ᠨᠢᠳᠦᠨ ᠬᠠᠢᠷ᠎ᠠ -ᠨᠠᠢᠳᠠᠨᠳᠣᠷᠵᠢ ᠤᠷᠠᠨᠵᠠᠶᠠᠭ᠎ᠠNuden hair-Naidandorj Uranzaya Нүдэн хайр Найдандорж Уранзаяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠳᠦᠨ ᠬᠠᠢᠷ᠎ᠠ -ᠨᠠᠢᠳᠠᠨᠳᠣᠷᠵᠢ ᠤᠷᠠᠨᠵᠠᠶᠠᠭ᠎ᠠNuden hair-Naidandorj Uranzaya Нүдэн хайр Найдандорж Уранзаяа

ᠨᠢᠳᠦᠨ ᠬᠠᠢᠷ᠎ᠠ -ᠨᠠᠢᠳᠠᠨᠳᠣᠷᠵᠢ ᠤᠷᠠᠨᠵᠠᠶᠠᠭ᠎ᠠNuden hair-Naidandorj Uranzaya Нүдэн хайр Найдандорж Уранзаяа

ᠠᠩᠭᠢᠯᠠᠯ:ᠳᠠᠭᠤᠤ ᠬᠥᠭᠵᠢᠮ
2026-03-17

1380

ᠨᠢᠳᠦᠨ ᠬᠠᠢᠷ᠎ᠠ


        ᠦᠭᠡ᠄ ᠶ᠂ ᠪᠠᠳᠮᠠᠰᠥ᠋ᠷᠦᠩ 
        ᠠᠶ᠎ᠠ᠄ ᠴ᠂ ᠳᠠᠰᠢᠵᠡᠪᠡᠭ 
        ᠳᠠᠭᠤᠴᠢᠨ᠄ ᠨᠠᠢᠳᠠᠨᠳᠣᠷᠵᠢ᠂ ᠤᠷᠠᠨᠵᠠᠶᠠᠭ᠎ᠠ 

 ᠬᠠᠢᠷ᠎ᠠ  ᠶ᠋ᠢᠨ ᠲᠩᠷᠢ ᠬᠤᠨ  ᠢ᠋ᠶ᠋ᠠᠷ ᠴᠡᠩᠭᠡᠯᠲᠡᠢ 
 ᠶᠠᠮᠠᠷᠬᠠᠨ ᠳᠠᠭᠤᠤ ᠠᠶᠠᠯᠵᠤ ᠬᠣᠣᠰ ᠬᠣᠣᠰ  ᠢ᠋ᠶ᠋ᠠᠷ  ᠢ᠋ᠶ᠋ᠠᠨ ᠨᠢᠰᠦᠨ᠎ᠡ ᠪᠣᠢ 
 ᠢᠯᠳᠠᠮᠬᠠᠨ ᠬᠣᠩᠭᠣᠷ ᠬᠠᠨᠢ ᠮᠢᠨᠢ ᠴᠢᠮ᠎ᠠ  ᠪᠠᠨ 
 ᠬᠡᠨ  ᠢ᠋ ᠴᠦ᠍ ᠬᠠᠢᠷᠠᠯᠠᠭ᠎ᠠ ᠦᠭᠡᠢ ᠬᠠᠢᠷ᠎ᠠ  ᠪᠠᠷ ᠳᠠᠭᠤᠯᠠᠨ ᠵᠢᠷᠭᠠᠶ᠎ᠠ ᠳ᠋ᠠ 

 ᠵᠢᠷᠭᠠᠯ ᠮᠢᠨᠢ᠂ ᠵᠢᠷᠭᠠᠯ ᠮᠢᠨᠢ 
 ᠴᠢ ᠮᠢᠨᠦ ᠬᠠᠢᠷ᠎ᠠ ᠰᠢᠦ ᠳ᠋ᠠ 
 ᠨᠢᠳᠦᠨ ᠨᠢᠳᠦᠨ ᠨᠢᠳᠦᠨ ᠬᠠᠢᠷ᠎ᠠ ᠰᠢᠦ ᠳ᠋ᠠ 

 ᠬᠠᠪᠤᠷ  ᠤ᠋ᠨ ᠨᠠᠪᠴᠢᠰ ᠨᠣᠭᠣᠭᠠᠷᠠᠨ ᠣᠷᠭᠣᠭᠠᠳ
 ᠨᠠᠮ᠎ᠠ ᠶ᠋ᠢ ᠴᠢᠮ᠎ᠠ ᠳ᠋ᠤ᠌ ᠳᠤᠷᠠᠯᠠᠭᠰᠠᠨ ᠢ᠋ ᠬᠡᠨ ᠬᠡᠯᠡᠭᠰᠡᠨ ᠪᠣᠢ
 ᠴᠢᠮ᠎ᠠ  ᠲᠠᠢ  ᠪᠠᠨ ᠬᠠᠮᠲᠤ ᠳᠠᠭᠤᠯᠠᠭᠰᠠᠨ ᠨᠠᠨᠳᠢᠨ ᠠᠶᠠᠯᠭᠤ
 ᠬᠠᠨᠢ  ᠶ᠋ᠢᠨ ᠢᠷᠦᠭᠡᠯ  ᠲᠡᠢ ᠶᠤᠮ ᠰᠢᠦ ᠳᠠᠭᠤᠨ  ᠤ᠋ ᠬᠣᠷᠸ᠎ᠠ

 ᠵᠢᠷᠭᠠᠯ ᠮᠢᠨᠢ᠂ ᠵᠢᠷᠭᠠᠯ ᠮᠢᠨᠢ
 ᠴᠢ ᠮᠢᠨᠦ ᠬᠠᠢᠷ᠎ᠠ ᠰᠢᠦ ᠳ᠋ᠠ 
 ᠨᠢᠳᠦᠨ ᠨᠢᠳᠦᠨ ᠨᠢᠳᠦᠨ ᠬᠠᠢᠷ᠎ᠠ ᠰᠢᠦ ᠳ᠋ᠠ 

 ᠨᠠᠮᠤᠷ  ᠤ᠋ᠨ ᠨᠠᠪᠴᠢᠰ ᠬᠢᠵᠠᠭᠠᠷ ᠦᠭᠡᠢ ᠰᠢᠷᠭᠠᠯᠲᠤᠭᠠᠳ
 ᠨᠠᠮ᠎ᠠ ᠶ᠋ᠢ ᠴᠢᠮ᠎ᠠ  ᠳ᠋ᠤ᠌ ᠳᠤᠷᠠᠯᠠᠭᠰᠠᠨ  ᠢ᠋ ᠬᠡᠨ ᠬᠡᠯᠡᠭᠰᠡᠨ ᠶᠤᠮ ᠪᠣᠢ
 ᠨᠠᠷᠠ ᠨᠠᠷᠠ  ᠶ᠋ᠢ ᠳᠠᠭᠠᠭᠤᠯᠵᠤ ᠨᠢᠰᠳᠡᠭ ᠰᠢᠪᠠᠭᠤᠳ
 ᠨᠠᠮ᠎ᠠ ᠶ᠋ᠢ ᠵᠢᠷᠭᠠᠭᠠᠭᠰᠠᠨ ᠶᠤᠮ ᠰᠢᠦ ᠳᠤᠷᠠᠯᠠᠯᠲᠤ ᠬᠣᠷᠸ᠎ᠠ

 ᠵᠢᠷᠭᠠᠯ ᠮᠢᠨᠢ᠂ ᠵᠢᠷᠭᠠᠯ ᠮᠢᠨᠢ
 ᠴᠢ ᠮᠢᠨᠦ ᠬᠠᠢᠷ᠎ᠠ ᠰᠢᠦ ᠳ᠋ᠠ 
 ᠨᠢᠳᠦᠨ ᠨᠢᠳᠦᠨ ᠨᠢᠳᠦᠨ ᠬᠠᠢᠷ᠎ᠠ ᠰᠢᠦ ᠳ᠋ᠠ 
           ᠳᠠᠬᠢᠯᠲᠠ

      ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ