ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠬᠣᠶᠠᠷ〕 Цаг төрийн үймээн – Д ᠂ Намдаг - Цаг төрийн үймээн ᠂ гуравдугаар бүлэг - 22 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠬᠣᠶᠠᠷ〕 Цаг төрийн үймээн – Д ᠂ Намдаг - Цаг төрийн үймээн ᠂ гуравдугаар бүлэг - 22

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠭᠤᠷᠪᠠᠳᠤᠭᠠᠷ ᠪᠦᠯᠦᠭ 〔ᠬᠣᠷᠢᠨ ᠬᠣᠶᠠᠷ〕 Цаг төрийн үймээн – Д ᠂ Намдаг - Цаг төрийн үймээн ᠂ гуравдугаар бүлэг - 22

ᠠᠩᠭᠢᠯᠠᠯ:ᠲᠤᠭᠤᠵᠢ ᠷᠣᠮᠠᠨ
2026-03-17

61

ᠳᠠᠢᠰᠤᠨ ᠤ᠋ ᠰᠢᠪᠲᠤᠷᠠᠭ᠎ᠠ

  
       ᠳᠠᠢᠰᠤᠨ ᠭᠣᠣᠵᠣᠣ ᠪᠠᠭᠠᠲᠤᠷ ᠠ᠋ᠴᠠ ᠬᠠᠭᠠᠴᠠᠭᠰᠠᠨ ᠤ᠋ ᠪᠠᠨ ᠳᠠᠷᠠᠭ᠎ᠠ ᠡᠪᠲᠦ ᠨᠥᠬᠥᠳ ᠦ᠋ᠨ ᠶᠣᠰᠣᠭᠠᠷ ᠪᠡᠶ᠎ᠡ ᠪᠡᠶ᠎ᠡ ᠪᠡᠨ ᠡᠷᠢᠨ ᠴᠤᠭᠯᠠᠷᠠᠵᠠᠢ᠃ ᠭᠡᠪᠡᠴᠦ ᠬᠣᠢᠰᠢᠳᠠ ᠶ᠋ᠢᠨ ᠬᠡᠷᠡᠭ ᠢ᠋ ᠬᠡᠷᠬᠢᠬᠦ ᠳᠡᠭᠡᠷ᠎ᠡ ᠡᠪᠳᠡᠷᠡᠯᠴᠡᠵᠦ ᠡᠬᠢᠯᠡᠪᠡ᠃ ᠨᠢᠭᠡ ᠨᠢ ᠡᠬᠢᠯᠡᠭᠡᠳ᠄ 
       — ᠣᠳᠣ ᠪᠢᠳᠡ ᠶᠠᠭᠠᠬᠢᠶ᠎ᠠ ᠭᠡᠬᠦ ᠪᠣᠢ᠂ ᠥᠪᠥᠷ ᠮᠣᠩᠭᠣᠯ ᠣᠷᠣᠬᠤ ᠭᠡᠰᠡᠨ ᠢ᠋ᠶ᠋ᠡᠷ ᠢ᠋ᠶ᠋ᠡᠨ ᠰᠢᠭᠤᠳ ᠣᠷᠣᠶ᠎ᠠ ᠭᠡᠬᠦ ᠳ᠋ᠦ᠍ ᠬᠠᠵᠠᠭᠤ ᠠ᠋ᠴᠠ ᠨᠢ ᠨᠢᠭᠡ ᠨᠢ᠄ 
       — ᠲᠡᠷᠡ ᠳᠡᠮᠡᠢ᠂ ᠭᠣᠣᠵᠣᠣ ᠪᠠᠭᠠᠲᠤᠷ ᠨᠢᠭᠡᠨᠲᠡ ᠥᠩᠭᠡᠷᠡᠭᠰᠡᠨ ᠡᠴᠡ ᠬᠣᠢᠰᠢ ᠪᠢᠳᠡᠨ ᠳ᠋ᠦ᠍ ᠲᠡᠷᠡ ᠬᠥᠮᠦᠨ ᠦ᠌ ᠭᠠᠵᠠᠷ ᠶᠠᠪᠤᠭᠰᠠᠨ ᠴᠦ᠍ ᠥᠯᠵᠡᠢ ᠪᠣᠯᠬᠤ ᠦᠭᠡᠢ᠂ ᠵᠦᠭᠡᠷ ᠪᠠᠭᠤᠵᠤ ᠥᠭᠭᠦᠶ᠎ᠡ᠃ 
       — ᠪᠠᠭᠤᠵᠤ ᠥᠭᠬᠦ ᠶ᠋ᠢ? ᠭᠡᠵᠦ ᠭᠤᠷᠪᠠᠳᠠᠬᠢ ᠡᠲᠡᠭᠡᠳ ᠵᠠᠨᠤᠯᠬᠢᠯᠠᠨ ᠠᠭᠤᠷᠯᠠᠵᠤ᠄ 
       — ᠪᠢᠳᠡᠨ ᠦ᠌ ᠲᠣᠭ᠎ᠠ ᠠᠷᠪᠠ᠂ ᠬᠥᠭᠡᠭᠡᠭᠰᠡᠳ ᠳᠣᠯᠣᠭ᠎ᠠ ᠨᠠᠢ᠍ᠮᠠ ᠠ᠋ᠴᠠ ᠬᠡᠲᠦᠷᠡᠬᠦ ᠦᠭᠡᠢ ᠪᠠᠢᠬᠤ ᠳ᠋ᠤ᠌ ᠪᠠᠭᠤᠵᠤ ᠥᠭᠬᠦ ᠨᠢ ᠶᠠᠭᠤᠲᠠᠢ ᠰᠢᠪᠰᠢᠭᠲᠡᠢ ᠬᠡᠷᠡᠭ ᠪᠣᠢ? 
       — ᠦᠭᠡᠢ᠂ ᠦᠭᠡᠢ ᠪᠢᠳᠡ ᠭᠣᠣᠵᠣᠣ ᠪᠠᠭᠠᠲᠤᠷ ᠤ᠋ᠨ ᠪᠠᠢᠬᠤ ᠳ᠋ᠤ᠌ ᠠᠷᠪᠠ ᠪᠠᠢᠭᠰᠠᠨ᠂ ᠣᠳᠣ ᠶᠢᠰᠦᠭᠦᠯᠡ ᠭᠡᠵᠦ ᠪᠠᠰᠠ ᠨᠢᠭᠡᠨ ᠦ᠌ ᠪᠡᠨ ᠬᠡᠯᠡᠬᠦ ᠳ᠋ᠦ᠍᠂ ᠥᠭᠡᠷ᠎ᠡ ᠨᠢᠭᠡ ᠨᠢ᠂ 
       — ᠦᠭᠡᠢ᠂ ᠲᠠ ᠮᠢᠨᠢ ᠬᠥᠮᠦᠨ ᠦ᠌ ᠲᠣᠭ᠎ᠠ ᠶᠠᠭᠤᠨ ᠤ᠋ ᠬᠠᠮᠢᠶ᠎ᠠ᠂ ᠡᠭᠦᠨ ᠦ᠌ ᠣᠷᠣᠨ ᠳ᠋ᠤ᠌ ᠮᠠᠨ ᠤ᠋ ᠶᠠᠪᠤᠳᠠᠯ ᠳᠡᠭᠡᠷ᠎ᠡ ᠡᠴᠡ ᠪᠡᠨ ᠳᠣᠣᠷ᠎ᠠ ᠪᠠᠨ ᠬᠦᠷᠲᠡᠯ᠎ᠡ ᠨᠤᠷᠠᠭᠰᠠᠨ ᠢ᠋ ᠪᠤᠳᠤᠵᠠᠭᠠᠶ᠎ᠠ᠃ 
       — ᠲᠡᠭᠡᠭᠡᠳ ᠶᠠᠭᠠᠬᠢᠬᠤ ᠭᠡᠵᠢ? 
       — ᠶᠠᠭᠠᠬᠢᠬᠤ ᠶᠠᠭᠤ ᠪᠠᠢᠬᠤ ᠪᠣᠢ᠂ ᠵᠦᠭᠡᠷ ᠡᠨᠳᠡᠴᠡ ᠪᠡᠨ ᠵᠦᠭ ᠵᠦᠭ ᠤᠷᠤᠭᠤ ᠪᠠᠨ ᠳᠠᠷᠬᠠᠨ ᠭᠡᠷ ᠣᠷᠣᠨ ᠢ᠋ᠶ᠋ᠠᠨ ᠪᠠᠷᠠᠳᠠᠶ᠎ᠠ᠃ 
       ᠡᠢᠨᠬᠦ ᠭᠤᠷᠪᠠᠨ ᠰᠠᠨᠠᠯ ᠭᠠᠷᠤᠨ᠂ ᠭᠤᠷᠪᠠᠨ ᠲᠠᠢᠰᠢ ᠵᠢᠳᠬᠦᠨ ᠲᠡᠮᠡᠴᠡᠯᠳᠦᠬᠦ ᠳ᠋ᠦ᠍ ᠬᠦᠷᠦᠭᠰᠡᠨ ᠪᠥᠭᠡᠳ ᠪᠠᠭᠤᠵᠤ ᠥᠭᠬᠦ ᠶ᠋ᠢ ᠬᠦᠰᠡᠬᠦ ᠨᠢ ᠭᠠᠭᠴᠠᠬᠠᠨ᠃ 
       — ᠵᠠ ᠲᠠ ᠨᠠᠷ ᠶᠠᠭᠠᠬᠢᠳᠠᠭ ᠯᠠ ᠰᠠᠨᠵᠢ ᠳᠤᠷ᠎ᠠ ᠪᠠᠷ ᠢ᠋ᠶ᠋ᠠᠨ ᠪᠣᠯ! ᠪᠢ ᠯᠡ ᠪᠠᠭᠤᠵᠤ ᠥᠭᠭᠦᠨ ᠠᠵᠠ ᠪᠠᠨ ᠦᠵᠡᠨ᠎ᠡ ᠭᠡᠳ ᠪᠣᠰᠬᠤ ᠳ᠋ᠤᠨᠢ ᠳᠡᠭᠡᠷᠡᠬᠢ ᠨᠢ 
       — ᠪᠢ ᠴᠦ᠍᠁ ᠭᠡᠳ ᠥᠨᠳᠡᠰᠬᠢᠪᠡ᠃  
       ᠡᠨᠡ ᠳᠠᠷᠤᠢ ᠫᠤᠤ ᠲᠡᠰᠬᠢᠨ ᠳᠤᠤᠭᠠᠷᠴᠤ ᠲᠦᠷᠦᠭᠦᠴᠢ ᠶ᠋ᠢᠨ ᠬᠥᠮᠦᠨ ᠭᠠᠵᠠᠷ ᠤᠨᠠᠪᠠ᠃ ᠵᠡᠭᠦᠨ ᠠᠢᠮᠠᠭ ᠰᠠᠩ ᠪᠡᠢᠰᠡ ᠶ᠋ᠢᠨ ᠬᠤᠰᠢᠭᠤᠨ ᠤ᠋ ᠳᠡᠴᠢᠨ ᠭᠡᠭᠴᠢ ᠫᠤᠤᠳᠠᠵᠠᠢ᠃ ᠡᠨᠡ ᠡᠷ᠎ᠡ ᠨᠠᠰᠤ ᠵᠠᠯᠠᠭᠤ ᠪᠠᠷᠤᠨ ᠤᠩᠭᠸᠷᠡᠨ ᠦ᠌ ᠴᠡᠷᠢᠭ ᠲᠦ᠍ ᠲᠠᠲᠠᠭᠳᠠᠭᠰᠠᠨ ᠡᠳᠦᠷ ᠡᠴᠡ ᠪᠡᠨ ᠡᠬᠢᠯᠡᠨ ᠬᠠᠮᠢᠭ᠎ᠠ ᠶᠠᠪᠤᠭᠰᠠᠨ ᠭᠠᠵᠠᠷ ᠫᠤᠤ ᠶ᠋ᠢᠨ ᠵᠠᠮᠤᠭ ᠲᠠᠴᠢᠭᠢᠨᠠᠭᠤᠯᠤᠨ ᠠᠮᠢᠳᠤ ᠬᠥᠮᠦᠨ ᠢ᠋ ᠳᠡᠭᠡᠷᠡᠮᠳᠡᠵᠦ᠂ ᠬᠠᠵᠠᠭᠤ ᠶ᠋ᠢᠨ ᠢ᠋ᠶ᠋ᠡᠨ ᠬᠥᠮᠦᠰ ᠲᠦ᠍ ᠪᠠᠭᠠᠲᠤᠷ ᠵᠣᠷᠢᠭᠲᠠᠨ ᠭᠡᠵᠦ ᠠᠯᠳᠠᠷᠰᠢᠭᠠᠳ᠂ ᠥᠪᠡᠷ ᠢ᠋ ᠪᠡᠨ ᠴᠦ᠍ ᠨᠡᠭᠡᠷᠡᠨ ᠰᠦᠷᠡᠬᠡᠢ ᠡᠷ᠎ᠡ ᠪᠣᠯᠭᠠᠵᠤ ᠡᠯᠳᠡᠪ ᠠᠶᠤᠮᠰᠢᠭ ᠢ᠋ ᠰᠢᠳᠦ ᠬᠠᠪᠢᠷᠤᠨ ᠬᠥᠮᠥᠭᠡᠢ ᠵᠠᠭᠤᠨ ᠬᠢ ᠬᠢᠭᠰᠡᠭᠡᠷ ᠬᠥᠮᠦᠨ ᠲᠥᠷᠬᠦ ᠪᠡᠨ ᠠᠯᠳᠠᠭᠰᠠᠨ ᠡᠷ᠎ᠡ ᠪᠠᠢᠵᠠᠢ᠃ ᠰᠠᠶᠢ ᠶ᠋ᠢᠨ ᠢ᠋ᠶ᠋ᠡᠨ ᠫᠤᠤᠳᠠᠭᠰᠠᠨ ᠰᠤᠮᠤᠨ ᠤ᠋ ᠬᠣᠩᠬᠢᠶ᠎ᠠ ᠶ᠋ᠢ ᠵᠠᠮᠤᠭ ᠲᠡᠳᠡᠨ ᠬᠠᠶᠠᠵᠤ᠂ ᠬᠣᠶᠠᠳᠠᠬᠢ ᠪᠠᠨ ᠴᠡᠨᠡᠭᠯᠡᠪᠡ᠃ 
       — ᠪᠠᠰᠠ ᠬᠡᠨ ᠪᠠᠭᠤᠵᠤ ᠥᠭᠬᠦ ᠭᠡᠵᠦ ᠪᠠᠢᠨ᠎ᠠ ᠪᠣᠢ? ᠭᠡᠵᠦ ᠳᠠᠪᠰᠢᠯᠠᠨ ᠬᠠᠰᠬᠢᠷᠪᠠ᠃ 
       ᠣᠳᠣ ᠪᠣᠯᠬᠣᠷ ᠬᠠᠷᠢᠭᠤ ᠠᠯᠠᠭ᠎ᠠ᠃ ᠢᠩᠭᠢᠭᠡᠳ ᠲᠡᠷᠡ ᠳᠡᠴᠢᠨ ᠥᠪᠡᠷ ᠢ᠋ᠶ᠋ᠡᠨ ᠥᠪᠡᠷ ᠢ᠋ ᠪᠡᠨ ᠳᠠᠷᠤᠭ᠎ᠠ ᠪᠣᠯᠭᠠᠵᠤ ᠠᠪᠴᠠᠢ᠃ 
       ᠪᠢᠳᠡ ᠬᠡᠳᠦᠢᠪᠡᠷ ᠳᠡᠢᠯᠦᠭᠳᠡᠨ ᠵᠢᠭᠤᠲᠠᠵᠤ ᠶᠠᠪᠤᠭ᠎ᠠ ᠪᠣᠯᠪᠠᠴᠤ ᠡᠷᠭᠢᠨ ᠲᠤᠯᠤᠯᠳᠤᠬᠤ ᠳ᠋ᠤ᠌ ᠤᠨᠤᠬᠤ ᠮᠣᠷᠢᠳ᠂ ᠪᠠᠷᠢᠬᠤ ᠵᠡᠪᠰᠡᠭ ᠪᠡᠯᠡᠨ᠃ ᠲᠡᠷᠡ ᠪᠠᠢᠲᠤᠭᠠᠢ ᠨᠤᠲᠤᠭ ᠤ᠋ᠨ ᠬᠥᠮᠦᠰ ᠢ᠋ ᠳᠠᠢᠴᠢᠯᠠᠨ ᠪᠡᠷᠢᠯᠡᠵᠦ᠂ ᠬᠠᠨᠢ ᠨᠥᠬᠥᠳ ᠣᠯᠠᠨ ᠲᠠᠢ ᠴᠦ᠍ ᠪᠣᠯᠵᠤ ᠪᠣᠯᠤᠨ᠎ᠠ ᠭᠡᠬᠦ ᠳ᠋ᠦ᠍ᠨᠢ ᠬᠡᠨ ᠴᠦ᠍ ᠳᠤᠤᠭᠠᠷᠤᠭᠰᠠᠨ ᠦᠭᠡᠢ᠃《ᠡᠨᠡ ᠰᠠᠭᠰᠠᠭᠤ ᠶᠠᠮᠠᠷ ᠶᠠᠭᠤᠮ᠎ᠠ ᠪᠠᠨ ᠳᠣᠩᠭᠣᠳᠤᠨ᠎ᠠ ᠪᠣᠢ》 ᠭᠡᠵᠦ ᠲᠤᠰ ᠪᠦᠷᠢ ᠪᠡᠨ ᠪᠣᠳᠣᠨ ᠪᠡᠶ᠎ᠡ ᠪᠡᠶ᠎ᠡ ᠪᠡᠨ ᠰᠢᠷᠲᠡᠭᠡᠳ ᠡᠴᠦᠰ ᠲᠦ᠋ᠨᠢ《ᠲᠡᠢᠮᠦ ᠠ᠋ ᠡᠨᠡ ᠴᠦ᠍ ᠬᠠᠷᠢᠨ ᠴᠢᠨᠦ ᠳᠣᠯᠣᠭᠠᠨ ᠵᠥᠪ!》 ᠭᠡᠰᠡᠨ ᠳ᠋ᠦ᠍ ᠪᠤᠰᠤᠳ ᠨᠢ ᠳᠠᠭᠠᠯᠳᠤᠨ《ᠲᠡᠢᠮᠦ᠂ ᠴᠢᠨᠦ ᠵᠥᠪ!》 ᠭᠡᠵᠡᠭᠡᠵᠠᠢ᠃ 
       ᠢᠩᠭᠢᠭᠰᠡᠨ ᠢ᠋ᠶ᠋ᠡᠷ ᠢ᠋ᠶ᠋ᠡᠨ ᠲᠡᠳᠡ ᠲᠡᠷᠡ ᠳᠡᠴᠢᠨ ᠢ᠋ ᠪᠦᠷ ᠲᠣᠯᠣᠭᠠᠢ ᠳᠡᠭᠡᠷ᠎ᠡ ᠪᠡᠨ ᠭᠠᠷᠭᠠᠵᠠᠢ᠃《ᠪᠣᠰᠤᠭᠠᠳ!》 ᠭᠡᠬᠦ ᠳ᠋ᠦ᠍ᠨᠢ ᠲᠡᠷᠡᠬᠡᠨ ᠪᠣᠰᠴᠠᠭᠠᠨ᠎ᠠ᠃《ᠮᠣᠷᠢᠨ ᠳ᠋ᠠᠭᠠᠨ ᠮᠣᠷᠳᠠᠭᠠᠳ!》 ᠭᠡᠵᠦ ᠬᠠᠰᠬᠢᠷᠬᠤ ᠳ᠋ᠤᠨᠢ ᠮᠥᠨ ᠯᠡ ᠦᠭᠡ ᠳᠠᠭᠤ ᠦᠭᠡᠢ ᠮᠣᠷᠳᠠᠨ᠂ ᠡᠷᠭᠢᠨ ᠲᠤᠯᠤᠯᠳᠤᠬᠤ ᠵᠠᠮ ᠳ᠋ᠤ᠌ ᠣᠷᠣᠪᠠ᠃ ᠳᠡᠴᠢᠨ ᠦ᠌ ᠰᠡᠳᠬᠢᠯ ᠳ᠋ᠦ᠍ ᠢᠯᠠᠨ ᠳᠡᠢᠯᠬᠦ ᠪᠠ ᠬᠥᠮᠦᠰ ᠢ᠋ ᠳᠠᠢᠴᠢᠯᠠᠨ ᠲᠠᠲᠠᠵᠤ ᠦᠢ ᠣᠯᠠᠨ ᠪᠣᠯᠭᠠᠬᠤ ᠲᠡᠭᠡᠭᠡᠳ ᠬᠦᠷᠢᠶ᠎ᠡ ᠶ᠋ᠢ ᠡᠵᠡᠯᠡᠬᠦ᠂ ᠴᠠᠭᠠᠰᠢ ᠪᠦᠬᠦ ᠬᠠᠯᠬ᠎ᠠ ᠶ᠋ᠢ ᠭᠠᠷ ᠲᠠᠭᠠᠨ ᠠᠪᠤᠨ ᠰᠢᠨ᠎ᠡ ᠤᠯᠤᠰ᠂ ᠰᠢᠨ᠎ᠡ ᠣᠷᠣᠨ ᠢ᠋ ᠪᠠᠢᠭᠤᠯᠤᠨ ᠲᠣᠭᠲᠠᠭᠠᠬᠤ ᠲᠤᠬᠠᠢ ᠶ᠋ᠢᠨ ᠭᠠᠢᠬᠠᠮᠰᠢᠭᠲᠤ ᠲᠥᠯᠥᠪᠯᠡᠭᠡ ᠨᠦ᠍ᠭᠦᠳ ᠤᠳᠠᠭ᠎ᠠ ᠳᠠᠷᠠᠭᠠᠯᠠᠨ ᠣᠷᠣᠵᠤ ᠢᠷᠡᠨ ᠤᠷᠮ᠎ᠠ ᠵᠣᠷᠢᠭ ᠪᠠᠳᠠᠷᠠᠬᠤ ᠠᠵᠢ᠃ ᠠᠷᠤ ᠳ᠋ᠤᠨᠢ ᠶᠠᠪᠤᠭ᠎ᠠ ᠬᠥᠮᠦᠰ ᠲᠦ᠍᠂ ᠬᠠᠮᠢᠭ᠎ᠠ ᠪᠣᠯ ᠬᠠᠮᠢᠭ᠎ᠠ ᠬᠠᠪᠴᠢᠭᠳᠠᠨ ᠵᠢᠭᠰᠢᠭᠳᠡᠬᠦ ᠡᠴᠡ ᠥᠭᠡᠷ᠎ᠡ ᠶᠠᠭᠤᠮ᠎ᠠ ᠦᠭᠡᠢ ᠪᠣᠯᠤᠭᠰᠠᠨ ᠪᠡᠶᠡᠰ ᠢ᠋ ᠬᠡᠷᠬᠢᠬᠦ ᠪᠢᠯᠡ? ᠭᠡᠬᠦ ᠡᠴᠡ ᠥᠭᠡᠷ᠎ᠡ ᠵᠦᠢᠯ ᠠᠯᠠᠭ᠎ᠠ᠃ ᠭᠡᠪᠡᠴᠦ ᠪᠡᠶ᠎ᠡ ᠪᠡᠶ᠎ᠡ ᠪᠡᠨ ᠢᠳᠡᠭᠡᠨ ᠦᠭᠡ ᠬᠡᠯᠡ ᠠᠪᠤᠯᠴᠠᠬᠤ ᠶ᠋ᠢᠨ ᠣᠷᠣᠨ ᠳ᠋ᠤ᠌ ᠬᠠᠷᠠᠳᠠᠨ ᠰᠡᠵᠢᠭᠯᠡᠬᠦ ᠪᠥᠭᠡᠳ ᠶᠡᠷᠦ ᠲᠡᠭᠡᠬᠦ ᠶ᠋ᠢᠨ ᠬᠦᠴᠦᠨ ᠳ᠋ᠦ᠍ ᠠᠮᠢ ᠪᠡᠶ᠎ᠡ ᠪᠡᠨ ᠲᠡᠭᠡᠭᠡᠵᠦ ᠶᠠᠪᠤᠭᠠᠳ ᠪᠣᠳᠣᠨ᠎ᠠ᠃ ᠭᠡᠲᠡᠯ᠎ᠡ ᠳᠡᠴᠢᠨ ᠳᠠᠢᠰᠤᠨ ᠤ᠋ ᠪᠠᠷ᠎ᠠ ᠬᠠᠷᠠᠮᠠᠭᠴᠠ ᠬᠥᠮᠦᠰ ᠢ᠋ᠶ᠋ᠡᠨ ᠳᠠᠷᠤᠢ ᠳᠠᠷᠬᠠᠨ ᠲᠤᠯᠤᠯᠳᠤᠬᠤ ᠶ᠋ᠢ ᠥᠨᠳᠥᠷ ᠳᠠᠭᠤ ᠪᠠᠷ ᠰᠦᠷ ᠪᠠᠳᠠᠷᠠᠭᠤᠯᠤᠨ ᠥᠭᠪᠡ᠃ ᠲᠡᠷᠡ ᠨᠢ ᠥᠪᠡᠷ ᠲᠤᠨᠢ ᠮᠠᠰᠢ ᠲᠠᠭᠠᠯᠠᠮᠵᠢᠲᠠᠢ ᠪᠠᠢᠭᠰᠠᠨ ᠪᠥᠭᠡᠳ ᠠᠷᠤ ᠶ᠋ᠢᠨ ᠢ᠋ᠶ᠋ᠡᠨ ᠨᠢᠭᠡ ᠬᠥᠮᠦᠨ ᠳ᠋ᠦ᠍ ᠮᠣᠷᠢ ᠪᠠᠨ ᠪᠠᠷᠢᠭᠤᠯᠤᠨ ᠦᠯᠡᠳᠡᠭᠡᠵᠦ ᠤᠷᠤᠭᠰᠢ ᠳᠠᠪᠰᠢᠨ ᠬᠡᠳᠦᠨ ᠰᠤᠮᠤ ᠲᠠᠯᠪᠢᠬᠤ ᠳ᠋ᠤ᠌ ᠬᠥᠮᠦᠰ ᠨᠢ ᠴᠦ᠍ ᠮᠥᠨ ᠡᠨᠳᠡ ᠲᠡᠨᠳᠡ ᠲᠠᠷᠬᠠᠭᠰᠠᠭᠠᠷ ᠫᠤᠤ ᠳᠤᠤᠭᠠᠷᠴᠤ ᠪᠠᠢᠵᠠᠢ᠃ ᠶᠡᠬᠡ ᠦᠢᠯᠡ ᠶ᠋ᠢᠨ ᠵᠠᠬ᠎ᠠ ᠰᠡᠵᠢᠭᠦᠷ ᠢ᠋ ᠳᠡᠴᠢᠨ ᠣᠳᠣ ᠡᠨᠳᠡ ᠡᠴᠡ ᠡᠬᠢᠯᠡᠵᠦ ᠪᠣᠢ ᠲᠤᠯᠠ ᠵᠣᠷᠢᠭ ᠵᠢᠷᠦᠬᠡ  ᠨᠢ ᠶᠣᠰᠣᠲᠠᠢ ᠯᠠ ᠪᠠᠭᠠᠲᠤᠷ ᠡᠷ᠎ᠡ ᠶ᠋ᠢᠨ ᠬᠠᠯᠠᠭᠤᠨ ᠢ᠋ᠶ᠋ᠠᠷ ᠰᠢᠳᠡᠵᠦ ᠪᠠᠢᠯ᠎ᠠ᠃ ᠨᠢᠭᠡ ᠮᠡᠳᠡᠬᠦ ᠳ᠋ᠦ᠍ ᠳᠠᠢᠰᠤᠨ ᠤ᠋ ᠲᠠᠯ᠎ᠠ ᠳᠠᠷᠬᠠᠨ ᠳᠠᠪᠰᠢᠵᠤ ᠡᠬᠢᠯᠡᠭᠰᠡᠨ ᠢ᠋ᠶ᠋ᠡᠨ ᠣᠷᠬᠢᠨ ᠪᠡᠶ᠎ᠡ ᠪᠡᠶ᠎ᠡ ᠪᠡᠨ ᠳᠠᠯᠠᠯᠤᠨ ᠨᠢᠭᠡ ᠳᠣᠣᠷ᠎ᠠ ᠴᠤᠭᠯᠠᠷᠠᠵᠤ ᠪᠠᠢᠭ᠎ᠠ ᠦᠵᠡᠭᠳᠡᠪᠡ(ᠡᠨᠡ ᠨᠢ ᠳᠠᠮᠫᠢᠯ ᠤ᠋ᠨ ᠭᠡᠨᠡᠳᠲᠡ ᠶ᠋ᠢᠨ ᠣᠰᠣᠯᠳᠠᠭᠰᠠᠨ ᠠ᠋ᠴᠠ ᠪᠠᠢᠵᠠᠢ)᠃ ᠳᠡᠴᠢᠨ ᠣᠳᠣ《ᠡᠳᠡᠨ ᠢ᠋ ᠴᠢᠨᠢ ᠳᠠᠭᠠᠷᠢᠨ ᠰᠥᠨᠥᠭᠡᠲᠦᠭᠡᠢ!》 ᠭᠡᠵᠦ ᠪᠣᠰᠤᠨ ᠬᠠᠷᠠᠢᠲᠠᠯ᠎ᠠ ᠪᠤᠰᠤᠳ ᠨᠥᠬᠥᠳ ᠨᠢ ᠠᠯᠠᠭ᠎ᠠ᠃ ᠲᠤᠰ ᠪᠦᠷᠢ ᠶ᠋ᠢᠨ ᠢ᠋ᠶ᠋ᠡᠨ ᠮᠣᠷᠢ ᠪᠠᠨ ᠬᠥᠭᠡᠭᠡᠨ ᠣᠳᠤᠭᠰᠠᠨ ᠨᠢ ᠮᠠᠯ ᠴᠠᠭᠠᠨ ᠲᠠᠯ᠎ᠠ ᠶ᠋ᠢᠨ ᠶᠡᠬᠡ ᠵᠡᠷᠭᠡᠯᠭᠡᠨ ᠳ᠋ᠦ᠍ ᠦᠶᠡᠯᠵᠡᠨ ᠬᠠᠷᠠᠭᠳᠠᠬᠤ ᠠᠵᠢ᠃ ᠡᠢᠨᠬᠦ ᠲᠡᠭᠦᠨ ᠦ᠌ ᠬᠦᠰᠡᠯ ᠵᠡᠭᠦᠳᠦ ᠪᠣᠯᠤᠨ ᠵᠠᠮᠬᠠᠷᠠᠭᠰᠠᠨ ᠳ᠋ᠤ᠌ ᠠᠷᠤ ᠳ᠋ᠠᠬᠢ ᠮᠣᠷᠢ ᠤᠷᠤᠭᠤ ᠪᠠᠨ ᠶᠣᠰᠣᠲᠠᠢ ᠲᠠᠤᠯᠠᠢ ᠰᠢᠭ᠋ ᠬᠠᠷᠠᠢᠯᠭᠠᠪᠠ᠃ ᠦᠯᠡᠳᠡᠭᠰᠡᠨ ᠡᠴᠡ ᠭᠠᠭᠴᠠᠬᠠᠨ ᠮᠣᠷᠢ ᠶ᠋ᠢ ᠨᠢ ᠪᠠᠷᠢᠨ ᠬᠣᠴᠣᠷᠤᠭᠰᠠᠨ ᠬᠥᠮᠦᠨ ᠪᠠᠢᠯ᠎ᠠ᠃ ᠳᠡᠴᠢᠨ ᠲᠡᠭᠦᠨ ᠲᠡᠢ ᠪᠡᠨ ᠤᠬᠠᠭᠠᠨ ᠵᠢᠯᠣᠭᠣ ᠦᠭᠡᠢ ᠵᠢᠭᠤᠲᠠᠨ ᠠᠯᠤᠰ ᠤ᠋ᠨ ᠠᠭᠤᠯᠠᠨ ᠳ᠋ᠤ᠌ ᠭᠠᠷᠴᠠᠢ᠃ ᠠᠷᠤ ᠠ᠋ᠴᠠ ᠨᠢ ᠴᠣᠬᠣᠮ ᠬᠡᠨ ᠴᠦ᠍ ᠬᠥᠬᠡᠭᠡ ᠦᠭᠡᠢ ᠠᠲᠠᠯ᠎ᠠ ᠰᠡᠳᠬᠢᠯ ᠠᠭᠤᠵᠢᠷᠠᠭᠰᠠᠨ ᠵᠦᠢᠯ ᠦᠭᠡᠢ᠃ ᠬᠠᠶᠠᠨ ᠣᠳᠤᠭᠰᠠᠳ ᠲᠤ ᠬᠣᠷᠣᠰᠤᠨ᠂ ᠦᠢᠯᠡ ᠬᠡᠷᠡᠭ ᠪᠦᠷᠢᠮᠦᠰᠦᠨ ᠪᠠᠯᠠᠷᠠᠭᠰᠠᠨ ᠳ᠋ᠤ᠌ ᠪᠤᠬᠢᠨᠢᠳᠤᠨ᠎ᠠ᠃ ᠲᠡᠭᠡᠭᠡᠳ ᠣᠳᠣ ᠢᠷᠡᠭᠡᠳᠦᠢ ᠳ᠋ᠡᠭᠡᠨ ᠬᠡᠷᠬᠢᠬᠦ ᠪᠢᠯᠡ! ᠭᠡᠬᠦ ᠡᠴᠡ ᠭᠠᠵᠠᠷ ᠳᠡᠯᠡᠬᠡᠢ ᠬᠡᠴᠢᠨᠡᠭᠡᠨ ᠠᠭᠤᠳᠠᠮ ᠪᠠᠢᠪᠠᠴᠤ ᠭᠢᠰᠬᠢᠬᠦ ᠭᠠᠵᠠᠷ ᠦᠭᠡᠢ ᠪᠣᠯᠤᠭᠰᠠᠨ ᠢ᠋ ᠰᠠᠨᠠᠬᠤ ᠳ᠋ᠤ᠌ ᠳᠠᠷᠤᠢ ᠲᠣᠯᠣᠭᠠᠢ ᠪᠠᠨ ᠴᠣᠬᠢᠨ ᠪᠠᠷᠬᠢᠷᠠᠮᠠᠷ ᠠᠵᠢ᠃ ᠭᠡᠪᠡᠴᠦ ᠳᠡᠴᠢᠨ ᠬᠠᠵᠠᠭᠤ ᠶ᠋ᠢᠨ ᠢ᠋ᠶ᠋ᠡᠨ ᠬᠥᠮᠦᠨ ᠡᠴᠡ ᠢᠴᠢᠨ ᠨᠡᠷᠡᠯᠬᠡᠬᠦ ᠲᠤᠯᠠ ᠰᠢᠳᠦ ᠬᠠᠪᠢᠷᠤᠨ《ᠠᠯᠠᠨ᠎ᠠ᠂ ᠬᠢᠳᠤᠨ᠎ᠠ ᠦᠨᠡᠰᠦᠨ ᠳᠣᠪᠣᠷᠬᠠᠭ ᠪᠣᠯᠭᠠᠨ᠎ᠠ》 ᠭᠡᠵᠦ ᠳᠡᠮᠡᠢ ᠬᠠᠰᠬᠢᠷᠤᠨ ᠰᠡᠳᠬᠢᠯ ᠢ᠋ᠶ᠋ᠡᠨ ᠵᠣᠭᠣᠭᠬᠢᠵᠤ ᠪᠠᠢᠯ᠎ᠠ᠃ 
       ᠬᠠᠵᠠᠭᠤ ᠶ᠋ᠢᠨ ᠬᠥᠮᠦᠨ ᠭᠡᠪᠡᠯ᠂ ᠬᠠᠷ᠎ᠠ ᠪᠠᠭ᠎ᠠ ᠶ᠋ᠢᠨ ᠬᠢᠨᠢ ᠨᠤᠲᠤᠭ ᠤ᠋ᠨ ᠲᠠᠨᠢᠯ ᠬᠥᠮᠦᠨ ᠪᠠᠢᠯ᠎ᠠ᠃ ᠲᠡᠭᠦᠨ ᠳ᠋ᠦ᠍ ᠥᠪᠡᠷ ᠦ᠋ᠨ ᠪᠡᠶ᠎ᠡ ᠶ᠋ᠢ ᠥᠨᠳᠥᠷ ᠲᠦ᠍ ᠠᠪᠠᠴᠢᠨ᠂ ᠥᠭᠡᠷ᠎ᠡ ᠪᠤᠰᠤᠳ ᠢ᠋ ᠳᠠᠷᠤᠨ ᠵᠠᠬᠢᠷᠬᠤ ᠶ᠋ᠢᠨ ᠬᠡᠨᠡᠷᠬᠡᠯ ᠪᠣᠯᠤᠭᠰᠠᠨ ᠳᠡᠴᠢᠨ ᠢ᠋ ᠡᠭᠳᠡᠭᠦᠴᠡᠬᠦ ᠰᠡᠳᠬᠢᠯ ᠪᠠᠢᠭᠰᠠᠨ ᠦᠭᠡᠢ᠂ ᠪᠠᠰᠠ ᠡᠭᠡᠭᠦᠯᠦᠨ ᠬᠥᠭᠡᠭᠡᠴᠢ ᠳᠠᠢᠰᠤᠨ ᠤ᠋ ᠭᠠᠷ ᠠ᠋ᠴᠠ ᠬᠡᠷᠬᠢᠨ ᠮᠤᠯᠲᠤᠷᠠᠨ ᠭᠠᠷᠬᠤ ᠪᠠᠨ ᠴᠦ᠍ ᠪᠣᠳᠣᠬᠤ ᠶᠠᠭᠤᠮ᠎ᠠ ᠦᠭᠡᠢ ᠳᠦᠯᠢ ᠳᠦᠮᠪᠦ ᠣᠷᠬᠢᠨ ᠣᠪᠣᠢᠨ ᠰᠠᠭᠤᠨ᠎ᠠ᠃ 
       — ᠬᠠᠷ᠎ᠠ ᠲᠡᠨᠡᠭ! ᠴᠢ ᠶᠠᠭᠤᠨ ᠳ᠋ᠤ᠌ ᠬᠠᠮᠠᠷ ᠱᠤᠤᠬᠢᠲᠤᠨᠠᠭᠤᠯᠤᠨ ᠭᠠᠵᠠᠷ ᠰᠢᠷᠳᠡᠨ᠎ᠡ ᠪᠣᠢ? ᠠᠷᠠᠳ ᠤ᠋ᠨ ᠨᠠᠮ ᠤ᠋ᠨ ᠬᠢᠨ ᠡᠴᠡ ᠠᠶᠤᠬᠤ ᠳ᠋ᠠᠭᠠᠨ ᠡᠨᠡ ᠤᠤ? ᠦᠬᠦᠭᠰᠡᠨ ᠬᠣᠢᠨ᠎ᠠ ᠪᠠᠨ!  ᠵᠠᠶᠠᠭ᠎ᠠ ᠨᠢ ᠣᠷᠬᠢᠭᠰᠠᠨ ᠴᠢᠮᠠᠶ᠋ᠢ ᠲᠡᠳᠡ ᠬᠥᠮᠦᠨ ᠭᠡᠵᠦ ᠦᠵᠡᠬᠦ ᠦᠭᠡᠢ ᠭᠡᠵᠦ ᠠᠭᠰᠤᠷᠬᠤ ᠳ᠋ᠤ᠌ ᠴᠦ᠍ ᠮᠥᠨ ᠯᠡ ᠳᠤᠭᠤᠢ᠃ 
       ᠦᠯᠦ ᠳᠤᠤᠭᠠᠷᠬᠤ ᠪᠠᠷ ᠢ᠋ᠶ᠋ᠠᠨ ᠲᠡᠷᠡ᠂ ᠳᠡᠴᠢᠨ ᠦ᠌ ᠡᠭᠳᠡᠭᠦᠦ ᠶ᠋ᠢ ᠤᠯᠠᠮ ᠢ᠋ᠶ᠋ᠠᠷ ᠬᠦᠷᠭᠡᠬᠦ ᠠᠵᠢ᠃《ᠭᠠᠬᠠᠢ ᠨᠣᠬᠠᠢ᠂ ᠨᠣᠪᠰᠢ᠂ ᠪᠢ ᠮᠡᠳᠡᠵᠦ ᠪᠠᠢᠨ᠎ᠠ᠂ ᠴᠢ ᠨᠠᠮᠠᠶ᠋ᠢ ᠳᠠᠢᠰᠤᠨ ᠳ᠋ᠤ᠌ ᠪᠠᠷᠢᠵᠤ ᠥᠭᠬᠦ ᠭᠡᠵᠦ ᠪᠠᠢᠭ᠎ᠠ ᠪᠠᠢᠯᠭᠦᠢ》 ᠭᠡᠵᠦ ᠢᠰᠬᠦᠯᠦᠨ ᠠᠪᠬᠤ ᠳ᠋ᠤ᠌《ᠶᠣᠣ》 ᠭᠡᠵᠦ ᠬᠡᠯᠡᠨ ᠰᠣᠴᠢᠨ ᠥᠭᠡᠳᠡ ᠡᠴᠡ ᠨᠢ ᠭᠥᠯᠢᠷᠡᠪᠡ᠃《ᠢᠩᠭᠢᠭᠡᠳ ᠪᠢ ᠴᠢᠮᠠᠶ᠋ᠢ ᠠᠯᠠᠨ᠎ᠠ ᠳᠠ》 ᠭᠡᠵᠦ ᠬᠣᠭᠣᠰᠣᠨ ᠣᠮᠣᠭ ᠢ᠋ᠶ᠋ᠠᠷ ᠪᠠᠭᠠᠯᠵᠠᠭᠤᠷᠳᠠᠨ ᠠᠪᠬᠤ ᠳ᠋ᠤ᠌ ᠰᠠᠶᠢ ᠪᠣᠰᠤᠨ ᠬᠠᠷᠠᠢᠵᠤ ᠬᠠᠮᠠᠷ ᠱᠤᠤᠬᠢᠲᠤᠨᠠᠭᠤᠯᠤᠨ ᠪᠠᠷᠠᠭᠤᠨ ᠭᠠᠷ ᠢ᠋ᠶ᠋ᠠᠨ ᠳᠡᠭᠡᠷ᠎ᠡ ᠡᠷᠭᠦᠨ ᠳᠠᠯᠠᠢᠵᠤ ᠭᠠᠭᠴᠠᠬᠠᠨ ᠴᠣᠬᠢᠬᠤ ᠳ᠋ᠠᠭᠠᠨ ᠨᠠᠮ ᠴᠣᠬᠢᠪᠠ᠃  

            ᠦᠰᠦᠭ ᠠᠮᠢᠯᠠᠭᠤᠯᠤᠭᠰᠠᠨ ᠨᠢ᠄ ᠲᠡᠭᠷᠢ ᠡᠵᠢ