᠡ ᠬᠤᠯᠠᠨ ᠢ᠋ ᠶᠠᠮᠠᠷ ᠤᠴᠢᠷ ᠲᠠᠢ ᠭᠡᠷ ᠲᠡᠭᠡᠨ ᠬᠦᠯᠢᠶᠡᠯᠭᠡᠵᠦ ᠪᠠᠢᠭᠰᠠᠨ ᠪᠣᠢ?》 ᠭᠡᠵᠦ ᠴᠢᠩᠭ᠋ᠠᠳᠠ ᠲᠤᠯᠭᠠᠨ ᠠᠰᠠᠭᠤᠵᠤ ᠵᠠᠰᠠᠭᠯᠠᠨ ᠰᠢᠳᠬᠡᠬᠦ ᠭᠡᠵᠦ ᠪᠠᠢᠲᠠᠯ᠎ᠠ᠂ ᠬᠤᠯᠠᠨ ᠥᠭᠦᠯᠡᠷᠦᠨ᠄ 《ᠨᠠᠳᠠᠳᠤ ᠨᠠᠶᠠᠭ᠎ᠠ ᠨᠣᠶᠠᠨ ᠤ᠋ ᠬᠡᠯᠡᠭᠰᠡᠨ ᠨᠢ 〈ᠪᠢ ᠴᠢᠩᠭᠢᠰ ᠬᠠᠭᠠᠨ ᠤ᠋ ᠶᠡᠬᠡ ᠨᠣᠶᠠᠨ ᠪᠢᠯᠡ᠃ ᠪᠢᠳᠡ ᠬᠠᠮᠲᠤ ᠬᠠᠭᠠᠨ ᠳ᠋ᠤ᠌ ᠪᠠᠷᠠᠭᠠᠯᠬᠠᠵᠣ ᠣᠴᠢᠶ᠎ᠠ᠃ ᠵᠠᠮ ᠤ᠋ᠨ ᠵᠠᠭᠤᠷ᠎ᠠ ᠴᠡᠷᠢᠭ ᠦ᠋ᠳ ᠰᠠᠮᠠᠭᠤᠷᠠᠨ ᠪᠣᠯᠵᠣᠰᠢ ᠦᠭᠡᠢ〉 ᠭᠡᠵᠦ ᠢᠳᠬᠠᠪᠠ᠃ ᠬᠡᠷᠪᠡ ᠨᠠᠶᠠᠭ᠎ᠠ ᠨᠣᠶᠠᠨ ᠤᠴᠠᠷᠠᠵᠤ ᠲᠤᠰᠠᠯᠠᠭᠰᠠᠨ ᠦᠭᠡᠢ ᠪᠣᠯ ᠪᠢᠳᠡ ᠵᠠᠪᠰᠠᠷ ᠤ᠋ᠨ ᠴᠡᠷᠢᠭ ᠲᠦ᠍ ᠪᠠᠷᠢᠭᠳᠠᠵᠤ᠂ ᠲᠡᠳᠡᠨ ᠦ᠌ ᠵᠠᠪᠰᠢᠶᠠᠨ ᠪᠣᠯᠬᠤ ᠪᠢᠰᠢᠦ᠃ ᠬᠠᠷᠢᠨ ᠨᠠᠶᠠᠭ᠎ᠠ ᠲᠠᠢ ᠤᠴᠠᠷᠠᠭᠰᠠᠨ ᠮᠢᠨᠢ ᠰᠠᠢᠨ ᠪᠣᠯᠪᠠ᠃ ᠣᠳᠣ ᠡᠨᠡ ᠨᠠᠶᠠᠭ᠎ᠠ ᠨᠣᠶᠠᠨ ᠠ᠋ᠴᠠ ᠠᠰᠠᠭᠤᠬᠤ ᠶ᠋ᠢᠨ ᠣᠷᠣᠨ ᠳ᠋ᠤ᠌ ᠬᠠᠭᠠᠨ ᠰᠣᠶᠣᠷᠬᠠᠪᠠᠯ᠂ ᠲᠡᠭᠷᠢ ᠡᠴᠡ ᠵᠠᠶᠠᠭᠠᠭᠰᠠᠨ᠂ ᠡᠴᠢᠭᠡ ᠡᠬᠡ ᠡᠴᠡ ᠲᠥᠷᠥᠭᠦᠯᠦᠭᠰᠡᠨ ᠮᠠᠬᠠᠪᠣᠳ ᠢ᠋ ᠮᠢᠨᠢ ᠰᠢᠯᠭᠠᠵᠤ ᠦᠵᠡᠲᠦᠭᠡᠢ》 ᠭᠡᠵᠡᠢ᠃ ᠪᠠᠰᠠ ᠨᠠᠶᠠᠭ᠎ᠠ ᠨᠣᠶᠠᠨ ᠥᠭᠦᠯᠡᠷᠦᠨ᠄
《ᠬᠠᠮᠤᠭ ᠣᠯᠠᠨ ᠤ᠋ ᠡᠵᠡᠨ ᠬᠠᠭᠠᠨ ᠴᠢᠩᠭᠢᠰ ᠴᠢᠮᠢ᠋ᠢ ᠬᠠᠢᠷᠠᠯᠠᠵᠤ ᠬᠦᠨᠳᠦᠯᠡᠬᠦ ᠡᠴᠡ ᠥᠭᠡᠷ᠎ᠡ ᠬᠠᠷ᠎ᠠ ᠰᠠᠨᠠᠯ ᠨᠠᠳᠠᠳᠤ ᠦᠭᠡᠢ᠃ ᠬᠠᠷᠢ ᠤᠯᠤᠰ ᠠ᠋ᠴᠠ ᠣᠯᠵᠠᠯᠠᠭᠰᠠᠨ ᠬᠠᠴᠠᠷ ᠭᠤᠸ᠎ᠠ ᠬᠠᠲᠤᠳ ᠪᠠ ᠬᠠᠲᠠᠷᠢᠶ᠎ᠠ ᠲᠠᠢ ᠰᠠᠢᠨ ᠮᠣᠷᠢᠳ ᠢ᠋ ᠬᠠᠭᠠᠨ ᠴᠢᠨᠦ ᠶᠠᠭᠤᠮ᠎ᠠ ᠭᠡᠵᠦ ᠬᠠᠯᠳᠣᠯ ᠦᠭᠡᠢ ᠬᠠᠷᠠᠵᠤ ᠬᠠᠪᠢᠷᠤᠯ᠎ᠠ ᠦᠭᠡᠢ ᠰᠠᠬᠢᠳᠠᠭ ᠪᠢᠯᠡ᠃ ᠡᠭᠦᠨ ᠡᠴᠡ ᠥᠭᠡᠷ᠎ᠡ ᠰᠡᠳᠬᠢᠯ ᠢ᠋ ᠦᠨᠡᠬᠡᠷ ᠰᠠᠨᠠᠭᠰᠠᠨ ᠪᠤᠶᠤ ᠦᠢᠯᠡᠳᠦᠭᠰᠡᠨ ᠵᠦᠢᠯ ᠪᠠᠢᠪᠠᠯ ᠦᠬᠦᠬᠦ ᠳ᠋ᠦ᠍ ᠨᠠᠳᠠᠳᠤ ᠭᠣᠮᠣᠳᠠᠯ ᠦᠭᠡᠢ᠃》 ᠭᠡᠵᠡᠢ᠃ ᠴᠢᠩᠭᠢᠰ ᠬᠠᠭᠠᠨ᠂ ᠬᠤᠯᠠᠨ ᠬᠠᠲᠤᠨ ᠤ᠋ ᠦᠭᠡ ᠶ᠋ᠢ ᠵᠥᠪᠰᠢᠶᠡᠷᠡᠵᠦ᠂ ᠮᠥᠨ ᠡᠳᠦᠷ ᠲᠡᠷᠡ ᠳᠠᠷᠤᠢ ᠰᠣᠷᠢᠵᠤ ᠦᠵᠡᠪᠡᠯ᠂ ᠬᠤᠯᠠᠨ ᠬᠠᠲᠤᠨ ᠤ᠋ ᠥᠴᠢᠭᠰᠡᠨ ᠦᠭᠡ ᠦᠨᠡᠨ ᠪᠠᠢᠭᠰᠠᠨ ᠲᠤᠯᠠ ᠴᠢᠩᠭᠢᠰ ᠬᠠᠭᠠᠨ ᠬᠤᠯᠠᠨ ᠬᠠᠲᠤᠨ ᠢ᠋ ᠰᠣᠶᠣᠷᠬᠠᠵᠤ ᠲᠠᠭᠠᠯᠠᠪᠠ᠃ ᠨᠠᠶᠠᠭ᠎ᠠ ᠨᠣᠶᠠᠨ ᠤ᠋ ᠦᠭᠡ ᠪᠠᠰᠠ ᠦᠨᠡᠨ ᠪᠣᠯᠤᠭᠰᠠᠨ ᠲᠤᠯᠠ 《ᠦᠨᠡᠨ ᠦᠭᠡ ᠲᠡᠢ ᠰᠢᠳᠤᠷᠭᠤ ᠬᠥᠮᠦᠨ ᠪᠠᠢᠨ᠎ᠠ᠃ ᠶᠡᠬᠡ ᠦᠢᠯᠡ ᠬᠡᠷᠡᠭ ᠢ᠋ ᠲᠤᠰᠢᠶᠠᠶ᠎ᠠ》 ᠭᠡᠵᠦ ᠥᠷᠥᠰᠢᠶᠡᠵᠦ ᠰᠣᠶᠣᠷᠬᠠᠪᠠ᠃

《ᠮᠣᠩᠭᠣᠯ ᠤᠨ ᠨᠢᠭᠤᠴᠠ ᠲᠣᠪᠴᠢᠶᠠᠨ》ᠪᠦᠬᠦ 12 ᠪᠦᠯᠦᠭ“Монголын нууц товчоон”бөх 12 бөлөг