《ᠮᠣᠩᠭᠣᠯ ᠤ᠋ᠨ ᠨᠢᠭᠤᠴᠠ ᠲᠣᠪᠴᠢᠶᠠᠨ》ᠵᠢᠷᠭᠤᠳᠤᠭᠠᠷ ᠪᠦᠯᠦᠭ-ᠬᠡᠷᠡᠢᠳ ᠤᠯᠤᠰ ᠤ᠋ᠨ ᠮᠥᠬᠥᠭᠰᠡᠨ ᠨᠢХэрэйд улсын мөхсөн нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠤ᠋ᠨ ᠨᠢᠭᠤᠴᠠ ᠲᠣᠪᠴᠢᠶᠠᠨ》ᠵᠢᠷᠭᠤᠳᠤᠭᠠᠷ ᠪᠦᠯᠦᠭ-ᠬᠡᠷᠡᠢᠳ ᠤᠯᠤᠰ ᠤ᠋ᠨ ᠮᠥᠬᠥᠭᠰᠡᠨ ᠨᠢХэрэйд улсын мөхсөн нь

《ᠮᠣᠩᠭᠣᠯ ᠤ᠋ᠨ ᠨᠢᠭᠤᠴᠠ ᠲᠣᠪᠴᠢᠶᠠᠨ》ᠵᠢᠷᠭᠤᠳᠤᠭᠠᠷ ᠪᠦᠯᠦᠭ-ᠬᠡᠷᠡᠢᠳ ᠤᠯᠤᠰ ᠤ᠋ᠨ ᠮᠥᠬᠥᠭᠰᠡᠨ ᠨᠢХэрэйд улсын мөхсөн нь

ᠠᠩᠭᠢᠯᠠᠯ:ᠲᠡᠦᠬᠡ ᠰᠣᠶᠣᠯ
2022-10-28

2086

ᠬᠡᠷᠡᠢᠳ ᠤᠯᠤᠰ ᠤ᠋ᠨ ᠮᠥᠬᠥᠭᠰᠡᠨ ᠨᠢ

 
170᠂ ᠲᠡᠭᠦᠨ ᠢ᠋ ᠰᠣᠨᠣᠰᠤᠭᠠᠳ ᠴᠢᠩᠭᠢᠰ ᠬᠠᠭᠠᠨ ᠪᠠᠳᠠᠢ ᠬᠢᠰᠢᠯᠢᠭ ᠬᠣᠶᠠᠷ ᠤ᠋ᠨ ᠦᠭᠡ ᠶ᠋ᠢ ᠢᠲᠡᠭᠡᠵᠦ᠂ ᠮᠥᠨ ᠰᠥᠨᠢ ᠰᠢᠳᠠᠷ ᠪᠠᠢᠭᠰᠠᠨ ᠢᠲᠡᠭᠡᠯᠲᠦ ᠨᠥᠬᠥᠳ ᠲᠦ᠍ ᠮᠡᠳᠡᠭᠳᠡᠭᠡᠳ᠂ ᠶᠠᠭᠤᠮ᠎ᠠ ᠬᠣᠮ᠎ᠠ ᠪᠠᠨ ᠣᠷᠬᠢᠵᠤ᠂ ᠬᠥᠩᠭᠡᠪᠴᠢᠯᠡᠨ ᠮᠣᠷᠳᠠᠪᠠ᠃ ᠮᠠᠭᠤ ᠥᠨᠳᠥᠷ ᠦ᠋ᠨ ᠬᠠᠷᠢ ᠳ᠋ᠤ᠌ ᠭᠠᠷᠴᠤ ᠶᠠᠪᠤᠬᠤ ᠳ᠋ᠤ᠌ ᠬᠣᠢᠨ᠎ᠠ ᠪᠠᠨ ᠤᠷᠢᠶᠠᠩᠬᠠᠳᠠᠢ ᠶ᠋ᠢᠨ ᠵᠡᠯᠮ᠎ᠡ ᠶ᠋ᠢ ᠴᠠᠭᠳᠠᠬᠤ ᠬᠠᠷᠠᠭᠤᠯ ᠪᠣᠯᠭᠠᠨ ᠲᠠᠯᠪᠢᠪᠠ᠃ ᠲᠡᠭᠡᠵᠦ ᠶᠠᠪᠤᠭᠰᠠᠭᠠᠷ ᠮᠠᠷᠭᠠᠰᠢ ᠶ᠋ᠢᠨ ᠡᠳᠦᠷ ᠨᠠᠷᠠᠨ ᠬᠡᠯᠪᠡᠢᠬᠦ ᠳ᠋ᠦ᠍ ᠬᠠᠷ᠎ᠠ ᠬᠠᠯᠵᠠᠨ ᠡᠯᠠᠳ (ᠡᠯᠡᠰᠦ) ᠬᠦᠷᠴᠦ ᠦᠳᠡᠯᠡᠨ ᠪᠠᠭᠤᠪᠠ᠃ ᠲᠡᠨᠳᠡ ᠦᠳᠡᠯᠡᠵᠦ ᠪᠠᠢᠲᠠᠯ᠎ᠠ᠂ ᠠᠯᠴᠢᠲᠠᠢ ᠶ᠋ᠢᠨ ᠠᠭᠲᠠᠴᠢ ᠴᠢᠬᠢᠲᠡᠢ᠂ ᠶᠠᠳᠠᠷ ᠬᠣᠶᠠᠷ ᠰᠠᠢᠬᠠᠨ ᠪᠡᠯᠴᠢᠭᠡᠷ ᠲᠦ᠍ ᠠᠭᠲᠠ ᠪᠠᠨ ᠠᠳᠤᠭᠤᠯᠠᠵᠤ ᠶᠠᠪᠤᠭᠠᠳ ᠮᠠᠭᠤ ᠥᠨᠳᠥᠷ ᠦ᠋ᠨ ᠥᠪᠥᠷ ᠢ᠋ᠶ᠋ᠡᠷ ᠤᠯᠠᠭᠠᠨ ᠪᠣᠷᠭᠠᠳ ᠢ᠋ ᠳᠠᠭᠠᠷᠢᠨ ᠢᠷᠡᠵᠦ ᠶᠠᠪᠤᠭ᠎ᠠ ᠳᠠᠢᠰᠤᠨ ᠤ᠋ ᠲᠣᠭᠣᠰᠣ ᠶ᠋ᠢ ᠦᠵᠡᠵᠦ᠂ ᠠᠭᠲᠠ ᠪᠠᠨ ᠶᠠᠭᠠᠷᠠᠪᠴᠢᠯᠠᠨ ᠬᠥᠭᠡᠭᠡᠵᠦ ᠢᠷᠠᠭᠰᠠᠨ ᠳ᠋ᠤ᠌ ᠠᠵᠢᠭᠯᠠᠨ ᠬᠠᠷᠠᠪᠠᠯ᠂ ᠦᠨᠡᠬᠡᠷ ᠮᠠᠭᠤ ᠥᠨᠳᠥᠷ ᠦ᠋ᠨ ᠥᠪᠥᠷ ᠢ᠋ᠶ᠋ᠡᠷ ᠤᠯᠠᠭᠠᠨ ᠪᠣᠷᠭᠠᠳ ᠭᠡᠳᠡᠭ ᠭᠠᠵᠠᠷ ᠲᠤ᠌ ᠲᠣᠭᠣᠰᠣ ᠭᠠᠷᠴᠤ ᠪᠣᠢ᠃ ᠴᠢᠩᠭᠢᠰ ᠬᠠᠭᠠᠨ᠂ ᠲᠡᠷᠡ ᠲᠣᠭᠣᠰᠣ ᠶ᠋ᠢ ᠦᠵᠡᠵᠦ᠂ ᠸᠠᠩ ᠬᠠᠨ ᠨᠡᠬᠡᠵᠦ ᠠᠢᠰᠤᠢ ᠭᠡᠵᠦ ᠠᠭᠲᠠ ᠮᠣᠷᠢᠳ ᠢ᠋ ᠪᠠᠷᠢᠭᠤᠯᠵᠤ ᠠᠴᠢᠶᠠᠯᠠᠨ ᠬᠥᠳᠡᠯᠪᠡ᠃ ᠬᠡᠷᠪᠡ ᠲᠡᠷᠡ ᠲᠣᠭᠣᠰᠣ ᠶ᠋ᠢ ᠤᠷᠢᠳᠤ ᠠ᠋ᠴᠠ ᠦᠵᠡᠭᠡ ᠦᠭᠡᠢ ᠪᠣᠯ ᠭᠡᠨᠡᠳᠡᠵᠦ ᠪᠣᠯᠬᠤ ᠪᠢᠯᠡ᠃ ᠲᠡᠷᠡ ᠴᠠᠭ ᠲᠤ᠌ ᠸᠠᠩ ᠬᠠᠨ ᠲᠠᠢ ᠵᠠᠮᠤᠬ᠎ᠠ ᠢᠷᠡᠵᠦ ᠶᠠᠪᠤᠭᠰᠠᠨ ᠠᠵᠠᠢ᠃ ᠸᠠᠩ ᠬᠠᠨ᠂ ᠵᠠᠮᠤᠬ᠎ᠠ ᠠ᠋ᠴᠠ ᠠᠰᠠᠭᠤᠷᠤᠨ᠄ 《ᠲᠡᠮᠦᠵᠢᠨ ᠬᠥᠪᠡᠭᠦᠨ ᠳ᠋ᠦ᠍ ᠪᠢᠳᠡᠨ ᠲᠡᠢ ᠪᠠᠢᠯᠳᠤᠵᠤ ᠴᠢᠳᠠᠮᠠᠷ ᠶᠠᠮᠠᠷ ᠬᠥᠮᠦᠰ ᠪᠠᠢᠨ᠎ᠠ?》 ᠭᠡᠪᠡᠯ᠂ ᠵᠠᠮᠤᠬ᠎ᠠ ᠥᠭᠦᠯᠡᠷᠦᠨ᠄
《  ᠣᠷᠣᠭᠤᠳ ᠮᠠᠩᠭᠤᠳ ᠨᠠᠷ ᠲᠡᠭᠦᠨ ᠢ᠋ ᠳᠠᠭᠠᠵᠤ ᠪᠠᠢᠭ᠎ᠠ᠃ ᠪᠣᠳᠣᠪᠠᠯ ᠲᠡᠳᠡ ᠪᠠᠢᠯᠳᠤᠬᠤ ᠪᠢᠵᠡ᠃ ᠲᠣᠭᠣᠷᠢᠵᠤ ᠢᠷᠡᠭᠡᠳ ᠳᠣᠪᠲᠣᠯᠤᠨ ᠪᠠᠭᠤᠳᠠᠭ ᠲᠠᠰᠢᠭᠤᠯᠳᠠᠵᠤ ᠢᠷᠡᠭᠡᠳ ᠳᠠᠷᠤᠨ ᠣᠷᠣᠳᠠᠭ ᠪᠠᠷᠠᠭᠠᠨ ᠠᠯᠠᠭ ᠲᠤᠭ ᠢ᠋ ᠪᠠᠷᠢᠵᠤ ᠶᠠᠪᠤᠳᠠᠭ ᠪᠠᠴᠢᠳ ᠲᠡᠳᠡᠭᠡᠷ ᠢᠷᠭᠡᠨ ᠪᠠᠭ᠎ᠠ ᠨᠠᠰᠤᠨ ᠠ᠋ᠴᠠ ᠡᠬᠢᠯᠡᠨ ᠪᠠᠢᠯᠳᠤᠵᠤ ᠮᠡᠷᠭᠡᠰᠢᠭᠰᠡᠨ ᠲᠤᠯᠠ ᠸᠠᠩ ᠬᠠᠨ ᠲᠠ ᠪᠠᠬᠠᠨ ᠪᠣᠯᠭᠣᠮᠵᠢᠯᠠᠪᠠᠯ ᠵᠦᠢᠲᠡᠢ》 ᠭᠡᠵᠡᠢ᠃ ᠲᠡᠷᠡ ᠦᠭᠡ ᠶ᠋ᠢ ᠰᠣᠨᠣᠰᠤᠭᠠᠳ ᠸᠠᠩ ᠬᠠᠨ ᠥᠭᠦᠯᠡᠷᠦᠨ᠄ 《ᠲᠡᠢᠮᠦ ᠪᠣᠯ ᠪᠢᠳᠡ ᠠᠩᠬᠠᠨ ᠳ᠋ᠤ᠌ ᠬᠠᠲᠠᠭᠢᠨ ᠢ᠋ᠶ᠋ᠠᠷ ᠲᠣᠯᠣᠭᠠᠢᠯᠠᠭᠤᠯᠤᠨ ᠵᠢᠷᠭᠢᠨ ᠦ᠌ ᠪᠠᠭᠠᠲᠤᠷ ᠤ᠋ᠳ ᠢ᠋ ᠣᠷᠣᠭᠤᠯᠤᠶ᠎ᠠ᠃ ᠲᠡᠭᠦᠨ ᠦ᠌ ᠬᠣᠢᠨ᠎ᠠ ᠠ᠋ᠴᠠ ᠲᠦᠮᠡᠨ ᠲᠦᠢᠪᠡᠭᠡᠨ ᠦ᠌ ᠠᠴᠢᠭ ᠰᠢᠷᠣᠨ ᠢ᠋ ᠣᠷᠣᠭᠤᠯᠤᠶ᠎ᠠ᠃ ᠮᠥᠨ ᠲᠡᠭᠦᠨ ᠦ᠌ ᠬᠣᠢᠨ᠎ᠠ ᠠ᠋ᠴᠠ ᠣᠯᠠᠨ ᠲᠣᠩᠭ᠋ᠠᠢ᠌ᠳ ᠤ᠋ᠨ ᠪᠠᠭᠠᠲᠤᠷ ᠤ᠋ᠳ ᠢ᠋ ᠣᠷᠣᠭᠤᠯᠤᠶ᠎ᠠ᠃ ᠪᠠᠰᠠ ᠲᠡᠭᠦᠨ ᠦ᠌ ᠬᠣᠢᠨ᠎ᠠ ᠠ᠋ᠴᠠ ᠸᠠᠩ ᠬᠠᠨ ᠤ᠋ ᠮᠢᠩᠭᠠᠨ ᠲᠣᠷᠬᠠᠭ ᠴᠡᠷᠢᠭ ᠢ᠋ ᠤᠳᠤᠷᠢᠳᠤᠨ ᠬᠣᠷᠢ ᠰᠢᠯᠠᠮᠣᠨ ᠲᠠᠢᠵᠢ ᠳᠣᠪᠲᠣᠯᠲᠤᠭᠠᠢ᠃ ᠲᠡᠭᠦᠨ ᠦ᠌ ᠬᠣᠢᠨ᠎ᠠ ᠠ᠋ᠴᠠ ᠪᠢᠳᠡᠨ ᠦ᠌ ᠶᠡᠬᠡ ᠭᠣᠣᠯ ᠬᠦᠴᠦᠨ ᠣᠷᠣᠶ᠎ᠠ》 ᠭᠡᠪᠡ᠃ ᠪᠠᠰᠠ ᠸᠠᠩ ᠬᠠᠨ ᠥᠭᠦᠯᠡᠷᠦᠨ᠄ 《ᠵᠠᠮᠤᠬ᠎ᠠ ᠳᠡᠭᠦᠦ ᠴᠢ ᠪᠢᠳᠡᠨ ᠦ᠌ ᠪᠦᠬᠦ ᠴᠡᠷᠢᠭ ᠢ᠋ ᠵᠠᠰᠠ 》ᠭᠡᠪᠡᠯ᠂ ᠵᠠᠮᠤᠬ᠎ᠠ᠂ ᠣᠯᠠᠨ ᠠ᠋ᠴᠠ ᠣᠨᠴᠠᠭᠠᠢ ᠭᠠᠷᠴᠤ ᠨᠥᠬᠥᠳ ᠲᠡᠭᠡᠨ ᠥᠭᠦᠯᠡᠷᠦᠨ᠄ 《ᠸᠠᠩ ᠬᠠᠨ᠂ ᠪᠦᠬᠦ ᠴᠡᠷᠢᠭ ᠢ᠋ᠶ᠋ᠡᠨ ᠨᠠᠮ᠎ᠠ ᠶ᠋ᠢ ᠵᠠᠬᠢᠷ ᠭᠡᠵᠦ ᠪᠠᠢᠨ᠎ᠠ᠂ ᠪᠢ ᠲᠡᠮᠦᠵᠢᠨ ᠠᠨᠳᠠ ᠲᠠᠢ ᠪᠠᠢᠯᠳᠤᠨ ᠶᠠᠳᠠᠵᠤ ᠪᠠᠢᠬᠤ ᠳ᠋ᠤ᠌ ᠨᠠᠮ᠎ᠠ ᠶ᠋ᠢ ᠬᠠᠷᠢᠨ ᠴᠡᠷᠢᠭ ᠢ᠋ᠶ᠋ᠡᠨ ᠵᠠᠬᠢᠷ ᠭᠡᠨ᠎ᠡ᠃ ᠦᠵᠡᠪᠡᠯ᠂ ᠸᠠᠩ ᠬᠠᠨ᠂ ᠨᠠᠳᠠ ᠠ᠋ᠴᠠ ᠬᠡᠲᠦᠷᠡᠬᠦ ᠦᠭᠡᠢ ᠳᠣᠷᠣᠢ ᠪᠥᠭᠡᠳ ᠲᠦᠷ ᠨᠥᠬᠥᠷᠯᠡᠬᠦ ᠬᠥᠮᠦᠨ ᠪᠠᠢᠨ᠎ᠠ᠃ ᠲᠡᠮᠦᠵᠢᠨ ᠠᠨᠳᠠ ᠳ᠋ᠤ᠌ ᠬᠡᠯᠡ ᠣᠷᠣᠭᠤᠯᠤᠶ᠎ᠠ᠂ ᠠᠨᠳᠠ ᠬᠠᠲᠠᠭᠤᠵᠢᠲᠤᠭᠠᠢ》 ᠭᠡᠵᠦ ᠵᠠᠮᠤᠬ᠎ᠠ᠂ ᠴᠢᠩᠭᠢᠰ ᠬᠠᠭᠠᠨ ᠳ᠋ᠤ᠌ ᠡᠴᠢᠨ᠎ᠡ ᠪᠡᠷ (ᠳᠠᠯᠳᠠᠭᠤᠷ) ᠬᠥᠮᠦᠨ ᠶᠠᠪᠤᠭᠤᠯᠵᠤ ᠬᠡᠯᠡᠭᠦᠯᠦᠭᠰᠡᠨ ᠨᠢ᠄ 《ᠸᠠᠩ ᠬᠠᠨ᠂ ᠨᠠᠳᠠ ᠠ᠋ᠴᠠ ᠠᠰᠠᠭᠤᠪᠠ 〈ᠲᠡᠮᠦᠵᠢᠨ ᠬᠥᠪᠡᠭᠦᠨ ᠳ᠋ᠦ᠍ ᠪᠢᠳᠡᠨ ᠲᠡᠢ ᠪᠠᠢᠯᠳᠤᠬᠤ ᠶᠠᠮᠠᠷ ᠬᠥᠮᠦᠨ ᠪᠣᠢ?〉 ᠭᠡᠵᠦ ᠠᠰᠠᠭᠤᠪᠠᠯ᠂ ᠪᠢ᠄ 〈 ᠣᠷᠣᠭᠤᠳ ᠮᠠᠩᠭ᠋ᠣᠳ ᠲᠡᠷᠢᠭᠦᠲᠡᠢ ᠬᠡᠴᠡᠭᠦᠦ ᠪᠠᠭᠠᠲᠤᠷ ᠤ᠋ᠳ ᠪᠣᠢ〉 ᠭᠡᠵᠦ ᠬᠡᠯᠡᠪᠡᠯ᠂ ᠸᠠᠩ ᠬᠠᠨ ᠵᠢᠷᠭᠢᠨ ᠦ᠌ ᠪᠠᠭᠠᠲᠤᠷ ᠤ᠋ᠳ ᠢ᠋ ᠮᠠᠩᠯᠠᠢ ᠪᠣᠯᠭᠠᠵᠤ ᠲᠣᠮᠢᠯᠠᠪᠠ᠂ ᠲᠡᠭᠦᠨ ᠦ᠌ ᠬᠣᠢᠨ᠎ᠠ ᠠ᠋ᠴᠠ ᠲᠦᠮᠡᠨ ᠲᠦᠢᠪᠡᠭᠡᠨ ᠦ᠌ ᠠᠴᠢᠭ ᠰᠢᠷᠣᠨ ᠢ᠋ ᠲᠣᠮᠢᠯᠠᠪᠠ᠃ ᠲᠡᠭᠦᠨ ᠦ᠌ ᠬᠣᠢᠨ᠎ᠠ ᠠ᠋ᠴᠠ ᠣᠯᠠᠨ ᠲᠣᠩᠭ᠋ᠠᠢ᠌ᠳ ᠢ᠋ ᠲᠣᠮᠢᠯᠠᠪᠠ᠃ ᠪᠠᠰᠠ ᠲᠡᠭᠦᠨ ᠦ᠌ ᠬᠣᠢᠨ᠎ᠠ ᠠ᠋ᠴᠠ ᠸᠠᠩ ᠬᠠᠨ ᠤ᠋ ᠮᠢᠩᠭᠠᠨ ᠲᠣᠷᠬᠠᠭ ᠴᠡᠷᠢᠭ ᠦ᠋ᠨ ᠨᠣᠶᠠᠨ ᠬᠣᠷᠢ ᠰᠢᠯᠠᠮᠣᠨ ᠲᠠᠢᠵᠢ ᠶ᠋ᠢ ᠲᠣᠮᠢᠯᠠᠪᠠ᠃ ᠲᠡᠭᠦᠨ ᠦ᠌ ᠬᠣᠢᠨ᠎ᠠ ᠠ᠋ᠴᠠ ᠸᠠᠩ ᠬᠠᠨ᠂ ᠶᠡᠬᠡ ᠭᠣᠣᠯ ᠴᠡᠷᠢᠭ ᠢ᠋ᠶ᠋ᠡᠨ ᠠᠪᠴᠤ ᠣᠷᠣᠨ᠎ᠠ ᠭᠡᠨ᠎ᠡ᠃ ᠪᠠᠰᠠ ᠸᠠᠩ ᠬᠠᠨ ᠤ᠋ ᠬᠡᠯᠡᠭᠰᠡᠨ ᠨᠢ᠄ 〈ᠵᠠᠮᠤᠬ᠎ᠠ ᠳᠡᠭᠦᠦ᠂ ᠡᠳᠡᠭᠡᠷ ᠪᠦᠬᠦ ᠴᠡᠷᠢᠭ ᠢ᠋ ᠵᠠᠬᠢᠷ〉 ᠭᠡᠵᠦ ᠨᠠᠳᠠᠳᠤ ᠢᠲᠡᠭᠡᠵᠦ ᠬᠡᠯᠡᠨ᠎ᠡ᠃ ᠡᠭᠦᠨ ᠡᠴᠡ ᠦᠵᠡᠪᠡᠯ᠂ ᠡᠨᠡ ᠸᠠᠩ ᠬᠠᠨ ᠬᠢᠯᠪᠠᠷᠬᠠᠨ ᠨᠥᠬᠥᠷ ᠠᠵᠠᠢ᠃ ᠴᠡᠷᠢᠭ ᠦ᠋ᠳ ᠢ᠋ᠶ᠋ᠡᠨ ᠥᠪᠡᠷ ᠢ᠋ᠶ᠋ᠡᠨ ᠵᠠᠬᠢᠷᠴᠤ ᠦᠯᠦ ᠴᠢᠳᠠᠨ᠎ᠠ᠃ ᠪᠢ ᠲᠡᠮᠦᠵᠢᠨ ᠠᠨᠳᠠ ᠲᠠᠢ ᠤᠷᠢᠳᠤ ᠪᠠᠢᠯᠳᠤᠬᠤ ᠳ᠋ᠤ᠌ ᠳᠠᠪᠠᠳᠠᠭ ᠦᠭᠡᠢ ᠪᠢᠯᠡ᠃ ᠭᠡᠲᠡᠯ᠎ᠡ ᠸᠠᠩ ᠬᠠᠨ᠂ ᠨᠠᠳᠠ ᠠ᠋ᠴᠠ ᠳᠣᠷᠣᠢ ᠬᠥᠮᠦᠨ ᠪᠠᠢᠨ᠎ᠠ᠃ ᠡᠢᠮᠦ ᠶ᠋ᠢᠨ ᠲᠤᠯᠠ ᠠᠨᠳᠠ ᠴᠢ ᠪᠦᠦ ᠠᠶᠤ᠂ ᠬᠠᠲᠠᠭᠤᠵᠢ》 ᠭᠡᠵᠦ ᠢᠯᠡᠭᠡᠵᠡᠢ᠃
171᠂ ᠡᠨᠡ ᠮᠡᠳᠡᠭᠡ ᠶ᠋ᠢ ᠰᠣᠨᠣᠰᠤᠭᠠᠳ᠂ ᠴᠢᠩᠭᠢᠰ ᠬᠠᠭᠠᠨ ᠥᠭᠦᠯᠡᠷᠦᠨ᠄ 《ᠣᠷᠣᠭᠤᠳ ᠤ᠋ᠨ ᠵᠦᠷᠴᠢᠳᠡᠢ ᠠᠪᠠᠭ᠎ᠠ ᠴᠢ ᠶᠠᠭᠤ ᠭᠡᠵᠦ ᠪᠣᠳᠣᠨ᠎ᠠ? ᠴᠢᠮᠢ᠋ᠢ ᠮᠠᠩᠯᠠᠢ ᠪᠣᠯᠭᠠᠵᠤ ᠶᠠᠪᠤᠭᠤᠯᠤᠶ᠎ᠠ》 ᠭᠡᠪᠡᠯ ᠵᠦᠷᠴᠢᠳᠡᠢ ᠶ᠋ᠢ ᠬᠠᠷᠢᠭᠤ ᠬᠡᠯᠡᠬᠦ ᠶ᠋ᠢᠨ ᠤᠷᠢᠳ ᠮᠠᠩᠭ᠋ᠣᠳ ᠤ᠋ᠨ ᠬᠤᠢ᠌ᠯᠳᠠᠷ ᠰᠡᠴᠡᠨ ᠥᠭᠦᠯᠡᠷᠦᠨ᠄ 《ᠲᠡᠮᠦᠵᠢᠨ ᠠᠨᠳᠠ ᠶ᠋ᠢᠨ ᠡᠮᠦᠨ᠎ᠡ ᠡᠴᠡ ᠪᠢ ᠪᠠᠢᠯᠳᠤᠶ᠎ᠠ᠂ ᠮᠢᠨᠦ ᠬᠣᠢᠨ᠎ᠠ ᠬᠣᠴᠣᠷᠤᠭᠰᠠᠨ ᠥᠨᠥᠴᠢᠨ ᠬᠥᠪᠡᠭᠦᠳ ᠢ᠋ ᠠᠰᠠᠷᠠᠬᠤ ᠶ᠋ᠢ ᠲᠡᠮᠦᠵᠢᠨ ᠠᠨᠳᠠ ᠮᠡᠳᠡᠲᠦᠭᠡᠢ》 ᠭᠡᠪᠡ᠃ ᠵᠦᠷᠴᠢᠳᠡᠢ ᠥᠭᠦᠯᠡᠷᠦᠨ᠄ 《ᠴᠢᠩᠭᠢᠰ ᠬᠠᠭᠠᠨ ᠤ᠋ ᠡᠮᠦᠨ᠎ᠡ ᠡᠴᠡ ᠪᠢᠳᠡ ᠣᠷᠣᠭᠣᠳ ᠮᠠᠩᠭ᠋ᠣᠳ ᠮᠠᠩᠯᠠᠢᠯᠠᠨ ᠬᠠᠳᠬᠤᠯᠳᠤᠶ᠎ᠠ》 ᠭᠡᠵᠡᠢ᠃ ᠲᠡᠭᠡᠭᠡᠳ ᠵᠦᠷᠴᠢᠳᠡᠢ ᠬᠤᠢᠯᠳᠠᠷ ᠬᠣᠶᠠᠷ ᠣᠷᠣᠭᠣᠳ ᠮᠠᠩᠭ᠋ᠣᠳ ᠴᠡᠷᠢᠭ ᠢ᠋ᠶ᠋ᠡᠨ ᠵᠢᠭᠰᠠᠭᠠᠵᠤ᠂ ᠴᠢᠩᠭᠢᠰ ᠬᠠᠭᠠᠨ ᠤ᠋ ᠡᠮᠦᠨ᠎ᠡ ᠮᠣᠷᠳᠠᠬᠤ ᠶ᠋ᠢ ᠪᠡᠯᠡᠳᠬᠡᠪᠡ᠃ ᠲᠡᠭᠡᠵᠦ ᠪᠠᠢᠲᠠᠯ᠎ᠠ ᠵᠢᠷᠭᠢᠨ ᠢ᠋ᠶ᠋ᠡᠷ ᠲᠣᠯᠣᠭᠠᠢᠯᠠᠭᠤᠯᠤᠭᠰᠠᠨ ᠳᠠᠢᠰᠤᠨ ᠬᠦᠷᠴᠦ ᠢᠷᠡᠪᠡ᠃ ᠲᠡᠳᠡᠨ ᠢ᠋ ᠢᠷᠡᠮᠡᠭᠴᠡ ᠣᠷᠣᠭᠣᠳ ᠮᠠᠩᠭ᠋ᠣᠳ ᠨᠠᠷ ᠤᠭᠲᠤᠨ ᠪᠠᠢᠯᠳᠤᠵᠤ ᠵᠢᠷᠭᠢᠨ ᠢ᠋ ᠳᠠᠷᠤᠪᠠ᠃ ᠭᠡᠲᠡᠯ᠎ᠡ ᠪᠠᠰᠠ ᠲᠦᠮᠡᠨ ᠲᠦᠢᠪᠡᠭᠡᠨ ᠦ᠌ ᠠᠴᠢᠭ ᠰᠢᠷᠣᠨ ᠳᠣᠪᠲᠣᠯᠵᠤ ᠢᠷᠡᠪᠡ᠃ ᠠᠴᠢᠭ ᠰᠢᠷᠣᠨ ᠬᠤᠢ᠌ᠯᠳᠠᠷ ᠢ᠋ ᠰᠢᠷᠬᠠᠲᠤᠭᠤᠯᠵᠤ ᠬᠠᠳᠠ ᠶ᠋ᠢᠨ ᠬᠠᠪᠴᠢᠯ ᠳ᠋ᠤ᠌ ᠮᠣᠷᠢᠨ ᠠ᠋ᠴᠠ ᠤᠨᠠᠭᠠᠪᠠ᠃ ᠡᠭᠦᠨ ᠢ᠋ ᠦᠵᠡᠭᠡᠳ ᠮᠠᠩᠭ᠋ᠣᠳ ᠨᠠᠷ ᠪᠤᠴᠠᠵᠤ ᠬᠤᠢᠯᠳᠠᠷ ᠢ᠋ ᠬᠠᠮᠠᠭᠠᠯᠠᠪᠠ᠃ ᠵᠦᠷᠴᠢᠳᠡᠢ ᠣᠷᠣᠭᠣᠳ ᠴᠡᠷᠢᠭ ᠢ᠋ᠶ᠋ᠡᠨ ᠤᠳᠤᠷᠢᠳᠤᠨ ᠪᠠᠢᠯᠳᠤᠵᠤ᠂ ᠲᠦᠮᠡᠨ ᠲᠦᠢᠪᠡᠭᠡᠨ ᠢ᠋ ᠳᠠᠷᠤᠭᠠᠳ ᠴᠠᠰᠢ ᠨᠡᠬᠡᠬᠦ ᠳ᠋ᠦ᠍ ᠣᠯᠠᠨ ᠲᠣᠩᠭᠣᠢᠳ ᠡᠰᠡᠷᠭᠦᠴᠡᠨ ᠳᠣᠪᠲᠣᠯᠪᠠ᠃ ᠵᠦᠷᠴᠢᠳᠡᠢ ᠪᠠᠰᠠ ᠲᠣᠩᠭᠣᠢᠳ ᠢ᠋ ᠳᠠᠷᠤᠪᠠ᠃ ᠴᠠᠰᠢ ᠨᠡᠬᠡᠬᠦ ᠳ᠋ᠦ᠍ ᠬᠣᠷᠢ ᠰᠢᠯᠠᠮᠣᠨ ᠲᠠᠢᠵᠢ ᠮᠢᠩᠭᠠᠨ ᠲᠣᠷᠬᠠᠭ ᠤ᠋ᠳ ᠢ᠋ᠶ᠋ᠠᠨ ᠤᠳᠤᠷᠢᠳᠤᠨ ᠤᠭᠲᠤᠵᠤ ᠪᠠᠢᠯᠳᠤᠪᠠᠯ᠂ ᠪᠠᠰᠠ ᠵᠦᠷᠴᠢᠳᠡᠢ ᠬᠣᠷᠢ ᠰᠢᠯᠠᠮᠣᠨ ᠲᠠᠢᠵᠢ ᠶ᠋ᠢ ᠮᠣᠬᠣᠭᠠᠵᠤ ᠳᠠᠷᠤᠬᠤ ᠳ᠋ᠤ᠌ ᠰᠡᠩᠭᠦᠮ ᠸᠠᠩ ᠬᠠᠨ ᠡᠴᠢᠭᠡ ᠡᠴᠡ ᠵᠥᠪᠰᠢᠶᠡᠷᠡᠯ ᠠᠪᠤᠯ ᠦᠭᠡᠢ ᠡᠰᠡᠷᠭᠦᠴᠡᠨ ᠪᠠᠢᠯᠳᠤᠵᠤ ᠡᠩᠭᠡᠰᠬᠡ ᠬᠠᠴᠠᠷ ᠢ᠋ᠶ᠋ᠠᠨ ᠰᠢᠷᠬᠠᠲᠤᠭᠤᠯᠵᠤ ᠤᠨᠠᠵᠠᠢ᠃ ᠰᠡᠩᠭᠦᠮ ᠢ᠋ ᠰᠢᠷᠬᠠᠲᠤᠵᠤ ᠤᠨᠠᠬᠤ ᠳ᠋ᠤ᠌ ᠬᠡᠷᠡᠢᠳ ᠪᠦᠭᠦᠳᠡᠭᠡᠷ ᠲᠡᠭᠦᠨ ᠳᠡᠭᠡᠷ᠎ᠡ ᠴᠤᠭᠯᠠᠷᠠᠵᠤ ᠣᠴᠢᠪᠠ᠃ ᠲᠡᠳᠡᠨ ᠢ᠋ ᠡᠢᠨᠬᠦ ᠳᠠᠷᠤᠵᠤ ᠰᠢᠩᠭᠡᠬᠦ ᠨᠠᠷᠠᠨ ᠠᠭᠤᠯᠠ ᠲᠡᠰᠢᠵᠦ ᠪᠠᠢᠬᠤ ᠳ᠋ᠤ᠌ ᠮᠠᠨ ᠤ᠋ ᠴᠡᠷᠢᠭ ᠡᠷᠭᠢᠵᠦ ᠰᠢᠷᠬᠠᠳᠤᠭᠰᠠᠨ ᠬᠤᠢᠯᠳᠠᠷ ᠢ᠋ ᠤᠨᠠᠭᠰᠠᠨ ᠭᠠᠵᠠᠷ ᠠ᠋ᠴᠠ ᠠᠪᠤᠭᠠᠳ ᠬᠠᠷᠢᠵᠤ ᠢᠷᠠᠭᠰᠠᠨ ᠳ᠋ᠤ᠌ ᠮᠥᠨ ᠦᠳᠡᠰᠢ ᠴᠢᠩᠭᠢᠰ ᠬᠠᠭᠠᠨ᠂ ᠸᠠᠩ ᠬᠠᠨ ᠲᠠᠢ ᠪᠠᠢᠯᠳᠤᠭᠰᠠᠨ ᠭᠠᠵᠠᠷ ᠠ᠋ᠴᠠ ᠬᠥᠳᠡᠯᠦᠨ ᠵᠠᠢᠯᠠᠵᠤ ᠬᠣᠨᠣᠪᠠ᠃
172᠂ ᠲᠡᠨᠳᠡ ᠬᠣᠨᠣᠭᠠᠳ ᠮᠠᠷᠭᠠᠰᠢ ᠦᠷ ᠴᠠᠢᠮᠠᠭᠴᠠ᠂ (ᠬᠥᠮᠦᠰ ᠢ᠋ᠶ᠋ᠡᠨ) ᠪᠦᠷᠢᠳᠬᠡᠪᠡᠯ᠂ ᠥᠭᠡᠳᠡᠢ᠂  ᠪᠣᠷᠣᠬᠤᠯ᠂ ᠪᠣᠭᠣᠷᠴᠤ ᠭᠤᠷᠪᠠ ᠦᠭᠡᠢ ᠠᠵᠠᠢ᠃ ᠴᠢᠩᠭᠢᠰ ᠬᠠᠭᠠᠨ ᠥᠭᠦᠯᠡᠷᠦᠨ᠄ 《ᠥᠭᠡᠳᠡᠢ ᠲᠡᠢ ᠢᠲᠡᠭᠡᠯᠲᠦ ᠨᠥᠬᠥᠳ ᠪᠣᠭᠣᠷᠴᠤ᠂  ᠪᠣᠷᠣᠬᠤᠯ ᠬᠣᠶᠠᠷ ᠬᠣᠴᠣᠷᠴᠠᠢ᠃ ᠠᠮᠢᠳᠤᠷᠠᠪᠠᠴᠤ᠂ ᠦᠬᠦᠪᠡᠴᠦ ᠲᠡᠷᠡ ᠬᠣᠶᠠᠷ ᠲᠡᠭᠦᠨ ᠡᠴᠡ ᠬᠠᠭᠠᠴᠠᠬᠤ ᠦᠭᠡᠢ》 ᠭᠡᠪᠡ᠃ ᠮᠠᠨ ᠤ᠋ ᠴᠡᠷᠢᠭ ᠦ᠋ᠳ ᠰᠥᠨᠢ ᠮᠣᠷᠢᠳ ᠢ᠋ᠶ᠋ᠠᠨ ᠪᠠᠷᠢᠵᠤ ᠬᠣᠨᠣᠪᠠ᠃ ᠴᠢᠩᠭᠢᠰ ᠬᠠᠭᠠᠨ᠄ 《ᠬᠡᠷᠪᠡ ᠳᠠᠢᠰᠤᠨ ᠬᠠᠯᠳᠠᠨ ᠢᠷᠡᠪᠡᠯ ᠪᠠᠢᠯᠳᠤᠶ᠎ᠠ》 ᠭᠡᠵᠦ ᠴᠡᠷᠢᠭ ᠢ᠋ᠶ᠋ᠡᠨ ᠪᠡᠯᠡᠬᠡᠨ ᠪᠠᠢᠯᠭᠠᠪᠠ᠃ ᠡᠳᠦᠷ ᠭᠡᠭᠡᠨ ᠪᠣᠯᠬᠤ ᠳ᠋ᠤ᠌ ᠬᠣᠢᠨ᠎ᠠ ᠠ᠋ᠴᠠ ᠨᠢᠭᠡᠨ ᠬᠥᠮᠦᠨ ᠬᠦᠷᠴᠦ ᠢᠷᠡᠪᠡ᠃ ᠦᠵᠡᠪᠡᠯ ᠪᠣᠭᠣᠷᠴᠤ ᠠᠵᠠᠢ᠃ ᠴᠢᠩᠭᠢᠰ ᠬᠠᠭᠠᠨ᠂ ᠡᠪᠴᠢᠭᠦᠦ ᠪᠡᠨ ᠳᠡᠯᠡᠳᠴᠦ᠄ 《ᠮᠥᠩᠬᠡ ᠲᠩᠷᠢ ᠮᠡᠳᠡᠲᠦᠭᠡᠢ》 ᠭᠡᠳ ᠪᠣᠭᠣᠷᠴᠤ ᠶ᠋ᠢ ᠳᠠᠭᠤᠳᠠᠵᠤ ᠠᠰᠠᠭᠤᠪᠠᠯ᠂ ᠲᠡᠷᠡ ᠥᠭᠦᠯᠡᠷᠦᠨ᠄ 《ᠪᠠᠢᠯᠳᠤᠭᠠᠨ ᠳ᠋ᠤ᠌ ᠮᠢᠨᠦ ᠮᠣᠷᠢ ᠰᠢᠷᠬᠠᠲᠤᠵᠤ ᠤᠨᠠᠭᠰᠠᠨ ᠲᠤᠯᠠ᠂ ᠪᠢ ᠶᠠᠪᠠᠭᠠᠨ ᠭᠦᠶᠦᠵᠦ ᠶᠠᠪᠤᠲᠠᠯ᠎ᠠ ᠬᠡᠷᠡᠢᠳ ᠦ᠋ᠳ ᠰᠡᠩᠭᠦᠮ ᠦ᠋ᠨ ᠳᠡᠭᠡᠷ᠎ᠡ ᠴᠤᠭᠯᠠᠷᠠᠵᠤ ᠪᠠᠢᠬᠤ ᠴᠢᠯᠥᠭᠡ ᠪᠡᠷ ᠠᠴᠢᠶ᠎ᠠ ᠪᠠᠨ ᠬᠥᠭᠯᠡᠭᠦᠯᠦᠭᠰᠡᠨ ᠮᠣᠷᠢ ᠶ᠋ᠢ ᠣᠯᠵᠤ ᠪᠠᠷᠢᠭᠠᠳ ᠠᠴᠢᠶ᠎ᠠ ᠶ᠋ᠢ ᠣᠭᠲᠣᠯᠤᠨ ᠬᠠᠶᠠᠵᠤ ᠶᠠᠩᠭᠢᠷᠴᠠᠭ ᠳᠡᠭᠡᠷ᠎ᠡ ᠨᠢ ᠤᠨᠤᠭᠠᠳ ᠪᠢ ᠥᠪᠡᠷ ᠦ᠋ᠨ ᠴᠡᠷᠢᠭ ᠦ᠋ᠨ ᠮᠥᠷ ᠢ᠋ ᠮᠥᠰᠬᠢᠨ ᠶᠠᠪᠤᠭᠰᠠᠭᠠᠷ ᠬᠦᠷᠴᠦ ᠢᠷᠡᠪᠡ》 ᠭᠡᠪᠡ᠃
173᠂ ᠪᠠᠰᠠ ᠬᠣᠷᠣᠮᠬᠠᠨ ᠵᠠᠭᠤᠷ᠎ᠠ ᠪᠣᠯᠤᠭᠠᠳ ᠨᠢᠭᠡᠨ ᠮᠣᠷᠢ ᠲᠠᠢ ᠬᠥᠮᠦᠨ ᠠᠢᠰᠤᠢ ᠬᠠᠷᠠᠭᠳᠠᠪᠠ᠃ ᠦᠵᠡᠪᠡᠯ᠂ ᠨᠢᠭᠡᠨ ᠬᠥᠮᠦᠨ ᠮᠡᠲᠦ ᠪᠠᠢᠲᠠᠯ᠎ᠠ᠂ ᠳᠣᠣᠷ᠎ᠠ ᠨᠢ ᠬᠥᠮᠦᠨ ᠦ᠌ ᠬᠥᠯ ᠮᠡᠲᠦ ᠶᠠᠭᠤᠮ᠎ᠠ ᠣᠠᠵᠠᠢ᠌ᠯᠵᠠᠵᠣ ᠪᠠᠢᠨ᠎ᠠ᠂ ᠬᠦᠷᠴᠦ ᠢᠷᠡᠬᠦ ᠳ᠋ᠦ᠍ ᠦᠵᠡᠪᠡᠯ᠂ ᠥᠭᠡᠳᠡᠢ ᠶ᠋ᠢᠨ ᠬᠣᠢᠨ᠎ᠠ ᠪᠣᠷᠣᠬᠤᠯ ᠰᠤᠨᠳᠠᠯᠠᠵᠤ ᠢᠷᠡᠪᠡ᠃ ᠪᠣᠷᠣᠬᠤᠯ ᠤ᠋ᠨ ᠠᠮᠠᠨ ᠤ᠋ ᠵᠠᠪᠠᠵᠢᠨ ᠠ᠋ᠴᠠ ᠴᠢᠰᠤ ᠴᠤᠪᠤᠷᠠᠵᠤ ᠪᠠᠢᠨ᠎ᠠ᠃ ᠤᠴᠢᠷ ᠨᠢ ᠥᠭᠡᠳᠡᠢ ᠶ᠋ᠢᠨ ᠬᠦᠵᠦᠭᠦᠦ ᠰᠤᠮᠤᠨ ᠳ᠋ᠤ᠌ ᠰᠢᠷᠬᠠᠲᠤᠭᠰᠠᠨ ᠲᠤᠯᠠ ᠪᠣᠷᠣᠬᠤᠯ᠂ ᠲᠡᠭᠦᠨ ᠦ᠌ ᠠᠰᠬᠠᠷᠠᠭᠰᠠᠨ ᠴᠢᠰᠤ ᠶ᠋ᠢ ᠠᠮᠠ ᠪᠠᠷ ᠰᠢᠮᠡᠵᠦ᠂ ᠵᠠᠩᠭᠢᠷᠠᠭᠰᠠᠨ ᠨᠥᠵᠢ ᠶ᠋ᠢ ᠵᠠᠪᠠᠵᠢ ᠪᠠᠷ ᠴᠤᠪᠤᠷᠠᠭᠤᠯᠵᠤ ᠢᠷᠡᠪᠡ᠃ ᠴᠢᠩᠭᠢᠰ ᠬᠠᠭᠠᠨ ᠦᠵᠡᠭᠡᠳ ᠨᠢᠳᠦᠨ ᠡᠴᠡ ᠨᠢᠯᠪᠤᠰᠤ ᠴᠤᠪᠤᠷᠠᠭᠤᠯᠵᠤ ᠰᠡᠳᠬᠢᠯ ᠢ᠋ᠶ᠋ᠡᠨ ᠵᠣᠪᠠᠵᠤ᠂ ᠳᠠᠷᠤᠢ ᠭᠠᠯ ᠲᠦᠯᠡᠭᠦᠯᠦᠭᠡᠳ ᠰᠢᠷᠬ᠎ᠠ ᠶ᠋ᠢ ᠬᠠᠭᠠᠷᠢᠵᠤ᠂ ᠥᠭᠡᠳᠡᠢ ᠳ᠋ᠦ᠍ ᠤᠮᠳᠠ ᠥᠭᠴᠦ ᠤᠤᠭᠤᠯᠭᠠᠭᠠᠳ᠂ ᠳᠠᠢᠰᠤᠨ ᠢᠷᠡᠪᠡᠯ ᠪᠠᠢᠯᠳᠤᠶ᠎ᠠ ᠭᠡᠵᠦ ᠬᠦᠯᠢᠶᠡᠵᠦ ᠪᠠᠢᠪᠠ᠃ᠪᠣᠷᠣᠬᠤᠯ ᠥᠭᠦᠯᠡᠷᠦᠨ᠄ 《ᠮᠠᠭᠤ ᠥᠨᠳᠥᠷ ᠦ᠋ᠨ ᠥᠪᠥᠷ ᠢ᠋ᠶ᠋ᠡᠷ ᠤᠯᠠᠭᠠᠨ ᠪᠣᠷᠭᠠᠳ ᠤ᠋ᠨ ᠵᠦᠭ ᠴᠠᠰᠢ ᠳᠠᠢᠰᠤᠨ ᠤ᠋ ᠲᠣᠭᠣᠰᠣ ᠰᠤᠭᠤᠨᠠᠭᠯᠠᠵᠤ ᠳᠠᠯᠳᠠ ᠣᠷᠣᠪᠠ》 ᠭᠡᠪᠡᠯ ᠪᠣᠷᠣᠬᠤᠯ ᠤ᠋ᠨ ᠲᠡᠷᠡ ᠦᠭᠡ ᠶ᠋ᠢ ᠰᠣᠨᠣᠰᠤᠭᠠᠳ᠄ 《ᠳᠠᠢᠰᠤᠨ ᠬᠡᠷᠪᠡ ᠬᠠᠯᠳᠠᠵᠤ ᠢᠷᠡᠪᠡᠯ ᠪᠢᠳᠡ ᠬᠠᠳᠬᠤᠯᠳᠤᠨ ᠪᠠᠢᠯᠳᠤᠬᠤ ᠪᠢᠯᠡ᠃ ᠳᠠᠢᠰᠤᠨ ᠲᠡᠢ᠌ᠠᠬᠥ ᠳᠤᠲᠠᠭᠠᠭᠰᠠᠨ ᠪᠣᠯ ᠪᠢᠳᠡ ᠴᠡᠷᠢᠭ ᠢ᠋ᠶ᠋ᠡᠨ ᠵᠠᠰᠠᠵᠠᠭᠠᠵᠣ ᠨᠡᠬᠡᠶ᠎ᠡ》 ᠭᠡᠵᠦ ᠬᠥᠳᠡᠯᠪᠡ᠃ ᠲᠡᠨᠳᠡ ᠡᠴᠡ ᠬᠥᠳᠡᠯᠵᠦ ᠤᠯᠬᠤᠢ ᠰᠢᠯᠦᠬᠡᠯᠵᠢᠥᠨ ᠭᠡᠳᠡᠭ ᠭᠣᠣᠯ ᠢ᠋ ᠴᠢᠭᠯᠡᠨ ᠶᠠᠪᠤᠵᠤ ᠳᠠᠯᠠᠨ ᠨᠥᠮᠥᠷᠬᠡᠰ ᠬᠦᠷᠪᠡ᠃
174᠂ ᠲᠡᠨᠳᠡ ᠬᠣᠢᠨ᠎ᠠ ᠠ᠋ᠴᠠ ᠬᠠᠲᠠᠭᠠᠨ ᠲᠠᠯᠳᠣᠷᠬᠠᠨ ᠡᠮ᠎ᠡ ᠬᠥᠪᠡᠭᠦᠳ ᠡᠴᠡ ᠰᠠᠯᠵᠤ ᠬᠠᠭᠠᠰ ᠪᠣᠯᠵᠤ ᠢᠷᠡᠪᠡ᠃ ᠬᠠᠲᠠᠭᠠᠨ ᠲᠠᠯᠳᠣᠷᠬᠠᠨ ᠢᠷᠡᠭᠡᠳ ᠸᠠᠩ ᠬᠠᠨ ᠤ᠋ ᠦᠭᠡ ᠭᠡᠵᠦ ᠥᠭᠦᠯᠡᠷᠦᠨ᠄ 《ᠸᠠᠩ ᠬᠠᠨ᠂ ᠬᠥᠪᠡᠭᠦᠨ ᠰᠡᠩᠭᠦᠮ ᠢ᠋ ᠡᠩᠭᠡᠰᠬᠡ ᠬᠠᠴᠠᠷ ᠢ᠋ᠶ᠋ᠠᠨ ᠰᠤᠮᠤᠨ ᠳ᠋ᠤ᠌ ᠰᠢᠷᠬᠠᠲᠤᠵᠤ ᠤᠨᠠᠬᠤ ᠳ᠋ᠤ᠌ ᠳᠡᠭᠡᠷ᠎ᠡ ᠨᠢ ᠢᠷᠡᠵᠦ ᠬᠡᠯᠡᠭᠰᠡᠨ ᠨᠢ᠄ 〈ᠬᠥᠨᠳᠡᠯᠡᠨ ᠦ᠌ ᠬᠥᠮᠦᠨ ᠢ᠋ ᠬᠥᠨᠥᠭᠡᠬᠦ ᠭᠡᠳ ᠬᠥᠭᠡᠷᠦᠬᠦᠢ ᠪᠡᠶ᠎ᠡ ᠪᠡᠨ ᠬᠥᠰᠡᠷᠳᠡᠭᠦᠯᠪᠡ ᠴᠢ ᠬᠠᠵᠠᠭᠤ ᠶ᠋ᠢᠨ ᠬᠥᠮᠦᠨ ᠢ᠋ ᠬᠠᠯᠳᠠᠬᠤ ᠭᠡᠳ ᠬᠠᠴᠠᠷ ᠡᠩᠭᠡᠰᠬᠡ ᠪᠡᠨ ᠬᠠᠳᠬᠤᠭᠤᠯᠪᠠ ᠴᠢ ᠬᠠᠢᠷᠠᠲᠤ ᠬᠥᠪᠡᠭᠦᠨ ᠦ᠌ ᠬᠠᠳᠬᠤᠭᠳᠠᠭᠰᠠᠨ ᠤ᠋ ᠲᠥᠯᠥᠭᠡ ᠬᠠᠷᠢ ᠳᠠᠢᠰᠤᠨ ᠢ᠋ ᠬᠠᠯᠳᠠᠨ ᠳᠣᠪᠲᠣᠯᠤᠶ᠎ᠠ〉 ᠭᠡᠪᠡᠯ᠂ ᠠᠴᠢᠭ ᠰᠢᠷᠣᠨ ᠥᠭᠦᠯᠡᠷᠦᠨ᠄ 〈ᠡᠵᠡᠨ ᠬᠠᠨ ᠮᠢᠨᠢ ᠡᠷᠬᠡᠪᠰᠢ ᠪᠣᠯᠭᠣᠮᠵᠢᠯᠠᠵᠤ ᠠᠢᠯᠠᠳ ᠡᠵᠡᠨ ᠬᠠᠨ ᠲᠡᠷᠢᠭᠦᠯᠡᠨ ᠡᠩ ᠦ᠋ᠨ ᠬᠠᠷᠠᠴᠤ ᠪᠦᠭᠦᠳᠡᠭᠡᠷ ᠡᠰᠡ ᠵᠠᠶᠠᠭᠠᠭᠰᠠᠨ ᠬᠥᠪᠡᠭᠦᠨ ᠦ᠌ ᠡᠷᠢᠯ ᠮᠥᠷᠥᠭᠡᠳᠦᠯ ᠪᠣᠯᠵᠤ ᠡᠯᠳᠡᠪ ᠠᠷᠭ᠎ᠠ ᠬᠢᠯᠭᠠᠵᠣ ᠡᠪᠡᠢ ᠪᠡᠪᠡᠢ ᠭᠡᠮᠡᠨ ᠵᠠᠯᠪᠠᠷᠢᠵᠤ ᠪᠥᠯᠥᠭᠡ ᠡᠨᠡ ᠵᠠᠯᠪᠠᠷᠢᠯ ᠪᠦᠲᠦᠵᠦ ᠡᠬᠡ ᠡᠴᠡ ᠲᠥᠷᠥᠨ ᠵᠠᠶᠠᠭᠠᠭᠰᠠᠨ ᠡᠷᠬᠢᠮ ᠬᠥᠪᠡᠭᠦᠨ ᠰᠡᠩᠭᠦᠮ ᠢ᠋ ᠡᠩᠬᠦᠷᠡᠢᠯᠡᠨ ᠠᠰᠠᠷᠠᠵᠤ ᠰᠤᠪᠢᠯᠠᠶ᠎ᠠ ᠮᠣᠩᠭ᠋ᠣᠯ ᠤ᠋ᠨ (ᠮᠤᠩ ᠭᠣᠣᠯ ) ᠣᠯᠠᠩᠬᠢ ᠵᠠᠮᠤᠬ᠎ᠠ᠂ ᠠᠯᠲᠠᠨ᠂ ᠬᠣᠴᠣᠷ ᠨᠠᠷ ᠢ᠋ ᠳᠠᠭᠠᠵᠤ ᠪᠢᠳᠡᠨ ᠦ᠌ ᠡᠨᠳᠡ ᠪᠣᠢ᠃ ᠲᠡᠮᠦᠵᠢᠨ ᠢ᠋ ᠳᠠᠭᠠᠵᠤ ᠭᠠᠷᠤᠭᠰᠠᠨ ᠮᠣᠩᠭ᠋ᠣᠯᠴᠣᠳ ᠬᠠᠮᠢᠭ᠎ᠠ ᠬᠣᠯᠠᠳᠬᠤ ᠪᠣᠢ? ᠮᠣᠷᠢᠨ ᠣᠨᠣᠭᠠᠳᠠᠨ ᠮᠣᠳᠣᠨ ᠨᠥᠮᠥᠷᠢᠳᠡᠨ ᠪᠣᠯᠪᠠ ᠲᠡᠳᠡ (ᠬᠥᠮᠦᠨ ᠪᠦᠷᠢ ᠳᠥᠩᠭᠡᠵᠢ ᠭᠠᠭᠴᠠ ᠮᠣᠷᠢ ᠲᠠᠢ ᠪᠥᠭᠡᠳ ᠭᠡᠷ ᠦᠭᠡᠢ ᠤᠴᠢᠷ ᠠ᠋ᠴᠠ ᠮᠣᠳᠣᠨ ᠤ᠋ ᠨᠥᠮᠥᠷᠢ ᠳ᠋ᠦ᠍ ᠬᠣᠷᠭᠣᠳᠠᠵᠤ ᠪᠠᠢᠭ᠎ᠠ) ᠲᠡᠳᠡᠨ ᠢ᠋ ᠳᠠᠭᠠᠵᠤ ᠡᠰᠡ ᠢᠷᠡᠪᠡᠯ ᠪᠢᠳᠡ ᠣᠴᠢᠵᠤ᠂ ᠮᠣᠷᠢᠨ ᠤ᠋ ᠬᠣᠮᠣᠣᠯ ᠮᠡᠲᠦ ᠬᠣᠷᠮᠣᠢᠯᠠᠵᠤ ᠠᠪᠴᠤ ᠢᠷᠡᠶ᠎ᠡ〉 ᠭᠡᠪᠡ᠃ ᠠᠴᠢᠭ ᠰᠢᠷᠣᠨ ᠤ᠋ ᠡᠨᠡ ᠦᠭᠡᠨ ᠳ᠋ᠦ᠍ ᠸᠠᠩ ᠬᠠᠨ ᠥᠭᠦᠯᠡᠷᠦᠨ᠄ 〈ᠵᠠ᠂ ᠲᠡᠢᠮᠦ ᠪᠣᠯ ᠬᠥᠪᠡᠭᠦᠨ ᠡᠨᠳᠡᠬᠦ ᠪᠣᠯᠭᠤᠵᠠᠢ᠃ ᠬᠥᠪᠡᠭᠦᠨ ᠢ᠋ ᠠᠰᠠᠷᠠᠨ ᠰᠤᠪᠢᠯᠠ〉 ᠭᠡᠳ ᠪᠠᠢᠯᠳᠤᠭᠠᠨ ᠤ᠋ ᠭᠠᠵᠠᠷ ᠠ᠋ᠴᠠ ᠪᠤᠴᠠᠵᠤ ᠬᠠᠷᠢᠪᠠ》 ᠭᠡᠪᠡ᠃
175᠂ ᠴᠢᠩᠭᠢᠰ ᠬᠠᠭᠠᠨ᠂ ᠲᠡᠷᠡᠬᠦ ᠳᠠᠯᠠᠨ ᠨᠥᠮᠥᠷᠬᠡᠰ ᠡᠴᠡ ᠬᠠᠯᠬ᠎ᠠ ᠭᠣᠣᠯ ᠤᠷᠤᠭᠤ ᠬᠥᠳᠡᠯᠵᠦ ᠶᠠᠪᠤᠬᠤ ᠵᠠᠭᠤᠷ᠎ᠠ ᠴᠡᠷᠢᠭ ᠢ᠋ᠶ᠋ᠡᠨ ᠪᠦᠷᠢᠳᠬᠡᠵᠦ ᠦᠵᠡᠪᠡᠯ᠂ ᠬᠣᠶᠠᠷ ᠮᠢᠩᠭᠠᠨ ᠵᠢᠷᠭᠤᠭᠠᠨ ᠵᠠᠭᠤᠨ ᠬᠥᠮᠦᠨ ᠪᠠᠢᠨ᠎ᠠ᠃ ᠡᠭᠦᠨ ᠡᠴᠡ ᠨᠢᠭᠡᠨ ᠮᠢᠩᠭᠠᠨ ᠭᠤᠷᠪᠠᠨ ᠵᠠᠭᠤᠨ ᠬᠥᠮᠦᠨ ᠢ᠋ ᠴᠢᠩᠭᠢᠰ ᠬᠠᠭᠠᠨ ᠠᠪᠴᠤ ᠬᠠᠯᠬ᠎ᠠ ᠭᠣᠣᠯ ᠤ᠋ᠨ ᠥᠷᠥᠨᠡᠲᠦ ᠡᠲᠡᠭᠡᠳ ᠢ᠋ᠶ᠋ᠡᠷ ᠨᠡᠭᠦᠪᠡ᠃ ᠨᠥᠭᠦᠭᠡ ᠨᠢᠭᠡᠨ ᠮᠢᠩᠭᠠᠨ ᠭᠤᠷᠪᠠᠨ ᠵᠠᠭᠤᠨ ᠴᠡᠷᠢᠭ᠂  ᠣᠷᠣᠭᠤᠳ ᠮᠠᠩᠭ᠋ᠣᠳ ᠤ᠋ᠨ ᠬᠠᠮᠲᠤ ᠬᠠᠯᠬ᠎ᠠ ᠭᠣᠣᠯ ᠤ᠋ᠨ ᠳᠣᠷᠣᠨᠠᠲᠤ ᠡᠲᠡᠭᠡᠳ ᠢ᠋ᠶ᠋ᠡᠷ ᠨᠡᠭᠦᠪᠡ᠃ ᠲᠡᠭᠡᠵᠦ ᠨᠡᠭᠦᠵᠦ ᠶᠠᠪᠤᠬᠤ ᠵᠠᠮ ᠳ᠋ᠠᠭᠠᠨ ᠬᠦᠨᠡᠰᠦ ᠣᠯᠬᠤ ᠶ᠋ᠢᠨ ᠲᠤᠯᠠ ᠠᠪᠠ ᠬᠢᠬᠦ ᠳ᠋ᠦ᠍ ᠬᠤᠢ᠌ᠯᠳᠠᠷ ᠰᠢᠷᠬ᠎ᠠ ᠪᠠᠨ ᠡᠳᠡᠭᠡᠭᠡ ᠦᠭᠡᠢ ᠪᠠᠢᠲᠠᠯ᠎ᠠ᠂ ᠴᠢᠩᠭᠢᠰ ᠬᠠᠭᠠᠨ ᠤ᠋ ᠢᠳᠬᠠᠭᠰᠠᠨ ᠦᠭᠡ ᠶ᠋ᠢ ᠦᠯᠦ ᠰᠣᠨᠣᠰᠤᠨ᠂ ᠭᠥᠷᠦᠭᠡᠰᠦᠨ ᠳ᠋ᠦ᠍ ᠳᠣᠪᠲᠣᠯᠵᠤ ᠶᠠᠪᠤᠭᠠᠳ ᠰᠢᠷᠬ᠎ᠠ ᠦᠭᠳᠡᠷᠴᠦ ᠨᠠᠰᠤᠨ ᠠ᠋ᠴᠠ ᠨᠥᠬᠴᠢᠪᠡ᠃ ᠲᠡᠭᠦᠨ ᠦ᠌ ᠶᠠᠰᠤ ᠶ᠋ᠢ ᠬᠠᠯᠬ᠎ᠠ ᠭᠣᠣᠯ ᠤ᠋ᠨ ᠣᠷᠣ ᠨᠤᠭᠤ ᠶ᠋ᠢᠨ ᠬᠡᠯᠲᠡᠭᠡᠢ ᠬᠠᠳᠠ ᠭᠡᠳᠡᠭ ᠭᠠᠵᠠᠷ ᠣᠷᠣᠰᠢᠭᠤᠯᠪᠠ᠃
176᠂ ᠬᠠᠯᠬ᠎ᠠ ᠭᠣᠣᠯ ᠤ᠋ᠨ ᠪᠤᠢᠷ ᠨᠠᠭᠤᠷ ᠲᠤ᠌ ᠴᠢᠳᠬᠤᠬᠤ ᠠᠭᠤᠯᠵᠠᠷ ᠤ᠋ᠨ ᠭᠠᠵᠠᠷ ᠲᠤ᠌ ᠲᠡᠷᠭᠡᠨ ᠡᠮᠡᠭᠡᠯ ᠲᠡᠢ ᠣᠷᠣ ᠮᠠᠯ ᠲᠠᠢ ᠲᠠᠨᠤᠮᠠᠯ ᠬᠣᠩᠭᠢᠷᠠᠳ ᠨᠤᠲᠤᠭᠯᠠᠵᠤ ᠪᠠᠢᠭ᠎ᠠ ᠭᠡᠵᠦ ᠰᠣᠨᠣᠰᠴᠤ᠂ ᠴᠢᠩᠭᠢᠰ ᠬᠠᠭᠠᠨ ᠥᠭᠦᠯᠡᠷᠦᠨ᠄ 《ᠡᠳᠡᠨ ᠦ᠌ ᠬᠣᠩᠭᠢᠷᠠᠳ ᠡᠷᠲᠡᠨ ᠡᠴᠡ ᠡᠬᠢᠯᠡᠨ᠂ ᠣᠳᠣ ᠬᠦᠷᠲᠡᠯ᠎ᠡ ᠵᠢᠭᠡ ᠶ᠋ᠢᠨ ᠵᠢᠰᠦ ᠪᠡᠷ᠂ ᠥᠬᠢᠨ ᠦ᠌ ᠥᠩᠭᠡ ᠪᠡᠷ ᠶᠠᠪᠤᠨ᠎ᠠ ᠭᠡᠵᠦ ᠲᠡᠳᠡᠨ ᠦ᠌ ᠲᠠᠭᠣᠯᠢᠯᠢᠯ ᠢ᠋ ᠳᠤᠷᠠᠳᠤᠨ ᠰᠠᠨᠠᠭᠤᠯᠪᠠᠯ ᠳᠤᠷᠠᠲᠠᠢᠶ᠎ᠠ ᠡᠯᠰᠡᠨ ᠳᠠᠭᠠᠬᠤ ᠪᠢᠵᠡ᠂ ᠬᠡᠷᠪᠡ ᠡᠰᠡᠷᠭᠦᠴᠡᠪᠡᠯ ᠪᠠᠢᠯᠳᠤᠵᠤ ᠡᠵᠡᠯᠡᠭᠲᠦᠨ》 ᠭᠡᠵᠦ ᠵᠦᠷᠴᠢᠳᠡᠢ ᠪᠡᠷ ᠲᠣᠯᠣᠭᠠᠢᠯᠠᠭᠤᠯᠤᠨ ᠣᠷᠣᠭᠣᠳ ᠢᠷᠭᠡᠨ ᠢ᠋ ᠢᠯᠡᠭᠡᠪᠡᠯ᠂ ᠬᠣᠩᠭᠢᠷᠠᠳ ᠨᠠᠷ ᠲᠡᠭᠦᠨ ᠳ᠋ᠦ᠍ ᠡᠯᠰᠡᠨ ᠣᠷᠣᠵᠠᠢ᠃ ᠡᠯᠰᠡᠨ ᠣᠷᠣᠭᠰᠠᠨ ᠬᠣᠩᠭᠢᠷᠠᠳ ᠨᠠᠷ ᠢ᠋ ᠴᠢᠩᠭᠢᠰ ᠬᠠᠭᠠᠨ ᠣᠭᠲᠣ ᠬᠥᠨᠳᠡᠭᠰᠡᠨ ᠦᠭᠡᠢ᠃
177᠂ ᠴᠢᠩᠭᠢᠰ ᠬᠠᠭᠠᠨ᠂ ᠬᠣᠩᠭᠢᠷᠠᠳ ᠢ᠋ ᠣᠷᠣᠭᠤᠯᠤᠭᠠᠳ ᠲᠡᠨᠳᠡ ᠡᠴᠡ ᠨᠡᠭᠦᠵᠦ ᠲᠦᠩᠬᠡᠯᠢᠭ ᠭᠣᠷᠣᠬ᠎ᠠ ᠶ᠋ᠢᠨ ᠵᠡᠭᠦᠨ ᠡᠲᠡᠭᠡᠳ ᠲᠦ᠍ ᠬᠦᠷᠴᠦ ᠪᠠᠭᠤᠭᠠᠳ ᠠᠷᠬᠠᠢ ᠬᠠᠰᠠᠷ᠂ ᠰᠦᠬᠡᠬᠡᠢ ᠵᠡᠭᠦᠨ ᠬᠣᠶᠠᠷ ᠢ᠋ ᠡᠯᠴᠢ ᠪᠣᠯᠭᠠᠨ ᠲᠣᠮᠢᠯᠠᠵᠤ ᠸᠠᠩ ᠬᠠᠨ ᠳ᠋ᠤ᠌ ᠬᠡᠯᠡᠭᠦᠯᠦᠭᠰᠡᠨ ᠨᠢ᠄ ᠪᠢᠳᠡ ᠲᠦᠩᠬᠡᠯᠢᠭ ᠭᠣᠷᠣᠬ᠎ᠠ ᠶ᠋ᠢᠨ ᠵᠡᠭᠦᠨ ᠡᠲᠡᠭᠡᠳ ᠲᠦ᠍ ᠪᠠᠭᠤᠪᠠ᠃ ᠡᠨᠳᠡ ᠡᠪᠡᠰᠦ ᠰᠠᠢᠨ ᠤᠷᠭᠤᠵᠠᠢ᠃ ᠠᠭᠲᠠ ᠮᠣᠷᠢᠳ ᠮᠢᠨᠢ ᠲᠠᠮᠢᠷᠵᠢᠵᠤ ᠪᠠᠢᠨ᠎ᠠ᠂ ᠬᠠᠨ ᠡᠴᠢᠭᠡ ᠳ᠋ᠦ᠍ ᠮᠢᠨᠢ ᠢᠩᠭᠢᠵᠦ ᠥᠭᠦᠯᠡᠲᠦᠭᠡᠢ᠄ 《ᠬᠠᠨ ᠡᠴᠢᠭᠡ ᠮᠢᠨᠢ ᠶᠠᠭᠤᠨ ᠳ᠋ᠤ᠌ ᠬᠢᠯᠢᠩᠨᠡᠵᠦ᠂ ᠨᠠᠮ᠎ᠠ ᠶ᠋ᠢ ᠶᠠᠭᠤᠨ ᠳ᠋ᠤ᠌ ᠠᠶᠤᠯᠭᠠᠪᠠ? ᠮᠠᠭᠤ ᠬᠥᠪᠡᠭᠦᠳ᠂ ᠮᠠᠭᠤ ᠪᠡᠷᠢᠶᠡᠳ ᠪᠢᠳᠡᠨ ᠢ᠋ ᠠᠮᠤᠷ ᠤᠨᠲᠠᠭᠤᠯᠬᠤ ᠦᠭᠡᠢ ᠶᠠᠭᠤᠨ ᠳ᠋ᠤ᠌ ᠠᠶᠤᠯᠭᠠᠵᠤ ᠪᠠᠢᠨ᠎ᠠ? ᠰᠠᠨᠳᠠᠢᠯᠠᠵᠤ ᠰᠠᠭᠤᠬᠤ ᠣᠷᠣ ᠶ᠋ᠢ ᠮᠢᠨᠢ ᠰᠠᠯᠪᠠᠭᠠᠨᠠᠭᠤᠯᠤᠨ ᠲᠦᠯᠬᠢᠵᠦ ᠰᠠᠪᠰᠠᠨ ᠭᠠᠷᠬᠤ ᠤᠲᠤᠭ᠎ᠠ ᠶ᠋ᠢ ᠮᠢᠨᠢ ᠰᠠᠴᠤᠷᠠᠭᠤᠯᠤᠨ ᠬᠡᠢᠰᠬᠡᠵᠦ ᠰᠠᠨᠠᠮᠰᠠᠷ ᠦᠭᠡᠢ ᠮᠠᠭᠤ ᠬᠥᠪᠡᠭᠦᠨ ᠢ᠋ᠶ᠋ᠡᠨ ᠶᠠᠭᠤᠨ ᠳ᠋ᠤ᠌ ᠰᠠᠨᠳᠤᠷᠤᠭᠤᠯᠤᠨ ᠬᠥᠨᠥᠭᠡᠪᠡ᠂ ᠴᠢ? ᠬᠠᠨ ᠡᠴᠢᠭᠡ ᠮᠢᠨᠢ ᠴᠢ ᠬᠠᠵᠠᠭᠤ ᠶ᠋ᠢᠨ ᠬᠣᠪᠴᠢ ᠬᠥᠮᠦᠨ ᠦ᠌ ᠬᠠᠯᠠ ᠲᠠᠢ ᠮᠠᠭᠤ ᠦᠭᠡᠨ ᠳ᠋ᠦ᠍ ᠬᠠᠳᠬᠤᠭᠳᠠᠨ ᠶᠠᠭᠤᠨ ᠳ᠋ᠤ᠌ ᠣᠷᠣᠪᠠ? ᠬᠥᠪᠡᠭᠦᠨ ᠮᠢᠨᠦ ᠲᠤᠬᠠᠢ ᠬᠥᠨᠳᠡᠯᠡᠨ ᠦ᠌ ᠮᠠᠭᠤ ᠬᠥᠮᠦᠨ ᠬᠥᠪᠰᠥᠷᠭᠡᠨ ᠦᠭᠡ ᠶ᠋ᠢ ᠬᠡᠯᠡᠵᠦ ᠬᠥᠨᠥᠭᠡᠨ ᠰᠠᠯᠭᠠᠵᠤ ᠪᠠᠢᠨ᠎ᠠ ᠬᠠᠨ ᠡᠴᠢᠭᠡ ᠮᠢᠨᠢ᠂ ᠪᠢᠳᠡ ᠬᠣᠶᠠᠷ ᠶᠠᠭᠤ ᠭᠡᠵᠦ ᠬᠡᠯᠡᠯᠴᠡᠬᠰᠡᠨ ᠪᠢᠯᠡ? ᠵᠣᠷᠭᠣᠯ ᠬᠣᠨᠢᠨ ᠤ᠋ ᠤᠯᠠᠭᠠᠨ ᠪᠣᠯᠳᠣᠭ ᠭᠡᠳᠡᠭ ᠭᠠᠵᠠᠷ ᠪᠢᠳᠡ ᠬᠣᠶᠠᠷ ᠶᠠᠭᠤ ᠭᠡᠵᠦ ᠬᠡᠯᠡᠯᠴᠡᠬᠰᠡᠨ ᠪᠢᠯᠡ? ᠬᠣᠣᠷᠠᠲᠤ ᠮᠣᠭᠠᠢ ᠶ᠋ᠢᠨ ᠬᠡᠯᠡ ᠬᠣᠭᠣᠷᠣᠨᠳᠣ ᠮᠢᠨᠢ ᠬᠠᠳᠬᠤᠵᠤ ᠬᠣᠪ ᠵᠢᠪ ᠣᠷᠣᠭᠤᠯᠪᠠᠯ ᠬᠣᠯᠠᠳᠠᠵᠤ ᠰᠠᠯᠤᠯ ᠦᠭᠡᠢ᠂ ᠬᠠᠷᠢᠨ ᠬᠣᠶᠠᠷ ᠨᠢᠭᠤᠷ ᠢ᠋ᠶ᠋ᠠᠷ ᠤᠴᠠᠷᠠᠵᠤ ᠬᠣᠣᠷ ᠬᠥᠨᠥᠭᠡᠯ ᠢ᠋ ᠲᠠᠰᠤᠯᠵᠤ ᠪᠠᠢᠶ᠎ᠠ ᠭᠡᠵᠦ ᠬᠡᠯᠡᠯᠴᠡᠬᠰᠡᠨ ᠦᠭᠡᠢ ᠪᠢᠯᠢᠤ? ᠣᠳᠣ ᠬᠠᠨ ᠡᠴᠢᠭᠡ ᠮᠢᠨᠢ ᠴᠢ ᠬᠣᠶᠠᠷ ᠨᠢᠭᠤᠷ ᠢ᠋ᠶ᠋ᠠᠷ ᠠᠭᠤᠯᠵᠠᠵᠤ ᠬᠡᠯᠡᠯᠴᠡᠯ ᠦᠭᠡᠢ ᠶᠠᠭᠤᠨ ᠳ᠋ᠤ᠌ ᠬᠥᠨᠥᠭᠡᠵᠦ ᠡᠬᠢᠯᠡᠪᠡ? ᠠᠷᠠᠭᠠᠲᠤ ᠮᠣᠭᠠᠢ ᠶ᠋ᠢᠨ ᠰᠢᠳᠦ ᠠᠮᠠᠷᠠᠭ ᠤ᠋ᠨ ᠬᠣᠭᠣᠷᠣᠨᠳᠣ ᠣᠷᠣᠵᠤ ᠡᠶ᠎ᠡ ᠡᠪ ᠢ᠋ ᠡᠪᠳᠡᠪᠡᠯ ᠠᠮᠠ ᠬᠡᠯᠡ ᠪᠡᠷ ᠠᠭᠤᠯᠵᠠᠨ ᠶᠠᠷᠢᠵᠤ ᠠᠯᠢᠪᠠ ᠤᠴᠢᠷ ᠢ᠋ ᠣᠯᠵᠤ ᠪᠠᠢᠶ᠎ᠠ ᠭᠡᠵᠦ ᠬᠡᠯᠡᠯᠴᠡᠬᠰᠡᠨ ᠦᠭᠡᠢ ᠪᠢᠯᠢᠤ? ᠣᠳᠣ ᠬᠠᠨ ᠡᠴᠢᠭᠡ ᠮᠢᠨᠢ᠂ ᠴᠢ ᠠᠮᠠ ᠬᠡᠯᠡ ᠪᠡᠷ ᠠᠭᠤᠯᠵᠠᠨ ᠶᠠᠷᠢᠯ᠎ᠠ ᠦᠭᠡᠢ᠂ ᠠᠩᠭᠢᠵᠢᠷᠠᠨ ᠶᠠᠭᠤᠨ ᠳ᠋ᠤ᠌ ᠰᠠᠯᠪᠠ? ᠬᠠᠨ ᠡᠴᠢᠭᠡ ᠮᠢᠨᠢ! ᠪᠢ ᠴᠥᠭᠡᠨ ᠪᠣᠯᠪᠠᠴᠤ ᠣᠯᠠᠨ ᠠ᠋ᠴᠠ ᠳᠤᠲᠠᠬᠤ ᠦᠭᠡᠢ᠂ ᠮᠠᠭᠤ ᠪᠣᠯᠪᠠᠴᠤ ᠰᠠᠢᠨ ᠠ᠋ᠴᠠ ᠳᠣᠣᠷᠠᠳᠠᠬᠤ ᠦᠭᠡᠢ ᠴᠢᠮᠠᠲᠤ ᠨᠥᠬᠥᠷ ᠰᠢᠭ ᠲᠦᠰᠢᠭ ᠪᠣᠯᠵᠤ ᠪᠠᠢᠭᠰᠠᠨ᠂ ᠬᠣᠶᠠᠷ ᠠᠷᠠᠯ ᠲᠠᠢ ᠲᠡᠷᠭᠡᠨ ᠦ᠌ ᠨᠢᠭᠡᠨ ᠠᠷᠠᠯ ᠬᠤᠭᠤᠷᠠᠪᠠᠯ᠂ ᠦᠬᠡᠷ ᠲᠡᠭᠦᠨ ᠢ᠋ ᠴᠢᠷᠴᠦ ᠴᠢᠳᠠᠬᠤ ᠦᠭᠡᠢ᠂ ᠲᠡᠷᠡ ᠮᠡᠲᠦ ᠨᠢᠭᠡᠨ ᠠᠷᠠᠯ ᠴᠢᠨᠢ ᠪᠢ ᠪᠢᠰᠢ ᠪᠢᠯᠢᠤ? ᠬᠣᠶᠠᠷ ᠬᠦᠷᠳᠦ ᠲᠡᠢ ᠲᠡᠷᠭᠡᠨ ᠦ᠌ ᠨᠢᠭᠡᠨ ᠬᠦᠷᠳᠦ ᠡᠪᠳᠡᠷᠡᠪᠡᠯ ᠶᠠᠪᠤᠵᠤ ᠴᠢᠳᠠᠬᠤ ᠦᠭᠡᠢ᠃ ᠲᠡᠷᠡ ᠮᠡᠲᠦ ᠨᠢᠭᠡᠨ ᠬᠦᠷᠳᠦ ᠴᠢᠨᠢ ᠪᠢ ᠪᠢᠰᠢ ᠪᠢᠯᠢᠤ? ᠡᠷᠲᠡ ᠡᠳᠦᠷ ᠬᠤᠷᠴᠠᠬᠤᠰ ᠪᠣᠢ᠌ᠷᠣᠭ ᠬᠠᠨ ᠡᠴᠢᠭᠡ ᠶ᠋ᠢᠨ ᠳᠥᠴᠢᠨ ᠬᠥᠪᠡᠭᠦᠨ ᠦ᠌ ᠠᠬ᠎ᠠ ᠭᠡᠵᠦ ᠴᠢ ᠬᠠᠨ ᠪᠣᠯᠤᠭᠰᠠᠨ ᠪᠢᠯᠡ᠃ ᠴᠢ ᠬᠠᠨ ᠪᠣᠯᠤᠭᠠᠳ᠂ ᠲᠠᠢ ᠲᠡᠮᠦᠷ ᠲᠠᠢᠵᠢ᠂ ᠪᠤᠬ᠎ᠠ ᠲᠡᠮᠦᠷ ᠬᠣᠶᠠᠷ ᠳᠡᠭᠦᠦ ᠪᠡᠨ ᠠᠯᠠᠪᠠ᠃ ᠪᠠᠰᠠ ᠴᠢᠨᠦ ᠳᠡᠭᠦᠦ ᠡᠷᠬᠡ ᠬᠠᠷ᠎ᠠ ᠠᠯᠠᠭᠳᠠᠬᠤ ᠠ᠋ᠴᠠ ᠠᠶᠤᠵᠤ ᠳᠤᠲᠠᠭᠠᠨ᠂ ᠨᠢᠮᠡᠨ ᠦ᠌ ᠢᠨᠠᠭᠴᠢ ᠪᠡᠯᠭᠡ ᠬᠠᠨ ᠳ᠋ᠤ᠌ ᠣᠴᠢᠵᠤ ᠠᠮᠢ ᠬᠣᠷᠭᠣᠳᠠᠪᠠ᠂ ᠳᠡᠭᠦᠦ ᠨᠠᠷ ᠢ᠋ᠶ᠋ᠠᠨ ᠠᠯᠠᠪᠠ ᠭᠡᠵᠦ ᠬᠥᠷ ᠬᠠᠨ ᠠᠪᠠᠭ᠎ᠠ ᠴᠢᠨᠢ ᠴᠢᠮ᠎ᠠ ᠲᠠᠢ ᠪᠠᠢᠯᠳᠤᠬᠤ ᠪᠠᠷ ᠢᠷᠡᠬᠦ ᠳ᠋ᠦ᠍ ᠴᠢ ᠵᠠᠭᠤᠨ ᠬᠥᠮᠦᠨ ᠠᠪᠴᠤ ᠠᠷᠠᠢ ᠭᠡᠵᠦ ᠠᠮᠢ ᠭᠠᠷᠴᠤ ᠰᠡᠯᠡᠩᠭᠡ ᠤᠷᠤᠭᠤ ᠳᠤᠲᠠᠭᠠᠵᠤ᠂ ᠬᠠᠷᠠᠭᠠᠳ ᠬᠠᠪᠴᠢᠯ ᠭᠡᠳᠡᠭ ᠭᠠᠵᠠᠷ ᠰᠢᠷᠭᠤᠪᠠ ᠴᠢ᠃ ᠵᠢᠴᠢ ᠮᠡᠷᠭᠢᠳ ᠦ᠋ᠨ ᠲᠣᠭᠳᠣᠬ᠎ᠠ ᠳ᠋ᠤ᠌ ᠤᠵᠠᠭᠤᠷ ᠥᠵᠢᠨ ᠥᠬᠢᠨ ᠢ᠋ᠶ᠋ᠡᠨ ᠪᠢᠯᠳᠠᠤᠴᠢᠯᠠᠨ ᠥᠭᠴᠦ᠂ᠬᠠᠷᠠᠭᠠᠳ ᠬᠠᠪᠴᠢᠯ ᠠ᠋ᠴᠠ ᠭᠠᠷᠤᠭᠠᠳ ᠶᠢᠰᠦᠭᠡᠢ ᠬᠠᠨ ᠡᠴᠢᠭᠡ ᠳ᠋ᠦ᠍ ᠮᠢᠨᠢ ᠢᠷᠡᠵᠦ᠄ 〈ᠠᠪᠠᠭ᠎ᠠ ᠬᠥᠷ ᠬᠠᠨ ᠠ᠋ᠴᠠ ᠤᠯᠤᠰ ᠢ᠋ ᠮᠢᠨᠢ ᠠᠪᠤᠷᠠᠵᠤ ᠥᠭ〉 ᠭᠡᠵᠦ ᠭᠤᠶᠤᠭᠰᠠᠨ ᠳ᠋ᠤ᠌᠂ ᠶᠢᠰᠦᠭᠡᠢ ᠬᠠᠨ ᠡᠴᠢᠭᠡ ᠮᠢᠨᠢ᠂ ᠴᠢᠨᠦ ᠤᠯᠤᠰ ᠢ᠋ ᠠᠪᠤᠷᠠᠵᠤ ᠥᠭᠬᠦ ᠶ᠋ᠢᠨ ᠲᠤᠯᠠᠳᠠ ᠲᠠᠢᠴᠢᠭᠤᠳ ᠤ᠋ᠨ ᠬᠤᠨᠠᠨ ᠪᠠᠭᠠᠵᠢ ᠬᠣᠶᠠᠷ ᠢ᠋ᠶ᠋ᠠᠷ ᠤᠳᠤᠷᠢᠳᠤᠭᠤᠯᠤᠨ ᠴᠡᠷᠢᠭ ᠵᠠᠰᠠᠨ ᠮᠣᠷᠳᠠᠭᠤᠯᠵᠤ᠂ ᠭᠤᠷᠪᠠᠨ ᠳᠡᠯ ᠭᠡᠳᠡᠭ ᠭᠠᠵᠠᠷ ᠪᠠᠢᠭ᠎ᠠ ᠬᠥᠷ ᠬᠠᠨ ᠢ᠋ ᠳᠠᠷᠤᠵᠤ ᠲᠡᠭᠦᠨ ᠢ᠋ ᠳᠥᠩᠭᠡᠵᠦ ᠬᠣᠷᠢ ᠭᠤᠴᠢᠨ ᠬᠥᠮᠦᠨ ᠦ᠌ ᠬᠠᠮᠲᠤ ᠬᠠᠰᠢᠨ ( ᠲᠠᠩᠭᠤᠳ) ᠣᠷᠣᠨ ᠳ᠋ᠤ᠌ ᠳᠤᠲᠠᠭᠠᠯᠭᠠᠵᠤ᠂ ᠴᠢᠨᠦ ᠤᠯᠤᠰ ᠢ᠋ ᠠᠪᠴᠢᠷᠠᠵᠤ ᠥᠭᠭᠦᠭᠰᠡᠨ ᠪᠢᠯᠡ᠃ ᠲᠡᠷᠡ ᠴᠠᠭᠲᠤ ᠴᠢ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠶᠢᠰᠦᠭᠡᠢ ᠬᠠᠨ ᠡᠴᠢᠭᠡ ᠲᠡᠢ ᠠᠨᠳᠠ ᠪᠣᠯᠤᠯᠴᠠᠭᠠᠳ ᠸᠠᠩ ᠬᠠᠨ ᠡᠴᠢᠭᠡ ᠴᠢᠨᠦ ᠪᠡᠶᠡᠰᠴᠦ ᠬᠡᠯᠡᠭᠰᠡᠨ ᠨᠢ 〈ᠡᠨᠡ ᠬᠦᠷᠭᠡᠭᠰᠡᠨ ᠲᠤᠰᠠ ᠶ᠋ᠢ ᠴᠢᠨᠢ ᠤᠷᠤᠭ ᠤ᠋ᠨ ᠤᠷᠤᠭ ᠬᠦᠷᠲᠡᠯ᠎ᠡ ᠮᠠᠷᠲᠠᠬᠤ ᠦᠭᠡᠢ ᠠᠴᠢ ᠶ᠋ᠢ ᠬᠠᠷᠢᠭᠤᠯᠬᠤ ᠶ᠋ᠢ ᠲᠩᠷᠢ ᠭᠠᠵᠠᠷ ᠤ᠋ᠨ ᠢᠪᠡᠭᠡᠯ ᠮᠡᠳᠡᠲᠦᠭᠡᠢ〉 ᠭᠡᠵᠦ ᠪᠢᠰᠢᠷᠡᠵᠦ ᠬᠡᠯᠡᠭᠰᠡᠨ ᠪᠢᠰᠢᠦ᠃ ᠲᠡᠭᠦᠨ ᠦ᠌ ᠬᠣᠢᠨ᠎ᠠ ᠴᠢᠨᠦ ᠳᠡᠭᠦᠦ ᠡᠷᠬᠡ ᠬᠠᠷ᠎ᠠ᠂ ᠨᠢᠮᠡᠨ ᠦ᠌ ᠢᠨᠠᠭᠴᠢ ᠪᠡᠯᠭᠡ ᠬᠠᠭᠠᠨ ᠠ᠋ᠴᠠ ᠴᠡᠷᠢᠭ ᠭᠤᠶᠤᠵᠤ ᠠᠪᠤᠭᠠᠳ ᠴᠢᠮ᠎ᠠ ᠲᠠᠢ ᠪᠠᠢᠯᠳᠤᠬᠤ ᠪᠠᠷ ᠢᠷᠡᠬᠦ ᠳ᠋ᠦ᠍ ᠴᠢ ᠤᠯᠤᠰ ᠢ᠋ᠶ᠋ᠠᠨ ᠣᠷᠬᠢᠵᠤ᠂ ᠴᠥᠭᠡᠨ ᠬᠥᠮᠦᠨ ᠲᠡᠢ ᠠᠮᠢ ᠬᠣᠷᠭᠣᠳᠠᠨ ᠳᠤᠲᠠᠭᠠᠵᠤ᠂ ᠬᠠᠷ᠎ᠠ ᠬᠢᠲᠠᠳ ᠤ᠋ᠨ ᠬᠥᠷ ᠬᠠᠭᠠᠨ ᠤ᠋ ᠰᠠᠷᠲᠠᠭᠤᠯ ᠤ᠋ᠨ ᠨᠤᠲᠤᠭ ᠴᠦᠢ ᠮᠥᠷᠡᠨ ᠳ᠋ᠦ᠍ ᠪᠠᠢᠬᠤ ᠳ᠋ᠤ᠌ ᠬᠦᠷᠴᠦ ᠣᠴᠢᠭᠠᠳ ᠲᠡᠨᠳᠡ ᠨᠢᠭᠡᠨ ᠵᠢᠯ ᠪᠣᠯᠤᠯ ᠦᠭᠡᠢ ᠪᠠᠰᠠ ᠬᠥᠷ ᠬᠠᠭᠠᠨ ᠠ᠋ᠴᠠ ᠰᠠᠯᠵᠤ᠂ ᠤᠢᠭᠤᠷ ᠨᠤᠲᠤᠭ ᠪᠠ ᠲᠠᠩᠭ᠋ᠣᠳ ᠭᠠᠵᠠᠷ ᠢ᠋ᠶ᠋ᠠᠷ ᠲᠡᠨᠦᠵᠦ᠂ ᠲᠠᠪᠤᠨ ᠢᠮᠠᠭ᠎ᠠ ᠱᠥᠷᠭᠡᠯᠡᠨ ᠰᠠᠭᠠᠵᠤ᠂ ᠲᠡᠮᠡᠭᠡᠨ ᠦ᠌ ᠴᠢᠰᠤ ᠬᠠᠨᠣᠵᠣ ᠢᠳᠡᠭᠰᠡᠭᠡᠷ ᠭᠠᠭᠴᠠ ᠰᠣᠬᠣᠷ ᠬᠠᠯᠢᠭᠤᠨ ᠮᠣᠷᠢ ᠲᠠᠢ ᠬᠦᠷᠴᠦ ᠢᠷᠡᠪᠡ ᠴᠢ᠃ ᠶᠢᠰᠦᠭᠡᠢ ᠬᠠᠨ ᠡᠴᠢᠭᠡ ᠮᠢᠨᠢ᠂ ᠴᠢᠮ᠎ᠠ ᠶ᠋ᠢ ᠢᠩᠭᠢᠵᠦ ᠶᠠᠳᠠᠷᠠᠵᠤ ᠶᠠᠪᠤᠭ᠎ᠠ ᠶ᠋ᠢ ᠰᠣᠨᠣᠰᠴᠤ ᠤᠷᠢᠳᠤ ᠠᠨᠳᠠ ᠪᠣᠯᠤᠯᠴᠠᠭᠰᠠᠨ ᠢ᠋ᠶ᠋ᠠᠨ ᠰᠡᠳᠬᠢᠵᠦ᠂ ᠲᠠᠬᠠᠢ ᠰᠦᠬᠡᠬᠡᠢ ᠬᠣᠶᠠᠷ ᠢ᠋ ᠡᠯᠴᠢ ᠪᠣᠯᠭᠠᠵᠤ ᠣᠭᠳᠤᠭᠣᠯᠣᠭᠰᠠᠨ ᠪᠠ ᠪᠢ ᠥᠪᠡᠷ ᠢ᠋ᠶ᠋ᠡᠨ ᠬᠡᠷᠦᠯᠦᠨ ᠮᠥᠷᠡᠨ ᠢ᠋ ᠪᠦᠷᠭᠢ ᠡᠷᠭᠢ ᠡᠴᠡ ᠤᠭᠲᠤᠨ ᠮᠣᠷᠳᠠᠵᠤ᠂ ᠬᠥᠰᠢᠭᠦᠷ ᠨᠠᠭᠤᠷ ᠲᠤ᠌ ᠪᠢᠳᠡ ᠵᠣᠯᠭᠠᠯᠳᠤᠪᠠ᠃ ᠴᠢᠮᠢ᠋ᠢ ᠶᠠᠳᠠᠵᠤ ᠢᠷᠡᠪᠡ ᠭᠡᠵᠦ ᠭᠤᠪᠴᠢᠭᠤᠷ ᠲᠠᠲᠠᠵᠤ ᠥᠭᠭᠦᠭᠰᠡᠨ ᠪᠠ ᠤᠷᠢᠳᠤ ᠡᠴᠢᠭᠡ ᠲᠡᠢ ᠮᠢᠨᠢ ᠠᠨᠳᠠ ᠪᠣᠯᠤᠯᠴᠠᠭᠰᠠᠨ ᠶᠣᠰᠣ ᠪᠠᠷ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠪᠢᠳᠡ ᠬᠣᠶᠠᠷ ᠡᠴᠢᠭᠡ ᠬᠥᠪᠡᠭᠦᠨ ᠪᠣᠯᠤᠯᠴᠠᠭᠰᠠᠨ ᠪᠢᠰᠢ ᠪᠢᠯᠢᠤ? ᠲᠡᠭᠡᠭᠡᠳ ᠲᠡᠷᠡ ᠡᠪᠦᠯ ᠴᠢᠮᠢ᠋ᠢ ᠪᠢᠳᠡ ᠬᠦᠷᠢᠶᠡᠨ ᠳᠣᠲᠣᠷ᠎ᠠ ᠪᠠᠨ ᠣᠷᠣᠭᠤᠯᠵᠤ ᠲᠡᠵᠢᠭᠡᠪᠡ᠃ ᠲᠡᠷᠡ ᠡᠪᠦᠯ ᠡᠪᠦᠯᠵᠢᠵᠦ ᠵᠤᠨ ᠥᠩᠭᠡᠷᠡᠭᠡᠳ ᠨᠠᠮᠤᠷ ᠨᠢ ᠮᠡᠷᠭᠢᠳ ᠦ᠋ᠨ ᠲᠣᠭᠳᠣᠬ᠎ᠠ ᠪᠡᠬᠢ ᠶ᠋ᠢ ᠪᠠᠢᠯᠳᠤᠬᠤ ᠪᠠᠷ ᠮᠣᠷᠳᠠᠵᠤ᠂ ᠬᠠᠳᠢᠭᠯᠢᠭ ᠨᠢᠷᠤᠭᠤᠨ ᠤ᠋ ᠮᠣᠷᠣᠴᠠ ᠰᠡᠭᠦᠯ ᠭᠡᠳᠡᠭ ᠭᠠᠵᠠᠷ ᠬᠠᠳᠬᠤᠯᠳᠤᠵᠤ  ᠲᠣᠭᠳᠣᠬ᠎ᠠ ᠪᠡᠬᠢ ᠶ᠋ᠢ ᠪᠠᠷᠭᠤᠵᠢᠨ ᠳᠥᠭᠥᠮ ᠦ᠋ᠨ ᠵᠦᠭ ᠬᠥᠭᠡᠭᠡᠵᠦ᠂ ᠮᠡᠷᠭᠢᠳ ᠢᠷᠭᠡᠨ ᠢ᠋ ᠡᠵᠡᠯᠡᠨ᠂ ᠠᠳᠤᠭᠤ ᠮᠠᠯ᠂ ᠤᠷᠲᠤ ᠭᠡᠷ ᠪᠠ ᠬᠦᠨᠡᠰᠦ ᠲᠠᠷᠢᠶ᠎ᠠ ᠬᠦᠷᠲᠡᠯ᠎ᠡ ᠴᠥᠮ ᠢ᠋ ᠠᠪᠴᠤ ᠡᠨᠡ ᠪᠦᠭᠦᠳᠡ ᠶ᠋ᠢ ᠪᠢ ᠬᠠᠨ ᠡᠴᠢᠭᠡ ᠴᠢᠮ᠎ᠠ ᠳ᠋ᠤ᠌ ᠥᠭᠭᠦᠭᠰᠡᠨ ᠪᠢᠯᠡ᠃ ᠥᠯᠥᠰᠬᠦ ᠡᠳᠦᠷ ᠴᠢᠨᠢ ᠥᠷᠥᠰᠢᠶᠡᠵᠦ ᠲᠡᠵᠢᠭᠡᠭᠰᠡᠨ ᠪᠢ ᠥᠨᠥᠴᠢᠷᠡᠬᠦ ᠰᠠᠷ᠎ᠠ ᠳ᠋ᠤ᠌ ᠴᠢᠨᠢ ᠦᠮᠣᠬᠯᠠᠵᠦ ᠲᠡᠳᠬᠦᠭᠰᠡᠨ ᠪᠢ ᠪᠠᠰᠠ ᠪᠢᠳᠡ ᠬᠦᠴᠥᠭᠦᠳ ᠦ᠋ᠨ ᠪᠣᠢ᠌ᠷᠣᠭ ᠬᠠᠨ ᠢ᠋ ᠣᠯᠤᠭ ᠲᠠᠭ ᠤ᠋ᠨ (ᠠᠭᠤᠯᠠ ) ᠰᠣᠭᠣᠭ ᠤᠰᠤ ᠭᠡᠳᠡᠭ ᠭᠠᠵᠠᠷ ᠢ᠋ᠶ᠋ᠠᠷ ᠠᠯᠲᠠᠢ ᠶ᠋ᠢ ᠳᠠᠪᠠᠭᠤᠯᠤᠨ ᠬᠥᠭᠡᠭᠡᠵᠦ᠂ ᠦᠷᠣᠩᠬᠥᠤ ᠭᠣᠣᠯ ᠬᠦᠷᠭᠡᠵᠦ᠂  ᠬᠢᠴᠢᠯᠪᠠᠰᠢ ᠨᠠᠭᠤᠷ ᠲᠤ᠌ ᠲᠡᠭᠦᠨ ᠢ᠋ ᠪᠠᠷᠢᠵᠤ ᠰᠥᠨᠥᠭᠡᠪᠡ᠃ ᠲᠡᠨᠳᠡ ᠡᠴᠡ ᠬᠠᠷᠢᠵᠤ ᠢᠷᠡᠬᠦ ᠳ᠋ᠦ᠍ ᠨᠢᠮᠡᠨ ᠦ᠌ ᠬᠥᠬᠰᠠᠬᠥᠤ ᠰᠠᠪᠷᠠᠭ ᠪᠠᠭᠠᠲᠤᠷ᠂ ᠪᠠᠢ᠌ᠳᠠᠷᠠᠭ ᠭᠣᠣᠯ ᠤ᠋ᠨ ᠪᠠᠯᠴᠢᠷ ᠲᠤ᠌ ᠴᠡᠷᠢᠭ ᠵᠠᠰᠠᠵᠤ᠂ ᠪᠠᠢᠯᠳᠤᠬᠤ ᠪᠠᠷ ᠲᠣᠰᠴᠤ ᠪᠠᠢᠭᠰᠠᠨ ᠠᠵᠠᠢ᠂ ᠪᠢᠳᠡ ᠬᠣᠶᠠᠷ ᠮᠥᠨ ᠪᠠᠢᠯᠳᠤᠬᠤ ᠪᠠᠷ ᠴᠡᠷᠢᠭ ᠢ᠋ᠶ᠋ᠡᠨ ᠵᠠᠰᠠᠵᠤ ᠢᠷᠡᠲᠡᠯ᠎ᠡ ᠨᠢᠭᠡᠨᠲᠡ ᠦᠳᠡᠰᠢ ᠪᠣᠯᠤᠭᠰᠠᠨ ᠲᠤᠯᠠ ᠮᠠᠷᠭᠠᠰᠢ ᠪᠠᠢᠯᠳᠤᠶ᠎ᠠ ᠭᠡᠵᠦ ᠵᠠᠰᠠᠵᠠᠭᠠᠵᠣ ᠬᠣᠨᠣᠪᠠᠯ ᠬᠠᠨ ᠡᠴᠢᠭᠡ ᠮᠢᠨᠢ᠂ ᠴᠢ ᠪᠠᠭᠤᠭᠰᠠᠨ ᠭᠠᠵᠠᠷ ᠢ᠋ᠶ᠋ᠠᠨ ᠣᠯᠠᠨ ᠭᠠᠯ ᠲᠦᠯᠡᠵᠦ ᠣᠷᠬᠢᠭᠠᠳ ᠮᠥᠨ ᠰᠥᠨᠢ ᠬᠠᠷ᠎ᠠ ᠰᠡᠭᠦᠯ ᠭᠣᠣᠯ ᠢ᠋ ᠥᠭᠰᠥᠨ ᠬᠥᠳᠡᠯᠪᠡ᠃ ᠪᠢᠳᠡ ᠮᠠᠷᠭᠠᠰᠢ ᠥᠷᠯᠥᠭᠡ ᠨᠢ ᠦᠵᠡᠪᠡᠯ᠂ ᠴᠢ ᠪᠠᠭᠤᠭᠰᠠᠨ ᠭᠠᠵᠠᠷ ᠢ᠋ᠶ᠋ᠠᠨ ᠦᠭᠡᠢ ᠪᠣᠯᠤᠭᠰᠠᠨ ᠲᠤᠯᠠ 〈ᠪᠢᠳᠡᠨ ᠢ᠋ ᠡᠨᠡ ᠣᠷᠬᠢᠭᠰᠠᠨ ᠭᠠᠯ ᠮᠡᠲᠦ ᠬᠠᠶᠠᠭᠰᠠᠨ ᠠᠵᠠᠢ〉 ᠭᠡᠵᠦ ᠪᠢᠳᠡ ᠬᠥᠳᠡᠯᠵᠦ᠂ ᠡᠳᠦᠷ ᠠᠯᠲᠠᠢ ᠶ᠋ᠢᠨ ᠪᠠᠯᠴᠢᠷ ᠢ᠋ᠶ᠋ᠠᠷ ᠭᠡᠲᠦᠯᠵᠦ᠂ ᠰᠠᠭᠠᠷᠢ ᠬᠡᠭᠡᠷ᠎ᠡ ᠭᠡᠳᠡᠭ ᠭᠠᠵᠠᠷ ᠣᠴᠢᠵᠤ ᠪᠠᠭᠤᠪᠠ᠃ ᠲᠡᠨᠳᠡ ᠴᠢᠮ᠎ᠠ ᠶ᠋ᠢ ᠬᠥᠭᠰᠡᠭᠦᠦ ᠰᠠᠪᠷᠠᠭ ᠪᠠᠭᠠᠲᠤᠷ ᠨᠡᠬᠡᠵᠦ ᠣᠴᠢᠭᠠᠳ ᠰᠡᠩᠭᠦᠮ ᠦ᠋ᠨ ᠡᠮ᠎ᠡ ᠬᠥᠪᠡᠭᠦᠳ ᠪᠠ ᠡᠳ᠋ ᠬᠥᠷᠥᠩᠭᠡ᠂ ᠠᠯᠪᠠᠲᠤ ᠠᠷᠠᠳ ᠢ᠋ ᠴᠥᠮ ᠪᠤᠯᠢᠶᠠᠨ ᠠᠪᠴᠤ᠂ ᠬᠠᠨ ᠡᠴᠢᠭᠡ ᠴᠢᠮ᠎ᠠ ᠶ᠋ᠢ ᠲᠡᠯᠠᠬᠡᠲᠦ ᠠᠮᠠᠰᠠᠷ ᠭᠡᠳᠡᠭ ᠭᠠᠵᠠᠷ ᠪᠠᠢᠬᠤ ᠦᠶ᠎ᠡ ᠳ᠋ᠦ᠍ ᠨᠡᠬᠡᠨ ᠪᠠᠢᠯᠳᠤᠵᠤ᠂ ᠵᠠᠷᠢᠮ ᠠᠯᠪᠠᠲᠤ ᠢᠷᠭᠡᠨ ᠪᠠ ᠠᠳᠤᠭᠤ ᠮᠠᠯ ᠢ᠋ ᠪᠤᠯᠢᠶᠠᠨ ᠠᠪᠤᠪᠠ᠃ ᠴᠢᠮ᠎ᠠ ᠶ᠋ᠢ ᠳᠠᠭᠠᠵᠤ ᠶᠠᠪᠤᠭᠰᠠᠨ ᠮᠡᠷᠭᠢᠳ ᠦ᠋ᠨ ᠲᠣᠭᠳᠣᠬ᠎ᠠ ᠶ᠋ᠢᠨ ᠬᠥᠪᠡᠭᠦᠨ ᠬᠣᠲᠣ ᠴᠢᠯᠠᠭᠤᠨ ᠬᠣᠶᠠᠷ᠂ ᠲᠡᠷᠡ ᠵᠠᠪᠰᠢᠶᠠᠨ ᠢ᠋ ᠲᠣᠬᠢᠶᠠᠯᠳᠤᠭᠤᠯᠵᠤ᠂ ᠠᠯᠪᠠᠲᠤ ᠢᠷᠭᠡᠨ ᠢ᠋ᠶ᠋ᠡᠨ ᠠᠪᠴᠤ ᠡᠴᠢᠭᠡ ᠳ᠋ᠡᠭᠡᠨ ᠨᠡᠢᠯᠡᠬᠦ ᠪᠡᠷ ᠪᠠᠷᠭᠤᠵᠢᠨ ᠳᠥᠭᠥᠮ ᠦ᠋ᠨ ᠵᠦᠭ ᠳᠤᠲᠠᠭᠠᠨ ᠬᠥᠳᠡᠯᠪᠡ᠃ ᠲᠡᠷᠡ ᠴᠠᠭ ᠲᠤ᠌ ᠴᠢ᠄ 〈ᠨᠢᠮᠡᠨ ᠦ᠌ ᠬᠥᠭᠰᠡᠭᠦᠦ ᠰᠠᠪᠷᠠᠭ ᠲᠤ᠌ ᠡᠳ᠋ ᠬᠥᠷᠥᠩᠭᠡ ᠪᠠ ᠠᠯᠪᠠᠲᠤ ᠢᠷᠭᠡᠳ ᠢ᠋ᠶ᠋ᠡᠨ ᠪᠤᠯᠢᠶᠠᠭᠳᠠᠪᠠ᠃ ᠬᠥᠪᠡᠭᠦᠨ ᠮᠢᠨᠢ ᠳᠥᠷᠪᠡᠨ ᠬᠦᠯᠦᠭ ᠪᠠᠭᠠᠲᠤᠷ ᠢ᠋ᠶ᠋ᠠᠨ ᠶᠠᠪᠤᠭᠤᠯᠵᠤ ᠲᠤᠰᠠᠯᠠᠨ᠎ᠠ ᠤᠤ〉 ᠭᠡᠵᠦ ᠭᠤᠶᠤᠭᠰᠠᠨ ᠳ᠋ᠤ᠌ ᠪᠢ ᠴᠢᠮ᠎ᠠ ᠰᠢᠭ ᠡᠢᠮᠦ ᠰᠠᠨᠠᠭ᠎ᠠ ᠠᠭᠤᠯᠤᠯ ᠦᠭᠡᠢ ᠳᠠᠷᠤᠢ ᠪᠣᠭᠣᠷᠴᠤ᠂ ᠮᠤᠬᠤᠯᠠᠢ᠂  ᠪᠣᠷᠣᠬᠤᠯ᠂ ᠴᠢᠯᠠᠭᠤᠨ ᠳᠥᠷᠪᠡᠨ ᠬᠦᠯᠦᠭ ᠪᠠᠭᠠᠲᠤᠷ ᠢ᠋ᠶ᠋ᠠᠨ ᠴᠡᠷᠢᠭ ᠦ᠋ᠨ ᠬᠠᠮᠲᠤ ᠢᠯᠡᠭᠡᠭᠰᠡᠨ ᠪᠢᠯᠡ᠃ ᠮᠢᠨᠦ ᠳᠥᠷᠪᠡᠨ ᠬᠦᠯᠦᠭ ᠪᠠᠭᠠᠲᠤᠷ ᠣᠴᠢᠬᠤ ᠶ᠋ᠢᠨ ᠤᠷᠢᠳ ᠤᠯᠠᠭᠠᠨ ᠬᠤᠰᠤ ᠭᠡᠳᠡᠭ ᠭᠠᠵᠠᠷ ᠰᠡᠩᠭᠦᠮ ᠪᠠᠢᠯᠳᠤᠵᠤ ᠪᠠᠢᠭᠠᠳ ᠮᠣᠷᠢᠨ ᠤ᠋ ᠪᠠᠨ ᠭᠤᠶ᠎ᠠ ᠶ᠋ᠢ ᠰᠢᠷᠬᠠᠲᠤᠭᠤᠯᠵᠤ ᠪᠠᠷᠢᠭᠳᠠᠬᠤ ᠳ᠋ᠤ᠌ ᠬᠦᠷᠴᠦ ᠪᠠᠢᠲᠠᠯ᠎ᠠ ᠮᠢᠨᠦ ᠳᠥᠷᠪᠡᠨ ᠬᠦᠯᠦᠭ ᠪᠠᠭᠠᠲᠤᠷ ᠬᠦᠷᠦᠯᠴᠡᠨ ᠣᠴᠢᠵᠤ ᠰᠡᠩᠭᠦᠮ ᠢ᠋ ᠠᠪᠤᠷᠠᠭᠠᠳ ᠠᠯᠪᠠᠲᠤ ᠬᠥᠷᠥᠩᠭᠡ ᠪᠠ ᠡᠮ᠎ᠡ ᠬᠥᠪᠡᠭᠦᠳ ᠰᠡᠯᠲᠡ ᠶ᠋ᠢ ᠠᠪᠤᠷᠠᠵᠤ ᠥᠭᠪᠡ ᠃ ᠲᠡᠷᠡ ᠴᠠᠭ ᠲᠤ᠌ ᠬᠠᠨ ᠡᠴᠢᠭᠡ ᠴᠢ ᠪᠢᠰᠢᠷᠡᠵᠦ ᠥᠭᠦᠯᠡᠷᠦᠨ᠄ 〈ᠬᠥᠪᠡᠭᠦᠨ ᠲᠡᠮᠦᠵᠢᠨ ᠳᠥᠷᠪᠡᠨ ᠬᠦᠯᠦᠭ ᠪᠠᠭᠠᠲᠤᠷ ᠢ᠋ᠶ᠋ᠠᠨ ᠶᠠᠪᠤᠭᠤᠯᠵᠤ᠂ ᠮᠢᠨᠦ ᠠᠯᠳᠠᠭᠳᠠᠨ ᠪᠠᠷᠠᠭᠰᠠᠨ ᠤᠯᠤᠰ ᠢ᠋ ᠠᠪᠤᠷᠠᠵᠤ ᠥᠭᠪᠡ 〉 ᠭᠡᠵᠦ ᠬᠡᠯᠡᠭᠰᠡᠨ ᠪᠢᠯᠡ᠃ ᠣᠳᠣ ᠬᠠᠨ ᠡᠴᠢᠭᠡ ᠮᠢᠨᠢ᠂ ᠪᠢ ᠶᠠᠮᠠᠷ ᠬᠡᠷᠡᠭ ᠲᠦ᠍ ᠪᠤᠷᠤᠭᠤᠳᠠᠵᠤ᠂ ᠴᠢᠨᠦ ᠬᠢᠯᠢᠩ ᠢ᠋ ᠬᠦᠷᠭᠡᠪᠡ᠃ ᠢᠩᠭᠢᠵᠦ ᠪᠤᠷᠤᠭᠤᠰᠢᠶᠠᠨ ᠬᠢᠯᠢᠩᠨᠡᠭᠰᠡᠨ ᠤᠴᠢᠷ ᠢ᠋ᠶ᠋ᠠᠨ ᠬᠤᠪᠠᠷᠢᠬᠤᠷᠢ ᠢᠳᠡᠷᠬᠡᠨ ᠬᠣᠶᠠᠷ ᠡᠯᠴᠢ ᠶ᠋ᠢ ᠲᠣᠮᠢᠯᠠᠨ ᠢᠷᠡᠭᠦᠯᠵᠦ ᠬᠡᠯᠡᠲᠦᠭᠡᠢ᠃ ᠡᠨᠡ ᠬᠣᠶᠠᠷ ᠢ᠋ ᠡᠰᠡ ᠶᠠᠪᠤᠭᠤᠯᠪᠠᠯ ᠣᠨᠳᠣᠣ ᠬᠥᠮᠦᠨ ᠢ᠋ ᠢᠯᠡᠭᠡᠪᠡᠴᠦ ᠪᠣᠯᠤᠨ᠎ᠠ》 ᠭᠡᠵᠦ ᠢᠯᠡᠭᠡᠪᠡ᠃

178᠂ ᠸᠠᠩ ᠬᠠᠨ ᠡᠨᠡ ᠦᠭᠡ ᠶ᠋ᠢ ᠰᠣᠨᠣᠰᠤᠭᠠᠳ ᠥᠭᠦᠯᠡᠷᠦᠨ᠄ 《 ᠠᠶ᠎ᠠ ᠬᠠᠯᠠᠭ ᠰᠠᠢᠨ ᠬᠥᠪᠡᠭᠦᠨ ᠡᠴᠡ ᠪᠡᠨ ᠰᠠᠯᠵᠤ ᠰᠠᠢᠬᠠᠨ ᠲᠥᠷᠥ ᠪᠡᠨ ᠭᠤᠲᠤᠭᠠᠪᠠ ᠪᠢ ᠡᠷᠬᠢᠮ ᠬᠥᠪᠡᠭᠦᠨ ᠡᠴᠡ ᠪᠡᠨ ᠬᠠᠭᠠᠴᠠᠵᠤ ᠡᠪᠳᠡᠷᠡᠬᠦ ᠦᠢᠯᠡ ᠶ᠋ᠢ ᠬᠢᠪᠡ ᠪᠢ》 ᠭᠡᠵᠦ ᠭᠡᠮᠰᠢᠵᠦ ᠥᠭᠦᠯᠡᠷᠦᠨ 《ᠣᠳᠣ ᠬᠥᠪᠡᠭᠦᠨ ᠲᠡᠮᠦᠵᠢᠨ ᠢ᠋ᠶ᠋ᠡᠨ ᠦᠳᠡᠵᠦ ᠮᠠᠭᠤ ᠰᠡᠳᠬᠢᠪᠡᠯ ᠡᠨᠡ ᠮᠡᠲᠦ ᠴᠢᠰᠤ ᠪᠠᠨ ᠤᠷᠤᠰᠬᠠᠶ᠎ᠠ》 ᠭᠡᠵᠦ ᠠᠨᠳᠠᠭᠠᠢᠯᠠᠵᠤ᠂ ᠰᠢᠭᠡᠵᠢ ᠬᠤᠷᠤᠭᠤᠨ ᠤ᠋ ᠪᠠᠨ ᠥᠨᠳᠡᠭᠡ ᠶ᠋ᠢ ᠬᠢᠲᠤᠭ᠎ᠠ ᠪᠠᠷ ᠬᠠᠳᠬᠤᠵᠤ ᠴᠢᠰᠤ ᠶ᠋ᠢ ᠨᠢ ᠴᠣᠪᠣᠷᠣᠭᠣᠯᠵᠣ ᠠᠪᠤᠭᠠᠳ ᠥᠴᠦᠬᠡᠨ ᠰᠠᠪᠠᠨ ᠳ᠋ᠤ᠌ ᠬᠢᠵᠦ 《ᠬᠥᠪᠡᠭᠦᠨ ᠳ᠋ᠦ᠍ ᠮᠢᠨᠢ ᠥᠭ》 ᠭᠡᠵᠦ ᠢᠯᠡᠭᠡᠪᠡ᠃
179᠂ ᠪᠠᠰᠠ ᠴᠢᠩᠭᠢᠰ ᠬᠠᠭᠠᠨ᠂ ᠵᠠᠮᠤᠬ᠎ᠠ ᠠᠨᠳᠠ ᠳ᠋ᠤ᠌ ᠬᠡᠯᠡᠭᠦᠯᠦᠭᠰᠡᠨ ᠨᠢ᠄ 《ᠬᠠᠷᠠᠲᠠᠢ ᠮᠠᠭᠤ ᠰᠡᠳᠬᠢᠯ ᠢ᠋ᠶ᠋ᠡᠷ ᠬᠠᠨ ᠡᠴᠢᠭᠡ ᠡᠴᠡ ᠮᠢᠨᠢ ᠬᠠᠭᠠᠴᠠᠭᠤᠯᠪᠠ ᠴᠢ᠂ ᠪᠢᠳᠡ ᠬᠣᠶᠠᠷ ᠤ᠋ᠨ ᠬᠡᠨ ᠨᠢ ᠡᠷᠲᠡ ᠪᠣᠰᠤᠭᠰᠠᠨ ᠨᠢ ᠬᠠᠨ ᠡᠴᠢᠭᠡ ᠢᠢᠨ ᠬᠥᠬᠡ ᠬᠤᠨᠳᠠᠭ᠎ᠠ ᠪᠠᠷ (ᠠᠢᠷᠠᠭ) ᠤᠤᠭᠤᠬᠤ ᠪᠥᠯᠥᠭᠡ᠃ ᠢᠮᠠᠭᠲᠠ ᠪᠢ ᠤᠷᠢᠳᠠ ᠪᠣᠰᠴᠤ ᠤᠤᠭᠤᠳᠠᠭ ᠪᠠᠢᠭᠰᠠᠨ ᠲᠤᠯᠠ᠂ ᠴᠢ ᠠᠲᠠᠭᠠᠷᠬᠠᠭᠰᠠᠨ ᠪᠢᠵᠡ᠃ ᠣᠳᠣ ᠴᠢ ᠬᠠᠨ ᠡᠴᠢᠭᠡ ᠶ᠋ᠢᠨ ᠬᠥᠬᠡ ᠬᠤᠨᠳᠠᠭ᠎ᠠ ᠪᠠᠷ ᠴᠢᠳᠠᠬᠤ ᠴᠢᠨᠡᠭᠡ ᠪᠡᠷ ᠢ᠋ᠶ᠋ᠡᠨ ᠤᠤᠭᠤᠭᠲᠤᠨ᠃ ᠴᠢ ᠬᠡᠳᠦᠢᠬᠡᠨ ᠬᠣᠷᠣᠭᠣᠬᠣ ᠪᠣᠢ》 ᠭᠡᠵᠦ ᠢᠯᠡᠭᠡᠪᠡ᠃ (ᠴᠢᠩᠭᠢᠰ ᠪᠠᠭ᠎ᠠ ᠨᠠᠰᠤᠨ ᠳ᠋ᠤ᠌ ᠪᠠᠨ ᠸᠠᠩ ᠬᠠᠨ ᠤ᠋ ᠭᠡᠷ ᠲᠦ᠍ ᠪᠠᠢᠭᠰᠠᠨ ᠢ᠋ᠶ᠋ᠠᠨ ᠳᠤᠷᠠᠳᠴᠤ ᠪᠠᠢᠭ᠎ᠠ ᠪᠣᠯᠤᠯᠲᠠᠢ) ᠪᠠᠰᠠ ᠴᠢᠩᠭᠢᠰ ᠬᠠᠭᠠᠨ᠂ ᠠᠯᠲᠠᠨ ᠬᠣᠴᠠᠷ ᠬᠣᠶᠠᠷ ᠲᠤ᠌ ᠬᠡᠯᠡᠭᠦᠯᠦᠭᠰᠡᠨ ᠨᠢ᠄ 《ᠲᠠ ᠬᠣᠶᠠᠷ ᠨᠠᠮ᠎ᠠ ᠶ᠋ᠢ ᠲᠡᠪᠴᠢᠵᠦ ᠰᠢᠭᠤᠳ ᠤᠷᠪᠠᠬᠤ ᠭᠡᠪᠡ ᠤᠤ? ᠮᠡᠬᠡᠯᠡᠨ ᠤᠷᠪᠠᠬᠤ ᠭᠡᠪᠡ ᠤᠤ? ᠬᠣᠴᠣᠷ ᠴᠢᠮ᠎ᠠ ᠶ᠋ᠢ ᠨᠡᠭᠦᠨ ᠲᠠᠢᠵᠢ ᠶ᠋ᠢᠨ ᠬᠥᠪᠡᠭᠦᠨ ᠲᠤᠯᠠ 〈ᠴᠢ ᠬᠠᠨ ᠪᠣᠯ〉 ᠭᠡᠵᠦ ᠪᠢᠳᠡᠨ ᠢ᠋ ᠬᠡᠯᠡᠬᠦ ᠳ᠋ᠦ᠍ ᠴᠢ ᠬᠠᠨ ᠡᠰᠡ ᠪᠣᠯᠪᠠ᠃ ᠠᠯᠲᠠᠨ ᠴᠢᠨᠦ ᠡᠴᠢᠭᠡ ᠬᠣᠲᠠᠯᠠ ᠬᠠᠨ᠂ ᠪᠢᠳᠡ ᠪᠦᠬᠦᠨ ᠢ᠋ ᠵᠠᠬᠢᠷᠴᠤ ᠶᠠᠪᠤᠬᠤ ᠳ᠋ᠤ᠌ ᠴᠢ ᠮᠡᠳᠡᠯᠴᠡᠵᠦ ᠪᠠᠢᠭᠰᠠᠨ ᠲᠤᠯᠠ ᠠᠯᠲᠠᠨ ᠴᠢᠮᠢ᠋ᠢ ᠬᠠᠨ ᠪᠣᠯ ᠭᠡᠪᠡᠯ᠂ ᠴᠢ ᠪᠠᠰᠠ ᠵᠥᠪᠰᠢᠶᠡᠷᠡᠭᠰᠡᠨ ᠦᠭᠡᠢ᠃ ᠪᠡᠷᠲᠡᠨ ᠪᠠᠭᠠᠲᠤᠷ ᠤ᠋ᠨ ᠬᠥᠪᠡᠭᠦᠳ ᠡᠴᠡ ᠠᠬᠠᠮᠠᠳ ᠦᠶ᠎ᠡ ᠶ᠋ᠢᠨ ᠬᠥᠮᠦᠰ ᠪᠣᠯᠬᠤ ᠲᠤᠯᠠ ᠰᠡᠴᠡ ᠲᠠᠢ᠌ᠴᠣᠤ ᠬᠣᠶᠠᠷ ᠢ᠋ ᠬᠠᠨ ᠪᠣᠯ ᠭᠡᠵᠦ ᠢᠳᠬᠠᠪᠠ ᠪᠢ ᠲᠡᠷᠡ ᠬᠣᠶᠠᠷ ᠪᠠᠰᠠ ᠵᠥᠪᠰᠢᠶᠡᠷᠡᠭᠰᠡᠨ ᠦᠭᠡᠢ ᠲᠠ ᠨᠠᠷ ᠤ᠋ᠨ ᠠᠯᠢ ᠨᠢ ᠴᠦ᠍ ᠬᠠᠨ ᠪᠣᠯᠤᠭ᠎ᠠ ᠦᠭᠡᠢ ᠲᠤᠯᠠ ᠪᠢ ᠲᠠ ᠨᠠᠷ ᠲᠤ᠌ ᠬᠠᠨ ᠡᠷᠭᠦᠮᠵᠢᠯᠡᠭᠳᠡᠭᠡᠳ ᠵᠠᠬᠢᠷᠴᠤ ᠶᠠᠪᠤᠪᠠ᠃ ᠲᠠᠨ ᠢ᠋ ᠬᠠᠨ ᠪᠣᠯᠤᠭᠰᠠᠨ ᠪᠣᠯ ᠪᠢ ᠥᠷᠢᠰᠬᠦ ᠲᠡᠢᠨ ᠪᠣᠯᠬᠤ ᠳ᠋ᠤ᠌ ᠡᠮᠦᠨ᠎ᠡ ᠨᠢ ᠣᠣᠯᠠᠭᠠᠯᠠᠨ ᠶᠠᠪᠤᠭᠠᠳ ᠥᠨᠳᠥᠷ ᠬᠥᠬᠡ ᠲᠩᠷᠢ ᠶ᠋ᠢᠨ ᠥᠷᠥᠰᠢᠶᠡᠯ ᠢᠪᠡᠭᠡᠯ ᠳ᠋ᠦ᠍ ᠣᠷᠣᠵᠤ ᠦᠰᠲᠡᠨ ᠳᠠᠢᠰᠤᠨ ᠢ᠋ ᠳᠠᠷᠤᠪᠠᠯ ᠥᠩᠭᠡᠲᠡᠢ ᠰᠠᠢᠨ ᠥᠬᠢᠳ ᠢ᠋ ᠠᠪᠴᠢᠷᠠᠵᠤ ᠥᠭᠡᠳᠡ ᠲᠡᠢ ᠰᠠᠢᠨ ᠮᠣᠷᠢ ᠶ᠋ᠢ ᠣᠯᠵᠠᠯᠠᠵᠤ ᠥᠨᠳᠥᠷ ᠡᠵᠡᠨ ᠲᠠᠨ ᠳ᠋ᠠᠭᠠᠨ ᠪᠠᠷᠢᠬᠤ ᠪᠥᠯᠥᠭᠡ᠃ ᠣᠢ ᠶ᠋ᠢᠨ ᠭᠥᠷᠥᠭᠡᠰᠦ ᠶ᠋ᠢ ᠠᠪᠠᠯᠠᠬᠤ ᠴᠠᠭ ᠲᠤ᠌ ᠣᠢᠷᠠᠲᠤᠭᠤᠯᠵᠤ ᠰᠢᠬᠠᠵᠤ ᠥᠭᠬᠦ ᠪᠢᠯᠡ ᠬᠠᠳᠠᠨ ᠤ᠋ ᠭᠥᠷᠥᠭᠡᠰᠦ ᠶ᠋ᠢ ᠠᠪᠠᠯᠠᠬᠤ ᠴᠠᠭ ᠲᠤ᠌ ᠬᠠᠪᠢᠳᠠᠭᠤᠯᠵᠤ ᠰᠢᠬᠠᠵᠤ ᠥᠭᠬᠦ ᠪᠢᠯᠡ ᠭᠣᠣ ᠶ᠋ᠢᠨ ᠭᠥᠷᠥᠭᠡᠰᠦ ᠶ᠋ᠢ ᠠᠪᠠᠯᠠᠬᠤ ᠴᠠᠭ ᠲᠤ᠌ ᠭᠤᠶ᠎ᠠ ᠶ᠋ᠢ ᠨᠡᠢᠯᠡᠲᠡᠯ᠎ᠡ ᠰᠢᠬᠠᠵᠤ ᠥᠭᠬᠦ ᠪᠢᠯᠡ ᠬᠡᠭᠡᠷ᠎ᠡ ᠶ᠋ᠢᠨ ᠭᠥᠷᠥᠭᠡᠰᠦ ᠶ᠋ᠢ ᠠᠪᠠᠯᠠᠬᠤ ᠴᠠᠭ ᠲᠤ᠌ ᠬᠡᠭᠡᠯ ᠢ᠋ ᠨᠡᠢᠯᠡᠲᠡᠯ᠎ᠡ ᠰᠢᠬᠠᠵᠤ ᠥᠭᠬᠦ ᠪᠢᠯᠡ᠃ ᠣᠳᠣ ᠲᠠ ᠨᠠᠷ ᠬᠠᠨ ᠡᠴᠢᠭᠡ ᠳ᠋ᠦ᠍ ᠮᠢᠨᠢ ᠦᠨᠡᠨᠴᠢ ᠪᠡᠷ ᠨᠥᠬᠥᠷᠯᠡᠵᠦ ᠶᠠᠪᠤᠲᠤᠭᠠᠢ᠃ ᠲᠠ ᠨᠠᠷ ᠢ᠋ ᠪᠤᠴᠠᠮᠠᠲᠠᠭᠠᠢ ᠭᠡᠳᠡᠭ ᠪᠢᠯᠡ᠂ ᠪᠢᠲᠡᠭᠡᠢ ᠳᠠᠬᠢᠨ ᠤᠷᠪᠠᠵᠤ ᠣᠳᠤᠭᠲᠤᠨ᠃ ᠲᠠ ᠨᠠᠷ ᠴᠠᠭᠤᠳ ᠬᠣᠷᠢ ᠶ᠋ᠢᠨ (ᠴᠢᠩᠭᠢᠰ ᠲᠦ᠍ ᠠᠯᠲᠠᠨ ᠤᠯᠤᠰ ᠤ᠋ᠨ ᠸᠠᠩᠬᠢᠩ ᠴᠢᠩᠰᠠᠩ ᠤ᠋ᠨ ᠥᠭᠭᠦᠭᠰᠡᠨ ᠴᠣᠯᠠ᠂ ᠡᠨᠡ ᠲᠤᠬᠠᠢ 134 ᠳ᠋ᠦ᠍ᠭᠡᠷ ᠵᠦᠢᠯ ᠳ᠋ᠦ᠍ ᠦᠵᠡ) ᠰᠠᠳᠤᠨ ᠡᠨᠡ ᠠᠵᠠᠢ ᠭᠡᠵᠦ ᠪᠦᠦ ᠬᠡᠯᠡᠭᠦᠯᠦᠭᠲᠦᠨ᠃ ᠭᠤᠷᠪᠠᠨ ᠮᠥᠷᠡᠨ ᠦ᠌ ᠡᠬᠢᠨ ᠳ᠋ᠦ᠍ ᠪᠤᠰᠤᠳ ᠢ᠋ ᠪᠤᠤ ᠨᠤᠲᠤᠭᠯᠠᠭᠤᠯᠲᠤᠭᠠᠢ 》 ᠭᠡᠵᠦ ᠢᠯᠡᠭᠡᠪᠡ᠃
180᠂ ᠪᠠᠰᠠ ᠴᠢᠩᠭᠢᠰ ᠬᠠᠭᠠᠨ᠂ ᠲᠤᠭᠤᠷᠢᠯ ᠳᠡᠭᠦᠦ ᠪᠡᠨ ᠥᠭᠦᠯᠡ ᠭᠡᠵᠦ ᠥᠭᠦᠯᠡᠷᠦᠨ᠄ 《 ᠴᠢᠮ᠎ᠠ ᠶ᠋ᠢ ᠳᠡᠭᠦᠦ ᠭᠡᠰᠡᠨ ᠦ᠌ ᠤᠴᠢᠷ ᠤᠷᠢᠳᠤ ᠨᠢᠭᠡᠨ ᠴᠠᠭ ᠲᠤ᠌ ᠲᠤᠮᠪᠢᠨᠠᠢ᠂ ᠴᠠᠷᠠᠬᠠᠢ ᠯᠢᠩᠬᠤ᠎ᠠ ᠬᠣᠶᠠᠷ᠂ ᠪᠠᠢᠯᠳᠤᠭᠠᠨ ᠳ᠋ᠤ᠌ ᠶᠠᠪᠤᠭᠠᠳ ᠣᠭᠳᠠ ᠭᠡᠳᠡᠭ ᠪᠣᠭᠣᠯ ᠢ᠋ ᠪᠠᠷᠢᠵᠤ ᠢᠷᠠᠭᠰᠠᠨ ᠪᠢᠯᠡ᠃ ᠣᠭᠳᠠ ᠪᠣᠭᠣᠯ ᠤ᠋ᠨ ᠬᠥᠪᠡᠭᠦᠨ ᠰᠦᠪᠡᠬᠡᠢ ᠪᠣᠭᠣᠯ ᠪᠥᠯᠥᠭᠡ᠃ ᠰᠦᠪᠡᠬᠡᠢ ᠪᠣᠭᠣᠯ ᠤ᠋ᠨ ᠬᠥᠪᠡᠭᠦᠨ ᠬᠥᠭᠡᠴᠦ ᠬᠢᠷᠠᠰᠠᠭᠠᠨ᠂ ᠬᠥᠭᠡᠴᠦ ᠬᠢᠷᠠᠰᠠᠭᠠᠨ ᠤ᠋ ᠬᠥᠪᠡᠭᠦᠨ ᠶᠡᠬᠡᠢ ᠬᠣᠩᠳᠠᠭᠠᠷ ᠪᠥᠯᠥᠭᠡ᠃ ᠶᠡᠬᠡᠢ ᠬᠣᠩᠳᠠᠭᠠᠷ ᠤ᠋ᠨ ᠬᠥᠪᠡᠭᠦᠨ ᠲᠤᠭᠤᠷᠢᠯ ᠴᠢ ᠬᠡᠨ ᠦ᠌ ᠤᠯᠤᠰ ᠢ᠋ ᠡᠵᠡᠯᠡᠬᠦ ᠰᠠᠨᠠᠭᠠᠲᠠᠢ ᠲᠡᠭᠡᠵᠦ ᠪᠢᠯᠳᠠᠤᠴᠢᠯᠠᠨ ᠶᠠᠪᠤᠨ᠎ᠠ? ᠮᠢᠨᠦ ᠤᠯᠤᠰ ᠢ᠋ ᠠᠯᠲᠠᠨ ᠬᠣᠴᠠᠷ ᠬᠣᠶᠠᠷ ᠬᠡᠨ ᠳ᠋ᠦ᠍ ᠴᠦ᠍ ᠮᠡᠳᠡᠭᠦᠯᠬᠦ ᠦᠭᠡᠢ ᠨᠢ ᠯᠠᠪᠲᠠᠢ ᠪᠢᠵᠡ᠃ ᠡᠢᠮᠦ ᠶ᠋ᠢᠨ ᠲᠤᠯᠠ ᠴᠢᠮᠢ᠋ᠢ ᠳᠡᠭᠦᠦ ᠭᠡᠵᠦ ᠨᠡᠷᠡᠢᠳᠦᠨ᠎ᠡ᠃ ᠡᠯᠦᠨᠴᠡ ᠶ᠋ᠢᠨ ᠦᠶ᠎ᠡ ᠶ᠋ᠢᠨ ᠡᠰᠢᠳᠡᠨ ᠪᠣᠭᠣᠯ ᠴᠢᠮᠠᠲᠤ ᠡᠷᠬᠢᠮᠯᠡᠵᠦ ᠬᠡᠯᠡᠬᠦ ᠦᠭᠡ ᠮᠢᠨᠢ ᠡᠨᠡ ᠪᠠᠢᠨ᠎ᠠ ᠬᠤᠯᠤᠨᠴᠠ ᠶ᠋ᠢᠨ ᠦᠶ᠎ᠡ ᠶ᠋ᠢᠨ ᠬᠤᠪᠢᠲᠠᠢ ᠪᠣᠭᠣᠯ ᠴᠢᠮᠠᠲᠤ ᠬᠠᠭᠤᠷᠮᠠᠭ ᠦᠭᠡᠢ ᠬᠡᠯᠡᠬᠦ ᠦᠭᠡ ᠮᠢᠨᠢ ᠡᠨᠡ ᠪᠠᠢᠨ᠎ᠠ》 ᠭᠡᠵᠦ ᠢᠯᠡᠭᠡᠪᠡ᠃
181᠂ ᠪᠠᠰᠠ ᠴᠢᠩᠭᠢᠰ ᠬᠠᠭᠠᠨ᠂ ᠰᠡᠩᠭᠦᠮ ᠠᠨᠳᠠ ᠳ᠋ᠤ᠌ ᠥᠭᠦᠯᠡ ᠭᠡᠵᠦ ᠥᠭᠦᠯᠡᠷᠦᠨ᠄ 《ᠪᠢ ᠡᠴᠢᠭᠡ ᠶ᠋ᠢᠨ ᠳᠡᠪᠡᠯ ᠲᠡᠢ ᠲᠥᠷᠥᠭᠰᠡᠨ ᠬᠥᠪᠡᠭᠦᠨ ᠠᠵᠢ᠂ ᠴᠢ ᠨᠢᠴᠦᠭᠦᠨ ᠲᠥᠷᠥᠭᠰᠡᠨ ᠬᠥᠪᠡᠭᠦᠨ ᠠᠵᠠᠢ᠃ ᠬᠠᠨ ᠡᠴᠢᠭᠡ ᠪᠢᠳᠡ ᠬᠣᠶᠠᠷ ᠢ᠋ ᠨᠢᠭᠡᠨ ᠠᠳᠠᠯᠢ ᠠᠰᠠᠷᠠᠳᠠᠭ᠃ ᠡᠭᠦᠨ ᠳ᠋ᠦ᠍ ᠰᠡᠩᠭᠦᠮ ᠴᠢ ᠠᠲᠠᠭᠠᠷᠬᠠᠨ ᠵᠠᠪᠰᠠᠷᠳᠠᠭᠤᠯᠵᠤ ᠨᠠᠮ᠎ᠠ ᠶ᠋ᠢ ᠬᠥᠭᠡᠭᠡᠯᠭᠡᠪᠡ᠃ ᠣᠳᠣ ᠴᠢ ᠬᠠᠨ ᠡᠴᠢᠭᠡ ᠶ᠋ᠢᠨ ᠡᠯᠢᠭᠡ ᠶ᠋ᠢ ᠡᠮᠭᠡᠨᠢᠭᠦᠯᠬᠦ ᠦᠭᠡᠢ ᠵᠢᠷᠦᠬᠡ ᠶ᠋ᠢ ᠵᠦᠳᠡᠭᠦᠯᠬᠦ ᠦᠭᠡᠢ᠂ ᠥᠷᠯᠥᠭᠡ ᠦᠳᠡᠰᠢ ᠣᠷᠣᠵᠤ ᠭᠠᠷᠴᠤ ᠰᠠᠨᠠᠭ᠎ᠠ ᠶ᠋ᠢ ᠪᠠᠶᠠᠰᠬᠠᠨ᠂ ᠰᠡᠳᠬᠢᠯ ᠢ᠋ ᠰᠡᠷᠭᠦᠭᠡᠵᠦ ᠶᠠᠪᠤ᠃ ᠴᠢ ᠡᠷᠲᠡᠨ ᠦ᠌ ᠰᠠᠨᠠᠭᠰᠠᠨ ᠢ᠋ᠶ᠋ᠠᠨ ᠦᠯᠦ ᠲᠠᠯᠪᠢᠨ ᠬᠠᠨ ᠡᠴᠢᠭᠡ ᠶ᠋ᠢ ᠠᠮᠢᠳᠤ ᠪᠠᠢᠲᠠᠯ᠎ᠠ᠂ ᠬᠠᠨ ᠪᠣᠯᠬᠤ ᠭᠡᠵᠦ ᠡᠴᠢᠭᠡ ᠶ᠋ᠢᠨ ᠰᠡᠳᠬᠢᠯ ᠢ᠋ ᠪᠢᠲᠡᠭᠡᠢ ᠵᠤᠪᠠᠭ᠎ᠠ᠃ ᠰᠡᠩᠭᠦᠮ ᠠᠨᠳᠠ ᠴᠢ ᠪᠡᠯᠭᠡ ᠪᠡᠬᠢ ᠲᠦᠳᠡᠬᠡᠨ ᠬᠣᠶᠠᠷ ᠢ᠋ ᠡᠯᠴᠢ ᠪᠣᠯᠭᠠᠵᠤ ᠨᠠᠳᠠᠳᠤ ᠢᠯᠡᠭᠡ》 ᠭᠡᠵᠦ ᠶᠠᠪᠤᠭᠤᠯᠪᠠ᠃ ᠪᠠᠰᠠ ᠥᠭᠦᠯᠡᠷᠦᠨ᠄ 《ᠨᠠᠳᠠᠳᠤ ᠬᠠᠨ ᠡᠴᠢᠭᠡ᠂ ᠰᠡᠩᠭᠦᠮ ᠠᠨᠳᠠ᠂ ᠵᠠᠮᠤᠬ᠎ᠠ ᠠᠨᠳᠠ᠂ ᠠᠯᠲᠠᠨ᠂ ᠬᠣᠴᠣᠷ᠂ ᠠᠴᠢᠭ ᠰᠢᠷᠣᠨ᠂ ᠬᠠᠴᠢᠭᠤᠨ ᠲᠣᠰᠪᠣᠷᠢ ᠬᠣᠶᠠᠷ ᠬᠥᠮᠦᠨ ᠢ᠋ ᠡᠯᠴᠢ ᠪᠣᠯᠭᠠᠵᠤ ᠢᠷᠡᠭᠦᠯᠦᠨ᠎ᠡ ᠤᠤ》 ᠭᠡᠵᠦ ᠠᠷᠬᠠᠢ ᠬᠠᠰᠠᠷ᠂ ᠰᠦᠬᠡᠬᠡᠢ ᠵᠡᠭᠦᠨ ᠬᠣᠶᠠᠷ ᠲᠤ᠌ ᠡᠨᠡ ᠦᠭᠡᠰ ᠢ᠋ ᠴᠡᠭᠡᠵᠢᠯᠡᠭᠦᠯᠵᠦ ᠢᠯᠡᠭᠡᠪᠡ᠃ ᠡᠨᠡ ᠦᠭᠡ ᠶ᠋ᠢ ᠰᠣᠨᠣᠰᠤᠭᠠᠳ ᠰᠡᠩᠭᠦᠮ ᠥᠭᠦᠯᠡᠷᠦᠨ᠄ 《ᠰᠠᠢᠬᠠᠨ ᠮᠢᠨᠦ ᠡᠴᠢᠭᠡ ᠶ᠋ᠢ ᠬᠢᠳᠤᠭᠴᠢ ᠡᠪᠦᠭᠡᠨ ᠭᠡᠵᠦ ᠬᠠᠷᠢᠶᠠᠵᠤ ᠪᠠᠢᠭᠰᠠᠨ ᠠᠲᠠᠯ᠎ᠠ᠂ ᠣᠳᠣ ᠬᠢᠯᠢ ᠵᠡᠨᠲᠦ ᠰᠠᠢᠨ ᠡᠴᠢᠭᠡ ᠭᠡᠵᠦ ᠳᠠᠭᠤᠳᠠᠬᠤ ᠪᠣᠯᠪᠠ᠃ ᠪᠠᠰᠠ ᠨᠠᠮ᠎ᠠ ᠶ᠋ᠢ ᠲᠣᠭᠳᠠᠬ᠎ᠠ ᠪᠡᠬᠢ ᠶ᠋ᠢᠨ ᠰᠠᠷᠲᠠᠭᠤᠯ ᠬᠣᠨᠢᠨ ᠤ᠋ ᠰᠡᠭᠦᠯ ᠢ᠋ ᠳᠠᠭᠠᠵᠤ ᠶᠠᠪᠤᠭᠰᠠᠨ ᠭᠡᠵᠦ ᠮᠠᠭᠤᠯᠠᠨ ᠬᠡᠯᠡᠵᠦ ᠪᠠᠢᠭᠰᠠᠨ ᠠᠲᠠᠯ᠎ᠠ᠂ ᠣᠳᠣ ᠨᠠᠮ᠎ᠠ ᠶ᠋ᠢ ᠬᠢᠯᠢ ᠵᠡᠨᠲᠦ ᠂ ᠰᠠᠢᠨ ᠠᠰᠢᠳᠠ ᠠᠨᠳᠠ ᠭᠡᠬᠦ ᠵᠡᠷᠭᠡ ᠪᠡᠷ ᠮᠠᠭᠲᠠᠬᠤ ᠪᠣᠯᠪᠠ᠃ ᠡᠨᠡ ᠦᠭᠡ ᠶ᠋ᠢᠨ ᠤᠳᠬ᠎ᠠ ᠶ᠋ᠢ ᠪᠢ ᠮᠡᠳᠡᠪᠡ᠃ ᠪᠠᠢᠯᠳᠤᠶ᠎ᠠ ᠭᠡᠰᠡᠨ ᠦᠭᠡ ᠪᠠᠢᠨ᠎ᠠ᠃ ᠡᠭᠦᠨ ᠳ᠋ᠦ᠍ ᠶᠠᠮᠠᠷ ᠴᠤ᠌ ᠡᠷᠡᠭᠡᠯᠵᠡᠬᠦ ᠵᠦᠢᠯ ᠦᠭᠡᠢ᠃ ᠪᠡᠯᠭᠡ ᠪᠡᠬᠢ ᠲᠦᠳᠡᠬᠡᠨ ᠬᠣᠶᠠᠷ᠂ ᠠᠭᠲᠠ ᠪᠠᠨ ᠲᠠᠷᠭᠤᠯᠠᠭᠤᠯᠵᠤ᠂ ᠪᠠᠢᠯᠳᠤᠭᠠᠨ ᠤ᠋ ᠲᠤᠭ ᠢ᠋ ᠪᠣᠰᠬᠠᠲᠤᠭᠠᠢ》 ᠭᠡᠪᠡ᠃ ᠲᠡᠨᠳᠡ ᠡᠴᠡ ᠠᠷᠬᠠᠢ ᠬᠠᠰᠠᠷ ᠪᠤᠴᠠᠵᠤ ᠬᠠᠷᠢᠭᠰᠠᠨ ᠪᠠ ᠰᠦᠬᠡᠬᠡᠢ ᠵᠡᠭᠦᠨ ᠦ᠌ ᠡᠮ᠎ᠡ ᠬᠥᠪᠡᠭᠦᠳ᠂ ᠸᠠᠩ ᠬᠠᠨ ᠤ᠋ ᠬᠦᠷᠢᠶᠡᠨ ᠳ᠋ᠦ᠍ ᠪᠠᠢᠭᠰᠠᠨ ᠲᠤᠯᠠ ᠪᠤᠴᠠᠬᠤ ᠠ᠋ᠴᠠ ᠵᠢᠷᠦᠬᠡ ᠬᠠᠯᠠᠰᠢᠷᠠᠵᠤ ᠲᠡᠨᠳᠡ ᠬᠣᠴᠣᠷᠪᠠ᠃ ᠠᠷᠬᠠᠢ ᠬᠦᠷᠴᠦ ᠢᠷᠡᠭᠡᠳ ᠲᠡᠳᠡᠨ ᠦ᠌ ᠦᠭᠡᠰ ᠢ᠋ ᠴᠢᠩᠭᠢᠰ ᠬᠠᠭᠠᠨ ᠳ᠋ᠤ᠌ ᠥᠭᠦᠯᠡᠪᠡ᠃
182᠂ ᠲᠡᠨᠳᠡ ᠡᠴᠡ ᠴᠢᠩᠭᠢᠰ ᠬᠠᠭᠠᠨ ᠨᠡᠭᠦᠵᠦ ᠪᠠᠯᠵᠣᠨ ᠨᠠᠭᠤᠷ ᠲᠤ᠌ ᠣᠴᠢᠵᠤ ᠪᠠᠭᠤᠪᠠ᠃ ᠲᠡᠨᠳᠡ ᠪᠠᠭᠤᠭᠰᠠᠨ ᠤ᠋ ᠳᠠᠷᠠᠭ᠎ᠠ ᠭᠣᠷᠯᠣᠰ ᠤ᠋ᠨ ᠴᠣᠭᠣᠰ ᠴᠠᠭᠠᠨ ᠢᠷᠡᠵᠦ ᠠᠭᠤᠯᠵᠠᠭᠠᠳ᠂ ᠭᠣᠷᠯᠣᠰ ᠤ᠋ᠳ ᠳᠠᠭᠠᠵᠤ ᠣᠷᠣᠪᠠ᠃ ᠪᠠᠰᠠ ᠣᠩᠭ᠋ᠣᠳ ᠤ᠋ᠨ ᠠᠯᠠᠬᠣᠰᠢ ᠲᠢᠭᠢᠳ ᠬᠣᠷᠢ ᠠ᠋ᠴᠠ ᠮᠢᠩᠭᠠᠨ ᠢᠷᠭᠡ (ᠬᠣᠨᠢ) ᠠᠪᠤᠭᠠᠳ ᠳᠡᠯᠢᠮ ᠳ᠋ᠦ᠍ ᠡᠷᠭᠦᠨ᠎ᠡ ᠮᠥᠷᠡᠨ ᠦ᠌ ᠣᠷᠴᠢᠮ ᠨᠤᠲᠤᠭᠯᠠᠬᠤ ᠠᠷᠠᠳ ᠠ᠋ᠴᠠ ᠪᠣᠯᠭ᠎ᠠ᠂ ᠬᠡᠷᠡᠮᠦ ᠬᠤᠳᠠᠯᠳᠤᠨ ᠠᠪᠴᠤ ᠶᠠᠪᠤᠭ᠎ᠠ ᠰᠠᠷᠲᠠᠭᠤᠯ ᠤ᠋ᠨ (ᠲᠦᠷᠺ ᠶᠠᠰᠤᠲᠠᠨ) ᠬᠠᠰᠠᠨ ᠭᠡᠳᠡᠭ ᠬᠥᠮᠦᠨ᠂ ᠴᠠᠭᠠᠨ ᠲᠡᠮᠡᠭᠡ ᠤᠨᠤᠵᠤ ᠬᠣᠨᠢ ᠪᠠᠨ ᠲᠠᠭᠤᠵᠤ ᠢᠷᠡᠭᠡᠳ᠂ ᠪᠠᠯᠵᠦᠨ ᠨᠠᠭᠤᠷ ᠲᠤ᠌ ᠤᠰᠤᠯᠠᠵᠤ ᠪᠠᠢᠬᠤ ᠳ᠋ᠤ᠌ ᠴᠢᠩᠭᠢᠰ ᠬᠠᠭᠠᠨ ᠲᠡᠭᠦᠨ ᠲᠡᠢ ᠠᠭᠤᠯᠵᠠᠪᠠ᠃
183᠂ ᠴᠢᠩᠭᠢᠰ ᠬᠠᠭᠠᠨ᠂ ᠪᠠᠯᠵᠣᠨ ᠨᠠᠭᠤᠷ ᠲᠤ᠌ ᠪᠠᠭᠤᠭᠠᠳ ᠪᠠᠢᠬᠤ ᠳ᠋ᠤ᠌ ᠬᠠᠰᠠᠷ ᠥᠪᠡᠷ ᠦ᠋ᠨ ᠡᠮ᠎ᠡ ᠪᠠ ᠶᠢᠭᠣ ᠶᠢᠰᠣᠩᠬᠡ ᠳᠤᠬᠤ ᠭᠤᠷᠪᠠᠨ ᠬᠥᠪᠡᠭᠦᠨ ᠢ᠋ᠶ᠋ᠡᠨ ᠸᠠᠩ ᠬᠠᠨ ᠤ᠋ ᠲᠡᠨᠳᠡ ᠣᠷᠬᠢᠵᠤ᠂ ᠥᠪᠡᠷ ᠢ᠋ᠶ᠋ᠡᠨ ᠬᠡᠳᠦᠨ ᠨᠥᠬᠥᠳ ᠲᠡᠢ ᠭᠠᠷᠴᠤ᠂ ᠠᠬ᠎ᠠ ᠴᠢᠩᠭᠢᠰ ᠢ᠋ ᠡᠷᠢᠵᠦ᠂ ᠬᠠᠷᠠᠭᠠᠳ ᠵᠢᠳᠦᠨ ᠦ᠌ ᠨᠢᠷᠤᠭᠤ ᠪᠠᠷ ᠬᠡᠰᠦᠵᠦ ᠣᠯᠵᠤ ᠴᠢᠳᠠᠭᠰᠠᠨ ᠦᠭᠡᠢ ᠰᠢᠷᠢ ᠰᠢᠷᠪᠥᠰᠥ ᠢᠳᠡᠵᠦ ᠶᠠᠪᠤᠭᠠᠳ ᠶᠠᠪᠤᠭᠠᠳ ᠰᠠᠶᠢ ᠴᠢᠩᠭᠢᠰ ᠬᠠᠭᠠᠨ ᠳ᠋ᠤ᠌ ᠢᠷᠡᠵᠦ ᠨᠡᠢᠯᠡᠪᠡ᠃ ᠬᠠᠰᠠᠷ ᠢ᠋ ᠢᠷᠠᠮᠠᠭᠴᠠ᠂ ᠴᠢᠩᠭᠢᠰ ᠬᠠᠭᠠᠨ ᠪᠡᠶᠡᠰᠴᠦ᠂ ᠸᠠᠩ ᠬᠠᠨ ᠳ᠋ᠤ᠌ ᠳᠠᠬᠢᠨ ᠡᠯᠴᠢ ᠶᠠᠪᠤᠭᠤᠯᠤᠶ᠎ᠠ ᠭᠡᠵᠦ ᠵᠥᠪᠯᠡᠯᠳᠦᠵᠦ᠂ ᠵᠠᠬᠥᠷᠢᠶᠡᠳᠡᠢ ᠶ᠋ᠢᠨ ᠬᠠᠯᠢᠭᠣᠳᠠᠷ᠂ ᠤᠷᠢᠶᠠᠩᠬᠠᠢ ᠶ᠋ᠢᠨ ᠴᠠᠬᠣᠷᠬᠠᠨ ᠬᠣᠶᠠᠷ ᠢ᠋ ᠲᠣᠮᠢᠯᠠᠵᠤ ᠸᠠᠩ ᠬᠠᠨ ᠡᠴᠢᠭᠡ ᠳ᠋ᠦ᠍ ᠬᠠᠰᠠᠷ ᠤ᠋ᠨ ᠦᠭᠡ ᠭᠡᠵᠦ ᠬᠡᠯᠡ ᠭᠡᠵᠦ ᠥᠭᠦᠯᠡᠷᠦᠨ᠄ 《ᠬᠠᠰᠠᠷ ᠪᠢ ᠲᠠᠨ ᠠ᠋ᠴᠠ ᠰᠠᠯᠵᠤ ᠬᠠᠨ ᠠᠬ᠎ᠠ ᠪᠠᠨ ᠰᠠᠨᠠᠵᠤ ᠬᠠᠢᠨ ᠡᠷᠢᠪᠡᠴᠦ ᠬᠠᠷᠠᠭᠳᠠᠬᠤ ᠪᠠᠷ᠎ᠠ ᠦᠭᠡᠢ ᠬᠠᠢᠯᠤᠨ ᠣᠬᠢᠯᠠᠪᠠᠴᠤ ᠰᠣᠨᠣᠰᠳᠠᠬᠤ ᠴᠢᠮᠡᠭᠡ ᠦᠭᠡᠢ ᠬᠠᠮᠢᠭ᠎ᠠ ᠣᠳᠤᠭᠰᠠᠨ ᠢ᠋ ᠮᠡᠳᠡᠬᠦ ᠦᠭᠡᠢ ᠣᠳᠣ ᠬᠠᠷᠠᠨ ᠬᠣᠨᠣᠵᠤ ᠣᠷᠪᠣᠨ ᠳᠡᠷᠡᠯᠡᠵᠦ ᠤᠨᠲᠠᠵᠤ (ᠭᠡᠷ ᠦᠭᠡᠢ ᠬᠣᠨᠣᠵᠤ ᠳᠡᠷ᠎ᠡ ᠦᠭᠡᠢ ᠤᠨᠲᠠᠵᠤ) ᠪᠠᠢᠨ᠎ᠠ᠃ ᠮᠢᠨᠦ ᠡᠮ᠎ᠡ ᠬᠥᠪᠡᠭᠦᠳ᠂ ᠬᠠᠨ ᠡᠴᠢᠭᠡ ᠴᠢᠨᠦ ᠲᠡᠨᠳᠡ ᠪᠣᠢ᠃ ᠬᠡᠷᠪᠡ ᠢᠲᠡᠭᠡᠮᠵᠢᠲᠡᠢ ᠬᠥᠮᠦᠨ ᠢ᠋ ᠢᠯᠡᠭᠡᠪᠡᠯ ᠪᠢ ᠬᠠᠨ ᠡᠴᠢᠭᠡ ᠳ᠋ᠦ᠍ ᠣᠲᠣᠬᠤ ᠪᠢᠯᠡ》 ᠭᠡᠵᠦ ᠬᠡᠯᠡᠭᠲᠦᠨ ᠭᠡᠳ ᠪᠠᠰᠠ ᠬᠠᠯᠢᠭᠣᠳᠠᠷ ᠴᠠᠬᠣᠷᠬᠠᠨ ᠬᠣᠶᠠᠷ ᠲᠤ᠌ ᠥᠭᠦᠯᠡᠷᠦᠨ᠄ 《ᠲᠠ ᠬᠣᠶᠠᠷ ᠢ᠋ ᠶᠠᠪᠤᠮᠠᠭᠴᠠ᠂ ᠪᠢᠳᠡ ᠬᠥᠳᠡᠯᠵᠦ ᠬᠡᠷᠦᠯᠦᠨ ᠦ᠌ ᠠᠷᠭᠠᠯ ᠭᠥᠬᠢ ᠳ᠋ᠦ᠍ ᠣᠴᠢᠵᠤ ᠪᠠᠭᠤᠨ᠎ᠠ᠃ ᠲᠠ ᠨᠠᠷ ᠲᠡᠨᠳᠡ ᠪᠤᠴᠠᠵᠤ ᠢᠷᠡᠲᠦᠭᠡᠢ》 ᠭᠡᠵᠦ ᠪᠣᠯᠵᠣᠯᠳᠤᠵᠤ᠂  ᠬᠠᠯᠢᠭᠣᠳᠠᠷ ᠴᠠᠬᠣᠷᠬᠠᠨ ᠬᠣᠶᠠᠷ ᠢ᠋ ᠶᠠᠪᠤᠭᠤᠯᠤᠭᠠᠳ᠂ ᠪᠠᠰᠠ ᠵᠦᠷᠴᠢᠳᠡᠢ ᠠᠷᠬᠠᠢ ᠬᠣᠶᠠᠷ ᠢ᠋ ᠲᠡᠷᠢᠭᠦᠨ ᠬᠠᠢᠭᠤᠯ ᠪᠣᠯᠭᠠᠨ ᠮᠣᠷᠳᠠᠭᠤᠯᠵᠤ ᠳᠠᠷᠠᠭ᠎ᠠ ᠨᠢ ᠴᠢᠩᠭᠢᠰ ᠬᠠᠭᠠᠨ ᠭᠡᠷ ᠬᠣᠲᠠᠯᠠᠭᠠᠷ ᠨᠡᠭᠦᠵᠦ ᠬᠡᠷᠦᠯᠦᠨ ᠦ᠌ ᠠᠷᠭᠠᠯ ᠭᠥᠬᠢ ᠳ᠋ᠦ᠍ ᠢᠷᠡᠵᠦ ᠪᠠᠭᠤᠪᠠ᠃
184᠂  ᠬᠠᠯᠢᠭᠣᠳᠠᠷ ᠴᠠᠬᠣᠷᠬᠠᠨ ᠬᠣᠶᠠᠷ᠂ ᠸᠠᠩ ᠬᠠᠨ ᠳ᠋ᠤ᠌ ᠬᠦᠷᠴᠦ᠂ ᠬᠠᠰᠠᠷ ᠤ᠋ᠨ ᠦᠭᠡ ᠭᠡᠵᠦ ᠳᠡᠭᠡᠷᠡᠬᠢ ᠦᠭᠡ ᠶ᠋ᠢ ᠬᠡᠯᠡᠪᠡ᠃ ᠲᠡᠷᠡ ᠴᠠᠭ ᠲᠤ᠌ ᠸᠠᠩ ᠬᠠᠨ ᠂ ᠠᠯᠲᠠᠨ ᠲᠠᠷᠠᠮ (ᠠᠰᠠᠷ) ᠪᠤᠰᠬᠠᠵᠤ ᠬᠤᠷᠢᠮᠯᠠᠵᠤ ᠪᠠᠢᠵᠠᠢ᠃ ᠬᠠᠯᠢᠭᠣᠳᠠᠷ ᠴᠠᠬᠣᠷᠬᠠᠨ ᠬᠣᠶᠠᠷ ᠤ᠋ᠨ ᠦᠭᠡ ᠶ᠋ᠢ ᠰᠣᠨᠣᠰᠤᠭᠠᠳ ᠸᠠᠩ ᠬᠠᠨ ᠥᠭᠦᠯᠡᠷᠦᠨ᠄ 《ᠲᠡᠢᠮᠦ ᠪᠣᠯ ᠬᠠᠰᠠᠷ ᠢᠷᠡᠲᠦᠭᠡᠢ᠃ ᠢᠲᠡᠭᠡᠮᠵᠢᠲᠦ ᠬᠥᠮᠦᠨ ᠳ᠋ᠦ᠍ ᠢᠳᠡᠷᠬᠡᠨ ᠢ᠋ ᠢᠯᠡᠭᠡᠶ᠎ᠡ》 ᠭᠡᠵᠦ ᠶᠠᠪᠤᠭᠤᠯᠪᠠ᠃ ᠲᠡᠷᠡᠬᠦ ᠢᠳᠡᠷᠬᠡᠨ ᠬᠠᠯᠢᠭᠣᠳᠠᠷ ᠴᠠᠬᠣᠷᠬᠠᠨ ᠬᠣᠶᠠᠷ ᠤ᠋ᠨ ᠬᠠᠮᠲᠤ ᠤᠭ ᠪᠣᠯᠵᠣᠭᠰᠠᠨ ᠠᠷᠭᠠᠯ ᠭᠥᠬᠢ ᠭᠡᠳᠡᠭ ᠭᠠᠵᠠᠷ ᠬᠦᠷᠴᠦ ᠢᠷᠡᠭᠡᠳ ᠶᠡᠬᠡ ᠪᠠᠷ᠎ᠠ (ᠣᠯᠠᠨ ᠬᠥᠮᠦᠨ ᠂ ᠮᠠᠯ) ᠢ᠋ ᠦᠵᠡᠵᠦ ᠢᠳᠡᠷᠬᠡᠨ ᠡᠯᠴᠢ ᠰᠠᠵᠢᠬᠯᠠᠵᠣ ᠪᠤᠴᠠᠨ ᠳᠤᠲᠠᠭᠠᠪᠠ᠃ ᠬᠠᠯᠢᠭᠣᠳᠠᠷ ᠤ᠋ᠨ ᠮᠣᠷᠢ ᠬᠤᠷᠳᠤᠨ ᠲᠤᠯᠠ ᠳᠠᠷᠤᠢ ᠨᠡᠬᠡᠵᠦ ᠭᠦᠢᠴᠡᠪᠡᠴᠦ ᠪᠠᠷᠢᠵᠤ ᠴᠢᠳᠠᠬᠤ ᠦᠭᠡᠢ᠂ ᠡᠮᠦᠨ᠎ᠡ ᠬᠣᠢᠨ᠎ᠠ ᠨᠢ ᠣᠷᠣᠵᠤ ᠶᠠᠪᠤᠬᠤ ᠳ᠋ᠤ᠌ ᠴᠠᠬᠣᠷᠬᠠᠨ ᠤ᠋ ᠮᠣᠷᠢ ᠤᠳᠠᠭᠠᠨ ᠲᠤᠯᠠ ᠬᠣᠢᠨ᠎ᠠ ᠠ᠋ᠴᠠ ᠠᠷᠠᠢ ᠭᠡᠵᠦ ᠰᠤᠮᠤ ᠬᠦᠷᠦᠯᠴᠡᠬᠦ ᠭᠠᠵᠠᠷ ᠢᠷᠡᠵᠦ᠂ ᠢᠳᠡᠷᠬᠡᠨ ᠦ᠌ ᠠᠯᠲᠠᠨ ᠡᠮᠡᠭᠡᠯᠲᠦ ᠬᠠᠷ᠎ᠠ ᠮᠣᠷᠢᠨ ᠤ᠋ ᠭᠤᠶ᠎ᠠ ᠶ᠋ᠢᠨ ᠤᠭ ᠢ᠋ ᠬᠣᠢᠰᠢ ᠤᠨᠠᠲᠠᠯ᠎ᠠ ᠬᠠᠷᠪᠤᠵᠠᠢ᠃ ᠲᠡᠭᠡᠭᠡᠳ ᠢᠳᠡᠷᠬᠡᠨ ᠢ᠋ ᠬᠠᠯᠢᠭᠣᠳᠠᠷ ᠴᠠᠬᠣᠷᠬᠠᠨ ᠬᠣᠶᠠᠷ ᠪᠠᠷᠢᠵᠤ ᠴᠢᠩᠭᠢᠰ ᠬᠠᠭᠠᠨ ᠳ᠋ᠤ᠌ ᠠᠪᠴᠢᠷᠠᠪᠠ᠃ ᠴᠢᠩᠭᠢᠰ ᠬᠠᠭᠠᠨ᠂ ᠢᠳᠡᠷᠬᠡᠨ ᠡᠴᠡ ᠦᠭᠡ ᠠᠰᠠᠭᠤᠭᠰᠠᠨ ᠦᠭᠡᠢ᠂ 《ᠬᠠᠰᠠᠷ ᠲᠤ᠌ ᠠᠪᠴᠤ ᠣᠴᠢ》 ᠭᠡᠪᠡ᠃ ᠬᠠᠰᠠᠷ ᠲᠤ᠌ ᠠᠪᠴᠤ ᠣᠴᠢᠪᠠᠯ ᠬᠠᠰᠠᠷ᠂ ᠢᠳᠡᠷᠬᠡᠨ ᠲᠡᠢ ᠦᠭᠡ ᠬᠡᠯᠡᠯᠴᠡᠬᠰᠡᠨ ᠦᠭᠡᠢ ᠳᠣᠣᠷ᠎ᠠ ᠨᠢ ᠴᠠᠪᠴᠢᠵᠤ ᠣᠷᠬᠢᠪᠠ᠃
185᠂  ᠬᠠᠯᠢᠭᠣᠳᠠᠷ ᠴᠠᠬᠣᠷᠬᠠᠨ ᠬᠣᠶᠠᠷ᠂ ᠴᠢᠩᠭᠢᠰ ᠬᠠᠭᠠᠨ ᠳ᠋ᠤ᠌ ᠥᠭᠦᠯᠡᠷᠦᠨ᠄ 《ᠸᠠᠩ ᠬᠠᠨ ᠪᠣᠯᠭᠣᠮᠵᠢ ᠠᠵᠢᠭ ᠦᠭᠡᠢ᠂ ᠠᠯᠲᠠᠨ ᠲᠠᠷᠠᠮ ᠪᠣᠰᠬᠠᠭᠠᠳ ᠬᠤᠷᠢᠮᠯᠠᠵᠤ ᠪᠠᠢᠨ᠎ᠠ᠃ ᠣᠳᠣ ᠶᠠᠭᠠᠷᠠᠪᠴᠢᠯᠠᠨ ᠮᠣᠷᠳᠠᠭᠠᠳ ᠰᠥᠨᠢ ᠳᠦᠯᠢ ᠳ᠋ᠦ᠍ ᠪᠦᠴᠢᠨ ᠳᠠᠭᠠᠷᠢᠶ᠎ᠠ》ᠭᠡᠪᠡᠯ (ᠴᠢᠩᠭᠢᠰ ᠬᠠᠭᠠᠨ) ᠡᠨᠡ ᠦᠭᠡ ᠶ᠋ᠢ ᠵᠥᠪᠰᠢᠶᠡᠷᠡᠵᠦ᠂ ᠵᠦᠷᠴᠢᠲᠡᠢ ᠠᠷᠬᠠᠢ ᠬᠣᠶᠠᠷ ᠢ᠋ ᠬᠠᠢᠭᠤᠯ ᠪᠣᠯᠭᠠᠨ ᠲᠡᠷᠢᠭᠦᠨ ᠶᠠᠪᠤᠭᠤᠯᠤᠭᠠᠳ ᠳᠠᠷᠠᠭ᠎ᠠ ᠨᠢ ᠪᠦᠭᠦᠳᠡᠭᠡᠷ ᠰᠥᠨᠢ ᠳᠦᠯᠢᠨ ᠶᠠᠪᠤᠵᠤ ᠵᠡᠵᠡᠭᠡᠷ ᠥᠨᠳᠥᠷ ᠦ᠋ᠨ ᠵᠠᠷ ᠬᠠᠪᠴᠢᠯ ᠤ᠋ᠨ ᠠᠮᠠᠨ ᠳ᠋ᠤ᠌ (ᠸᠠᠩ ᠬᠠᠨ ᠢ᠋) ᠪᠠᠢᠬᠤ ᠳ᠋ᠤ᠌ ᠪᠦᠰᠡᠯᠡᠨ ᠠᠪᠤᠪᠠ᠃ ᠭᠤᠷᠪᠠᠨ ᠰᠥᠨᠢ ᠭᠤᠷᠪᠠᠨ ᠡᠳᠦᠷ ᠲᠤᠷᠰᠢ ᠪᠠᠢᠯᠳᠤᠭᠠᠳ ᠭᠤᠷᠪᠠᠳᠤᠭᠠᠷ ᠡᠳᠦᠷ ᠲᠡᠳᠡ ᠪᠠᠭᠤᠵᠤ ᠥᠭᠪᠡ᠃ ᠦᠵᠡᠪᠡᠯ᠂ ᠸᠠᠩ ᠬᠠᠨ ᠰᠡᠩᠭᠦᠮ ᠬᠣᠶᠠᠷ ᠦᠭᠡᠢ ᠪᠣᠯᠵᠠᠢ᠃ ᠰᠥᠨᠢ ᠤᠷᠭᠤᠨ ᠣᠳᠤᠭᠰᠠᠨ ᠢ᠋ ᠮᠠᠨᠠᠢᠬᠢᠨ ᠮᠠᠲᠠᠭᠰᠠᠨ ᠦᠭᠡᠢ᠃ ᠢᠩᠭᠢᠵᠦ ᠪᠠᠢᠯᠳᠤᠭᠰᠠᠨ ᠨᠢ ᠵᠢᠷᠭᠢᠨ ᠦ᠌ ᠬᠠᠳᠠᠭ ᠪᠠᠭᠠᠲᠤᠷ ᠪᠠᠢᠭᠰᠠᠨ ᠠᠵᠠᠢ᠃ ᠬᠠᠳᠠᠭ ᠪᠠᠭᠠᠲᠤᠷ ᠣᠷᠣᠵᠤ ᠢᠷᠡᠭᠡᠳ ᠥᠭᠦᠯᠡᠷᠦᠨ᠄ 《ᠲᠤᠰ (ᠥᠪᠡᠷ ᠦ᠋ᠨ) ᠬᠠᠨ ᠢ᠋ᠶ᠋ᠠᠨ ᠶᠠᠭᠠᠬᠢᠨ ᠪᠠᠷᠢᠵᠤ ᠠᠯᠠᠭᠤᠯᠬᠤ ᠭᠡᠵᠦ ᠲᠡᠪᠴᠢᠨ ᠶᠠᠳᠠᠵᠤ᠂ ᠲᠡᠭᠦᠨ ᠦ᠌ ᠠᠮᠢ ᠶ᠋ᠢ ᠠᠷᠴᠢᠯᠠᠬᠣ ᠶ᠋ᠢᠨ ᠲᠤᠯᠠ ᠭᠤᠷᠪᠠᠨ ᠡᠳᠦᠷ ᠭᠤᠷᠪᠠᠨ ᠰᠥᠨᠢ ᠪᠠᠢᠯᠳᠤᠪᠠ᠂ ᠣᠳᠣ ᠲᠡᠭᠦᠨ ᠢ᠋ ᠨᠢᠭᠡᠨᠲᠡ ᠤᠷᠭᠤᠭᠤᠯᠤᠨ ᠭᠠᠷᠭᠠᠭᠰᠠᠨ ᠲᠤᠯᠠ ᠪᠢᠳᠡ ᠪᠠᠭᠤᠵᠤ ᠥᠭᠪᠡ᠃ ᠨᠠᠮ᠎ᠠ ᠶ᠋ᠢ ᠦᠬᠦᠭᠦᠯᠪᠡᠯ ᠦᠬᠦᠶ᠎ᠡ᠃ ᠴᠢᠩᠭᠢᠰ ᠬᠠᠭᠠᠨ ᠳ᠋ᠤ᠌ ᠰᠣᠶᠣᠷᠬᠠᠭᠳᠠᠵᠣ ᠠᠮᠢᠳᠤᠷᠠᠭᠤᠯᠪᠠᠯ ᠬᠦᠴᠦ ᠪᠡᠨ ᠦᠭᠶ᠎ᠡ》 ᠭᠡᠪᠡ᠃ ᠴᠢᠩᠭᠢᠰ ᠬᠠᠭᠠᠨ᠂ ᠬᠠᠳᠠᠭ ᠪᠠᠭᠠᠲᠤᠷ ᠤ᠋ᠨ ᠦᠭᠡ ᠶ᠋ᠢ ᠵᠥᠪᠰᠢᠶᠡᠷᠡᠵᠦ ᠵᠠᠷᠯᠢᠭ ᠪᠣᠯᠤᠷᠤᠨ᠄ 《ᠥᠪᠡᠷ ᠦ᠋ᠨ ᠬᠠᠨ ᠢ᠋ ᠣᠷᠬᠢᠬᠤ ᠦᠭᠡᠢ᠂ ᠲᠡᠭᠦᠨ ᠦ᠌ ᠠᠮᠢ ᠶ᠋ᠢ ᠠᠪᠤᠷᠠᠬᠤ ᠶ᠋ᠢᠨ ᠲᠤᠯᠠ ᠪᠠᠢᠯᠳᠤᠭᠰᠠᠨ ᠡᠷ᠎ᠡ ᠶ᠋ᠢ ᠬᠡᠨ ᠪᠤᠷᠤᠭᠤᠰᠢᠶᠠᠬᠤ ᠪᠣᠢ? ᠨᠥᠬᠥᠷᠯᠡᠵᠦ ᠪᠣᠯᠬᠤ ᠬᠥᠮᠦᠨ ᠪᠠᠢᠨ᠎ᠠ》 ᠭᠡᠳ ᠠᠮᠢ ᠶ᠋ᠢ ᠰᠣᠶᠣᠷᠬᠠᠵᠤ᠂ ᠬᠠᠳᠠᠭ ᠪᠠᠭᠠᠲᠤᠷ ᠪᠠ ᠵᠢᠷᠭᠢᠨ ᠣᠪᠣᠭ ᠤ᠋ᠨ ᠵᠠᠭᠤᠨ ᠬᠥᠮᠦᠨ ᠢ᠋ ᠬᠤᠢ᠌ᠯᠳᠠᠷ ᠤ᠋ᠨ ᠦᠬᠦᠭᠰᠡᠨ ᠦ᠌ ᠲᠤᠯᠠ ᠬᠤᠢ᠌ᠯᠳᠠᠷ ᠤ᠋ᠨ ᠡᠮ᠎ᠡ ᠬᠥᠪᠡᠭᠦᠨ ᠳ᠋ᠦ᠍ ᠵᠠᠷᠤᠴᠠ ᠪᠣᠯᠭᠠᠵᠤ ᠥᠭᠪᠡ᠃ ᠲᠡᠳᠡᠨ ᠡᠴᠡ ᠬᠥᠪᠡᠭᠦᠨ ᠦᠷ᠎ᠡ ᠲᠥᠷᠥᠪᠡᠯ ᠬᠤᠢ᠌ᠯᠳᠠᠷ ᠤ᠋ᠨ ᠤᠷᠤᠭ ᠤ᠋ᠨ ᠤᠷᠤᠭ ᠬᠦᠷᠲᠡᠯ᠎ᠡ ᠳᠠᠭᠠᠵᠤ ᠬᠦᠴᠦ ᠪᠡᠨ ᠥᠭᠲᠦᠭᠡᠢ᠃ ᠥᠬᠢᠨ ᠦᠷ᠎ᠡ ᠲᠥᠷᠥᠪᠡᠯ ᠡᠴᠢᠭᠡ ᠡᠬᠡ ᠨᠢ ᠥᠪᠡᠷ ᠦ᠋ᠨ ᠳᠤᠷ᠎ᠠ ᠪᠠᠷ ᠬᠤᠳᠠᠯᠳᠤᠵᠤ (ᠬᠠᠳᠠᠮ ᠳ᠋ᠤ᠌) ᠥᠭᠴᠦ ᠪᠣᠯᠬᠤ ᠦᠭᠡᠢ᠂ ᠲᠡᠳᠡᠨ ᠦ᠌ ᠬᠥᠪᠡᠭᠦᠳ ᠥᠬᠢᠳ ᠬᠤᠢ᠌ᠯᠳᠠᠷ ᠤ᠋ᠨ ᠡᠮ᠎ᠡ ᠬᠥᠪᠡᠭᠦᠳ ᠦ᠋ᠨ ᠡᠮᠦᠨ᠎ᠡ ᠬᠣᠢᠨ᠎ᠠ ᠵᠠᠷᠤᠭᠳᠠᠵᠤ ᠶᠠᠪᠤᠲᠤᠭᠠᠢ》 ᠭᠡᠮᠡᠨ ᠰᠣᠶᠣᠷᠬᠠᠨ ᠵᠠᠷᠯᠢᠭ ᠪᠣᠯᠪᠠ᠃ ᠬᠤᠢ᠌ᠯᠳᠠᠷ ᠰᠡᠴᠡᠨ ᠬᠠᠮᠤᠭ ᠤ᠋ᠨ ᠤᠷᠢᠳᠤ ᠠᠮᠠ ᠨᠡᠭᠡᠭᠡᠵᠦ (ᠰᠢᠳᠤᠷᠭᠤ ᠦᠭᠡ ᠪᠡᠨ) ᠬᠡᠯᠡᠭᠰᠡᠨ ᠲᠤᠯᠠ ᠴᠢᠩᠭᠢᠰ ᠬᠠᠭᠠᠨ ᠰᠣᠶᠣᠷᠬᠠᠵᠤ ᠵᠠᠷᠯᠢᠭ ᠪᠣᠯᠤᠷᠤᠨ᠄ 《ᠬᠤᠢ᠌ᠯᠳᠠᠷ ᠤ᠋ᠨ ᠵᠢᠣᠠᠬᠥᠬᠰᠡᠨ ᠦ᠌ ᠲᠤᠯᠠ ᠲᠡᠭᠦᠨ ᠦ᠌ ᠤᠷᠤᠭ ᠤ᠋ᠨ ᠤᠷᠤᠭ ᠬᠦᠷᠲᠡᠯ᠎ᠡ ᠥᠨᠥᠴᠢᠳ ᠢ᠋ ᠲᠡᠳᠬᠦᠬᠦ ᠬᠡᠰᠢᠭ ᠡᠴᠡ ᠬᠦᠷᠲᠡᠵᠦ ᠶᠠᠪᠤ》 ᠭᠡᠵᠦ ᠵᠠᠷᠯᠢᠭ ᠪᠣᠯᠪᠠ᠃

《ᠮᠣᠩᠭᠣᠯ ᠤᠨ ᠨᠢᠭᠤᠴᠠ ᠲᠣᠪᠴᠢᠶᠠᠨ》ᠪᠦᠬᠦ 12 ᠪᠦᠯᠦᠭ“Монголын нууц товчоон”бөх 12 бөлөг