《ᠮᠣᠩᠭᠣᠯ ᠤ᠋ᠨ ᠨᠢᠭᠤᠴᠠ ᠲᠣᠪᠴᠢᠶᠠᠨ》ᠳᠥᠷᠪᠡᠳᠦᠭᠡᠷ ᠪᠦᠯᠦᠭ-ᠵᠠᠮᠤᠬ᠎ᠠ ᠪᠠ ᠲᠠᠢᠴᠢᠭᠤᠳ ᠲᠠᠢ ᠲᠡᠮᠡᠴᠡᠭᠰᠡᠨ ᠨᠢЖамух ба тайчуудтай тэмцсэн нь
ᠵᠠᠮᠤᠬ᠎ᠠ ᠪᠠ ᠲᠠᠢᠴᠢᠭᠤᠳ ᠲᠠᠢ ᠲᠡᠮᠡᠴᠡᠭᠰᠡᠨ ᠨᠢ
127᠂ ᠠᠷᠬᠠᠢ ᠬᠠᠰᠠᠷ᠂ ᠴᠠᠭᠤᠷᠬᠠᠨ ᠬᠣᠶᠠᠷ ᠢ᠋ ᠵᠠᠮᠤᠬ᠎ᠠ ᠳ᠋ᠤ᠌ ᠡᠯᠴᠢ ᠪᠣᠯᠭᠠᠵᠤ ᠣᠴᠢᠭᠤᠯᠪᠠᠯ᠂ ᠵᠠᠮᠤᠬ᠎ᠠ ᠥᠭᠦᠯᠡᠷᠦᠨ᠄ 《ᠠᠯᠲᠠᠨ ᠬᠣᠴᠠᠷ ᠬᠣᠶᠠᠷ ᠲᠤ᠌ ᠣᠴᠢᠵᠤ ᠬᠡᠯᠡ᠂ ᠠᠯᠲᠠᠨ ᠬᠣᠴᠠᠷ ᠲᠠ ᠨᠠᠷ ᠲᠡᠮᠦᠵᠢᠨ ᠠᠨᠳᠠ ᠪᠢᠳᠡ ᠬᠣᠶᠠᠷ ᠤ᠋ᠨ ᠵᠠᠪᠰᠠᠷ ᠲᠤ᠌ ᠰᠦᠪᠡᠭᠡ ᠶ᠋ᠢ ᠰᠦᠯᠪᠡᠵᠦ᠂ ᠬᠠᠪᠢᠷᠭ᠎ᠠ ᠶ᠋ᠢ ᠬᠠᠳᠬᠤᠵᠤ ᠶᠠᠭᠤᠨ ᠳ᠋ᠤ᠌ ᠰᠠᠯᠭᠠᠪᠠ? ᠲᠡᠮᠦᠵᠢᠨ ᠪᠢᠳᠡ ᠬᠣᠶᠠᠷ ᠢ᠋ ᠬᠠᠮᠲᠤ ᠪᠠᠢᠬᠤ ᠳ᠋ᠤ᠌ ᠲᠡᠭᠦᠨ ᠢ᠋ ᠬᠠᠭᠠᠨ ᠡᠰᠡ ᠪᠣᠯᠭᠠᠭᠰᠠᠨ ᠪᠠᠢᠲᠠᠯ᠎ᠠ ᠣᠳᠣ ᠶᠠᠮᠠᠷ ᠰᠠᠨᠠᠭ᠎ᠠ ᠪᠠᠷ ᠲᠡᠭᠦᠨ ᠢ᠋ ᠬᠠᠭᠠᠨ ᠪᠣᠯᠭᠠᠪᠠ? ᠠᠯᠲᠠᠨ ᠬᠣᠴᠠᠷ ᠲᠠ ᠬᠣᠶᠠᠭᠤᠯᠠ ᠬᠡᠯᠡᠭᠰᠡᠨ ᠦᠭᠡᠨ ᠳ᠋ᠡᠭᠡᠨ ᠬᠦᠷᠴᠦ ᠲᠡᠮᠦᠵᠢᠨ ᠠᠨᠳᠠ ᠶ᠋ᠢᠨ ᠰᠡᠳᠬᠢᠯ ᠢ᠋ ᠠᠮᠣᠷᠠᠭᠣᠯᠵᠣ᠂ ᠠᠨᠳᠠ ᠳ᠋ᠤ᠌ ᠰᠠᠢᠨ ᠨᠥᠬᠥᠷ ᠪᠣᠯᠵᠤ ᠶᠠᠪᠤ》 ᠭᠡᠵᠦ ᠬᠡᠯᠡᠭᠦᠯᠵᠡᠢ᠃
128᠂ ᠲᠡᠭᠦᠨ ᠦ᠌ ᠬᠣᠢᠨ᠎ᠠ ᠵᠠᠯᠠᠮ᠎ᠠ ᠠᠭᠤᠯᠠ ᠶ᠋ᠢᠨ ᠥᠪᠥᠷ ᠥᠯᠥᠭᠡᠢ ᠶ᠋ᠢᠨ ᠪᠤᠯᠠᠭ ᠭᠡᠳᠡᠭ ᠭᠠᠵᠠᠷ ᠨᠤᠲᠤᠭᠯᠠᠨ ᠰᠠᠭᠤᠭ᠎ᠠ ᠵᠠᠮᠤᠬ᠎ᠠ ᠶ᠋ᠢᠨ ᠳᠡᠭᠦᠦ ᠲᠠᠢ᠌ᠴᠢᠷ᠂ ᠰᠠᠭᠠᠷᠢ ᠬᠡᠭᠡᠷ᠎ᠡ ᠭᠡᠳᠡᠭ ᠭᠠᠵᠠᠷ ᠪᠠᠢᠭ᠎ᠠ ᠮᠠᠨ ᠤ᠋ ᠵᠥᠴᠢ ᠲᠡᠷᠡᠮᠡᠯᠡ ᠶ᠋ᠢᠨ ᠠᠳᠤᠭᠤ ᠶ᠋ᠢ ᠳᠡᠭᠡᠷᠡᠮᠳᠡᠬᠦ ᠪᠡᠷ ᠶᠠᠪᠤᠵᠤ᠂ ᠵᠥᠴᠢ ᠲᠡᠷᠡᠮᠡᠯᠡ ᠶ᠋ᠢᠨ ᠠᠳᠤᠭᠤ ᠶ᠋ᠢ ᠲᠠᠢ᠌ᠴᠢᠷ ᠳᠡᠭᠡᠷᠡᠮᠳᠡᠨ ᠣᠳᠪᠠ᠂ ᠡᠭᠦᠨ ᠳ᠋ᠦ᠍ ᠵᠥᠴᠢ ᠲᠡᠷᠡᠮᠡᠯᠡ ᠠᠳᠤᠭᠤ ᠪᠠᠨ ᠳᠡᠭᠡᠷᠡᠮᠳᠡᠭᠳᠡᠭᠡᠳ ᠨᠥᠬᠥᠳ ᠨᠢ ᠵᠢᠷᠦᠬᠡ ᠰᠢᠨᠲᠠᠷᠠᠵᠤ ᠶᠠᠪᠤᠬᠤ ᠦᠭᠡᠢ ᠪᠣᠯᠣᠮᠠᠭᠴᠠ ᠵᠥᠴᠢ ᠲᠡᠷᠡᠮᠡᠯᠡ ᠥᠪᠡᠷ ᠢ᠋ᠶ᠋ᠡᠨ ᠭᠠᠭᠴᠠᠭᠠᠷ ᠢ᠋ᠶ᠋ᠠᠨ ᠨᠡᠬᠡᠵᠦ ᠰᠥᠨᠢ ᠠᠳᠤᠭᠤᠨ ᠤ᠋ ᠵᠠᠬ᠎ᠠ ᠳ᠋ᠤ᠌ ᠬᠦᠷᠦᠭᠡᠳ ᠮᠣᠷᠢᠨ ᠤ᠋ ᠪᠠᠨ ᠳᠡᠯ ᠳᠡᠭᠡᠷ᠎ᠡ ᠡᠯᠢᠭᠡ ᠪᠡᠷ ᠢ᠋ᠶ᠋ᠡᠨ ᠬᠡᠪᠲᠡᠵᠦ ᠣᠴᠢᠭᠠᠳ ᠳᠠᠢᠴᠢᠷ ᠤ᠋ᠨ ᠨᠢᠷᠤᠭᠤ ᠶ᠋ᠢ ᠬᠤᠭᠤ ᠬᠠᠷᠪᠤᠨ ᠠᠯᠠᠵᠤ ᠠᠳᠤᠭᠤ ᠪᠠᠨ ᠪᠤᠴᠠᠭᠠᠵᠤ ᠠᠪᠤᠭᠠᠳ ᠢᠷᠡᠵᠡᠢ᠃
129᠂ 《ᠳᠡᠭᠦᠦ ᠪᠡᠨ ᠲᠠᠢ᠌ᠴᠢᠷ ᠢ᠋ ᠠᠯᠠᠭᠳᠠᠪᠠ ᠭᠡᠵᠦ ᠵᠠᠮᠤᠬ᠎ᠠ᠂ ᠵᠠᠳᠠᠷᠠᠨ ᠤ᠋ ᠠᠷᠪᠠᠨ ᠭᠤᠷᠪᠠᠨ ᠨᠤᠲᠤᠭ ᠢ᠋ ᠨᠢᠭᠡᠳᠬᠡᠨ ᠲᠡᠷᠢᠭᠦᠯᠡᠵᠦ᠂ ᠭᠤᠷᠪᠠᠨ ᠲᠦᠮᠡᠨ ᠴᠡᠷᠢᠭ ᠢ᠋ ᠠᠪᠴᠤ᠂ ᠠᠯᠭᠣᠭᠣᠳ ᠲᠣᠷᠬᠠᠭᠤᠳ ᠠᠭᠤᠯᠠ ᠶ᠋ᠢ ᠳᠠᠪᠠᠵᠤ᠂ ᠴᠢᠩᠭᠢᠰ ᠬᠠᠭᠠᠨ ᠳ᠋ᠤ᠌ ᠬᠠᠯᠳᠠᠬᠤ ᠪᠠᠷ ᠠᠢᠰᠤᠢ》ᠭᠡᠵᠦ ᠢᠬᠢᠷᠢᠰ ᠣᠪᠣᠭ ᠤ᠋ᠨ ᠮᠦᠳᠬᠡ ᠳᠤᠲᠠᠭ᠂ ᠪᠣᠷᠣᠯᠳᠠᠢ ᠬᠣᠶᠠᠷ ᠴᠢᠩᠭᠢᠰ ᠬᠠᠭᠠᠨ ᠢ᠋ ᠭᠥᠷᠯᠡᠬᠦ ᠳ᠋ᠦ᠍ ᠪᠠᠢᠬᠤ ᠳ᠋ᠤ᠌ ᠬᠡᠯᠡᠵᠦ ᠢᠷᠡᠪᠡ᠂ ᠡᠨᠡ ᠮᠡᠳᠡᠭᠡ ᠶ᠋ᠢ ᠠᠪᠤᠭᠠᠳ ᠴᠢᠩᠭᠢᠰ ᠬᠠᠭᠠᠨ ᠠᠷᠪᠠᠨ ᠭᠤᠷᠪᠠᠨ ᠬᠦᠷᠢᠶᠡᠨ ᠡᠴᠡ ᠪᠡᠨ ᠭᠤᠷᠪᠠᠨ ᠲᠦᠮᠡᠨ ᠴᠡᠷᠢᠭ ᠢ᠋ ᠠᠪᠴᠤ ᠵᠠᠮᠤᠬ᠎ᠠ ᠶ᠋ᠢ ᠤᠭᠲᠤᠵᠤ ᠮᠣᠷᠳᠠᠭᠠᠳ ᠳᠠᠯᠠᠨ ᠪᠠᠯᠵᠣᠳ ᠭᠡᠳᠡᠭ ᠭᠠᠵᠠᠷ ᠪᠠᠢᠯᠳᠤᠪᠠ᠂ ᠴᠢᠩᠭᠢᠰ ᠬᠠᠭᠠᠨ ᠵᠠᠮᠤᠬ᠎ᠠ ᠳ᠋ᠤ᠌ ᠰᠢᠬᠠᠭᠳᠠᠵᠤ ᠤᠨᠤᠨ ᠮᠥᠷᠡᠨ ᠦ᠌ ᠵᠠᠷᠤᠨ᠎ᠠ ᠭᠡᠳᠡᠭ ᠬᠠᠪᠴᠢᠯ ᠳ᠋ᠤ᠌ ᠰᠢᠷᠭᠤᠵᠤ ᠣᠷᠣᠪᠠ᠂ ᠡᠭᠦᠨ ᠳ᠋ᠦ᠍ ᠵᠠᠮᠤᠬ᠎ᠠ ᠥᠭᠦᠯᠡᠷᠦᠨ᠄ 《ᠤᠨᠤᠨ ᠤ᠋ ᠵᠠᠷᠤᠨ᠎ᠠ ᠬᠠᠪᠴᠢᠯ ᠳ᠋ᠤ᠌ ᠲᠡᠳᠡᠨ ᠢ᠋ ᠪᠢᠳᠡ ᠰᠢᠷᠭᠤᠭᠤᠯᠪᠠ》 ᠭᠡᠵᠦ ᠪᠤᠴᠠᠬᠤ ᠳ᠋ᠤ᠌ ᠪᠠᠨ ᠴᠢᠨᠦᠰ ᠣᠪᠣᠭ ᠤ᠋ᠨ ᠵᠠᠯᠠᠭᠤᠰ ᠢ᠋ ᠳᠠᠯᠠᠨ ᠲᠣᠭᠣᠭᠠᠨ ᠳ᠋ᠤ᠌ ᠪᠤᠴᠠᠯᠭᠠᠵᠤ ᠨᠦᠬᠡᠲᠡᠢ ᠴᠠᠭᠠᠨ ᠭᠤᠸ᠎ᠠ ᠶ᠋ᠢᠨ ᠲᠣᠯᠣᠭᠠᠢ ᠶ᠋ᠢ ᠣᠭᠲᠣᠯᠵᠤ ᠮᠣᠷᠢᠨ ᠤ᠋ ᠰᠡᠭᠦᠯ ᠳ᠋ᠦ᠍ ᠴᠢᠷᠴᠦ ᠣᠳᠴᠠᠢ᠃
130᠂ ᠵᠠᠮᠤᠬ᠎ᠠ ᠶ᠋ᠢ ᠬᠠᠷᠢᠭᠰᠠᠨ ᠤ᠋ ᠬᠣᠢᠨ᠎ᠠ ᠲᠡᠨᠳᠡ ᠡᠴᠡ ᠣᠷᠣᠭᠣᠳ ᠠᠢᠮᠠᠭ ᠤ᠋ᠨ ᠵᠦᠷᠴᠢᠳᠡᠢ᠂ ᠮᠠᠩᠭᠤᠳ ᠠᠢᠮᠠᠭ ᠤ᠋ᠨ ᠬᠣᠢ᠌ᠯᠳᠠᠷ ᠨᠠᠷ ᠬᠠᠷᠢᠶᠠᠲᠤ ᠠᠢᠮᠠᠭ ᠢ᠋ᠶ᠋ᠠᠨ ᠳᠠᠭᠠᠭᠤᠯᠵᠤ ᠵᠠᠮᠤᠬ᠎ᠠ ᠠ᠋ᠴᠠ ᠰᠠᠯᠤᠭᠠᠳ ᠴᠢᠩᠭᠢᠰ ᠢ᠋ ᠲᠦᠰᠢᠵᠦ ᠢᠷᠡᠪᠡ᠂ ᠬᠣᠩᠬᠣᠲᠠᠨ ᠤ᠋ ᠮᠦᠩᠯᠢᠭ ᠡᠴᠢᠭᠡ᠂ ᠵᠠᠮᠤᠬ᠎ᠠ ᠶ᠋ᠢ ᠳᠠᠭᠠᠵᠤ ᠪᠠᠢᠭᠰᠠᠨ ᠪᠥᠭᠡᠳ ᠣᠳᠣ ᠳᠣᠯᠣᠭᠠᠨ ᠬᠥᠪᠡᠭᠦᠨ ᠢ᠋ᠶ᠋ᠡᠨ ᠳᠠᠭᠠᠭᠤᠯᠤᠨ᠂ ᠵᠠᠮᠤᠬ᠎ᠠ ᠠ᠋ᠴᠠ ᠬᠠᠭᠠᠴᠠᠵᠤ᠂ ᠴᠢᠩᠭᠢᠰ ᠬᠠᠭᠠᠨ ᠳ᠋ᠤ᠌ ᠨᠡᠢᠯᠡᠨ ᠢᠷᠡᠪᠡ᠂ ᠵᠠᠮᠤᠬ᠎ᠠ ᠠ᠋ᠴᠠ ᠡᠳᠦᠢ ᠤᠯᠤᠰ ᠢᠷᠭᠡᠨ ᠰᠠᠯᠵᠤ᠂ ᠴᠢᠩᠭᠢᠰ ᠥᠪᠡᠷ ᠲᠦ᠍ ᠪᠡᠨ ᠢᠷᠡᠪᠡ ᠭᠡᠵᠦ ᠪᠡᠶᠡᠰᠴᠦ ᠴᠢᠩᠭᠢᠰ ᠬᠠᠭᠠᠨ᠂ ᠥᠭᠡᠯᠦᠨ ᠥᠵᠢᠨ᠂ ᠬᠠᠰᠠᠷ᠂ ᠵᠦᠷᠬᠢᠨ ᠦ᠌ ᠰᠡᠴᠡ ᠪᠡᠬᠢ᠂ ᠲᠡᠢᠴᠢ ᠨᠠᠷ ᠤᠨᠤᠨ ᠤ᠋ ᠰᠢᠭᠤᠢ ᠳ᠋ᠤ᠌ ᠨᠡᠢᠯᠡᠵᠦ ᠬᠤᠷᠢᠮᠯᠠᠪᠠ᠂ ᠴᠢᠩᠭᠢᠰ ᠬᠠᠭᠠᠨ᠂ ᠥᠭᠡᠯᠦᠨ ᠦᠵᠢᠨ᠂ ᠬᠠᠰᠠᠷ᠂ ᠰᠡᠴᠡ ᠪᠡᠬᠢ ᠨᠠᠷ ᠲᠤ᠌ ᠲᠡᠷᠢᠭᠦᠯᠡᠨ ᠨᠢᠵᠡᠭᠡᠳ ᠬᠤᠨᠳᠠᠭ᠎ᠠ ᠪᠠᠷᠢᠪᠠ᠂ ᠳᠠᠷᠠᠭ᠎ᠠ ᠨᠢ ᠰᠡᠴᠡ ᠪᠡᠬᠢ ᠶ᠋ᠢᠨ ᠪᠠᠭ᠎ᠠ ᠡᠬᠡᠨᠡᠷ ᠡᠪᠡᠬᠡᠢ ᠳ᠋ᠦ᠍ ᠲᠡᠷᠢᠭᠦᠯᠡᠨ ᠬᠤᠨᠳᠠᠭᠠᠯᠠᠬᠤ ᠳ᠋ᠤ᠌ ᠬᠣᠷᠢᠵᠢ ᠶ᠋ᠢᠨ ᠬᠠᠲᠤᠨ᠂ ᠬᠤᠭᠤᠷᠴᠢᠨ ᠬᠠᠲᠤᠨ ᠬᠣᠶᠠᠷ ᠠᠭᠤᠷᠯᠠᠵᠤ᠄ 《ᠪᠢᠳᠡᠨ ᠳ᠋ᠦ᠍ ᠲᠡᠷᠢᠭᠦᠯᠡᠨ ᠪᠠᠷᠢᠬᠤ ᠦᠭᠡᠢ ᠶᠠᠭᠠᠬᠢᠭᠠᠳ ᠡᠪᠡᠬᠡᠢ ᠳ᠋ᠦ᠍ ᠡᠬᠢᠯᠡᠨ ᠬᠤᠨᠳᠠᠭᠠᠯᠠᠪᠠ》 ᠭᠡᠵᠦ ᠲᠣᠭᠣᠭᠠᠴᠢ ᠰᠢᠬᠢᠬᠥᠷ ᠢ᠋ ᠵᠠᠨᠴᠢᠪᠠ᠂ ᠲᠣᠭᠣᠭᠠᠴᠢ ᠰᠢᠬᠢᠬᠥᠷ ᠵᠠᠨᠴᠢᠭᠳᠠᠭᠠᠳ᠄ 《ᠶᠢᠰᠦᠭᠡᠢ ᠪᠠᠭᠠᠲᠤᠷ᠂ ᠨᠡᠭᠦᠨ ᠲᠠᠢᠵᠢ ᠬᠣᠶᠠᠷ ᠦᠭᠡᠢ ᠲᠤᠯᠠ ᠢᠩᠭᠢᠵᠦ ᠵᠠᠨᠴᠢᠭᠳᠠᠪᠠ》 ᠭᠡᠵᠦ ᠶᠡᠬᠡ ᠳᠠᠭᠤᠨ ᠢ᠋ᠶ᠋ᠠᠷ ᠤᠬᠢᠯᠠᠵᠠᠢ᠃
131᠂ ᠲᠡᠷᠡ ᠬᠤᠷᠢᠮ ᠢ᠋ ᠮᠠᠨ ᠤ᠋ ᠲᠠᠯ᠎ᠠ ᠠ᠋ᠴᠠ ᠪᠡᠯᠭᠦᠳᠡᠢ ᠵᠠᠰᠠᠭᠠᠳ᠂ ᠴᠢᠩᠭᠢᠰ ᠬᠠᠭᠠᠨ ᠤ᠋ ᠮᠣᠷᠢ ᠶ᠋ᠢ ᠪᠠᠷᠢᠵᠤ ᠪᠠᠢᠪᠠ᠂ ᠵᠦᠷᠬᠢᠨ ᠡᠴᠡ ᠪᠦᠷᠢ ᠪᠥᠬᠡ ᠲᠡᠷᠡ ᠬᠤᠷᠢᠮ ᠢ᠋ ᠵᠠᠰᠠᠵᠤ ᠪᠠᠢᠪᠠ᠂ ᠭᠡᠲᠡᠯ᠎ᠡ ᠬᠠᠲᠠᠭᠢᠨ ᠣᠪᠣᠭ ᠤ᠋ᠨ ᠨᠢᠭᠡᠨ ᠬᠥᠮᠦᠨ᠂ ᠪᠢᠳᠡᠨ ᠦ᠌ ᠮᠣᠷᠢᠨ ᠤ᠋ ᠤᠶᠠᠭᠠᠨ ᠠ᠋ᠴᠠ ᠴᠤᠯᠪᠤᠭᠤᠷ ᠬᠤᠯᠠᠭᠠᠢᠯᠠᠵᠤ ᠠᠪᠤᠭᠠᠳ ᠪᠠᠷᠢᠭᠳᠠᠪᠠ᠂ ᠪᠦᠷᠢ ᠪᠥᠬᠡ ᠲᠡᠷᠡ ᠬᠥᠮᠦᠨ ᠢ᠋ ᠥᠮᠥᠭᠡᠷᠡᠵᠦ᠂ ᠪᠡᠯᠭᠦᠳᠡᠢ ᠲᠡᠢ ᠭᠡᠷᠡᠯᠲᠦᠪᠡ᠂ ᠪᠡᠯᠭᠦᠳᠡᠢ ᠦᠷᠭᠦᠯᠵᠢ ᠪᠠᠷᠢᠯᠳᠤᠬᠤ ᠲᠤᠯᠠ ᠪᠠᠷᠠᠭᠤᠨ ᠬᠠᠨᠴᠤᠢ ᠪᠠᠨ ᠮᠣᠯᠳᠣᠯᠠᠵᠣ᠂ ᠭᠠᠷ ᠢ᠋ᠶ᠋ᠠᠨ ᠨᠢᠴᠦᠭᠦᠨ ᠭᠠᠷᠭᠠᠵᠤ ᠶᠠᠪᠤᠬᠤ ᠪᠥᠯᠥᠭᠡ᠂ ᠪᠡᠯᠭᠦᠳᠡᠢ ᠶ᠋ᠢᠨ ᠨᠢᠴᠦᠭᠦᠨ ᠮᠥᠷᠥ ᠶ᠋ᠢ ᠪᠦᠷᠢ ᠪᠥᠬᠡ ᠢᠯᠳᠦ ᠪᠡᠷ ᠬᠠᠭ᠎ᠠ ᠴᠠᠪᠴᠢᠪᠠ᠂ ᠪᠡᠯᠭᠦᠳᠡᠢ ᠢᠩᠭᠢᠵᠦ ᠴᠠᠪᠴᠢᠭᠳᠠᠭᠰᠠᠨ ᠪᠣᠯᠪᠠᠴᠤ ᠣᠭᠲᠣ ᠠᠵᠢᠭ ᠦᠭᠡᠢ ᠴᠢᠰᠤ ᠪᠠᠨ ᠴᠤᠪᠤᠷᠠᠭᠤᠯᠵᠤ ᠶᠠᠪᠤᠬᠤ ᠶ᠋ᠢ ᠰᠡᠭᠦᠳᠡᠷ ᠲᠦ᠍ ᠰᠠᠭᠤᠭᠠᠳ ᠬᠤᠷᠢᠮᠯᠠᠵᠤ ᠪᠠᠢᠭᠰᠠᠨ ᠴᠢᠩᠭᠢᠰ ᠬᠠᠭᠠᠨ ᠦᠵᠡᠵᠦ ᠭᠠᠷᠴᠤ ᠢᠷᠡᠭᠡᠳ ᠥᠭᠦᠯᠡᠷᠦᠨ᠄ 《ᠬᠡᠨ ᠳ᠋ᠦ᠍ ᠢᠩᠭᠢᠵᠦ ᠴᠠᠪᠴᠢᠭᠳᠠᠪᠠ?》 ᠭᠡᠬᠦ ᠳ᠋ᠦ᠍ ᠪᠡᠯᠭᠦᠳᠡᠢ ᠥᠭᠦᠯᠡᠷᠦᠨ᠄ 《ᠥᠷᠯᠥᠭᠡ ᠡᠢᠮᠦ ᠪᠣᠯᠤᠭᠰᠠᠨ ᠪᠢᠯᠡ᠂ ᠮᠢᠨᠦ ᠲᠥᠯᠥᠭᠡ ᠠᠬ᠎ᠠ ᠳᠡᠭᠦᠦ ᠨᠠᠷ ᠮᠠᠭᠤᠳᠠᠯᠴᠠᠬᠤ ᠪᠣᠯᠭᠤᠵᠠᠢ! ᠪᠢ ᠠᠯᠵᠠᠬᠤ ᠦᠭᠡᠢ᠂ ᠮᠢᠨᠦ ᠪᠡᠶ᠎ᠡ ᠢᠯᠠᠷᠢ ᠪᠠᠢᠨ᠎ᠠ᠂ ᠠᠬ᠎ᠠ ᠳᠡᠭᠦᠦ ᠨᠠᠷ ᠰᠠᠶᠢ ᠢᠵᠢᠯᠳᠣᠨ ᠨᠠᠢᠷᠠᠮᠳᠠᠵᠤ ᠪᠠᠢᠭ᠎ᠠ ᠲᠤᠯᠠ ᠮᠢᠨᠦ ᠲᠥᠯᠥᠭᠡ ᠠᠬ᠎ᠠ ᠪᠢᠲᠡᠭᠡᠢ ᠮᠠᠭᠤᠳᠠᠯᠴᠠ᠂ ᠬᠣᠷᠣᠮᠬᠠᠨ ᠪᠠᠢᠵᠠᠨᠠ》 ᠭᠡᠪᠡ᠃
132᠂ ᠴᠢᠩᠭᠢᠰ ᠬᠠᠭᠠᠨ ᠪᠡᠯᠭᠦᠳᠡᠢ ᠶ᠋ᠢᠨ ᠢᠳᠬᠠᠭᠰᠠᠨ ᠦᠭᠡ ᠶ᠋ᠢ ᠦᠯᠦ ᠬᠠᠢᠬᠤᠷᠤᠨ ᠬᠣᠶᠠᠷ ᠡᠲᠡᠭᠡᠳ (ᠬᠣᠶᠠᠷ ᠲᠠᠯ᠎ᠠ) ᠠ᠋ᠴᠠ ᠮᠣᠳᠣᠨ ᠤ᠋ ᠭᠡᠰᠢᠭᠦᠳ ᠢ᠋ ᠬᠤᠭᠤ ᠲᠠᠲᠠᠵᠤ᠂ ᠠᠢᠷᠠᠭ ᠤ᠋ᠨ ᠪᠦᠯᠢᠭᠦᠷ ᠢ᠋ ᠰᠤᠭᠤᠴᠢᠵᠤ ᠠᠪᠤᠭᠠᠳ ᠵᠣᠳᠣᠯᠳᠤᠵᠤ᠂ ᠵᠦᠷᠬᠢᠨ ᠨᠠᠷ ᠢ᠋ ᠢᠯᠠᠵᠤ᠂ ᠬᠤᠷᠢᠴᠠᠨ ᠬᠠᠲᠤᠨ᠂ ᠬᠤᠭᠤᠷᠴᠢᠨ ᠬᠠᠲᠤᠨ ᠬᠣᠶᠠᠷ ᠢ᠋ ᠪᠤᠯᠢᠶᠠᠵᠤ ᠠᠪᠪᠠ᠂ ᠬᠠᠰᠠᠷ ᠬᠠᠷᠪᠤᠬᠤ ᠳᠣᠳᠣᠮ ᠨᠢᠭᠡ ᠬᠥᠮᠦᠨ ᠢ᠋ ᠤᠨᠠᠭᠠᠵᠤ ᠪᠠᠢᠪᠠ᠂ ᠪᠡᠯᠭᠦᠳᠡᠢ ᠬᠦᠬᠦᠷ ᠲᠡᠢ ᠠᠢᠷᠠᠭ ᠢ᠋ᠶ᠋ᠠᠷ ᠴᠣᠬᠢᠯᠴᠠᠵᠤ ᠶᠠᠪᠤᠪᠠ᠂ ᠲᠠᠢᠴᠢᠭᠤᠳ ᠨᠠᠷ ᠪᠡᠯᠭᠦᠳᠡᠢ ᠶ᠋ᠢ ᠪᠠᠷᠢᠵᠤ ᠠᠪᠤᠭᠠᠳ ᠬᠠᠰᠠᠭ ᠲᠡᠷᠭᠡᠨ ᠡᠴᠡ ᠬᠦᠯᠢᠵᠦ ᠲᠠᠯᠪᠢᠪᠠ᠂ ᠤᠨᠲᠠᠭᠰᠠᠨ ᠬᠣᠢᠨ᠎ᠠ ᠪᠡᠯᠭᠦᠳᠡᠢ ᠬᠠᠰᠠᠭ ᠢ᠋ ᠡᠭᠦᠷᠦᠭᠰᠡᠭᠡᠷ ᠬᠦᠷᠴᠦ ᠢᠷᠡᠪᠡ᠂ ᠵᠦᠷᠬᠢᠨ ᠨᠠᠷ ᠨᠠᠢᠷᠠᠮᠳᠠᠨ ᠵᠣᠬᠢᠯᠳᠤᠶ᠎ᠠ ᠭᠡᠰᠡᠨ ᠢ᠋ ᠪᠢᠳᠡ ᠵᠥᠪᠰᠢᠶᠡᠷᠡᠵᠦ᠂ ᠬᠤᠷᠢᠴᠠᠨ ᠬᠠᠲᠤᠨ᠂ ᠬᠤᠭᠤᠷᠴᠢᠨ ᠬᠠᠲᠤᠨ ᠬᠣᠶᠠᠷ ᠢ᠋ ᠨᠢ ᠪᠤᠴᠠᠭᠠᠵᠤ ᠥᠭᠪᠡ᠂ ᠲᠡᠷᠡ ᠴᠠᠭ ᠲᠤ᠌ ᠬᠢᠲᠠᠳ ᠤ᠋ᠨ ᠠᠯᠲᠠᠨ ᠬᠠᠭᠠᠨ ᠲᠠᠲ᠋ᠠᠷ ᠤ᠋ᠨ ᠮᠡᠬᠥᠵᠢᠨ ᠰᠡᠭᠦᠯᠲᠦ ᠶ᠋ᠢ ᠡᠶ᠎ᠡ ᠳ᠋ᠦ᠍ ᠪᠡᠨ ᠦᠯᠦ ᠣᠷᠣᠬᠤ ᠲᠤᠯᠠ ᠸᠠᠩᠬᠢᠩ ᠴᠢᠩᠰᠠᠩ ᠳ᠋ᠤ᠌ ᠴᠡᠷᠢᠭ ᠥᠭᠴᠦ ᠲᠡᠳᠡᠨ ᠲᠡᠢ ᠳᠠᠷᠤᠢ ᠪᠠᠢᠯᠳᠤ ᠭᠡᠵᠦ ᠶᠠᠪᠤᠭᠤᠯᠵᠠᠢ᠂ ᠸᠠᠩᠬᠢᠩ ᠴᠢᠩᠰᠠᠩ᠂ ᠮᠡᠬᠥᠵᠢᠨ ᠰᠡᠭᠦᠯᠲᠦ ᠲᠡᠷᠢᠭᠦᠲᠡᠨ ᠲᠠᠲ᠋ᠠᠷ ᠲᠠᠢ ᠪᠠᠢᠯᠳᠤᠵᠤ᠂ ᠣᠯᠵᠠ ᠭᠡᠳᠡᠭ ᠭᠠᠵᠠᠷ ᠥᠭᠡᠳᠡ ᠠᠳᠤᠭᠤ ᠮᠠᠯ ᠤ᠋ᠨ ᠬᠠᠮᠲᠤ ᠲᠦᠷᠢᠨ ᠬᠥᠭᠡᠭᠡᠵᠦ ᠠᠢᠰᠤᠢ ᠭᠡᠬᠦ ᠮᠡᠳᠡᠭᠡ ᠶ᠋ᠢ ᠠᠪᠪᠠ᠂ ᠲᠡᠷᠡ ᠮᠡᠳᠡᠭᠡ ᠶ᠋ᠢ ᠠᠪᠤᠭᠠᠳ
133᠂ ᠴᠢᠩᠭᠢᠰ ᠬᠠᠭᠠᠨ ᠥᠭᠦᠯᠡᠷᠦᠨ᠄ 《ᠬᠡᠳᠦᠢᠨ ᠡᠴᠡ ᠲᠠᠲ᠋ᠠᠷ ᠪᠣᠯ ᠪᠢᠳᠡᠨ ᠦ᠌ ᠡᠴᠢᠭᠡ ᠡᠪᠦᠭᠡᠳ ᠢ᠋ ᠠᠯᠠᠭᠰᠠᠨ ᠦᠰᠲᠡᠨ ᠢᠷᠭᠡᠨ ᠪᠢᠯᠡ᠂ ᠣᠳᠣ ᠡᠨᠡ ᠠᠯᠠᠯᠳᠤᠭᠠᠨ ᠳ᠋ᠤ᠌ ᠬᠠᠪᠰᠤᠷᠤᠯᠴᠠᠶ᠎ᠠ᠂》 ᠭᠡᠳ ᠲᠤᠭᠤᠷᠢᠯ ᠬᠠᠨ ᠳ᠋ᠤ᠌ ᠡᠯᠴᠢ ᠵᠠᠷᠤᠵᠤ᠄ 《ᠠᠯᠲᠠᠨ ᠬᠠᠭᠠᠨ ᠤ᠋ ᠸᠠᠩᠬᠢᠩ ᠴᠢᠩᠰᠠᠩ ᠮᠡᠬᠥᠵᠢᠨ ᠰᠡᠭᠦᠯᠲᠦ ᠲᠡᠷᠢᠭᠦᠲᠡᠨ ᠲᠠᠲ᠋ᠠᠷ ᠢ᠋ ᠣᠯᠵᠠ ᠥᠭᠡᠳᠡ ᠲᠦᠷᠢᠵᠦ ᠠᠢᠰᠤᠢ ᠭᠡᠨ᠎ᠡ᠂ ᠡᠴᠢᠭᠡ ᠡᠪᠦᠭᠡᠳ ᠢ᠋ ᠬᠣᠣᠷᠯᠠᠭᠰᠠᠨ ᠥᠰᠢᠶᠡᠲᠦ ᠲᠠᠲ᠋ᠠᠷ ᠲᠠᠢ ᠪᠠᠢᠯᠳᠤᠶ᠎ᠠ᠂ ᠲᠣᠭᠣᠷᠢᠯ ᠬᠠᠨ ᠡᠴᠢᠭᠡ ᠳᠠᠷᠤᠢ ᠢᠷᠡᠲᠦᠭᠡᠢ》 ᠭᠡᠵᠦ ᠶᠠᠪᠤᠭᠤᠯᠪᠠ᠂ ᠡᠨᠡ ᠬᠡᠯᠡ ᠶ᠋ᠢ ᠠᠪᠤᠭᠠᠳ ᠲᠤᠭᠤᠷᠢᠯ ᠬᠠᠨ ᠥᠭᠦᠯᠡᠷᠦᠨ᠄ 《ᠬᠥᠪᠡᠭᠦᠨ ᠴᠢᠩᠭᠢᠰ ᠬᠠᠭᠠᠨ ᠮᠢᠨᠢ ᠵᠥᠪ ᠦᠭᠡ ᠬᠡᠯᠡᠵᠦ ᠢᠷᠡᠭᠦᠯᠵᠡᠢ᠂ ᠪᠢᠳᠡ ᠬᠠᠪᠰᠤᠷᠤᠨ ᠪᠠᠢᠯᠳᠤᠶ᠎ᠠ》 ᠭᠡᠳ ᠭᠤᠷᠪᠠᠳᠤᠭᠠᠷ ᠡᠳᠦᠷ ᠨᠢ ᠴᠡᠷᠢᠭ ᠢ᠋ᠶ᠋ᠡᠨ ᠴᠤᠭᠯᠠᠭᠤᠯᠵᠤ ᠮᠣᠷᠳᠠᠭᠠᠳ ᠲᠣᠭᠣᠷᠢᠯ ᠳᠠᠷᠤᠢ ᠴᠢᠩᠭᠢᠰ ᠢ᠋ ᠤᠭᠲᠤᠨ ᠬᠦᠷᠴᠦ ᠢᠷᠡᠪᠡ᠂ ᠴᠢᠩᠭᠢᠰ ᠬᠠᠭᠠᠨ᠂ ᠲᠤᠭᠤᠷᠢᠯ ᠬᠠᠨ ᠬᠣᠶᠠᠷ ᠰᠡᠴᠡ ᠪᠡᠬᠢ ᠲᠡᠷᠢᠭᠦᠲᠡᠢ ᠵᠦᠷᠬᠢᠨ ᠨᠠᠷ ᠲᠤ᠌ ᠬᠡᠯᠡᠭᠦᠯᠦᠭᠰᠡᠨ ᠨᠢ᠄ 《ᠡᠨᠡ ᠪᠠᠢᠯᠳᠤᠭᠠᠨ ᠳ᠋ᠤ᠌ ᠬᠠᠪᠰᠤᠷᠴᠤ ᠡᠷᠲᠡᠨ ᠦ᠌ ᠡᠴᠢᠭᠡ ᠡᠪᠦᠭᠡᠳ ᠢ᠋ ᠮᠢᠨᠢ ᠬᠣᠣᠷᠯᠠᠭᠰᠠᠨ ᠲᠠᠲ᠋ᠠᠷ ᠲᠠᠢ ᠪᠠᠢᠯᠳᠤᠬᠤ ᠳ᠋ᠤ᠌ ᠬᠠᠮᠲᠤ ᠮᠣᠷᠳᠠᠶ᠎ᠠ᠂》 ᠭᠡᠵᠦ ᠡᠯᠴᠢ ᠶᠠᠪᠤᠭᠤᠯᠤᠭᠠᠳ ᠵᠢᠷᠭᠤᠭᠠᠨ ᠡᠳᠦᠷ ᠬᠦᠯᠢᠶᠡᠪᠡᠴᠦ ᠲᠡᠳᠡ ᠢᠷᠠᠭᠰᠠᠨ ᠦᠭᠡᠢ᠂ ᠬᠦᠯᠢᠶᠡᠵᠦ ᠶᠠᠳᠠᠭᠠᠳ ᠴᠢᠩᠭᠢᠰ ᠬᠠᠭᠠᠨ᠂ ᠲᠣᠭᠣᠷᠢᠯ ᠬᠠᠨ ᠬᠣᠶᠠᠷ᠂ ᠴᠡᠷᠢᠭ ᠢ᠋ᠶ᠋ᠡᠨ ᠠᠪᠴᠤ᠂ ᠸᠠᠩᠬᠢᠩ ᠴᠢᠩᠰᠠᠩ ᠲᠠᠢ ᠬᠠᠪᠰᠤᠷᠬᠤ ᠪᠠᠷ ᠣᠯᠵᠠ ᠥᠭᠡᠳᠡ ᠶᠠᠪᠤᠵᠤ ᠣᠴᠢᠪᠠᠯ᠂ ᠣᠯᠵᠠ ᠶ᠋ᠢᠨ ᠬᠤᠰᠤᠲᠤ ᠰᠢᠲᠦᠭᠡᠨ ᠨᠡᠷᠡᠲᠦ ᠰᠢᠲᠦᠭᠡᠨ ᠭᠡᠳᠡᠭ ᠭᠠᠵᠠᠷ ᠲᠤ᠌ ᠲᠠᠲ᠋ᠠᠷ ᠤ᠋ᠨ ᠮᠡᠬᠥᠵᠢᠨ ᠰᠡᠭᠦᠯᠲᠦ ᠲᠡᠷᠢᠭᠦᠲᠡᠨ ᠲᠠᠲ᠋ᠠᠷ ᠨᠠᠷ ᠬᠣᠷᠣᠭ᠎ᠠ ᠪᠡᠬᠢᠯᠡᠯᠲᠡ ᠶ᠋ᠢ ᠪᠠᠷᠢᠵᠠᠢ᠂ ᠴᠢᠩᠭᠢᠰ ᠬᠠᠭᠠᠨ᠂ ᠲᠣᠭᠣᠷᠢᠯ ᠬᠠᠨ ᠬᠣᠶᠠᠷ ᠲᠡᠷᠡ ᠬᠦ ᠮᠡᠬᠥᠵᠢᠨ ᠰᠡᠭᠦᠯᠲᠦ ᠨᠠᠷ ᠤ᠋ᠨ ᠪᠡᠬᠢᠯᠡᠯᠲᠡ ᠡᠴᠡ ᠨᠢ ᠪᠠᠷᠢᠵᠤ᠂ ᠮᠡᠬᠥᠵᠢᠨ ᠰᠡᠭᠦᠯᠲᠦ ᠶ᠋ᠢ ᠲᠡᠨᠳᠡ ᠨᠢ ᠠᠯᠠᠭᠠᠳ ᠮᠥᠩᠭᠥᠨ ᠥᠯᠥᠭᠡᠢ ᠪᠠ ᠲᠠᠨ᠎ᠠ ᠡᠷᠳᠡᠨᠢ ᠶ᠋ᠢᠨ ᠴᠢᠮᠡᠬᠲᠦ ᠬᠥᠨᠵᠢᠯᠡ ᠶ᠋ᠢ ᠨᠢ ᠴᠢᠩᠭᠢᠰ ᠬᠠᠭᠠᠨ ᠣᠯᠵᠠᠯᠠᠨ ᠠᠪᠤᠪᠠ᠃
134᠂ ᠮᠡᠭᠦᠵᠢᠨ ᠰᠡᠭᠦᠯᠲᠦ ᠶ᠋ᠢ ᠠᠯᠠᠪᠠ ᠭᠡᠵᠦ ᠴᠢᠩᠭᠢᠰ ᠬᠠᠭᠠᠨ᠂ ᠲᠤᠭᠤᠷᠢᠯ ᠬᠠᠨ ᠬᠣᠶᠠᠷ ᠮᠡᠳᠡᠭᠳᠡᠪᠡᠯ ᠸᠠᠩᠬᠢᠩ ᠴᠢᠩᠰᠠᠩ ᠰᠣᠨᠣᠰᠤᠭᠠᠳ ᠮᠠᠰᠢ ᠶᠡᠬᠡ ᠪᠠᠶᠠᠷᠯᠠᠵᠤ᠂ ᠵᠠᠭᠤᠳ ᠬᠣᠷᠢ (ᠬᠢᠲᠠᠳ ᠢ᠋ᠶ᠋ᠠᠷ ᠬᠦᠴᠦᠲᠦ ᠨᠣᠶᠠᠨ ᠭᠡᠰᠡᠨ ᠦᠭᠡ ᠭᠡᠵᠦ ᠷᠠᠰᠢᠳ᠋ ᠠᠳ᠋ ᠳ᠋ᠢᠨ ᠲᠠᠢᠯᠪᠤᠷᠢᠯᠠᠵᠠᠢ ) ᠭᠡᠳᠡᠭ ᠴᠣᠯᠠ ᠱᠠᠩᠨᠠᠪᠠ᠃ ᠬᠡᠷᠡᠢᠳ ᠦ᠋ᠨ ᠲᠤᠭᠤᠷᠢᠯ ᠳ᠋ᠤ᠌ ᠸᠠᠩ ᠴᠣᠯᠠ ᠱᠠᠩᠨᠠᠪᠠ᠃ ᠸᠠᠩᠬᠢᠩ ᠴᠢᠩᠰᠠᠩ᠂ ᠸᠠᠩ ᠴᠣᠯᠠ ᠥᠭᠭᠦᠭᠰᠡᠨ ᠲᠡᠭᠦᠨ ᠡᠴᠡ ᠬᠣᠢᠰᠢ ᠲᠤᠭᠤᠷᠢᠯ ᠢ᠋ ᠸᠠᠩ ᠭᠡᠵᠦ ᠨᠡᠷᠡᠢᠳᠬᠦ ᠪᠣᠯᠪᠠ᠂ ᠸᠠᠩᠬᠢᠩ ᠴᠢᠩᠰᠠᠩ ᠥᠭᠦᠯᠡᠷᠦᠨ᠄ 《ᠮᠡᠬᠥᠵᠢᠨ ᠰᠡᠭᠦᠯᠲᠦ ᠶ᠋ᠢ ᠬᠠᠪᠰᠤᠷᠤᠨ ᠠᠯᠠᠵᠤ᠂ ᠲᠠ ᠨᠠᠷ ᠠᠯᠲᠠᠨ ᠬᠠᠭᠠᠨ ᠳ᠋ᠤ᠌ ᠶᠡᠬᠡ ᠲᠤᠰᠠ ᠬᠢᠪᠡ᠂ ᠡᠨᠡ ᠲᠤᠰᠠ ᠶ᠋ᠢ ᠴᠢᠨᠢ ᠠᠯᠲᠠᠨ ᠬᠠᠭᠠᠨ ᠳ᠋ᠤ᠌ ᠬᠡᠯᠡᠶ᠎ᠡ ᠪᠢ᠂ ᠴᠢᠩᠭᠢᠰ ᠬᠠᠭᠠᠨ ᠳ᠋ᠤ᠌ ᠡᠭᠦᠨ ᠡᠴᠡ ᠢᠯᠡᠭᠦᠦ ᠴᠣᠯᠠ ᠱᠠᠩᠨᠠᠬᠤ ᠶ᠋ᠢ ᠠᠯᠲᠠᠨ ᠬᠠᠭᠠᠨ ᠮᠡᠳᠡᠲᠦᠭᠡᠢ》 ᠭᠡᠪᠡ᠂ ᠸᠠᠩᠬᠢᠩ ᠴᠢᠩᠰᠠᠩ ᠲᠡᠢ᠌ᠠᠬᠥ ᠪᠡᠶᠡᠰᠴᠦ ᠪᠤᠴᠠᠪᠠ᠂ ᠴᠢᠩᠭᠢᠰ ᠬᠠᠭᠠᠨ᠂ ᠲᠤᠭᠤᠷᠢᠯ ᠬᠠᠨ ᠲᠠᠲ᠋ᠠᠷ ᠢ᠋ ᠬᠤᠪᠢᠶᠠᠵᠤ ᠠᠪᠤᠭᠠᠳ ᠭᠡᠷ ᠲᠦ᠍ ᠪᠡᠨ ᠬᠠᠷᠢᠵᠤ ᠪᠠᠭᠤᠪᠠ᠃
135᠂ ᠲᠠᠲ᠋ᠠᠷ ᠤ᠋ᠨ ᠬᠣᠷᠭᠣᠳᠠᠵᠤ ᠪᠠᠢᠭᠰᠠᠨ ᠨᠡᠷᠡᠲᠦ ᠰᠢᠲᠦᠭᠡᠨ ᠦ᠌ ᠨᠤᠲᠤᠭ ᠳᠡᠭᠡᠷ᠎ᠡ ᠨᠢᠭᠡᠨ ᠥᠴᠦᠬᠡᠨ ᠬᠡᠦᠬᠡᠳ ᠣᠷᠬᠢᠭᠳᠠᠭᠰᠠᠨ ᠢ᠋ ᠪᠢᠳᠡᠨ ᠦ᠌ ᠴᠡᠷᠢᠭ ᠦ᠋ᠳ ᠣᠯᠵᠠᠢ᠂ ᠦᠵᠡᠪᠡᠯ ᠲᠥᠷᠥ ᠲᠡᠢ ᠠᠯᠲᠠᠨ ᠡᠭᠡᠮᠦᠭ ᠵᠡᠭᠦᠭᠰᠡᠨ ᠪᠠ ᠪᠤᠯᠠᠭ᠎ᠠ ᠪᠠᠷ ᠳᠣᠲᠣᠷᠯᠠᠭᠰᠠᠨ ᠲᠠᠵᠢ ᠲᠣᠷᠭᠠᠨ ᠡᠯᠢᠭᠡᠪᠴᠢ (ᠬᠠᠨᠲᠠᠭᠠᠵᠠ) ᠡᠮᠦᠰᠦᠭᠰᠡᠨ ᠠᠵᠠᠢ᠂ ᠲᠡᠷᠡ ᠬᠡᠦᠬᠡᠳ ᠢ᠋ ᠴᠢᠩᠭᠢᠰ ᠬᠠᠭᠠᠨ ᠠᠪᠴᠢᠷᠠᠵᠤ᠂ ᠥᠭᠡᠯᠦᠨ ᠡᠬᠡ ᠳ᠋ᠦ᠍ ᠪᠡᠯᠡᠭ ᠭᠡᠵᠦ ᠥᠭᠪᠡ᠂ ᠥᠭᠡᠯᠦᠨ ᠡᠬᠡ ᠥᠭᠦᠯᠡᠷᠦᠨ᠄ 《ᠰᠠᠢᠨ ᠬᠥᠮᠦᠨ ᠦ᠌ ᠬᠥᠪᠡᠭᠦᠨ ᠪᠢᠵᠡ᠂ ᠢᠵᠠᠭᠤᠷ ᠰᠠᠢᠲᠤ ᠬᠥᠮᠦᠨ ᠦ᠌ ᠤᠷᠤᠭ ᠪᠢᠵᠡ᠂ ᠲᠠᠪᠤᠨ ᠬᠥᠪᠡᠭᠦᠨ ᠦ᠌ ᠳᠠᠷᠠᠭᠠᠬᠢ ᠵᠢᠷᠭᠤᠳᠤᠭᠠᠷ ᠬᠥᠪᠡᠭᠦᠨ ᠪᠣᠯᠭᠠᠶ᠎ᠠ ᠭᠡᠳ》 ᠰᠢᠭᠢᠬᠤᠲᠤᠭ ᠭᠡᠳᠡᠭ ᠨᠡᠷ᠎ᠡ ᠥᠭᠴᠦ ᠠᠰᠠᠷᠠᠪᠠ᠃
136᠂ ᠴᠢᠩᠭᠢᠰ ᠬᠠᠭᠠᠨ ᠤ᠋ ᠠᠷᠤ ᠭᠡᠷ ᠬᠠᠷᠢᠯᠳᠣ ᠨᠠᠭᠤᠷ ᠲᠤ᠌ ᠪᠠᠢᠭᠰᠠᠨ ᠪᠢᠯᠡ᠂ ᠵᠦᠷᠬᠢᠨ ᠨᠠᠷ ᠴᠢᠩᠭᠢᠰ ᠦ᠋ᠨ ᠠᠷᠤ ᠭᠡᠷ ᠲᠦ᠍ ᠬᠣᠴᠣᠷᠤᠭᠰᠠᠨ ᠬᠥᠮᠦᠰ ᠢ᠋ ᠳᠣᠪᠲᠣᠯᠵᠤ᠂ ᠲᠠᠪᠢᠨ ᠬᠥᠮᠦᠨ ᠦ᠌ ᠬᠤᠪᠴᠠᠰᠤ ᠶ᠋ᠢ ᠲᠣᠨᠣᠭᠠᠳ ᠠᠷᠪᠠᠨ ᠬᠥᠮᠦᠨ ᠢ᠋ ᠠᠯᠠᠵᠠᠢ᠂ ᠵᠦᠷᠬᠢᠨ ᠨᠠᠷ ᠢ᠋ ᠢᠩᠭᠢᠵᠦ ᠰᠦᠢᠳᠬᠡᠪᠡ ᠭᠡᠵᠦ ᠪᠢᠳᠡᠨ ᠦ᠌ ᠠᠷᠤ ᠭᠡᠷ ᠲᠦ᠍ ᠬᠣᠴᠣᠷᠣᠭᠰᠠᠳ ᠴᠢᠩᠭᠢᠰ ᠬᠠᠭᠠᠨ ᠳ᠋ᠤ᠌ ᠮᠡᠳᠡᠭᠡᠯᠡᠪᠡᠯ᠂ ᠴᠢᠩᠭᠢᠰ ᠬᠠᠭᠠᠨ ᠮᠠᠰᠢ ᠶᠡᠬᠡ ᠬᠢᠯᠢᠩᠨᠡᠵᠦ ᠥᠭᠦᠯᠡᠷᠦᠨ᠄ 《ᠵᠦᠷᠬᠢᠨ ᠨᠠᠷ ᠪᠢᠳᠡᠨ ᠢ᠋ ᠶᠠᠭᠠᠬᠢᠭᠠᠳ ᠢᠩᠭᠢᠵᠦ ᠪᠠᠢᠭ᠎ᠠ ᠪᠢᠯᠡ᠂ ᠤᠨᠤᠨ ᠤ᠋ ᠰᠢᠭᠤᠢ ᠳ᠋ᠤ᠌ ᠬᠤᠷᠢᠮᠯᠠᠵᠤ ᠪᠠᠢᠬᠤ ᠳ᠋ᠤ᠌ ᠲᠣᠭᠣᠭᠠᠴᠢ ᠰᠢᠬᠢᠬᠥᠷ ᠢ᠋ ᠲᠡᠳᠡ ᠵᠠᠨᠴᠢᠪᠠ᠂ ᠪᠡᠯᠭᠦᠳᠡᠢ ᠶ᠋ᠢᠨ ᠮᠥᠷᠥ ᠶ᠋ᠢ ᠴᠠᠪᠴᠢᠪᠠ᠃ ᠨᠠᠢᠷᠠᠮᠳᠠᠶ᠎ᠠ ᠭᠡᠬᠦ ᠳ᠋ᠦ᠍ ᠪᠢᠳᠡ ᠬᠣᠷᠢᠵᠢᠨ ᠬᠠᠲᠤᠨ᠂ ᠬᠤᠭᠤᠷᠴᠢᠨ ᠬᠠᠲᠤᠨ ᠬᠣᠶᠠᠷ ᠢ᠋ ᠪᠤᠴᠠᠭᠠᠵᠤ ᠥᠭᠭᠦᠭᠰᠡᠨ ᠪᠢᠯᠡ᠂ ᠲᠡᠭᠦᠨ ᠦ᠌ ᠬᠣᠢᠨ᠎ᠠ ᠡᠴᠢᠭᠡ ᠡᠪᠦᠭᠡᠳ ᠢ᠋ ᠮᠢᠨᠢ ᠬᠣᠣᠷᠯᠠᠭᠰᠠᠨ ᠡᠷᠲᠡᠨ ᠦ᠌ ᠥᠰᠢᠶᠡᠲᠦ ᠲᠠᠲ᠋ᠠᠷ ᠢ᠋ ᠬᠠᠪᠰᠤᠷᠤᠨ ᠪᠠᠢᠯᠳᠤᠶ᠎ᠠ ᠭᠡᠳ ᠵᠦᠷᠬᠢᠨ ᠨᠠᠷ ᠢ᠋ ᠵᠢᠷᠭᠤᠭᠠᠨ ᠡᠳᠦᠷ ᠬᠦᠯᠢᠶᠡᠭᠰᠡᠨ ᠪᠣᠯᠪᠠᠴᠤ ᠲᠡᠳᠡ ᠢᠷᠠᠭᠰᠠᠨ ᠦᠭᠡᠢ᠂ ᠣᠳᠣ ᠪᠠᠰᠠ ᠳᠠᠢᠰᠤᠨ ᠤ᠋ ᠬᠠᠵᠠᠭᠤ ᠪᠠᠷ ᠳᠠᠢᠰᠤᠨ ᠪᠣᠯᠪᠠ》 ᠭᠡᠳ ᠴᠢᠩᠭᠢᠰ ᠬᠠᠭᠠᠨ ᠵᠦᠷᠬᠢᠨ ᠲᠡᠢ ᠪᠠᠢᠯᠳᠤᠬᠤ ᠪᠠᠷ ᠮᠣᠷᠢᠯᠠᠪᠠ᠂ ᠵᠦᠷᠬᠢᠨ ᠨᠠᠷ ᠢ᠋ ᠬᠡᠷᠦᠯᠦᠨ ᠦ᠌ ᠬᠥᠳᠡᠭᠡ ᠠᠷᠠᠯ ᠤ᠋ᠨ ᠳᠣᠯᠣᠭᠠᠨ ᠪᠣᠯᠳᠠᠭ ᠭᠡᠳᠡᠭ ᠭᠠᠵᠠᠷ ᠪᠠᠢᠬᠤ ᠳ᠋ᠤ᠌ ᠳᠠᠭᠠᠷᠢᠨ ᠣᠷᠣᠪᠠᠯ ᠰᠡᠴᠡ ᠪᠡᠬᠢ᠂ ᠲᠡᠢᠴᠢ ᠬᠣᠶᠠᠷ ᠴᠥᠭᠡᠨ ᠬᠥᠮᠦᠰ ᠢ᠋ ᠠᠪᠴᠤ ᠳᠤᠲᠠᠭᠠᠪᠠ᠂ ᠬᠣᠢᠨ᠎ᠠ ᠠ᠋ᠴᠠ ᠨᠡᠬᠡᠵᠦ ᠲᠠᠯᠠᠲᠤ ᠠᠮᠠ ᠭᠡᠳᠡᠭ ᠭᠠᠵᠠᠷ ᠭᠦᠢᠴᠡᠵᠦ ᠰᠡᠴᠡ ᠪᠡᠬᠢ᠂ ᠲᠡᠢᠴᠢ ᠬᠣᠶᠠᠷ ᠢ᠋ ᠪᠠᠷᠢᠪᠠ᠂ ᠪᠠᠷᠢᠭᠠᠳ ᠴᠢᠩᠭᠢᠰ ᠬᠠᠭᠠᠨ ᠰᠡᠴᠡ ᠪᠡᠬᠢ᠂ ᠲᠠᠢᠴᠢ ᠬᠣᠶᠠᠷ ᠲᠤ᠌ ᠥᠭᠦᠯᠡᠷᠦᠨ᠄ 《ᠤᠷᠢᠳᠤ ᠪᠢᠳᠡ ᠶᠠᠭᠤ ᠭᠡᠵᠦ ᠬᠡᠯᠡᠯᠴᠡᠬᠰᠡᠨ ᠪᠢᠯᠡ》 ᠭᠡᠪᠡᠯ ᠰᠡᠴᠡ᠂ ᠲᠠᠢᠴᠢ ᠬᠣᠶᠠᠷ ᠥᠭᠦᠯᠡᠷᠦᠨ᠄ 《ᠪᠢᠳᠡ ᠬᠡᠯᠡᠭᠰᠡᠨ ᠦᠭᠡᠨ ᠳ᠋ᠦ᠍ ᠪᠡᠨ ᠬᠦᠷᠦᠭᠡ ᠦᠭᠡᠢ ᠪᠣᠯ ᠦᠭᠡᠨ ᠳ᠋ᠦ᠍ ᠮᠢᠨᠢ ᠬᠦᠷᠭᠡ》 ᠭᠡᠪᠡᠯ ᠲᠡᠳᠡᠨ ᠦ᠌ ᠤᠷᠢᠳᠤ ᠬᠡᠯᠡᠭᠰᠡᠨ ᠦᠭᠡ ᠶ᠋ᠢ ᠰᠠᠨᠠᠭᠤᠯᠵᠤ᠂ ᠬᠡᠯᠡᠭᠰᠡᠨ ᠦᠭᠡᠨ ᠳ᠋ᠦ᠍ ᠨᠢ ᠬᠦᠷᠭᠡᠵᠦ ᠲᠡᠳᠡᠨ ᠢ᠋ ᠪᠦᠲᠡᠭᠡᠵᠦ ᠠᠯᠠᠪᠠ᠃
137᠂ ᠰᠡᠴᠡ ᠪᠡᠬᠢ᠂ ᠲᠠᠢᠴᠢ ᠬᠣᠶᠠᠷ ᠢ᠋ ᠳᠠᠭᠤᠰᠬᠠᠭᠠᠳ᠂ ᠵᠦᠷᠬᠢᠨ ᠢᠷᠭᠡᠨ ᠢ᠋ ᠬᠥᠳᠡᠯᠭᠡᠵᠦ ᠢᠷᠡᠬᠦ ᠳ᠋ᠦ᠍ ᠲᠡᠳᠡᠨ ᠦ᠌ ᠳᠣᠲᠣᠷ᠎ᠠ ᠵᠠᠯᠠᠢᠷ ᠤ᠋ᠨ ᠲᠡᠯᠠᠬᠡᠲᠦ ᠪᠠᠶᠠᠨ ᠤ᠋ ᠬᠥᠪᠡᠭᠦᠨ ᠬᠥᠮᠦᠨ ᠭᠤᠸ᠎ᠠ᠂ ᠴᠢᠯᠠᠭᠤᠨ ᠬᠠᠢᠴᠢ᠂ ᠵᠢᠪᠡᠭᠡ ᠭᠤᠷᠪᠠ ᠪᠠᠢᠪᠠ᠃ ᠬᠥᠮᠦᠨ ᠭᠤᠸ᠎ᠠ᠂ ᠮᠤᠬᠤᠯᠠᠢ ᠪᠤᠬ᠎ᠠ ᠬᠣᠶᠠᠷ ᠬᠥᠪᠡᠭᠦᠨ ᠢ᠋ᠶ᠋ᠡᠨ ᠴᠢᠩᠭᠢᠰ ᠲᠦ᠍ ᠠᠭᠤᠯᠵᠠᠭᠤᠯᠤᠨ ᠥᠭᠴᠦ ᠥᠭᠦᠯᠡᠷᠦᠨ᠄
《ᠪᠣᠱᠣᠭ᠎ᠠ ᠶ᠋ᠢᠨ ᠴᠢᠨᠢ ᠪᠣᠭᠣᠯ ᠪᠣᠯᠲᠤᠭᠠᠢ ᠪᠣᠱᠣᠭᠠᠨ ᠠ᠋ᠴᠠ ᠴᠢᠨᠢ ᠪᠤᠯᠲᠠᠵᠤ ᠵᠠᠢᠯᠠᠪᠠᠯ ᠪᠣᠷᠪᠢ ᠶ᠋ᠢ ᠨᠢ ᠣᠭᠳᠣᠯ᠎ᠠ᠂ᠡᠭᠦᠳᠡᠨ ᠦ᠌ ᠴᠢᠨᠢ ᠥᠮᠴᠢ ᠪᠣᠯᠲᠤᠭᠠᠢ ᠡᠭᠦᠳᠡᠨ ᠡᠴᠡ ᠨᠢ ᠳᠤᠲᠠᠭᠠᠵᠤ ᠵᠠᠢᠯᠠᠪᠠᠯ ᠡᠯᠢᠭᠡ ᠶ᠋ᠢ ᠨᠢ ᠡᠮᠲᠡᠯ》 ᠭᠡᠪᠡ᠂ ᠴᠢᠯᠠᠭᠤᠨ ᠬᠠᠢᠴᠢ᠂ ᠳᠥᠩᠭᠡ ᠬᠠᠰᠢ ᠬᠣᠶᠠᠷ ᠬᠥᠪᠡᠭᠦᠨ ᠢ᠋ᠶ᠋ᠡᠨ ᠠᠭᠤᠯᠵᠠᠭᠤᠯᠤᠨ ᠥᠭᠴᠦ ᠥᠭᠦᠯᠡᠷᠦᠨ᠄
《ᠠᠯᠲᠠᠨ ᠪᠣᠱᠣᠭ᠎ᠠ ᠶ᠋ᠢ ᠴᠢᠨᠢ ᠠᠰᠢᠳᠠ ᠰᠠᠬᠢᠵᠤ ᠪᠠᠢᠭ ᠠᠯᠲᠠᠨ ᠪᠣᠱᠣᠭᠠᠨ ᠠ᠋ᠴᠠ ᠴᠢᠨᠢ ᠠᠩᠭᠢᠳᠠ ᠣᠳᠬᠤ ᠪᠣᠯ ᠠᠮᠢ ᠶ᠋ᠢ ᠨᠢ ᠲᠠᠰᠤᠯᠵᠤ ᠠᠯᠠ ᠥᠷᠭᠡᠨ ᠡᠭᠦᠳᠡ ᠶ᠋ᠢ ᠴᠢᠨᠢ ᠡᠷᠭᠦᠵᠦ ᠥᠭᠴᠦ ᠪᠠᠢᠭ ᠥᠷᠭᠡᠨ ᠡᠭᠦᠳᠡᠨ ᠡᠴᠡ ᠴᠢᠨᠢ ᠥᠭᠡᠷ᠎ᠡ ᠵᠦᠭ ᠶᠠᠪᠤᠪᠠᠯ ᠦᠷᠦ ᠶ᠋ᠢ ᠨᠢ ᠡᠮᠳᠠᠯᠠᠵᠣ ᠠᠯᠠ》 ᠭᠡᠪᠡ᠃ ᠵᠢᠪᠡᠬᠡ ᠶ᠋ᠢ ᠬᠠᠰᠠᠷ ᠲᠤ᠌ ᠥᠭᠪᠡ᠂ ᠵᠢᠪᠡᠬᠡ ᠵᠦᠷᠬᠢᠨ ᠦ᠌ ᠨᠤᠲᠤᠭ ᠠ᠋ᠴᠠ ᠪᠣᠷᠣᠬᠤᠯ ᠭᠡᠳᠡᠭ ᠨᠡᠷᠡᠲᠦ ᠬᠥᠪᠡᠭᠦᠨ ᠢ᠋ ᠣᠯᠵᠤ ᠠᠪᠤᠭᠰᠠᠨ ᠢ᠋ᠶ᠋ᠠᠨ ᠥᠭᠡᠯᠦᠨ ᠡᠬᠡ ᠳ᠋ᠦ᠍ ᠠᠭᠤᠯᠵᠠᠵᠤ ᠥᠭᠪᠡ᠃
138᠂ ᠥᠭᠡᠯᠦᠨ ᠡᠬᠡ᠂ ᠮᠡᠷᠭᠢᠳ ᠦ᠋ᠨ ᠨᠤᠲᠤᠭ ᠠ᠋ᠴᠠ ᠣᠯᠵᠤ ᠠᠪᠤᠭᠰᠠᠨ ᠬᠦᠴᠦ ᠨᠡᠷᠡᠲᠦ ᠬᠥᠪᠡᠭᠦᠨ ᠪᠠ ᠲᠠᠢᠴᠢᠭᠤᠳ ᠤ᠋ᠨ ᠪᠠᠰᠣᠳ ᠤ᠋ᠨ ᠨᠤᠲᠤᠭ ᠠ᠋ᠴᠠ ᠣᠯᠵᠤ ᠠᠪᠤᠭᠰᠠᠨ ᠬᠥᠭᠡᠴᠦ᠂ ᠲᠠᠲ᠋ᠠᠷ ᠤ᠋ᠨ ᠨᠤᠲᠤᠭ ᠠ᠋ᠴᠠ ᠣᠯᠵᠤ ᠠᠪᠤᠭᠰᠠᠨ ᠰᠢᠭᠢᠬᠤᠲᠤᠭ᠂ ᠵᠦᠷᠬᠢᠨ ᠦ᠌ ᠨᠤᠲᠤᠭ ᠠ᠋ᠴᠠ ᠣᠯᠵᠤ ᠠᠪᠤᠭᠰᠠᠨ ᠪᠣᠷᠣᠬᠤᠯ ᠡᠨᠡ ᠳᠥᠷᠪᠡᠨ ᠬᠥᠪᠡᠭᠦᠨ ᠢ᠋ ᠭᠡᠷ ᠳᠣᠲᠣᠷ᠎ᠠ ᠪᠠᠨ ᠠᠰᠠᠷᠠᠵᠤ ᠪᠠᠢᠪᠠ᠂ᠥᠭᠡᠯᠦᠨ ᠡᠬᠡ ᠬᠥᠪᠡᠭᠦᠳ ᠲᠦ᠍ ᠪᠡᠨ ᠥᠭᠦᠯᠡᠷᠦᠨ᠄ 《ᠡᠳᠡᠨ ᠢ᠋ ᠡᠳᠦᠷ ᠦᠵᠡᠬᠦ ᠨᠢᠳᠦ᠂ ᠰᠥᠨᠢ ᠰᠣᠨᠣᠰᠬᠤ ᠴᠢᠬᠢ ᠪᠣᠯᠭᠠᠶ᠎ᠠ》 ᠭᠡᠪᠡ᠃
139᠂ ᠵᠦᠷᠬᠢᠨ ᠣᠪᠣᠭ ᠤ᠋ᠨ ᠤᠭ ᠭᠠᠷᠤᠯ ᠨᠢ ᠬᠠᠪᠤᠯ ᠬᠠᠭᠠᠨ ᠤ᠋ ᠳᠣᠯᠣᠭᠠᠨ ᠬᠥᠪᠡᠭᠦᠨ ᠦ᠌ ᠠᠬ᠎ᠠ ᠨᠢ ᠣᠬᠢᠨ ᠪᠠᠷᠬᠠᠭ ᠪᠥᠯᠥᠭᠡ᠂ ᠲᠡᠭᠦᠨ ᠦ᠌ ᠬᠥᠪᠡᠭᠦᠨ ᠰᠣᠷᠬᠠᠳᠣ ᠵᠦᠷᠬᠢ᠂ ᠵᠦᠷᠬᠢᠨ ᠦ᠌ ᠡᠴᠢᠭᠡ᠂ ᠬᠠᠪᠤᠯ ᠬᠠᠭᠠᠨ ᠤ᠋ ᠬᠥᠪᠡᠭᠦᠳ ᠦ᠋ᠨ ᠠᠬᠠᠮᠠᠳ ᠲᠤᠯᠠ ᠬᠠᠷᠢᠶᠠᠲᠤ ᠢᠷᠭᠡᠳ ᠦ᠋ᠨ ᠳᠣᠲᠣᠷ᠎ᠠ ᠠ᠋ᠴᠠ ᠡᠷᠡᠬᠡᠢ ᠳ᠋ᠦ᠍ ᠪᠡᠨ ᠡᠷᠴᠢᠮ ᠲᠡᠢ ᠡᠯᠢᠭᠡᠨ ᠳ᠋ᠦ᠍ ᠪᠡᠨ ᠰᠢᠭᠦᠰᠦ ᠲᠡᠢ ᠠᠭᠤᠰᠬᠢᠨ ᠳ᠋ᠤ᠌ ᠪᠠᠨ ᠠᠭᠤᠷ ᠲᠠᠢ ᠤᠷᠤᠭᠤᠯ ᠳ᠋ᠤ᠌ ᠪᠠᠨ ᠬᠢᠯᠢᠩ ᠲᠡᠢ ᠬᠦᠴᠦᠲᠦ ᠪᠥᠬᠡ ᠪᠠ ᠡᠷᠳᠡᠮᠲᠦ ᠡᠷᠡᠰ ᠢ᠋ ᠢᠯᠠᠭᠠᠵᠣ ᠬᠥᠪᠡᠭᠦᠨ ᠳ᠋ᠦ᠍ ᠪᠡᠨ ᠥᠭᠪᠡ᠂ ᠡᠢᠨᠬᠦ ᠠᠭᠤᠷ ᠣᠮᠣᠭ ᠲᠠᠢ᠂ ᠴᠢᠩᠭ᠎ᠠ ᠵᠢᠷᠦᠬᠡ ᠲᠡᠢ ᠬᠥᠮᠦᠰ ᠨᠡᠢᠯᠡᠭᠰᠡᠨ ᠲᠤᠯᠠ ᠵᠦᠷᠬᠢᠨ ᠭᠡᠵᠦ ᠨᠡᠷᠡᠯᠡᠭᠳᠡᠵᠡᠢ᠂ ᠡᠷ᠎ᠡ ᠶ᠋ᠢᠨ ᠡᠷ᠎ᠡ ᠲᠥᠷᠥᠭᠰᠡᠨ ᠴᠢᠩᠭᠢᠰ ᠬᠠᠭᠠᠨ ᠡᠢᠮᠦ ᠣᠮᠣᠭᠲᠤ ᠵᠦᠷᠬᠢᠨ ᠨᠠᠷ ᠢ᠋ ᠳᠣᠷᠣᠢᠲᠠᠭᠤᠯᠤᠨ ᠳᠠᠷᠤᠵᠤ᠂ ᠣᠯᠠᠨ ᠠᠷᠠᠳ ᠢ᠋ ᠨᠢ ᠥᠪᠡᠷ ᠦ᠋ᠨ ᠢᠷᠭᠡᠨ ᠪᠣᠯᠭᠠᠪᠠ᠃
140 ᠴᠢᠩᠭᠢᠰ ᠬᠠᠭᠠᠨ ᠨᠢᠭᠡ ᠡᠳᠦᠷ ᠪᠦᠷᠢ ᠪᠥᠬᠡ᠂ ᠪᠡᠯᠭᠦᠳᠡᠢ ᠬᠣᠶᠠᠷ ᠢ᠋ ᠪᠠᠷᠢᠯᠳᠤᠭᠤᠯᠤᠶ᠎ᠠ ᠭᠡᠪᠡ᠂ ᠪᠦᠷᠢ ᠪᠥᠬᠡ ᠵᠦᠷᠬᠢᠨ ᠳ᠋ᠦ᠍ ᠪᠠᠢᠭᠰᠠᠨ ᠪᠢᠯᠡ᠂ ᠪᠦᠷᠢ ᠪᠥᠬᠡ ᠤᠷᠢᠳᠤ ᠨᠢ ᠪᠡᠯᠭᠦᠳᠡᠢ ᠶ᠋ᠢ ᠥᠷᠥᠭᠡᠰᠦᠨ ᠭᠠᠷ ᠢ᠋ᠶ᠋ᠠᠷ ᠪᠠᠷᠢᠵᠤ᠂ ᠥᠷᠥᠭᠡᠰᠦᠨ ᠬᠥᠯ ᠢ᠋ᠶ᠋ᠡᠷ ᠲᠠᠰᠢᠵᠤ ᠤᠨᠠᠭᠠᠭᠠᠳ ᠬᠦᠳᠡᠯᠬᠡᠬᠡᠯ ᠦᠭᠡᠢ ᠳᠠᠷᠤᠵᠤ ᠴᠢᠳᠠᠬᠤ ᠪᠥᠯᠥᠭᠡ᠂ ᠪᠦᠷᠢ ᠪᠥᠬᠡ ᠤᠯᠤᠰ ᠤ᠋ᠨ ᠨᠡᠷ᠎ᠡ ᠲᠡᠢ ᠪᠥᠬᠡ ᠪᠠᠢᠭᠰᠠᠨ ᠶᠤᠮ᠂ ᠡᠨᠡ ᠤᠳᠠᠭ᠎ᠠ ᠪᠦᠷᠢ ᠪᠥᠬᠡ ᠪᠡᠯᠭᠦᠳᠡᠢ ᠬᠣᠶᠠᠷ ᠢ᠋ ᠪᠠᠷᠢᠯᠳᠤᠭᠤᠯᠬᠤ ᠳ᠋ᠤ᠌ ᠪᠦᠷᠢ ᠪᠥᠬᠡ ᠦᠯᠦ ᠢᠯᠠᠭᠳᠠᠬᠤ ᠬᠥᠮᠦᠨ ᠠᠲᠠᠯ᠎ᠠ ᠤᠨᠠᠵᠤ ᠥᠭᠪᠡ᠂ ᠪᠡᠯᠭᠦᠳᠡᠢ ᠪᠦᠷᠢ ᠪᠥᠬᠡ ᠶ᠋ᠢ ᠠᠷᠠᠢ ᠭᠡᠵᠦ ᠮᠥᠷᠥᠯᠡᠨ ᠳᠠᠷᠤᠵᠤ᠂ ᠰᠠᠭᠠᠷᠢ ᠪᠦᠰᠡ ᠳᠡᠭᠡᠷ᠎ᠡ ᠭᠠᠷᠤᠭᠠᠳ ᠴᠢᠩᠭᠢᠰ ᠬᠠᠭᠠᠨ ᠢ᠋ ᠨᠢᠳᠦ ᠪᠡᠷ ᠬᠢᠯᠠᠮᠬᠢᠵᠤ ᠬᠠᠷᠠᠪᠠᠯ᠂ ᠴᠢᠩᠭᠢᠰ ᠬᠠᠭᠠᠨ ᠬᠥᠮᠥᠭᠡᠢ ᠪᠡᠨ ᠵᠠᠭᠤᠪᠠ᠂ ᠪᠡᠯᠭᠦᠳᠡᠢ ᠤᠬᠠᠭᠠᠨ ᠢ᠋ ᠣᠯᠵᠤ ᠪᠦᠷᠢ ᠪᠥᠬᠡ ᠶ᠋ᠢ ᠠᠭᠲᠠᠯᠠᠨ ᠪᠠᠷᠢᠵᠤ᠂ ᠴᠡᠭᠡᠵᠢ ᠪᠥᠭᠰᠡ ᠡᠴᠡ ᠨᠢ ᠤᠭᠵᠠᠷᠠᠨ ᠲᠠᠲᠠᠵᠤ ᠨᠢᠷᠤᠭᠤ ᠶ᠋ᠢ ᠨᠢ ᠬᠤᠭᠤᠯᠪᠠ᠂ ᠪᠦᠷᠢ ᠪᠥᠬᠡ ᠨᠢᠷᠤᠭᠤ ᠪᠠᠨ ᠬᠤᠭᠤᠯᠤᠭᠤᠯᠤᠭᠠᠳ ᠥᠭᠦᠯᠡᠷᠦᠨ᠄ 《ᠪᠡᠯᠭᠦᠳᠡᠢ ᠳ᠋ᠦ᠍ ᠪᠢ ᠦᠯᠦ ᠢᠯᠠᠭᠳᠠᠬᠤ ᠪᠢᠯᠡ᠂ ᠬᠠᠭᠠᠨ ᠠ᠋ᠴᠠ ᠠᠶᠤᠵᠤ ᠠᠷᠭᠠᠳᠠᠵᠤ ᠵᠣᠷᠢᠭᠤᠳᠠ ᠤᠨᠠᠭᠠᠳ ᠠᠮᠢ ᠪᠠᠨ ᠠᠯᠳᠠᠪᠠ ᠪᠢ》 ᠭᠡᠳ ᠦᠬᠦᠪᠡ᠂ ᠲᠡᠭᠦᠨ ᠦ᠌ ᠨᠢᠷᠤᠭᠤ ᠶ᠋ᠢ ᠪᠡᠯᠭᠦᠳᠡᠢ ᠬᠤᠭᠤᠯᠵᠤ ᠴᠢᠷᠴᠦ ᠠᠪᠠᠴᠢᠭᠠᠳ ᠬᠠᠶᠠᠪᠠ᠂ ᠬᠠᠪᠤᠯ ᠬᠠᠭᠠᠨ ᠤ᠋ ᠳᠣᠯᠣᠭᠠᠨ ᠬᠥᠪᠡᠭᠦᠨ ᠦ᠌ ᠠᠬᠠᠮᠠᠳ ᠨᠢ ᠣᠭᠢᠨ ᠪᠠᠷᠬᠠᠭ᠂ ᠬᠣᠶᠠᠳᠤᠭᠠᠷ ᠨᠢ ᠪᠠᠷᠳᠠᠨ ᠪᠠᠭᠠᠲᠤᠷ ᠪᠥᠯᠥᠭᠡ᠂ ᠲᠡᠭᠦᠨ ᠦ᠌ ᠬᠥᠪᠡᠭᠦᠨ ᠶᠢᠰᠦᠭᠡᠢ ᠪᠠᠭᠠᠲᠤᠷ᠂ ᠭᠤᠷᠪᠠᠳᠤᠭᠠᠷ ᠨᠢ ᠬᠤᠲᠤᠭᠲᠤ ᠮᠦᠩᠬᠥᠷ᠂ ᠲᠡᠭᠦᠨ ᠦ᠌ ᠬᠥᠪᠡᠭᠦᠨ ᠪᠦᠷᠢ ᠪᠥᠬᠡ᠂ ᠪᠦᠷᠢ ᠪᠥᠬᠡ ᠪᠠᠷᠢᠯᠳᠤᠬᠤ ᠳ᠋ᠤ᠌ ᠪᠠᠨ ᠪᠠᠷᠳᠠᠨ ᠪᠠᠭᠠᠲᠤᠷ ᠤ᠋ᠨ ᠬᠥᠪᠡᠭᠦᠳ ᠡᠴᠡ ᠢᠯᠡᠭᠦᠦ ᠪᠥᠭᠡᠳ ᠪᠠᠷᠬᠠᠭ ᠤ᠋ᠨ ᠵᠣᠷᠢᠭᠲᠤ ᠬᠥᠪᠡᠭᠦᠳ ᠲᠡᠢ ᠨᠥᠬᠥᠷᠯᠡᠵᠦ ᠶᠠᠪᠤᠳᠠᠭ ᠪᠥᠯᠥᠭᠡ᠂ ᠤᠯᠤᠰ ᠤ᠋ᠨ ᠪᠥᠬᠡ ᠪᠦᠷᠢ ᠪᠥᠬᠡ ᠢᠩᠭᠢᠵᠦ ᠪᠡᠯᠭᠦᠳᠡᠢ ᠳ᠋ᠦ᠍ ᠨᠢᠷᠤᠭᠤ ᠪᠠᠨ ᠬᠤᠭᠤᠯᠤᠭᠤᠯᠵᠤ ᠦᠬᠦᠪᠡ᠃
141᠂ ᠲᠡᠭᠦᠨ ᠦ᠌ ᠬᠣᠢᠨ᠎ᠠ ᠲᠠᠬᠢᠶ᠎ᠠ ᠵᠢᠯ (1201 ᠣᠨ ᠳ᠋ᠤ᠌) ᠬᠠᠲᠠᠭᠢᠨ᠂ ᠰᠠᠯᠵᠢᠭᠤᠳ ᠬᠠᠮᠲᠤ ᠪᠠᠷ ᠪᠠᠭᠤ ᠴᠣᠷᠭᠢ ᠲᠡᠷᠢᠭᠦᠲᠡᠢ ᠬᠠᠲᠠᠭᠢᠨ ᠨᠠᠷ᠂ ᠴᠢᠷᠭᠢᠲᠢ ᠪᠠᠭᠠᠲᠤᠷ ᠲᠡᠷᠢᠭᠦᠲᠡᠢ ᠰᠠᠯᠵᠢᠭᠣᠳ ᠨᠠᠷ᠂ ᠳᠥᠷᠪᠡᠨ ᠦ᠌ ᠲᠠᠲ᠋ᠠᠷ ᠲᠠᠢ ᠨᠠᠢᠷᠠᠮᠳᠠᠭᠰᠠᠨ ᠬᠠᠴᠢᠭᠤᠨ ᠪᠡᠬᠢ ᠲᠡᠷᠢᠭᠦᠲᠡᠢ ᠳᠥᠷᠪᠡᠨ ᠨᠠᠷ᠂ᠠᠯᠴᠤ᠂ ᠵᠠᠯᠠᠨ ᠪᠤᠬ᠎ᠠ ᠲᠡᠷᠢᠭᠦᠲᠡᠢ ᠲᠠᠲ᠋ᠠᠷ ᠨᠠᠷ᠂ ᠲᠥᠭᠡ ᠮᠢᠬ᠎ᠠ ᠲᠡᠷᠢᠭᠦᠲᠡᠢ ᠢᠬᠢᠷᠠᠰ ᠤ᠋ᠳ᠂ ᠬᠣᠩᠭᠢᠷᠠᠳ ᠤ᠋ᠨ ᠲᠡᠷᠬᠡᠭ᠌ ᠡᠮᠠᠯ ᠠᠯᠬᠣᠢ ᠨᠠᠷ᠂ ᠴᠣᠨᠣᠭ ᠴᠠᠭᠠᠨ ᠲᠡᠷᠢᠭᠦᠲᠡᠢ ᠭᠣᠷᠯᠣᠰ ᠤ᠋ᠳ᠂ ᠨᠢᠮᠡᠨ ᠡᠴᠡ ᠬᠦᠴᠥᠭᠦᠳ᠂ ᠨᠢᠮᠡᠨ ᠦ᠌ ᠪᠣᠢ᠌ᠷᠣᠭ ᠬᠠᠨ᠂ ᠮᠡᠷᠭᠢᠳ ᠦ᠋ᠨ ᠲᠣᠭᠳᠣᠬ᠎ᠠ ᠪᠡᠬᠢ ᠶ᠋ᠢᠨ ᠬᠥᠪᠡᠭᠦᠳ ᠬᠣᠳᠣ᠂ ᠣᠢᠷᠠᠳ ᠤ᠋ᠨ ᠬᠣᠳᠣᠬᠠ ᠪᠡᠬᠢ᠂ ᠲᠠᠢᠴᠢᠭᠤᠳ ᠤ᠋ᠨ ᠲᠠᠷᠭᠤᠲᠠᠢ ᠬᠢᠷᠢᠯᠳᠣᠭ᠂ ᠬᠣᠲᠣᠩ ᠣᠷᠴᠠᠩ᠂ ᠠᠭᠤᠴᠤ ᠪᠠᠭᠠᠲᠤᠷ ᠨᠠᠷ᠂ ᠪᠤᠰᠤᠳ ᠲᠠᠢᠴᠢᠭᠤᠳ ᠨᠠᠷ᠂ ᠠᠯᠬᠣᠢ ᠪᠤᠯᠬ᠎ᠠ ᠭᠡᠳᠡᠭ ᠭᠠᠵᠠᠷ ᠴᠢᠭᠤᠯᠤᠭᠠᠳ ᠵᠠᠵᠢᠷᠠᠳᠠᠢ ᠣᠪᠣᠭ ᠤ᠋ᠨ ᠵᠠᠮᠤᠬ᠎ᠠ ᠶ᠋ᠢ ᠬᠠᠭᠠᠨ ᠡᠷᠭᠦᠮᠵᠢᠯᠡᠬᠦ ᠪᠡᠷ ᠬᠡᠯᠡᠯᠴᠡᠵᠦ᠂ ᠠᠵᠢᠷᠭ᠎ᠠ ᠭᠡᠭᠦᠦ ᠠᠯᠠᠵᠤ ᠠᠨᠳᠠᠭᠠᠢᠯᠠᠨ ᠲᠠᠩᠭᠠᠷᠢᠭᠯᠠᠭᠠᠳ ᠲᠡᠨᠳᠡ ᠡᠴᠡ ᠡᠷᠭᠦᠨ᠎ᠡ ᠮᠥᠷᠡᠨ ᠤᠷᠤᠭᠤ ᠨᠡᠭᠦᠵᠦ᠂ ᠡᠷᠭᠦᠨ᠎ᠡ ᠳ᠋ᠦ᠍ ᠴᠢᠳᠬᠤᠬᠤ ᠬᠠᠨ ᠮᠥᠷᠡᠨ ᠦ᠌ ᠰᠢᠨ᠎ᠠ ᠶ᠋ᠢᠨ ᠠᠭᠤ ᠨᠤᠭᠤ ᠳ᠋ᠤ᠌ ᠵᠠᠮᠤᠬ᠎ᠠ ᠶ᠋ᠢ ᠬᠥᠷ ᠬᠠᠭᠠᠨ ᠪᠣᠯᠭᠠᠵᠤ ᠡᠷᠭᠦᠮᠵᠢᠯᠡᠪᠡ᠂ ᠵᠠᠮᠤᠬ᠎ᠠ ᠶ᠋ᠢ ᠪᠦᠭᠦᠳᠡ ᠶ᠋ᠢᠨ ᠬᠠᠭᠠᠨ ᠡᠷᠭᠦᠮᠵᠢᠯᠡᠭᠡᠳ ᠴᠢᠩᠭᠢᠰ ᠬᠠᠭᠠᠨ ᠸᠠᠩ ᠬᠠᠨ ᠬᠣᠶᠠᠷ ᠲᠠᠢ ᠪᠠᠢᠯᠳᠤᠬᠤ ᠪᠠᠷ ᠮᠣᠷᠳᠠᠶ᠎ᠠ ᠭᠡᠯᠴᠡᠪᠡ᠂ ᠡᠢᠨᠬᠦ ᠪᠠᠢᠯᠳᠤᠬᠤ ᠭᠡᠰᠡᠨ ᠢ᠋ ᠭᠣᠷᠯᠣᠰ ᠤ᠋ᠨ ᠬᠣᠷᠢᠲᠠᠢ ᠭᠡᠳᠡᠭ ᠬᠥᠮᠦᠨ ᠴᠢᠩᠭᠢᠰ ᠬᠠᠭᠠᠨ ᠢ᠋ ᠭᠥᠷᠯᠡᠬᠦ ᠭᠡᠳᠡᠭ ᠭᠠᠵᠠᠷ ᠪᠠᠢᠬᠤ ᠳ᠋ᠤ᠌ ᠬᠦᠷᠴᠦ ᠢᠷᠡᠵᠦ ᠬᠡᠯᠡᠪᠡ᠂ ᠡᠨᠡ ᠬᠡᠯᠡ ᠶ᠋ᠢ ᠴᠢᠩᠭᠢᠰ ᠬᠠᠭᠠᠨ ᠠᠪᠤᠭᠠᠳ ᠸᠠᠩ ᠬᠠᠨ ᠳ᠋ᠤ᠌ ᠮᠠᠲᠠᠭᠳᠠᠪᠠᠯ᠂ ᠸᠠᠩ ᠬᠠᠨ ᠰᠣᠨᠣᠰᠤᠭᠠᠳ ᠴᠡᠷᠢᠭ ᠢ᠋ᠶ᠋ᠡᠨ ᠠᠪᠴᠤ ᠳᠠᠷᠤᠢ ᠴᠢᠩᠭᠢᠰ ᠬᠠᠭᠠᠨ ᠳ᠋ᠤ᠌ ᠬᠦᠷᠴᠦ ᠢᠷᠡᠪᠡ᠃
142᠂ ᠸᠠᠩ ᠬᠠᠨ ᠢ᠋ ᠢᠷᠠᠮᠠᠭᠴᠠ ᠴᠢᠩᠭᠢᠰ ᠬᠠᠭᠠᠨ ᠸᠠᠩ ᠬᠠᠨ ᠬᠣᠶᠠᠷ ᠬᠠᠮᠲᠤᠷᠠᠵᠤ ᠵᠠᠮᠤᠬ᠎ᠠ ᠶ᠋ᠢᠨ ᠡᠰᠡᠷᠭᠦ ᠪᠠᠢᠯᠳᠤᠬᠤ ᠪᠠᠷ ᠮᠣᠷᠢᠯᠠᠶ᠎ᠠ ᠭᠡᠵᠦ ᠬᠡᠷᠦᠯᠦᠨ ᠮᠥᠷᠡᠨ ᠤᠷᠤᠭᠤ ᠮᠣᠷᠳᠠᠵᠤ᠂ ᠴᠢᠩᠭᠢᠰ ᠬᠠᠭᠠᠨ ᠠᠯᠲᠠᠨ᠂ ᠬᠣᠴᠣᠷ᠂ ᠳᠠᠷᠳᠠᠢ ᠭᠤᠷᠪᠠ ᠶ᠋ᠢ ᠮᠠᠩᠯᠠᠢ ᠳ᠋ᠤ᠌ ᠶᠠᠪᠤᠭᠤᠯᠪᠠ᠂ ᠸᠠᠩ ᠬᠠᠨ ᠰᠡᠩᠭᠦᠮ᠂ ᠵᠠᠬ᠎ᠠ ᠭᠣᠮᠪᠣ᠂ ᠪᠡᠯᠭᠡ ᠪᠡᠬᠢ ᠭᠤᠷᠪᠠ ᠶ᠋ᠢ ᠮᠠᠩᠯᠠᠢ ᠳ᠋ᠤ᠌ ᠶᠠᠪᠤᠭᠤᠯᠪᠠ᠂ ᠡᠨᠡ ᠮᠠᠩᠯᠠᠢ ᠶᠠᠪᠤᠭᠴᠢᠳ ᠤ᠋ᠨ ᠲᠡᠷᠢᠭᠦᠨ ᠳ᠋ᠦ᠍ ᠪᠠᠰᠠ ᠬᠠᠷᠠᠭᠤᠯ ᠭᠠᠷᠭᠠᠵᠤ ᠡᠨᠡᠬᠡᠨ ᠬᠦᠢᠯᠡᠲᠦ ᠭᠡᠳᠡᠭ ᠭᠠᠵᠠᠷ ᠨᠢᠭᠡᠨ ᠰᠠᠭᠤᠷᠢᠨ ᠬᠠᠷᠠᠭᠤᠯ ᠲᠠᠯᠪᠢᠪᠠ᠂ ᠲᠡᠭᠦᠨ ᠦ᠌ ᠴᠠᠭᠠᠨ᠎ᠠ ᠴᠡᠬᠴᠡᠷᠡ ᠭᠡᠳᠡᠭ ᠭᠠᠵᠠᠷ ᠨᠢᠭᠡ ᠰᠠᠭᠤᠷᠢᠨ ᠬᠠᠷᠠᠭᠤᠯ ᠲᠠᠯᠪᠢᠪᠠ᠂ ᠲᠡᠭᠦᠨ ᠦ᠌ ᠴᠠᠭᠠᠨ᠎ᠠ ᠴᠢᠭᠣᠷᠭᠣ ᠭᠡᠳᠡᠭ ᠭᠠᠵᠠᠷ ᠨᠢᠭᠡ ᠰᠠᠭᠤᠷᠢᠨ ᠬᠠᠷᠠᠭᠤᠯ ᠲᠠᠯᠪᠢᠪᠠ᠃ ᠪᠢᠳᠡᠨ ᠦ᠌ ᠮᠠᠩᠯᠠᠢ ᠪᠣᠯᠵᠤ ᠲᠡᠷᠢᠭᠦᠯᠡᠨ ᠶᠠᠪᠤᠭᠰᠠᠨ ᠠᠯᠲᠠᠨ᠂ ᠬᠣᠴᠣᠷ᠂ ᠰᠡᠩᠭᠦᠮ ᠨᠠᠷ ᠣᠳᠬᠢᠶᠠ ᠭᠡᠳᠡᠭ ᠭᠠᠵᠠᠷ ᠬᠦᠷᠴᠦ ᠪᠠᠭᠤᠶ᠎ᠠ ᠭᠡᠵᠦ ᠪᠠᠢᠲᠠᠯ᠎ᠠ ᠴᠢᠭᠣᠷᠭᠣ ᠳ᠋ᠤ᠌ ᠲᠠᠯᠪᠢᠭᠰᠠᠨ ᠬᠠᠷᠠᠭᠤᠯ ᠠ᠋ᠴᠠ ᠬᠥᠮᠦᠨ ᠳᠠᠪᠬᠢᠨ ᠢᠷᠡᠵᠦ᠄ 《ᠳᠠᠢᠰᠤᠨ ᠠᠢᠰᠤᠢ》 ᠭᠡᠵᠦ ᠮᠡᠳᠡᠭᠡᠯᠡᠪᠡ᠂ ᠲᠡᠷᠡ ᠮᠡᠳᠡᠭᠡ ᠶ᠋ᠢ ᠠᠪᠤᠭᠠᠳ ᠳᠠᠢᠰᠤᠨ ᠠ᠋ᠴᠠ ᠲᠣᠳᠣᠷᠬᠠᠢ ᠬᠡᠯᠡ ᠮᠡᠳᠡᠭᠡ ᠶ᠋ᠢ ᠠᠪᠤᠶ᠎ᠠ ᠭᠡᠵᠦ ᠪᠠᠭᠣᠯ ᠦᠭᠡᠢ ᠤᠭᠲᠤᠨ ᠶᠠᠪᠤᠵᠤ᠂ ᠳᠠᠢᠰᠤᠨ ᠤ᠋ ᠲᠡᠷᠢᠭᠦᠨ ᠲᠡᠢ ᠠᠭᠤᠯᠵᠠᠵᠤ᠄ 《ᠬᠡᠨ ᠪᠣᠢ?》 ᠭᠡᠵᠦ ᠠᠰᠠᠭᠤᠪᠠᠯ ᠵᠠᠮᠤᠬ᠎ᠠ ᠶ᠋ᠢᠨ ᠮᠠᠩᠯᠠᠢ ᠪᠣᠯᠭᠠᠵᠤ ᠶᠠᠪᠤᠭᠤᠯᠤᠭᠰᠠᠨ ᠮᠣᠩᠭ᠋ᠣᠯ ᠤ᠋ᠨ ᠠᠭᠤᠴᠤ ᠪᠠᠭᠠᠲᠤᠷ᠂ ᠨᠢᠮᠡᠨ ᠦ᠌ ᠪᠣᠢ᠌ᠷᠣᠭ ᠬᠠᠨ᠂ ᠮᠡᠷᠭᠢᠳ ᠦ᠋ᠨ ᠲᠣᠭᠳᠣᠬ᠎ᠠ ᠪᠡᠬᠢ ᠶ᠋ᠢᠨ ᠬᠥᠪᠡᠭᠦᠨ ᠬᠣᠳᠣ᠂ ᠣᠢᠷᠠᠳ ᠤ᠋ᠨ ᠬᠣᠳᠣᠬᠠ ᠪᠡᠬᠢ ᠡᠨᠡ ᠳᠥᠷᠪᠡ ᠶᠠᠪᠤᠵᠤ ᠪᠠᠢᠨ᠎ᠠ᠂ ᠪᠢᠳᠡᠨ ᠦ᠌ ᠮᠠᠩᠯᠠᠢ ᠲᠡᠳᠡᠨ ᠲᠡᠢ ᠬᠠᠰᠬᠢᠷᠠᠯᠳᠣᠨ ᠬᠡᠯᠡᠯᠴᠡᠵᠦ ᠮᠠᠷᠭᠠᠰᠢ ᠪᠠᠢᠯᠳᠤᠬᠤ ᠪᠠᠷ ᠲᠣᠭᠲᠠᠭᠠᠳ ᠦᠳᠡᠰᠢ ᠪᠣᠯᠬᠤ ᠳ᠋ᠤ᠌ ᠪᠤᠴᠠᠵᠤ ᠭᠣᠣᠯ ᠳ᠋ᠤ᠌ ᠨᠡᠢᠯᠡᠨ ᠪᠠᠭᠤᠵᠤ ᠬᠣᠨᠣᠪᠠ᠃
143᠂ ᠲᠡᠭᠦᠨ ᠦ᠌ ᠮᠠᠷᠭᠠᠰᠢ ᠬᠣᠶᠠᠷ ᠡᠲᠡᠭᠡᠳ ᠬᠦᠢᠲᠡᠨ ᠭᠡᠳᠡᠭ ᠭᠠᠵᠠᠷ ᠤᠴᠠᠷᠠᠵᠤ ᠪᠡᠶ᠎ᠡ ᠪᠡᠶ᠎ᠡ ᠪᠡᠨ ᠰᠢᠬᠠᠯᠴᠠᠨ ᠳᠠᠪᠰᠢᠬᠤ ᠤᠬᠤᠷᠢᠬᠤ ᠵᠡᠷᠭᠡ ᠪᠡᠷ ᠪᠠᠢᠯᠳᠤᠵᠤ ᠪᠠᠢᠪᠠ᠂ ᠮᠥᠨ ᠪᠣᠢ᠌ᠷᠣᠭ ᠬᠠᠨ᠂ ᠬᠣᠨᠳᠣᠭᠠ ᠬᠣᠶᠠᠷ ᠵᠠᠳᠠ (ᠬᠤᠷ᠎ᠠ ᠣᠷᠣᠭᠤᠯᠬᠤ᠂ ᠰᠢᠭᠤᠷᠭ᠎ᠠ ᠰᠢᠭᠤᠷᠠᠭᠤᠯᠬᠤ) ᠶ᠋ᠢᠨ ᠠᠷᠭ᠎ᠠ ᠶ᠋ᠢ ᠮᠡᠳᠡᠬᠦ ᠠᠵᠠᠢ᠂ ᠲᠡᠷᠡ ᠬᠣᠶᠠᠷ ᠵᠠᠳᠠ ᠪᠠᠷᠢᠲᠠᠯ᠎ᠠ ᠮᠥᠨ ᠡᠭᠦᠰᠬᠡᠭᠰᠡᠨ ᠠᠷᠭ᠎ᠠ ᠨᠢ ᠲᠡᠳᠡᠨ ᠦ᠌ ᠳᠡᠭᠡᠷ᠎ᠡ ᠪᠠᠭᠤᠵᠤ ᠪᠠᠯᠴᠢᠭ ᠲᠤ᠌ ᠭᠤᠯᠭᠤᠵᠤ ᠶᠠᠪᠤᠬᠤ ᠠᠷᠭ᠎ᠠ ᠦᠭᠡᠢ ᠪᠣᠯᠬᠤ ᠳ᠋ᠤ᠌ ᠄ 《ᠪᠢᠳᠡᠨ ᠳ᠋ᠦ᠍ ᠲᠡᠭᠷᠢ ᠶ᠋ᠢᠨ ᠬᠢᠯᠢᠩ ᠪᠣᠯᠪᠠ 》 ᠭᠡᠳ ᠳᠤᠲᠠᠭᠠᠵᠠᠢ᠃
144᠂ ᠨᠢᠮᠡᠨ ᠦ᠌ ᠪᠣᠢ᠌ᠷᠣᠭ ᠬᠠᠨ᠂ ᠠᠯᠲᠠᠢ ᠶ᠋ᠢᠨ ᠥᠪᠥᠷ ᠣᠯᠤᠭ ᠲᠠᠭ ᠭᠡᠳᠡᠭ ᠭᠠᠵᠠᠷ ᠢ᠋ ᠵᠣᠷᠢᠨ ᠰᠠᠯᠵᠤ ᠬᠥᠳᠡᠯᠵᠡᠢ᠂ ᠮᠡᠷᠭᠢᠳ ᠦ᠋ᠨ ᠲᠣᠭᠳᠣᠬ᠎ᠠ ᠶ᠋ᠢᠨ ᠬᠥᠪᠡᠭᠦᠨ ᠬᠣᠲᠣ ᠰᠡᠯᠡᠩᠭᠡ ᠶ᠋ᠢ ᠵᠣᠷᠢᠨ ᠬᠥᠳᠡᠯᠵᠡᠢ᠂ ᠣᠢᠷᠠᠳ ᠤ᠋ᠨ ᠬᠣᠳᠣᠬᠠ ᠪᠡᠬᠢ ᠣᠢ ᠮᠣᠳᠣ ᠶ᠋ᠢ ᠬᠦᠰᠡᠵᠦ᠂ ᠰᠢᠰᠬᠢᠰ ᠢ᠋ ᠵᠣᠷᠢᠨ ᠬᠥᠳᠡᠯᠵᠡᠢ᠂ ᠲᠠᠢᠴᠢᠭᠤᠳ ᠤ᠋ᠨ ᠠᠭᠤᠴᠤ ᠪᠠᠭᠠᠲᠤᠷ ᠤᠨᠤᠨ ᠢ᠋ ᠵᠣᠷᠢᠨ ᠬᠥᠳᠡᠯᠵᠡᠢ᠂ ᠵᠠᠮᠤᠬ᠎ᠠ ᠥᠪᠡᠷ ᠢ᠋ᠶ᠋ᠡᠨ ᠬᠠᠭᠠᠨ ᠡᠷᠭᠦᠮᠵᠢᠯᠡᠭᠰᠡᠨ ᠢᠷᠭᠡᠳ ᠢ᠋ ᠳᠡᠭᠡᠷᠡᠮᠳᠡᠭᠡᠳ ᠡᠷᠭᠦᠨ᠎ᠡ ᠤᠷᠤᠭᠤ ᠪᠤᠴᠠᠵᠤ ᠬᠥᠳᠡᠯᠵᠡᠢ᠂ ᠲᠡᠳᠡᠨ ᠢ᠋ ᠲᠡᠭᠡᠵᠦ ᠪᠤᠲᠠᠷᠠᠬᠤ ᠳ᠋ᠤ᠌ ᠸᠠᠩ ᠬᠠᠨ ᠡᠷᠭᠦᠨ᠎ᠡ ᠤᠷᠤᠭᠤ ᠵᠠᠮᠤᠬ᠎ᠠ ᠶ᠋ᠢ ᠨᠡᠬᠡᠪᠡ᠂ ᠴᠢᠩᠭᠢᠰ ᠬᠠᠭᠠᠨ ᠤᠨᠤᠨ ᠤ᠋ ᠵᠦᠭ ᠲᠠᠢᠴᠢᠭᠤᠳ ᠤ᠋ᠨ ᠠᠭᠤᠴᠤ ᠪᠠᠭᠠᠲᠤᠷ ᠢ᠋ ᠨᠡᠬᠡᠪᠡ᠂ ᠠᠭᠤᠴᠤ ᠪᠠᠭᠠᠲᠤᠷ ᠤᠯᠤᠰ ᠲᠤ᠌ ᠪᠠᠨ ᠬᠦᠷᠦᠭᠡᠳ ᠤᠯᠤᠰ ᠢ᠋ᠶ᠋ᠠᠨ ᠳᠦᠷᠪᠡᠭᠦᠯᠵᠦ ᠬᠥᠳᠡᠯᠭᠡᠭᠡᠳ᠂ ᠠᠭᠤᠴᠤ ᠪᠠᠭᠠᠲᠤᠷ ᠬᠣᠳᠣᠨ ᠣᠷᠴᠠᠩ ᠨᠠᠷ ᠦᠯᠡᠳᠡᠭᠰᠡᠨ ᠰᠢᠯᠢᠳᠡᠭ ᠴᠡᠷᠢᠭ ᠢ᠋ᠶ᠋ᠡᠨ ᠵᠠᠰᠠᠵᠤ ᠤᠨᠤᠨ ᠤ᠋ ᠴᠠᠭᠠᠨ᠎ᠠ ᠪᠠᠢᠯᠳᠤᠬᠤ ᠪᠠᠷ ᠬᠦᠯᠢᠶᠡᠵᠦ ᠪᠠᠢᠵᠠᠢ᠂ ᠴᠢᠩᠭᠢᠰ ᠬᠠᠭᠠᠨ ᠬᠦᠷᠦᠭᠡᠳ ᠲᠠᠢᠴᠢᠭᠤᠳ ᠲᠠᠢ ᠪᠠᠢᠯᠳᠤᠪᠠ᠃ ᠵᠢᠭᠤᠷᠠᠯᠳᠤᠨ ᠶᠡᠬᠡᠳᠡ ᠪᠠᠢᠯᠳᠤᠭᠰᠠᠭᠠᠷ ᠦᠳᠡᠰᠢ ᠪᠣᠯᠬᠤ ᠳ᠋ᠤ᠌ ᠮᠥᠨ ᠪᠠᠢᠯᠳᠤᠭᠰᠠᠨ ᠭᠠᠵᠠᠷ ᠢ᠋ᠶ᠋ᠠᠨ ᠬᠣᠨᠣᠪᠠ᠂ ᠳᠦᠷᠪᠡᠭᠰᠡᠨ ᠠᠢᠯ ᠤ᠋ᠳ ᠪᠠᠢᠯᠳᠤᠭᠰᠠᠨ ᠴᠡᠷᠢᠭ ᠦ᠋ᠳ ᠲᠡᠢ ᠬᠠᠮᠲᠤ ᠬᠦᠷᠢᠶᠡᠯᠡᠵᠦ ᠬᠣᠨᠣᠪᠠ᠃
145᠂ ᠴᠢᠩᠭᠢᠰ ᠬᠠᠭᠠᠨ ᠲᠡᠷᠡ ᠪᠠᠢᠯᠳᠤᠭᠠᠨ ᠳ᠋ᠤ᠌ ᠬᠦᠵᠦᠭᠦᠨ ᠦ᠌ ᠰᠤᠳᠠᠰᠤ ᠨᠢ ᠰᠢᠷᠬᠠᠲᠤᠵᠤ ᠴᠢᠰᠤ ᠲᠣᠭᠲᠠᠬᠤ ᠦᠭᠡᠢ ᠶᠠᠳᠠᠷᠠᠨ ᠵᠣᠪᠠᠵᠤ᠂ ᠨᠠᠷᠠ ᠰᠢᠩᠭᠡᠬᠦ ᠳ᠋ᠦ᠍ ᠮᠥᠨ ᠪᠠᠢᠯᠳᠤᠭᠠᠨ ᠤ᠋ ᠭᠠᠵᠠᠷ ᠪᠠᠭᠤᠪᠠ᠂ ᠴᠢᠩᠭᠢᠰ ᠦ᠋ᠨ ᠪᠥᠭᠯᠡᠷᠡᠭᠰᠡᠨ ᠴᠢᠰᠤ ᠶ᠋ᠢ ᠵᠡᠯᠮ᠎ᠡ ᠠᠮᠠ ᠪᠠᠷ ᠰᠢᠮᠡᠵᠦ᠂ ᠤᠷᠤᠭᠤᠯ ᠢ᠋ᠶ᠋ᠠᠨ ᠴᠢᠰᠤᠳᠠᠵᠤ᠂ ᠪᠤᠰᠤ ᠬᠥᠮᠦᠨ ᠢ᠋ ᠢᠲᠡᠭᠡᠬᠦ ᠦᠭᠡᠢ ᠥᠪᠡᠷ ᠢ᠋ᠶ᠋ᠡᠨ ᠰᠠᠬᠢᠵᠤ ᠰᠠᠭᠤᠭᠰᠠᠭᠠᠷ ᠰᠥᠨᠢ ᠳᠦᠯᠢ ᠪᠣᠯᠪᠠ᠂ ᠴᠢᠰᠤ ᠶ᠋ᠢ ᠠᠮᠠ ᠳᠦᠭᠦᠷᠡᠩ ᠪᠠᠯᠭᠤᠵᠤ ᠠᠰᠬᠠᠭᠰᠠᠭᠠᠷ ᠰᠥᠨᠢ ᠳᠦᠯᠢ ᠥᠩᠭᠡᠷᠡᠪᠡᠯ ᠴᠢᠩᠭᠢᠰ ᠬᠠᠭᠠᠨ ᠤ᠋ ᠤᠬᠠᠭᠠᠨ ᠰᠡᠷᠭᠦᠵᠦ ᠥᠭᠦᠯᠡᠷᠦᠨ᠄ 《ᠴᠢᠰᠤ ᠬᠠᠲᠠᠵᠤ ᠭᠦᠢᠴᠡᠪᠡ᠂ ᠪᠢ ᠤᠮᠳᠠᠭᠠᠰᠴᠤ ᠪᠠᠢᠨ᠎ᠠ》 ᠭᠡᠪᠡ᠂ ᠲᠡᠨᠳᠡ ᠡᠴᠡ ᠵᠠᠯᠮ᠎ᠠ ᠮᠠᠯᠠᠭᠠᠢ ᠭᠤᠲᠤᠯ ᠳᠡᠪᠡᠯ ᠬᠤᠪᠴᠠᠰᠤ ᠪᠠᠨ ᠪᠦᠭᠦᠳᠡ ᠶ᠋ᠢ ᠨᠢ ᠲᠠᠢᠯᠵᠤ᠂ ᠭᠠᠭᠴᠠᠬᠦ ᠲᠣᠲᠤᠭᠤᠵᠠ (ᠳᠣᠲᠣᠭᠤᠷ ᠥᠮᠥᠳᠥ) ᠲᠡᠢ ᠴᠢᠷᠠᠮᠤᠨ ᠨᠢᠴᠦᠭᠦᠨ ᠢ᠋ᠶ᠋ᠡᠷ ᠡᠰᠡᠷᠭᠦ ᠳᠠᠢᠰᠤᠨ ᠤ᠋ ᠳᠤᠮᠳᠠ ᠭᠦᠶᠦᠨ ᠣᠷᠣᠵᠤ᠂ ᠴᠠᠭᠠᠨ᠎ᠠ ᠬᠦᠷᠢᠶᠡᠯᠡᠨ ᠪᠠᠭᠤᠭᠰᠠᠨ ᠢᠷᠭᠡᠨ ᠦ᠌ ᠲᠡᠷᠭᠡᠨ ᠳᠡᠭᠡᠷ᠎ᠡ ᠠᠪᠠᠷᠢᠵᠤ ᠭᠠᠷᠤᠭᠠᠳ ᠡᠰᠦᠭ (ᠴᠡᠬᠡ) ᠡᠷᠢᠵᠦ ᠣᠯᠤᠭᠰᠠᠨ ᠦᠭᠡᠢ᠂ ᠤᠴᠢᠷ ᠨᠢ ᠳᠦᠷᠪᠡᠵᠦ ᠶᠠᠪᠤᠭ᠎ᠠ ᠠᠢᠯ ᠤ᠋ᠳ ᠭᠡᠭᠦᠦ ᠪᠡᠨ ᠰᠠᠭᠠᠯ ᠦᠭᠡᠢ ᠲᠠᠯᠪᠢᠭᠰᠠᠨ ᠠᠵᠢ᠂ ᠡᠰᠦᠭ ᠣᠯᠳᠠᠬᠤ ᠦᠭᠡᠢ ᠲᠤᠯᠠ ᠨᠢᠭᠡᠨ ᠶᠡᠬᠡ ᠬᠥᠬᠦᠦᠷ ᠲᠡᠢ ᠲᠠᠷᠠᠭ ᠢ᠋ ᠲᠡᠷᠭᠡᠨ ᠡᠴᠡ ᠬᠤᠯᠠᠭᠠᠢᠯᠠᠨ ᠠᠪᠴᠤ ᠡᠷᠭᠢᠵᠦ ᠢᠷᠡᠪᠡ᠃ ᠵᠠᠯᠮ᠎ᠠ ᠵᠠᠮ ᠶᠠᠪᠤᠬᠤ ᠪᠠ ᠢᠷᠡᠬᠦ ᠳ᠋ᠦ᠍ ᠪᠡᠨ ᠨᠢᠬᠡᠴᠦ ᠬᠥᠮᠦᠨ ᠳ᠋ᠦ᠍ ᠮᠠᠲᠠᠭᠳᠠᠭᠰᠠᠨ ᠦᠭᠡᠢ᠂ ᠲᠩᠷᠢ ᠢᠪᠡᠭᠡᠭᠰᠡᠨ ᠪᠢᠵᠡ᠃ ᠬᠥᠬᠦᠦᠷ ᠲᠡᠢ ᠲᠠᠷᠠᠭ ᠢ᠋ ᠠᠪᠴᠢᠷᠠᠭᠠᠳ ᠵᠡᠯᠮ᠎ᠡ ᠥᠪᠡᠷ ᠢ᠋ᠶ᠋ᠡᠨ ᠪᠠᠰᠠ ᠤᠰᠤ ᠣᠯᠵᠤ ᠠᠪᠴᠢᠷᠠᠵᠤ ᠲᠠᠷᠠᠭ ᠢ᠋ ᠵᠢᠭᠤᠷᠠᠵᠤ ᠴᠢᠩᠭᠢᠰ ᠬᠠᠭᠠᠨ ᠳ᠋ᠤ᠌ ᠤᠤᠭᠤᠯᠭᠠᠪᠠ᠃ ᠴᠢᠩᠭᠢᠰ ᠬᠠᠭᠠᠨ ᠭᠤᠷᠪᠠᠨᠲᠠ ᠠᠮᠠᠷᠠᠨ ᠤᠤᠭᠤᠵᠤ ᠥᠭᠦᠯᠡᠷᠦᠨ᠄ 《ᠳᠣᠲᠣᠷ᠎ᠠ ᠮᠢᠨᠢ ᠰᠠᠷᠠᠭᠤᠯ ᠪᠣᠯᠪᠠ》 ᠭᠡᠳ ᠥᠨᠳᠡᠢᠵᠦ ᠰᠠᠭᠤᠲᠠᠯ᠎ᠠ ᠦᠷ ᠴᠠᠢᠵᠤ ᠭᠡᠭᠡᠨ ᠪᠣᠯᠤᠭᠰᠠᠨ ᠠᠵᠠᠢ᠂ ᠵᠡᠯᠮ᠎ᠡ ᠶ᠋ᠢᠨ ᠰᠢᠮᠡᠵᠦ ᠠᠰᠬᠠᠭᠰᠠᠨ ᠴᠢᠰᠤ ᠲᠡᠳᠡᠨ ᠦ᠌ ᠰᠠᠭᠤᠭᠰᠠᠨ ᠣᠷᠴᠢᠨ ᠤ᠋ ᠭᠠᠵᠠᠷ ᠢ᠋ ᠨᠠᠮᠤᠭ ᠪᠣᠯᠭᠠᠵᠠᠢ᠂ ᠡᠭᠦᠨ ᠢ᠋ ᠴᠢᠩᠭᠢᠰ ᠬᠠᠭᠠᠨ ᠦᠵᠡᠵᠦ ᠥᠭᠦᠯᠡᠷᠦᠨ᠄ 《ᠡᠨᠡ ᠶᠠᠭᠤ ᠪᠣᠢ? ᠬᠣᠯᠠ ᠠᠰᠬᠠᠬᠤ ᠦᠭᠡᠢ ᠶᠠᠭᠠᠬᠢᠭᠰᠠᠨ ᠶᠤᠮ ᠪᠣᠢ?》 ᠭᠡᠪᠡ᠂ ᠡᠭᠦᠨ ᠳ᠋ᠦ᠍ ᠵᠠᠯᠮ᠎ᠠ ᠥᠭᠦᠯᠡᠷᠦᠨ᠄ 《ᠴᠢᠮ᠎ᠠ ᠶ᠋ᠢ ᠵᠣᠪᠠᠭᠤᠷᠢ ᠪᠠᠢᠬᠤ ᠳ᠋ᠤ᠌ ᠬᠣᠯᠠ ᠶᠠᠪᠤᠬᠤ ᠠ᠋ᠴᠠ ᠡᠷᠡᠭᠡᠯᠵᠡᠵᠦ᠂ ᠠᠶᠤᠵᠤ ᠰᠠᠨᠳᠤᠷᠤᠨ ᠵᠠᠯᠭᠢᠬᠤ ᠶ᠋ᠢ ᠨᠢ ᠵᠠᠯᠭᠢᠭᠠᠳ ᠠᠰᠬᠠᠬᠤ ᠶ᠋ᠢ ᠨᠢ ᠠᠰᠬᠠᠭᠠᠳ ᠪᠠᠢᠭᠰᠠᠨ ᠪᠢᠯᠡ᠂ ᠬᠡᠪᠡᠯᠢ ᠳ᠋ᠦ᠍ ᠮᠢᠨᠢ ᠪᠠᠰᠠ ᠦᠯᠡᠮᠵᠢ ᠣᠷᠣᠪᠠ ᠭᠡᠪᠡ᠃ ᠴᠢᠩᠭᠢᠰ ᠬᠠᠭᠠᠨ ᠪᠠᠰᠠ ᠥᠭᠦᠯᠡᠷᠦᠨ᠄ 《ᠨᠠᠮ᠎ᠠ ᠶ᠋ᠢ ᠡᠢᠮᠦ ᠪᠣᠯᠵᠤ ᠬᠡᠪᠲᠡᠨ ᠪᠠᠢᠲᠠᠯ᠎ᠠ ᠴᠢ ᠶᠠᠭᠠᠬᠢᠭᠠᠳ ᠨᠢᠴᠦᠭᠦᠨ ᠭᠦᠶᠦᠵᠦ ᠣᠳᠪᠠ? ᠴᠢ ᠪᠠᠷᠢᠭᠳᠠᠪᠠᠯ ᠨᠠᠮ᠎ᠠ ᠶ᠋ᠢ ᠡᠨᠳᠡ ᠢᠩᠭᠢᠵᠦ ᠬᠡᠪᠲᠡᠭᠡ ᠭᠡᠵᠦ ᠬᠡᠯᠡᠬᠦ ᠪᠠᠢᠭᠰᠠᠨ ᠪᠢᠰᠢ ᠤᠤ?》 ᠭᠡᠰᠡᠨ ᠳ᠋ᠦ᠍ ᠵᠡᠯᠮ᠎ᠡ ᠥᠭᠦᠯᠡᠷᠦᠨ᠄ 《ᠪᠢ ᠢᠩᠭᠢᠵᠦ ᠪᠣᠳᠣᠭᠰᠠᠨ ᠪᠢᠯᠡ᠂ ᠨᠢᠴᠦᠭᠦᠨ ᠶᠠᠪᠣᠭᠠᠠᠳ ᠬᠡᠷᠪᠡ ᠪᠠᠷᠢᠭᠳᠠᠪᠠᠯ᠂ ᠪᠢ ᠲᠡᠳᠡᠨ ᠳ᠋ᠦ᠍ ᠢᠩᠭᠢᠵᠦ ᠬᠡᠯᠡᠨ᠎ᠡ᠄ ᠪᠢ ᠲᠠᠨ ᠳ᠋ᠤ᠌ ᠣᠷᠣᠬᠤ ᠳᠤᠷ᠎ᠠ ᠲᠠᠢ ᠪᠢᠯᠡ᠂ ᠭᠡᠲᠡᠯ᠎ᠡ ᠮᠠᠨ ᠤ᠋ ᠬᠢᠨ ᠡᠭᠦᠨ ᠢ᠋ ᠮᠡᠳᠡᠵᠦ ᠨᠠᠮ᠎ᠠ ᠶ᠋ᠢ ᠪᠠᠷᠢᠵᠤ ᠠᠯᠠᠶ᠎ᠠ ᠭᠡᠵᠦ ᠬᠤᠪᠴᠠᠰᠤ ᠶ᠋ᠢ ᠮᠢᠨᠢ ᠴᠥᠮ ᠲᠠᠢᠯᠵᠤ᠂ ᠭᠠᠭᠴᠠᠬᠦ ᠥᠮᠥᠳᠥ ᠶ᠋ᠢ ᠲᠠᠢᠯᠤᠭ᠎ᠠ ᠦᠭᠡᠢ ᠪᠠᠢᠲᠠᠯ᠎ᠠ ᠪᠢ ᠮᠣᠯᠳᠣᠷᠴᠣ ᠲᠠᠨ ᠳ᠋ᠤ᠌ ᠳᠤᠲᠠᠭᠠᠵᠤ ᠢᠷᠡᠪᠡ ᠭᠡᠵᠦ ᠬᠡᠯᠡᠨ᠎ᠡ᠂ ᠮᠢᠨᠦ ᠦᠭᠡ ᠶ᠋ᠢ ᠲᠡᠳᠡ ᠦᠨᠡᠮᠰᠢᠵᠦ ᠨᠠᠳᠠ ᠳ᠋ᠤ᠌ ᠬᠤᠪᠴᠠᠰᠤ ᠥᠭᠴᠦ ᠠᠰᠠᠷᠠᠨ᠎ᠠ᠂ ᠪᠢ ᠲᠡᠭᠡᠬᠦ ᠳ᠋ᠦ᠍ ᠨᠢᠭᠡ ᠮᠣᠷᠢ ᠣᠯᠵᠤ ᠤᠨᠤᠭᠠᠳ ᠬᠦᠷᠴᠦ ᠢᠷᠡᠵᠦ ᠴᠢᠳᠠᠬᠤ ᠪᠢᠰᠢ ᠤᠤ? ᠪᠢ ᠢᠩᠭᠢᠵᠦ ᠪᠣᠳᠣᠭᠠᠳ ᠬᠠᠭᠠᠨ ᠤ᠋ ᠵᠣᠪᠠᠭᠰᠠᠨ ᠪᠡᠶ᠎ᠡ ᠶ᠋ᠢ ᠠᠮᠠᠷᠠᠭᠤᠯᠤᠶᠠ ᠭᠡᠵᠦ ᠨᠢᠳᠦ ᠴᠠᠪᠴᠢᠬᠤ ᠵᠠᠭᠤᠷ᠎ᠠ ᠰᠢᠢᠳᠴᠦ ᠣᠳᠤᠭᠰᠠᠨ ᠪᠢᠯᠡ》 ᠭᠡᠪᠡ᠂ ᠴᠢᠩᠭᠢᠰ ᠬᠠᠭᠠᠨ ᠥᠭᠦᠯᠡᠷᠦᠨ᠄ 《ᠪᠢ ᠣᠳᠣ ᠶᠠᠭᠤ ᠭᠡᠬᠦ ᠪᠣᠢ? ᠨᠠᠮ᠎ᠠ ᠶ᠋ᠢ ᠤᠷᠢᠳᠤ ᠭᠤᠷᠪᠠᠨ ᠮᠡᠷᠭᠢᠳ ᠲᠦ᠍ ᠬᠥᠨᠥᠭᠡᠭᠳᠡᠵᠦ ᠪᠤᠷᠬᠠᠨ ᠬᠠᠯᠳᠤᠨ ᠳ᠋ᠤ᠌ ᠬᠣᠷᠭᠣᠭᠳᠠᠵᠣ ᠭᠤᠷᠪᠠᠨᠲᠠ ᠨᠡᠨᠬᠵᠢᠬᠥᠯᠬᠥ ᠳ᠋ᠦ᠍ ᠴᠢ ᠮᠢᠨᠦ ᠠᠮᠢ ᠶ᠋ᠢ ᠨᠢᠭᠡ ᠠᠪᠤᠷᠠᠵᠤ ᠭᠠᠷᠤᠯ᠎ᠠ᠂ ᠣᠳᠣ ᠴᠢ ᠪᠠᠰᠠ ᠬᠠᠯᠢᠵᠤ ᠪᠦᠬᠦᠢ ᠴᠢᠰᠤ ᠶ᠋ᠢ ᠠᠮᠠ ᠪᠠᠷ ᠢ᠋ᠶ᠋ᠠᠨ ᠰᠢᠮᠡᠵᠦ ᠠᠮᠢᠨ ᠳ᠋ᠤ᠌ ᠮᠢᠨᠢ ᠨᠢᠭᠡ ᠣᠷᠣᠪᠠ᠂ ᠪᠠᠰᠠ ᠴᠠᠩᠭ᠋ᠠᠵᠣ ᠶᠠᠳᠠᠷᠠᠨ ᠪᠠᠢᠬᠤ ᠳ᠋ᠤ᠌ ᠠᠮᠢ ᠪᠠᠨ ᠦᠷᠡᠵᠦ ᠨᠢᠳᠦ ᠦᠵᠡᠭᠰᠡᠭᠡᠷ ᠳᠠᠢᠰᠤᠨ ᠤ᠋ ᠳᠣᠲᠣᠷ᠎ᠠ ᠣᠷᠣᠵᠤ ᠤᠮᠳᠠᠭᠠᠨ ᠠᠪᠴᠢᠷᠠᠵᠤ ᠠᠮᠢᠨ ᠳ᠋ᠤ᠌ ᠮᠢᠨᠢ ᠣᠷᠣᠪᠠ᠂ ᠡᠨᠡ ᠭᠤᠷᠪᠠᠨ ᠠᠴᠢ ᠶ᠋ᠢ ᠴᠢᠨᠢ ᠡᠭᠦᠷᠢᠳᠡ ᠮᠠᠷᠲᠠᠬᠤ ᠦᠭᠡᠢ᠂》 ᠭᠡᠵᠦ ᠵᠠᠷᠯᠢᠭ ᠪᠣᠯᠪᠠ᠃
146᠂ ᠡᠳᠦᠷ ᠪᠣᠯᠬᠤ ᠳ᠋ᠤ᠌ ᠦᠵᠡᠪᠡᠯ᠂ ᠪᠠᠢᠯᠳᠤᠬᠤ ᠳ᠋ᠤ᠌ ᠪᠡᠯᠡᠨ ᠬᠣᠨᠣᠭᠰᠠᠨ ᠳᠠᠢᠰᠤᠨ ᠤ᠋ ᠴᠡᠷᠢᠭ ᠦ᠋ᠳ ᠰᠥᠨᠢ ᠳ᠋ᠦ᠍ ᠪᠡᠨ ᠪᠤᠲᠠᠷᠠᠨ ᠳᠤᠲᠠᠭᠠᠵᠠᠢ᠂ ᠬᠠᠷᠢᠨ ᠬᠦᠷᠢᠶᠡᠯᠡᠵᠦ ᠪᠠᠭᠣᠰᠠᠨ ᠢᠷᠭᠡᠳ ᠴᠡᠷᠢᠭ ᠦ᠋ᠨ ᠬᠠᠮᠲᠤ ᠬᠤᠷᠳᠤᠨ ᠨᠡᠭᠦᠵᠦ ᠦᠯᠦ ᠴᠢᠳᠠᠬᠤ ᠤᠴᠢᠷ ᠠ᠋ᠴᠠ ᠬᠥᠳᠡᠯᠦᠭᠰᠡᠨ ᠦᠭᠡᠢ ᠬᠣᠴᠣᠷᠴᠠᠢ᠂ ᠳᠦᠷᠪᠡᠭᠰᠡᠨ ᠤᠯᠤᠰ ᠢ᠋ ᠬᠤᠷᠢᠶᠠᠵᠤ ᠠᠪᠴᠢᠷᠠᠶ᠎ᠠ ᠭᠡᠵᠦ ᠴᠢᠩᠭᠢᠰ ᠬᠠᠭᠠᠨ ᠬᠣᠨᠣᠭᠰᠠᠨ ᠭᠠᠵᠠᠷ ᠡᠴᠡ ᠪᠡᠨ ᠮᠣᠷᠳᠠᠵᠤ᠂ ᠳᠦᠷᠪᠡᠭᠰᠡᠨ ᠤᠯᠤᠰ ᠢ᠋ ᠬᠣᠷᠢᠶᠠᠨ ᠶᠠᠪᠤᠬᠤ ᠳ᠋ᠤ᠌ ᠨᠢᠭᠡ ᠤᠯᠠᠭᠠᠨ ᠳᠡᠪᠡᠯ ᠲᠡᠢ ᠡᠮ᠎ᠡ ᠬᠥᠮᠦᠨ 《ᠲᠡᠮᠦᠵᠢᠨ᠂ ᠲᠡᠮᠦᠵᠢᠨ》 ᠭᠡᠵᠦ ᠶᠡᠬᠡ ᠳᠠᠭᠤ ᠪᠠᠷ ᠤᠬᠢᠯᠠᠨ ᠬᠠᠢᠯᠠᠨ ᠪᠠᠷᠬᠢᠷᠠᠬᠤ ᠶ᠋ᠢ ᠴᠢᠩᠭᠢᠰ ᠬᠠᠭᠠᠨ ᠥᠪᠡᠷ ᠢ᠋ᠶ᠋ᠡᠨ ᠰᠣᠨᠣᠰᠴᠤ᠄ 《ᠶᠠᠮᠠᠷ ᠬᠥᠮᠦᠨ ᠦ᠌ ᠡᠮ᠎ᠡ ᠡᠢᠨᠬᠦ ᠤᠬᠢᠯᠠᠵᠤ ᠪᠠᠢᠨ᠎ᠠ?》 ᠭᠡᠵᠦ ᠠᠰᠠᠭᠤᠯᠭᠠᠬᠤ ᠪᠠᠷ ᠬᠥᠮᠦᠨ ᠢᠯᠡᠭᠡᠪᠡ᠂ ᠲᠡᠷᠡ ᠬᠥᠮᠦᠨ ᠣᠴᠢᠵᠤ ᠠᠰᠠᠭᠤᠪᠠᠯ ᠲᠡᠷᠡ ᠡᠮ᠎ᠡ ᠥᠭᠦᠯᠡᠷᠦᠨ᠄ 《ᠪᠢ ᠰᠣᠷᠬᠠᠨ ᠰᠢᠷ᠎ᠠ ᠶ᠋ᠢᠨ ᠥᠬᠢᠨ ᠬᠠᠲᠠᠭᠠᠨ ᠨᠡᠷ᠎ᠡ ᠲᠡᠢ᠂ ᠡᠷ᠎ᠡ ᠶ᠋ᠢ ᠮᠢᠨᠢ ᠡᠨᠳᠡ ᠴᠡᠷᠢᠭ ᠦ᠋ᠳ ᠪᠠᠷᠢᠵᠤ ᠠᠯᠠᠬᠤ ᠭᠡᠵᠦ ᠪᠠᠢᠨ᠎ᠠ᠂ ᠡᠷ᠎ᠡ ᠶ᠋ᠢ ᠮᠢᠨᠢ ᠠᠪᠤᠷᠠᠵᠤ ᠠᠯᠢ ᠭᠡᠵᠦ ᠲᠡᠮᠦᠵᠢᠨ ᠢ᠋ ᠳᠠᠭᠤᠳᠠᠵᠤ ᠤᠬᠢᠯᠠᠪᠠ᠂》 ᠭᠡᠪᠡ᠂ ᠲᠡᠷᠡ ᠬᠥᠮᠦᠨ ᠪᠤᠴᠠᠵᠤ ᠢᠷᠡᠭᠡᠳ ᠴᠢᠩᠭᠢᠰ ᠬᠠᠭᠠᠨ ᠳ᠋ᠤ᠌ ᠲᠡᠭᠦᠨ ᠦ᠌ ᠦᠭᠡ ᠶ᠋ᠢ ᠥᠭᠦᠯᠡᠪᠡᠯ᠂ ᠴᠢᠩᠭᠢᠰ ᠬᠠᠭᠠᠨ ᠰᠣᠨᠣᠰᠤᠭᠠᠳ ᠳᠠᠪᠬᠢᠨ ᠣᠴᠢᠵᠤ ᠮᠣᠷᠢᠨ ᠠ᠋ᠴᠠ ᠪᠠᠨ ᠪᠠᠭᠤᠭᠠᠳ ᠬᠠᠲᠠᠭᠠᠨ ᠲᠠᠢ ᠲᠡᠪᠡᠷᠢᠯᠳᠦᠪᠡ᠂ ᠭᠡᠲᠡᠯ᠎ᠡ ᠡᠷ᠎ᠡ ᠶ᠋ᠢ ᠨᠢ ᠮᠠᠨ ᠤ᠋ ᠴᠡᠷᠢᠭ ᠦ᠋ᠳ ᠲᠡᠷᠡ ᠵᠠᠪᠰᠠᠷ ᠨᠢᠭᠡᠨᠲᠡ ᠠᠯᠠᠵᠠᠢ᠃ ᠲᠡᠷᠡ ᠤᠯᠤᠰ ᠢ᠋ ᠬᠤᠷᠢᠶᠠᠵᠤ ᠠᠪᠤᠭᠠᠳ ᠴᠢᠩᠭᠢᠰ ᠬᠠᠭᠠᠨ ᠶᠡᠬᠡ ᠴᠡᠷᠢᠭ ᠦ᠋ᠨ ᠬᠠᠮᠲᠤ ᠮᠥᠨ ᠲᠡᠨᠳᠡ ᠪᠠᠭᠤᠵᠤ ᠬᠣᠨᠣᠪᠠ᠂ ᠬᠠᠲᠠᠭᠠᠨ ᠢ᠋ ᠤᠷᠢᠨ ᠢᠷᠡᠭᠦᠯᠵᠦ ᠳᠡᠷᠭᠡᠳᠡ ᠪᠡᠨ ᠰᠠᠭᠤᠯᠭᠠᠪᠠ᠂ ᠮᠠᠷᠭᠠᠰᠢ ᠶ᠋ᠢᠨ ᠡᠳᠦᠷ ᠲᠠᠢᠴᠢᠭᠤᠳ ᠤ᠋ᠨ ᠲᠦᠢᠳᠦᠭᠡ ᠶ᠋ᠢᠨ ᠬᠠᠷᠢᠶᠠᠲᠤ ᠪᠠᠢᠭᠰᠠᠨ ᠰᠣᠷᠬᠠᠨ ᠰᠢᠷ᠎ᠠ᠂ ᠵᠡᠪᠡ ᠬᠣᠶᠠᠷ ᠬᠦᠷᠴᠦ ᠢᠷᠡᠪᠡᠯ᠂ ᠴᠢᠩᠭᠢᠰ ᠬᠠᠭᠠᠨ ᠰᠣᠷᠬᠠᠨ ᠰᠢᠷ᠎ᠠ ᠳ᠋ᠤ᠌ ᠥᠭᠦᠯᠡᠷᠦᠨ᠄
《ᠬᠦᠵᠦᠭᠦᠨ ᠳ᠋ᠦ᠍ ᠮᠢᠨᠢ ᠤᠭᠯᠠᠭᠰᠠᠨ ᠬᠦᠨᠳᠦ ᠮᠣᠳᠣ ᠶ᠋ᠢ ᠬᠦᠰᠡᠷ᠎ᠡ ᠬᠠᠶᠠᠭᠰᠠᠨ ᠵᠠᠬᠠᠨ ᠳ᠋ᠤ᠌ ᠮᠢᠨᠢ ᠤᠭᠯᠠᠭᠰᠠᠨ ᠵᠠᠭᠠᠳᠠᠰᠤ ᠳᠥᠩᠭᠡ ᠶ᠋ᠢ ᠮᠢᠨᠢ ᠵᠠᠢᠯᠠᠭᠤᠯᠵᠤ ᠥᠭᠭᠦᠭᠰᠡᠨ ᠡᠴᠢᠭᠡ ᠮᠡᠲᠦ ᠠᠴᠢᠲᠠᠨ ᠡᠷᠬᠢᠮ ᠠᠬ᠎ᠠ ᠲᠠ ᠢᠩᠭᠢᠵᠦ ᠶᠠᠭᠤᠨ ᠳ᠋ᠤ᠌ ᠶᠡᠬᠡ ᠬᠣᠵᠢᠳᠠᠵᠤ ᠢᠷᠡᠪᠡ?》 ᠭᠡᠪᠡ᠃ ᠰᠣᠷᠬᠠᠨ ᠰᠢᠷ᠎ᠠ ᠥᠭᠦᠯᠡᠷᠦᠨ᠄ 《ᠪᠢ ᠴᠢᠮ᠎ᠠ ᠳ᠋ᠤ᠌ ᠳᠣᠲᠣᠷ᠎ᠠ ᠪᠠᠨ ᠭᠦᠨ ᠢᠲᠡᠭᠡᠭᠰᠡᠭᠡᠷ ᠪᠢᠯᠡ᠂ ᠶᠠᠭᠠᠷᠠᠭᠠᠳ ᠶᠠᠭᠠᠬᠢᠬᠤ ᠪᠣᠢ? ᠬᠡᠷᠪᠡ ᠶᠠᠭᠠᠷᠠᠵᠤ ᠤᠷᠢᠳᠤ ᠢᠷᠡᠪᠡᠯ ᠲᠠᠢᠴᠢᠭᠤᠳ ᠤ᠋ᠨ ᠨᠣᠶᠠᠳ ᠮᠢᠨᠦ ᠬᠣᠴᠣᠷᠤᠭᠰᠠᠨ ᠡᠮ᠎ᠡ᠂ ᠬᠥᠪᠡᠭᠦᠳ ᠪᠠ ᠠᠳᠤᠭᠤ ᠮᠠᠯ ᠢ᠋ ᠦᠨᠡᠰᠦ ᠪᠡᠷ ᠬᠡᠢᠰᠬᠡᠬᠦ ᠨᠢ ᠮᠠᠭᠠᠳ ᠲᠤᠯᠠ ᠪᠢ ᠶᠠᠭᠠᠷᠠᠭᠰᠠᠨ ᠦᠭᠡᠢ᠂ ᠣᠳᠣ ᠬᠠᠭᠠᠨ ᠳ᠋ᠤ᠌ ᠪᠠᠨ ᠨᠡᠢᠯᠡᠵᠦ ᠢᠷᠡᠪᠡ》 ᠭᠡᠪᠡ᠂ ᠡᠨᠡ ᠦᠭᠡ ᠶ᠋ᠢ ᠰᠣᠨᠣᠰᠴᠤ ᠴᠢᠩᠭᠢᠰ ᠬᠠᠭᠠᠨ 《ᠵᠥᠪ》 ᠭᠡᠪᠡ᠃
147᠂ ᠪᠠᠰᠠ ᠴᠢᠩᠭᠢᠰ ᠬᠠᠭᠠᠨ ᠥᠭᠦᠯᠡᠷᠦᠨ᠄ 《ᠬᠦᠢᠲᠡᠨ ᠭᠡᠳᠡᠭ ᠭᠠᠵᠠᠷ ᠤᠷᠤᠭᠰᠢᠯᠠᠬᠤ ᠤᠬᠤᠷᠢᠬᠤ ᠵᠡᠷᠭᠡ ᠪᠡᠷ ᠪᠠᠢᠯᠳᠤᠵᠤ ᠪᠠᠢᠬᠤ ᠳ᠋ᠤ᠌ ᠠᠭᠤᠯᠠᠨ ᠳᠡᠭᠡᠷ᠎ᠡ ᠡᠴᠡ ᠬᠠᠷᠪᠤᠵᠤ ᠮᠢᠨᠦ ᠪᠠᠢᠯᠳᠤᠭᠠᠨ ᠤ᠋ ᠠᠮᠠ ᠴᠠᠭᠠᠨ ᠬᠣᠯᠠ ᠮᠣᠷᠢᠨ ᠤ᠋ ᠠᠮᠠᠨ ᠬᠦᠵᠦᠭᠦᠦ ᠶ᠋ᠢ ᠬᠡᠨ ᠰᠢᠷᠬᠠᠲᠤᠭᠤᠯᠤᠭᠰᠠᠨ ᠪᠣᠢ?》 ᠭᠡᠪᠡᠯ ᠲᠡᠷᠡ ᠦᠭᠡ ᠶ᠋ᠢ ᠰᠣᠨᠣᠰᠴᠤ ᠵᠡᠪᠡ ᠥᠭᠦᠯᠡᠷᠦᠨ᠄ 《ᠠᠭᠤᠯᠠᠨ ᠳᠡᠭᠡᠷ᠎ᠡ ᠡᠴᠡ ᠬᠠᠷᠪᠤᠭᠰᠠᠨ ᠬᠥᠮᠦᠨ ᠪᠢ ᠪᠢᠯᠡ᠂ᠣᠳᠣ ᠬᠠᠭᠠᠨ ᠨᠠᠮ᠎ᠠ ᠶ᠋ᠢ ᠠᠯᠠᠶ᠎ᠠ ᠭᠡᠪᠡᠯ ᠠᠯᠠ ᠠᠯᠠᠭᠠᠨ ᠤ᠋ ᠲᠡᠳᠦᠢ ᠭᠠᠵᠠᠷ ᠢ᠋ ᠠᠯᠠᠭ ᠪᠣᠯᠭᠠᠵᠤ ᠦᠮᠡᠬᠡᠢᠷᠡᠬᠦ ᠠᠯᠲᠠ ᠪᠡᠶ᠎ᠡ ᠪᠠᠢᠨ᠎ᠠ ᠠᠪᠤᠷᠠᠶ᠎ᠠ ᠭᠡᠵᠦ ᠰᠠᠨᠠᠭᠠᠳ ᠠᠮᠢ ᠶ᠋ᠢ ᠮᠢᠨᠢ ᠰᠣᠶᠣᠷᠬᠠᠪᠠᠯ ᠬᠠᠯᠲᠤ ᠭᠡᠰᠡᠨ ᠭᠠᠵᠠᠷ ᠲᠤ᠌ ᠴᠢᠨᠢ ᠬᠠᠷᠠᠢᠵᠤ ᠣᠴᠢᠭᠠᠳ ᠪᠢ ᠬᠠᠷ᠎ᠠ ᠤᠰᠤ ᠶ᠋ᠢ ᠴᠠᠯᠭᠢᠲᠠᠯ᠎ᠠ ᠬᠠᠳᠠ ᠴᠢᠯᠠᠭᠤ ᠶ᠋ᠢ ᠬᠡᠮᠬᠡᠷᠡᠲᠡᠯ᠎ᠡ ᠬᠠᠷᠢ ᠳᠠᠢᠰᠤᠨ ᠢ᠋ ᠳᠣᠪᠲᠣᠯᠵᠤ ᠬᠠᠭᠠᠨ ᠴᠢᠮ᠎ᠠ ᠳ᠋ᠤ᠌ ᠲᠤᠰᠠᠯᠠᠶ᠎ᠠ ᠴᠡᠭᠡᠯ ᠦ᠋ᠨ ᠤᠰᠤ ᠶ᠋ᠢ ᠴᠠᠯᠭᠢᠲᠠᠯ᠎ᠠ ᠴᠡᠭᠡᠨ ᠴᠢᠯᠠᠭᠤ ᠶ᠋ᠢ ᠬᠠᠭᠠᠷᠠᠲᠠᠯ᠎ᠠ ᠴᠢᠩ ᠵᠣᠷᠢᠭ ᠢ᠋ ᠭᠠᠷᠭᠠᠵᠤ ᠴᠢᠩᠭᠢᠰ ᠴᠢᠮ᠎ᠠ ᠳ᠋ᠤ᠌ ᠲᠤᠰᠠᠯᠠᠶ᠎ᠠ ᠬᠥᠷ ᠭᠡᠰᠡᠨ ᠭᠠᠵᠠᠷ ᠲᠤ᠌ ᠴᠢᠨᠢ ᠬᠦᠷᠴᠦ ᠣᠴᠢᠭᠠᠳ ᠪᠢ ᠬᠥᠷ ᠴᠢᠯᠠᠭᠤ ᠶ᠋ᠢ ᠪᠥᠭᠰᠡ ᠬᠡᠮᠬᠡᠯᠦᠶᠡ ᠬᠥᠮᠦᠨ ᠦ᠌ ᠵᠢᠷᠦᠬᠡ ᠶ᠋ᠢ ᠰᠢᠨᠲᠠᠯᠠᠶᠠ》 ᠭᠡᠪᠡ᠃
ᠴᠢᠩᠭᠢᠰ ᠬᠠᠭᠠᠨ ᠥᠭᠦᠯᠡᠷᠦᠨ᠄ 《ᠳᠠᠢᠰᠤᠨ ᠤ᠋ ᠬᠥᠮᠦᠨ ᠳᠠᠢᠰᠤᠩᠨᠠᠵᠤ ᠬᠣᠣᠷᠯᠠᠵᠤ ᠶᠠᠪᠤᠭᠰᠠᠨ ᠢ᠋ᠶ᠋ᠠᠨ ᠨᠢᠭᠤᠵᠤ ᠬᠤᠳᠠᠯ ᠬᠡᠯᠡᠬᠦ ᠪᠥᠯᠥᠭᠡ᠂ ᠭᠡᠲᠡᠯ᠎ᠡ ᠴᠢ ᠳᠠᠢᠰᠤᠩᠨᠠᠵᠤ ᠬᠣᠣᠷᠯᠠᠭᠰᠠᠨ ᠢ᠋ᠶ᠋ᠠᠨ ᠨᠢᠭᠤᠬᠤ ᠦᠭᠡᠢ ᠰᠢᠳᠤᠷᠭᠤ ᠬᠡᠯᠡᠵᠦ ᠪᠠᠢᠨ᠎ᠠ᠂ ᠡᠢᠮᠦ ᠬᠥᠮᠦᠨ ᠲᠡᠢ ᠨᠥᠬᠥᠷᠯᠡᠵᠦ ᠪᠣᠯᠤᠨ᠎ᠠ᠂ ᠴᠢᠨᠦ ᠵᠢᠷᠭᠤᠭᠠᠲᠠᠢ ᠨᠡᠷ᠎ᠡ ᠶ᠋ᠢ ᠬᠠᠯᠠᠵᠤ ᠪᠠᠢᠯᠳᠤᠭᠠᠨ ᠤ᠋ ᠠᠮᠠ ᠴᠠᠭᠠᠨ ᠬᠣᠯᠠ ᠮᠣᠷᠢᠨ ᠤ᠋ ᠮᠢᠨᠢ ᠠᠮᠠᠨ ᠬᠦᠵᠦᠭᠦᠦ ᠶ᠋ᠢ ᠵᠡᠪᠡ ᠪᠡᠷ ᠬᠠᠷᠪᠤᠭᠰᠠᠨ ᠲᠤᠯᠠ ᠵᠡᠪᠡ ᠭᠡᠵᠦ ᠨᠡᠷ᠎ᠡ ᠥᠭᠶ᠎ᠡ᠂ ᠮᠢᠨᠦ ᠳᠡᠷᠭᠡᠳᠡ ᠵᠡᠪᠡ ᠮᠡᠲᠦ ᠬᠠᠮᠠᠭᠠᠯᠠᠵᠤ ᠶᠠᠪᠤ》 ᠭᠡᠵᠦ ᠵᠠᠷᠯᠢᠭ ᠪᠣᠯᠪᠠ᠃ ᠲᠠᠢᠴᠢᠭᠤᠳ ᠠ᠋ᠴᠠ ᠵᠡᠪᠡ ᠶ᠋ᠢᠨ ᠢᠷᠡᠵᠦ ᠨᠥᠬᠥᠷᠯᠡᠭᠰᠡᠨ ᠶᠣᠰᠣ ᠡᠢᠮᠦ ᠪᠥᠯᠥᠭᠡ᠃ (ᠴᠢᠩᠭᠢᠰ ᠬᠠᠭᠠᠨ ᠥᠪᠡᠷ ᠦ᠋ᠨ ᠰᠢᠷᠬᠠᠳᠤᠭᠰᠠᠨ ᠢ᠋ᠶ᠋ᠠᠨ ᠳᠠᠯᠳᠠᠯᠠᠵᠤ ᠮᠣᠷᠢ ᠪᠠᠨ ᠰᠢᠷᠬᠠᠳᠤᠭᠰᠠᠨ ᠮᠡᠲᠦ ᠪᠡᠷ ᠬᠡᠯᠡᠵᠦ ᠪᠠᠢᠭ᠎ᠠ ᠪᠣᠯᠤᠯᠲᠠᠢ)

