《ᠮᠣᠩᠭᠣᠯ ᠤ᠋ᠨ ᠨᠢᠭᠤᠴᠠ ᠲᠣᠪᠴᠢᠶᠠᠨ》 ᠠᠷᠪᠠᠳᠤᠭᠠᠷ ᠪᠦᠯᠦᠭ ᠂ ᠤᠢᠭᠤᠷ ᠪᠠ ᠣᠢ ᠶ᠋ᠢᠨ ᠢᠷᠭᠡᠳ ᠢ᠋ ᠡᠵᠡᠯᠡᠭᠰᠡᠨ ᠨᠢУйгар ба ойн иргэдийг эзэлсэн нь
ᠠᠩᠭᠢᠯᠠᠯ:ᠲᠡᠦᠬᠡ ᠰᠣᠶᠣᠯТүүх соёл 2022-11-01
1464
230᠂ ᠴᠢᠩᠭᠢᠰ ᠬᠠᠭᠠᠨ ᠥᠭᠦᠯᠡᠷᠦᠨ᠄《ᠡᠭᠦᠯᠡ ᠲᠡᠢ ᠰᠥᠨᠢ ᠡᠭᠦᠳᠡ ᠲᠡᠢ ᠭᠡᠷ ᠢ᠋ ᠮᠢᠨᠢ ᠦᠷᠭᠦᠯᠵᠢ ᠰᠠᠬᠢᠵᠤ ᠡᠨᠡ ᠪᠡᠶ᠎ᠡ ᠶ᠋ᠢ ᠮᠢᠨᠢ ᠡᠩᠬᠡ ᠤᠨᠲᠠᠭᠤᠯᠵᠤ ᠡᠷᠳᠡᠨᠢ ᠶ᠋ᠢᠨ ᠰᠠᠭᠤᠷᠢᠨ ᠳ᠋ᠤ᠌ ᠬᠦᠷᠭᠡᠭᠰᠡᠨ ᠡᠷᠲᠡᠨ ᠦ᠌ ᠡᠭᠡᠯᠢᠲᠦ ᠬᠡᠪᠲᠡᠭᠦᠯ ᠮᠢᠨᠢ! ᠣᠳᠣ ᠲᠠᠢ ᠰᠥᠨᠢ ᠤᠷᠲᠤ ᠭᠡᠷ ᠦ᠋ᠨ ᠮᠢᠨᠢ ᠣᠷᠴᠢᠮ ᠳ᠋ᠤ᠌ ᠬᠡᠪᠲᠡᠵᠦ ᠥᠯᠥᠭᠡᠢ ᠳᠡᠪᠢᠰᠬᠡᠷ ᠦ᠋ᠨ ᠮᠢᠨᠢ ᠥᠮᠥᠭ ᠪᠣᠯᠵᠤ ᠥᠴᠦᠬᠡᠨ ᠪᠡᠶ᠎ᠡ ᠶ᠋ᠢᠨ ᠮᠢᠨᠢ ᠲᠦᠰᠢᠭ ᠪᠣᠯᠵᠤ ᠥᠨᠳᠥᠷ ᠰᠠᠭᠤᠷᠢᠨ ᠳ᠋ᠤ᠌ ᠬᠦᠷᠭᠡᠭᠰᠡᠨ ᠥᠯᠵᠡᠢᠲᠦ ᠪᠤᠶᠠ...