ᠨᠢᠭᠤᠴᠠᠬᠠᠨ ᠰᠡᠳᠬᠢᠯ-ᠨᠢᠺᠢᠲ᠋ᠥᠨ ᠬᠠᠮᠲᠤᠯᠢᠭ Nuutskhan SetgelНууцхан Сэтгэл-Niciton хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠤᠴᠠᠬᠠᠨ ᠰᠡᠳᠬᠢᠯ-ᠨᠢᠺᠢᠲ᠋ᠥᠨ ᠬᠠᠮᠲᠤᠯᠢᠭ Nuutskhan SetgelНууцхан Сэтгэл-Niciton хамтлаг

ᠨᠢᠭᠤᠴᠠᠬᠠᠨ ᠰᠡᠳᠬᠢᠯ-ᠨᠢᠺᠢᠲ᠋ᠥᠨ ᠬᠠᠮᠲᠤᠯᠢᠭ Nuutskhan SetgelНууцхан Сэтгэл-Niciton хамтлаг

ᠠᠩᠭᠢᠯᠠᠯ:ᠳᠠᠭᠤᠤ ᠬᠥᠭᠵᠢᠮ
2026-03-18

1421

ᠨᠢᠭᠤᠴᠠᠬᠠᠨ ᠰᠡᠳᠬᠢᠯ


        ᠳᠠᠭᠤᠴᠢᠨ᠄ ᠨᠢᠺᠢᠲ᠋ᠤᠨ ᠬᠠᠮᠲᠤᠯᠢᠭ 

ᠨᠠᠭᠤᠷ ᠤ᠋ᠨ ᠳᠤᠮᠳᠠ ᠠ᠋ᠴᠠ ᠴᠠᠪ ᠴᠠᠢᠭᠰᠠᠨ ᠬᠤᠨ ᠤ᠋ ᠠᠳᠠᠯᠢ    
ᠡᠷᠬᠡᠰ ᠦ᠋ᠨ ᠰᠠᠷᠠᠨ ᠰᠥᠨᠢ ᠶ᠋ᠢᠨ ᠲᠩᠷᠢ ᠶ᠋ᠢ ᠴᠢᠮᠡᠯ᠎ᠡ 
ᠨᠢᠭᠤᠴᠠᠬᠠᠨ ᠬᠠᠢᠷ᠎ᠠ ᠪᠠᠨ ᠢᠴᠢᠩᠭᠦᠷᠡᠨ ᠪᠠᠢᠵᠤ ᠬᠡᠯᠡᠭᠰᠡᠨ 
ᠡᠩᠬᠦᠷᠡᠢ ᠴᠢᠨᠦ ᠵᠥᠭᠡᠯᠡᠨ ᠰᠢᠪᠡᠨᠡᠭᠡ ᠰᠣᠨᠣᠰᠤᠭᠳᠠᠯ᠎ᠠ 
ᠰᠠᠭᠠᠲᠠᠨ ᠵᠣᠭᠰᠣᠭᠰᠠᠨ ᠲᠡᠷᠡ ᠯᠠ ᠳᠥᠯᠭᠡᠨ ᠦᠳᠡᠰᠢ ᠨᠦ᠍ᠭᠦᠳ  ᠢ᠋  
ᠰᠠᠯᠬᠢ ᠨᠢ ᠬᠦᠷᠲᠡᠯ᠎ᠡ ᠰᠡᠳᠬᠢᠯ ᠳ᠋ᠦ᠍ ᠢᠩᠭᠢᠲᠡᠯ᠎ᠡ ᠪᠡᠨ ᠰᠢᠩᠭᠡᠵᠡᠢ 

ᠴᠢ ᠮᠢᠨᠢ ᠰᠠᠯᠬᠢ ᠪᠣᠯ
ᠤᠷᠢᠬᠠᠨ ᠰᠢᠪᠰᠢᠶ᠎ᠡ ᠳ᠋ᠦ᠍ ᠴᠢᠨᠢ ᠢᠯᠪᠢᠭᠦᠯᠵᠦ
ᠴᠢ ᠮᠢᠨᠢ ᠰᠠᠷᠨᠠᠢ ᠪᠣᠯ
ᠵᠢᠷᠦᠬᠡᠨ ᠲᠤᠷᠰᠢᠲᠠ ᠨᠠᠨᠳᠢᠩᠨᠠᠨ᠎ᠠ
       ᠳᠠᠬᠢᠯᠲᠠ

ᠰᠤᠪᠤᠳ ᠤ᠋ᠨ ᠰᠢᠭᠢᠳᠬᠡᠭᠡ ᠨᠢ ᠣᠳᠣᠳ ᠤ᠋ᠨ ᠳᠤᠮᠳᠠ ᠠ᠋ᠴᠠ ᠮᠡᠯᠲᠡᠢᠵᠦ
ᠲᠡᠷᠭᠡᠯ ᠰᠠᠷᠠᠨ ᠰᠥᠨᠢ ᠶ᠋ᠢᠨ ᠲᠩᠷᠢ ᠶ᠋ᠢ ᠴᠢᠮᠡᠯ᠎ᠡ
ᠰᠤᠷᠠᠭ ᠤ᠋ᠨ ᠭᠠᠵᠠᠷ ᠠ᠋ᠴᠠ ᠳᠤᠷᠠᠰᠤᠨ ᠰᠠᠭᠤᠭ᠎ᠠ ᠮᠢᠨᠦ
ᠬᠠᠢᠷ᠎ᠠ ᠶ᠋ᠢᠨ ᠲᠣᠯᠢᠨ ᠳ᠋ᠤ᠌ ᠴᠢᠨᠦ ᠴᠢᠷᠠᠢ ᠲᠤᠶᠠᠭᠠᠷᠠᠨ᠎ᠠ
ᠰᠤᠷᠠᠭ ᠤ᠋ᠨ ᠭᠠᠵᠠᠷ ᠠ᠋ᠴᠠ ᠳᠤᠷᠠᠰᠤᠨ ᠰᠠᠭᠤᠭ᠎ᠠ ᠮᠢᠨᠦ
ᠬᠠᠢᠷ᠎ᠠ ᠶ᠋ᠢᠨ ᠲᠣᠯᠢᠨ ᠳ᠋ᠤ᠌ ᠴᠢᠨᠦ ᠴᠢᠷᠠᠢ ᠲᠤᠶᠠᠭᠠᠷᠠᠨ᠎ᠠ

ᠳᠤᠷᠠᠰᠤᠨ ᠰᠠᠭᠤᠭ᠎ᠠ ᠮᠢᠨᠦ
ᠴᠢᠨᠦ ᠴᠢᠷᠠᠢ ᠲᠤᠶᠠᠭᠠᠷᠠᠨ᠎ᠠ 
ᠳᠤᠷᠠᠰᠤᠨ ᠰᠠᠭᠤᠭ᠎ᠠ ᠮᠢᠨᠦ
ᠴᠢᠨᠦ ᠴᠢᠷᠠᠢ ᠲᠤᠶᠠᠭᠠᠷᠠᠨ᠎ᠠ

      ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ