《ᠮᠣᠩᠭᠣᠯ ᠤ᠋ᠨ ᠨᠢᠭᠤᠴᠠ ᠲᠣᠪᠴᠢᠶᠠᠨ》 ᠭᠤᠷᠪᠠᠳᠤᠭᠠᠷ ᠪᠦᠯᠦᠭ - ᠮᠡᠷᠭᠢᠳ ᠢ᠋ ᠰᠥᠨᠥᠭᠡᠭᠰᠡᠨ ᠪᠠ ᠲᠡᠮᠦᠵᠢᠨ ᠳ᠋ᠦ᠍ ᠴᠢᠩᠭᠢᠰ ᠬᠠᠭᠠᠨ ᠴᠣᠯᠠ ᠡᠷᠭᠦᠮᠵᠢᠯᠡᠭᠰᠡᠨ ᠨᠢМэргидийг сөнөөсөн ба Тэмүжинд Чингис хаан цол өргөмжилсөн нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠣᠩᠭᠣᠯ ᠤ᠋ᠨ ᠨᠢᠭᠤᠴᠠ ᠲᠣᠪᠴᠢᠶᠠᠨ》 ᠭᠤᠷᠪᠠᠳᠤᠭᠠᠷ ᠪᠦᠯᠦᠭ - ᠮᠡᠷᠭᠢᠳ ᠢ᠋ ᠰᠥᠨᠥᠭᠡᠭᠰᠡᠨ ᠪᠠ ᠲᠡᠮᠦᠵᠢᠨ ᠳ᠋ᠦ᠍ ᠴᠢᠩᠭᠢᠰ ᠬᠠᠭᠠᠨ ᠴᠣᠯᠠ ᠡᠷᠭᠦᠮᠵᠢᠯᠡᠭᠰᠡᠨ ᠨᠢМэргидийг сөнөөсөн ба Тэмүжинд Чингис хаан цол өргөмжилсөн нь

《ᠮᠣᠩᠭᠣᠯ ᠤ᠋ᠨ ᠨᠢᠭᠤᠴᠠ ᠲᠣᠪᠴᠢᠶᠠᠨ》 ᠭᠤᠷᠪᠠᠳᠤᠭᠠᠷ ᠪᠦᠯᠦᠭ - ᠮᠡᠷᠭᠢᠳ ᠢ᠋ ᠰᠥᠨᠥᠭᠡᠭᠰᠡᠨ ᠪᠠ ᠲᠡᠮᠦᠵᠢᠨ ᠳ᠋ᠦ᠍ ᠴᠢᠩᠭᠢᠰ ᠬᠠᠭᠠᠨ ᠴᠣᠯᠠ ᠡᠷᠭᠦᠮᠵᠢᠯᠡᠭᠰᠡᠨ ᠨᠢМэргидийг сөнөөсөн ба Тэмүжинд Чингис хаан цол өргөмжилсөн нь

ᠠᠩᠭᠢᠯᠠᠯ:ᠲᠡᠦᠬᠡ ᠰᠣᠶᠣᠯ
2022-10-25

3559

《ᠮᠣᠩᠭᠣᠯ ᠤ᠋ᠨ ᠨᠢᠭᠤᠴᠠ ᠲᠣᠪᠴᠢᠶᠠᠨ》 ᠭᠤᠷᠪᠠᠳᠤᠭᠠᠷ ᠪᠦᠯᠦᠭ - ᠮᠡᠷᠭᠢᠳ ᠢ᠋ ᠰᠥᠨᠥᠭᠡᠭᠰᠡᠨ ᠪᠠ ᠲᠡᠮᠦᠵᠢᠨ ᠳ᠋ᠦ᠍ ᠴᠢᠩᠭᠢᠰ ᠬᠠᠭᠠᠨ ᠴᠣᠯᠠ ᠡᠷᠭᠦᠮᠵᠢᠯᠡᠭᠰᠡᠨ ᠨᠢ

 《 ᠮᠣᠩᠭᠣᠯ ᠤ᠋ᠨ ᠨᠢᠭᠤᠴᠠ ᠲᠣᠪᠴᠢᠶᠠᠨ》 ᠭᠤᠷᠪᠠᠳᠤᠭᠠᠷ ᠪᠦᠯᠦᠭ ᠂ ᠮᠡᠷᠭᠢᠳ ᠢ᠋ ᠰᠥᠨᠥᠭᠡᠭᠰᠡᠨ ᠪᠠ ᠲᠡᠮᠦᠵᠢᠨ ᠳ᠋ᠦ᠍ ᠴᠢᠩᠭᠢᠰ ᠬᠠᠭᠠᠨ ᠴᠣᠯᠠ ᠡᠷᠭᠦᠮᠵᠢᠯᠡᠭᠰᠡᠨ ᠨᠢ
104᠂ ᠲᠡᠨᠳᠡ ᠡᠴᠡ ᠲᠡᠮᠦᠵᠢᠨ᠂ ᠬᠠᠰᠠᠷ᠂ ᠪᠡᠯᠭᠦᠳᠡᠢ ᠭᠤᠷᠪᠠᠭᠤᠯᠠ ᠶᠠᠪᠤᠵᠤ᠂ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠨᠤᠲᠤᠭᠯᠠᠵᠤ ᠪᠠᠢᠭ᠎ᠠ ᠸᠠᠩ ᠬᠠᠨ ᠲᠤᠭᠤᠷᠢᠯ ᠳ᠋ᠤ᠌ ᠣᠴᠢᠵᠤ ᠥᠭᠦᠯᠡᠷᠦᠨ᠄ 《ᠰᠠᠨᠠᠮᠰᠠᠷ ᠦᠭᠡᠢ ᠪᠠᠢᠲᠠᠯ᠎ᠠ ᠭᠤᠷᠪᠠᠨ ᠮᠡᠷᠭᠡᠳ ᠳᠣᠪᠲᠣᠯᠵᠤ᠂ ᠡᠬᠡᠨᠡᠷ ᠬᠡᠦᠬᠡᠳ ᠢ᠋ ᠮᠢᠨᠢ ᠪᠤᠯᠢᠶᠠᠵᠤ ᠠᠪᠪᠠ᠂ ᠬᠠᠨ ᠡᠴᠢᠭᠡ ᠮᠢᠨᠢ ᠡᠬᠡᠨᠡᠷ ᠬᠡᠦᠬᠡᠳ ᠢ᠋ ᠮᠢᠨᠢ ᠠᠪᠤᠷᠠᠵᠤ ᠥᠭᠭᠦᠨ᠎ᠡ ᠤᠤ ᠭᠡᠵᠦ ᠢᠷᠡᠪᠡ》ᠭᠡᠪᠡᠯ᠂ ᠸᠠᠩ ᠬᠠᠨ ᠲᠤᠭᠤᠷᠢᠯ ᠬᠠᠷᠢᠭᠤ ᠥᠭᠦᠯᠡᠷᠦᠨ᠄ 《ᠪᠢ ᠨᠢᠳᠤᠨᠤᠨ ᠵᠢᠯ ᠴᠢᠮᠠᠲᠤ ᠬᠡᠯᠡᠭᠰᠡᠨ ᠪᠢᠰᠢ ᠤᠤ᠂ ᠡᠴᠢᠭᠡ ᠶ᠋ᠢᠨ ᠠᠳᠠᠯᠢ ᠡᠴᠢᠭᠡ ᠭᠡᠵᠦ ᠪᠤᠯᠠᠭᠠᠨ ᠳᠠᠬᠤ ᠠᠪᠴᠢᠷᠠᠵᠤ ᠥᠭᠭᠦᠭᠰᠡᠨ ᠲᠤᠬᠠᠢ ᠳ᠋ᠤ᠌ ᠪᠢ ᠢᠩᠭᠢᠵᠦ ᠬᠡᠯᠡᠭᠰᠡᠨ ᠪᠢᠯᠡ᠂
〈ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠪᠤᠲᠠᠷᠠᠭᠰᠠᠨ ᠤᠯᠤᠰ ᠢ᠋ ᠴᠢᠨᠢ ᠪᠦᠭᠡᠨᠡᠷᠡᠭᠦᠯᠵᠦ ᠥᠭᠭᠦᠶ᠎ᠡ
ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠬᠠᠭᠠᠴᠠᠭᠰᠠᠨ ᠤᠯᠤᠰ ᠢ᠋ ᠴᠢᠨᠢ ᠬᠠᠮᠲᠤᠳᠬᠠᠵᠤ ᠥᠭᠭᠦᠶ᠎ᠡ
ᠴᠢᠬᠢᠷ᠎ᠡ ᠪᠡᠨ ᠴᠡᠭᠡᠵᠢᠨ ᠳ᠋ᠦ᠍ ᠪᠠᠢᠯᠭ᠎ᠠ ᠪᠥᠭᠡᠷ᠎ᠡ ᠪᠡᠨ ᠪᠥᠭᠰᠡᠨ ᠳ᠋ᠦ᠍ ᠪᠠᠢᠯᠭ᠎ᠠ (ᠠᠬ᠎ᠠ ᠵᠠᠬ᠎ᠠ ᠲᠠᠢ ᠪᠠᠢᠭ)〉ᠭᠡᠵᠦ ᠬᠡᠯᠡᠭᠰᠡᠨ ᠪᠢᠯᠡ᠂
ᠣᠳᠣ ᠲᠡᠷᠡ ᠦᠭᠡᠨ ᠳ᠋ᠡᠭᠡᠨ ᠬᠦᠷᠴᠦ᠂ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠪᠦᠭᠦᠳᠡ ᠮᠡᠷᠭᠡᠳ ᠢ᠋ ᠪᠦᠷᠢᠯᠭᠡᠨ ᠳᠣᠪᠲᠣᠯᠵᠤ ᠪᠥᠷᠲᠡ ᠦᠵᠢᠨ ᠢ᠋ ᠴᠢᠨᠢ
ᠪᠤᠴᠠᠭᠠᠵᠤ ᠥᠭᠭᠦᠶ᠎ᠡ ᠂ᠬᠠᠷ᠎ᠠ ᠪᠤᠯᠠᠭᠠᠨ ᠳᠠᠬᠤ ᠶ᠋ᠢᠨ ᠴᠢᠨᠢ ᠬᠠᠷᠢᠭᠤ ᠳ᠋ᠤ᠌ ᠬᠠᠮᠤᠭ ᠮᠡᠷᠭᠡᠳ ᠢ᠋ ᠬᠠᠮᠬ᠎ᠠ ᠴᠣᠬᠢᠵᠤ ᠬᠠᠲᠤᠨ ᠪᠥᠷᠲᠡ ᠶ᠋ᠢ ᠴᠢᠨᠢ ᠬᠠᠷᠢᠭᠤᠯᠵᠤ ᠠᠪᠴᠢᠷᠠᠶ᠎ᠠ᠃ ᠴᠢ ᠵᠠᠮᠤᠬ᠎ᠠ ᠳᠡᠭᠦᠦ ᠳ᠋ᠦ᠍ ᠬᠡᠯᠡ ᠥᠭ᠂ ᠵᠠᠮᠤᠬ᠎ᠠ ᠳᠡᠭᠦᠦ ᠬᠣᠷᠬᠣᠨᠠᠭ ᠵᠤᠪᠤᠷ᠎ᠠ ᠭᠡᠳᠡᠭ ᠭᠠᠵᠠᠷ ᠪᠣᠢ᠂ ᠪᠢ ᠡᠨᠳᠡ ᠡᠴᠡ ᠬᠣᠶᠠᠷ ᠲᠦᠮᠡᠨ ᠴᠡᠷᠢᠭ ᠠᠪᠴᠤ ᠪᠠᠷᠠᠭᠤᠨ ᠭᠠᠷ ᠪᠣᠯᠤᠨ ᠮᠣᠷᠳᠠᠶ᠎ᠠ᠂ ᠵᠠᠮᠤᠬ᠎ᠠ ᠳᠡᠭᠦᠦ ᠬᠣᠶᠠᠷ ᠲᠦᠮᠡᠨ ᠴᠡᠷᠢᠭ ᠠᠪᠴᠤ ᠵᠡᠭᠦᠨ ᠭᠠᠷ ᠪᠣᠯᠤᠨ ᠮᠣᠷᠢᠯᠠᠭ᠂ ᠪᠢᠳᠡᠨ ᠦ᠌ ᠤᠴᠠᠷᠠᠬᠤ ᠪᠣᠯᠵᠣᠭ᠎ᠠ ᠶ᠋ᠢ ᠵᠠᠮᠤᠬ᠎ᠠ ᠲᠣᠭᠲᠠᠭᠠᠲᠤᠭᠠᠢ》ᠭᠡᠪᠡ᠃
105᠂ ᠲᠡᠮᠦᠵᠢᠨ᠂ ᠬᠠᠰᠠᠷ᠂ ᠪᠡᠯᠭᠦᠳᠡᠢ ᠭᠤᠷᠪᠠᠭᠤᠯᠠ ᠪᠠᠨ᠂ ᠲᠣᠭᠣᠷᠢᠯ ᠬᠠᠨ ᠠ᠋ᠴᠠ ᠰᠠᠯᠵᠤ ᠭᠡᠷ ᠲᠡᠭᠡᠨ ᠢᠷᠡᠭᠡᠳ ᠲᠡᠮᠦᠵᠢᠨ᠂ ᠵᠠᠮᠤᠬ᠎ᠠ ᠳ᠋ᠤ᠌ ᠬᠠᠰᠠᠷ ᠪᠡᠯᠭᠦᠳᠡᠢ ᠬᠣᠶᠠᠷ ᠢ᠋ ᠢᠯᠡᠭᠡᠵᠦ ᠬᠡᠯᠡᠭᠦᠯᠦᠭᠰᠡᠨ ᠨᠢ᠄
《ᠥᠰᠲᠦ ᠮᠡᠷᠭᠡᠳ ᠢᠷᠡᠵᠦ ᠦᠷᠦ ᠶ᠋ᠢ ᠮᠢᠨᠢ ᠡᠪᠡᠳᠬᠡᠪᠡ ᠡᠪᠦᠷ ᠢ᠋ ᠮᠢᠨᠢ ᠬᠣᠭᠣᠰᠣᠯᠠᠪᠠ᠂ ᠥᠮᠥᠭ ᠲᠦᠰᠢᠭ ᠪᠣᠯᠬᠤ ᠦᠨᠦᠷ ᠲᠥᠷᠥᠯ ᠦ᠋ᠨ ᠲᠠ ᠨᠠᠷ
ᠥᠰᠢᠶ᠎ᠡ ᠶ᠋ᠢ ᠠᠪᠴᠤ ᠥᠭᠭᠦᠨ᠎ᠡ ᠤᠤ ᠡᠯᠢᠭᠡ ᠵᠢᠷᠦᠬᠡ ᠮᠢᠨᠢ ᠡᠮᠳᠠᠷᠴᠣ ᠪᠠᠢᠨ᠎ᠠ᠂ᠡᠯᠢᠭᠡᠨ ᠰᠠᠳᠤᠨ ᠲᠠ ᠨᠠᠷ ᠡᠨᠡ ᠥᠰᠢᠶ᠎ᠡ ᠶ᠋ᠢ ᠠᠪᠴᠤ ᠥᠭ》ᠭᠡᠪᠡ᠃ ᠪᠠᠰᠠ ᠬᠡᠷᠡᠢᠳ ᠦ᠋ᠨ ᠲᠤᠭᠤᠷᠢᠯ ᠬᠠᠨ ᠤ᠋ ᠦᠭᠡ ᠶ᠋ᠢ ᠵᠠᠮᠤᠬ᠎ᠠ ᠳ᠋ᠤ᠌ ᠤᠯᠠᠮᠵᠢᠯᠠᠨ ᠬᠡᠯᠡᠭᠰᠡᠨ ᠨᠢ᠄ 《ᠡᠷᠲᠡ ᠡᠳᠦᠷ ᠡᠴᠢᠭᠡ ᠬᠠᠨ ᠶᠢᠰᠦᠭᠡᠢ ᠲᠡᠢ ᠡᠪ ᠨᠢᠭᠡᠲᠡᠢ ᠶᠠᠪᠤᠭᠰᠠᠨ ᠢ᠋ᠶ᠋ᠠᠨ ᠰᠠᠨᠠᠵᠤ᠂ ᠣᠳᠣ ᠬᠣᠶᠠᠷ ᠲᠦᠮᠡᠨ ᠴᠡᠷᠢᠭ ᠠᠪᠴᠤ ᠪᠠᠷᠠᠭᠤᠨ ᠭᠠᠷ ᠪᠣᠯᠤᠨ ᠮᠣᠷᠳᠠᠶ᠎ᠠ᠂ ᠵᠠᠮᠤᠬ᠎ᠠ ᠳᠡᠭᠦᠦ ᠬᠣᠶᠠᠷ ᠲᠦᠮᠡᠨ ᠴᠡᠷᠢᠭ ᠠᠪᠴᠤ ᠵᠡᠭᠦᠨ ᠭᠠᠷ ᠪᠣᠯᠤᠨ ᠮᠣᠷᠢᠯᠠᠲᠤᠭᠠᠢ᠃ ᠬᠠᠮᠲᠤᠷᠠᠬᠤ ᠪᠣᠯᠵᠣᠭ᠎ᠠ ᠶ᠋ᠢ ᠵᠠᠮᠤᠬ᠎ᠠ ᠳᠡᠭᠦᠦ ᠮᠡᠳᠡᠲᠦᠭᠡᠢ》ᠭᠡᠰᠡᠨ ᠢ᠋ ᠤᠯᠠᠮᠵᠢᠯᠠᠪᠠ᠃ ᠡᠳᠡᠭᠡᠷ ᠦᠭᠡ ᠶ᠋ᠢ ᠰᠣᠨᠣᠰᠴᠤ ᠭᠦᠢᠴᠡᠭᠡᠳ ᠵᠠᠮᠤᠬ᠎ᠠ ᠥᠭᠦᠯᠡᠷᠦᠨ᠄
《ᠥᠨᠥ ᠲᠡᠮᠦᠵᠢᠨ ᠠᠨᠳᠠ ᠡᠳᠦᠢ ᠵᠣᠪᠠᠯᠠᠩ ᠪᠡᠷᠬᠡ ᠳ᠋ᠦ᠍ ᠥᠷᠲᠡᠭᠳᠡᠭᠰᠡᠨ ᠢ᠋ ᠰᠣᠨᠣᠰᠤᠭᠠᠳ ᠪᠢ ᠦᠷᠦ ᠡᠪᠡᠳᠴᠦ ᠥᠷᠥᠰᠢᠶᠡᠨ ᠰᠠᠨᠠᠨ᠎ᠠ ᠡᠯᠢᠭᠡ ᠡᠮᠳᠠᠷᠴᠣ
ᠡᠮᠭᠡᠨᠢᠨ ᠭᠠᠰᠢᠭᠤᠳᠠᠨ᠎ᠠ᠃ᠡᠯ᠎ᠡ ᠥᠰᠢᠶ᠎ᠡ ᠶ᠋ᠢ ᠨᠡᠬᠡᠵᠦ ᠡᠳᠡᠭᠡᠷ ᠮᠡᠷᠭᠢᠳ ᠠᠢᠮᠠᠭ ᠢ᠋ ᠡᠪᠳᠡᠨ ᠮᠥᠬᠥᠭᠡᠵᠦ ᠡᠬᠡᠨᠡᠷ ᠪᠥᠷᠲᠡ ᠶ᠋ᠢ ᠡᠷᠭᠢᠭᠦᠯᠵᠦ ᠠᠪᠴᠢᠷᠠᠶ᠎ᠠ ᠬᠠᠮᠤᠭ ᠬᠠᠳ ᠮᠡᠷᠭᠡᠳ ᠢ᠋ ᠬᠠᠮᠬ᠎ᠠ ᠴᠣᠬᠢᠵᠤ ᠬᠠᠲᠤᠨ ᠪᠥᠷᠲᠡ ᠶ᠋ᠢ ᠬᠠᠷᠢᠭᠤᠯᠵᠤ ᠠᠪᠤᠶ᠎ᠠ ᠂ᠳᠠᠪᠢᠷᠠᠬᠤ ᠭᠥᠯᠢᠮ ᠦ᠋ᠨ ᠴᠢᠮᠡᠭᠡ ᠶ᠋ᠢ ᠲᠡᠢᠨ ᠦ᠌ ᠬᠡᠩᠭᠡᠷᠭᠡ ᠶ᠋ᠢᠨ ᠳᠠᠭᠤ ᠭᠡᠵᠦ ᠲᠠᠰᠢᠶᠠᠷᠠᠨ ᠳᠤᠲᠠᠭᠠᠭᠴᠢ ᠲᠣᠭᠲᠠᠭ᠎ᠠ ᠳᠠᠳ ᠪᠤᠭᠤᠷ᠎ᠠ ᠬᠡᠭᠡᠷ᠎ᠡ ᠳ᠋ᠦ᠍ ᠲᠠᠰᠢᠶᠠᠯᠳᠤᠨ ᠰᠠᠭᠤᠭ᠎ᠠ ᠪᠢᠵᠡ᠂ ᠳᠠᠪᠬᠤᠷ ᠬᠣᠷᠣᠮᠰᠣᠬ᠎ᠠ ᠶ᠋ᠢᠨ ᠠᠮᠠᠰᠠᠷ ᠳᠡᠷᠪᠡᠯᠵᠡᠨ ᠬᠥᠳᠡᠯᠬᠦ ᠳ᠋ᠦ᠍ ᠲᠡᠢᠨ ᠲᠤᠯᠤᠯᠳᠤᠭᠠᠨ ᠪᠣᠯᠪᠠ ᠭᠡᠵᠦ ᠲᠠᠰᠢᠶᠠᠷᠠᠨ ᠳᠤᠲᠠᠭᠠᠭᠴᠢ ᠲᠡᠢᠷ ᠤᠰᠤᠨ ᠣᠳᠣ ᠳᠠᠪᠠᠯᠭᠠᠨᠲᠤ ᠣᠷᠬᠣᠨ ᠰᠡᠯᠡᠩᠭᠡ ᠶ᠋ᠢᠨ ᠳᠠᠯᠠᠳ ᠠᠷᠠᠯ ᠳ᠋ᠤ᠌ ᠳᠠᠯᠳᠢᠷᠠᠨ ᠰᠠᠭᠤᠭ᠎ᠠ ᠪᠢᠵᠡ᠂ ᠬᠠᠮᠬᠤᠤᠯ ᠡᠪᠡᠰᠦ ᠬᠡᠢᠰᠬᠦ ᠳ᠋ᠦ᠍ ᠬᠠᠯᠳᠠᠬᠤ ᠳᠠᠢᠰᠤᠨ ᠢᠷᠡᠪᠡ ᠭᠡᠵᠦ ᠬᠠᠷ᠎ᠠ ᠣᠢ ᠴᠢᠭᠯᠠᠵᠣ ᠬᠠᠰᠬᠢᠷᠤᠨ ᠳᠤᠲᠠᠭᠠᠭᠴᠢ ᠮᠠᠭᠤ ᠬᠠᠭᠠᠳᠠᠢ ᠲᠡᠷᠡᠮᠡᠯᠡ ᠣᠳᠣ ᠬᠠᠷᠠᠵᠠ ᠶ᠋ᠢᠨ ᠳᠠᠯᠳᠠ ᠬᠠᠮᠢᠭᠠᠰᠢ ᠴᠤ᠌ ᠦᠭᠡᠢ ᠪᠠᠢᠭ᠎ᠠ ᠪᠢᠵᠡ᠂ ᠰᠠᠢᠬᠠᠨ ᠬᠢᠯᠭᠣ ᠮᠣᠷᠢᠨ ᠳ᠋ᠤ᠌ ᠰᠠᠬᠠᠯ ᠡᠪᠡᠰᠦ ᠶᠡᠬᠡ ᠭᠡᠨ᠎ᠡ᠂ᠰᠠᠬᠠᠯ ᠡᠪᠡᠰᠦ ᠲᠡᠭᠦᠪᠡᠷ ᠰᠠᠯ ᠬᠢᠵᠦ ᠪᠣᠯᠳᠠᠭ ᠭᠡᠨ᠎ᠡ᠂
ᠥᠨᠥ ᠳᠥᠭᠥᠮ ᠢ᠋ ᠪᠣᠳᠣᠵᠤ ᠡᠪᠡᠰᠦ ᠪᠡᠷ ᠰᠠᠯ ᠬᠢᠵᠦ ᠥᠷᠭᠡᠨ ᠬᠢᠯᠭᠣ ᠮᠥᠷᠡᠨ ᠢ᠋ ᠥᠩᠭᠡᠷᠡᠵᠦ ᠬᠥᠨᠳᠡᠯᠡᠨ ᠭᠠᠷᠤᠭᠠᠳ ᠥᠭᠡᠳᠡ ᠦᠭᠡᠢ ᠮᠤᠤᠰᠠᠢᠨ ᠮᠡᠷᠭᠡᠳ ᠦ᠋ᠨ
ᠥᠨᠥᠬᠢ ᠮᠠᠭᠤ ᠲᠣᠭᠲᠠᠭ᠎ᠠ ᠶ᠋ᠢᠨ ᠡᠷᠦᠬᠡ ᠡᠭᠦᠳᠡ ᠶ᠋ᠢ ᠨᠢ ᠡᠪᠳᠡᠵᠦ ᠦᠮ ᠴᠥᠮ ᠳᠠᠭᠠᠷᠢᠵᠤ ᠥᠩᠭᠡᠲᠡᠢ ᠡᠳ᠋ ᠢ᠋ ᠨᠢ ᠣᠯᠵᠠᠯᠠᠵᠤ ᠡᠪᠦᠷᠲᠦᠯᠡᠬᠦ ᠡᠮ᠎ᠡ ᠶ᠋ᠢ ᠨᠢ ᠪᠤᠯᠢᠶᠠᠵᠤ ᠥᠰᠬᠦ ᠦᠷ᠎ᠡ ᠶ᠋ᠢ ᠨᠢ ᠲᠠᠰᠤᠯᠵᠤ ᠥᠰᠢᠶ᠎ᠡ ᠬᠣᠷᠣᠰᠤᠯ ᠢ᠋ᠶ᠋ᠠᠨ ᠠᠪᠤᠶ᠎ᠠ! ᠬᠤᠲᠤᠭᠲᠤ ᠡᠷᠬᠢᠮ ᠰᠢᠲᠦᠭᠡᠨ ᠢ᠋ ᠨᠢ ᠬᠤᠭᠤ ᠲᠠᠲᠠᠵᠤ ᠡᠪᠳᠡᠭᠡᠳ ᠬᠤᠪᠠᠬᠠᠢ ᠪᠣᠯᠭᠠᠵᠤ ᠬᠠᠶᠠᠶ᠎ᠠ! ᠬᠣᠲᠠᠯᠠ ᠶᠡᠬᠡ ᠤᠯᠤᠰ ᠢ᠋ ᠨᠢ ᠬᠣᠭᠣᠰᠣᠨ ᠪᠣᠯᠲᠠᠯ᠎ᠠ ᠳᠣᠪᠲᠣᠯᠤᠶ᠎ᠠ》ᠭᠡᠪᠡ᠃
106᠂ ᠵᠠᠮᠤᠬ᠎ᠠ ᠪᠠᠰᠠ ᠲᠡᠮᠦᠵᠢᠨ ᠠᠨᠳᠠ᠂ ᠲᠣᠭᠣᠷᠢᠯ ᠬᠠᠨ ᠠᠬ᠎ᠠ ᠬᠣᠶᠠᠷ ᠲᠤ᠌ ᠬᠡᠯᠡᠭᠦᠯᠦᠭᠰᠡᠨ ᠨᠢ᠄
《ᠣᠳᠣ ᠪᠢ ᠬᠠᠷᠠᠭ᠎ᠠ ᠶᠡᠬᠡᠲᠦ (ᠬᠣᠯᠠ ᠠ᠋ᠴᠠ ᠬᠠᠷᠠᠭᠳᠠᠬᠤ) ᠲᠤᠭ ᠢ᠋ᠶ᠋ᠠᠨ ᠲᠠᠬᠢᠵᠣ ᠂ᠬᠠᠷ᠎ᠠ ᠪᠤᠬ᠎ᠠ ᠶ᠋ᠢᠨ ᠠᠷᠠᠰᠤ ᠪᠠᠷ ᠪᠦᠷᠢᠭᠰᠡᠨ ᠬᠠᠷᠭᠢᠰ ᠳᠠᠭᠤᠲᠠᠢ ᠬᠡᠩᠭᠡᠷᠭᠡ ᠪᠡᠨ ᠳᠡᠯᠡᠳᠴᠦ ᠬᠠᠲᠤᠨ ᠪᠣᠯᠣᠳ ᠵᠢᠳᠠ ᠪᠠᠨ ᠪᠠᠷᠢᠵᠤ᠂ ᠬᠠᠯᠠᠬᠤ ᠬᠤᠶᠠᠭᠲᠤ ᠳᠡᠪᠡᠯ ᠢ᠋ᠶ᠋ᠡᠨ ᠡᠮᠦᠰᠴᠦ᠂ ᠬᠠᠳᠬᠤᠬᠤ ᠵᠠᠪᠠᠳᠣ ᠰᠤᠮᠤ ᠪᠠᠨ ᠣᠨᠢᠯᠠᠵᠤ᠂ ᠬᠠᠷ᠎ᠠ ᠬᠣᠯᠠ ᠮᠣᠷᠢ ᠪᠠᠨ ᠤᠨᠠᠵᠤ ᠂ ᠬᠠᠮᠤᠭ ᠣᠯᠠᠨ ᠴᠡᠷᠢᠭ ᠢ᠋ᠶ᠋ᠡᠨ ᠳᠠᠭᠠᠭᠤᠯᠵᠤ ᠂ᠬᠠᠭᠠᠳ ᠮᠡᠷᠭᠡᠳ ᠢ᠋ ᠬᠠᠯᠳᠠᠨ ᠳᠣᠪᠲᠣᠯᠵᠤ ᠬᠠᠳᠬᠤᠯᠳᠤᠨ ᠪᠠᠢᠯᠳᠤᠬᠤ ᠪᠠᠷ ᠮᠣᠷᠳᠠᠪᠠ ᠪᠢ᠂ ᠦᠵᠡᠮᠵᠢᠲᠦ ᠰᠠᠢᠬᠠᠨ ᠲᠤᠭ ᠢ᠋ᠶ᠋ᠠᠨ ᠲᠠᠬᠢᠵᠣ ᠦᠬᠡᠷ ᠦ᠋ᠨ ᠠᠷᠠᠰᠤᠨ ᠬᠡᠩᠭᠡᠷᠭᠡ ᠪᠡᠨ ᠳᠡᠯᠡᠳᠴᠦ ᠦᠷᠭᠦᠯᠵᠢ ᠬᠡᠯᠬᠢᠶ᠎ᠡ ᠬᠤᠶᠠᠭ ᠢ᠋ᠶ᠋ᠠᠨ ᠡᠮᠦᠰᠴᠦ ᠦᠵᠦᠭᠦᠷ ᠬᠤᠷᠴᠠ ᠢᠯᠳᠦ ᠪᠡᠨ ᠪᠠᠷᠢᠵᠤ ᠂ᠦᠨᠡᠬᠡᠷ ᠮᠡᠷᠭᠡᠨ ᠰᠤᠮᠤ ᠪᠠᠨ ᠣᠨᠢᠯᠠᠵᠤ ᠦᠯᠡᠮᠵᠢ ᠰᠠᠢᠨ ᠮᠣᠷᠢ ᠪᠠᠨ ᠤᠨᠤᠵᠤ ᠦᠢ ᠲᠦᠮᠡᠨ ᠴᠡᠷᠢᠭ ᠢ᠋ᠶ᠋ᠡᠨ ᠳᠠᠭᠠᠭᠤᠯᠵᠤ ᠦᠬᠡᠠᠴᠡ ᠮᠤᠤᠰᠠᠢᠨ ᠮᠡᠷᠭᠡᠳ ᠢᠷᠭᠡᠨ ᠲᠡᠢ ᠦᠬᠦᠲᠡᠯ᠎ᠡ ᠲᠡᠮᠡᠴᠡᠬᠦ ᠪᠡᠷ ᠨᠢᠭᠡᠨᠲᠡ ᠮᠣᠷᠳᠠᠪᠠ᠃ ᠲᠤᠭᠤᠷᠢᠯ ᠬᠠᠨ ᠠᠬ᠎ᠠ ᠮᠣᠷᠳᠠᠵᠤ᠂ ᠪᠤᠷᠬᠠᠨ ᠬᠠᠯᠳᠤᠨ ᠤ᠋ ᠥᠪᠥᠷ ᠢ᠋ᠶ᠋ᠡᠷ ᠲᠡᠮᠦᠵᠢᠨ ᠠᠨᠳᠠ ᠶ᠋ᠢ ᠳᠠᠭᠠᠷᠢᠵᠤ ᠠᠪᠤᠭᠠᠳ ᠤᠨᠤᠨ ᠮᠥᠷᠡᠨ ᠦ᠌ ᠡᠬᠢ ᠪᠣᠳᠣᠭᠠᠨ ᠪᠤᠭᠤᠷᠵᠢ ᠭᠡᠳᠡᠭ ᠭᠠᠵᠠᠷ ᠢᠷᠡᠭᠲᠦᠨ᠂ ᠪᠢ ᠡᠨᠳᠡ ᠡᠴᠡ ᠨᠢᠭᠡᠨ ᠲᠦᠮᠡᠨ ᠴᠡᠷᠢᠭ ᠠᠪᠴᠤ ᠮᠣᠷᠳᠠᠭᠠᠳ ᠵᠠᠮ ᠳ᠋ᠤ᠌ ᠤᠨᠤᠨ ᠮᠥᠷᠡᠨ ᠳ᠋ᠦ᠍ ᠨᠤᠲᠤᠭᠯᠠᠵᠤ ᠪᠠᠢᠭ᠎ᠠ ᠲᠡᠮᠦᠵᠢᠨ ᠠᠨᠳᠠ ᠶ᠋ᠢᠨ ᠬᠠᠷᠢᠶᠠᠲᠤ ᠨᠠᠷ ᠠ᠋ᠴᠠ ᠪᠠᠰᠠ ᠨᠢᠭᠡᠨ ᠲᠦᠮᠡᠨ ᠴᠡᠷᠢᠭ ᠠᠪᠴᠤ᠂ ᠪᠦᠭᠦᠳᠡ ᠬᠣᠶᠠᠷ ᠲᠦᠮᠡᠨ ᠴᠡᠷᠢᠭ ᠪᠣᠯᠤᠭᠠᠳ ᠪᠣᠳᠣᠭᠠᠨ ᠪᠤᠭᠤᠷᠵᠢ ᠳ᠋ᠤ᠌ ᠣᠴᠢᠵᠤ ᠨᠡᠢᠯᠡᠶ᠎ᠡ》ᠭᠡᠵᠦ ᠢᠯᠡᠭᠡᠪᠡ᠃
107᠂ ᠵᠠᠮᠤᠬ᠎ᠠ ᠶ᠋ᠢᠨ ᠡᠳᠡᠭᠡᠷ ᠦᠭᠡ ᠶ᠋ᠢ ᠬᠠᠰᠠᠷ ᠪᠡᠯᠭᠦᠳᠡᠢ ᠬᠣᠶᠠᠷ ᠠ᠋ᠴᠠ ᠲᠡᠮᠦᠵᠢᠨ ᠰᠣᠨᠣᠰᠤᠭᠠᠳ ᠲᠤᠭᠤᠷᠢᠯ ᠬᠠᠨ ᠳ᠋ᠤ᠌ ᠤᠯᠠᠮᠵᠢᠯᠠᠪᠠ᠂ ᠲᠣᠭᠣᠷᠢᠯ ᠬᠠᠨ᠂ ᠵᠠᠮᠤᠬ᠎ᠠ ᠶ᠋ᠢᠨ ᠦᠭᠡ ᠶ᠋ᠢ ᠰᠣᠨᠣᠰᠤᠮᠠᠭᠴᠠ ᠬᠣᠶᠠᠷ ᠲᠦᠮᠡᠨ ᠴᠡᠷᠢᠭ ᠠᠪᠴᠤ ᠮᠣᠷᠳᠠᠭᠠᠳ ᠪᠤᠷᠬᠠᠨ ᠬᠠᠯᠳᠤᠨ ᠤ᠋ ᠥᠪᠥᠷ ᠢ᠋ᠶ᠋ᠡᠷ ᠬᠡᠷᠦᠯᠦᠨ ᠦ᠌ ᠪᠦᠷᠭᠢ ᠡᠷᠭᠢ ᠶ᠋ᠢ ᠴᠢᠭᠯᠡᠨ ᠶᠠᠪᠤᠪᠠ᠂ ᠡᠭᠦᠨ ᠢ᠋ ᠲᠡᠮᠦᠵᠢᠨ ᠰᠣᠨᠣᠰᠤᠭᠠᠳ ᠪᠦᠷᠭᠢ ᠡᠷᠭᠢ ᠡᠴᠡ ᠬᠥᠳᠡᠯᠵᠦ᠂ ᠪᠤᠷᠬᠠᠨ ᠬᠠᠯᠳᠤᠨ ᠤ᠋ ᠥᠪᠥᠷ ᠲᠦᠩᠬᠡᠯᠢᠭ ᠥᠭᠡᠳᠡ ᠨᠡᠭᠦᠵᠦ ᠲᠠᠨ᠎ᠠ ᠭᠣᠷᠣᠬᠠᠨ ᠳ᠋ᠤ᠌ ᠣᠴᠢᠵᠤ ᠪᠠᠭᠤᠪᠠ᠃ ᠲᠣᠭᠣᠷᠢᠯ ᠬᠠᠨ᠂ ᠨᠢᠭᠡᠨ ᠲᠦᠮᠡᠨ ᠴᠡᠷᠢᠭ ᠲᠡᠢ᠂ ᠲᠣᠭᠣᠷᠢᠯ ᠬᠠᠨ ᠤ᠋ ᠳᠡᠭᠦᠦ ᠵᠠᠬ᠎ᠠ ᠭᠣᠮᠪᠣ ᠨᠢᠭᠡᠨ ᠲᠦᠮᠡᠨ ᠴᠡᠷᠢᠭ ᠲᠡᠢ ᠬᠢᠮᠣᠷᠭ᠎ᠠ ᠭᠣᠷᠣᠬ᠎ᠠ ᠶ᠋ᠢᠨ ᠠᠢᠯ ᠬᠠᠷᠭᠠᠨ᠎ᠠ ᠭᠡᠳᠡᠭ ᠭᠠᠵᠠᠷ ᠪᠠᠭᠤᠵᠤ ᠪᠦᠬᠦᠢ ᠳ᠋ᠦ᠍᠂ ᠲᠡᠮᠦᠵᠢᠨ ᠴᠡᠷᠢᠭ ᠢ᠋ᠶ᠋ᠡᠨ ᠠᠪᠴᠤ ᠣᠴᠢᠨ ᠨᠡᠢᠯᠡᠨ ᠪᠠᠭᠤᠪᠠ᠃
108᠂ ᠲᠡᠮᠦᠵᠢᠨ᠂ ᠲᠤᠭᠤᠷᠢᠯ ᠬᠠᠨ᠂ ᠵᠠᠬ᠎ᠠ ᠭᠣᠮᠪᠣ ᠭᠤᠷᠪᠠᠭᠤᠯᠠ ᠨᠡᠢᠯᠡᠨ ᠬᠥᠳᠡᠯᠵᠦ᠂ ᠤᠨᠤᠨ ᠤ᠋ ᠡᠬᠢ ᠪᠣᠳᠣᠭᠠᠨ ᠪᠤᠭᠤᠷᠵᠢ ᠭᠡᠳᠡᠭ ᠭᠠᠵᠠᠷ ᠬᠦᠷᠴᠦ ᠢᠷᠡᠪᠡᠯ ᠡᠨᠳᠡ ᠵᠠᠮᠤᠬ᠎ᠠ ᠨᠢᠭᠡᠨᠲᠡ ᠢᠷᠡᠭᠡᠳ ᠭᠤᠷᠪᠠ ᠬᠣᠨᠣᠭ ᠬᠦᠯᠢᠶᠡᠵᠡᠢ᠃ ᠲᠡᠮᠦᠵᠢᠨ᠂ ᠲᠤᠭᠤᠷᠢᠯ᠂ ᠵᠠᠬ᠎ᠠ ᠭᠣᠮᠪᠣ ᠶ᠋ᠢᠨ ᠴᠡᠷᠢᠭ ᠦ᠋ᠳ ᠢ᠋ ᠵᠠᠮᠤᠬ᠎ᠠ ᠦᠵᠡᠭᠡᠳ ᠬᠣᠶᠠᠷ ᠲᠦᠮᠡᠨ ᠴᠡᠷᠢᠭ ᠢ᠋ᠶ᠋ᠡᠨ ᠵᠢᠭᠰᠠᠭᠠᠪᠠ᠃ ᠲᠡᠮᠦᠵᠢᠨ᠂ ᠲᠤᠭᠤᠷᠢᠯ ᠬᠠᠨ᠂ ᠵᠠᠬ᠎ᠠ ᠭᠣᠮᠪᠣ ᠭᠤᠷᠪᠠ ᠪᠠᠰᠠ ᠴᠡᠷᠢᠭ ᠦ᠋ᠳ ᠢ᠋ᠶ᠋ᠡᠨ ᠵᠠᠰᠠᠵᠤ ᠬᠦᠷᠦᠯᠴᠡᠨ ᠨᠡᠢᠯᠡᠯᠳᠦᠵᠦ ᠲᠠᠨᠢᠯᠴᠠᠪᠠ᠃ ᠵᠠᠮᠤᠬ᠎ᠠ ᠥᠭᠦᠯᠡᠷᠦᠨ᠄ 《ᠪᠣᠷᠣᠭᠠᠨ ᠲᠣᠬᠢᠶᠠᠯᠳᠤᠪᠠᠴᠤ ᠪᠣᠯᠵᠣᠭᠠᠨ ᠠ᠋ᠴᠠ ᠬᠣᠵᠢᠳᠠᠬᠤ ᠦᠭᠡᠢ᠂ ᠬᠤᠷ᠎ᠠ ᠲᠣᠬᠢᠶᠠᠯᠳᠤᠪᠠᠴᠤ ᠬᠤᠷᠠᠯ ᠠ᠋ᠴᠠ ᠰᠠᠭᠠᠲᠠᠬᠤ ᠦᠭᠡᠢ ᠭᠡᠵᠦ ᠮᠣᠩᠭ᠋ᠣᠯ ᠦᠭᠡ ᠪᠡᠷ ᠬᠡᠯᠡᠯᠴᠡᠵᠦ〈ᠵᠠ〉ᠭᠡᠵᠦ ᠠᠨᠳᠠᠭᠠᠢᠯᠠᠭᠰᠠᠨ ᠪᠢᠰᠢ ᠪᠢᠯᠢᠤ?〈ᠵᠠ〉ᠭᠡᠰᠡᠨ ᠴᠠᠭ ᠠ᠋ᠴᠠ ᠬᠣᠵᠢᠭᠳᠠᠭᠰᠠᠨ ᠡᠲᠡᠭᠡᠳ ᠢ᠋ ᠵᠡᠷᠭᠡ ᠳᠣᠲᠣᠷ᠎ᠠ ᠠ᠋ᠴᠠ ᠬᠠᠰᠤᠶ᠎ᠠ ᠭᠡᠰᠡᠨ ᠪᠢᠰᠢ ᠪᠢᠯᠢᠤ?》ᠭᠡᠪᠡᠯ᠂ ᠲᠤᠭᠤᠷᠢᠯ ᠬᠠᠨ ᠥᠭᠦᠯᠡᠷᠦᠨ᠄ 《ᠲᠣᠭᠲᠠᠭᠰᠠᠨ ᠪᠣᠯᠵᠣᠭ᠎ᠠ ᠠ᠋ᠴᠠ ᠭᠤᠷᠪᠠ ᠡᠳᠦᠷ ᠬᠣᠵᠢᠮᠳᠠᠭᠰᠠᠨ ᠤ᠋ ᠤᠴᠢᠷ ᠲᠣᠷᠭᠠᠵᠤ ᠪᠤᠷᠤᠭᠤᠰᠢᠶᠠᠬᠤ ᠶ᠋ᠢ ᠵᠠᠮᠤᠬ᠎ᠠ ᠳᠡᠭᠦᠦ ᠮᠢᠨᠢ ᠮᠡᠳᠡ》ᠭᠡᠪᠡ᠃ ᠪᠣᠯᠵᠣᠭ᠎ᠠ ᠬᠣᠵᠢᠳᠠᠭᠰᠠᠨ ᠲᠤᠬᠠᠢ ᠡᠢᠮᠦ ᠦᠭᠡ ᠶ᠋ᠢ ᠶᠠᠷᠢᠯᠴᠠᠵᠤ ᠥᠩᠭᠡᠷᠡᠪᠡ᠃
109᠂ ᠪᠣᠲᠣᠭᠣᠨ ᠪᠤᠭᠤᠷᠵᠢ ᠠ᠋ᠴᠠ ᠪᠦᠭᠦᠳᠡᠭᠡᠷ ᠬᠥᠳᠡᠯᠵᠦ᠂ ᠬᠢᠯᠭᠣ ᠮᠥᠷᠡᠨ ᠳ᠋ᠦ᠍ ᠬᠦᠷᠴᠦ ᠰᠠᠯ ᠤᠶᠠᠵᠤ ᠭᠡᠲᠦᠯᠦᠭᠡᠳ ᠪᠤᠭᠤᠷ᠎ᠠ ᠬᠡᠭᠡᠷ᠎ᠡ ᠭᠡᠳᠡᠭ ᠭᠠᠵᠠᠷ ᠣᠴᠢᠵᠤ ᠲᠣᠭᠲᠠᠭ᠎ᠠ ᠪᠡᠬᠢ ᠶ᠋ᠢᠨ ᠡᠷᠦᠬᠡ ᠳᠡᠭᠡᠷ᠎ᠡ ᠡᠴᠡ ᠨᠥᠮᠥᠷᠦᠨ ᠪᠠᠭᠤᠵᠤ᠂ ᠡᠷᠬᠢᠮ ᠰᠢᠲᠦᠭᠡᠨ ᠢ᠋ ᠨᠢ ᠡᠪᠳᠡᠨ ᠰᠦᠢᠳᠬᠡᠵᠦ᠂ ᠡᠮ᠎ᠡ ᠬᠡᠦᠬᠡᠳ ᠢ᠋ ᠨᠢ ᠡᠵᠡᠯᠡᠨ ᠪᠤᠯᠢᠶᠠᠪᠠ᠃ ᠬᠤᠲᠤᠭᠲᠤ ᠰᠠᠬᠢᠭᠤᠰᠤ ᠶ᠋ᠢ ᠨᠢ ᠬᠤᠭᠤ ᠳᠠᠭᠠᠷᠢᠵᠤ ᠬᠣᠲᠠᠯᠠ ᠤᠯᠤᠰ ᠢ᠋ ᠨᠢ ᠬᠣᠮᠣᠷᠠᠨ ᠳᠣᠪᠲᠣᠯᠵᠤ ᠬᠣᠭᠣᠰᠣᠨ ᠪᠣᠯᠭᠠᠪᠠ᠃ ᠲᠣᠭᠲᠠᠭ᠎ᠠ ᠪᠡᠬᠢ ᠶ᠋ᠢ ᠤᠨᠲᠠᠵᠤ ᠪᠠᠢᠬᠤ ᠳ᠋ᠤ᠌ ᠳᠠᠭᠠᠷᠢᠨ ᠪᠠᠷᠢᠵᠤ ᠪᠣᠯᠬᠤ ᠪᠠᠢᠭᠰᠠᠨ᠂ ᠭᠡᠲᠡᠯ᠎ᠡ ᠬᠢᠯᠭᠣ ᠮᠥᠷᠡᠨ ᠳ᠋ᠦ᠍ ᠨᠤᠲᠤᠭᠯᠠᠬᠤ ᠵᠢᠭᠠᠰᠤᠴᠢᠨ ᠪᠠ ᠪᠤᠯᠠᠭ᠎ᠠ ᠠᠩᠨᠠᠭᠴᠢᠳ᠂ ᠭᠥᠷᠦᠭᠡᠴᠢᠳ 《ᠳᠠᠢᠰᠤᠨ ᠠᠢᠰᠤᠢ》ᠭᠡᠵᠦ ᠲᠡᠷᠡ ᠰᠥᠨᠢ ᠶ᠋ᠢᠨ ᠳᠣᠲᠣᠷ᠎ᠠ ᠲᠣᠭᠲᠠᠭ᠎ᠠ ᠪᠡᠬᠢ ᠳ᠋ᠦ᠍ ᠬᠡᠯᠡ ᠬᠦᠷᠭᠡᠵᠡᠢ᠃ ᠡᠨᠡ ᠮᠡᠳᠡᠭᠡ ᠶ᠋ᠢ ᠰᠣᠨᠣᠰᠤᠭᠠᠳ ᠲᠣᠭᠲᠠᠭ᠎ᠠ ᠪᠠ ᠣᠧᠨᠰ (ᠬᠤᠸᠠ) ᠮᠡᠷᠭᠢᠳ ᠦ᠋ᠨ ᠲᠠᠢᠷ ᠤᠰᠤᠨ ᠬᠣᠶᠠᠷ ᠬᠠᠮᠲᠤᠷᠠᠵᠤ ᠴᠥᠭᠡᠨ ᠨᠥᠬᠥᠳ ᠦ᠋ᠨ ᠬᠠᠮᠲᠤ ᠰᠡᠯᠡᠩᠭᠡ ᠶ᠋ᠢ ᠤᠷᠤᠭᠤᠳᠠᠵᠤ ᠪᠠᠷᠭᠤᠵᠢᠨ ᠣᠷᠣᠨ ᠳ᠋ᠤ᠌ ᠳᠤᠲᠠᠭᠠᠨ ᠣᠳᠪᠠ᠃
110᠂ ᠮᠡᠷᠭᠢᠳ ᠦ᠋ᠨ ᠤᠯᠤᠰ ᠳᠦᠷᠪᠡᠵᠦ᠂ ᠲᠡᠷᠡ ᠰᠥᠨᠢ ᠰᠡᠯᠡᠩᠭᠡ ᠶ᠋ᠢ ᠤᠷᠤᠭᠤᠳᠠᠨ ᠳᠤᠲᠠᠭᠠᠬᠤ ᠳ᠋ᠤ᠌ ᠮᠠᠨ ᠤ᠋ ᠴᠡᠷᠢᠭ ᠦ᠋ᠳ ᠳᠦᠷᠪᠡᠭᠰᠡᠨ ᠮᠡᠷᠭᠡᠳ ᠢ᠋ ᠨᠡᠬᠡᠵᠦ ᠳᠣᠪᠲᠣᠯᠤᠨ ᠳᠡᠭᠡᠷᠡᠮᠳᠡᠨ ᠶᠠᠪᠤᠪᠠ᠃ ᠲᠡᠮᠦᠵᠢᠨ᠂ ᠳᠦᠷᠪᠡᠵᠦ ᠶᠠᠪᠤᠭ᠎ᠠ ᠬᠥᠮᠦᠰ ᠦ᠋ᠨ ᠳᠤᠮᠳᠠᠭᠤᠷ 《ᠪᠥᠷᠲᠡ ᠪᠥᠷᠲᠡ》ᠭᠡᠵᠦ ᠳᠠᠭᠤᠳᠠᠨ ᠡᠷᠢᠵᠦ ᠶᠠᠪᠤᠲᠠᠯ᠎ᠠ᠂ ᠳᠦᠷᠪᠡᠵᠦ ᠶᠠᠪᠤᠭ᠎ᠠ ᠢᠷᠭᠡᠨ ᠦ᠌ ᠳᠣᠲᠣᠷ᠎ᠠ ᠪᠠᠢᠭᠰᠠᠨ ᠪᠥᠷᠲᠡ ᠦᠵᠢᠨ ᠲᠡᠮᠦᠵᠢᠨ ᠦ᠌ ᠳᠠᠭᠤ ᠶ᠋ᠢ ᠰᠣᠨᠣᠰᠴᠤ ᠲᠠᠨᠢᠭᠠᠳ ᠲᠡᠷᠭᠡᠨ ᠡᠴᠡ ᠪᠠᠭᠤᠵᠤ ᠬᠤᠸᠠᠭᠴᠢᠨ ᠡᠮᠡᠭᠡᠨ ᠬᠣᠶᠠᠭᠤᠯᠠ ᠭᠦᠶᠦᠵᠦ ᠢᠷᠡᠭᠡᠳ᠂ ᠲᠡᠮᠦᠵᠢᠨ ᠦ᠌ ᠵᠢᠯᠣᠭᠣ ᠴᠤᠯᠪᠤᠭᠤᠷ ᠢ᠋ ᠪᠠᠷᠢᠵᠤ ᠠᠪᠪᠠ᠃ ᠲᠡᠮᠦᠵᠢᠨ ᠰᠥᠨᠢ ᠶ᠋ᠢᠨ ᠰᠠᠷᠠᠭᠤᠯ ᠳ᠋ᠤ᠌ ᠦᠵᠡᠪᠡᠯ᠂ ᠪᠥᠷᠲᠡ ᠦᠵᠢᠨ ᠮᠥᠨ ᠲᠤᠯᠠ ᠲᠡᠪᠡᠷᠢᠯᠳᠦᠨ ᠤᠴᠠᠷᠠᠪᠠ᠃ ᠲᠡᠮᠦᠵᠢᠨ ᠮᠥᠨ ᠰᠥᠨᠢ ᠲᠤᠭᠤᠷᠢᠯ ᠬᠠᠨ ᠵᠠᠮᠤᠬ᠎ᠠ ᠠᠨᠳᠠ ᠬᠣᠶᠠᠷ ᠲᠤ᠌ ᠬᠥᠮᠦᠨ ᠢᠯᠡᠭᠡᠵᠦ ᠬᠡᠯᠡᠭᠦᠯᠦᠭᠰᠡᠨ ᠨᠢ᠄ 《ᠡᠷᠢᠭᠰᠡᠨ ᠬᠥᠮᠦᠨ ᠢ᠋ᠶ᠋ᠡᠨ ᠣᠯᠤᠭᠰᠠᠨ ᠲᠤᠯᠠ ᠡᠨᠡ ᠰᠥᠨᠢ ᠳᠣᠪᠲᠣᠯᠬᠤ ᠪᠠᠨ ᠵᠣᠭᠰᠣᠵᠤ ᠡᠨᠳᠡ ᠪᠠᠭᠤᠶ᠎ᠠ》ᠭᠡᠪᠡ᠃ ᠳᠦᠷᠪᠡᠵᠦ ᠶᠠᠪᠤᠭᠰᠠᠨ ᠮᠡᠷᠭᠢᠳ ᠦ᠋ᠳ ᠮᠥᠨ ᠰᠥᠨᠢ ᠬᠠᠮᠢᠭ᠎ᠠ ᠪᠠᠨ ᠬᠦᠷᠦᠭᠰᠡᠨ᠂ ᠲᠡᠷᠡ ᠭᠠᠵᠠᠷ ᠢ᠋ᠶ᠋ᠠᠨ ᠪᠠᠭᠤᠵᠤ ᠬᠣᠨᠣᠪᠠ᠃ ᠪᠥᠷᠲᠡ ᠦᠵᠢᠨ ᠮᠡᠷᠭᠡᠳ ᠦ᠋ᠨ ᠭᠠᠷ ᠠ᠋ᠴᠠ ᠭᠠᠷᠴᠤ ᠲᠡᠮᠦᠵᠢᠨ ᠲᠡᠢ ᠠᠭᠣᠯᠵᠠᠭᠰᠠ ᠶᠣᠰᠣ ᠡᠢᠮᠦ ᠪᠥᠯᠥᠭᠡ᠃
111᠂ ᠤᠷᠢᠳᠤ ᠣᠳᠦᠢ᠌ᠳ ᠮᠡᠷᠭᠢᠳ ᠦ᠋ᠨ ᠲᠣᠭᠲᠠᠭ᠎ᠠ ᠪᠡᠬᠢ᠂ ᠤᠸᠠᠰ (ᠬᠤᠸᠠ)ᠮᠡᠷᠭᠡᠳ ᠦ᠋ᠨ ᠲᠠᠢᠷ ᠤᠰᠤᠨ᠂ ᠬᠠᠭᠠᠳ ᠮᠡᠷᠭᠡᠳ ᠦ᠋ᠨ ᠬᠠᠭᠠᠳᠠᠢ ᠲᠡᠷᠡᠮᠡᠯᠡ ᠭᠤᠷᠪᠠᠭᠤᠯᠠ ᠭᠤᠷᠪᠠᠨ ᠵᠠᠭᠤᠨ ᠬᠥᠮᠦᠨ ᠢ᠋ ᠳᠠᠭᠠᠭᠤᠯᠵᠤ ᠲᠣᠭᠲᠠᠭ᠎ᠠ ᠪᠡᠬᠢ ᠶ᠋ᠢᠨ ᠳᠡᠭᠦᠦ ᠶᠡᠬᠡ ᠴᠢᠯᠡᠳᠦ ᠶ᠋ᠢᠨ ᠭᠡᠷᠭᠡᠢ ᠥᠭᠡᠯᠦᠨ ᠢ᠋ ᠶᠢᠰᠦᠭᠡᠢ ᠪᠠᠭᠠᠲᠤᠷ ᠲᠤ᠌ ᠪᠤᠯᠢᠶᠠᠭᠳᠠᠭᠰᠠᠨ ᠤ᠋ ᠥᠰᠢᠶ᠎ᠡ ᠶ᠋ᠢ ᠠᠪᠤᠨ᠎ᠠ ᠭᠡᠵᠦ ᠲᠡᠷᠡ ᠨᠢᠭᠡ ᠥᠷᠯᠥᠭᠡ ᠮᠣᠷᠳᠠᠭᠰᠠᠨ ᠪᠢᠯᠡ᠃ ᠲᠡᠷᠡ ᠴᠠᠭ ᠲᠤ᠌ ᠲᠡᠮᠦᠵᠢᠨ ᠢ᠋ ᠪᠤᠷᠬᠠᠨ ᠬᠠᠯᠳᠤᠨ ᠳ᠋ᠤ᠌ ᠳᠤᠲᠠᠭᠠᠯᠭᠠᠵᠤ ᠭᠤᠷᠪᠠ ᠳᠠᠬᠢᠨ ᠲᠣᠭᠣᠷᠢᠵᠤ ᠨᠡᠩᠵᠢᠭᠡᠳ ᠲᠡᠮᠦᠵᠢᠨ ᠢ᠋ ᠣᠯᠤᠭᠰᠠᠨ ᠦᠭᠡᠢ᠂ ᠬᠠᠷᠢᠨ ᠪᠥᠷᠲᠡ ᠦᠵᠢᠨ ᠢ᠋ ᠪᠠᠷᠢᠨ ᠠᠪᠴᠤ ᠴᠢᠯᠡᠳᠦ ᠶ᠋ᠢᠨ ᠳᠡᠭᠦᠦ ᠴᠢᠯᠡᠬᠡᠷ ᠪᠥᠬᠡ ᠳ᠋ᠦ᠍ ᠥᠭᠴᠦ ᠠᠰᠠᠷᠠᠭᠤᠯᠤᠭᠰᠠᠨ ᠠᠵᠠᠢ᠃ ᠲᠡᠭᠦᠨ ᠡᠴᠡ ᠬᠣᠢᠰᠢ ᠪᠥᠷᠲᠡ ᠥᠵᠢᠨ ᠴᠢᠯᠡᠬᠡᠷ ᠪᠥᠬᠡ ᠶ᠋ᠢᠨ ᠭᠡᠷ ᠲᠦ᠍ ᠪᠠᠢᠭᠰᠠᠭᠠᠷ ᠪᠢᠯᠡ᠂ ᠣᠳᠣ ᠴᠢᠯᠡᠬᠡᠷ ᠪᠥᠬᠡ ᠳᠤᠲᠠᠭᠠᠵᠤ ᠭᠠᠷᠤᠭᠠᠳ ᠭᠡᠮᠰᠢᠵᠦ ᠥᠭᠦᠯᠡᠷᠦᠨ᠄
《ᠬᠠᠷ᠎ᠠ ᠮᠠᠭᠤ ᠬᠡᠷᠢᠶ᠎ᠡ ᠬᠠᠯᠢᠰᠤ ᠬᠣᠯᠲᠣᠰᠣ ᠢᠳᠡᠬᠦ ᠵᠠᠶᠠᠭ᠎ᠠ ᠲᠠᠢ ᠪᠠᠢᠲᠠᠯ᠎ᠠ ᠬᠠᠷᠠᠯᠠᠭ ᠭᠠᠯᠠᠭᠤ ᠶ᠋ᠢ ᠢᠳᠡᠬᠦ ᠪᠡᠷ ᠬᠠᠯᠳᠠᠨ ᠲᠡᠮᠡᠴᠡᠬᠦ ᠮᠡᠲᠦ᠂ ᠬᠠᠷᠢᠭᠤ ᠦᠭᠡᠢ ᠮᠠᠭᠤ ᠴᠢᠯᠡᠬᠡᠷ ᠪᠢ ᠬᠠᠷᠢᠨ ᠶᠡᠬᠡ ᠶ᠋ᠢ ᠰᠠᠨᠠᠵᠤ ᠬᠠᠲᠤᠨ ᠦᠵᠢᠨ ᠳ᠋ᠦ᠍ ᠬᠠᠯᠳᠠᠵᠤ ᠬᠠᠮᠤᠭ ᠮᠡᠷᠭᠡᠳ ᠢᠷᠭᠡᠨ ᠢ᠋ ᠬᠠᠴᠢᠯᠠᠭᠳᠠᠬᠤ ᠠᠶᠤᠯ ᠳ᠋ᠤ᠌ ᠤᠴᠠᠷᠠᠭᠤᠯᠵᠤ ᠬᠠᠯᠠᠬᠤ ᠨᠥᠮᠥᠷᠢ ᠦᠭᠡᠢ ᠪᠣᠯᠵᠤ ᠬᠠᠷᠠᠩᠭᠤᠢ ᠰᠥᠨᠢ ᠵᠢᠭᠤᠲᠠᠨ ᠭᠠᠷᠴᠤ ᠬᠠᠳᠠᠨ ᠤ᠋ ᠬᠠᠪᠴᠢᠯ ᠳ᠋ᠤ᠌ ᠬᠣᠷᠭᠣᠳᠠᠨ ᠬᠠᠢᠷᠠᠨ ᠠᠮᠢ ᠪᠠᠨ ᠭᠡᠭᠡᠵᠦ ᠬᠠᠷ᠎ᠠ ᠲᠣᠯᠣᠭᠠᠢ ᠪᠠᠨ ᠠᠯᠳᠠᠬᠤ ᠪᠣᠯᠪᠠ ᠬᠣᠯᠠ ᠳ᠋ᠤ᠌ ᠮᠠᠭᠤ ᠰᠢᠪᠠᠭᠤ ᠬᠤᠯᠤᠭᠠᠨ᠎ᠠ ᠣᠬᠣᠳᠠᠨ᠎ᠠ ᠢᠳᠡᠬᠦ ᠵᠠᠶᠠᠭᠠᠲᠠᠢ ᠪᠠᠢᠲᠠᠯ᠎ᠠ ᠬᠤᠨ ᠭᠠᠯᠠᠭᠤ ᠢᠳᠡᠶ᠎ᠡ ᠭᠡᠵᠦ ᠬᠣᠰᠢᠭᠤ ᠪᠠᠨ ᠪᠢᠯᠡᠭᠦᠳᠡᠬᠦ ᠮᠡᠲᠦ ᠬᠤᠪᠠᠬᠠᠢ ᠮᠠᠭᠤ ᠴᠢᠯᠡᠬᠡᠷ ᠪᠢ ᠬᠤᠲᠤᠭᠲᠤ ᠦᠵᠢᠨ ᠬᠠᠲᠤᠨ ᠢ᠋ ᠬᠤᠪᠢᠯᠠᠨ ᠠᠪᠴᠤ ᠢᠷᠡᠭᠡᠳ ᠬᠣᠲᠠᠯᠠ ᠣᠯᠠᠨ ᠮᠡᠷᠭᠡᠳ ᠲᠦ᠍ ᠬᠣᠣᠷ ᠬᠥᠨᠥᠭᠡᠯ ᠪᠣᠯᠭᠠᠪᠠ᠃ ᠬᠣᠬᠢᠷ ᠮᠠᠭᠤ ᠴᠢᠯᠡᠬᠡᠷ ᠪᠢ ᠬᠣᠬᠢᠮᠠᠢ ᠮᠠᠭᠤ ᠲᠣᠯᠣᠭᠠᠢ ᠪᠠᠨ ᠬᠣᠷᠭᠣᠳᠣᠬᠣ ᠭᠠᠵᠠᠷ ᠦᠭᠡᠢ ᠪᠣᠯᠪᠠ ᠬᠣᠷᠭᠣᠣᠯ ᠤ᠋ᠨ ᠲᠡᠳᠦᠢ ᠠᠮᠢ ᠪᠠᠨ ᠠᠷᠴᠢᠯᠠᠬᠣ ᠭᠠᠵᠠᠷ ᠦᠭᠡᠢ ᠪᠣᠯᠪᠠ ᠬᠠᠷᠠᠩᠭᠤᠢ ᠬᠠᠪᠴᠢᠯ ᠳ᠋ᠤ᠌ ᠰᠢᠷᠭᠤᠬᠤ ᠤᠤ ᠬᠠᠳᠠᠨ ᠤ᠋ ᠵᠠᠪᠰᠠᠷ ᠢ᠋ᠶ᠋ᠠᠷ ᠣᠷᠣᠬᠤ ᠤᠤ ᠬᠠᠮᠢᠭ᠎ᠠ ᠣᠴᠢᠬᠤ ᠪᠢᠯᠡ?》 ᠭᠡᠳ ᠳᠤᠲᠠᠭᠠᠭᠰᠠᠨ ᠠᠵᠢ᠃
112᠂ ᠬᠠᠭᠠᠳᠠᠢ ᠲᠡᠷᠡᠮᠡᠯᠡ ᠶ᠋ᠢ ᠪᠠᠷᠢᠨ ᠠᠪᠴᠢᠷᠠᠵᠤ᠂ ᠬᠠᠪᠲᠠᠰᠤᠨ ᠳᠥᠩᠭᠡ ᠡᠮᠦᠰᠬᠡᠵᠦ ᠬᠠᠯᠳᠤᠨ ᠠᠭᠤᠯᠠᠨ ᠳ᠋ᠤ᠌ ᠶᠠᠪᠤᠭᠤᠯᠪᠠ᠃ ᠪᠡᠯᠭᠦᠳᠡᠢ ᠶ᠋ᠢᠨ ᠡᠬᠡ ᠲᠡᠷᠡ ᠠᠢᠯ ᠳ᠋ᠤ᠌ ᠪᠣᠢ ᠭᠡᠬᠦ ᠶ᠋ᠢ ᠰᠣᠨᠣᠰᠤᠭᠠᠳ ᠪᠡᠯᠭᠦᠳᠡᠢ ᠡᠬᠡ ᠪᠡᠨ ᠠᠪᠤᠶ᠎ᠠ ᠭᠡᠵᠦ ᠣᠴᠢᠭᠠᠳ ᠭᠡᠷ ᠦ᠋ᠨ ᠪᠠᠷᠠᠭᠤᠨ ᠡᠭᠦᠳᠡ ᠪᠡᠷ ᠣᠷᠣᠪᠠᠯ ᠲᠡᠭᠦᠨ ᠦ᠌ ᠡᠬᠡ ᠨᠠᠪᠲᠠᠷᠬᠠᠢ ᠨᠡᠬᠡᠢ ᠳᠡᠪᠡᠯ ᠲᠡᠢ ᠪᠥᠭᠡᠳ ᠭᠡᠷ ᠦ᠋ᠨ ᠵᠡᠭᠦᠨ ᠡᠭᠦᠳᠡ ᠪᠡᠷ ᠭᠠᠷᠴᠤ ᠭᠠᠳᠠᠨ᠎ᠠ ᠶ᠋ᠢᠨ ᠬᠥᠮᠦᠨ ᠳ᠋ᠦ᠍ ᠥᠭᠦᠯᠡᠷᠦᠨ᠄
《ᠬᠠᠢᠷᠠᠲᠤ ᠬᠥᠪᠡᠭᠦᠳ ᠮᠢᠨᠢ ᠬᠠᠭᠠᠳ ᠤ᠋ᠨ ᠵᠡᠷᠭᠡ ᠳ᠋ᠦ᠍ ᠬᠦᠷᠴᠦ ᠪᠠᠢᠲᠠᠯ᠎ᠠ ᠬᠠᠷᠢᠨ ᠪᠢ ᠡᠨᠳᠡ ᠬᠠᠷᠠᠴᠤ ᠮᠠᠭᠤ ᠬᠥᠮᠦᠨ ᠳ᠋ᠦ᠍ ᠬᠠᠷᠢᠶᠠᠯᠠᠭᠳᠠᠵᠤ ᠶᠠᠪᠤᠨ᠎ᠠ ᠬᠠᠨ ᠬᠥᠪᠡᠭᠦᠳ ᠦ᠋ᠨ ᠨᠢᠭᠤᠷ ᠢ᠋ ᠬᠠᠷᠠᠵᠤ ᠶᠠᠭᠠᠬᠢᠨ ᠦᠵᠡᠬᠦ ᠪᠢᠯᠡ?》ᠭᠡᠳ ᠭᠦᠨ ᠰᠢᠭᠤᠢ ᠳ᠋ᠤ᠌ ᠭᠦᠶᠦᠵᠦ ᠣᠷᠣᠭᠰᠠᠨ ᠳ᠋ᠤ᠌ ᠬᠣᠢᠨ᠎ᠠ ᠠ᠋ᠴᠠ ᠨᠢ ᠨᠡᠬᠡᠵᠦ ᠡᠷᠢᠭᠡᠳ ᠣᠯᠤᠭᠰᠠᠨ ᠦᠭᠡᠢ᠂ ᠡᠭᠦᠨ ᠳ᠋ᠦ᠍ ᠪᠡᠯᠭᠦᠳᠡᠢ ᠨᠣᠶᠠᠨ᠂ ᠮᠡᠷᠭᠢᠳ ᠣᠪᠣᠭ ᠤ᠋ᠨ ᠬᠥᠮᠦᠨ ᠢ᠋ ᠦᠵᠡᠪᠡᠯ 《ᠡᠬᠡ ᠶ᠋ᠢ ᠮᠢᠨᠢ ᠠᠪᠴᠢᠷ᠎ᠠ》ᠭᠡᠵᠦ ᠬᠠᠷᠪᠤᠬᠤ ᠪᠢᠯᠡ᠃ ᠪᠤᠷᠬᠠᠨ ᠬᠠᠯᠳᠤᠨ ᠳ᠋ᠤ᠌ ᠲᠡᠮᠦᠵᠢᠨ ᠨᠠᠷ ᠢ᠋ ᠳᠣᠪᠲᠣᠯᠤᠭᠰᠠᠨ ᠭᠤᠷᠪᠠᠨ ᠵᠠᠭᠤᠨ ᠮᠡᠷᠭᠡᠳ ᠢ᠋ ᠦᠷ᠎ᠡ ᠶ᠋ᠢᠨ ᠦᠷ᠎ᠡ ᠶ᠋ᠢ ᠬᠦᠷᠲᠡᠯ᠎ᠡ ᠦᠨᠡᠰᠦ ᠶ᠋ᠢ ᠬᠡᠢᠰᠲᠡᠯ᠎ᠡ ᠬᠢᠳᠤᠵᠤ ᠦᠯᠡᠳᠡᠭᠰᠡᠨ ᠡᠮ᠎ᠡ ᠬᠡᠦᠬᠡᠳ ᠢ᠋ ᠡᠬᠥᠳᠡᠨ᠎ᠡ ᠵᠠᠷᠤᠴᠠ ᠪᠣᠯᠭᠠᠵᠤ ᠦᠵᠡᠰᠬᠦᠯᠡᠩ ᠰᠠᠢᠲᠠᠢ ᠵᠠᠷᠢᠮ ᠢ᠋ ᠡᠭᠦᠷᠢᠳᠡ ᠳᠣᠲᠣᠨᠣᠯᠠᠵᠤ ᠠᠪᠤᠪᠠ᠃
113᠂ ᠲᠣᠭᠣᠷᠢᠯ ᠬᠠᠨ᠂ ᠵᠠᠮᠤᠬ᠎ᠠ ᠬᠣᠶᠠᠷ ᠢ᠋ ᠲᠡᠮᠦᠵᠢᠨ ᠪᠢᠰᠢᠷᠡᠨ ᠥᠭᠦᠯᠡᠷᠦᠨ᠄
《ᠡᠴᠢᠭᠡ ᠬᠠᠨ ᠲᠣᠭᠣᠷᠢᠯ ᠡᠷᠬᠢᠮ ᠠᠨᠳᠠ ᠵᠠᠮᠤᠬ᠎ᠠ ᠨᠠᠷ ᠡᠪ ᠬᠦᠴᠦ ᠶ᠋ᠢ ᠨᠢᠭᠡᠳᠬᠡᠵᠦ ᠡᠷᠬᠡᠲᠦ ᠲᠡᠭᠷᠢ ᠶ᠋ᠢᠨ ᠥᠷᠥᠰᠢᠶᠡᠯ ᠢ᠋ᠶ᠋ᠡᠷ ᠡᠬᠡ ᠳᠡᠯᠡᠬᠡᠢ ᠶ᠋ᠢᠨ ᠢᠪᠡᠭᠡᠯ ᠢ᠋ᠶ᠋ᠡᠷ ᠡᠷᠲᠡᠨ ᠦ᠌ ᠥᠰᠢᠶᠡᠲᠦ ᠮᠡᠷᠭᠡᠳ ᠦ᠋ᠨ ᠡᠯᠢᠭᠡ ᠵᠢᠷᠦᠬᠡ ᠶ᠋ᠢ ᠨᠢ ᠡᠮᠳᠠᠯᠠᠵᠣ ᠡᠷᠬᠢᠮ ᠲᠥᠷᠥᠯ ᠢ᠋ ᠨᠢ ᠰᠥᠨᠥᠭᠡᠵᠦ ᠡᠵᠡᠮᠰᠢᠬᠦ ᠭᠡᠷ ᠢ᠋ ᠨᠢ ᠬᠣᠭᠣᠰᠣᠯᠠᠵᠤ ᠡᠯᠳᠡᠪ ᠵᠦᠢᠯ ᠢ᠋ ᠨᠢ ᠣᠯᠵᠠᠯᠠᠪᠠ》ᠭᠡᠪᠡ᠃ ᠮᠡᠷᠭᠡᠳ ᠢᠷᠭᠡᠨ ᠢ᠋ ᠲᠡᠢᠨᠬᠦ ᠳᠠᠢᠯᠠᠵᠤ ᠪᠤᠴᠠᠪᠠ᠃
114᠂ ᠣᠳᠦᠢ᠌ᠳ ᠮᠡᠷᠭᠢᠳ ᠦ᠋ᠨ ᠳᠦᠷᠪᠡᠵᠦ ᠳᠤᠲᠠᠭᠠᠭᠰᠠᠨ ᠤ᠋ ᠬᠣᠢᠨ᠎ᠠ ᠲᠡᠳᠡᠨ ᠢ᠋ ᠨᠤᠲᠤᠭ ᠳᠡᠭᠡᠷ᠎ᠡ ᠪᠤᠯᠠᠭᠠᠨ ᠮᠠᠯᠠᠭᠠᠢ ᠲᠠᠢ᠂ ᠪᠤᠭᠤ ᠶ᠋ᠢᠨ ᠠᠷᠠᠰᠤᠨ ᠭᠤᠲᠤᠯ ᠲᠠᠢ᠂ ᠪᠤᠯᠠᠭᠠᠨ ᠬᠥᠭᠡᠮᠡᠢ ᠳᠡᠪᠡᠯ ᠲᠡᠢ᠂ ᠨᠢᠳᠦᠨ ᠳ᠋ᠡᠭᠡᠨ ᠭᠠᠯ ᠲᠠᠢ᠂ ᠨᠢᠭᠤᠷ ᠲᠠᠭᠠᠨ ᠴᠣᠭᠲᠠᠢ ᠬᠦᠴᠦ ᠭᠡᠳᠡᠭ ᠨᠡᠷᠡᠲᠡᠢ᠂ ᠲᠠᠪᠤᠨ ᠨᠠᠰᠤᠲᠠᠢ ᠬᠥᠪᠡᠭᠦᠨ ᠬᠣᠴᠣᠷᠤᠭᠰᠠᠨ ᠢ᠋ ᠮᠠᠨ ᠤ᠋ ᠴᠡᠷᠢᠭ ᠦ᠋ᠳ ᠣᠯᠵᠤ ᠠᠪᠴᠢᠷᠠᠭᠠᠳ ᠥᠭᠡᠯᠦᠨ ᠡᠬᠡ ᠳ᠋ᠦ᠍ ᠪᠡᠯᠡᠭ ᠪᠣᠯᠭᠠᠨ ᠥᠭᠪᠡ᠃
115᠂ ᠲᠡᠮᠦᠵᠢᠨ᠂ ᠲᠤᠭᠤᠷᠢᠯ ᠬᠠᠨ ᠵᠠᠮᠤᠬ᠎ᠠ ᠭᠤᠷᠪᠠᠭᠤᠯᠠ ᠨᠡᠢᠯᠡᠵᠦ ᠣᠯᠠᠨ ᠮᠡᠷᠭᠢᠳ ᠦ᠋ᠨ ᠣᠴᠣᠭᠣᠷ ᠭᠡᠷ ᠢ᠋ ᠡᠪᠳᠡᠵᠦ ᠣᠯᠢᠭᠲᠠᠢ ᠡᠮᠡᠰ ᠢ᠋ ᠨᠢ ᠣᠯᠵᠠᠯᠠᠵᠤ ᠣᠷᠬᠣᠨ ᠰᠡᠯᠡᠩᠭᠡ ᠬᠣᠶᠠᠷ ᠤ᠋ᠨ ᠣᠢ ᠲᠠᠯ᠎ᠠ ᠠ᠋ᠴᠠ ᠪᠤᠴᠠᠪᠠ ᠳᠡᠯᠡᠳ ᠠᠷᠠᠯ ᠠ᠋ᠴᠠ ᠬᠥᠳᠡᠯᠵᠦ᠂ ᠲᠡᠮᠦᠵᠢᠨ᠂ ᠵᠠᠮᠤᠬ᠎ᠠ ᠬᠣᠶᠠᠷ ᠬᠣᠷᠬᠣᠨᠠᠭ ᠵᠤᠪᠤᠷ᠎ᠠ ᠶ᠋ᠢ ᠴᠢᠭᠯᠠᠨ ᠶᠠᠪᠤᠪᠠ᠃ ᠲᠣᠭᠣᠷᠢᠯ ᠬᠠᠨ᠂ ᠪᠤᠷᠬᠠᠨ ᠬᠠᠯᠳᠤᠨ ᠤ᠋ ᠬᠢᠷ᠎ᠠ ᠪᠠᠷ ᠦᠬᠡᠷᠲᠦ ᠰᠢᠭᠤᠢ ᠶ᠋ᠢ ᠳᠠᠭᠠᠷᠢᠨ ᠭᠠᠴᠠᠭᠣᠷᠠᠳᠣ (ᠭᠠᠴᠠᠭᠤᠷ᠎ᠠ ᠲᠠᠢ) ᠰᠦᠪᠴᠢᠳ ᠂ ᠤᠯᠢᠶᠠᠰᠤ (ᠤᠯᠢᠶᠠᠰᠤᠲᠠᠢ) ᠰᠦᠪᠴᠢᠳ ᠭᠡᠳᠡᠭ ᠭᠠᠵᠠᠷ ᠢ᠋ ᠳᠠᠭᠠᠷᠢᠵᠤ᠂ ᠠᠩ ᠬᠦᠷᠦᠭᠡ ᠬᠢᠭᠰᠡᠭᠡᠷ ᠲᠤᠤᠯᠠ ᠭᠣᠣᠯ ᠤ᠋ᠨ ᠬᠠᠷ᠎ᠠ ᠰᠢᠭᠤᠢ ᠳ᠋ᠤ᠌ ᠪᠤᠴᠠᠵᠤ ᠬᠠᠷᠢᠪᠠ ᠃
116᠂ ᠲᠡᠮᠦᠵᠢᠨ ᠵᠠᠮᠤᠬ᠎ᠠ ᠬᠣᠶᠠᠷ᠂ ᠬᠣᠷᠬᠣᠨᠠᠭ ᠤ᠋ᠨ ᠬᠥᠨᠳᠡᠢ ᠳ᠋ᠦ᠍ ᠨᠡᠢᠯᠡᠨ ᠪᠠᠭᠤᠵᠤ᠂ ᠡᠷᠲᠡᠨ ᠦ᠌ ᠠᠨᠳᠠ ᠪᠣᠯᠤᠯᠴᠠᠭᠰᠠᠨ ᠢ᠋ᠶ᠋ᠠᠨ ᠳᠤᠷᠠᠳᠴᠤ ᠤᠯᠠᠮ ᠳᠣᠲᠣᠨᠣ ᠪᠣᠯᠵᠤ ᠨᠠᠢᠷᠠᠯᠳᠤᠶ᠎ᠠ ᠭᠡᠯᠴᠡᠪᠡ᠃ ᠠᠩᠬ᠎ᠠ ᠤᠷᠢᠳᠤ ᠠᠨᠳᠠ ᠪᠣᠯᠤᠯᠴᠠᠬᠤ ᠳ᠋ᠤ᠌ ᠲᠡᠮᠦᠵᠢᠨ ᠠᠷᠪᠠᠨ ᠨᠢᠭᠡᠨ ᠨᠠᠰᠤᠲᠠᠢ ᠪᠠᠢᠭᠰᠠᠨ ᠪᠢᠯᠡ᠃ ᠲᠡᠷᠡ ᠴᠠᠭ ᠲᠤ᠌ ᠵᠠᠮᠤᠬ᠎ᠠ ᠨᠢᠭᠡᠨ ᠭᠤᠷ᠎ᠠ ᠶ᠋ᠢᠨ ᠱᠠᠭ᠎ᠠ ᠶ᠋ᠢ ᠲᠡᠮᠦᠵᠢᠨ ᠳ᠋ᠦ᠍ ᠥᠭᠴᠦ᠂ ᠲᠡᠮᠦᠵᠢᠨ ᠨᠢᠭᠡᠨ ᠴᠢᠳᠬᠤᠮᠠᠯ ᠱᠠᠭ᠎ᠠ ᠶ᠋ᠢ ᠵᠠᠮᠤᠬ᠎ᠠ ᠳ᠋ᠤ᠌ ᠥᠭᠴᠦ᠂ ᠤᠨᠤᠨ ᠤ᠋ ᠮᠥᠰᠥᠨ ᠳᠡᠭᠡᠷ᠎ᠡ ᠱᠠᠭᠠᠯᠴᠠᠨ ᠨᠠᠭᠠᠳᠣᠵᠣ ᠠᠨᠳᠠ ᠪᠣᠯᠤᠯᠴᠠᠭᠰᠠᠨ ᠪᠢᠯᠡ᠃ ᠲᠡᠭᠦᠨ ᠦ᠌ ᠬᠣᠢᠲᠤ ᠬᠠᠪᠤᠷ ᠠᠯᠠᠩᠭᠢᠷ ᠨᠤᠮᠤ ᠪᠠᠷ ᠬᠠᠷᠪᠤᠵᠤ ᠪᠠᠢᠬᠤ ᠳ᠋ᠤ᠌᠂ ᠵᠠᠮᠤᠬ᠎ᠠ ᠪᠢᠷᠠᠭᠤᠨ ᠤ᠋ ᠬᠣᠶᠠᠷ ᠡᠪᠡᠷ ᠢ᠋ ᠨᠠᠭᠠᠵᠤ ᠨᠦᠬᠡᠯᠡᠵᠦ ᠬᠢᠭᠰᠡᠨ ᠳᠠᠭᠤᠲᠤ ᠰᠤᠮᠤ ᠪᠠᠨ ᠲᠡᠮᠦᠵᠢᠨ ᠳ᠋ᠦ᠍ ᠥᠭᠴᠦ᠂ ᠲᠡᠮᠦᠵᠢᠨ ᠠᠷᠴᠠ ᠮᠣᠳᠣᠨ ᠭᠣᠳᠣᠯᠢ (ᠪᠣᠯᠴᠤᠤ) ᠪᠠᠨ ᠵᠠᠮᠤᠬ᠎ᠠ ᠳ᠋ᠤ᠌ ᠥᠭᠴᠦ ᠠᠨᠳᠠ ᠪᠣᠯᠤᠯᠴᠠᠪᠠ᠃ ᠬᠣᠶᠠᠷ ᠤᠳᠠᠭ᠎ᠠ ᠠᠨᠳᠠ ᠪᠣᠯᠤᠯᠴᠠᠭᠰᠠᠨ ᠶᠣᠰᠣ ᠡᠢᠮᠦ ᠪᠢᠯᠡ᠃
117᠂ ᠠᠬᠠᠰ ᠳᠡᠭᠡᠳᠦᠰ ᠦ᠋ᠨ ᠦᠭᠡ ᠶ᠋ᠢ ᠰᠣᠨᠣᠰᠪᠠᠯ ᠠᠯᠢᠪᠠ ᠬᠥᠮᠦᠨ ᠬᠠᠷᠢᠯᠴᠠᠨ ᠠᠨᠳᠠ ᠨᠥᠬᠥᠷ ᠪᠣᠯᠤᠯᠴᠠᠪᠠᠯ ᠠᠮᠢ ᠪᠡᠶ᠎ᠡ ᠳ᠋ᠡᠭᠡᠨ ᠠᠷᠠᠴᠢ ᠪᠣᠯᠵᠤ ᠠᠯᠢ ᠠᠯᠢᠨ ᠳ᠋ᠠᠭᠠᠨ ᠲᠦᠰᠢᠭ ᠪᠣᠯᠵᠤ ᠠᠮᠠᠷᠠᠭᠯᠠᠨ ᠬᠠᠨᠢᠯᠠᠬᠤ ᠶᠣᠰᠣᠲᠠᠢ ᠣᠳᠣ ᠪᠢᠳᠡ ᠠᠮᠠᠷᠠᠭᠯᠠᠨ ᠶᠠᠪᠤᠶ᠎ᠠ ᠭᠡᠵᠦ ᠲᠡᠮᠦᠵᠢᠨ᠂ ᠮᠡᠷᠭᠢᠳ ᠦ᠋ᠨ ᠲᠣᠭᠲᠠᠭ᠎ᠠ ᠠ᠋ᠴᠠ ᠣᠯᠵᠠᠯᠠᠵᠤ ᠠᠪᠤᠭᠰᠠᠨ ᠠᠯᠲᠠᠨ ᠪᠦᠰᠡ ᠪᠡᠨ ᠵᠠᠮᠤᠬ᠎ᠠ ᠠᠨᠳᠠ ᠳ᠋ᠤ᠌ ᠪᠦᠰᠡᠯᠡᠭᠦᠯᠵᠦ᠂ ᠲᠣᠭᠲᠠᠭ᠎ᠠ ᠶ᠋ᠢᠨ ᠡᠰᠬᠡᠯ (ᠡᠷᠡᠮᠡᠭ ᠪᠤᠶᠤ ᠠᠭᠰᠤᠮ ) ᠬᠠᠯᠢᠭᠤᠨ ᠢ᠋ ᠵᠠᠮᠤᠬ᠎ᠠ ᠠᠨᠳᠠ ᠳ᠋ᠤ᠌ ᠤᠨᠤᠭᠤᠯᠪᠠ᠃ ᠵᠠᠮᠤᠬ᠎ᠠ ᠬᠠᠷᠢᠭᠤ ᠳ᠋ᠤ᠌ ᠨᠢ ᠣᠧᠨᠰ ᠮᠡᠷᠭᠢᠳ ᠦ᠋ᠨ ᠲᠠᠢᠷ ᠤᠰᠤᠨ ᠠ᠋ᠴᠠ ᠣᠯᠵᠠᠯᠠᠵᠤ ᠠᠪᠤᠭᠰᠠᠨ ᠠᠯᠲᠠᠨ ᠪᠦᠰᠡ ᠪᠡᠨ ᠲᠡᠮᠦᠵᠢᠨ ᠳ᠋ᠦ᠍ ᠪᠦᠰᠡᠯᠡᠭᠦᠯᠵᠦ᠂ ᠮᠥᠨ ᠲᠡᠢᠷ ᠤᠰᠤᠨ ᠤ᠋ ᠡᠪᠡᠷᠲᠦ ᠢᠰᠢᠭᠡᠨ ᠴᠠᠭᠠᠨ ᠮᠣᠷᠢ ᠶ᠋ᠢ ᠲᠡᠮᠦᠵᠢᠨ ᠳ᠋ᠦ᠍ ᠤᠨᠤᠭᠤᠯᠪᠠ᠃
ᠡᠢᠨᠬᠦ ᠠᠨᠳᠠ ᠪᠣᠯᠤᠯᠴᠠᠵᠤ ᠬᠣᠷᠬᠣᠨᠠᠭ ᠵᠤᠪᠤᠷ ᠤ᠋ᠨ ᠬᠥᠨᠳᠡᠢ ᠳ᠋ᠦ᠍ ᠬᠣᠯᠳᠠᠭᠠᠷ ᠬᠤᠨ ᠤ᠋ ᠥᠪᠥᠷ ᠲᠦ᠍ ᠰᠠᠭᠯᠠᠭᠠᠷ ᠮᠣᠳᠣᠨ ᠤ᠋ ᠳᠣᠣᠷ᠎ᠠ ᠰᠠᠢᠬᠠᠨ ᠬᠤᠷᠢᠮ ᠦᠢᠯᠡᠳᠴᠦ ᠰᠠᠢᠲᠤᠷ ᠪᠥᠵᠢᠭᠯᠡᠨ ᠵᠢᠷᠭᠠᠵᠤ ᠰᠠᠨᠠᠭ᠎ᠠ ᠰᠡᠳᠬᠢᠯ ᠨᠢᠭᠡᠳᠴᠦ ᠰᠠᠢᠨ ᠨᠥᠬᠥᠳ ᠪᠣᠯᠤᠭᠠᠳ ᠰᠥᠨᠢ ᠨᠢᠭᠡᠨ ᠬᠥᠨᠵᠢᠯᠡ ᠳ᠋ᠦ᠍ ᠣᠷᠣᠵᠤ ᠬᠣᠨᠣᠬᠤ ᠪᠥᠯᠥᠭᠡ᠃
118᠂ ᠲᠡᠮᠦᠵᠢᠨ ᠵᠠᠮᠤᠬ᠎ᠠ ᠬᠣᠶᠠᠷ ᠢᠨᠠᠭ ᠨᠠᠢᠷᠲᠠᠢ ᠪᠠᠢᠵᠤ᠂ ᠨᠢᠭᠡᠨ ᠵᠢᠯ ᠬᠠᠭᠠᠰ ᠬᠠᠮᠲᠤ ᠰᠠᠭᠤᠵᠤ᠂ ᠨᠢᠭᠡᠨ ᠡᠳᠦᠷ ᠲᠡᠷᠡ ᠨᠤᠲᠤᠭ ᠠ᠋ᠴᠠ ᠨᠡᠭᠦᠶ᠎ᠡ ᠭᠡᠯᠴᠡᠵᠦ᠂ ᠵᠤᠨ ᠤ᠋ ᠲᠡᠷᠢᠭᠦᠨ ᠰᠠᠷ᠎ᠠ ᠶ᠋ᠢᠨ ᠠᠷᠪᠠᠨ ᠵᠢᠷᠭᠤᠭᠠᠨ ᠤ᠋ ᠤᠯᠠᠭᠠᠨ ᠲᠡᠷᠭᠡᠯ (ᠲᠥᠭᠥᠷᠢᠭ) ᠰᠠᠷᠠ ᠲᠠᠢ ᠡᠳᠦᠷ ᠨᠡᠭᠦᠪᠡ᠃ ᠲᠡᠮᠦᠵᠢᠨ ᠵᠠᠮᠤᠬ᠎ᠠ ᠬᠣᠶᠠᠷ᠂ ᠲᠡᠷᠭᠡ ᠨᠣᠭᠦᠳ ᠦ᠋ᠨ ᠤᠷᠢᠳᠤ ᠶᠠᠪᠤᠵᠤ ᠪᠠᠢᠲᠠᠯ᠎ᠠ ᠵᠠᠮᠤᠬ᠎ᠠ ᠥᠭᠦᠯᠡᠷᠦᠨ᠄
《ᠲᠡᠮᠦᠵᠢᠨ ᠠᠨᠳᠠ ᠠ᠋! ᠠᠭᠤᠯᠠᠨ ᠳ᠋ᠤ᠌ ᠰᠢᠬᠠᠨ ᠪᠠᠭᠤᠶ᠎ᠠ᠂ ᠠᠳᠤᠭᠤᠴᠢᠨ ᠳ᠋ᠤ᠌ ᠭᠡᠷ ᠪᠣᠯᠲᠤᠭᠠᠢ! (ᠠᠢ ᠵᠥᠪ ᠤᠤ) ᠭᠣᠣᠯ ᠳ᠋ᠤ᠌ ᠰᠢᠬᠠᠨ ᠪᠠᠭᠤᠶ᠎ᠠ ᠬᠣᠨᠢᠴᠢᠨ ᠬᠤᠷᠠᠭᠠᠴᠢᠨ ᠨᠠᠷ ᠲᠤ᠌ ᠬᠣᠭᠣᠯᠠ ᠪᠣᠯᠲᠤᠭᠠᠢ! (ᠬᠣᠷᠢᠭ ᠦᠭᠡᠢ ᠪᠢᠰᠢ ᠤᠤ) (ᠬᠠᠭᠠᠰ ᠨᠢ ᠠᠳᠤᠭᠤᠨ ᠤ᠋ ᠪᠡᠯᠴᠢᠭᠡᠷ ᠢ᠋ ᠲᠠᠲᠠᠵᠤ ᠠᠭᠤᠯᠠᠨ ᠳ᠋ᠤ᠌ ᠪᠠᠭᠤᠶ᠎ᠠ ᠂ ᠬᠠᠭᠠᠰ ᠨᠢ ᠬᠣᠨᠢᠨ ᠪᠡᠯᠴᠢᠭᠡᠷ ᠢ᠋ ᠲᠠᠲᠠᠵᠤ ᠭᠣᠣᠯ ᠳ᠋ᠤ᠌ ᠪᠠᠭᠤᠶ᠎ᠠ ᠭᠡᠰᠡᠨ ᠦᠭᠡ ᠪᠣᠯᠤᠯᠲᠠᠢ)᠂ ᠲᠡᠮᠦᠵᠢᠨ᠂ ᠵᠠᠮᠤᠬ᠎ᠠ ᠶ᠋ᠢᠨ ᠡᠨᠡ ᠦᠭᠡ ᠶ᠋ᠢ ᠤᠬᠠᠨ ᠶᠠᠳᠠᠵᠤ ᠬᠠᠷᠢᠭᠤ ᠶᠠᠭᠤ ᠴᠤ᠌ ᠬᠡᠯᠡᠭᠰᠡᠨ ᠦᠭᠡᠢ ᠬᠣᠴᠣᠷᠤᠭᠠᠳ ᠨᠡᠭᠦᠳᠡᠯ ᠦ᠋ᠨ ᠲᠡᠷᠭᠡ ᠶ᠋ᠢ ᠬᠦᠯᠢᠶᠡᠵᠦ ᠥᠭᠡᠯᠦᠨ ᠡᠬᠡ ᠳ᠋ᠦ᠍ ᠥᠭᠦᠯᠡᠷᠦᠨ᠄
《ᠵᠠᠮᠤᠬ᠎ᠠ ᠠᠨᠳᠠ ᠨᠠᠳᠠᠳᠤ ᠬᠡᠯᠡᠪᠡ᠄ ᠠᠭᠤᠯᠠᠨ ᠳ᠋ᠤ᠌ ᠰᠢᠬᠠᠨ ᠪᠠᠭᠤᠶ᠎ᠠ ᠠᠳᠤᠭᠤᠴᠢᠨ ᠳ᠋ᠤ᠌ ᠭᠡᠷ ᠪᠣᠯᠲᠤᠭᠠᠢ! ᠡᠶ᠎ᠡ ᠵᠥᠪ ᠤᠤ? ᠭᠣᠣᠯ ᠳ᠋ᠤ᠌ ᠰᠢᠬᠠᠨ ᠪᠠᠭᠤᠶ᠎ᠠ
ᠬᠣᠨᠢᠴᠢᠨ ᠬᠤᠷᠠᠭᠠᠴᠢᠨ ᠨᠠᠷ ᠲᠤ᠌ ᠬᠣᠭᠣᠯᠠ ᠪᠣᠯᠲᠤᠭᠠᠢ! ᠬᠣᠷᠢᠭ ᠦᠭᠡᠢ ᠪᠢᠰᠢ ᠤᠤ? ᠭᠡᠵᠦ ᠥᠭᠦᠯᠡᠪᠡ᠂ ᠪᠢ ᠡᠨᠡ ᠦᠭᠡ ᠶ᠋ᠢ ᠤᠬᠠᠨ ᠶᠠᠳᠠᠵᠤ ᠬᠠᠷᠢᠭᠤ ᠶᠠᠭᠤ ᠴᠤ᠌ ᠡᠰᠡ ᠬᠡᠯᠡᠪᠡ᠃ ᠡᠬᠡ ᠡᠴᠡ ᠠᠰᠠᠭᠤᠶ᠎ᠠ ᠭᠡᠵᠦ ᠢᠷᠡᠪᠡ ᠪᠢ》ᠭᠡᠪᠡ᠃ ᠥᠭᠡᠯᠦᠨ ᠡᠬᠡ ᠶ᠋ᠢ ᠦᠭᠡ ᠬᠡᠯᠡᠵᠦ ᠠᠮᠵᠢᠭ᠎ᠠ ᠦᠭᠡᠢ ᠪᠠᠢᠲᠠᠯ᠎ᠠ᠂ ᠪᠥᠷᠲᠡ ᠥᠵᠢᠨ ᠥᠭᠦᠯᠡᠷᠦᠨ᠄ 《ᠵᠠᠮᠤᠬ᠎ᠠ ᠠᠨᠳᠠ ᠠᠮᠠᠷᠬᠠᠨ ᠤᠢᠳᠳᠠᠭ ᠭᠡᠳᠡᠭ ᠪᠢᠯᠡ᠃ ᠣᠳᠣ ᠪᠢᠳᠡᠨ ᠡᠴᠡ ᠤᠢᠳᠬᠤ ᠴᠠᠭ ᠨᠢ ᠪᠣᠯᠤᠭᠰᠠᠨ ᠪᠢᠵᠡ᠂ ᠲᠤᠭᠠᠷ ᠤ᠋ᠨ (ᠰᠠᠶᠢ ᠶ᠋ᠢᠨ) ᠵᠠᠮᠤᠬ᠎ᠠ ᠠᠨᠳᠠ ᠶ᠋ᠢᠨ ᠬᠡᠯᠡᠭᠰᠡᠨ ᠨᠢ ᠪᠢᠳᠡᠨ ᠢ᠋ ᠵᠢᠱ᠌ᠢᠶᠡᠯᠡᠭᠰᠡᠨ ᠦᠭᠡ ᠪᠤᠶᠤ ᠃ ᠪᠢᠳᠡ ᠪᠦᠦ ᠪᠠᠭᠤᠶ᠎ᠠ ᠂ ᠡᠨᠡ ᠬᠥᠳᠡᠯᠦᠭᠰᠡᠭᠡᠷ ᠰᠢᠯᠤᠭᠤᠬᠠᠨ ᠵᠠᠮᠤᠬ᠎ᠠ ᠠ᠋ᠴᠠ ᠬᠠᠭᠠᠴᠠᠵᠤ ᠰᠥᠨᠢ ᠲᠤᠵᠢ ᠶᠠᠪᠤᠶ᠎ᠠ》ᠭᠡᠪᠡ᠃
119᠂ ᠪᠥᠷᠲᠡ ᠥᠵᠢᠨ ᠦ᠌ ᠦᠭᠡ ᠶ᠋ᠢ ᠵᠥᠪᠰᠢᠶᠡᠷᠡᠵᠦ ᠦᠯᠦ ᠪᠠᠭᠤᠨ ᠰᠥᠨᠢ ᠲᠤᠵᠢ ᠶᠠᠪᠤᠵᠤ ᠵᠠᠭᠤᠷ᠎ᠠ ᠮᠥᠷ ᠲᠦ᠍ ᠲᠠᠢᠴᠢᠭᠤᠳ ᠢ᠋ ᠳᠠᠭᠠᠷᠢᠪᠠ᠃ ᠲᠠᠢᠴᠢᠭᠤᠳ ᠠᠶᠤᠵᠤ ᠮᠥᠨ ᠰᠥᠨᠢ ᠬᠥᠳᠡᠯᠵᠦ ᠵᠠᠮᠤᠬ᠎ᠠ ᠶ᠋ᠢᠨ ᠵᠦᠭ ᠣᠳᠪᠠ᠃ ᠲᠠᠢᠴᠢᠭᠤᠳ ᠤ᠋ᠨ ᠪᠠᠰᠣᠳ ᠤ᠋ᠨ ᠨᠤᠲᠤᠭ ᠳᠡᠭᠡᠷ᠎ᠡ ᠬᠥᠭᠡᠴᠦ ᠨᠡᠷ᠎ᠡ ᠲᠡᠢ ᠨᠢᠭᠡᠨ ᠥᠴᠦᠬᠡᠨ ᠬᠥᠪᠡᠭᠦᠨ ᠬᠣᠴᠣᠷᠤᠭᠰᠠᠨ ᠢ᠋ ᠮᠠᠨᠠᠢᠬᠢᠨ ᠣᠯᠵᠤ ᠠᠪᠤᠭᠠᠳ ᠥᠭᠡᠯᠦᠨ ᠡᠬᠡ ᠳ᠋ᠦ᠍ ᠥᠭᠴᠦ ᠲᠡᠵᠢᠭᠡᠯᠭᠡᠪᠡ᠃
120᠂ ᠲᠡᠮᠦᠵᠢᠨ ᠨᠠᠷ ᠲᠡᠷᠡ ᠰᠥᠨᠢ ᠳᠦᠯᠢᠨ ᠶᠠᠪᠤᠵᠤ ᠡᠳᠦᠷ ᠭᠡᠢᠬᠦ ᠳ᠋ᠦ᠍ ᠦᠵᠡᠪᠡᠯ᠂ ᠵᠠᠯᠠᠢᠷ ᠠᠢᠮᠠᠭ ᠤ᠋ᠨ ᠬᠠᠴᠢᠭᠤᠨ ᠲᠣᠬᠣᠷᠠᠭᠣᠨ᠂ ᠬᠠᠷᠠᠬᠤᠢ ᠲᠣᠬᠣᠷᠠᠭᠣᠨ᠂ ᠬᠠᠷᠠᠯᠳᠠᠢ ᠲᠣᠬᠣᠷᠠᠭᠣᠨ ᠠᠬ᠎ᠠ ᠳᠡᠭᠦᠦ ᠭᠤᠷᠪᠠᠭᠤᠯᠠ ᠰᠥᠨᠢ ᠳᠦᠯᠢᠨ ᠨᠡᠭᠦᠵᠦ ᠳᠠᠭᠠᠯᠳᠤᠨ ᠢᠷᠡᠪᠡ᠃ ᠳᠠᠷᠬᠠᠳ ᠠᠢᠮᠠᠭ ᠤ᠋ᠨ ᠬᠠᠲᠠᠭᠠᠨ᠂ ᠲᠠᠯᠳᠣᠷᠬᠠᠨ ᠠᠬ᠎ᠠ ᠳᠡᠭᠦᠦ ᠲᠠᠪᠤᠭᠤᠯᠠ ᠪᠠᠰᠠ ᠮᠥᠩᠬᠡᠲᠦ ᠬᠢᠶᠠᠨ ᠤ᠋ ᠬᠥᠪᠡᠭᠦᠨ ᠥᠩᠭᠥᠷ ᠨᠠᠷ᠂ ᠴᠠᠩᠰᠢᠭᠤᠳ ᠪᠠᠶᠠᠭᠣᠳ᠂ ᠬᠠᠷᠢᠶᠠᠲᠤ ᠨᠠᠷ ᠢ᠋ᠶ᠋ᠠᠨ ᠳᠠᠭᠠᠭᠤᠯᠤᠨ ᠢᠷᠡᠪᠡ᠃ ᠪᠠᠷᠤᠯᠠᠰ ᠠᠢᠮᠠᠭ ᠠ᠋ᠴᠠ ᠬᠤᠪᠢᠯᠠᠢ᠂ ᠬᠣᠢᠲᠤᠰ ᠠᠬ᠎ᠠ ᠳᠡᠭᠦᠦ ᠨᠠᠷ ᠢᠷᠡᠪᠡ᠃ ᠮᠠᠩᠭ᠋ᠣᠳ ᠠᠢᠮᠠᠭ ᠠ᠋ᠴᠠ ᠵᠠᠳᠠᠢ᠂ ᠲᠤᠭᠤᠯᠬᠤ ᠴᠡᠷᠪᠢ ᠠᠬ᠎ᠠ ᠳᠡᠭᠦᠦ ᠬᠣᠶᠠᠭᠤᠯᠠ ᠢᠷᠡᠪᠡ᠃ ᠪᠣᠭᠣᠷᠴᠤ ᠶ᠋ᠢᠨ ᠳᠡᠭᠦᠦ ᠥᠭᠡᠯᠡᠨ ᠴᠡᠷᠪᠢ᠂ ᠠᠷᠤᠯᠠᠳ ᠠᠢᠮᠠᠭ ᠠ᠋ᠴᠠ ᠬᠠᠭᠠᠴᠠᠵᠤ ᠠᠬ᠎ᠠ ᠪᠣᠭᠣᠷᠴᠤ ᠳ᠋ᠠᠭᠠᠨ ᠨᠡᠢᠯᠡᠵᠦ ᠢᠷᠡᠪᠡ᠃ ᠵᠠᠯᠮ᠎ᠠ ᠶ᠋ᠢᠨ ᠳᠡᠭᠦᠦ ᠴᠠᠭᠣᠷᠬᠠᠨ᠂ ᠰᠦᠪᠡᠭᠡᠳᠡᠢ ᠪᠠᠭᠠᠲᠤᠷ᠂ ᠤᠷᠢᠶᠠᠩᠬᠠᠢ ᠠᠢᠮᠠᠭ ᠠ᠋ᠴᠠ ᠰᠠᠯᠵᠤ ᠵᠠᠯᠮ᠎ᠠ ᠳ᠋ᠤ᠌ ᠨᠡᠢᠯᠡᠨ ᠢᠷᠡᠪᠡ᠃ ᠪᠠᠰᠣᠳ ᠠᠢᠮᠠᠭ ᠠ᠋ᠴᠠ ᠳᠡᠭᠡᠢ᠂ ᠬᠦᠴᠦᠭᠦᠷ ᠠᠬ᠎ᠠ ᠳᠡᠭᠦᠦ ᠬᠣᠶᠠᠷ ᠢᠷᠡᠪᠡ᠃ ᠰᠥᠯᠳᠥᠰ ᠠᠢᠮᠠᠭ ᠠ᠋ᠴᠠ ᠴᠢᠯᠡᠬᠥᠳᠡᠢ ᠳᠠᠬᠢ᠂ ᠳᠠᠢᠴᠢᠭᠤᠲᠠᠢ ᠠᠬ᠎ᠠ ᠳᠡᠭᠦᠦ ᠨᠠᠷ ᠢᠷᠡᠪᠡ᠃ ᠵᠠᠯᠠᠢᠷ ᠠᠢᠮᠠᠭ ᠤ᠋ᠨ ᠰᠡᠴᠡ ᠳᠣᠮᠣᠭ᠂ ᠠᠷᠬᠠᠢ ᠬᠠᠰᠠᠷ ᠪᠡᠯᠡ ᠬᠣᠶᠠᠭᠤᠯᠠ ᠬᠥᠪᠡᠭᠦᠨ ᠢ᠋ᠶ᠋ᠡᠨ ᠳᠠᠭᠠᠭᠤᠯᠵᠤ ᠢᠷᠡᠪᠡ᠃ ᠬᠣᠩᠬᠣᠳᠠᠨ ᠠ᠋ᠴᠠ ᠰᠦᠬᠡᠲᠦ ᠴᠡᠷᠪᠢ ᠢᠷᠡᠪᠡ᠃ ᠰᠥᠬᠥᠭᠡᠨ ᠡᠴᠡ ᠵᠡᠬᠡᠢ᠂ ᠬᠣᠩᠳᠠᠭᠣᠷ ᠤ᠋ᠨ ᠬᠥᠪᠡᠭᠦᠨ ᠰᠥᠭᠥᠬᠡᠢ᠂ ᠵᠡᠭᠦᠨ ᠢᠷᠡᠪᠡ᠃ ᠨᠦᠬᠡᠲᠡᠢ᠂ ᠴᠠᠭᠠᠨ ᠭᠤᠸ᠎ᠠ ᠢᠷᠡᠪᠡ᠃ ᠣᠯᠬᠣᠨᠣᠳ ᠠᠢᠮᠠᠭ ᠠ᠋ᠴᠠ ᠬᠢᠩᠬᠢᠶᠠᠳᠠᠢ᠂ ᠭᠣᠷᠯᠣᠰ ᠠᠢᠮᠠᠭ ᠤ᠋ᠨ ᠰᠡᠴᠢᠬᠥᠷ᠂ ᠳᠥᠷᠪᠡᠳ ᠠᠢᠮᠠᠭ ᠤ᠋ᠨ ᠮᠥᠴᠢ ᠪᠦᠳᠦᠭᠦᠨ ᠨᠠᠷ ᠢᠷᠡᠪᠡ᠃ ᠢᠬᠢᠷᠠᠰ ᠠᠢᠮᠠᠭ ᠤ᠋ᠨ ᠪᠣᠳᠣ᠂ ᠡᠨᠳᠡ ᠬᠦᠷᠭᠡᠨ ᠪᠣᠯᠵᠤ ᠪᠠᠢᠭᠰᠠᠨ ᠲᠤᠯᠠ ᠬᠠᠮᠲᠤ ᠢᠷᠡᠪᠡ᠃ ᠨᠣᠶᠠᠬᠢᠨ ᠠᠢᠮᠠᠭ ᠤ᠋ᠨ ᠵᠤᠩᠰᠣ ᠢᠷᠡᠪᠡ᠃ ᠣᠷᠣᠨᠠᠷ ᠠᠢᠮᠠᠭ ᠠ᠋ᠴᠠ ᠵᠢᠷᠭᠤᠭᠠᠨ ᠢᠷᠡᠪᠡ᠃ ᠲᠡᠭᠡᠭᠡᠳ ᠪᠠᠷᠤᠯᠠᠰ ᠠᠢᠮᠠᠭ ᠠ᠋ᠴᠠ ᠰᠣᠬᠣ ᠰᠡᠴᠡᠨ᠂ ᠬᠠᠷᠠᠴᠠᠷ ᠬᠥᠪᠡᠭᠦᠨ ᠲᠡᠢ ᠪᠡᠨ ᠢᠷᠡᠪᠡ᠃ ᠪᠠᠰᠠ ᠪᠠᠭᠠᠷᠢᠨ ᠠᠢᠮᠠᠭ ᠤ᠋ᠨ ᠬᠣᠷᠴᠢ ᠤᠰᠤᠨ ᠡᠪᠦᠭᠡᠨ᠂ ᠬᠦᠬᠡᠴᠦᠰ᠂ ᠮᠠᠨᠠᠨ ᠪᠠᠭᠠᠷᠢᠨ ᠢ᠋ᠶ᠋ᠠᠨ ᠳᠠᠭᠠᠭᠤᠯᠵᠤ ᠨᠢᠭᠡᠨ ᠬᠦᠷᠢᠶ᠎ᠡ ᠪᠣᠯᠵᠤ ᠢᠷᠡᠪᠡ᠃
121᠂ ᠬᠣᠷᠴᠢ ᠢᠷᠡᠵᠦ ᠥᠭᠦᠯᠡᠷᠦᠨ᠄ 《ᠪᠢᠳᠡ ᠪᠣᠳᠣᠨᠴᠠᠷ ᠪᠣᠭᠳᠠ ᠶ᠋ᠢᠨ ᠪᠠᠷᠢᠵᠤ ᠠᠪᠤᠭᠰᠠᠨ ᠡᠮ᠎ᠡ ᠡᠴᠡ ᠲᠥᠷᠥᠭᠰᠡᠨ ᠲᠤᠯᠠ ᠵᠠᠮᠤᠬ᠎ᠠ ᠲᠠᠢ ᠬᠡᠪᠡᠯᠢ ᠨᠢᠭᠡᠲᠡᠢ᠂ ᠬᠡᠯᠬᠢᠶ᠎ᠡ ᠨᠢᠭᠡᠲᠡᠢ ᠬᠥᠮᠦᠰ ᠪᠢᠯᠡ᠃ ᠡᠢᠮᠦ ᠶ᠋ᠢᠨ ᠲᠤᠯᠠ ᠵᠠᠮᠤᠬ᠎ᠠ ᠠ᠋ᠴᠠ ᠬᠠᠭᠠᠴᠠᠵᠤ ᠪᠣᠯᠬᠤ ᠦᠭᠡᠢ᠃ ᠭᠡᠪᠡᠴᠦ ᠵᠠᠭᠠᠷᠢᠨ ᠲᠩᠷᠢ ᠢᠷᠡᠵᠦ ᠨᠢᠳᠦᠨ ᠳ᠋ᠦ᠍ ᠮᠢᠨᠢ ᠵᠢᠭᠠᠵᠤ ᠦᠵᠡᠭᠦᠯᠦᠭᠰᠡᠨ ᠨᠢ᠂ ᠬᠤᠸᠠᠭᠴᠢᠨ ᠦᠨᠢᠶ᠎ᠡ ᠢᠷᠡᠵᠦ ᠵᠠᠮᠤᠬ᠎ᠠ ᠶ᠋ᠢ ᠲᠣᠭᠣᠷᠢᠨ ᠶᠠᠪᠤᠵᠤ᠂ ᠵᠠᠮᠤᠬ᠎ᠠ ᠶ᠋ᠢ ᠪᠠ ᠭᠡᠷ ᠲᠡᠷᠭᠡ ᠶ᠋ᠢ ᠨᠢ ᠮᠥᠷᠭᠥᠭᠰᠡᠭᠡᠷ ᠥᠷᠥᠭᠡᠰᠦᠨ ᠡᠪᠡᠷ ᠢ᠋ᠶ᠋ᠡᠨ ᠬᠤᠭᠤᠯᠵᠤ ᠰᠣᠯᠵᠢᠷ ᠡᠪᠡᠷᠳᠡᠢ ᠪᠣᠯᠤᠭᠠᠳ 〈ᠡᠪᠡᠷ ᠢ᠋ ᠮᠢᠨᠢ ᠥᠭ〉ᠭᠡᠵᠦ ᠵᠠᠮᠤᠬ᠎ᠠ ᠶ᠋ᠢᠨ ᠵᠦᠭ ᠮᠥᠭᠡᠷᠡᠵᠦ ᠰᠢᠷᠣᠢ ᠰᠠᠵᠢᠯᠠᠨ ᠪᠠᠢᠨ᠎ᠠ᠃ ᠪᠠᠰᠠ ᠨᠢᠭᠡᠨ ᠮᠤᠬᠤᠷ ᠤᠬᠠᠭ᠎ᠠ ᠦᠬᠡᠷ ᠢ᠋ ᠶᠡᠬᠡ ᠭᠡᠷ ᠲᠦ᠍ ᠲᠡᠷᠭᠡᠨ ᠳ᠋ᠦ᠍ ᠬᠥᠯᠯᠡᠵᠡᠢ᠃ ᠲᠡᠷᠡ ᠦᠬᠡᠷ ᠶᠡᠬᠡ ᠲᠡᠷᠭᠡᠭᠦᠷ (ᠵᠠᠮ) ᠢ᠋ᠶ᠋ᠠᠷ ᠲᠡᠮᠦᠵᠢᠨ ᠦ᠌ ᠬᠣᠢᠨ᠎ᠠ ᠠ᠋ᠴᠠ ᠵᠢᠳᠬᠦᠨ ᠶᠠᠪᠤᠵᠤ ᠮᠥᠭᠡᠷᠡᠨ ᠬᠡᠯᠡᠬᠦ ᠨᠢ ᠄ 〈ᠲᠡᠭᠷᠢ ᠭᠠᠵᠠᠷ ᠡᠶᠡᠯᠳᠡᠵᠦ(ᠵᠥᠪᠯᠡᠵᠦ ) ᠲᠡᠮᠦᠵᠢᠨ ᠤᠯᠤᠰ ᠤ᠋ᠨ ᠡᠵᠡᠨ ᠪᠣᠯᠲᠤᠭᠠᠢ ᠭᠡᠵᠦ ᠲᠡᠭᠡᠭᠡᠵᠦ ᠬᠦᠷᠭᠡᠵᠦ ᠶᠠᠪᠤᠨ᠎ᠠ〉ᠭᠡᠵᠦ ᠮᠥᠭᠡᠷᠡᠨ᠎ᠡ᠃ ᠡᠢᠨᠬᠦ ᠮᠢᠨᠦ ᠨᠢᠳᠦᠨ ᠳ᠋ᠦ᠍ ᠵᠠᠭᠠᠷᠢᠨ ᠲᠡᠭᠷᠢ ᠪᠡᠷ ᠵᠢᠭᠠᠵᠤ ᠦᠵᠡᠭᠦᠯᠪᠡ᠃ ᠲᠡᠮᠦᠵᠢᠨ ᠴᠢ ᠂ ᠤᠯᠤᠰ ᠤ᠋ᠨ ᠡᠵᠡᠨ ᠪᠣᠯᠪᠠᠯ ᠨᠠᠮ᠎ᠠ ᠶ᠋ᠢ ᠤᠷᠢᠳᠠ ᠠ᠋ᠴᠠ ᠵᠢᠭᠠᠵᠤ ᠬᠡᠯᠡᠭᠰᠡᠨ ᠲᠤᠯᠠ ᠬᠡᠷᠬᠢᠨ ᠵᠢᠷᠭᠠᠭᠤᠯᠬᠤ ᠪᠣᠢ?》ᠭᠡᠵᠦ ᠠᠰᠠᠭᠤᠪᠠᠯ᠂ ᠲᠡᠮᠦᠵᠢᠨ ᠥᠭᠦᠯᠡᠷᠦᠨ᠄《ᠦᠨᠡᠬᠡᠷ ᠪᠢ ᠤᠯᠤᠰ ᠤ᠋ᠨ ᠡᠵᠡᠨ ᠪᠣᠯᠪᠠᠯ ᠴᠢᠮᠢ᠋ᠢ ᠲᠦᠮᠡᠨ ᠦ᠌ ᠨᠣᠶᠠᠨ ᠪᠣᠯᠭᠠᠶ᠎ᠠ》ᠭᠡᠪᠡ᠃ ᠬᠣᠷᠴᠢ ᠥᠭᠦᠯᠡᠷᠦᠨ᠄ 《ᠡᠳᠦᠢ ᠶᠡᠬᠡ ᠲᠥᠷᠥ ᠶ᠋ᠢᠨ ᠦᠢᠯᠡ ᠶ᠋ᠢ ᠤᠷᠢᠳᠠ ᠠ᠋ᠴᠠ ᠵᠢᠭᠠᠭᠰᠠᠨ ᠨᠠᠮ᠎ᠠ ᠶ᠋ᠢ ᠲᠦᠮᠡᠨ ᠦ᠌ ᠨᠣᠶᠠᠨ ᠪᠣᠯᠭᠠᠬᠤ ᠨᠢ ᠶᠠᠮᠠᠷ ᠵᠢᠷᠭᠠᠯᠠᠩ ᠪᠣᠢ? ᠨᠠᠮ᠎ᠠ ᠶ᠋ᠢ ᠲᠦᠮᠡᠨ ᠦ᠌ ᠨᠣᠶᠠᠨ ᠪᠣᠯᠭᠠᠭᠠᠳ ᠪᠦᠬᠦ ᠤᠯᠤᠰ ᠠ᠋ᠴᠠ ᠭᠤᠸ᠎ᠠ ᠰᠠᠢᠬᠠᠨ ᠥᠬᠢᠳ ᠭᠤᠴᠢ ᠶ᠋ᠢ ᠰᠢᠯᠢᠨ ᠡᠮ᠎ᠡ ᠪᠣᠯᠭᠠᠬᠤ ᠡᠷᠬᠡ ᠶ᠋ᠢ ᠣᠯᠭᠣ᠂ ᠪᠠᠰᠠ ᠮᠢᠨᠦ ᠶᠠᠭᠤ ᠬᠡᠯᠡᠭᠰᠡᠨ ᠪᠦᠬᠦᠨ ᠢ᠋ ᠠᠩᠬᠠᠷᠴᠤ ᠰᠣᠨᠣᠰ!》ᠭᠡᠪᠡ᠃
122᠂ ᠬᠤᠨᠠᠨ ᠲᠡᠷᠢᠭᠦᠲᠡᠨ ᠬᠡᠨᠢᠬᠡᠰ ᠨᠢᠭᠡᠨ ᠬᠦᠷᠢᠶ᠎ᠡ ᠪᠣᠯᠵᠤ᠂ ᠪᠠᠰᠠ ᠳᠠᠷᠳᠠᠢ ᠤᠳᠴᠢᠬᠢᠨ ᠨᠢᠭᠡᠨ ᠬᠦᠷᠢᠶ᠎ᠡ ᠪᠣᠯᠵᠤ ᠢᠷᠡᠪᠡ᠃ ᠵᠠᠳᠠᠷᠠᠨ ᠠᠢᠮᠠᠭ ᠤ᠋ᠨ ᠮᠣᠯᠬᠠᠯᠠᠬᠣ ᠢᠷᠡᠪᠡ᠃ ᠤᠨᠵᠢᠨ ᠰᠠᠬᠠᠢᠳ ᠨᠢᠭᠡᠨ ᠬᠦᠷᠢᠶ᠎ᠡ ᠪᠣᠯᠵᠤ ᠢᠷᠡᠪᠡ᠃ ᠵᠠᠮᠤᠬ᠎ᠠ ᠠ᠋ᠴᠠ ᠡᠢᠨᠬᠦ ᠰᠠᠯᠵᠤ ᠬᠥᠳᠡᠯᠦᠭᠡᠳ ᠬᠢᠮᠣᠷᠭ᠎ᠠ ᠭᠣᠷᠣᠬ᠎ᠠ ᠶ᠋ᠢᠨ ᠠᠢᠯ ᠬᠠᠷᠭᠠᠨ᠎ᠠ ᠭᠡᠳᠡᠭ ᠭᠠᠵᠠᠷ ᠬᠦᠷᠴᠦ ᠪᠠᠭᠤᠪᠠ᠃ ᠲᠡᠷᠡ ᠴᠠᠭ ᠲᠤ᠌ ᠪᠠᠰᠠ ᠵᠠᠮᠤᠬ᠎ᠠ ᠠ᠋ᠴᠠ ᠰᠠᠯᠵᠤ ᠵᠤᠷᠭᠢᠨ ᠤ᠋ ᠰᠣᠷᠬᠠᠳᠣ ᠵᠤᠷᠭᠢᠨ ᠬᠥᠪᠡᠭᠦᠨ ᠰᠡᠴᠡ ᠪᠡᠬᠢ ᠲᠠᠢ᠌ᠴᠣ ᠬᠣᠶᠠᠷ ᠨᠢᠭᠡᠨ ᠬᠦᠷᠢᠶ᠎ᠡ ᠪᠣᠯᠵᠤ ᠨᠡᠭᠦᠨ ᠲᠠᠢᠵᠢ ᠶ᠋ᠢᠨ ᠬᠥᠪᠡᠭᠦᠨ ᠬᠣᠴᠣᠷ ᠪᠡᠬᠢ ᠨᠢᠭᠡᠨ ᠬᠦᠷᠢᠶ᠎ᠡ ᠪᠣᠯᠵᠤ᠂ ᠬᠣᠲᠠᠯᠠ ᠬᠠᠭᠠᠨ ᠤ᠋ ᠬᠥᠪᠡᠭᠦᠨ ᠠᠯᠲᠠᠨ ᠤᠳᠴᠢᠬᠢᠨ ᠨᠢᠭᠡᠨ ᠬᠦᠷᠢᠶ᠎ᠡ ᠪᠣᠯᠵᠤ᠂ ᠵᠠᠮᠤᠬ᠎ᠠ ᠠ᠋ᠴᠠ ᠰᠠᠯᠵᠤ ᠬᠥᠳᠡᠯᠦᠭᠡᠳ ᠲᠡᠮᠦᠵᠢᠨ ᠢ᠋ ᠬᠢᠮᠣᠷᠭ᠎ᠠ ᠭᠣᠷᠣᠬ᠎ᠠ ᠶ᠋ᠢᠨ ᠠᠢᠯ ᠬᠠᠷᠭᠠᠨ᠎ᠠ ᠳ᠋ᠤ᠌ ᠪᠠᠭᠤᠵᠤ ᠪᠠᠢᠬᠤ ᠳ᠋ᠤ᠌ ᠨᠡᠢᠯᠡᠨ ᠢᠷᠡᠪᠡ᠃ ᠲᠡᠮᠦᠵᠢᠨ ᠨᠠᠷ ᠲᠡᠨᠳᠡ ᠡᠴᠡ ᠨᠡᠭᠦᠵᠦ ᠬᠥᠷᠯᠡᠬᠦ ᠳᠣᠲᠣᠷᠠᠬᠢ ᠰᠠᠩᠬᠦᠷ ᠭᠣᠷᠣᠬᠠᠨ ᠤ᠋ ᠬᠠᠷ᠎ᠠ ᠵᠢᠷᠦᠬᠡᠨ ᠦ᠌ ᠬᠥᠬᠡ ᠨᠠᠭᠤᠷ ᠲᠤ᠌ ᠣᠴᠢᠵᠤ ᠪᠠᠭᠤᠪᠠ᠃
123᠂ ᠠᠯᠲᠠᠨ᠂ ᠬᠣᠴᠣᠷ᠂ ᠰᠡᠴᠡ ᠪᠡᠬᠢ ᠪᠦᠭᠦᠳᠡᠭᠡᠷ ᠵᠥᠪᠯᠡᠯᠳᠦᠵᠦ ᠲᠡᠮᠦᠵᠢᠨ ᠳ᠋ᠦ᠍ ᠥᠭᠦᠯᠡᠷᠦᠨ᠄
《 ᠴᠢᠮ᠎ᠠ ᠶ᠋ᠢ ᠬᠠᠭᠠᠨ ᠪᠣᠯᠭᠠᠶ᠎ᠠ᠂ᠲᠡᠮᠦᠵᠢᠨ ᠴᠢᠮᠢ᠋ᠢ ᠬᠠᠭᠠᠨ ᠪᠣᠯᠭᠠᠵᠤ ᠪᠢᠳᠡ ᠣᠯᠠᠨ ᠲᠡᠢᠨ ᠳ᠋ᠦ᠍ ᠣᠷᠣᠢᠯᠠᠨ ᠶᠠᠪᠤᠵᠤ ᠣᠨᠴᠠ ᠭᠤᠸ᠎ᠠ ᠥᠬᠢᠳ ᠢ᠋ ᠣᠯᠵᠠᠯᠠᠵᠤ ᠣᠷᠳᠣᠨ ᠰᠠᠢᠬᠠᠨ ᠭᠡᠷ ᠢ᠋ ᠠᠪᠴᠤ ᠣᠯᠠᠨ ᠤ᠋ ᠬᠠᠭᠠᠨ ᠲᠡᠮᠦᠵᠢᠨ ᠳ᠋ᠦ᠍ ᠥᠭᠭᠦᠶ᠎ᠡ ᠃ᠬᠠᠷᠢ ᠶ᠋ᠢᠨ ᠢᠷᠭᠡᠨ ᠢ᠋ ᠬᠠᠯᠳᠠᠨ ᠳᠣᠪᠲᠣᠯᠵᠤ ᠬᠠᠴᠠᠷ ᠭᠤᠸ᠎ᠠ ᠬᠠᠲᠤᠳ ᠢ᠋ ᠣᠯᠵᠠᠯᠠᠵᠤ ᠬᠠᠲᠠᠷᠢᠶ᠎ᠠ ᠰᠠᠢᠲᠤ ᠠᠭᠲᠠ ᠶ᠋ᠢ ᠬᠥᠭᠡᠭᠡᠵᠦ ᠠᠪᠴᠢᠷᠠᠵᠤ ᠥᠭᠭᠦᠶ᠎ᠡ ᠃ᠣᠷᠣᠭ᠎ᠠ ᠭᠥᠷᠥᠭᠡᠰᠦ ᠶ᠋ᠢ ᠠᠪᠠᠯᠠᠬᠤ ᠴᠠᠭ ᠲᠤ᠌ ᠤᠲᠤᠵᠤ ᠣᠢᠷᠠᠲᠤᠭᠤᠯᠵᠤ ᠥᠭᠭᠦᠶ᠎ᠡ ᠪᠢᠳᠡ᠃ᠣᠢ ᠶ᠋ᠢᠨ ᠭᠥᠷᠥᠭᠡᠰᠦ ᠶ᠋ᠢ ᠠᠩᠨᠠᠬᠤ ᠴᠠᠭ ᠲᠤ᠌ ᠣᠯᠵᠠ ᠭᠠᠷᠭᠠᠵᠤ ᠥᠭᠭᠦᠶ᠎ᠡ ᠪᠢᠳᠡ᠃ ᠬᠡᠭᠡᠷ᠎ᠡ ᠶ᠋ᠢᠨ ᠭᠥᠷᠥᠭᠡᠰᠦ ᠶ᠋ᠢ ᠭᠡᠲᠡᠵᠦ ᠠᠪᠠᠯᠠᠬᠤ ᠳ᠋ᠤ᠌ ᠬᠡᠪᠡᠯᠢ ᠶ᠋ᠢ ᠨᠢ ᠨᠡᠢᠯᠡᠲᠡᠯ᠎ᠡ ᠰᠢᠬᠠᠵᠤ ᠥᠭᠭᠦᠶ᠎ᠡ ᠃ᠭᠣᠣ ᠶ᠋ᠢᠨ ᠭᠥᠷᠥᠭᠡᠰᠦ ᠶ᠋ᠢ ᠠᠩᠨᠠᠬᠤ ᠴᠠᠭ ᠲᠤ᠌ ᠭᠤᠶ᠎ᠠ ᠶ᠋ᠢ ᠨᠢ ᠨᠡᠢᠯᠡᠲᠡᠯ᠎ᠡ ᠰᠢᠬᠠᠵᠤ ᠥᠭᠭᠦᠶ᠎ᠡ ᠃ ᠬᠠᠳᠬᠤᠯᠳᠤᠬᠤ ᠲᠡᠢᠨ ᠪᠣᠯᠬᠤ ᠴᠠᠭ ᠲᠤ᠌ ᠬᠠᠨ ᠲᠡᠮᠦᠵᠢᠨ ᠴᠢᠨᠦ ᠬᠠᠲᠠᠭᠤ ᠵᠠᠷᠯᠢᠭ ᠢ᠋ ᠬᠠᠢᠬᠤᠷᠬᠤ ᠦᠭᠡᠢ ᠶᠠᠪᠤᠪᠠᠯ ᠬᠠᠲᠤᠨ ᠡᠮ᠎ᠡ ᠡᠴᠡ ᠬᠠᠭᠠᠴᠠᠭᠤᠯᠤᠨ ᠰᠠᠯᠭᠠᠵᠤ ᠬᠠᠮᠤᠭ ᠶᠠᠭᠤᠮ᠎ᠠ ᠶ᠋ᠢ ᠬᠠᠮᠤᠷᠤᠨ ᠠᠪᠴᠤ ᠬᠠᠷ᠎ᠠ ᠲᠣᠯᠣᠭᠠᠢ ᠶ᠋ᠢ ᠮᠢᠨᠢ ᠬᠠᠶᠠᠵᠤ ᠣᠳᠤᠭᠲᠤᠨ᠃ᠡᠨᠡᠬᠦ ᠴᠠᠭ ᠲᠤ᠌ ᠡᠵᠡᠨ ᠲᠡᠮᠦᠵᠢᠨ ᠴᠢᠨᠦ ᠡᠶ᠎ᠡ ᠵᠠᠷᠯᠢᠭ ᠢ᠋ ᠡᠰᠡ ᠳᠠᠭᠠᠬᠤ ᠪᠣᠯ ᠡᠵᠡᠯᠡᠭᠰᠡᠨ ᠠᠷᠠᠳ ᠢ᠋ ᠠᠪᠴᠤ ᠡᠮ᠎ᠡ ᠬᠥᠪᠡᠭᠦᠳ ᠢ᠋ ᠪᠤᠯᠢᠶᠠᠵᠤ ᠡᠨᠡ ᠪᠡᠶ᠎ᠡ ᠶ᠋ᠢ ᠮᠢᠨᠢ ᠡᠵᠡᠭᠦᠢ ᠭᠠᠵᠠᠷ ᠬᠥᠭᠡᠭᠡᠵᠦ ᠣᠷᠭᠢ》ᠭᠡᠪᠡ᠃
ᠡᠢᠮᠦ ᠦᠭᠡ ᠶ᠋ᠢ ᠬᠡᠯᠡᠵᠦ᠂ ᠡᠢᠨᠬᠦ ᠠᠮᠠ ᠠᠯᠳᠠᠵᠤ᠂ ᠲᠡᠮᠦᠵᠢᠨ ᠢ᠋ ᠴᠢᠩᠭᠢᠰ ᠬᠠᠭᠠᠨ ᠭᠡᠵᠦ ᠨᠠᠷᠠᠢ᠌ᠳᠣᠵᠣ ᠬᠠᠭᠠᠨ ᠪᠣᠯᠭᠠᠪᠠ (ᠴᠢᠩᠭᠢᠰ ᠬᠠᠭᠠᠨ ᠭᠡᠬᠦ ᠨᠢ ᠲᠠᠩᠭᠢᠰ ᠬᠠᠭᠠᠨ᠂ ᠳᠠᠯᠠᠢ ᠬᠠᠭᠠᠨ ᠭᠡᠰᠡᠨ ᠦᠭᠡ ᠪᠣᠯᠤᠯᠲᠠᠢ᠃)
124᠂ ᠴᠢᠩᠭᠢᠰ ᠬᠠᠭᠠᠨ ᠪᠣᠯᠤᠭᠠᠳ ᠪᠣᠭᠣᠷᠴᠤ ᠶ᠋ᠢᠨ ᠳᠡᠭᠦᠦ ᠥᠭᠡᠯᠡᠨ ᠴᠡᠷᠪᠢ᠂ ᠬᠠᠴᠢᠭᠤᠨ ᠲᠣᠬᠣᠷᠭᠣᠨ ᠪᠠ ᠠᠬ᠎ᠠ ᠳᠡᠭᠦᠦ ᠵᠠᠳᠠᠢ᠂ ᠲᠤᠭᠤᠯᠬᠤ ᠳᠥᠷᠪᠡ ᠳ᠋ᠦ᠍ ᠬᠣᠷᠮᠣᠰᠬ᠎ᠠ ᠠᠭᠰᠠᠭᠤᠯᠪᠠ᠃ ᠥᠩᠭᠥᠷ᠂ ᠰᠦᠢᠬᠡᠲᠦ ᠴᠡᠷᠪᠢ᠂ ᠬᠠᠲᠠᠭᠠᠨ ᠲᠠᠯᠳᠣᠷᠬᠠᠨ ᠭᠤᠷᠪᠠ ᠥᠭᠦᠯᠡᠷᠦᠨ᠄
《ᠥᠷᠯᠥᠭᠡ ᠶ᠋ᠢᠨ ᠵᠤᠭ᠎ᠠ ᠶ᠋ᠢ ᠥᠨᠢᠳᠡ ᠣᠰᠣᠯᠳᠠᠬᠤ ᠦᠭᠡᠢ ᠦᠳᠡ ᠶ᠋ᠢᠨ ᠤᠮᠳᠠ ᠶ᠋ᠢ ᠡᠭᠦᠷᠢᠳᠡ ᠲᠠᠰᠤᠯᠳᠠᠬᠤ ᠦᠭᠡᠢ ᠭᠦᠢᠴᠡᠳᠬᠡᠵᠦ ᠪᠠᠢᠶ᠎ᠠ》ᠭᠡᠰᠡᠨ ᠲᠤᠯᠠ ᠪᠠᠭᠣᠷᠢᠴᠢᠨ (ᠲᠣᠭᠣᠭᠠᠴᠢ) ᠪᠣᠯᠭᠠᠪᠠ᠃ᠳᠡᠭᠡᠢ ᠥᠭᠦᠯᠡᠷᠦᠨ᠄
《ᠠᠯᠠᠭ ᠰᠠᠢᠬᠠᠨ ᠬᠣᠨᠢᠳ ᠢ᠋ ᠠᠷᠤ ᠳᠦᠭᠦᠷᠡᠩ ᠪᠡᠯᠴᠢᠭᠡᠵᠦ ᠬᠣᠨᠢᠨ ᠣᠯᠠᠨ ᠰᠦᠷᠦᠭ ᠢ᠋ ᠬᠣᠲᠠ ᠳᠦᠭᠦᠷᠡᠩ ᠥᠰᠬᠡᠵᠦ ᠬᠣᠪᠳᠣᠭ ᠲᠥᠷᠥᠭᠰᠡᠨ ᠪᠢ ᠴᠢᠨᠢ ᠬᠣᠣᠰ ᠴᠣᠪᠳᠠᠢ ᠬᠦᠷᠲᠡᠵᠦ ᠬᠣᠰᠬᠢᠨᠠᠭ ᠮᠢᠬ᠎ᠠ ᠢᠳᠡᠵᠦ ᠡᠳᠦᠷ ᠳᠣᠳᠣᠮ ᠥᠨᠵᠢᠬᠦ ᠦᠭᠡᠢ ᠬᠣᠨᠣᠭ ᠳᠣᠳᠣᠮ ᠬᠣᠵᠢᠮᠳᠠᠬᠤ ᠦᠭᠡᠢ ᠰᠢᠯᠢᠳᠡᠭ ᠢᠷᠭᠡ ᠶ᠋ᠢ ᠠᠯᠠᠵᠤ ᠰᠢᠮᠡᠲᠡᠢ ᠱᠥᠯᠥ ᠶ᠋ᠢ ᠪᠡᠯᠡᠳᠬᠡᠵᠦ ᠶᠠᠪᠤᠶ᠎ᠠ》ᠭᠡᠰᠡᠨ ᠲᠤᠯᠠ ᠳᠡᠭᠡᠢ ᠪᠡᠷ ᠬᠣᠨᠢ ᠠᠳᠤᠭᠤᠯᠠᠭᠤᠯᠪᠠ᠃ ᠲᠡᠭᠦᠨ ᠦ᠌ ᠳᠡᠭᠦᠦ ᠬᠦᠴᠦᠭᠦᠷ ᠥᠭᠦᠯᠡᠷᠦᠨ᠄
《ᠴᠣᠣᠷᠭᠠᠳᠠᠢ ᠲᠡᠷᠭᠡᠨ ᠦ᠌ ᠴᠣᠣᠷᠭ᠎ᠠ ᠴᠦᠴᠡ ᠴᠤᠴᠠᠷᠠᠨ ᠡᠪᠳᠡᠷᠡᠬᠦ ᠦᠭᠡᠢ ᠪᠣᠯᠭᠠᠵᠤ ᠲᠡᠩᠭᠡᠯᠢᠭ ᠲᠡᠢ ᠲᠡᠷᠭᠡ ᠶ᠋ᠢ ᠲᠡᠷᠡᠭᠦᠷ ᠵᠠᠮ ᠳ᠋ᠤ᠌ ᠲᠡᠩᠭᠡᠯᠢᠭ ᠰᠠᠭᠠᠲᠠᠬᠤ ᠦᠭᠡᠢ ᠪᠣᠯᠭᠠᠵᠤ ᠲᠡᠷᠭᠡ ᠭᠡᠷ ᠦ᠋ᠨ ᠠᠵᠢᠯ ᠢ᠋ ᠲᠡᠭᠰᠢᠯᠡᠨ ᠵᠠᠰᠠᠵᠤ ᠶᠠᠪᠤᠶ᠎ᠠ》ᠭᠡᠰᠡᠨ ᠲᠤᠯᠠ ᠭᠦᠴᠦᠭᠦᠷ ᠢ᠋ ᠲᠡᠷᠭᠡᠴᠢ ᠶ᠋ᠢᠨ ᠲᠤᠰᠢᠶᠠᠯ ᠳ᠋ᠤ᠌ ᠲᠣᠮᠢᠯᠠᠪᠠ᠃ ᠭᠡᠷ ᠳᠣᠲᠣᠷᠠᠬᠢ ᠭᠡᠷᠭᠡᠢ ᠬᠡᠦᠬᠡᠳ ᠪᠠ ᠵᠠᠷᠤᠴᠠ ᠨᠠᠷ ᠢ᠋ ᠲᠣᠳᠣᠢ ᠴᠡᠷᠪᠢ ᠪᠡᠷ ᠵᠠᠬᠢᠷᠠᠭᠣᠯᠪᠠ᠃ ᠬᠠᠰᠠᠷ ᠤ᠋ᠨ ᠵᠠᠬᠢᠷᠭᠠᠨ ᠳ᠋ᠤ᠌ ᠢᠯᠳᠦ ᠠᠭᠰᠤᠵᠤ ᠶᠠᠪᠤᠬᠤ ᠪᠠᠷ ᠬᠤᠪᠢᠯᠠᠢ᠂ ᠴᠢᠯᠬᠥᠳᠡᠢ᠂ ᠬᠠᠷᠬᠠᠢ ᠲᠣᠬᠣᠷᠭᠣᠨ ᠭᠤᠷᠪᠠ ᠶ᠋ᠢ ᠲᠣᠮᠢᠯᠠᠵᠤ᠄
《ᠬᠦᠴᠦ ᠲᠦᠷᠢᠮᠡᠬᠡᠢᠯᠡᠭᠴᠢᠳ ᠦ᠋ᠨ ᠬᠦᠵᠦᠭᠦᠦ ᠶ᠋ᠢ ᠬᠢᠶᠠᠩᠭ᠋ᠠᠷᠳᠠᠵᠣ ᠣᠮᠣᠭ ᠶᠡᠬᠡᠲᠡᠨ ᠦ᠌ ᠣᠮᠣᠷᠣ ᠶ᠋ᠢ ᠣᠭᠲᠣᠯᠵᠤ ᠶᠠᠪᠤ》ᠭᠡᠪᠡ᠃ ᠪᠡᠯᠭᠦᠳᠡᠢ᠂ ᠬᠠᠷᠠᠯᠳᠠᠢ ᠲᠣᠬᠣᠷᠭᠣᠨ ᠬᠣᠶᠠᠷ ᠢ᠋᠄ 《ᠠᠭᠲᠠ ᠬᠠᠷᠢᠭᠤᠯᠲᠤᠭᠠᠢ᠂ ᠠᠭᠲᠠᠴᠢᠨ ᠪᠣᠯᠲᠤᠭᠠᠢ》ᠭᠡᠪᠡ᠃ ᠲᠠᠢᠴᠢᠭᠤᠳ ᠤ᠋ᠨ ᠬᠣᠲᠣ ᠮᠤᠷᠢᠴᠢ᠂ ᠮᠣᠯᠠᠬᠠᠯᠬᠣ ᠭᠤᠷᠪᠠ ᠶ᠋ᠢ 《ᠠᠳᠤᠭᠤ ᠠᠳᠣᠭᠣᠯᠳᠣᠭᠠᠢ》ᠭᠡᠪᠡ᠃ ᠠᠷᠬᠠᠢ ᠬᠠᠰᠠᠷ᠂ ᠲᠠᠬᠠᠷ᠂ ᠰᠦᠬᠡᠬᠡᠢ᠂ ᠴᠠᠭᠣᠷᠬᠠᠨ ᠳᠥᠷᠪᠡ ᠶ᠋ᠢ 《ᠬᠣᠯᠠ ᠶ᠋ᠢᠨ ᠬᠣᠯᠪᠣᠭᠴᠢ ᠂ ᠣᠢᠷ᠎ᠠ ᠶ᠋ᠢᠨ ᠣᠲᠣᠴᠢ (ᠬᠣᠯᠠ ᠣᠢᠷ᠎ᠠ ᠶ᠋ᠢ ᠰᠤᠷᠪᠤᠯᠵᠢᠯᠠᠬᠤ ᠭᠠᠵᠠᠷᠴᠢ) ᠪᠣᠯᠲᠤᠭᠠᠢ》ᠭᠡᠪᠡ᠃ ᠰᠦᠪᠡᠬᠡᠳᠡᠢ ᠪᠠᠭᠠᠲᠤᠷ ᠥᠭᠦᠯᠡᠷᠦᠨ᠄
《ᠬᠤᠯᠤᠭᠠᠨ᠎ᠠ ᠣᠭᠣᠳᠠᠨ᠎ᠠ ᠮᠡᠲᠦ ᠬᠤᠷᠢᠶᠠᠭᠰᠠᠨ ᠬᠥᠷᠥᠩᠭᠡ ᠶ᠋ᠢ ᠬᠠᠳᠠᠭᠠᠯᠠᠵᠤ ᠬᠠᠷ᠎ᠠ ᠬᠡᠷᠢᠶ᠎ᠡ ᠮᠡᠲᠦ ᠬᠠᠮᠤᠭ ᠶᠠᠭᠤᠮ᠎ᠠ ᠶ᠋ᠢ ᠬᠠᠷᠠᠮᠯᠠᠵᠤ ᠨᠥᠮᠥᠷᠬᠦ ᠢᠰᠡᠭᠡᠢ ᠮᠡᠲᠦ ᠨᠥᠬᠥᠭᠡᠰᠦ ᠪᠠᠮᠪᠠᠢ ᠪᠣᠯᠵᠤ ᠭᠡᠷ ᠣᠷᠣᠨ ᠢ᠋ ᠬᠠᠮᠠᠭᠠᠯᠠᠬᠤ ᠬᠡᠷᠡᠰᠬᠡ ᠶ᠋ᠢᠨ ᠪᠦᠷᠢᠶᠡᠰᠦ ᠪᠣᠯᠤᠶ᠎ᠠ》ᠭᠡᠪᠡ᠃
125᠂ ᠲᠡᠨᠳᠡ ᠡᠴᠡ ᠴᠢᠩᠭᠢᠰ ᠬᠠᠭᠠᠨ᠂ ᠬᠠᠨ ᠪᠣᠯᠵᠤ ᠪᠣᠭᠣᠷᠴᠤ ᠵᠡᠯᠮ᠎ᠡ ᠬᠣᠶᠠᠷ ᠲᠤ᠌ ᠥᠭᠦᠯᠡᠷᠦᠨ᠄
《ᠰᠡᠭᠦᠳᠡᠷ ᠡᠴᠡ ᠥᠭᠡᠷ᠎ᠡ ᠨᠥᠬᠥᠷ ᠦᠭᠡᠢ ᠪᠠᠢᠬᠤ ᠳ᠋ᠤ᠌ ᠰᠡᠭᠦᠳᠡᠷ ᠮᠢᠨᠢ ᠪᠣᠯᠵᠤ ᠰᠡᠭᠦᠯ ᠡᠴᠡ ᠥᠭᠡᠷ᠎ᠡ ᠲᠠᠰᠢᠭᠤᠷ ᠦᠭᠡᠢ ᠪᠠᠢᠬᠤ ᠳ᠋ᠤ᠌ ᠰᠡᠭᠦᠯ ᠮᠢᠨᠢ ᠪᠣᠯᠵᠤ ᠰᠡᠳᠬᠢᠯ ᠢ᠋ ᠮᠢᠨᠢ ᠰᠡᠷᠭᠦᠭᠡᠵᠦ ᠰᠠᠨᠠᠭ᠎ᠠ ᠶ᠋ᠢ ᠮᠢᠨᠢ ᠠᠮᠠᠷᠠᠭᠤᠯᠤᠭᠰᠠᠨ ᠵᠢᠷᠦᠬᠡᠨ ᠦ᠌ ᠳᠣᠲᠣᠨᠣ ᠨᠥᠬᠥᠳ ᠮᠢᠨᠢ ᠲᠠ ᠬᠣᠶᠠᠷ ᠬᠠᠮᠤᠭ ᠠ᠋ᠴᠠ ᠤᠷᠢᠳᠤ ᠢᠷᠡᠵᠦ ᠨᠥᠬᠥᠷᠯᠡᠭᠰᠡᠨ ᠲᠤᠯᠠ ᠬᠠᠮᠤᠭ ᠢ᠋ ᠠᠬᠠᠯᠠᠨ᠎ᠠ》ᠭᠡᠪᠡ᠃ ᠪᠠᠰᠠ ᠴᠢᠩᠭᠢᠰ ᠬᠠᠭᠠᠨ ᠥᠭᠦᠯᠡᠷᠦᠨ᠄ 《ᠲᠡᠭᠷᠢ ᠳ᠋ᠦ᠍ ᠥᠷᠦᠰᠢᠶᠡᠭᠳᠡᠵᠦ᠂ ᠭᠠᠵᠠᠷ ᠲᠤ᠌ ᠢᠪᠡᠭᠡᠭᠳᠡᠵᠦ᠂ ᠵᠠᠮᠤᠬ᠎ᠠ ᠠ᠋ᠴᠠ ᠰᠠᠯᠵᠤ ᠨᠠᠮ᠎ᠠ ᠶ᠋ᠢ ᠰᠡᠳᠬᠢᠵᠦ ᠨᠥᠬᠥᠷᠯᠡᠶ᠎ᠡ ᠭᠡᠵᠦ ᠢᠷᠡᠭᠰᠡᠨ ᠠᠩᠬᠠᠨ ᠤ᠋ ᠥᠯᠵᠡᠢᠲᠦ ᠨᠥᠬᠥᠳ ᠮᠢᠨᠢ ᠠᠯᠢᠨ ᠠ᠋ᠴᠠ ᠴᠤ᠌ ᠢᠯᠡᠭᠦᠦ ᠬᠦᠨᠳᠦᠲᠡᠢ ᠪᠠᠢᠬᠤ ᠤᠴᠢᠷᠲᠠᠢ ᠲᠤᠯᠠ ᠡᠢᠨᠬᠦ ᠲᠠ ᠨᠠᠷ ᠢ᠋ ᠵᠣᠬᠢᠬᠤ ᠵᠣᠬᠢᠬᠤ ᠲᠤᠰᠢᠶᠠᠯ ᠳ᠋ᠤ᠌ ᠲᠣᠮᠢᠯᠠᠪᠠ》 ᠭᠡᠪᠡ᠃
126᠂ ᠴᠢᠩᠭᠢᠰ ᠬᠠᠭᠠᠨ ᠢ᠋ ᠬᠠᠭᠠᠨ ᠪᠣᠯᠭᠠᠪᠠ ᠭᠡᠵᠦ ᠬᠡᠷᠡᠢᠳ ᠦ᠋ᠨ ᠲᠤᠭᠤᠷᠢᠯ ᠬᠠᠨ ᠳ᠋ᠤ᠌ ᠲᠠᠬᠠᠢ᠂ ᠰᠦᠬᠡᠬᠡᠢ ᠬᠣᠶᠠᠷ ᠢ᠋ ᠢᠯᠡᠭᠡᠪᠡᠯ᠂ ᠲᠤᠭᠤᠷᠢᠯ ᠬᠠᠨ ᠥᠭᠦᠯᠡᠷᠦᠨ᠄ 《ᠲᠡᠮᠦᠵᠢᠨ ᠬᠥᠪᠡᠭᠦᠨ ᠢ᠋ ᠮᠢᠨᠢ᠂ ᠬᠠᠨ ᠪᠣᠯᠭᠠᠭᠰᠠᠨ ᠨᠢ ᠮᠠᠰᠢ ᠵᠥᠪ᠃ ᠮᠣᠩᠭ᠋ᠣᠯᠴᠣᠳ᠂ ᠬᠠᠨ ᠦᠭᠡᠢ ᠪᠠᠢᠵᠤ ᠶᠠᠭᠠᠬᠢᠵᠤ ᠪᠣᠯᠤᠨ᠎ᠠ᠃ ᠡᠨᠡ ᠰᠢᠢᠳᠪᠦᠷᠢ ᠪᠡᠨ ᠡᠪᠳᠡᠬᠦ ᠦᠭᠡᠢ ᠡᠪ ᠵᠠᠩᠭᠢᠶ᠎ᠠ ᠪᠠᠨ ᠲᠠᠰᠤᠯᠬᠤ ᠦᠭᠡᠢ ᠡᠬᠡ ᠵᠠᠬᠢᠶ᠎ᠠ ᠠᠯᠳᠠᠬᠤ ᠦᠭᠡᠢ ᠡᠭᠡᠨᠡᠭᠲᠡ ᠵᠢᠷᠤᠮᠲᠠᠢ ᠪᠠᠢ》ᠭᠡᠪᠡ᠃

《ᠮᠣᠩᠭᠣᠯ ᠤᠨ ᠨᠢᠭᠤᠴᠠ ᠲᠣᠪᠴᠢᠶᠠᠨ》ᠪᠦᠬᠦ 12 ᠪᠦᠯᠦᠭ“Монголын нууц товчоон”бөх 12 бөлөг