ᠨᠤᠲᠤᠭ ᠰᠠᠢᠬᠠᠨ -ᠱᠤᠭᠠᠷᠰᠦ᠋ᠷᠦᠩ Nutag saikhan-Shügersüren Нутаг сайхан-Шүгэрсүрэн
ᠨᠤᠲᠤᠭ ᠰᠠᠢᠬᠠᠨ
ᠰᠢᠯᠦᠭ᠄ ᠳ ·ᠪᠠᠭᠠᠲᠤᠷ
ᠠᠶ᠎ᠠ᠄ ᠲᠦ᠊ · ᠤᠯᠠᠭᠠᠨᠪᠠᠭᠠᠲᠤᠷ
ᠳᠠᠭᠤᠴᠢᠨ᠄ ᠱᠤᠭᠠᠷᠰᠦ᠋ᠷᠦᠩ
ᠬᠣᠷᠸ᠎ᠠ ᠳ᠋ᠤ᠌ ᠨᠠᠮ᠎ᠠ ᠶ᠋ᠢ ᠤᠬᠢᠯᠠᠭᠠᠳ ᠢᠷᠡᠬᠦ ᠳ᠋ᠦ᠍
ᠬᠣᠷᠮᠣᠢ ᠪᠠᠨ ᠳᠡᠪᠢᠰᠦᠨ ᠲᠣᠰᠴᠤ ᠠᠪᠤᠭᠰᠠᠨ
ᠬᠣᠩᠭᠣᠷᠬᠠᠨ ᠳ᠋ᠠᠬᠢ ᠲᠠᠢ ᠰᠢᠩᠭᠡᠨ ᠰᠡᠪᠢᠯᠭᠡ ᠶ᠋ᠢ ᠮᠢᠨᠢ
ᠬᠣᠷᠯᠣ ᠲᠣᠭᠣᠨᠣᠲᠤ ᠶ᠋ᠢᠨ ᠢ᠋ᠶ᠋ᠡᠨ ᠨᠠᠷᠠ ᠪᠠᠷ ᠬᠠᠲᠠᠭᠠᠭᠰᠠᠨ
ᠠᠮᠢᠳᠤᠷᠠᠨ ᠵᠢᠷᠭᠠᠬᠤ ᠶ᠋ᠢᠨ ᠮᠥᠩᠬᠡ ᠣᠷᠴᠢᠯᠠᠩ
ᠠᠯᠲᠠᠨ ᠬᠠᠩᠭᠠᠢ ᠨᠤᠲᠤᠭ ᠰᠠᠢᠬᠠᠨ᠂ ᠰᠠᠢᠬᠠᠨ
ᠬᠥᠯ ᠢ᠋ᠶ᠋ᠡᠨ ᠰᠣᠯᠪᠢᠴᠠᠨ ᠠᠯᠬᠤᠵᠤ ᠡᠬᠢᠯᠡᠬᠦ ᠳ᠋ᠦ᠍
ᠬᠥᠷᠥᠰᠥᠲᠦ ᠭᠠᠵᠠᠷ ᠨᠢ ᠤᠯᠠ ᠠ᠋ᠴᠠ ᠲᠦᠰᠢᠭᠰᠡᠨ
ᠬᠦᠯᠦᠭ ᠦ᠋ᠨ ᠨᠢᠷᠤᠭᠤᠨ ᠳ᠋ᠤ᠌ ᠳᠥᠷᠥᠭᠡ ᠵᠢᠭᠢᠬᠦ ᠳ᠋ᠦ᠍
ᠬᠥᠬᠡᠮᠳᠦᠭ ᠠᠯᠤᠰ ᠨᠢ ᠬᠣᠯᠠ ᠠ᠋ᠴᠠ ᠳᠠᠭᠤᠳᠠᠭᠰᠠᠨ
ᠬᠥᠭᠰᠡᠨ ᠳᠣᠭᠳᠣᠯᠬᠤ ᠶ᠋ᠢᠨ ᠡᠩᠬᠡ ᠵᠢᠪᠬᠤᠯᠠᠩ
ᠬᠥᠳᠡᠭᠡ ᠬᠠᠩᠭᠠᠢ ᠨᠤᠲᠤᠭ ᠰᠠᠢᠬᠠᠨ᠂ ᠰᠠᠢᠬᠠᠨ
ᠡᠷᠳᠡᠮ ᠦ᠋ᠨ ᠰᠣᠷᠢᠶᠠᠨ ᠳ᠋ᠤ᠌ ᠬᠠᠳᠠᠭ ᠲᠠᠯᠪᠢᠬᠤ ᠳ᠋ᠤ᠌
ᠡᠷᠳᠡᠨᠢᠲᠦ ᠠᠭᠤᠯᠠᠰ ᠨᠢ ᠬᠦᠯᠢᠶᠡᠵᠦ ᠦᠳᠡᠭᠰᠡᠨ
ᠡᠩᠭᠡᠷ ᠪᠠᠯ ᠤ᠋ᠨ ᠢ᠋ᠶ᠋ᠠᠨ ᠵᠠᠭᠤᠨ ᠴᠡᠴᠡᠭᠡᠰ ᠢ᠋ᠶ᠋ᠡᠷ
ᠡᠵᠢ ᠶ᠋ᠢᠨ ᠮᠢᠨᠢ ᠦᠭᠡ ᠶ᠋ᠢ ᠳᠠᠪᠲᠠᠵᠤ ᠬᠣᠴᠤᠷᠠᠭᠰᠠᠨ
ᠡᠩᠬᠡ ᠮᠡᠨᠳᠦ ᠶ᠋ᠢᠨ ᠮᠣᠩᠭᠣᠯ ᠳᠡᠯᠡᠬᠡᠢ
ᠡᠷᠳᠡᠨᠢ ᠬᠠᠩᠭᠠᠢ ᠨᠤᠲᠤᠭ ᠰᠠᠢᠬᠠᠨ᠂ ᠰᠠᠢᠬᠠᠨ
ᠡᠩᠬᠡ ᠮᠡᠨᠳᠦ ᠶ᠋ᠢᠨ ᠮᠣᠩᠭᠣᠯ ᠳᠡᠯᠡᠬᠡᠢ
ᠡᠷᠳᠡᠨᠢ ᠬᠠᠩᠭᠠᠢ ᠨᠤᠲᠤᠭ ᠰᠠᠢᠬᠠᠨ᠂ ᠰᠠᠢᠬᠠᠨ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
