ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠬᠣᠶᠠᠷ〕 Цаг төрийн үймээн – Д ᠂ Намдаг - Цаг төрийн үймээн ᠂ гуравдугаар бүлэг - 22
ᠠᠩᠭᠢᠯᠠᠯ:ᠲᠤᠭᠤᠵᠢ ᠷᠣᠮᠠᠨТоож роман 2026-03-17
135
ᠳᠠᠢᠰᠤᠨ ᠤ᠋ ᠰᠢᠪᠲᠤᠷᠠᠭ᠎ᠠ ᠳᠠᠢᠰᠤᠨ ᠭᠣᠣᠵᠣᠣ ᠪᠠᠭᠠᠲᠤᠷ ᠠ᠋ᠴᠠ ᠬᠠᠭᠠᠴᠠᠭᠰᠠᠨ ᠤ᠋ ᠪᠠᠨ ᠳᠠᠷᠠᠭ᠎ᠠ ᠡᠪᠲᠦ ᠨᠥᠬᠥᠳ ᠦ᠋ᠨ ᠶᠣᠰᠣᠭᠠᠷ ᠪᠡᠶ᠎ᠡ ᠪᠡᠶ᠎ᠡ ᠪᠡᠨ ᠡᠷᠢᠨ ᠴᠤᠭᠯᠠᠷᠠᠵᠠᠢ᠃ ᠭᠡᠪᠡᠴᠦ ᠬᠣᠢᠰᠢᠳᠠ ᠶ᠋ᠢᠨ ᠬᠡᠷᠡᠭ ᠢ᠋ ᠬᠡᠷᠬᠢᠬᠦ ᠳᠡᠭᠡᠷ᠎ᠡ ᠡᠪᠳᠡᠷᠡᠯᠴᠡᠵᠦ ᠡᠬᠢᠯᠡᠪᠡ᠃ ᠨᠢᠭᠡ ᠨᠢ ᠡᠬᠢᠯᠡᠭᠡᠳ᠄ — ᠣᠳᠣ ᠪᠢᠳᠡ ᠶᠠᠭᠠᠬᠢᠶ᠎ᠠ ᠭᠡᠬᠦ ᠪᠣᠢ᠂ ᠥᠪᠥᠷ ᠮᠣᠩᠭᠣᠯ ᠣᠷᠣᠬᠤ ᠭᠡᠰᠡᠨ ᠢ᠋ᠶ᠋ᠡᠷ ᠢ᠋ᠶ...