ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 25> Хүлэг баатар буурч - Б. Өлзийсүрэн <Гудгар бүлэг-25> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 25> Хүлэг баатар буурч - Б. Өлзийсүрэн <Гудгар бүлэг-25>

ᠬᠥᠯᠥᠭ ᠪᠠᠭᠠᠲᠤᠷ ᠪᠤᠭᠤᠷᠴᠢ - ᠪ᠂ ᠦᠯᠵᠡᠢᠰᠦ᠋ᠷᠦᠩ <ᠭᠤᠲᠠᠭᠠᠷ ᠪᠦᠯᠦᠭ - 25> Хүлэг баатар буурч - Б. Өлзийсүрэн <Гудгар бүлэг-25>

ᠠᠩᠭᠢᠯᠠᠯ:ᠲᠤᠭᠤᠵᠢ ᠷᠣᠮᠠᠨ
2026-03-17

71

ᠬᠠᠷᠢᠵᠤ ᠨᠢᠴᠤᠵᠤ ᠪᠣᠯᠬᠤ ᠦᠭᠡᠢ ᠬᠠᠳᠠᠨ ᠵᠣᠷᠢᠭ ᠢᠶᠠᠨ ᠦᠵᠡᠭᠦᠯᠦᠭᠰᠡᠨ ᠭᠤᠲᠠᠭᠠᠷ ᠪᠦᠯᠦᠭ

ᠬᠣᠷᠢᠨ ᠲᠠᠪᠤ


                ᠬᠣᠷᠢᠨ ᠲᠠᠪᠤ
                       ᠵᠣᠪᠠᠯᠠᠩ ᠲᠠᠢ ᠴᠦ᠍ ᠣᠷᠣᠨ ᠳᠣᠲᠣᠷ᠎ᠠ ᠪᠠᠨ ᠤᠬᠢᠯᠠᠳᠠᠭ ᠦᠭᠡᠢ 
                              ᠵᠢᠷᠭᠠᠯ ᠲᠠᠢ ᠴᠦ᠍ ᠳᠡᠷ᠎ᠡ ᠳᠡᠭᠡᠷ᠎ᠡ ᠪᠡᠨ ᠳᠠᠭᠤᠯᠠᠳᠠᠭ ᠦᠭᠡᠢ    
                                          (ᠮᠣᠩᠭᠣᠯ ᠵᠦᠢᠷ ᠰᠡᠴᠡᠨ ᠦᠭᠡ)     

       ᠮᠡᠷᠭᠢᠳ ᠦ᠋ᠳ ᠢ᠋ ᠪᠤᠲᠠ ᠴᠣᠬᠢᠵᠤ ᠳᠣᠷᠣᠢᠲᠠᠭᠤᠯᠤᠭᠰᠠᠨ ᠠ᠋ᠴᠠ ᠬᠣᠢᠰᠢ ᠪᠦᠲᠦᠨ ᠭᠤᠷᠪᠠᠨ ᠵᠢᠯ ᠬᠠᠭᠠᠰ ᠥᠩᠭᠡᠷᠡᠵᠦ᠂ ᠨᠠᠮᠤᠷ ᠤ᠋ᠨ ᠳᠤᠮᠳᠠ ᠰᠠᠷ᠎ᠠ ᠲᠣᠬᠢᠶᠠᠭᠰᠠᠨ ᠢ᠋ ᠶᠡᠬᠡ ᠯᠡ ᠰᠠᠢᠨ ᠪᠡᠯᠭᠡᠲᠡᠢ ᠡᠳᠦᠷ ᠭᠡᠮᠡᠨ ᠲᠠᠯ᠎ᠠ ᠶ᠋ᠢᠨ ᠮᠣᠩᠭᠣᠯ ᠣᠪᠣᠭᠲᠠᠨ ᠠᠢᠯ ᠬᠣᠲᠠᠯᠠ ᠪᠦᠷ ᠲᠡᠭᠡᠨ ᠡᠨᠡ ᠡᠳᠦᠷ ᠢ᠋ ᠬᠦᠯᠢᠶᠡᠵᠦ᠂ ᠪᠦᠲᠦᠭᠡᠬᠦ ᠡᠷᠬᠢᠮ ᠦᠢᠯᠡᠰ ᠢ᠋ᠶ᠋ᠡᠨ ᠬᠥᠢᠴᠡᠯᠳᠤᠯᠬᠥᠯᠬᠥ ᠪᠡᠷ ᠬᠢᠴᠢᠶᠡᠬᠦ ᠪᠥᠯᠥᠭᠡ᠃ ᠬᠦᠷᠳᠦᠲᠦ ᠶ᠋ᠢᠨ ᠳᠤᠮᠳᠠ ᠪᠦᠷᠢᠳᠦ ᠡᠴᠡ ᠪᠠᠷᠠᠭᠤᠨ ᠬᠣᠢᠰᠢ ᠬᠢ ᠳᠡᠭᠡᠳᠦ ᠬᠣᠭᠣᠯᠠᠢ ᠬᠡᠮᠡᠬᠦ ᠭᠣᠣᠯ ᠤᠰᠤ ᠲᠠᠢ ᠬᠥᠨᠳᠡᠢ ᠳ᠋ᠦ᠍ ᠪᠦᠯᠢ ᠠᠢᠯ ᠤ᠋ᠳ ᠤ᠋ᠨ ᠪᠠᠷᠠᠭᠤᠨ ᠬᠣᠢᠲᠤ ᠡᠩᠨᠡᠭᠡᠨ ᠦ᠌ ᠡᠬᠢᠨ ᠳ᠋ᠦ᠍ ᠴᠦ᠍ ᠰᠢᠨ᠎ᠡ ᠲᠣᠮᠣ ᠠ᠋ᠴᠠ ᠲᠣᠮᠣ ᠲᠥᠮᠪᠥᠭᠡᠷ ᠴᠠᠭᠠᠨ ᠭᠡᠷ ᠪᠣᠰᠴᠠᠢ᠃ ᠰᠢᠨᠡᠬᠡᠨ ᠴᠠᠭᠠᠨ ᠢᠰᠡᠭᠡᠢ ᠳᠡᠭᠡᠪᠦᠷ ᠢ᠋ ᠳᠡᠰ ᠬᠠᠷ᠎ᠠ ᠬᠢᠯᠭᠠᠰᠤ ᠪᠠᠷ ᠳᠠᠮᠨᠠᠵᠤ ᠵᠡᠭᠡᠭᠯᠡᠨ ᠳᠣᠲᠣᠷ᠎ᠠ ᠲᠠᠯ᠎ᠠ ᠠ᠋ᠴᠠ ᠨᠢ ᠨᠠᠷᠢᠨ ᠬᠢᠯᠭᠠᠰᠤ ᠪᠠᠷ ᠠᠯᠤᠬᠠᠨ ᠬᠡ ᠬᠣᠰᠢᠭᠤᠯᠠᠨ ᠤᠷᠠᠯᠠᠵᠠᠢ᠃ ᠲᠡᠷᠡ ᠭᠡᠷ ᠦ᠋ᠨ ᠵᠡᠭᠦᠨ ᠲᠠᠯ᠎ᠠ ᠳ᠋ᠤ᠌ ᠪᠠᠰᠠ ᠨᠢᠭᠡ ᠪᠠᠭᠠᠬᠠᠨ ᠰᠢᠨ᠎ᠡ ᠭᠡᠷ᠂ ᠵᠡᠭᠦᠨ ᠲᠡᠰᠢ ᠣᠢᠷᠠᠬᠠᠨ ᠲᠣᠮᠣ ᠬᠠᠭᠤᠴᠢᠨ ᠭᠡᠷ᠂ ᠴᠠᠭᠠᠰᠢ ᠨᠢ ᠨᠡᠯᠢᠶᠡᠳ ᠭᠡᠷ ᠬᠣᠲᠠᠯᠠ ᠠᠢᠯᠰᠠᠬᠤ ᠨᠢ ᠨᠠᠬᠤ ᠶ᠋ᠢᠨ ᠪᠦᠯᠢ ᠠᠵᠢ᠃ 
       ᠨᠠᠬᠤ᠂ ᠠᠯᠲᠠᠵᠢᠨ ᠬᠣᠶᠠᠷ ᠭᠠᠭᠴᠠ ᠬᠦᠦ ᠪᠡᠨ ᠭᠡᠷᠯᠡᠭᠦᠯᠬᠦ ᠡᠨᠡ ᠠᠵᠠ ᠵᠢᠷᠭᠠᠯᠲᠤ ᠡᠳᠦᠷ ᠢ᠋ ᠬᠡᠴᠢᠨᠡᠭᠡᠨ ᠬᠦᠯᠢᠶᠡᠵᠦ ᠬᠦᠰᠡᠭᠰᠡᠨ ᠢ᠋ ᠥᠭᠦᠯᠡᠬᠦ  ᠶᠠᠭᠤᠨ᠃  ᠲᠡᠳᠡᠨ ᠦ᠌ ᠪᠦᠯᠢ ᠥᠷᠯᠥᠭᠡ ᠡᠷᠲᠡᠯᠡᠨ ᠡᠨᠡ ᠰᠢᠨ᠎ᠡ ᠭᠡᠷ ᠢ᠋ ᠪᠠᠷᠢᠵᠤ᠂ ᠭᠡᠷ ᠦ᠋ᠨ ᠳᠣᠲᠣᠷᠠᠬᠢ ᠰᠢᠨ᠎ᠡ ᠴᠠᠭᠠᠨ ᠢᠰᠡᠭᠡᠢ ᠳᠡᠪᠢᠰᠬᠡᠷ᠂ ᠳᠡᠭᠡᠷ᠎ᠡ ᠨᠢ ᠰᠢᠷᠢᠵᠦ᠂ ᠬᠣᠰᠢᠶᠠᠯᠠᠵᠤ ᠤᠷᠠᠯᠠᠭᠰᠠᠨ ᠰᠢᠷᠳᠡᠭ᠂ ᠣᠯᠪᠣᠭ ᠳᠡᠪᠢᠰᠴᠦ ᠨᠣᠭᠣᠭᠠᠨ ᠵᠣᠰᠣ ᠪᠠᠷ ᠥᠩᠭᠡᠯᠡᠭᠰᠡᠨ ᠬᠦᠷᠢᠶ᠎ᠡ ᠬᠠᠵᠠ ᠮᠣᠳᠣ ᠪᠠᠷ ᠬᠥᠪᠡᠬᠡᠯᠳᠡᠨ ᠭᠠᠯ ᠤ᠋ᠨ ᠦᠷᠦ ᠶ᠋ᠢ ᠲᠤᠰᠠᠭᠠᠷᠯᠠᠵᠠᠢ᠃ ᠦᠷᠦ ᠳᠤᠮᠳᠠ ᠭᠤᠷᠪᠠᠨ ᠲᠣᠲᠣᠭᠣ ᠲᠠᠢ ᠭᠠᠩ ᠲᠤᠯᠭ᠎ᠠ᠂ ᠳᠡᠷᠭᠡᠳᠡ ᠨᠢ ᠬᠠᠢᠴᠢ ᠮᠠᠯᠲᠠᠭᠤᠷ ᠵᠡᠷᠭᠡ ᠠᠢᠯ ᠳ᠋ᠤ᠌ ᠪᠠᠢᠳᠠᠭ ᠪᠦᠬᠦᠨ ᠢ᠋ ᠪᠡᠯᠡᠳᠦᠨ ᠪᠠᠵᠠᠭᠠᠵᠠᠢ᠃  
       ᠭᠡᠷ ᠦ᠋ᠨ ᠳᠣᠲᠣᠷ᠎ᠠ ᠲᠠᠯᠪᠢᠯᠭ᠎ᠠ ᠪᠦᠷᠢᠨ᠂ ᠰᠢᠪ ᠰᠢᠨᠡᠬᠡᠨ ᠨᠤᠲᠤᠭ ᠤ᠋ᠨ ᠤᠯᠠᠭᠠᠨ ᠬᠦᠷᠡᠩ ᠵᠤᠰᠤ ᠪᠠᠷ ᠣᠨᠢ ᠲᠣᠭᠣᠨᠣ᠂ ᠰᠢᠷᠭᠠᠯ ᠵᠣᠰᠣ ᠪᠠᠷ ᠬᠠᠨ᠎ᠠ ᠬᠠᠭᠠᠯᠭ᠎ᠠ ᠶ᠋ᠢ ᠪᠣᠳᠣᠵᠤ ᠭᠤᠶᠤᠭᠰᠠᠨ ᠪᠠᠢᠨ᠎ᠠ᠃ ᠠᠪᠳᠠᠷ᠎ᠠ ᠰᠠᠪᠠ᠂ ᠡᠷᠭᠢᠨᠡᠭ ᠡᠯᠭᠦᠭᠦᠷ᠂ ᠮᠥᠨ ᠥᠩᠭᠡ ᠥᠩᠭᠡ ᠶ᠋ᠢᠨ ᠪᠣᠳᠣᠭ ᠬᠡ ᠴᠢᠮᠡᠭ ᠲᠡᠢ ᠠᠵᠠᠢ᠃ ᠪᠠᠷᠠᠭᠤᠨ ᠬᠣᠢᠮᠣᠷ ᠲᠠᠭᠠᠨ ᠮᠣᠩᠭᠣᠯ ᠣᠯᠠᠩᠬᠢ ᠣᠪᠣᠭ ᠠᠢᠮᠠᠭ ᠤ᠋ᠳ ᠰᠢᠲᠦᠳᠡᠭ ᠴᠠᠭᠠᠨ ᠱᠣᠩᠬᠣᠷ ᠤ᠋ᠨ ᠵᠢᠷᠤᠭ ᠢ᠋ ᠳᠡᠭᠡᠳᠦᠯᠡᠵᠦ ᠲᠡᠭᠦᠨ ᠡᠴᠡ  ᠳᠣᠭᠣᠭᠰᠢ᠂ ᠨᠤᠮᠤ ᠰᠠᠭᠠᠳᠠᠭ᠂ ᠵᠢᠳᠠ ᠰᠡᠯᠡᠮ᠎ᠡ ᠲᠡᠷᠢᠭᠦᠲᠡᠨ ᠢ᠋ ᠪᠠᠢᠷᠢᠯᠠᠭᠤᠯᠵᠠᠢ᠃ ᠪᠠᠷᠠᠭᠤᠨ ᠤᠷᠢᠳᠤ ᠬᠠᠲᠠᠪᠴᠢᠨ ᠳ᠋ᠤ᠌ ᠴᠢᠭ᠎ᠠ ᠪᠤᠶᠤ ᠭᠡᠷ ᠦ᠋ᠨ ᠰᠠᠬᠢᠭᠤᠯ ᠬᠠᠮᠠᠭᠠᠯᠠᠭᠴᠢ ᠶ᠋ᠢᠨ ᠳᠦᠷᠢ ᠦᠵᠡᠭᠳᠡᠨ᠎ᠡ᠃ ᠭᠠᠯ ᠭᠣᠯᠣᠮᠲᠠ ᠲᠤᠯᠭ᠎ᠠ ᠶ᠋ᠢᠨ ᠬᠣᠢᠮᠣᠷ ᠂ ᠪᠠᠷᠠᠭᠤᠨ ᠪᠠ ᠵᠡᠭᠦᠨ ᠬᠣᠢᠲᠤ ᠡᠲᠡᠭᠡᠳ ᠢ᠋ ᠲᠣᠭᠣᠷᠢᠭᠤᠯᠤᠨ ᠨᠠᠮᠬᠠᠨ ᠲᠠᠯᠪᠢᠭᠤᠷ ᠵᠠᠰᠠᠵᠠᠢ᠃  ᠡᠢᠨᠬᠦ ᠪᠣᠭᠤᠷᠴᠢ ᠶ᠋ᠢᠨ ᠬᠢ ᠬᠡᠮᠡᠬᠦ ᠠᠢᠯ ᠪᠡᠯᠡᠨ ᠪᠣᠯᠪᠠ᠃ ᠪᠣᠭᠤᠷᠴᠢ ᠥᠪᠡᠷ ᠢ᠋ᠶ᠋ᠡᠨ ᠭᠡᠷ ᠦ᠋ᠨ ᠳᠣᠲᠣᠷᠠᠬᠢ ᠵᠦᠢᠯᠡᠰ ᠢ᠋ ᠰᠢᠨᠵᠢᠨ ᠬᠠᠷᠠᠭᠠᠳ ᠭᠠᠷᠴᠤ ᠲᠠᠰᠢᠶ᠎ᠠ ᠲᠤᠯᠤᠨ ᠡᠷᠭᠢᠨ ᠲᠣᠭᠣᠷᠢᠨ ᠢ᠋ ᠠᠵᠢᠪᠠᠰᠤ ᠨᠠᠷᠠᠨ ᠵᠡᠭᠦᠨ ᠠᠭᠤᠯᠠ ᠶ᠋ᠢᠨ ᠴᠠᠭᠠᠨ᠎ᠠ ᠠ᠋ᠴᠠ ᠠᠯᠲᠠᠨ ᠰᠢᠷ᠎ᠠ ᠰᠠᠴᠤᠷᠠᠭ ᠢ᠋ᠶ᠋ᠠᠨ ᠭᠡᠢᠭᠦᠯᠦᠨ ᠬᠠᠷᠠᠬᠠᠨ ᠴᠤᠬᠤᠢᠵᠤ ᠭᠠᠷᠤᠭ᠎ᠠ ᠦᠭᠡᠢ ᠲᠤᠶᠠᠭᠠᠷᠠᠨ ᠠᠪᠠᠢ᠃ ᠲᠡᠭᠡᠲᠡᠯ᠎ᠡ ᠪᠠᠷᠠᠭᠤᠨ ᠬᠣᠢᠨ᠎ᠠ ᠠ᠋ᠴᠠ ᠬᠡᠰᠡᠭ ᠮᠣᠷᠢᠲᠠᠨ ᠰᠢᠷᠦᠭᠦᠬᠡᠨ ᠬᠠᠲᠠᠷᠢᠭᠤᠯᠵᠤ  ᠢᠷᠡᠪᠡ᠃ ᠡᠭᠦᠨ ᠳ᠋ᠦ᠍ ᠲᠡᠭᠦᠨ ᠦ᠌ ᠬᠠᠢᠷᠠᠲᠤ ᠬᠠᠨᠢ ᠡᠷᠬᠢᠮᠰᠦᠭ ᠭᠡᠷᠭᠡᠢ ᠲᠡᠭᠦᠰᠬᠡᠨ ᠢ᠋ ᠵᠠᠯᠠᠵᠤ ᠠᠪᠴᠢᠷᠠᠵᠤ ᠪᠠᠢᠭ᠎ᠠ ᠮᠣᠷᠢᠲᠠᠨ ᠨᠤᠭᠤᠳ ᠪᠢᠯᠡ᠃ ᠲᠡᠭᠦᠨ ᠢ᠋ ᠵᠠᠯᠠᠨ ᠠᠪᠴᠢᠷᠠᠵᠤ ᠪᠠᠢᠭ᠎ᠠ ᠵᠠᠭᠤᠴᠢᠯᠠᠭᠴᠢᠳ ᠨᠢ ᠪᠡᠯᠭᠦᠳᠡᠢ᠂ ᠵᠠᠯᠮ᠎ᠠ᠂ ᠪᠣᠭᠣᠷᠴᠢ ᠶ᠋ᠢᠨ ᠠᠪᠠᠭ᠎ᠠ᠂ ᠨᠠᠭᠠᠴᠤ ᠬᠣᠶᠠᠷ ᠠᠬ᠎ᠠ᠂ ᠬᠠᠳᠠᠮ ᠤ᠋ᠨ ᠲᠠᠯ᠎ᠠ ᠠ᠋ᠴᠠ ᠮᠥᠨ ᠠᠪᠠᠭ᠎ᠠ ᠨᠠᠭᠠᠴᠤ ᠬᠣᠶᠠᠷ ᠬᠦᠷᠭᠡᠨ ᠢᠷᠡᠵᠦ ᠶᠠᠪᠤᠭ᠎ᠠ᠃ ᠲᠡᠳᠡᠨ ᠦ᠌ ᠬᠢ ᠰᠡᠩᠭᠦᠷ ᠭᠣᠷᠤᠬᠠᠨ᠎ᠠ ᠨᠤᠲᠤᠭᠯᠠᠨ ᠪᠣᠢ ᠪᠠ ᠠᠯᠢ ᠵᠤᠨ ᠤ᠋ ᠡᠬᠢᠨ ᠰᠠᠷ᠎ᠠ ᠳ᠋ᠤ᠌ ᠡᠴᠢᠭᠡ ᠨᠠᠬᠤ ᠬᠦᠦ ᠶ᠋ᠢᠨ ᠬᠠᠮᠲᠤ ᠪᠡᠷᠢ  ᠭᠤᠶᠤᠵᠤ ᠣᠴᠢᠵᠤ ᠰᠦᠢ ᠪᠡᠯᠡᠭ ᠢ᠋ᠶ᠋ᠡᠨ ᠲᠠᠯᠪᠢᠭᠰᠠᠨ ᠠᠵᠤᠭᠤ᠃ ᠤᠭ ᠲᠠᠭᠠᠨ ᠪᠣᠭᠤᠷᠴᠢ ᠲᠡᠭᠦᠰᠬᠡᠨ ᠪᠦᠰᠡᠭᠦᠢ ᠲᠡᠢ ᠰᠢᠯᠦᠬᠡᠢ ᠶ᠋ᠢᠨ ᠢᠯᠡᠭᠦᠦ ᠨᠢᠭᠡᠨ ᠭᠡᠷ ᠲᠦ᠍ ᠭᠤᠷᠪᠠᠨ ᠵᠢᠯ ᠰᠠᠭᠤᠵᠤ ᠠᠵᠤ ᠲᠥᠷᠥᠨ ᠪᠣᠢ ᠴᠦ᠍ ᠵᠢᠩᠬᠢᠨᠢ ᠶᠣᠰᠣᠭᠠᠷ ᠭᠡᠷ ᠢ᠋ᠶ᠋ᠡᠨ ᠪᠠᠷᠢᠵᠤ ᠬᠤᠷᠢᠮ ᠢ᠋ᠶ᠋ᠠᠨ ᠬᠢᠵᠦ ᠶᠣᠰᠣᠯᠠᠭ᠎ᠠ ᠦᠭᠡᠢ ᠥᠨᠥ ᠬᠦᠷᠦᠭᠰᠡᠨ᠃ ᠡᠨᠡ ᠨᠢ ᠪᠣᠭᠤᠷᠴᠢ ᠶ᠋ᠢᠨ ᠬᠤᠪᠢ ᠳ᠋ᠤ᠌ ᠶᠣᠰᠣ ᠵᠦᠢ ᠶ᠋ᠢᠨ ᠶᠠᠪᠤᠳᠠᠯ ᠪᠠᠢᠯ᠎ᠠ᠃ 
       ᠡᠳᠦᠭᠡ ᠡᠴᠢᠭᠡ ᠶ᠋ᠢᠨ ᠢ᠋ᠶ᠋ᠡᠨ ᠳᠡᠷᠭᠡᠳᠡ ᠲᠡᠭᠦᠨ ᠦ᠌ ᠳᠥᠷᠪᠡᠨ ᠨᠠᠰᠤᠲᠠᠢ ᠪᠢᠴᠢᠬᠠᠨ ᠬᠦᠦ ᠥᠭᠡᠯᠦᠨ ᠪᠣᠢᠲᠣᠭ ᠲᠠᠭᠠᠨ ᠬᠠᠲᠠᠭᠰᠠᠨ ᠬᠤᠩᠬ᠎ᠠ ᠱᠠᠵᠢᠭᠢᠨᠠᠭᠤᠯᠤᠨ ᠭᠦᠶᠦᠵᠦ ᠵᠣᠭᠰᠣᠭ᠎ᠠ ᠴᠢᠯᠥᠭᠡ ᠦᠭᠡᠢ ᠱᠤᠯᠤᠭᠠᠨᠠᠨ᠎ᠠ᠃ ᠮᠣᠷᠢᠲᠠᠨ ᠨᠤᠭᠤᠳ ᠬᠦᠷᠴᠦ ᠢᠷᠡᠬᠦ ᠳ᠋ᠦ᠍ ᠪᠣᠭᠤᠷᠴᠢ ᠪᠢᠴᠢᠬᠠᠨ ᠬᠦᠦ ᠪᠡᠨ ᠡᠷᠭᠦᠨ ᠲᠡᠳᠡᠨ ᠢ᠋ ᠤᠭᠲᠤᠨ ᠣᠴᠢᠪᠠ᠃ ᠪᠡᠯᠭᠦᠳᠡᠢ ᠲᠡᠭᠦᠰᠬᠡᠨ ᠢ᠋ ᠳᠥᠰᠢᠨ ᠪᠠᠭᠤᠯᠭᠠᠬᠤ ᠳ᠋ᠤ᠌᠂ ᠲᠡᠭᠦᠰᠬᠡᠨ ᠪᠣᠭᠤᠷᠴᠢ ᠶ᠋ᠢᠨ ᠡᠮᠦᠨ᠎ᠡ ᠰᠥᠭᠥᠳᠦᠨ ᠮᠡᠬᠦᠢᠵᠦ ᠪᠣᠭᠤᠷᠴᠢ ᠴᠦ᠍ ᠪᠠᠰᠠ ᠲᠡᠭᠦᠨ ᠳ᠋ᠦ᠍ ᠮᠡᠬᠦᠢᠨ ᠬᠦᠨᠳᠦᠯᠡᠵᠦ ᠭᠠᠷ ᠠ᠋ᠴᠠ ᠨᠢ ᠳᠠᠮᠵᠢᠨ ᠪᠤᠰᠬᠠᠪᠠ᠃ ᠲᠡᠭᠦᠰᠬᠡᠨ ᠪᠣᠭᠤᠷᠴᠢ ᠶ᠋ᠢᠨ ᠲᠡᠪᠡᠷᠢᠵᠦ ᠣᠴᠢᠭᠰᠠᠨ ᠬᠦᠦ ᠶ᠋ᠢ ᠭᠠᠷ ᠰᠤᠩᠭᠠᠨ ᠠᠪᠴᠤ ᠡᠷᠭᠦᠵᠦ ᠦᠨᠦᠰᠦᠭᠡᠳ《ᠲᠣᠮᠣ ᠡᠷ᠎ᠡ》 ᠭᠡᠵᠦ ᠥᠬᠥᠭᠡᠷᠳᠡᠨ ᠪᠣᠭᠤᠷᠴᠢ ᠳ᠋ᠤ᠌ ᠥᠭᠬᠦ ᠳ᠋ᠦ᠍ ᠪᠣᠭᠤᠷᠴᠢ《ᠮᠢᠨᠦ ᠳᠡᠭᠦᠦ!》 ᠭᠡᠵᠦ ᠰᠤᠯᠪᠠᠭᠤᠬᠠᠨ ᠪᠤᠪᠳᠤᠨᠠᠪᠠ᠃ ᠲᠡᠭᠡᠭᠡᠳ ᠲᠡᠳᠡ ᠲᠡᠭᠦᠰᠬᠡᠨ ᠢ᠋ ᠨᠠᠬᠤ ᠡᠴᠢᠭᠡ ᠶ᠋ᠢᠨ ᠭᠡᠷ ᠦ᠋ᠨ ᠵᠦᠭ ᠬᠥᠲᠥᠯᠦᠨ ᠠᠪᠴᠤ ᠣᠴᠢᠬᠤ ᠳ᠋ᠤ᠌ ᠳᠠᠭᠠᠵᠤ ᠢᠷᠡᠭᠰᠡᠨ ᠨᠠᠭᠠᠴᠤ ᠠᠬ᠎ᠠ ᠡᠭᠦᠳᠡ ᠶ᠋ᠢ ᠨᠢ ᠰᠡᠬᠦᠵᠦ ᠪᠡᠷᠢ ᠶ᠋ᠢ ᠭᠡᠷ ᠲᠦ᠍ ᠣᠷᠣᠭᠤᠯᠪᠠ᠃ ᠡᠴᠢᠭᠡ ᠡᠬᠡ ᠨᠢ ᠪᠡᠷᠢ ᠪᠡᠨ ᠪᠣᠰᠴᠤ ᠬᠦᠨᠳᠦᠯᠡᠨ᠄ 
       — ᠠᠮᠤᠷ ᠠᠮᠤᠭᠤᠯᠠᠩ᠂ ᠰᠠᠭᠠᠳ ᠦᠭᠡᠢ ᠶᠠᠪᠤᠵᠤ ᠢᠷᠡᠪᠡᠦ? ᠭᠡᠵᠦ ᠮᠡᠨᠳᠦᠯᠡᠬᠦ ᠳ᠋ᠦ᠍ ᠲᠡᠭᠦᠰᠬᠡᠨ᠄ 
       — ᠠᠮᠤᠷ ᠠᠮᠤᠭᠤᠯᠠᠩ᠂ ᠰᠠᠭᠠᠳ ᠦᠭᠡᠢ ᠶᠠᠪᠤᠵᠤ ᠢᠷᠡᠯ᠎ᠡ ᠭᠡᠵᠦ ᠬᠠᠷᠢᠭᠤ ᠬᠡᠯᠡᠵᠦ ᠮᠡᠨᠳᠦᠴᠢᠯᠡᠭᠡᠳ ᠭᠠᠯ ᠳ᠋ᠤᠨᠢ ᠰᠥᠭᠥᠳᠴᠦ ᠬᠦᠨᠳᠦᠯᠡᠨ ᠰᠢᠷ᠎ᠠ ᠲᠣᠰᠣ ᠡᠷᠭᠦᠵᠦ ᠭᠠᠯ ᠢ᠋ ᠪᠠᠳᠠᠷᠠᠭᠠᠭᠠᠳ ᠭᠠᠷᠬᠤ ᠳ᠋ᠤ᠌ ᠪᠦᠭᠦᠳᠡ ᠠᠷᠤ ᠠ᠋ᠴᠠ ᠨᠢ ᠳᠠᠭᠠᠯᠳᠤᠵᠤ ᠰᠢᠨ᠎ᠡ ᠭᠡᠷ ᠤᠷᠤᠭᠤ ᠤᠳᠤᠷᠢᠳᠤᠨ ᠬᠦᠷᠭᠡᠪᠡ᠃ 
       ᠰᠢᠨ᠎ᠡ ᠭᠡᠷ ᠢᠰᠡᠭᠡᠢ ᠡᠭᠦᠳᠡ ᠶ᠋ᠢ ᠡᠷᠭᠦᠵᠦ ᠳᠠᠯᠠᠪᠴᠢᠨ ᠬᠠᠭᠠᠯᠭ᠎ᠠ ᠶ᠋ᠢ ᠨᠡᠭᠡᠭᠡᠵᠦ ᠣᠷᠣᠭᠤᠯᠬᠤ ᠳ᠋ᠤ᠌ ᠬᠠᠷᠠᠴᠤ ᠪᠥᠬᠡ ᠪᠡᠷᠢ ᠶ᠋ᠢ ᠬᠦᠨᠳᠦᠯᠡᠨ ᠮᠡᠬᠦᠢᠵᠦ ᠢᠷᠦᠭᠡᠯ ᠦ᠋ᠨ ᠦᠭᠡ ᠬᠡᠯᠡᠭᠡᠳ ᠣᠩᠭᠣ᠂ ᠰᠢᠲᠦᠭᠡᠨ ᠳ᠋ᠦ᠍ᠨᠢ ᠬᠦᠵᠢ ᠠᠷᠠᠴᠠ ᠠᠰᠠᠭᠠᠨ ᠠᠷᠪᠠᠢ᠂ ᠪᠤᠳᠠᠭ᠎ᠠ ᠰᠠᠴᠤᠵᠤ᠂ ᠪᠣᠭᠣᠷᠴᠢ ᠳ᠋ᠤ᠌ ᠭᠬᠢᠪ ᠬᠠᠳᠠᠭ ᠥᠭᠴᠦ ᠲᠣᠭᠣᠨᠣ ᠶ᠋ᠢᠨ ᠭᠣᠣᠯ ᠴᠢᠬᠳᠠᠭᠠᠨ ᠠ᠋ᠴᠠ ᠤᠶᠠᠭᠤᠯᠤᠨ ᠤᠷᠲᠤ ᠬᠦᠪᠦᠷᠡᠭᠰᠡᠨ ᠤᠯᠠᠭᠠᠨ ᠪᠦᠷᠢᠶᠡᠰᠦᠲᠡᠢ ᠴᠢᠭᠲᠠᠭ᠎ᠠ ᠶ᠋ᠢᠨ ᠣᠭᠣᠰᠣᠷ ᠢ᠋ ᠲᠡᠭᠦᠰᠬᠡᠨ ᠳ᠋ᠦ᠍ ᠥᠭᠴᠦ ᠵᠡᠭᠦᠨ ᠣᠨᠢᠨ ᠳ᠋ᠤ᠌ ᠭᠤᠷᠪᠠ ᠨᠤᠭᠤᠯᠤᠨ ᠬᠠᠪᠴᠢᠭᠤᠯᠠᠭᠤᠯᠪᠠ᠃ ᠭᠡᠷ ᠲᠡᠭᠡᠨ ᠢᠷᠡᠵᠦ ᠪᠣᠢ ᠭᠡᠷᠭᠡᠢ ᠲᠡᠭᠦᠰᠬᠡᠨ ᠮᠡᠬᠦᠢᠨ ᠶᠣᠰᠣᠯᠠᠭᠠᠳ ᠲᠤᠯᠭ᠎ᠠ ᠶ᠋ᠢᠨ ᠵᠡᠭᠦᠨ ᠲᠠᠯ᠎ᠠ ᠳ᠋ᠤ᠌ ᠪᠠᠷᠠᠭᠤᠨ ᠡᠪᠦᠳᠦᠭ ᠢ᠋ᠶ᠋ᠡᠨ ᠨᠤᠭᠤᠯᠤᠨ ᠰᠠᠭᠤᠬᠤ ᠳ᠋ᠤ᠌ ᠭᠡᠷ ᠦ᠋ᠨ ᠡᠵᠡᠨ ᠪᠣᠭᠤᠷᠴᠢ ᠲᠡᠭᠦᠨ ᠦ᠌ ᠳᠡᠭᠡᠷ᠎ᠡ ᠲᠠᠯ᠎ᠠ ᠳ᠋ᠤ᠌ ᠰᠠᠭᠤᠵᠤ᠂ ᠬᠣᠢᠮᠣᠷ ᠰᠠᠭᠤᠭ᠎ᠠ ᠡᠴᠢᠭᠡ ᠡᠴᠡ ᠪᠡᠨ᠄ 
            ᠠᠪᠤ ᠶ᠋ᠢᠨ ᠢ᠋ᠶ᠋ᠡᠨ ᠭᠡᠷ ᠡᠴᠡ ᠲᠠᠰᠤᠷᠠᠵᠤ 
            ᠠᠢᠯ ᠤ᠋ᠨ ᠭᠠᠯ ᠢ᠋ ᠪᠠᠳᠠᠷᠭᠠᠶ᠎ᠠ  
            ᠬᠡᠲᠡ ᠪᠡᠨ ᠥᠭᠴᠦ ᠬᠠᠢᠷᠠᠯᠠᠨ᠎ᠠ ᠤᠤ?    
            ᠭᠡᠷ ᠦ᠋ᠨ ᠢ᠋ᠶ᠋ᠡᠨ ᠭᠠᠯ ᠢ᠋ ᠠᠰᠠᠭᠠᠶ᠎ᠠ 
ᠭᠡᠵᠦ ᠠᠯᠠᠭ᠎ᠠ ᠲᠤᠰᠪᠠᠰᠤ ᠨᠠᠬᠤ ᠡᠴᠢᠭᠡ᠄  
            ᠦᠷᠦ ᠵᠢᠷᠦᠬᠡᠨ ᠡᠴᠡ ᠮᠢᠨᠢ ᠲᠠᠰᠤᠷᠠᠭᠰᠠᠨ    
            ᠥᠷᠯᠥᠭ ᠭᠠᠭᠴᠠ ᠬᠦᠦ ᠲᠡᠢ ᠪᠢᠯᠡ   
            ᠡᠷᠦᠬᠡ ᠭᠡᠷ ᠢ᠋ᠶ᠋ᠡᠨ ᠪᠤᠰᠬᠠᠬᠤ 
            ᠡᠳᠦᠷ ᠦ᠋ᠨ ᠰᠠᠢᠨ ᠢ᠋ ᠬᠦᠯᠢᠶᠡᠭᠰᠡᠨ ᠪᠢᠯᠡ  
            ᠭᠠᠯ ᠢ᠋ᠶ᠋ᠠᠨ ᠠᠰᠠᠭ᠎ᠠ᠂ ᠠᠰᠠᠭ᠎ᠠ᠂ ᠬᠦᠦ ᠮᠢᠨᠢ  
            ᠭᠣᠯᠣᠮᠲᠠ ᠪᠠᠨ ᠪᠠᠲᠤ ᠰᠠᠬᠢ ᠳᠠ! ᠬᠦᠦ ᠮᠢᠨᠢ 
ᠭᠡᠵᠦ ᠪᠥᠰᠡᠨ ᠡᠴᠡ ᠪᠡᠨ ᠬᠡᠲᠡ ᠪᠡᠨ ᠠᠪᠴᠤ ᠥᠭᠪᠡ᠃ 
       ᠪᠣᠭᠣᠷᠴᠢ ᠬᠡᠲᠡ ᠶ᠋ᠢ ᠴᠠᠬᠢᠵᠤ᠂ ᠠᠷᠭᠠᠯ ᠬᠣᠮᠣᠯ ᠳᠡᠭᠡᠷ᠎ᠡ ᠤᠯᠠ ᠡᠪᠡᠰᠦ ᠶ᠋ᠢ ᠣᠬᠢᠭᠤᠯᠤᠨ ᠭᠠᠯ ᠪᠠᠳᠠᠷᠠᠭᠠᠵᠤ ᠲᠡᠭᠦᠰᠬᠡᠨ ᠳ᠋ᠦ᠍ ᠥᠭᠴᠦ ᠲᠡᠷᠡ ᠨᠢ ᠥᠷᠥᠵᠦ ᠵᠡᠷᠭᠡᠯᠡᠭᠰᠡᠨ ᠬᠠᠭᠤᠷᠠᠢ ᠠᠷᠭᠠᠯ ᠴᠤᠤᠯᠠᠭᠰᠠᠨ ᠨᠠᠷᠢᠨ ᠮᠣᠳᠣᠨ ᠳᠡᠭᠡᠷ᠎ᠡ ᠲᠠᠯᠪᠢᠵᠤ᠂ ᠭᠠᠯ  ᠠᠰᠠᠭᠠᠨ ᠪᠠᠳᠠᠷᠠᠭᠠᠬᠤᠢ ᠯᠤᠭ᠎ᠠ ᠮᠥᠨ ᠰᠢᠷ᠎ᠠ ᠲᠣᠰᠣ ᠡᠷᠭᠦᠵᠦ ᠬᠥᠭᠵᠢᠭᠡᠭᠡᠳ ᠡᠷᠭᠢᠨᠡᠭ ᠳᠡᠭᠡᠷ᠎ᠡ ᠡᠴᠡ ᠲᠣᠭᠣᠭ᠎ᠠ ᠠᠪᠴᠤ ᠭᠠᠯ ᠳᠡᠭᠡᠷ᠎ᠡ ᠲᠠᠯᠪᠢᠨ ᠤᠰᠤ ᠬᠢᠵᠦ᠂ ᠣᠭᠣᠷ ᠨᠦᠳᠦᠭᠦᠷ ᠢ᠋ᠶ᠋ᠡᠷ ᠴᠠᠢ ᠪᠤᠲᠠᠯᠠᠵᠤ ᠨᠤᠨᠲᠠᠭᠯᠠᠨ ᠣᠢᠵᠤ᠂ ᠬᠤᠵᠢᠷ ᠰᠠᠴᠤᠪᠠ᠃ ᠴᠠᠢ ᠪᠤᠴᠠᠯᠵᠤ ᠢᠷᠡᠮᠡᠭᠴᠡ ᠰᠦ᠂ ᠰᠢᠷ᠎ᠠ ᠲᠣᠰᠣ ᠬᠢᠵᠦ ᠰᠠᠮᠤᠷᠤᠭᠠᠳ ᠲᠠᠪᠤᠨ ᠲᠠᠩᠰᠤᠭ ᠢᠳᠡᠭᠡ ᠪᠡᠨ ᠪᠣᠯᠭᠣᠵᠤ ᠰᠢᠨ᠎ᠡ ᠳᠣᠩᠪᠤᠨ ᠳ᠋ᠤ᠌ ᠠᠭᠤᠳᠠᠯᠤᠨ᠂ ᠤᠷᠢᠳᠠ ᠨᠢ ᠳᠣᠩᠪᠤᠨ ᠳ᠋ᠤ᠌ ᠬᠢᠵᠦ ᠲᠠᠯᠪᠢᠭᠰᠠᠨ ᠬᠠᠯᠠᠭᠤᠨ ᠴᠠᠢ ᠶ᠋ᠢ ᠰᠢᠨ᠎ᠡ ᠪᠡᠷ ᠰᠡᠯᠪᠢᠵᠦ ᠲᠣᠭᠣᠭᠠᠨ ᠳ᠋ᠠᠭᠠᠨ ᠳᠠᠬᠢᠨ ᠤᠰᠤ ᠬᠢᠵᠦ ᠰᠢᠨᠠᠭᠠᠨ ᠳ᠋ᠠᠭᠠᠨ ᠴᠠᠢ ᠶ᠋ᠢᠨ ᠳᠡᠭᠡᠵᠢ ᠡᠴᠡ ᠠᠪᠴᠤ ᠴᠠᠴᠤᠯᠠᠭᠤᠷ ᠪᠠᠷᠢᠨ ᠭᠠᠷᠴᠤ ᠨᠥᠬᠥᠷ ᠦ᠋ᠨ ᠨᠤᠲᠤᠭ ᠤ᠋ᠨ ᠠᠭᠤᠯᠠ ᠤᠰᠤᠨ ᠳ᠋ᠤ᠌ ᠰᠠᠴᠤᠯᠢ ᠡᠷᠭᠦᠪᠡᠢ᠃  
       ᠲᠡᠭᠡᠭᠡᠳ ᠠᠢᠯ ᠭᠡᠷ ᠦ᠋ᠨ ᠰᠢᠨ᠎ᠡ ᠡᠵᠡᠭᠲᠡᠢ ᠭᠡᠷ ᠲᠡᠭᠡᠨ ᠣᠷᠣᠵᠤ ᠢᠷᠡᠭᠡᠳ ᠴᠠᠢ ᠶ᠋ᠢᠨ ᠢ᠋ᠶ᠋ᠡᠨ ᠳᠡᠭᠡᠵᠢ ᠶ᠋ᠢ ᠨᠥᠬᠥᠷ ᠲᠡᠭᠡᠨ᠂ ᠳᠠᠷᠠᠭ᠎ᠠ ᠶ᠋ᠢᠨ ᠬᠢ ᠶ᠋ᠢ ᠨᠢ ᠬᠠᠳᠠᠮ ᠠᠪᠤ᠂ ᠪᠥᠬᠡ ᠬᠠᠷᠠᠴᠤ᠂ ᠬᠠᠳᠠᠮ ᠡᠵᠢ ᠳ᠋ᠡᠭᠡᠨ ᠭᠡᠵᠦ ᠳᠠᠷᠠᠭᠠᠯᠠᠨ ᠪᠠᠷᠢᠪᠠᠯ ᠥᠭᠡᠷ᠎ᠡ ᠨᠢᠭᠡᠨ ᠡᠮᠡᠭᠲᠡᠢ ᠪᠤᠰᠤᠳ ᠲᠤ ᠴᠠᠢ ᠠᠶᠠᠭᠠᠯᠠᠨ ᠪᠠᠷᠢᠪᠠ᠃ ᠲᠡᠭᠦᠰᠬᠡᠨ ᠢ᠋ ᠭᠠᠯ ᠠᠰᠠᠭᠠᠵᠤ ᠴᠠᠢ ᠴᠢᠨᠠᠬᠤ ᠵᠠᠭᠤᠷ᠎ᠠ ᠭᠠᠳᠠᠨ᠎ᠠ ᠠ᠋ᠴᠠ ᠲᠣᠮᠣ ᠭᠡᠭᠴᠢ ᠶ᠋ᠢᠨ ᠴᠠᠷ ᠲᠠᠪᠠᠭ ᠳᠡᠭᠡᠷ᠎ᠡ ᠦᠷᠦᠭᠰᠡᠨ ᠪᠦᠲᠦᠨ ᠢᠷᠭᠡ ᠶ᠋ᠢᠨ ᠰᠢᠭᠦᠰᠦ ᠶ᠋ᠢ ᠬᠣᠶᠠᠷ ᠬᠥᠮᠦᠨ ᠳᠠᠮᠵᠢᠯᠠᠨ ᠣᠷᠣᠭᠤᠯᠵᠤ᠂ ᠬᠣᠢᠮᠣᠷ ᠤ᠋ᠨ ᠰᠢᠷᠡᠭᠡᠨ ᠳᠡᠭᠡᠷ᠎ᠡ ᠲᠠᠯᠪᠢᠨ ᠤᠤᠭᠤᠰᠢ ᠵᠠᠭᠤᠰᠢ ᠶ᠋ᠢᠨ ᠵᠦᠢᠯ ᠢ᠋ ᠴᠦ᠍ ᠳᠠᠭᠠᠯᠳᠤᠨ ᠣᠷᠣᠭᠤᠯᠵᠤ ᠪᠠᠢᠪᠠ᠃ ᠪᠣᠭᠣᠷᠴᠢ ᠪᠣᠰᠴᠤ᠄ 
            ᠡᠳᠦᠷ ᠦ᠋ᠨ ᠰᠠᠢᠨ ᠢ᠋ ᠥᠨᠵᠢᠨ ᠬᠦᠯᠢᠶᠡᠵᠦ 
            ᠰᠠᠷ᠎ᠠ ᠶ᠋ᠢᠨ ᠰᠠᠢᠨ ᠢ᠋ ᠰᠠᠭᠠᠳᠠᠨ ᠬᠦᠯᠢᠶᠡᠭᠰᠡᠨ  
            ᠡᠨᠡ ᠭᠡᠷ ᠦ᠋ᠨ ᠡᠵᠡᠨ᠂ ᠡᠵᠡᠭᠲᠡᠢ ᠪᠢᠳᠡ ᠬᠣᠶᠠᠷ ᠤ᠋ᠨ 
            ᠡᠷᠬᠢᠮ ᠳᠡᠭᠡᠳᠦ ᠬᠤᠷᠢᠮ ᠨᠠᠢᠷ ᠡᠬᠢᠯᠡᠯ᠎ᠡ  
            ᠨᠠᠢᠷ ᠤ᠋ᠨ ᠳᠠᠷᠤᠭ᠎ᠠ ᠮᠢᠨᠦ ᠰᠠᠢᠨ ᠨᠥᠬᠥᠷ ᠪᠡᠯᠭᠦᠳᠡᠢ 
            ᠰᠥᠩᠴᠢ ᠮᠢᠨᠦ ᠰᠠᠢᠨ ᠨᠥᠬᠥᠷ ᠵᠡᠯᠮ᠎ᠡ  
            ᠡᠩᠨᠡᠭᠦᠯᠵᠦ ᠪᠠᠷᠢᠭᠰᠠᠨ ᠢᠳᠡᠭᠡ ᠵᠣᠭᠣᠭ ᠢ᠋ᠶ᠋ᠠᠨ ᠵᠣᠭᠣᠭᠯᠠᠵᠤ  
            ᠡᠷᠬᠢᠮ ᠪᠡᠯᠭᠡ ᠲᠡᠢ ᠡᠨᠡ ᠡᠳᠦᠷ ᠴᠡᠩᠭᠡᠨ ᠨᠠᠢᠷᠠᠯᠳᠤᠶ᠎ᠠ 
            ᠡᠷᠲᠡᠨ ᠦ᠌ ᠳᠡᠭᠡᠳᠦᠰ ᠦ᠋ᠨ ᠤᠯᠠᠮᠵᠢᠯᠠᠯ ᠶᠣᠰᠣᠭᠠᠷ 
            ᠡᠨᠡ ᠪᠠᠭᠠᠯᠵᠤᠤᠷ ᠢ᠋ ᠬᠤᠪᠢᠶᠠᠨ ᠢᠳᠡᠶ᠎ᠡ ᠭᠡᠵᠦ ᠥᠪᠡᠷ ᠢ᠋ᠶ᠋ᠡᠨ ᠬᠢᠲᠤᠭ᠎ᠠ ᠠᠪᠴᠤ ᠲᠣᠯᠣᠭᠠᠢ ᠶ᠋ᠢ ᠨᠢ ᠬᠤᠢᠬᠠᠯᠠᠵᠤ ᠴᠢᠨᠠᠭᠰᠠᠨ ᠬᠦᠵᠦᠭᠦᠦ ᠶ᠋ᠢ ᠨᠣᠭᠣᠯᠠᠨ ᠰᠠᠯᠭᠠᠵᠤ᠂ ᠡᠷᠡᠦ ᠬᠡᠯᠡ ᠶ᠋ᠢ ᠨᠢ ᠵᠠᠭᠠᠵᠤ ᠬᠠᠵᠠᠭᠤ ᠳ᠋ᠤ᠌ ᠨᠢ ᠲᠠᠯᠪᠢᠭᠠᠳ ᠬᠤᠢᠬᠠᠯᠠᠭᠰᠠᠨ ᠰᠢᠷᠭᠠᠯ ᠠᠷᠠᠰᠤᠲᠠᠢ ᠮᠦᠯᠴᠦᠭᠡᠷ ᠬᠦᠵᠦᠭᠦᠦ ᠡᠴᠡ ᠨᠢᠮᠭᠡᠨ ᠨᠢᠮᠭᠡᠨ ᠵᠦᠰᠦᠵᠦ ᠠᠮᠠᠨ ᠳ᠋ᠠᠭᠠᠨ ᠬᠢᠵᠦ ᠡᠬᠢᠯᠡᠭᠡᠳ ᠲᠡᠭᠦᠰᠬᠡᠨ ᠳ᠋ᠦ᠍ ᠨᠢᠭᠡᠨ ᠬᠡᠷᠴᠢᠮ ᠢ᠋ ᠥᠭᠴᠦ᠄  
       — ᠵᠠ ᠵᠣᠭᠣᠭᠯᠠᠵᠠᠭ᠎ᠠ᠂ ᠵᠣᠭᠣᠭᠯᠠᠵᠠᠭ᠎ᠠ ᠭᠡᠵᠦ ᠰᠠᠭᠤᠪᠠ᠃  
       ᠡᠴᠢᠭᠡ ᠨᠠᠬᠤ ᠪᠠᠭᠠᠯᠵᠤᠤᠷ ᠲᠠᠢ ᠬᠦᠵᠦᠭᠦᠦ ᠶ᠋ᠢ ᠵᠦᠰᠦᠵᠦ ᠬᠡᠷᠴᠢᠨ ᠬᠥᠮᠦᠨ ᠪᠦᠷᠢ ᠳ᠋ᠦ᠍ ᠬᠤᠪᠢ ᠬᠦᠷᠲᠡᠭᠡᠨ᠂ ᠵᠠᠯᠮ᠎ᠠ ᠠᠷᠢᠬᠢ᠂ ᠠᠢᠷᠠᠭ ᠢ᠋ ᠬᠤᠨᠳᠠᠭᠠᠯᠠᠵᠤ ᠰᠥᠩᠨᠡᠨ ᠬᠥᠮᠦᠨ ᠬᠥᠮᠦᠨ ᠳ᠋ᠦ᠍ ᠬᠦᠷᠭᠡᠬᠦᠢ ᠯᠤᠭ᠎ᠠ ᠨᠠᠢᠷ ᠤ᠋ᠨ ᠳᠠᠷᠤᠭ᠎ᠠ ᠪᠡᠯᠭᠦᠳᠡᠢ ᠪᠣᠰᠴᠤ ᠠᠷᠢᠬᠢ ᠠᠢᠷᠠᠭ ᠪᠠᠷᠢᠨ᠄ 
            ᠲᠦᠪᠰᠢᠨ ᠪᠠᠶᠠᠷ ᠲᠠᠢ᠂ ᠳᠦᠭᠦᠷᠡᠩ ᠵᠢᠷᠭᠠᠯ ᠲᠠᠢ 
            ᠥᠨᠵᠢᠵᠦ ᠬᠦᠯᠢᠶᠡᠭᠰᠡᠨ ᠡᠨᠡ ᠡᠳᠦᠷ  
            ᠲᠦᠮᠡᠨ ᠣᠯᠠᠨ ᠢ᠋ᠶ᠋ᠠᠷ ᠢ᠋ᠶ᠋ᠠᠨ ᠬᠤᠷᠠᠨ ᠴᠤᠭᠯᠠᠷᠠᠵᠤ  
            ᠪᠤᠮ ᠣᠯᠠᠨ ᠢ᠋ᠶ᠋ᠠᠷ ᠢ᠋ᠶ᠋ᠠᠨ ᠪᠤᠵᠢᠭᠢᠨᠠᠨ ᠴᠡᠩᠭᠡᠵᠦ   
            ᠠᠢᠯ ᠪᠣᠯᠵᠤ ᠠᠪᠤ ᠡᠵᠢ ᠶ᠋ᠢ ᠪᠡᠨ ᠪᠠᠶᠠᠷᠯᠠᠭᠤᠯᠤᠨ ᠪᠣᠢ 
            ᠡᠷᠦᠬᠡ ᠪᠣᠯᠵᠤ ᠥᠷᠭᠡᠨ ᠣᠯᠠᠨ ᠲᠠᠢ ᠪᠠᠨ ᠬᠥᠯ ᠨᠡᠢᠯᠡᠵᠦ ᠪᠣᠢ  
            ᠡᠷ᠎ᠡ ᠶ᠋ᠢᠨ ᠰᠠᠢᠨ ᠪᠣᠭᠤᠷᠴᠢ 
            ᠡᠬᠡᠨᠡᠷ ᠦ᠋ᠨ ᠰᠠᠢᠬᠠᠨ ᠲᠡᠭᠦᠰᠬᠡᠨ 
            ᠲᠠ ᠬᠣᠶᠠᠷ ᠲᠠᠭᠠᠨ 
            ᠡᠪᠯᠡᠭᠦᠯᠵᠦ ᠬᠡᠯᠡᠬᠦ ᠦᠭᠡ ᠮᠢᠨᠦ 
            ᠡᠬᠢᠯᠡᠵᠦ ᠪᠠᠷᠢᠬᠤ ᠬᠤᠨᠳᠠᠭ᠎ᠠ ᠮᠢᠨᠦ᠁ 
ᠭᠡᠵᠦ ᠡᠬᠢᠯᠡᠵᠦ ᠤᠷᠲᠤ ᠠ᠋ᠴᠠ ᠤᠷᠲᠤ ᠢᠷᠦᠭᠡᠯ ᠬᠠᠢᠯᠠᠵᠤ ᠨᠠᠢᠷ ᠡᠬᠢᠯᠡᠪᠡ᠃ 
       ᠡᠨᠡ ᠦᠶ᠎ᠡ ᠪᠣᠯ ᠨᠠᠷᠠ ᠲᠣᠭᠣᠨᠣ ᠶ᠋ᠢᠨ ᠬᠣᠷᠤᠭᠠᠴᠠᠭᠠᠢ ᠠ᠋ᠴᠠ ᠳᠠᠪᠠᠨ ᠤᠷᠤᠭᠤᠳᠠᠵᠤ ᠪᠣᠢ ᠥᠷᠯᠥᠭᠡ ᠡᠷᠲᠡ ᠪᠠᠷᠰ ᠠ᠋ᠴᠠ ᠲᠠᠤᠯᠠᠢ ᠴᠠᠭ ᠰᠢᠯᠵᠢᠨ ᠪᠣᠢ ᠨᠢ ᠶᠡᠬᠡ ᠡᠷᠴᠢ ᠬᠦᠴᠦ ᠬᠤᠷᠳᠤᠨ ᠤ᠋ ᠪᠡᠯᠭᠡᠳᠡᠯ ᠬᠡᠮᠡᠯᠲᠡᠢ᠃ ᠡᠢᠨᠬᠦ ᠪᠤᠭᠤᠷᠴᠢ ᠶ᠋ᠢᠨ ᠬᠤᠷᠢᠮ ᠨᠠᠢᠷ ᠡᠬᠢᠯᠡᠨ ᠡᠬᠢᠨ ᠦ᠌ ᠬᠤᠨᠳᠠᠭ᠎ᠠ ᠳᠤᠭᠤᠷ᠎ᠠ ᠪᠠᠷᠢᠵᠤ᠂ ᠬᠤᠭᠤᠷᠴᠢ ᠮᠣᠷᠢᠨ ᠬᠤᠭᠤᠷ ᠢ᠋ᠶ᠋ᠠᠨ ᠬᠦᠩᠭᠢᠨᠡᠭᠦᠯᠦᠨ ᠡᠭᠡᠰᠢᠭᠯᠡᠵᠦ᠂  ᠨᠠᠷᠠ ᠬᠠᠨ᠎ᠠ ᠶ᠋ᠢᠨ ᠲᠣᠯᠣᠭᠠᠢ ᠠ᠋ᠴᠠ ᠪᠠᠭᠤᠬᠤᠢ ᠰᠠᠴᠠᠭᠤ ᠡᠬᠢᠨ ᠦ᠌ ᠲᠣᠭᠣᠷ᠎ᠠ ᠪᠠᠷᠢᠭᠰᠠᠨ ᠬᠥᠮᠦᠰ ᠦ᠋ᠨ ᠤᠷᠤᠭᠤᠯ ᠴᠢᠮᠴᠢᠭᠢᠨᠡᠨ ᠬᠣᠷᠣᠰᠴᠤ᠂ ᠵᠢᠰᠦ ᠴᠢᠷᠠᠢ ᠤᠯᠠᠭ᠎ᠠ ᠪᠤᠲᠠᠷᠠᠨ ᠨᠠᠢᠷ ᠵᠢᠭᠳᠡᠷᠡᠵᠦ᠂ ᠪᠡᠯᠭᠦᠳᠡᠢ ᠤᠷᠠᠨ ᠴᠡᠴᠡᠨ ᠦᠭᠡ ᠪᠡᠷ ᠬᠥᠮᠦᠰ ᠢ᠋ ᠰᠡᠷᠡᠭᠡᠵᠦ᠂ ᠵᠡᠯᠮ᠎ᠡ ᠢᠷᠦᠭᠡᠯ ᠳᠠᠭᠤᠨ ᠤ᠋ ᠬᠤᠨᠳᠠᠭ᠎ᠠ᠂ ᠲᠣᠭᠣᠷ᠎ᠠ ᠶ᠋ᠢ ᠬᠥᠮᠦᠰ ᠲᠦ᠍ ᠤᠨᠤᠭᠠᠨ ᠪᠠᠷᠢᠵᠤ ᠰᠢᠨ᠎ᠡ ᠭᠡᠷ ᠦ᠋ᠨ ᠢᠷᠦᠭᠡᠯ ᠮᠠᠭᠲᠠᠭᠠᠯ᠂  ᠪᠡᠯᠡᠭ ᠮᠢᠯᠢᠶᠠᠯᠭ᠎ᠠ ᠶ᠋ᠢ ᠡᠵᠡᠨ ᠡᠵᠡᠭᠲᠡᠢ ᠬᠣᠶᠠᠷ ᠬᠢᠭᠡᠳ《ᠳᠡᠭᠦᠦ》 ᠥᠭᠡᠯᠡᠨ ᠳ᠋ᠦ᠍ ᠬᠤᠪᠢ ᠪᠡᠯᠡᠭ ᠥᠭᠴᠦ᠂ ᠲᠡᠷᠡ ᠪᠢᠴᠢᠬᠠᠨ ᠬᠦᠦ ᠨᠠᠬᠤ᠂ ᠠᠯᠲᠠᠵᠢᠨ ᠬᠣᠶᠠᠷ ᠤ᠋ᠨ ᠡᠪᠦᠷ ᠳᠡᠭᠡᠷ᠎ᠡ ᠲᠣᠩᠭᠣᠴᠢᠬᠤ ᠠᠵᠢ᠃ ᠪᠠᠭ᠎ᠠ ᠳᠤᠭᠤᠷ᠎ᠠ ᠡᠬᠢᠯᠡᠵᠦ ᠨᠠᠢᠷ ᠬᠥᠭᠵᠢᠬᠦ ᠦᠶ᠎ᠡ ᠳ᠋ᠦ᠍᠄ 
       — ᠪᠠᠷᠠᠭᠤᠨ ᠬᠣᠢᠨ᠎ᠠ ᠠ᠋ᠴᠠ ᠬᠡᠰᠡᠭ ᠮᠣᠷᠢᠲᠠᠨ ᠢᠷᠡᠯ᠎ᠡ ᠭᠡᠵᠦ ᠭᠠᠳᠠᠨ᠎ᠠ ᠠ᠋ᠴᠠ ᠮᠡᠳᠡᠭᠳᠡᠬᠦ ᠳ᠋ᠦ᠍ ᠪᠡᠯᠭᠦᠳᠡᠢ᠄ 
       — ᠮᠣᠷᠢᠨ ᠴᠠᠭ ᠡᠬᠢᠯᠡᠵᠦ ᠪᠠᠢᠨ᠎ᠠ ᠳᠠ᠃ ᠲᠡᠮᠦᠵᠢᠨ ᠠᠬ᠎ᠠ ᠪᠠᠢᠬ᠎ᠠ ᠭᠡᠪᠡ᠃  
       ᠦᠨᠡᠬᠡᠷ ᠲᠡᠮᠦᠵᠢᠨ ᠭᠤᠷᠪᠠᠨ ᠳᠠᠭᠠᠭᠤᠯ ᠲᠠᠢ ᠪᠠᠭᠤᠵᠠᠢ᠃ ᠨᠠᠢᠷᠯᠠᠭᠴᠢᠳ ᠲᠡᠭᠦᠨ ᠢ᠋ ᠣᠷᠣᠵᠤ ᠢᠷᠡᠮᠡᠭᠴᠡ ᠬᠠᠨᠠᠷᠠᠨ ᠪᠣᠰᠴᠤ ᠬᠥᠨᠳᠡᠯᠡᠨ ᠰᠥᠭᠥᠳᠴᠦ ᠮᠡᠩᠳᠡᠴᠢᠵᠦ ᠲᠣᠯᠣᠭᠠᠢ ᠭᠣᠳᠣᠢᠨ ᠮᠡᠬᠦᠢᠬᠦ ᠳ᠋ᠦ᠍ ᠲᠡᠮᠦᠵᠢᠨ᠄ 
            ᠮᠥᠩᠬᠡ ᠲᠩᠷᠢ ᠶ᠋ᠢᠨ ᠬᠦᠴᠦᠨ ᠳ᠋ᠦ᠍ᠷ  
            ᠮᠥᠬᠥᠰᠢ ᠦᠭᠡᠢ ᠵᠣᠷᠢᠭᠲᠤ ᠪᠤᠭᠤᠷᠴᠢ ᠮᠢᠨᠢ ᠠ᠋  
            ᠡᠷᠦᠬᠡ ᠭᠡᠷ ᠢ᠋ᠶ᠋ᠡᠨ ᠲᠦᠰᠢᠨ ᠪᠣᠰᠬᠠᠭᠰᠠᠨ 
            ᠥᠯᠵᠡᠢᠲᠡᠢ ᠡᠨᠡ ᠰᠠᠢᠬᠠᠨ ᠡᠳᠦᠷ ᠴᠢᠮᠠᠲᠠᠭᠠᠨ   
            ᠲᠥᠷᠥ ᠳ᠋ᠦ᠍ ᠬᠦᠴᠦ ᠪᠡᠨ ᠡᠷᠭᠦᠵᠦ 
            ᠲᠦᠮᠡᠨ ᠳ᠋ᠦ᠍ ᠵᠢᠳᠬᠦᠯ ᠢ᠋ᠶ᠋ᠡᠨ ᠥᠭᠴᠦ  
            ᠥᠪᠴᠢ ᠳᠡᠯᠡᠬᠡᠢ ᠳ᠋ᠦ᠍ ᠨᠡᠷ᠎ᠡ ᠪᠡᠨ ᠮᠠᠨᠳᠤᠭᠤᠯᠵᠤ   
            ᠥᠷᠭᠡᠨ ᠳᠠᠯᠠᠢ ᠳ᠋ᠤ᠌ ᠰᠦᠷ ᠢ᠋ᠶ᠋ᠡᠨ ᠦᠵᠡᠭᠦᠯᠰᠦ ᠬᠡᠮᠡᠨᠡᠮ ᠪᠢ ᠭᠡᠯ᠎ᠡ᠃ 
       ᠲᠡᠷᠡ ᠪᠡᠷ ᠳᠤᠭᠤᠯᠠᠭ᠎ᠠ ᠮᠠᠯᠠᠭᠠᠢ᠂ ᠬᠦ ᠬᠤᠶᠠᠭ᠂ ᠢᠯᠳᠦ ᠪᠠᠮᠪᠠᠢ ᠪᠠᠷᠢᠵᠤ ᠪᠣᠭᠣᠷᠴᠢ ᠳ᠋ᠤ᠌ ᠭᠠᠷᠳᠠᠭᠤᠯᠤᠨ᠂ ᠲᠣᠷᠭ᠎ᠠ ᠬᠣᠷᠭᠣᠢ ᠳᠡᠭᠡᠷ᠎ᠡ ᠨᠢ ᠮᠥᠩᠭᠥᠨ ᠬᠠᠢᠷᠴᠠᠭ ᠲᠠᠢ ᠤᠲᠠᠰᠤ ᠵᠡᠭᠦᠦ᠂ ᠬᠠᠢᠴᠢ ᠵᠡᠷᠭᠡ ᠦᠢᠯᠡ ᠶ᠋ᠢᠨ ᠵᠢᠮᠰᠡᠭ ᠲᠠᠯᠪᠢᠵᠤ ᠲᠡᠭᠦᠰᠬᠡᠨ ᠳ᠋ᠦ᠍ ᠢᠷᠦᠭᠡᠯ ᠢ᠋ᠶ᠋ᠡᠨ ᠬᠡᠯᠡᠵᠦ ᠪᠠᠷᠢᠭᠠᠳ ᠠᠪᠤ ᠡᠵᠢ ᠳ᠋ᠦ᠍ᠨᠢ ᠬᠠᠳᠠᠭ᠂ ᠮᠥᠩᠭᠥᠨ ᠶᠤᠸᠠᠮᠪᠤᠤ᠂ ᠲᠣᠷᠭ᠎ᠠ ᠬᠣᠷᠭᠣᠢ᠂ ᠪᠢᠴᠢᠬᠠᠨ ᠬᠦᠦ ᠥᠭᠡᠯᠡᠨ ᠳ᠋ᠦ᠍ ᠬᠤᠯᠤᠰᠤᠨ ᠬᠠᠪᠴᠢᠶᠠᠬᠠᠢ ᠪᠡᠯᠡᠭᠯᠡᠪᠡ᠃        ᠲᠡᠮᠦᠵᠢᠨ ᠰᠠᠭᠤᠵᠤ ᠲᠡᠭᠦᠨ ᠳ᠋ᠦ᠍ ᠨᠠᠢᠷ ᠤ᠋ᠨ ᠲᠣᠭᠣᠷ᠎ᠠ ᠬᠦᠨᠳᠦᠳᠬᠡᠨ ᠪᠠᠷᠢᠮᠠᠭᠴᠠ ᠬᠤᠭᠤᠷᠴᠢ ᠮᠣᠷᠢᠨ ᠲᠣᠯᠣᠭᠠᠢᠲᠤ ᠮᠣᠯᠣᠷ ᠡᠷᠳᠡᠨᠢ ᠬᠤᠭᠤᠷ ᠶᠤᠭᠠᠨ ᠬᠦᠩᠭᠢᠨᠡᠭᠦᠯᠦᠨ ᠲᠠᠲᠠᠵᠤ ᠬᠣᠶᠠᠷ ᠴᠢᠪᠬᠠᠳᠠᠰᠤ ᠨᠢ ᠬᠣᠷᠸ᠎ᠠ ᠶᠢᠷᠲᠢᠨᠴᠦ ᠶ᠋ᠢ ᠪᠠᠭᠲᠠᠭᠠᠨ ᠰᠢᠷᠤᠩᠬᠠᠢᠯᠠᠨ ᠡᠭᠡᠰᠢᠭᠯᠡᠬᠦᠢ ᠯᠤᠭ᠎ᠠ ᠨᠠᠢᠷ ᠤ᠋ᠨ ᠳᠠᠭᠤᠴᠢ᠄  
            ᠡᠷ᠎ᠡ ᠪᠣᠷᠣ ᠬᠠᠷᠴᠠᠭᠠᠢ ᠨᠢ 
            ᠵᠢᠭᠦᠷ ᠲᠡᠭᠡᠨ ᠬᠦᠴᠦᠲᠡᠢ ᠯᠡ ᠪᠢᠯᠢᠤ ᠵᠠ  
            ᠢᠳᠡᠷ ᠵᠠᠯᠠᠭᠤ ᠨᠠᠰᠤᠨ ᠳ᠋ᠠᠭᠠᠨ 
            ᠳᠠᠩᠴᠤ ᠠᠵᠢᠭ ᠴᠦ᠍ ᠦᠭᠡᠢ ᠶᠠᠪᠤᠳᠠᠭ ᠪᠢᠯᠢᠤ ᠵᠠ 
ᠭᠡᠮᠡᠨ ᠴᠠᠷᠭᠢᠭᠤᠬᠠᠨ ᠬᠣᠭᠣᠯᠠᠢ ᠪᠠᠷ ᠣᠷᠭᠢᠯᠤᠭᠤᠯᠠᠩᠬᠠᠨ ᠠᠶᠠᠯᠵᠤ ᠳᠠᠭᠤᠯᠠᠬᠤᠢ ᠰᠠᠴᠠᠭᠤ《ᠠᠶ᠎ᠠ ᠬᠥᠭᠡᠷᠦᠬᠦᠢ ᠠᠯᠳᠠᠷᠠᠢ ᠮᠢᠨᠢ ᠠ᠋》 ᠶ᠋ᠢ ᠪᠦᠭᠦᠳᠡ ᠪᠦᠳᠦᠭᠦᠨ ᠨᠠᠷᠢᠨ᠂ ᠥᠳᠬᠡᠨ ᠰᠢᠩᠭᠡᠨ ᠬᠣᠭᠣᠯᠠᠢ ᠪᠠᠷ ᠲᠦᠷᠢᠨ ᠳᠠᠭᠠᠵᠤ ᠳᠠᠭᠤᠯᠠᠯᠳᠤᠪᠠ ᠴᠠᠭᠠᠰᠢ ᠨᠢ᠄   
            ᠠᠷᠰᠯᠠᠨ ᠤ᠋ ᠵᠤᠯᠵᠠᠭ᠎ᠠ ᠠᠨᠤ  
            ᠠᠭᠤᠯᠠᠨ ᠳ᠋ᠠᠭᠠᠨ ᠬᠦᠴᠦᠲᠡᠢ ᠪᠢᠯᠢᠤ ᠵᠠ 
            ᠠᠮᠠᠷᠠᠭ ᠤ᠋ᠨ ᠬᠣᠶᠠᠷ ᠰᠡᠳᠬᠢᠯ 
            ᠠᠯᠢ ᠠᠯᠢᠨ ᠳ᠋ᠠᠭᠠᠨ ᠠᠰᠠᠷᠠᠮᠵᠢ ᠲᠠᠢ ᠪᠢᠯᠢᠤ ᠵᠠ 
            ᠠᠶ᠎ᠠ ᠬᠥᠭᠡᠷᠦᠬᠦᠢ ᠠᠯᠳᠠᠷᠠᠢ ᠮᠢᠨᠢ ᠠ᠋ 
            ᠬᠠᠵᠠᠭᠤ ᠲᠠᠯ᠎ᠠ ᠶ᠋ᠢᠨ ᠨᠣᠭᠣᠭ᠎ᠠ ᠠᠨᠤ
            ᠬᠠᠯᠢᠭᠤᠷᠠᠨ ᠨᠠᠢᠭᠤᠭᠠᠳ ᠭᠠᠩᠬᠤᠨ᠎ᠠ ᠤᠤ  ᠵᠠ  
            ᠬᠠᠮᠤᠭ ᠲᠠ ᠪᠦᠭᠦᠳᠡᠭᠡᠷ ᠢ᠋ᠶ᠋ᠡᠨ 
            ᠬᠠᠨᠲᠠᠯ᠎ᠠ ᠪᠠᠨ ᠨᠠᠢᠷᠯᠠᠬᠤ ᠵᠢᠷᠭᠠᠯᠲᠠᠢ ᠪᠢᠯᠢᠤ ᠵᠠ 
            ᠠᠶ᠎ᠠ ᠬᠥᠭᠡᠷᠦᠬᠦᠢ ᠠᠯᠳᠠᠷᠠᠢ ᠮᠢᠨᠢ ᠠ᠋ ᠭᠡᠵᠦ ᠳᠠᠭᠤᠯᠠᠨ ᠨᠠᠢᠷᠯᠠᠵᠠᠭᠠᠨ᠎ᠠ᠃     
       — ᠤᠯᠤᠰ ᠤ᠋ᠨ ᠢᠳᠡᠷᠬᠡᠨ ᠡᠵᠡᠨ᠂ ᠵᠠᠯᠠᠭᠤ ᠵᠠᠩᠵᠤᠨ ᠬᠦᠷᠦᠯᠴᠡᠨ ᠢᠷᠡᠭᠰᠡᠨ ᠨᠢ ᠨᠠᠢᠷ ᠢ᠋ ᠪᠦᠷ ᠴᠦ᠍ ᠰᠦᠷ ᠵᠢᠪᠬᠤᠯᠠᠩᠲᠠᠢ ᠪᠣᠯᠭᠠᠵᠤ ᠳᠠᠭᠤᠤ ᠬᠤᠭᠤᠷ᠂ ᠳᠤᠭᠤᠷ᠎ᠠ ᠬᠤᠨᠳᠠᠭ᠎ᠠ ᠥᠷᠨᠢᠵᠡᠢ᠃ ᠬᠣᠲᠠᠯᠠ ᠲᠦᠮᠡᠨ ᠦ᠌ ᠬᠠᠢᠷ᠎ᠠ ᠬᠦᠨᠳᠦᠳᠬᠡᠯ ᠢ᠋ ᠬᠦᠯᠢᠶᠡᠭᠰᠡᠨ ᠬᠣᠷᠢ ᠭᠠᠷᠤᠢᠬᠠᠨ ᠨᠠᠰᠤᠨ ᠤ᠋ ᠵᠠᠯᠠᠭᠤ ᠤᠳᠤᠷᠢᠳᠤᠭᠴᠢ ᠶ᠋ᠢᠨ ᠰᠦᠯᠳᠡ ᠬᠡᠢᠮᠣᠷᠢ ᠨᠢ ᠪᠠᠳᠠᠷᠠᠵᠤ᠂ ᠠᠢᠮᠠᠭ ᠬᠦᠷᠢᠶ᠎ᠡ ᠪᠡᠷ ᠢ᠋ᠶ᠋ᠡᠨ ᠲᠡᠭᠦᠨ ᠢ᠋ ᠳᠠᠭᠠᠷ᠎ᠠ ᠢᠷᠡᠭᠰᠡᠳ ᠡᠳᠦᠷ ᠬᠣᠨᠣᠭ ᠢ᠋ᠶ᠋ᠠᠷ ᠨᠡᠮᠡᠭᠳᠡᠨ ᠠᠪᠠᠢ᠃ ᠵᠠᠮᠤᠬ᠎ᠠ ᠨᠤᠲᠤᠭ ᠰᠠᠯᠬᠤ ᠳ᠋ᠠᠭᠠᠨ ᠲᠠᠢᠴᠢᠭᠤᠳ ᠢ᠋ ᠳᠠᠭᠠᠷᠢᠵᠤ ᠰᠠᠨᠳᠤᠷᠭᠠᠭᠰᠠᠨ ᠠ᠋ᠴᠠ ᠲᠡᠳᠡᠭᠡᠷ ᠳᠠᠢᠵᠢᠬᠰᠠᠳ ᠲᠡᠮᠦᠵᠢᠨ ᠤᠷᠤᠭᠤ ᠢᠷᠡᠪᠡ᠃ ᠲᠦᠳᠡᠯ ᠦᠭᠡᠢ ᠨᠡᠭᠦᠳᠡᠯ ᠦ᠋ᠨ ᠴᠤᠪᠤᠭ᠎ᠠ ᠬᠠᠨᠠᠷᠠᠵᠤ ᠵᠠᠯᠠᠢᠷ ᠠᠢᠮᠠᠭ ᠤ᠋ᠨ ᠠᠬ᠎ᠠ ᠳᠡᠭᠦᠦ ᠭᠤᠷᠪᠠᠨ ᠲᠣᠬᠠᠷᠭᠤᠨ᠂ ᠰᠤᠷᠪᠤᠯᠵᠢᠲᠤ ᠡᠵᠡᠨ ᠰᠡᠴᠡ ᠳᠣᠮᠣᠭ᠂ ᠪᠡᠯᠡ᠂ ᠳᠠᠷᠬᠠᠳ ᠠᠢᠮᠠᠭ ᠠ᠋ᠴᠠ ᠬᠠᠲᠠᠭᠠᠨ ᠠᠬ᠎ᠠ ᠳᠡᠭᠦᠦ ᠲᠠᠪᠤᠭᠤᠯᠠ᠂ ᠪᠠᠰᠠ ᠮᠡᠩᠭᠡᠲᠦ ᠬᠢᠶᠠᠨ ᠤ᠋ ᠬᠥᠪᠡᠭᠦᠨ ᠥᠩᠭᠡᠭᠦᠷ (ᠲᠡᠮᠦᠵᠢᠨ ᠦ᠌ ᠠᠪᠠᠭ᠎ᠠ ᠠᠬ᠎ᠠ) ᠬᠠᠷᠢᠶᠠᠲᠤ ᠨᠥᠬᠥᠳ ᠲᠡᠢ ᠪᠡᠨ᠂ ᠪᠠᠷᠯᠤᠰ ᠠᠢᠮᠠᠭ ᠠ᠋ᠴᠠ ᠬᠤᠪᠢᠯᠠᠢ᠂ ᠬᠤᠲᠤᠰ ᠠᠬ᠎ᠠ ᠳᠡᠭᠦᠦ ᠨᠠᠷ ᠲᠠᠢ ᠪᠠᠨ᠂ ᠪᠠᠰᠠ ᠰᠣᠬᠣ ᠰᠡᠴᠡᠨ᠂ ᠬᠠᠷᠠᠴᠠᠷ ᠬᠥᠪᠡᠭᠦᠳ ᠯᠤᠭ᠎ᠠ᠂ ᠮᠠᠩᠭᠤᠳ ᠠᠢᠮᠠᠭ ᠠ᠋ᠴᠠ ᠵᠢᠲᠠᠢ᠂ ᠲᠤᠭᠤᠯᠠᠬᠤ ᠨᠠᠷ᠂ ᠤᠷᠢᠶᠠᠩᠬᠠᠢ ᠠᠢᠮᠠᠭ ᠠ᠋ᠴᠠ ᠵᠡᠯᠮ᠎ᠡ ᠶ᠋ᠢᠨ ᠳᠡᠭᠦᠦ ᠴᠤᠷᠬᠠᠨ᠂ ᠰᠦᠪᠡᠭᠡᠳᠠᠢ ᠪᠣᠯᠤᠨ ᠰᠦᠯᠳᠦᠬᠦᠰ᠂ ᠬᠣᠩᠬᠣᠳᠠᠨ ᠨᠠᠷ ᠠ᠋ᠴᠠ ᠥᠴᠢ ᠲᠥᠴᠢᠨᠡᠨ ᠢ᠋ᠶ᠋ᠡᠷ ᠢᠷᠡᠭᠰᠡᠨ ᠡᠴᠡ ᠭᠠᠳᠠᠨ᠎ᠠ ᠣᠯᠬᠣᠨᠤᠳ (ᠲᠡᠮᠦᠵᠢᠨ ᠦ᠌ ᠡᠬᠡ ᠥᠭᠡᠯᠦᠨ ᠦ᠌ ᠨᠤᠲᠤᠭ ᠤᠰᠤ ) ᠠᠢᠮᠠᠭ ᠠ᠋ᠴᠠ ᠬᠢᠩᠬᠢᠶᠠᠳᠠᠢ᠂ ᠭᠣᠷᠯᠣᠰ ᠠᠢᠮᠠᠭ ᠠ᠋ᠴᠠ ᠰᠡᠨᠴᠢᠭᠦᠷ᠂ ᠳᠥᠷᠪᠡᠳ ᠠᠢᠮᠠᠭ ᠠ᠋ᠴᠠ ᠮᠥᠴᠢ ᠪᠢᠲᠦᠭᠦᠨ᠂ ᠢᠬᠢᠷᠡᠰ ᠦ᠋ᠨ ᠪᠣᠲ᠋ᠣ᠂ ᠨᠣᠶᠠᠭᠢᠨ ᠤ᠋ ᠵᠦᠩᠰᠦ᠂ ᠪᠠᠭᠠᠷᠢᠨ ᠤ᠋ ᠬᠣᠷᠴᠢ᠂ ᠤᠰᠤᠨ ᠡᠪᠦᠭᠡᠨ᠂ ᠬᠥᠭᠡᠴᠢ ᠬᠠᠷᠢᠶᠠᠲᠤ ᠨᠠᠷ ᠢ᠋ᠶ᠋ᠠᠨ ᠳᠠᠭᠠᠭᠤᠯᠤᠨ ᠢᠷᠡᠪᠡ᠃ ᠡᠯ᠎ᠡ ᠢᠷᠡᠭᠰᠡᠳ ᠡᠴᠡ ᠪᠠᠭᠠᠷᠢᠨ ᠤ᠋ ᠬᠣᠷᠴᠢ ᠨᠣᠶᠠᠨ᠄ 
       — ᠪᠢ ᠪᠤᠳᠠᠨᠴᠠᠷ ᠪᠣᠭᠳᠠ ᠶ᠋ᠢᠨ ᠪᠠᠷᠢᠵᠤ ᠠᠪᠤᠭᠰᠠᠨ ᠡᠮ᠎ᠡ ᠶ᠋ᠢᠨ ᠤᠳᠤᠮ᠃ ᠢᠨᠳᠠᠷᠠᠨ ᠤ᠋ ᠵᠠᠮᠤᠬ᠎ᠠ ᠶ᠋ᠢᠨ ᠡᠷᠲᠡᠨ ᠦ᠌ ᠤᠭᠰᠠᠭ᠎ᠠ ᠨᠢᠭᠡᠲᠦ (ᠪᠠᠭᠠᠷᠢᠨ ᠠᠢᠮᠠᠭ) ᠪᠥᠯᠥᠭᠡ᠃ ᠭᠡᠲᠡᠯ᠎ᠡ《ᠲᠩᠷᠢ ᠭᠠᠵᠠᠷ ᠠᠶᠠᠯᠳᠤᠵᠤ / ᠲᠡᠮᠦᠵᠢᠨ ᠤᠯᠤᠰ ᠤ᠋ᠨ ᠡᠵᠡᠨ ᠪᠣᠯᠲᠤᠭᠠᠢ!》 ᠭᠡᠵᠦ ᠣᠩᠭᠣ ᠰᠢᠲᠦᠯᠭᠡ ᠳᠠᠭᠤᠳᠠᠪᠠ ᠭᠡᠵᠦ ᠬᠡᠯᠡᠵᠦ ᠢᠷᠡᠵᠡᠢ᠃ ᠲᠡᠮᠦᠵᠢᠨ ᠦ᠌ ᠨᠡᠷ᠎ᠡ ᠠᠯᠳᠠᠷ ᠲᠠᠯ᠎ᠠ ᠶ᠋ᠢᠨ ᠢᠵᠠᠭᠤᠷᠲᠠᠨ ᠤ᠋ ᠳᠤᠮᠳᠠ ᠮᠠᠨᠳᠤᠭᠰᠠᠨ ᠦᠶ᠎ᠡ ᠪᠥᠯᠥᠭᠡ᠃ ᠡᠢᠮᠦ ᠨᠢᠭᠡᠨ ᠢ᠋ᠶ᠋ᠡᠷ ᠨᠠᠢᠷ ᠲᠤ ᠢᠷᠡᠵᠡᠢ᠃ ᠨᠠᠢᠷ ᠳᠤᠮᠳᠠ ᠦᠶ᠎ᠡ ᠳ᠋ᠡᠭᠡᠨ ᠣᠷᠣᠵᠤ ᠶᠡᠬᠡ ᠳᠤᠭᠤᠷ᠎ᠠ ᠪᠠᠷᠢᠬᠤ ᠦᠶ᠎ᠡ ᠳ᠋ᠦ᠍ ᠪᠡᠯᠭᠦᠳᠡᠢ᠄ 
            ᠥᠷᠭᠥᠭᠡ ᠭᠡᠷ ᠢ᠋ᠶ᠋ᠡᠨ ᠪᠠᠷᠢᠭᠰᠠᠨ 
            ᠥᠨᠳᠡᠭᠡᠨ ᠬᠣᠶᠠᠷ ᠬᠣᠣᠰ ᠤ᠋ᠨ 
            ᠬᠤᠷᠢᠮ ᠨᠠᠢᠷ ᠤ᠋ᠨ ᠲᠣᠭᠣᠷ᠎ᠠ ᠳ᠋ᠤ᠌ 
            ᠬᠤᠷᠠᠭᠰᠠᠨ ᠪᠦᠭᠦᠳᠡ ᠪᠡᠶᠡᠰᠴᠦ ᠪᠠᠢᠨ᠎ᠠ᠃  
            ᠢᠳᠡᠭᠡ ᠵᠣᠭᠣᠭ ᠲᠠᠩᠰᠤᠭ ᠪᠠᠢᠨ᠎ᠠ 
            ᠢᠷᠡᠭᠰᠡᠨ ᠪᠡᠷᠢ ᠲᠣᠩᠰᠣᠭ ᠪᠠᠢᠨ᠎ᠠ  
            ᠮᠠᠨ ᠤ᠋ ᠰᠡᠩᠭᠦᠷ ᠭᠣᠷᠣᠬᠠᠨ ᠤ᠋  
            ᠮᠠᠩᠯᠠᠢ ᠳᠠᠭᠤᠴᠢᠨ ᠲᠡᠭᠦᠰᠬᠡᠨ ᠪᠥᠯᠥᠭᠡ 
            ᠪᠠᠷᠢᠭᠰᠠᠨ ᠭᠡᠷ ᠶᠦ᠍ᠭᠡᠨ ᠮᠢᠯᠢᠶᠠᠵᠤ  
            ᠠᠶ᠎ᠠ ᠳᠠᠭᠤᠤ ᠪᠠᠨ ᠡᠷᠭᠦᠮᠦ 
            ᠤᠭᠲᠤᠵᠤ ᠠᠪᠤᠭᠰᠠᠨ ᠬᠠᠳᠠᠮ ᠤ᠋ᠨ ᠭᠠᠵᠠᠷ ᠢ᠋ᠶ᠋ᠠᠨ  
            ᠤᠶᠠᠩᠭ᠎ᠠ ᠡᠭᠡᠰᠢᠭ ᠢ᠋ᠶ᠋ᠡᠨ ᠬᠠᠢᠷᠠᠯᠠᠮᠤ ᠭᠡᠮᠡᠨ ᠲᠡᠭᠦᠰᠬᠡᠨ ᠳ᠋ᠦ᠍ ᠲᠣᠭᠣᠷ᠎ᠠ ᠶ᠋ᠢᠨ ᠬᠤᠯᠤ ᠶ᠋ᠢ ᠡᠷᠭᠦᠨ ᠪᠠᠷᠢᠪᠠ᠃  
       ᠲᠡᠭᠦᠰᠬᠡᠨ ᠬᠤᠯᠤ ᠲᠠᠢ ᠠᠢᠷᠠᠭ ᠢ᠋ ᠬᠣᠶᠠᠷ ᠭᠠᠷᠳᠠᠨ ᠰᠥᠭᠥᠳᠴᠦ ᠠᠪᠤᠭᠠᠳ ᠭᠡᠷ ᠳᠦᠭᠦᠷᠡᠩ ᠪᠠᠶᠠᠰᠤᠮᠠᠷ ᠭᠡᠷᠡᠯᠲᠡᠢ ᠢᠨᠢᠶᠡᠮᠰᠦᠭᠯᠡᠯ ᠢ᠋ᠶ᠋ᠡᠨ ᠰᠠᠴᠤᠵᠤ᠂ ᠠᠯᠠᠭ ᠬᠣᠶᠠᠷ ᠨᠢᠳᠦᠨ ᠦ᠌ ᠬᠢᠨᠢ ᠰᠣᠷᠮᠤᠤᠰᠤ ᠳᠡᠪᠢᠬᠦ ᠠᠯᠢᠶ᠎ᠠ ᠢᠯᠳᠠᠮ ᠢᠴᠢᠩᠭᠦᠷᠡᠬᠦ ᠴᠢᠷᠠᠢ ᠭᠠᠷᠭᠠᠨ ᠬᠣᠭᠣᠯᠠᠢ ᠪᠠᠨ ᠵᠠᠰᠠᠭᠠᠳ᠄  
            ᠵᠠ᠂ ᠡᠨᠡ ᠰᠠᠢᠬᠠᠨ ᠽᠠᠮᠪᠤᠯᠢᠩ ᠲᠢᠪ ᠦ᠋ᠨ ᠨᠠᠷᠠᠨ 
           ᠢᠯᠡᠬᠡᠨ ᠪᠦᠬᠦᠢ ᠳᠡᠯᠡᠬᠡᠢ ᠳᠡᠭᠡᠭᠦᠷ 
           ᠮᠥᠬᠥᠳᠡᠭ ᠦᠭᠡᠢ ᠳᠡᠯᠭᠡᠷᠡᠵᠦ ᠲᠦᠭᠡᠨ ᠲᠦᠭᠡᠭᠰᠡᠭᠡᠷ 
           ᠮᠠᠨᠳᠤᠨ ᠮᠠᠨᠳᠤᠭᠰᠠᠭᠠᠷ ᠪᠠᠢᠳᠠᠭ ᠪᠢᠯᠢᠤ ᠳᠠ  
           ᠲᠠ ᠠ ᠠ  ᠮᠢᠨᠦ  ᠵᠠ᠁ ᠭᠡᠮᠡᠨ ᠰᠢᠷᠤᠩᠠᠠᠠᠠᠢᠯᠨᠨ ᠠᠶᠠᠯᠠᠬᠤ ᠨᠢ ᠶᠠᠮᠠᠷ ᠨᠢᠭᠡ ᠴᠠᠬᠠᠯᠠᠰᠢ ᠦᠭᠡᠢ ᠥᠨᠳᠥᠷᠯᠢᠭ ᠢ᠋ ᠥᠭᠰᠥᠵᠦ ᠳᠠᠪᠠᠭᠠᠳ ᠤᠷᠤᠭᠤᠳᠠᠨ ᠪᠠᠭᠤᠵᠤ ᠢᠷᠡᠵᠦ ᠪᠣᠢ ᠮᠡᠲᠦ᠃ ᠲᠡᠭᠦᠰᠬᠡᠨ ᠦ᠌《ᠠ᠋》 ᠨᠠᠮᠰᠠᠨ ᠨᠠᠮᠰᠠᠭᠰᠠᠭᠠᠷ ᠲᠡᠭᠦᠰᠬᠦ ᠳ᠋ᠦ᠍ ᠨᠠᠢᠷᠴᠢᠳ《ᠲᠠ ᠮᠢᠨᠦ ᠠ᠋》 ᠤᠶᠠᠩᠭ᠎ᠠ ᠲᠠᠢ ᠴᠤᠤᠷᠢᠶᠠᠳᠢ ᠪᠠᠷ ᠲᠦᠷᠢᠨ ᠳᠠᠷᠠᠭ᠎ᠠ ᠳᠠᠷᠠᠭ᠎ᠠ ᠶ᠋ᠢᠨ ᠪᠠᠳᠠᠭ ᠢ᠋ ᠳᠠᠭᠤᠯᠠᠵᠠᠭᠠᠨ ᠬᠤᠨᠳᠠᠭ᠎ᠠ ᠪᠠᠨ ᠪᠠᠷᠢᠬᠤ ᠨᠢ ᠬᠤᠨᠳᠠᠭ᠎ᠠ ᠪᠠᠨ ᠪᠠᠷᠢᠵᠤ᠂ ᠬᠤᠯᠤ ᠪᠠᠨ ᠪᠠᠷᠢᠬᠤ ᠨᠢ ᠬᠤᠯᠤ ᠪᠠᠨ ᠪᠠᠷᠢᠵᠤ᠂ ᠪᠠᠯᠭᠤᠬᠤ ᠨᠢ ᠪᠠᠯᠭᠤᠵᠤ᠂ ᠰᠢᠮᠡᠬᠦ ᠨᠢ ᠰᠢᠮᠡᠵᠦ᠂ ᠲᠠᠮᠰᠢᠶᠠᠯᠠᠬᠤ ᠠᠵᠤᠭᠤ᠃ 
       ᠡᠨᠡ ᠰᠠᠢᠬᠠᠨ ᠠᠶᠠᠯᠭᠤ ᠳᠠᠭᠤᠰᠬᠤ ᠯᠤᠭ᠎ᠠ ᠬᠣᠢᠮᠣᠷ ᠢ᠋ ᠡᠵᠡᠯᠡᠵᠦ ᠢᠨᠢᠶᠡᠮᠰᠦᠭᠯᠡᠨ᠂ ᠬᠤᠷᠠᠭᠰᠠᠨ ᠢ᠋ ᠪᠠᠶᠠᠰᠬᠠᠭᠰᠠᠨ ᠵᠠᠯᠠᠭᠤ ᠤᠳᠤᠷᠢᠳᠤᠭᠴᠢ ᠲᠡᠮᠦᠵᠢᠨ ᠢ᠋ᠶ᠋ᠡᠷ᠄ 
            ᠬᠤᠷᠢᠮ ᠤ᠋ᠨ ᠰᠠᠢᠬᠠᠨ ᠢ᠋ ᠪᠣᠳᠣᠪᠠᠯ 
            ᠬᠣᠷᠭᠣᠳᠠᠮᠠᠷ ᠪᠠᠢᠳᠠᠭ 
            ᠬᠣᠢᠲᠤᠬᠢ ᠠᠵᠢᠯ ᠢ᠋ᠶ᠋ᠠᠨ ᠪᠣᠳᠣᠪᠠᠯ  
            ᠶᠠᠪᠤᠮᠠᠷ ᠪᠠᠢᠳᠠᠭ   
            ᠶᠠᠪᠤᠭᠰᠠᠨ ᠰᠢᠪᠠᠭᠤ ᠢᠷᠡᠳᠡᠭ  
            ᠢᠷᠡᠭᠰᠡᠨ ᠭᠡᠢᠴᠢᠨ ᠪᠤᠴᠠᠳᠠᠭ ᠭᠡᠭᠴᠢ ᠪᠡᠷ 
            ᠪᠢ ᠶᠠᠪᠤᠬᠤ ᠵᠠᠮ ᠳ᠋ᠠᠭᠠᠨ ᠭᠠᠷᠤᠶ᠎ᠠ 
            ᠦᠯᠡᠳᠡᠬᠦ ᠲᠠᠨᠠᠷ  
            ᠦᠦᠷ ᠴᠠᠢᠲᠠᠯ᠎ᠠ ᠨᠠᠢᠷᠯᠠ! ᠭᠡᠳ ᠪᠣᠰᠬᠤ ᠳ᠋ᠤ᠌ ᠭᠡᠷ ᠲᠦ᠍ ᠪᠠᠢᠭᠰᠠᠨ ᠪᠦᠬᠦᠨ ᠪᠣᠰᠴᠤ ᠳᠠᠭᠠᠯᠳᠤᠨ ᠭᠠᠷᠴᠠᠭᠠᠪᠠ᠃ 
       ᠲᠡᠮᠦᠵᠢᠨ ᠢ᠋  ᠭᠠᠳᠠᠭ᠎ᠠ ᠡᠭᠦᠳᠡᠨ ᠳ᠋ᠦ᠍ ᠭᠠᠷᠬᠤ ᠳ᠋ᠤ᠌ ᠨᠠᠬᠤ ᠠᠪᠤ ᠠᠮᠠ ᠴᠠᠭᠠᠨ ᠬᠤᠯᠠᠭᠴᠢ ᠭᠡᠭᠦᠦ ᠤᠨᠠᠭ᠎ᠠ᠂ ᠳᠠᠭ᠎ᠠ ᠲᠠᠢ ᠨᠢ ᠬᠥᠲᠥᠯᠵᠦ ᠠᠪᠴᠢᠷᠠᠨ᠂ ᠮᠥᠨ ᠠᠷᠠᠴᠠᠨ ᠤ᠋ ᠦᠨᠳᠦᠰᠦ ᠪᠡᠷ ᠤᠷᠠᠯᠠᠵᠤ ᠬᠢᠭᠰᠡᠨ ᠬᠤᠯᠤ ᠮᠣᠳᠣᠨ ᠲᠠᠭᠱᠠᠨ ᠳ᠋ᠤ᠌ ᠠᠷᠢᠬᠢ ᠳᠦᠭᠦᠷᠭᠡᠨ ᠬᠠᠳᠠᠭ ᠳᠡᠭᠡᠷ᠎ᠡ ᠲᠠᠯᠪᠢᠭᠠᠳ᠄  
       — ᠨᠢᠳᠤᠨᠤᠨ᠂ ᠡᠨᠡ ᠵᠢᠯ ᠬᠣᠶᠠᠷ ᠦᠷ᠎ᠡ ᠲᠥᠯ ᠢ᠋ᠶ᠋ᠡᠨ ᠥᠭᠭᠦᠭᠰᠡᠨ ᠰᠣᠶᠣᠭᠠᠯᠠᠩ ᠨᠠᠰᠤᠨ ᠤ᠋ ᠰᠠᠢᠪᠤᠷ ᠶᠠᠪᠤᠳᠠᠯ ᠲᠠᠢ ᠰᠠᠢᠨ ᠤᠳᠤᠮ ᠤ᠋ᠨ ᠡᠨᠡ ᠭᠡᠭᠦᠦ ᠶ᠋ᠢ ᠲᠠᠨ ᠤ᠋ ᠥᠰᠬᠦ ᠰᠦᠷᠦᠭ ᠲᠤ ᠨᠡᠮᠡᠷᠢᠯᠡᠨ ᠪᠠᠷᠢᠶ᠎ᠠ ᠭᠡᠮᠡᠨ ᠲᠡᠮᠦᠵᠢᠨ ᠳ᠋ᠦ᠍ ᠴᠤᠯᠪᠤᠭᠤᠷ ᠢ᠋ ᠥᠭᠴᠦ ᠭᠠᠷᠳᠠᠭᠤᠯᠤᠨ ᠪᠠᠷᠢᠪᠠᠰᠤ ᠲᠡᠷᠡ ᠪᠡᠷ ᠬᠣᠶᠠᠷ ᠭᠠᠷᠳᠠᠨ ᠠᠪᠴᠤ ᠲᠠᠭᠱᠠ ᠲᠠᠢ ᠠᠷᠢᠬᠢ ᠶ᠋ᠢ ᠥᠭᠡᠳᠡ ᠡᠷᠭᠦᠵᠦ᠄ 
       — ᠪᠢ ᠥᠴᠥᠭᠡᠳᠦᠷ ᠣᠷᠣᠢ ᠢᠷᠡᠵᠦ ᠲᠠᠨ ᠤ᠋ ᠳᠤᠭᠤᠯᠠᠭ᠎ᠠ ᠠᠭᠤᠯᠠᠨ ᠤ᠋ ᠬᠣᠷᠮᠣᠢ ᠳ᠋ᠤ᠌ ᠬᠣᠨᠣᠭᠯᠠᠭᠠᠳ ᠥᠨᠥ ᠥᠷᠯᠥᠭᠡ ᠲᠠᠬᠢᠯ ᠡᠷᠭᠦᠭᠰᠡᠨ ᠪᠢᠯᠡ᠃ ᠣᠳᠣ ᠴᠦ᠍ ᠪᠠᠰᠠ᠁ ᠭᠡᠵᠦ ᠰᠣᠯᠣᠭᠠᠢ ᠭᠠᠷ ᠤ᠋ᠨ ᠢᠳᠠᠮ ᠬᠤᠷᠤᠭᠤ ᠪᠠᠨ ᠠᠷᠢᠬᠢᠨ ᠳ᠋ᠤ᠌ ᠬᠦᠷᠭᠡᠵᠦ ᠢᠨᠴᠢᠳᠠᠨ᠄ 
       — ᠵᠠ᠂ ᠳᠤᠭᠤᠯᠠᠭ᠎ᠠ ᠠᠭᠤᠯᠠ᠂ ᠳᠤᠬᠤ ᠮᠠᠩᠨᠠᠢ ᠭᠡᠮᠡᠨ ᠵᠡᠭᠦᠨ ᠲᠠᠰᠢ ᠲᠣᠭᠣᠷᠢᠭᠤᠯᠤᠨ᠂ ᠬᠠᠶᠠᠭ᠎ᠠ ᠳᠡᠯᠭᠡᠷ ᠬᠠᠨ᠂ ᠬᠠᠷᠠᠴᠠ ᠶ᠋ᠢᠨ ᠬᠠᠯᠵᠠᠨ ᠥᠨᠳᠥᠷ᠂ ᠬᠠᠱᠠᠩ ᠬᠠᠨ᠂ ᠬᠤᠰᠤᠲᠤ ᠰᠢᠲᠦᠭᠡᠨ᠂ ᠶᠣᠯᠣ ᠶ᠋ᠢᠨ ᠥᠨᠳᠥᠷ᠂ ᠶᠣᠪᠰᠢᠯ ᠤᠯᠠᠭᠠᠨ ᠬᠠᠳᠠ᠂ ᠭᠤᠷᠪᠠᠨ ᠬᠠᠷᠠᠭᠠᠨᠠᠲᠤ᠂ ᠵᠢᠰᠦᠨ ᠬᠥᠮᠦᠨ ᠲᠡᠢ᠂ ᠲᠠᠯ᠎ᠠ ᠶ᠋ᠢᠨ ᠬᠥᠨᠳᠡᠯᠡᠨ᠂ ᠲᠠᠭᠵᠢᠭᠠᠷ ᠬᠠᠷ᠎ᠠ ᠠᠭᠤᠯᠠ᠂ ᠡᠨᠡᠬᠡᠨ ᠤᠷᠢᠳᠤ ᠣᠷᠣᠰᠢᠬᠤ ᠨᠣᠶᠠᠨ ᠬᠠᠲᠤᠨ᠂ ᠨᠣᠮᠣᠬᠠᠨ ᠪᠣᠷᠣ ᠣᠪᠣᠭᠠᠨ ᠳ᠋ᠤ᠌᠂ ᠪᠠᠷᠠᠭᠤᠨᠰᠢᠯᠠᠭᠠᠳ ᠳᠠᠪᠬᠤᠷ ᠰᠡᠷᠪᠡᠩ᠂ ᠳᠠᠯᠠᠨ ᠪᠤᠯᠳᠤᠷᠤᠤ᠂ ᠪᠡᠷᠬᠡ ᠶ᠋ᠢᠨ ᠬᠠᠷ᠎ᠠ ᠠᠭᠤᠯᠠᠰ᠂  ᠪᠡᠰᠡᠷᠡᠭ ᠴᠠᠭᠠᠨ ᠴᠢᠯᠠᠭᠤᠲᠤ᠂ ᠤᠮᠠᠷ᠎ᠠ ᠳᠠᠰᠢ ᠪᠠᠨ ᠨᠠᠷᠠᠨ ᠤ᠋ ᠨᠠᠪᠲᠠᠭᠠᠷ ᠠᠭᠤᠯᠠ᠂ ᠨᠠᠪᠴᠢᠲᠤ᠂ ᠪᠤᠶᠠᠨᠲᠤ ᠶ᠋ᠢᠨ ᠳᠠᠪᠠᠭ᠎ᠠ᠂ ᠬᠤᠲᠤᠭ ᠠᠭᠤᠯᠠ᠂ ᠬᠤᠰᠤᠲᠤ ᠮᠢᠩᠭᠠᠨ᠂ ᠪᠦᠭᠦᠳᠡ ᠳ᠋ᠦ᠍ ᠡᠨᠡ ᠡᠷᠬᠢᠮ ᠢᠳᠡᠭᠡ ᠶ᠋ᠢ  ᠡᠷᠭᠦᠶ᠎ᠡ ᠭᠡᠮᠡᠨ ᠨᠠᠷᠠ ᠵᠥᠪ ᠲᠣᠭᠣᠷᠢᠨ ᠢᠨᠴᠢᠳᠡᠭᠡᠳ ᠥᠪᠡᠷ ᠢ᠋ᠶ᠋ᠡᠨ ᠤᠷᠤᠭᠤᠯ ᠬᠦᠷᠭᠡᠨ ᠠᠮᠠ ᠴᠠᠭᠠᠨ ᠬᠤᠯᠠᠭᠴᠢ ᠤᠷᠤᠭᠤ ᠴᠤᠯᠪᠤᠭᠤᠷ ᠰᠠᠭᠠᠨ ᠣᠢᠷᠠᠳᠴᠤ ᠳᠤᠬᠤ ᠮᠠᠩᠨᠠᠢ ᠶ᠋ᠢ ᠨᠢ ᠢᠯᠡᠭᠦᠢ ᠯᠤᠭ᠎ᠠ ᠭᠡᠭᠦᠦ ᠨᠢᠳᠦ ᠡᠷᠪᠡᠯᠵᠡᠵᠦ ᠴᠢᠬᠢ ᠰᠣᠷᠲᠣᠢᠯᠭᠠᠨ ᠪᠤᠷᠤᠭᠤ ᠲᠠᠯ᠎ᠠ ᠶ᠋ᠢᠨ ᠤᠷᠢᠳᠤ ᠬᠥᠯ ᠢ᠋ᠶ᠋ᠡᠨ ᠨᠤᠭᠤᠯᠤᠨ ᠡᠷᠭᠦᠵᠦ ᠭᠠᠵᠠᠷ ᠴᠠᠪᠴᠢᠬᠤ ᠳᠦᠷᠢ ᠦᠵᠡᠭᠦᠯᠬᠦ ᠨᠢ ᠲᠤᠩ ᠰᠡᠷᠭᠦᠯᠡᠩ ᠴᠣᠪᠣᠭᠣ ᠶ᠋ᠢ ᠢᠯᠡᠷᠬᠡᠢᠯᠡᠨ᠎ᠡ᠃ ᠲᠡᠮᠦᠵᠢᠨ ᠠᠶᠠᠭ᠎ᠠ ᠲᠠᠢ ᠠᠷᠢᠬᠢᠨ ᠠ᠋ᠴᠠ ᠬᠥᠬᠥᠯ᠂ ᠬᠤᠷ ᠳᠡᠯ᠂ ᠬᠣᠨᠳᠣᠯᠠᠢ ᠳᠡᠭᠡᠷ᠎ᠡ ᠨᠢ ᠳᠤᠰᠤᠭᠠᠨᠠᠨ᠂ ᠬᠤᠷ ᠳᠡᠯ ᠡᠴᠡ ᠨᠢ ᠲᠤᠭ ᠬᠢᠯᠭᠠᠰᠤ ᠰᠠᠯᠭᠠᠵᠤ ᠠᠪᠴᠤ ᠦᠨᠦᠷᠯᠡᠭᠡᠳ ᠪᠥᠰᠡᠨ ᠳ᠋ᠡᠭᠡᠨ ᠬᠠᠪᠴᠢᠭᠤᠯᠤᠨ᠂ ᠠᠷᠢᠬᠢ ᠶ᠋ᠢ ᠤᠮᠠᠷ᠎ᠠ ᠳᠠᠰᠢ ᠳᠤᠭᠤᠯᠠᠭ᠎ᠠ ᠠᠭᠤᠯᠠᠨ ᠳ᠋ᠤ᠌ ᠡᠷᠭᠦᠨ ᠰᠠᠴᠤᠭᠠᠳ᠄ 
       — ᠡᠨᠡ ᠦᠨᠳᠦᠰᠦᠨ ᠠᠶᠠᠭᠠᠨ ᠳ᠋ᠤ᠌ ᠢᠳᠡᠭᠡᠨ ᠦ᠌ ᠳᠡᠭᠡᠵᠢ ᠬᠢᠵᠦ᠂ ᠡᠴᠢᠭᠡ ᠶ᠋ᠢᠨ ᠢ᠋ᠶ᠋ᠡᠨ ᠲᠠᠬᠢᠯᠭ᠎ᠠ ᠳᠡᠭᠡᠷ᠎ᠡ ᠲᠠᠯᠪᠢᠵᠤ ᠬᠠᠳᠠᠭᠠᠯᠠᠨ᠂ ᠠᠮᠠ ᠴᠠᠭᠠᠨ ᠬᠤᠯᠠᠭᠴᠢ ᠭᠡᠭᠦᠦ ᠶ᠋ᠢ ᠠᠵᠢᠷᠭᠠᠨ ᠤ᠋  ᠰᠠᠢᠨ ᠳ᠋ᠤ᠌ ᠥᠭᠴᠦ᠂ ᠦᠷ᠎ᠡ ᠲᠥᠯ ᠢ᠋ ᠨᠢ ᠠᠪᠴᠤ ᠤᠨᠠᠭ᠎ᠠ ᠳᠠᠭ᠎ᠠ ᠶ᠋ᠢᠨ ᠬᠠᠮᠲᠤ ᠥᠰᠬᠡᠨ᠎ᠡ᠃ ᠡᠳᠦᠭᠡ  ᠡᠨᠡ ᠭᠤᠷᠪᠠᠨ ᠠᠳᠤᠭᠤ ᠢᠵᠢᠯᠢ ᠰᠦᠷᠦᠭ ᠲᠡᠭᠡᠨ ᠪᠠᠢᠭ᠃ ᠪᠣᠭᠤᠷᠴᠢ ᠶ᠋ᠢᠨ ᠬᠢ ᠨᠡᠭᠦᠵᠦ ᠣᠴᠢᠬᠤ ᠳ᠋ᠤ᠌ ᠰᠦᠷᠦᠭ ᠲᠦ᠍ ᠨᠢ ᠲᠠᠯᠪᠢᠭᠠᠳ ᠶᠠᠪᠤᠭᠤᠯᠤᠭᠠᠷᠠᠢ!ᠭᠡᠯ᠎ᠡ᠃ 
       — ᠲᠠ ᠣᠳᠣ ᠬᠠᠮᠢᠭᠠᠰᠢ ᠪᠠᠨ ᠮᠣᠷᠢᠯᠠᠬᠤ ᠪᠣᠢ? ᠭᠡᠵᠦ ᠨᠠᠬᠤ ᠠᠰᠠᠭᠤᠪᠠᠰᠤ᠄ 
       — ᠪᠢ ᠣᠳᠣ ᠡᠴᠢᠭᠡ ᠶ᠋ᠢᠨ ᠡᠮᠦᠨ᠎ᠡ ᠬᠦᠴᠦ ᠵᠢᠳᠬᠦᠵᠦ ᠶᠠᠪᠤᠭᠰᠠᠨ ᠡᠪᠦᠭᠡᠨ ᠪᠠᠭᠠᠲᠤᠷ ᠪᠣᠷᠴᠤᠤ ᠭᠤᠸᠠᠢ ᠶ᠋ᠢᠨ ᠮᠡᠨᠳᠦ ᠶ᠋ᠢ ᠮᠡᠳᠡᠵᠦ ᠵᠣᠯᠭᠠᠭᠠᠳ᠂ ᠥᠨᠥ ᠣᠷᠣᠢ ᠳ᠋ᠠᠭᠠᠨ ᠪᠠᠷᠠᠭᠤᠨ ᠤᠷᠤᠭᠰᠢ ᠪᠠᠨ ᠬᠡᠷᠦᠯᠦᠨ ᠦ᠌ ᠬᠣᠢᠲᠤ ᠪᠡᠶ᠎ᠡ ᠳ᠋ᠦ᠍ ᠪᠠᠢᠭ᠎ᠠ ᠡᠷᠲᠡᠨ ᠦ᠌ ᠡᠪᠦᠭᠡᠳ ᠳᠡᠭᠡᠳᠦᠰ ᠦ᠋ᠨ ᠳᠦᠷᠢ ᠳᠦᠷᠰᠦ᠂ ᠲᠠᠮᠠᠭ᠎ᠠ ᠲᠡᠮᠳᠡᠭ ᠬᠠᠳᠠᠭᠠᠯᠠᠭᠳᠠᠭᠰᠠᠨ ᠲᠣᠩᠰᠠᠭ ᠣᠪᠣᠭᠠᠨ ᠳ᠋ᠤ᠌ ᠣᠴᠢᠵᠤ ᠬᠣᠨᠣᠭᠯᠠᠨ᠎ᠠ᠃ ᠮᠠᠨ ᠤ᠋ ᠨᠥᠬᠥᠳ ᠲᠡᠨᠳᠡ ᠪᠠᠢᠭ᠎ᠠ᠃ ᠮᠠᠷᠭᠠᠰᠢ ᠲᠠᠬᠢᠯᠭ᠎ᠠ ᠦᠢᠯᠡᠳᠦᠭᠡᠳ ᠪᠠᠷᠠᠭᠤᠨ ᠳᠠᠰᠢ ᠥᠨᠳᠥᠷ ᠳᠣᠪᠣ ᠭᠡᠵᠦ ᠰᠦᠷᠯᠢᠭ ᠬᠠᠢᠷᠬᠠᠨ ᠪᠠᠢᠳᠠᠭ ᠲᠤ ᠣᠴᠢᠵᠤ ᠲᠠᠬᠢᠯᠭ᠎ᠠ ᠦᠢᠯᠡᠳᠦᠨ᠎ᠡ᠃ ᠲᠡᠭᠡᠭᠡᠳ ᠴᠠᠭᠠᠰᠢ ᠬᠡᠷᠦᠯᠦᠨ ᠲᠣᠭᠣᠨᠣ᠂ ᠳᠣᠯᠣᠭᠠᠨ ᠪᠣᠯᠳᠣᠭ ᠢ᠋ᠶ᠋ᠠᠷ ᠶᠠᠪᠤᠵᠤ ᠪᠠᠶᠠᠨ ᠬᠠᠩᠭᠠᠢ ᠳ᠋ᠤ᠌ ᠪᠠᠷᠠᠯᠬᠠᠨ ᠨᠤᠲᠤᠭ ᠪᠤᠴᠠᠨ᠎ᠠ᠃ ᠲᠡᠭᠡᠲᠡᠯ᠎ᠡ ᠴᠦ᠍ ᠪᠠᠰᠠ ᠪᠣᠭᠣᠷᠴᠢ ᠣᠴᠢᠵᠤ ᠪᠢᠳᠡᠨ ᠠᠭᠤᠯᠵᠠᠯᠳᠤᠬᠤ ᠪᠤᠶᠤ ᠭᠡᠮᠡᠨ ᠮᠣᠷᠳᠠᠵᠤ ᠦᠳᠡᠭᠰᠡᠳ᠄ 
       — ᠠᠶᠠᠨ ᠵᠠᠮ ᠳ᠋ᠠᠭᠠᠨ ᠰᠠᠢᠨ ᠰᠠᠢᠬᠠᠨ᠂ ᠲᠠᠪᠠᠲᠠᠢ ᠲᠤᠬᠠᠲᠠᠢ ᠮᠣᠷᠢᠯᠠᠭᠠᠷᠠᠢ ᠭᠡᠮᠡᠨ ᠢᠷᠥᠭᠡᠵᠦ  ᠬᠤᠷᠤᠢᠯᠳᠦᠵᠠᠭᠠᠪᠠ᠃  
       ᠨᠠᠢᠷ ᠳᠠᠬᠢᠨ ᠦᠷᠭᠦᠯᠵᠢᠯᠡᠪᠡ᠃ ᠥᠷᠯᠥᠭᠡᠨ ᠦ᠌ ᠭᠡᠢᠴᠢᠳ ᠪᠤᠴᠠᠬᠤ ᠨᠢ ᠪᠤᠴᠠᠵᠤ᠂ ᠰᠢᠨ᠎ᠡ ᠭᠡᠢᠴᠢᠨ ᠲᠠᠰᠤᠷᠠᠯᠲᠠ ᠦᠭᠡᠢ ᠢᠷᠡᠵᠡᠭᠡᠵᠦ ᠭᠡᠷ ᠳᠥᠭᠥᠷᠦᠨ ᠳᠦᠭᠦᠷᠦᠭᠰᠡᠭᠡᠷ ᠁  ᠨᠠᠢᠷ ᠤ᠋ᠨ ᠤᠷᠲᠤ ᠳᠠᠭᠤᠤ ᠬᠦᠪᠦᠷᠡᠨ ᠬᠥᠪᠦᠭᠰᠡᠭᠡᠷ ᠁  ᠪᠡᠯᠡᠭ ᠬᠠᠳᠠᠭ ᠣᠪᠣᠭᠠᠷᠠᠭᠰᠠᠭᠠᠷ᠂ ᠪᠡᠷᠢ ᠶ᠋ᠢᠨ ᠰᠠᠢᠬᠠᠨ ᠢ᠋ ᠮᠡᠯᠮᠡᠷᠡᠭᠰᠡᠭᠡᠷ ᠁  ᠳᠠᠭᠤᠤ ᠳᠠᠭᠤᠨ ᠤ᠋ ᠠᠶ᠎ᠠ ᠤᠶᠠᠩᠭᠠᠷᠠᠨ ᠴᠤᠤᠷᠢᠶᠠᠳᠠᠭᠰᠠᠭᠠᠷ᠂ ᠲᠣᠭᠣᠷ᠎ᠠ ᠬᠤᠨᠳᠠᠭ᠎ᠠ ᠠᠷᠤ ᠠᠷᠤ ᠠ᠋ᠴᠠ ᠪᠠᠨ ᠳᠠᠭᠠᠭᠰᠠᠭᠠᠷ ᠁ 
            ᠣᠷᠣᠢ ᠶ᠋ᠢᠨ ᠨᠠᠷᠠᠨ 
            ᠣᠨᠢ ᠪᠠᠨ ᠳ᠋ᠠᠭᠠᠨ ᠣᠷᠣᠰᠢᠵᠤ 
            ᠣᠷᠣᠭᠰᠠᠨ ᠢᠷᠡᠭᠰᠡᠨ ᠭᠡᠢᠴᠢᠳ  
            ᠣᠷᠣᠨ ᠭᠡᠷ ᠢ᠋ᠶ᠋ᠡᠨ ᠳᠤᠷᠠᠳᠴᠤ 
            ᠨᠠᠷᠠᠨ ᠤ᠋ ᠡᠷᠲᠡ ᠳ᠋ᠦ᠍ ᠢᠷᠡᠭᠰᠡᠨ ᠪᠢᠯᠡ 
            ᠨᠠᠢᠷ ᠤ᠋ᠨ ᠶᠡᠬᠡ ᠳ᠋ᠦ᠍ ᠴᠡᠩᠭᠡᠯ᠎ᠡ   
            ᠬᠣᠨᠣᠨ ᠥᠨᠵᠢᠨ ᠨᠡᠢᠯᠡᠮᠡᠷ ᠴᠦ᠍ 
            ᠬᠣᠢᠲᠤᠬᠢ ᠠᠵᠢᠯ ᠢ᠋ᠶ᠋ᠠᠨ ᠪᠣᠳᠣᠶ᠎ᠠ ᠭᠡᠨᠡᠮ᠃  
       ᠡᠢᠨᠬᠦ ᠨᠠᠢᠷ ᠲᠠᠷᠬᠠᠵᠤ᠂ ᠪᠡᠯᠭᠦᠳᠡᠢ᠂ ᠵᠡᠯᠮ᠎ᠡ ᠲᠡᠷᠢᠭᠦᠲᠡᠢ ᠵᠠᠯᠠᠭᠤᠰ ᠲᠦᠳᠡᠭ ᠭᠠᠯ ᠠᠰᠠᠭᠠᠨ ᠪᠥᠵᠢᠭᠯᠡᠨ ᠨᠠᠭᠠᠳᠤᠵᠠᠭᠠᠬᠤ ᠳ᠋ᠤ᠌ ᠪᠣᠭᠣᠷᠴᠢ ᠲᠡᠭᠦᠰᠬᠡᠨ ᠬᠣᠶᠠᠷ ᠴᠤ᠌ ᠲᠡᠨᠳᠡ ᠪᠥᠵᠢᠭᠯᠡᠨ ᠳᠡᠪᠬᠡᠴᠡᠬᠦ ᠡᠴᠡ ᠬᠣᠴᠣᠷᠤᠭᠰᠠᠨ ᠦᠭᠡᠢ᠃ 
       ᠦᠳᠡᠰᠢ ᠶ᠋ᠢᠨ ᠭᠡᠭᠡ ᠲᠠᠰᠤᠷᠠᠵᠤ ᠲᠠᠬᠢᠶ᠎ᠠ ᠴᠠᠭ ᠳᠤᠮᠳᠠ ᠪᠠᠨ ᠣᠷᠣᠬᠤᠢ ᠯᠤᠭ᠎ᠠ ᠪᠦᠭᠦᠳᠡ ᠪᠥᠵᠢᠭ ᠨᠠᠷᠭᠢᠶᠠᠨ ᠢ᠋ᠶ᠋ᠠᠨ ᠵᠣᠭᠰᠣᠭᠠᠵᠤ ᠰᠢᠨ᠎ᠡ ᠭᠡᠷᠯᠡᠭᠰᠡᠨ ᠬᠣᠶᠠᠷ ᠢ᠋ᠶ᠋ᠠᠨ ᠳᠡᠷ᠎ᠡ ᠨᠡᠢᠯᠡᠭᠦᠯᠬᠦ ᠠᠵᠢᠯ ᠪᠣᠯᠵᠤ᠂ ᠵᠠᠰᠠᠵᠤ ᠪᠡᠯᠡᠳᠬᠡᠭᠰᠡᠨ ᠣᠷᠣ ᠳᠡᠷᠡᠨ ᠳ᠋ᠦ᠍ ᠨᠢ ᠣᠷᠣᠭᠤᠯᠪᠠ᠃ ᠲᠡᠷᠡ ᠬᠣᠶᠠᠷ ᠤ᠋ᠨ ᠬᠤᠷᠢᠮ ᠨᠠᠢᠷ ᠶᠣᠰᠣ ᠲᠡᠭᠦᠯᠳᠡᠷ ᠢ᠋ᠶ᠋ᠡᠷ ᠥᠨᠳᠥᠷᠯᠡᠵᠦ᠂ ᠭᠠᠳᠠᠭᠤᠷ ᠰᠢᠪᠡᠨᠡᠯᠳᠦᠬᠦ  ᠠᠪᠢᠷᠠᠯᠳᠤᠬᠤ ᠴᠢᠮᠡᠭᠡ ᠲᠠᠰᠤᠷᠠᠵᠤ ᠨᠠᠮ ᠭᠦᠮ ᠪᠣᠯᠪᠠᠢ᠃ ᠭᠠᠭᠴᠠᠬᠦ ᠭᠡᠷ ᠦ᠋ᠨ ᠣᠢᠷᠠᠯᠴᠠᠭ᠎ᠠ ᠬᠡᠪᠲᠡᠭᠰᠡᠨ ᠦᠬᠡᠷ ᠦ᠋ᠨ ᠬᠡᠪᠢᠵᠦ ᠢᠨᠴᠠᠭᠯᠠᠬᠤ ᠴᠢᠮᠡᠭᠡ ᠰᠣᠨᠣᠰᠳᠠᠨ᠎ᠠ᠃ ᠲᠡᠭᠦᠰᠬᠡᠨ᠄  
       — ᠪᠢᠳᠡ ᠬᠣᠶᠠᠷ ᠤ᠋ᠨ ᠬᠤᠷᠢᠮ ᠨᠠᠢᠷ ᠰᠠᠢᠬᠠᠨ ᠪᠣᠯᠤᠯ᠎ᠠ ᠭᠡᠵᠦ ᠬᠡᠯᠡᠬᠦ ᠳ᠋ᠦ᠍ ᠪᠣᠭᠣᠷᠴᠢ᠄ 
       — ᠲᠡᠭᠡᠯ᠎ᠡ᠃ ᠤᠳᠠᠲᠠᠯ᠎ᠠ ᠬᠦᠯᠢᠶᠡᠭᠰᠡᠨ ᠶᠦᠮ ᠰᠠᠨ ᠳᠠ ᠭᠡᠵᠦ ᠰᠠᠨᠠᠭ᠎ᠠ ᠠᠯᠳᠠᠪᠠ᠃  
       — ᠬᠠᠷᠢᠨ ᠠ᠋᠂ ᠤᠳᠠᠭᠰᠠᠨ ᠰᠢᠦ᠃ ᠶᠠᠭᠠᠬᠢᠭᠠᠳ ᠲᠡᠷᠡ ᠶᠦᠮ ᠪᠣᠯ ᠳᠠ? ᠬᠥᠮᠦᠰ ᠪᠢᠳᠡ ᠬᠣᠶᠠᠷ ᠢ᠋《ᠰᠡᠳᠬᠢᠯ ᠦᠭᠡᠢ》 ᠭᠡᠵᠦ ᠬᠦᠷᠲᠡᠯ᠎ᠡ ᠦᠭᠡᠯᠡᠵᠦ ᠭᠣᠣᠴᠢᠯᠠᠵᠤ᠂  ᠬᠣᠯᠠᠳᠠᠵᠤ ᠬᠥᠨᠳᠡᠢᠷᠡᠬᠦ ᠪᠠᠢᠬ᠎ᠠ ᠭᠡᠯᠴᠡᠭᠰᠡᠨ ᠨᠢᠭᠡᠨ ᠨᠢ ᠪᠠᠢᠭᠰᠠᠨ ᠯᠠ ᠭᠡᠨ᠎ᠡ ᠯᠧ᠃ 
       — ᠵᠠ ᠲᠡᠷᠡ ᠨᠢ ᠴᠦ᠍ ᠶᠠᠭᠤ ᠯᠠ ᠪᠣᠯ᠃  ᠬᠠᠷᠢᠨ ᠴᠢᠮ᠎ᠠ ᠶᠢ ᠪᠠᠨ ᠭᠣᠮᠣᠳᠠᠭᠠᠴᠢᠬᠠᠬᠤ ᠪᠣᠢ ᠭᠡᠵᠦ ᠳᠣᠲᠣᠷ᠎ᠠ ᠪᠠᠨ ᠠᠶᠤᠵᠤ ᠪᠠᠢᠭᠰᠠᠨ᠃ ᠲᠡᠭᠡᠭᠡᠳ ᠠᠪᠤ ᠳ᠋ᠠᠭᠠᠨ ᠬᠡᠯᠡᠵᠦ ᠭᠡᠷᠯᠡᠬᠦ ᠪᠡᠷ ᠰᠢᠢᠳᠴᠦ᠂ ᠪᠡᠷᠢ ᠭᠤᠶᠤᠬᠤ ᠠᠵᠢᠯ ᠪᠣᠯᠵᠤ ᠰᠠᠶᠢ ᠨᠢᠭᠡ ᠶᠠᠭᠤᠮ᠎ᠠ ᠪᠦᠲᠦᠵᠦ ᠪᠠᠢᠭ᠎ᠠ ᠨᠢ ᠡᠨᠡ ᠳᠡ ᠭᠡᠪᠡ᠃  
       — ᠠᠪᠤ ᠨᠢ ᠳᠤᠷ᠎ᠠ ᠦᠭᠡᠢ ᠪᠠᠢᠭᠰᠠᠨ ᠭᠡᠵᠦ ᠤᠤ? ᠥᠭᠡᠷ᠎ᠡ ᠪᠣᠳᠣᠯ ᠪᠠᠢᠭᠰᠠᠨ ᠶᠤᠮ ᠪᠣᠯᠪᠠᠤ? ᠭᠡᠵᠦ ᠲᠡᠭᠦᠰᠬᠡᠨ ᠢ᠋ ᠠᠰᠠᠭᠤᠬᠤ ᠳ᠋ᠤ᠌᠄  
       — ᠦᠭᠡᠢ ᠠ᠋᠂ ᠦᠭᠡᠢ᠂ ᠬᠠᠨᠠᠰᠠ᠃ ᠬᠠᠷᠢᠨ ᠨᠢᠭᠡ ᠡᠢᠮᠦ ᠶᠠᠪᠤᠳᠠᠯ ᠪᠣᠯᠤᠭᠰᠠᠨ ᠶᠤᠮ᠃ ᠠᠯᠢᠨ ᠪᠣᠯᠭᠠᠨ ᠨᠢᠭᠤᠬᠤ ᠪᠣᠢ? ᠪᠢ ᠠᠷᠪᠠᠨ ᠵᠢᠷᠭᠤᠭᠠᠨ ᠨᠠᠰᠤᠲᠠᠢ ᠪᠠᠭᠠᠬᠠᠨ ᠪᠠᠢᠯ᠎ᠠ᠃ ᠠᠪᠤ ᠲᠠᠢ ᠲᠦᠮᠡᠨ ᠲᠥᠪᠬᠦᠨ ᠦ᠌ ᠨᠠᠭᠠᠳᠤᠮ ᠳ᠋ᠤ᠌ ᠶᠠᠪᠤᠵᠤ ᠲᠡᠨᠳᠡ ᠪᠠᠷᠤᠭ ᠰᠠᠷ᠎ᠠ ᠰᠢᠬᠠᠮ ᠪᠣᠯᠵᠤ ᠪᠢᠯᠡ᠃ ᠲᠡᠷᠡ ᠬᠡᠷᠦᠯᠦᠨ ᠨᠤᠲᠤᠭ ᠲᠤ ᠬᠡᠷᠣᠯᠣᠨᠵᠢᠨ ᠨᠡᠷ᠎ᠡ ᠲᠡᠢ ᠪᠦᠰᠡᠭᠦᠢ ᠪᠠᠢᠵᠤ᠂ ᠪᠢ ᠲᠡᠭᠦᠨ ᠲᠡᠢ ᠲᠠᠨᠢᠯᠴᠠᠭᠠᠳ᠁ ᠨᠠᠳᠠ ᠠ᠋ᠴᠠ ᠨᠢᠭᠡ ᠨᠠᠰᠤ ᠡᠭᠡᠴᠢ ᠶᠤᠮᠰᠠᠨ᠁ ᠭᠡᠵᠦ ᠰᠠᠨᠠᠭ᠎ᠠ ᠠᠯᠲᠠᠨ ᠪᠤᠭᠤᠷᠴᠢ ᠨᠢᠭᠡ ᠬᠡᠰᠡᠭ ᠵᠠᠭᠤᠷ᠎ᠠ ᠳᠠᠭᠤ ᠦᠭᠡᠢ ᠪᠣᠯᠪᠠ᠃ ᠲᠡᠭᠦᠰᠬᠡᠨ ᠬᠦᠵᠦᠭᠦᠨ ᠳᠣᠣᠭᠤᠷ ᠨᠢ ᠬᠢᠭᠰᠡᠨ ᠭᠠᠷ ᠢ᠋ᠶ᠋ᠠᠨ ᠲᠠᠲᠠᠵᠤ ᠠᠪᠤᠭᠠᠳ ᠪᠣᠳᠣᠯ ᠪᠣᠯᠤᠨ ᠴᠠᠭᠠᠰᠢ ᠶᠠᠷᠢᠬᠤ ᠶ᠋ᠢ ᠬᠦᠯᠢᠶᠡᠵᠦ ᠲᠡᠰᠴᠦ ᠶᠠᠳᠠᠭᠠᠳ᠄ 
       — ᠲᠡᠭᠡᠭᠡᠳ? ᠭᠡᠵᠦ ᠬᠥᠢᠲᠡᠮᠰᠦᠭ ᠳᠤᠤᠭᠠᠷᠪᠠ᠃ 
       — ᠲᠡᠭᠡᠭᠡᠳ ᠤᠤ? ᠭᠡᠮᠡᠨ ᠪᠤᠭᠤᠷᠴᠢ ᠪᠣᠯᠤᠭᠰᠠᠨ ᠶᠠᠪᠤᠳᠠᠯ ᠢ᠋ᠶ᠋ᠠᠨ ᠲᠠᠰᠤᠯᠳᠠᠨ ᠶᠠᠷᠢᠵᠤ᠄ 
       — ᠦᠬᠦᠭᠰᠡᠨ ᠨᠢ ᠴᠦ᠍ ᠶᠠᠭᠠᠬᠢᠬᠤᠪ᠂ ᠲᠡᠭᠡᠭᠡᠳ ᠯᠡ ᠲᠡᠷᠡ᠃ ᠦᠯᠡᠳᠡᠭᠰᠡᠨ ᠨᠢ ᠡᠨᠡ ᠥᠭᠡᠯᠡᠨ ᠬᠦᠦ ᠶᠦᠮ᠃ ᠵᠠᠷᠢᠮ ᠳ᠋ᠠᠭᠠᠨ ᠪᠢ ᠯᠡ ᠮᠢᠨᠦ ᠳᠡᠭᠦᠦ ᠭᠡᠳᠡᠭ ᠁ ᠡᠨᠡ ᠪᠦᠬᠦᠨ ᠢ᠋ᠶ᠋ᠡᠨ ᠴᠢᠮᠠᠳᠠᠭᠠᠨ ᠬᠡᠯᠡᠶ᠎ᠡ ᠤᠤ? ᠭᠡᠲᠡᠯ᠎ᠡ ᠬᠡᠯᠡᠨ ᠳᠡᠭᠡᠷ᠎ᠡ ᠬᠡᠳᠡᠭᠡᠨ᠎ᠡ ᠰᠢᠭ ᠶᠠᠭᠤᠮ᠎ᠠ ᠲᠡᠭᠡᠭᠡᠯᠭᠡᠭᠡᠳ ᠬᠡᠯᠡᠵᠦ ᠴᠢᠳᠠᠬᠤ ᠦᠭᠡᠢ ᠥᠨᠥ ᠬᠦᠷᠦᠯ᠎ᠡ᠃ ᠨᠠᠳᠠᠳᠤ ᠪᠤᠷᠤᠭᠤ ᠪᠠᠢᠭ᠎ᠠ ᠪᠣᠯ ᠨᠠᠮ᠎ᠠ ᠶ᠋ᠢ ᠰᠢᠢᠳᠭᠡ᠃ ᠵᠠᠯᠬᠠᠭ᠎ᠠ ᠳᠠ᠃ ᠴᠢᠨᠦ ᠯᠡ ᠳᠤᠷ᠎ᠠ᠂ ᠡᠷᠬᠡ ᠮᠠᠲᠠᠯ᠃ ᠴᠢ ᠤᠬᠠᠭᠠᠲᠠᠢ ᠳᠠ᠃ ᠲᠡᠭᠦᠨ ᠦ᠌ ᠠᠴᠢ ᠪᠠᠷ ᠥᠨᠥ ᠪᠢ ᠠᠮᠢᠳᠤ ᠶᠠᠪᠤᠭ᠎ᠠ ᠶᠤᠮ ᠭᠡᠪᠡ᠃ 
       ᠲᠡᠭᠦᠰᠬᠡᠨ ᠨᠢᠭᠤᠷ ᠢ᠋ᠶ᠋ᠠᠨ ᠠᠯᠠᠭ᠎ᠠ ᠪᠠᠷ ᠢ᠋ᠶ᠋ᠠᠨ ᠳᠠᠷᠤᠨ ᠤᠬᠢᠯᠠᠯ᠎ᠠ᠂ ᠪᠦᠷ ᠮᠡᠭᠰᠢᠯ᠎ᠡ᠃  
       — ᠤᠬᠢᠯᠠᠭᠠᠳ ᠬᠡᠷᠡᠭ ᠦᠭᠡᠢ ᠳᠡ᠃ ᠲᠡᠭᠦᠨ ᠦ᠌ ᠰᠦᠨᠡᠰᠦ ᠬᠣᠯᠠᠳᠠᠭ ᠯᠠ ᠭᠡᠵᠦ ᠥᠨᠥ ᠬᠦᠷᠦᠭᠰᠡᠨ ᠶᠦᠮ᠃ ᠲᠡᠷᠡ ᠴᠦ᠍ ᠬᠣᠯᠠᠳᠠᠵᠤ ᠮᠥᠩᠬᠡ ᠲᠩᠷᠢ ᠳ᠋ᠡᠭᠡᠨ ᠣᠷᠣᠰᠢᠨ᠂ ᠪᠢ ᠴᠦ᠍ ᠰᠡᠳᠬᠢᠯ ᠡᠴᠡ ᠪᠡᠨ ᠭᠡᠭᠡᠵᠡᠢ᠃ ᠤᠬᠢᠯᠠᠭᠠᠳ ᠬᠡᠷᠡᠭ ᠦᠭᠡᠢ ᠳᠡ᠃ ᠣᠷᠣᠨ ᠳ᠋ᠠᠭᠠᠨ ᠤᠬᠢᠯᠠᠬᠤ ᠮᠠᠭᠤ ᠭᠡᠳᠡᠭ ᠶᠦᠮ᠃ ᠪᠢᠲᠡᠭᠡᠢ ᠤᠬᠢᠯᠠ ᠭᠡᠵᠦ ᠪᠤᠭᠤᠷᠴᠢ ᠠᠷᠭᠠᠳᠠᠪᠠ᠃ ᠲᠡᠭᠦᠰᠬᠡᠨ ᠪᠤᠭᠤᠷᠴᠢ ᠶ᠋ᠢᠨ ᠴᠡᠭᠡᠵᠢᠨ ᠳ᠋ᠦ᠍ ᠨᠢᠭᠤᠷ ᠢ᠋ᠶ᠋ᠠᠨ ᠨᠠᠭᠠᠨ ᠮᠡᠭᠰᠢᠬᠦ ᠳ᠋ᠦ᠍ ᠲᠡᠭᠦᠨ ᠦ᠌ ᠨᠢᠯᠪᠤᠰᠤ ᠴᠡᠭᠡᠵᠢᠨ ᠪᠡᠶ᠎ᠡ ᠶ᠋ᠢ ᠨᠢ ᠨᠡᠪᠲᠡᠯᠵᠦ ᠡᠷ᠎ᠡ ᠨᠥᠬᠥᠷ ᠨᠢ ᠡᠬᠡᠨᠡᠷ ᠦ᠋ᠨ ᠢ᠋ᠶ᠋ᠡᠨ ᠨᠢᠳᠦ ᠶ᠋ᠢ ᠠᠯᠠᠭ᠎ᠠ ᠪᠠᠷ ᠢ᠋ᠶ᠋ᠠᠨ ᠢᠯᠢᠵᠦ ᠨᠢᠯᠪᠤᠰᠤ ᠶ᠋ᠢ ᠨᠢ ᠡᠭᠰᠢᠭᠡᠬᠦ ᠯᠤᠭ᠎ᠠ ᠬᠦᠵᠦᠭᠦᠨ ᠳᠣᠣᠭᠤᠷ ᠨᠢ ᠭᠠᠷ ᠰᠢᠷᠭᠤᠨ ᠲᠡᠷᠡ ᠬᠣᠶᠠᠷ ᠲᠠᠰᠤ ᠲᠡᠪᠡᠷᠢᠯᠳᠦᠯ᠎ᠡ᠃ 
       ᠪᠣᠭᠣᠷᠴᠢ ᠦᠦᠷ ᠢ᠋ᠶ᠋ᠡᠷ ᠡᠷᠲᠡᠯᠡᠨ ᠬᠣᠨᠢᠨ ᠤ᠋ ᠴᠢᠨᠠᠭᠰᠠᠨ ᠮᠢᠬ᠎ᠠ᠂ ᠴᠠᠭᠠᠨ ᠢᠳᠡᠭᠡ᠂ ᠨᠠᠮᠪᠤᠭᠤ ᠲᠠᠢ ᠠᠢᠷᠠᠭ ᠲᠡᠩᠨᠡᠭᠰᠡᠨ ᠮᠣᠷᠢ ᠬᠥᠲᠥᠯᠦᠭᠡᠳ ᠲᠡᠳᠦᠢ ᠯᠡ ᠬᠣᠯᠠ ᠦᠭᠡᠢ ᠬᠡᠷᠦᠯᠦᠨ ᠮᠥᠷᠡᠨ ᠦ᠌ ᠬᠣᠢᠲᠤ ᠪᠡᠶ᠎ᠡ ᠳ᠋ᠦ᠍ ᠣᠷᠣᠰᠢᠬᠤ ᠲᠣᠩᠰᠠᠭ ᠣᠪᠣᠭᠠᠨ ᠤ᠋ ᠵᠦᠭ ᠳᠠᠪᠬᠢᠯ᠎ᠠ᠃ ᠨᠠᠢᠷ ᠠ᠋ᠴᠠ ᠮᠣᠷᠳᠠᠬᠤ ᠳ᠋ᠠᠭᠠᠨ ᠲᠡᠮᠦᠵᠢᠨ 《ᠮᠠᠷᠭᠠᠰᠢ ᠥᠷᠯᠥᠭᠡ ᠯᠤᠤ ᠴᠠᠭ ᠲᠤ ᠲᠡᠷᠡ ᠣᠪᠣᠭ᠎ᠠ ᠶ᠋ᠢ ᠲᠠᠬᠢᠨ᠎ᠠ》 ᠭᠡᠰᠡᠨ ᠲᠤᠯᠠ ᠲᠡᠭᠦᠨ ᠳ᠋ᠦ᠍ ᠬᠠᠮᠵᠢᠶ᠎ᠠ ᠪᠣᠯᠬᠤ ᠪᠠᠷ ᠦᠳᠡ ᠡᠴᠡ ᠬᠣᠢᠰᠢ ᠰᠢᠢᠳᠴᠦ ᠡᠨᠡᠬᠦ ᠪᠢᠴᠢᠬᠠᠨ ᠲᠡᠭᠡᠭᠡᠰᠢ ᠶ᠋ᠢ ᠪᠡᠯᠡᠳᠬᠡᠭᠦᠯᠦᠭᠰᠡᠨ ᠠᠵᠤᠭᠤ᠃ ᠦᠬᠡᠷ ᠴᠠᠭ ᠠ᠋ᠴᠠ ᠪᠠᠷᠰ᠂ ᠲᠠᠤᠯᠠᠢ ᠴᠠᠭ ᠢ᠋ ᠲᠤᠭᠤᠯᠤᠨ ᠶᠠᠪᠤᠬᠤ ᠵᠠᠮ ᠳ᠋ᠤ᠌ ᠪᠠᠷᠠᠭᠤᠨ ᠵᠦᠭ ᠲᠡᠭᠡᠨ ᠳᠠᠭᠤ ᠲᠠᠢ᠂ ᠴᠠᠬᠢᠯᠭᠠᠨ ᠲᠠᠢ ᠪᠣᠷᠣᠭ᠎ᠠ ᠲᠤᠨᠵᠢᠷᠠᠵᠤ᠂ ᠰᠠᠯᠬᠢ ᠰᠡᠪᠡᠯᠵᠡᠨ ᠵᠠᠬ᠎ᠠ ᠳ᠋ᠤᠨᠢ ᠶᠠᠪᠤᠭ᠎ᠠ ᠪᠣᠭᠣᠷᠴᠢ ᠳᠡᠭᠡᠷ᠎ᠡ《ᠰᠢᠷ᠂ ᠰᠢᠷ 》 ᠳᠤᠰᠤᠯᠠᠬᠤ ᠳ᠋ᠤ᠌ ᠨᠥᠮᠥᠷᠭᠡ ᠪᠡᠨ ᠠᠪᠴᠤ ᠨᠥᠮᠥᠷᠦᠭᠡᠳ ᠶᠠᠪᠤᠳᠠᠯ ᠰᠠᠭᠠᠷᠠᠭᠤᠯᠤᠯ ᠦᠭᠡᠢ ᠬᠠᠲᠠᠷᠢᠭᠤᠯᠤᠭᠰᠠᠭᠠᠷ ᠭᠤᠷᠪᠠᠨ ᠰᠠᠢᠬᠠᠨ ᠤ᠋ ᠬᠤᠸᠠ ᠬᠥᠪᠡᠭᠡ ᠳᠠᠪᠠᠵᠤ ᠶᠠᠪᠤᠲᠠᠯ᠎ᠠ ᠪᠣᠷᠣᠭ᠎ᠠ ᠠᠷᠢᠯᠵᠤ ᠣᠷᠣᠭᠰᠢ ᠥᠩᠭᠡᠷᠡᠨ ᠴᠡᠯᠮᠡᠬᠦ ᠨᠢ ᠲᠩᠷᠢ ᠬᠤᠷ᠎ᠠ ᠬᠠᠢᠷᠠᠯᠠᠵᠤ᠂ ᠭᠠᠵᠠᠷ ᠳᠡᠯᠡᠬᠡᠢ ᠥᠩᠭᠡ ᠵᠠᠰᠠᠨ ᠪᠣᠷᠣᠭᠠᠨ ᠤ᠋ ᠳᠠᠷᠠᠭᠠᠬᠢ ᠠᠩᠬᠢᠯᠤᠭᠤᠨ ᠰᠠᠢᠬᠠᠨ ᠦᠨᠦᠷ ᠰᠡᠩᠭᠢᠨᠡᠭᠡᠳ ᠲᠠᠬᠢᠬᠤ ᠣᠪᠣᠭ᠎ᠠ ᠶ᠋ᠢ ᠮᠢᠯᠢᠶᠠᠬᠤ ᠯᠤᠭ᠎ᠠ ᠨᠢᠭᠡᠨ ᠪᠣᠯᠪᠠᠢ᠃ 
       ᠲᠣᠪᠯᠠᠭᠰᠠᠨ ᠴᠠᠭ ᠲᠠᠭᠠᠨ ᠪᠣᠭᠣᠷᠴᠢ ᠪᠠᠷ ᠣᠴᠢᠬᠤ ᠭᠠᠵᠠᠷ ᠢ᠋ᠶ᠋ᠠᠨ ᠬᠦᠷᠪᠡ᠃ ᠤᠮᠠᠷ᠎ᠠ ᠵᠦᠭ ᠲᠡᠭᠡᠨ ᠨᠡᠯᠢᠶᠡᠳ ᠥᠨᠳᠥᠷ ᠭᠡᠬᠦ ᠪᠡᠷ ᠱᠣᠪᠬᠣᠪᠲᠤᠷ ᠣᠷᠣᠢ ᠲᠠᠢ ᠠᠭᠤᠯᠠ ᠨᠤᠭᠤᠳ ᠤ᠋ᠨ ᠡᠮᠦᠨ᠎ᠡ ᠲᠠᠰᠢ ᠪᠠᠨ ᠰᠤᠩᠭᠠᠭᠰᠠᠨ ᠤᠷᠲᠤ ᠠ᠋ᠴᠠ ᠤᠷᠲᠤ ᠬᠣᠰᠢᠭᠤ ᠨᠠᠮᠰᠠᠨ ᠨᠠᠮᠰᠠᠵᠤ᠂ ᠵᠢᠯᠠᠭ᠎ᠠ ᠳ᠋ᠤᠨᠢ ᠬᠡᠷᠦᠯᠦᠨ ᠮᠥᠷᠡᠨ ᠦ᠌ ᠲᠣᠬᠣᠢ ᠤᠷᠤᠭᠤ ᠰᠢᠷᠭᠤᠰᠬᠢᠵᠤ ᠣᠷᠣᠭᠰᠠᠨ ᠪᠢᠴᠢᠬᠠᠨ ᠬᠠᠳᠠ ᠲᠠᠢ ᠠᠭᠤᠯᠠ ᠶ᠋ᠢ ᠲᠣᠩᠰᠠᠭ ᠣᠪᠣᠭ᠎ᠠ ᠭᠡᠵᠦ ᠡᠷᠲᠡᠨ ᠦ᠌ ᠡᠪᠦᠭᠡ ᠳᠡᠭᠡᠳᠦᠰ ᠰᠢᠲᠦᠨ ᠢᠷᠡᠭᠰᠡᠨ ᠠᠵᠢ᠃ ᠡᠭᠦᠨ ᠢ᠋ ᠲᠡᠮᠦᠵᠢᠨ ᠶᠠᠭᠠᠬᠢᠭᠠᠳ ᠰᠣᠨᠣᠰᠴᠤ ᠮᠡᠳᠡᠭᠰᠡᠨ ᠶᠦᠮ?  ᠪᠦᠦ ᠮᠡᠳᠡ᠃ ᠭᠤᠷᠪᠠᠨ ᠭᠣᠣᠯ ᠤ᠋ᠨ ᠮᠣᠩᠭᠣᠯᠴᠤᠳ ᠤ᠋ᠨ ᠬᠦᠨᠳᠦᠯᠡᠵᠦ ᠢᠷᠡᠭᠰᠡᠨ ᠰᠢᠲᠦᠭᠡᠨ ᠦ᠌ ᠨᠤᠲᠤᠭ ᠢ᠋ᠶ᠋ᠠᠨ ᠲᠣᠭᠣᠷᠢᠵᠤ ᠠᠯᠤᠰ ᠤ᠋ᠨ ᠪᠣᠳᠣᠯ ᠳ᠋ᠠᠭᠠᠨ ᠵᠠᠯᠪᠠᠷᠢᠵᠤ ᠭᠤᠶᠤᠬᠤ ᠮᠥᠷᠭᠥᠯ ᠲᠠᠬᠢᠯᠭ᠎ᠠ ᠬᠢᠵᠦ ᠶᠠᠪᠤᠭ᠎ᠠ ᠨᠢ ᠡᠨᠡ ᠪᠥᠯᠥᠭᠡ᠃ ᠠᠯᠤᠰ ᠪᠠᠷᠠᠭᠤᠨ ᠠ᠋ᠴᠠ ᠥᠷᠭᠡᠨ ᠬᠥᠨᠳᠡᠢ ᠤᠷᠤᠭᠤᠳᠠᠨ ᠬᠡᠷᠦᠯᠦᠨ ᠮᠥᠷᠡᠨ ᠥᠳᠬᠡᠨ ᠪᠤᠷᠭᠠᠰᠤᠨ ᠳᠤᠮᠳᠠᠭᠤᠷ ᠢ᠋ᠶ᠋ᠠᠨ ᠨᠠᠮᠤᠭᠤᠬᠠᠨ ᠤᠷᠤᠰᠬᠤ ᠠᠭᠠᠳ ᠬᠠᠶᠠ ᠬᠠᠶᠠ ᠦᠬᠡᠷ ᠪᠤᠷᠭᠠᠰᠤ᠂ ᠬᠠᠢᠯᠠᠰᠤ ᠰᠦᠭᠯᠡᠢᠨ ᠦᠵᠡᠭᠳᠡᠵᠦ᠂ ᠪᠤᠷᠭᠠᠰᠤᠨ ᠤ᠋ ᠵᠠᠪᠰᠠᠷ ᠢ᠋ᠶ᠋ᠠᠷ ᠭᠣᠣᠯ ᠤ᠋ᠨ ᠴᠡᠩᠬᠡᠷ ᠤᠰᠤ ᠮᠢᠷᠠᠯᠵᠠᠨ ᠳᠣᠯᠭᠢᠶᠠᠯᠠᠨ ᠳᠣᠷᠣᠨ᠎ᠠ ᠵᠦᠭ ᠢ᠋ ᠵᠣᠷᠢᠨ᠎ᠠ᠃ ᠲᠣᠩᠰᠠᠭ ᠣᠪᠣᠭᠠᠨ ᠤ᠋ ᠡᠮᠦᠨ᠎ᠡ ᠬᠡᠷᠦᠯᠦᠨ ᠤᠷᠤᠭᠰᠢ ᠲᠣᠬᠣᠢᠷᠠᠨ ᠡᠮᠦᠨᠡᠬᠢ ᠠᠭᠤᠯᠠᠨ ᠠ᠋ᠴᠠ ᠨᠠᠯᠠᠵᠤ ᠢᠷᠡᠭᠰᠡᠨ ᠳᠡᠪᠰᠡᠭ ᠲᠦ᠍ ᠲᠤᠯᠵᠤ ᠮᠥᠷᠭᠥᠨ ᠥᠨᠳᠥᠷ ᠡᠷᠭᠢ ᠡᠭᠦᠰᠬᠡᠵᠦ ᠡᠯ᠎ᠡ ᠭᠠᠵᠠᠷ ᠣᠷᠣᠨ ᠢ᠋ ᠴᠢᠮᠡᠭᠰᠡᠨ ᠨᠢ ᠪᠦᠷ ᠴᠦ᠍ ᠰᠦᠷ ᠰᠦᠯᠳᠡ ᠣᠷᠣᠭᠤᠯᠵᠤ᠂ ᠲᠣᠮᠣᠭᠰᠢᠨ ᠲᠠᠬᠢᠬᠤ ᠶ᠋ᠢᠨ ᠨᠢᠭᠡᠨ ᠰᠢᠯᠲᠠᠭᠠᠨ ᠪᠣᠯᠤᠭᠰᠠᠨ ᠪᠤᠶᠤ᠃ ᠲᠡᠷᠡᠬᠦ ᠡᠷᠭᠢ ᠭᠤᠷᠪᠠᠨ ᠮᠣᠳᠣ ᠬᠢᠷᠢ ᠭᠠᠵᠠᠷ ᠬᠥᠩᠬᠥᠢᠨ ᠳᠤᠭᠤᠢᠷᠠᠵᠤ᠂ ᠭᠤᠷᠪᠠ ᠠ᠋ᠴᠠ ᠳᠥᠷᠪᠡᠨ ᠠᠯᠲᠠ ᠥᠨᠳᠥᠷ ᠰᠦᠷᠲᠡᠢ ᠤᠯᠠᠭᠠᠨ ᠬᠠᠨ᠎ᠠ ᠡᠭᠦᠰᠬᠡᠵᠡᠢ᠃ ᠢᠷᠣᠭᠠᠷ ᠲᠤᠨᠢ  ᠭᠦᠨ ᠤᠰᠤ ᠡᠷᠭᠢᠯᠳᠦᠨ ᠨᠣᠭᠣᠭᠠᠷᠠᠬᠤ ᠠᠭᠠᠳ ᠲᠡᠭᠦᠨ ᠳ᠋ᠦ᠍ ᠡᠷᠭᠢ ᠶ᠋ᠢᠨ ᠤᠯᠠᠭᠠᠨ ᠬᠤᠸᠠ ᠥᠩᠭᠡ ᠲᠣᠰᠣᠨ ᠠᠶᠤᠮᠰᠢᠭ ᠲᠥᠷᠥᠭᠦᠯᠦᠨ᠎ᠡ᠃ ᠡᠨᠡ ᠭᠠᠵᠠᠷ ᠣᠷᠣᠨ ᠢ᠋ ᠬᠡᠷᠦᠯᠦᠨ ᠦ᠌ ᠬᠦᠢᠰᠦ ᠭᠡᠯᠲᠡᠢ᠃ 
       ᠶᠢᠰᠦᠭᠡᠢ ᠪᠠᠭᠠᠲᠤᠷ ᠤ᠋ᠨ ᠬᠦᠦ ᠢᠷᠡᠵᠦ ᠣᠪᠣᠭ᠎ᠠ ᠶ᠋ᠢ ᠲᠠᠬᠢᠬᠤ ᠰᠤᠷᠠᠭ ᠥᠴᠥᠭᠡᠳᠦᠷ ᠡᠴᠡ ᠣᠢᠷ᠎ᠠ ᠬᠠᠪᠢ ᠳ᠋ᠤ᠌ ᠲᠠᠷᠬᠠᠵᠤ ᠴᠤᠤᠷᠢᠶᠠᠳᠠᠨ ᠬᠥᠮᠦᠰ ᠣᠯᠠᠨ ᠢ᠋ᠶ᠋ᠠᠷ ᠴᠤᠭᠯᠠᠷᠠᠨ ᠢᠷᠡᠵᠦ ᠪᠠᠢᠪᠠ᠃ ᠲᠡᠮᠦᠵᠢᠨ ᠢ᠋ ᠳᠠᠭᠠᠵᠤ ᠶᠠᠪᠤᠭ᠎ᠠ ᠨᠥᠬᠥᠳ᠂ ᠴᠡᠷᠢᠭ ᠥᠴᠥᠭᠡᠳᠦᠷ ᠡᠨᠳᠡ ᠢᠷᠡᠵᠦ ᠪᠠᠭ᠎ᠠ ᠠᠳᠤᠭᠤ ᠲᠥᠬᠥᠭᠡᠷᠴᠦ ᠰᠢᠷᠠᠵᠤ ᠪᠣᠯᠭᠣᠭᠠᠨ᠂ ᠣᠪᠣᠭᠠᠨ ᠤ᠋ ᠡᠮᠦᠨᠡᠬᠢ ᠲᠠᠪᠴᠠᠩ ᠴᠢᠯᠠᠭᠤᠨ ᠳᠡᠭᠡᠷ᠎ᠡ ᠥᠷᠥᠵᠦ᠂ ᠨᠤᠲᠤᠭ ᠤ᠋ᠨ ᠬᠢᠨ ᠴᠦ᠍ ᠢᠳᠡᠭᠡ ᠴᠠᠭ᠎ᠠ᠂ ᠰᠢᠭᠦᠰᠦ ᠲᠠᠯᠪᠢᠵᠤ ᠣᠷᠣᠢ ᠳᠡᠭᠡᠷ᠎ᠡ ᠨᠢ ᠵᠣᠷᠢᠭᠤᠯᠵᠤ ᠡᠷᠭᠦᠭᠰᠡᠨ ᠰᠢᠳᠦᠯᠡᠩ ᠮᠣᠷᠢᠨ ᠤ᠋ ᠪᠠᠨ ᠲᠣᠯᠣᠭᠠᠢ ᠶ᠋ᠢ ᠬᠠᠨ ᠬᠡᠨᠲᠡᠢ ᠤᠷᠤᠭᠤ ᠪᠠᠨ ᠬᠠᠷᠠᠭᠤᠯᠤᠨ ᠴᠡᠴᠡᠭ ᠨᠣᠭᠣᠭ᠎ᠠ ᠪᠠᠷ ᠴᠢᠮᠡᠵᠦ ᠲᠠᠯᠪᠢᠨ ᠮᠣᠳᠣ ᠮᠥᠴᠢᠷ ᠡᠴᠡ ᠨᠢ ᠬᠠᠳᠠᠭ ᠶᠡᠨᠳᠡᠷ ᠵᠡᠭᠦᠵᠡᠢ᠃ ᠣᠪᠣᠭ᠎ᠠ ᠬᠡᠮᠡᠬᠦ ᠡᠨᠡ ᠴᠢᠯᠠᠭᠤ ᠳᠡᠷᠭᠡᠳᠡ ᠨᠢ ᠣᠴᠢᠬᠤ ᠪᠠᠷ ᠨᠡᠯᠢᠶᠡᠳ ᠥᠨᠳᠥᠷ ᠠᠭᠠᠳ ᠬᠠᠨ᠎ᠠ ᠬᠠᠵᠠᠭᠤ ᠪᠠᠷ ᠨᠢ ᠡᠯᠳᠡᠪ ᠠᠮᠢᠲᠠᠳ ᠤ᠋ᠨ ᠳᠦᠷᠰᠦ᠂ ᠲᠠᠮᠠᠭ᠎ᠠ᠂ ᠬᠥᠯ ᠲᠠᠪᠠᠬᠠᠢ ᠶ᠋ᠢᠨ ᠮᠥᠷ ᠡᠷᠢᠶᠡᠯᠵᠡᠭᠦᠯᠦᠨ ᠰᠡᠢᠯᠦᠭᠰᠡᠨ ᠨᠢ ᠨᠡᠩ ᠡᠷᠲᠡᠨ ᠦ᠌ ᠭᠡᠬᠦ ᠪᠣᠯᠠᠢ᠃ 
       ᠯᠤᠤ ᠴᠠᠭ ᠡᠬᠢᠯᠡᠬᠦ ᠰᠠᠴᠠᠭᠤ ᠪᠥᠬᠡ ᠪᠥᠬᠡᠯᠡᠵᠦ ᠢᠷᠦᠭᠡᠯ ᠮᠠᠭᠲᠠᠭᠠᠯ ᠡᠷᠭᠦᠨ᠂ ᠲᠡᠮᠦᠵᠢᠨ ᠢ᠋ᠶ᠋ᠡᠷ ᠮᠣᠷᠢᠨ ᠳ᠋ᠠᠭᠠᠨ ᠮᠣᠷᠳᠠᠨ ᠣᠪᠣᠭᠠᠨ ᠠ᠋ᠴᠠ ᠵᠡᠭᠦᠨ ᠣᠷᠣᠭᠰᠢ ᠨᠠᠯᠠᠭᠰᠠᠨ ᠨᠠᠯᠠᠤ ᠴᠢᠯᠠᠭᠤᠨ ᠳᠡᠭᠡᠷ᠎ᠡ ᠮᠣᠷᠢ ᠪᠠᠨ ᠲᠠᠰᠢᠭᠤᠷᠳᠠᠨ ᠭᠠᠷᠴᠤ ᠰᠢᠪᠰᠢᠯᠭᠡ ᠦᠢᠯᠡᠳᠪᠡ᠃ 
       ᠨᠤᠲᠤᠭ ᠤ᠋ᠨ ᠬᠥᠮᠦᠰ ᠲᠡᠮᠦᠵᠢᠨ ᠦ᠌ ᠬᠠᠵᠠᠭᠤᠳᠠ ᠣᠴᠢᠵᠤ᠂ ᠮᠣᠷᠢᠨ ᠤ᠋ ᠬᠢᠨᠢ ᠲᠤᠭᠤᠷᠠᠢ ᠶ᠋ᠢᠨ ᠮᠥᠷ ᠢ᠋ ᠰᠡᠢᠯᠵᠦ ᠦᠯᠡᠳᠡᠭᠡᠨ᠎ᠡ ᠭᠡᠮᠡᠨ ᠮᠣᠷᠢᠨ ᠤ᠋ ᠬᠢᠨᠢ ᠲᠤᠭᠤᠷᠠᠢ ᠶ᠋ᠢ ᠲᠣᠭᠣᠷᠢᠭᠤᠯᠤᠨ ᠵᠢᠷᠤᠵᠤ ᠠᠪᠤᠪᠠ᠃ 
       ᠣᠪᠣᠭ᠎ᠠ ᠶ᠋ᠢ ᠲᠣᠭᠣᠷᠢᠵᠤ ᠬᠤᠷᠠᠨ ᠴᠤᠭᠯᠠᠷᠠᠭᠰᠠᠳ ᠮᠥᠷᠭᠥᠯ ᠦᠢᠯᠡᠳᠦᠨ ᠪᠤᠵᠢᠭᠢᠨᠠᠵᠤ᠂ ᠳᠠᠭᠤᠯᠠᠯᠳᠤᠨ᠂ ᠨᠤᠲᠤᠭ ᠤ᠋ᠨ ᠠᠷᠪᠠᠨ ᠵᠢᠷᠭᠤᠭᠠᠨ ᠵᠠᠯᠠᠭᠤᠰ ᠪᠠᠷᠢᠯᠳᠤᠵᠤ᠂ ᠰᠣᠶᠣᠭᠠᠯᠠᠩ ᠨᠠᠰᠤᠨ ᠤ᠋ ᠶᠢᠰᠦᠨ ᠮᠣᠷᠢ ᠣᠢᠷᠠᠬᠠᠨ ᠵᠠᠢ ᠳ᠋ᠤ᠌ ᠤᠷᠤᠯᠳᠤᠵᠤ ᠪᠢᠴᠢᠬᠠᠨ ᠨᠠᠭᠠᠳᠤᠮ ᠪᠣᠯᠤᠯ᠎ᠠ᠃ ᠨᠠᠭᠠᠳᠤᠮ ᠤ᠋ᠨ ᠳᠠᠷᠠᠭ᠎ᠠ ᠢᠳᠡᠭᠡ ᠴᠠᠭ᠎ᠠ ᠰᠢᠭᠦᠰᠦ ᠪᠡᠨ ᠬᠥᠮᠦᠨ ᠪᠦᠷᠢ ᠳ᠋ᠦ᠍ ᠬᠤᠪᠢᠶᠠᠨ ᠢᠳᠡᠵᠦ ᠤᠤᠭᠤᠵᠤ᠂ ᠬᠤᠷᠠᠨ  ᠴᠤᠭᠯᠠᠷᠠᠭᠰᠠᠳ ᠣᠪᠣᠭ᠎ᠠ ᠲᠠᠬᠢᠯᠭ᠎ᠠ ᠶ᠋ᠢᠨ ᠬᠡᠰᠢᠭ ᠭᠡᠷ ᠣᠷᠣᠨ ᠳ᠋ᠠᠭᠠᠨ ᠬᠦᠷᠲᠡᠭᠡᠬᠦ ᠪᠡᠷ ᠨᠠᠨᠳᠢᠩᠨᠠᠨ ᠠᠪᠴᠤ ᠶᠠᠪᠤᠪᠠ᠃ ᠡᠨᠡ ᠶᠣᠰᠣᠯᠠᠯ ᠦᠳᠡ ᠥᠩᠭᠡᠷᠡᠨ ᠳᠠᠭᠤᠰᠴᠤ ᠬᠥᠮᠦᠨ ᠪᠦᠬᠦᠨ ᠵᠣᠷᠢᠭᠰᠠᠨ ᠵᠦᠭ ᠲᠡᠭᠡᠨ ᠬᠠᠨᠳᠤᠭᠰᠠᠨ ᠪᠥᠯᠥᠭᠡ᠃