ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 6-7> Бүлжхэн хатан– [монгол] Дамбын Төрбат <тавдугаар бүлэг 6-7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 6-7> Бүлжхэн хатан– [монгол] Дамбын Төрбат <тавдугаар бүлэг 6-7>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠲᠠᠪᠤᠳᠤᠭᠠᠷ ᠪᠦᠯᠦᠭ 6-7> Бүлжхэн хатан– [монгол] Дамбын Төрбат <тавдугаар бүлэг 6-7>

ᠠᠩᠭᠢᠯᠠᠯ:ᠲᠤᠭᠤᠵᠢ ᠷᠣᠮᠠᠨ
2026-03-16

79

ᠪᠦᠯᠵᠢᠬᠢᠨ ᠬᠠᠲᠤᠨ– <ᠲᠠᠪᠤᠳᠤᠭᠠᠷ ᠪᠦᠯᠦᠭ 6-7>


               6   

       ᠦᠬᠡᠷ ᠵᠢᠯ ᠢ᠋ ᠥᠩ ᠲᠡᠢ ᠤᠭᠲᠤᠵᠤ ᠶᠢᠰᠦᠭᠡᠢ᠂ ᠡᠴᠢᠭᠡ ᠶ᠋ᠢᠨ ᠬᠠᠶᠠᠭᠠᠨ ᠳ᠋ᠤ᠌ ᠨᠠᠮ ᠵᠢᠮᠬᠡᠨ ᠡᠪᠦᠯᠵᠢᠪᠡ᠃ ᠰᠢᠨ᠎ᠡ ᠬᠠᠲᠤᠨ ᠤ᠋ ᠴᠠᠢ ᠶ᠋ᠢᠨ ᠳᠡᠭᠡᠵᠢ ᠶ᠋ᠢ ᠭᠡᠷ ᠲᠡᠷᠢᠭᠦᠯᠡᠬᠦ ᠶ᠋ᠢᠨ ᠵᠢᠷᠭᠠᠯ ᠲᠠᠢ ᠴᠣᠭ ᠠᠮᠰᠠᠵᠤ ᠠᠮᠤᠷ ᠵᠢᠮᠦᠷ ᠰᠠᠭᠤᠵᠤ ᠠᠲᠠᠯ᠎ᠠ ᠨᠢᠭᠡᠨ ᠤᠳᠠᠭ᠎ᠠ ᠦᠷ ᠴᠥᠷ ᠢ᠋ᠶ᠋ᠡᠷ ᠨᠢᠳᠦ ᠶ᠋ᠢ ᠨᠢ ᠪᠣᠭᠣᠵᠤ᠂ ᠨᠢᠭᠤᠷ ᠢ᠋ ᠨᠢ ᠪᠦᠲᠡᠭᠡᠭᠰᠡᠨ ᠡᠯᠴᠢ ᠳᠣᠪᠲᠣᠯᠭᠠᠨ ᠢᠷᠡᠵᠦ᠂ 
       — ᠶᠢᠰᠦᠭᠡᠢ ᠪᠠᠭᠠᠲᠤᠷ ᠲᠤ᠌ ᠪᠠᠷᠠᠯᠬᠠᠨ᠎ᠠ! ᠭᠡᠮᠡᠨ ᠨᠡᠷ᠎ᠡ ᠵᠢᠭᠠᠵᠠᠢ᠃ 
       — ᠬᠠᠨ ᠶᠢᠰᠦᠭᠡᠢ᠂ ᠲᠠᠨ ᠳ᠋ᠤ᠌ ᠪᠠᠷᠠᠯᠬᠠᠨ᠎ᠠ ᠭᠡᠨ᠎ᠡ᠃ 
       — ᠶᠠᠭᠤᠨ ᠤ᠋ ᠬᠥᠮᠦᠨ ᠪᠣᠯ? ᠶᠠᠭᠤ ᠴᠦ᠍ ᠡᠰᠡ ᠬᠡᠯᠡᠪᠡ᠃ ᠬᠠᠨ ᠲᠠᠨ ᠲᠠᠢ ᠨᠢᠭᠤᠷ ᠲᠤᠯᠵᠤ᠂ ᠨᠢᠳᠦ ᠰᠢᠷᠲᠡᠵᠦ ᠠᠢᠯᠠᠳᠬᠠᠨ᠎ᠠ ᠭᠡᠪᠡ ᠭᠡᠬᠦ ᠳ᠋ᠦ᠍ ᠥᠭᠡᠯᠦᠨ ᠦᠵᠢᠨ ᠦᠷᠭᠦᠭᠰᠡᠨ ᠰᠤᠭᠤ ᠮᠡᠲᠦ ᠰᠡᠷᠲᠡᠰᠬᠢᠨ ᠬᠠᠷᠠᠵᠤ᠂ 
       — ᠶᠠᠭᠤᠨ ᠵᠢᠭᠲᠡᠢ ᠬᠥᠮᠦᠨ ᠡᠢᠨ ᠠᠢᠯᠠᠳᠳᠠᠭ ᠪᠢᠯᠡ᠃ ᠴᠠᠭ ᠤ᠋ᠨ ᠠᠶᠠᠰ ᠣᠷᠣᠭ᠎ᠠ ᠪᠣᠰᠬᠠᠭ᠎ᠠ᠂ ᠬᠥᠮᠦᠨ ᠦ᠌ ᠠᠭᠠᠰᠢ ᠠᠶᠠᠭ ᠡᠷᠢᠶᠡᠨ ᠪᠠᠷᠠᠭᠠᠨ ᠪᠠᠢᠭ᠎ᠠ ᠪᠢᠯᠡ᠃ ᠬᠠᠨ ᠲᠠᠨ ᠳ᠋ᠤ᠌ ᠪᠣᠯᠭᠣᠮᠵᠢ ᠰᠠᠨᠠᠭᠤᠯᠬᠤ ᠨᠢ ᠢᠯᠡᠭᠦᠦ ᠪᠢᠵᠡ! ᠭᠡᠪᠡ᠃ ᠶᠢᠰᠦᠭᠡᠢ ᠵᠠᠯᠠᠭᠤ ᠬᠠᠲᠤᠨ ᠢ᠋ᠶ᠋ᠠᠨ ᠲᠠᠭᠠᠰᠢᠶᠠᠨ ᠬᠠᠷᠠᠵᠤ᠂ 
       — ᠬᠠᠲᠤᠨ ᠲᠠ ᠵᠥᠪ ᠠᠢᠯᠠᠳᠪᠠ ᠭᠡᠳ ᠬᠠᠷᠠᠭᠤᠯ ᠤ᠋ᠨ ᠴᠡᠷᠢᠭ ᠲᠦ᠍ ᠬᠠᠨᠳᠤᠨ᠂ 
       — ᠬᠣᠷᠣᠮᠰᠠᠭ᠎ᠠ ᠦᠭᠡᠢ ᠪᠠᠷᠠᠯᠬᠠᠭᠤᠯ! ᠬᠡᠮᠡᠪᠡ᠃ 
       ᠡᠨᠡ ᠨᠢ ᠵᠠᠷ ᠵᠡᠪᠰᠡᠭ ᠦᠭᠡᠢ ᠭᠠᠷ ᠨᠢᠴᠦᠭᠦᠨ ᠠᠪᠴᠢᠷᠠ ᠭᠡᠰᠡᠨ ᠦᠭᠡ ᠪᠣᠯᠠᠢ᠃ ᠵᠠᠯᠠᠭᠤ ᠥᠭᠡᠯᠦᠨ ᠰᠡᠪᠬᠢᠨ ᠪᠣᠰᠴᠤ ᠲᠤᠯᠭᠠᠨ ᠳ᠋ᠠᠭᠠᠨ ᠬᠠᠭᠤᠷᠠᠢ ᠮᠥᠴᠢᠷ ᠵᠡᠷᠭᠡᠯᠡᠨ ᠪᠠᠳᠠᠷᠠᠭᠠᠵᠤ᠂ ᠭᠠᠯ ᠤ᠋ᠨ ᠬᠠᠶᠠᠭᠠᠨ ᠳ᠋ᠠᠬᠢ ᠭᠠᠤᠯᠢᠨ ᠳᠠᠩᠬᠤ ᠪᠠᠨ ᠭᠢᠯᠠᠯᠵᠠᠲᠠᠯ᠎ᠠ ᠠᠷᠴᠢᠭᠰᠠᠨ ᠨᠢ ᠡᠯᠴᠢ ᠶ᠋ᠢᠨ ᠨᠢᠳᠦᠨ ᠳ᠋ᠦ᠍ ᠥᠩᠭᠡᠯᠢᠭ ᠪᠠᠢᠶ᠎ᠠ ᠭᠡᠰᠡᠨ ᠰᠠᠨᠠᠭ᠎ᠠ ᠶᠤᠮ᠃ ᠡᠨᠡ ᠬᠢᠷᠢ ᠲᠣᠯᠣᠭᠠᠢ ᠨᠢᠴᠦᠭᠦᠨ᠂ ᠭᠠᠷ ᠬᠣᠭᠣᠰᠣᠨ ᠡᠯᠴᠢ ᠣᠷᠣᠵᠤ ᠢᠷᠡᠵᠦ᠂ 
       — ᠬᠠᠨ ᠲᠠᠨ ᠤ᠋ ᠲᠦᠮᠡᠨ ᠠᠮᠤᠭᠤᠯᠠᠩ ᠢ᠋ ᠡᠷᠢᠵᠦ ᠬᠠᠭᠠᠨ ᠲᠤᠭᠤᠷᠢᠯ ᠨᠠᠮᠠᠶ᠋ᠢ ᠢᠯᠡᠭᠡᠪᠡ᠃ ᠡᠷᠬᠡᠲᠦ ᠲᠩᠷᠢ ᠶ᠋ᠢᠨ ᠬᠥᠪᠡᠭᠦᠨ ᠡᠴᠢᠭᠡ ᠪᠣᠶᠣᠷᠣᠭ ᠨᠠᠰᠤᠨ ᠠ᠋ᠴᠠ ᠨᠥᠭᠴᠢᠵᠦ᠂ ᠨᠥᠮᠥᠭᠡᠨ ᠡᠷᠡᠰ ᠥᠷᠭᠥᠭᠡ ᠭᠣᠷᠢᠶᠠᠯᠠᠵᠤ᠂ ᠨᠢᠴᠦᠭᠦᠨ ᠡᠮᠡᠰ ᠱᠠᠷᠢᠯ ᠬᠦᠷᠢᠶᠡᠯᠡᠵᠦ ᠪᠠᠢᠨ᠎ᠠ᠃ ᠴᠢᠨ ᠲᠣᠯᠣᠭᠠᠢ ᠶ᠋ᠢ ᠬᠥᠮᠦᠨ ᠲᠣᠯᠣᠭᠠᠢ ᠪᠠᠷ ᠲᠠᠬᠢᠬᠰᠠᠨ ᠡᠷᠲᠡ ᠴᠠᠭ ᠠ᠋ᠴᠠ ᠡᠳᠦᠭᠡ ᠴᠠᠭ ᠢ᠋ ᠬᠦᠷᠲᠡᠯ᠎ᠡ ᠨᠢᠭᠡᠨ ᠮᠥᠷᠥ ᠶ᠋ᠢᠨ ᠬᠦᠴᠦᠨ ᠪᠣᠯᠵᠤ ᠶᠠᠪᠤᠭᠰᠠᠨ ᠤᠯᠤᠰ ᠤ᠋ᠨ ᠬᠠᠨ ᠶᠢᠰᠦᠭᠡᠢ ᠪᠠᠭᠠᠲᠤᠷ ᠴᠢ ᠢᠷᠡᠵᠦ ᠣᠢᠲᠤ ᠡᠳᠦᠷ ᠢ᠋ ᠬᠤᠪᠢᠶᠠᠵᠤ᠂ ᠣᠢᠲᠤ ᠣᠩᠭᠣᠨ ᠢ᠋ ᠲᠠᠬᠢᠯᠴᠠᠵᠤ ᠥᠭᠭᠦᠨ᠎ᠡ ᠤᠤ ᠭᠡᠮᠡᠨ ᠢᠯᠡᠭᠡᠪᠡ ᠭᠡᠵᠡᠢ᠃ ᠡᠯᠴᠢ ᠳ᠋ᠦ᠍ ᠴᠡᠭᠡᠵᠢᠯᠡᠭᠦᠯᠦᠭᠰᠡᠨ ᠡᠮᠡᠭᠡᠯ ᠦ᠋ᠨ ᠳᠠᠭᠤᠨ ᠡᠢᠨ ᠳᠠᠭᠤᠷᠢᠰᠴᠤ ᠠᠬᠤᠢ ᠳ᠋ᠤ᠌ ᠥᠭᠡᠯᠦᠨ ᠥᠵᠢᠨ ᠨᠢᠭᠤᠷ ᠬᠠᠷᠠᠭᠳᠠᠲᠠᠯ᠎ᠠ ᠵᠦᠯᠭᠦᠭᠰᠡᠨ ᠭᠠᠤᠯᠢᠨ ᠲᠣᠮᠪᠣᠨ ᠠ᠋ᠴᠠ ᠰᠦ ᠪᠣᠯᠤᠭᠰᠠᠨ ᠴᠠᠢ ᠠᠶᠠᠭᠠᠯᠠᠨ ᠡᠯᠴᠢ ᠳ᠋ᠦ᠍ ᠪᠠᠷᠢᠪᠠ᠃ 
       — ᠬᠠᠲᠤᠨ ᠲᠠᠨ ᠳ᠋ᠤ᠌ ᠭᠢᠯᠠᠢᠪᠠ ᠭᠡᠳ ᠠᠩᠭᠠᠵᠤ ᠴᠠᠩᠭᠠᠭᠰᠠᠨ ᠬᠡᠳᠦᠢ ᠴᠦ᠍ ᠡᠯᠴᠢ ᠠᠶᠠᠭᠠᠨ ᠳ᠋ᠤ᠌ ᠠᠮᠠ ᠦᠯᠦ ᠬᠦᠷᠴᠦ᠂ ᠬᠠᠷᠢᠭᠤ ᠬᠦᠯᠢᠶᠡᠵᠦ ᠲᠦᠳᠡᠭᠡᠯᠵᠡᠬᠦ ᠳ᠋ᠦ᠍ ᠶᠢᠰᠦᠭᠡᠢ᠂ 
       — ᠬᠠᠷ᠎ᠠ ᠨᠢᠯᠬ᠎ᠠ ᠠ᠋ᠴᠠ ᠬᠠᠶᠠᠭ᠎ᠠ ᠪᠠᠷᠠᠳᠠᠨ ᠠᠮᠢ ᠵᠢᠭᠤᠵᠤ᠂ ᠬᠠᠭᠠᠨ ᠡᠴᠢᠭᠡ ᠡᠴᠡ ᠬᠠᠷᠢᠶᠠᠯ ᠢᠷᠦᠭᠡᠯ ᠬᠣᠶᠠᠷ ᠢ᠋ ᠨᠢ ᠡᠩ ᠲᠡᠩᠴᠡᠭᠦᠦ ᠰᠣᠨᠣᠰᠴᠤ ᠶᠠᠪᠤᠭᠰᠠᠨ ᠤᠯᠤᠰ ᠪᠢᠯᠡ᠂ ᠪᠢᠳᠡ! 
       ᠣᠢᠲᠤ ᠡᠳᠦᠷ ᠦ᠋ᠳ ᠲᠦ᠍ ᠴᠢᠨᠢ ᠤᠷᠤᠭ ᠪᠣᠯᠤᠶ᠎ᠠ᠂ ᠰᠠᠭᠠᠷᠠᠯ ᠡᠳᠦᠷ ᠦ᠋ᠳ ᠲᠦ᠍ ᠴᠢᠨᠢ ᠰᠠᠳᠤᠨ ᠪᠣᠯᠤᠶ᠎ᠠ! ᠭᠡᠵᠦ ᠠᠢᠯᠠᠳᠬᠤ ᠳ᠋ᠤ᠌ ᠳᠣᠣᠷ᠎ᠠ ᠮᠡᠬᠦᠢᠨ ᠭᠦᠨ ᠲᠠᠯᠠᠷᠬᠠᠯ ᠢᠯᠡᠳᠬᠡᠭᠡᠳ ᠰᠠᠶᠢ ᠴᠠᠢ ᠳ᠋ᠤ᠌ ᠠᠮᠠ ᠬᠦᠷᠴᠦ᠂ ᠢᠳᠡᠭᠡᠨ ᠳ᠋ᠦ᠍ ᠭᠠᠷ ᠬᠦᠷᠴᠦ ᠪᠥᠯᠥᠭᠡ᠃ ᠡᠢᠨ ᠶᠢᠰᠦᠭᠡᠢ ᠪᠠᠭᠠᠲᠤᠷ ᠲᠣᠷᠯᠣᠭ ᠲᠣᠭᠣᠷᠢᠯ ᠤ᠋ᠨ ᠣᠢ ᠶ᠋ᠢ ᠬᠤᠪᠢᠶᠠᠬᠤ ᠤᠷᠤᠭ ᠪᠣᠯᠵᠤ ᠢᠷᠡᠭᠰᠡᠨ ᠠᠪᠠᠢ᠃ 
       ᠭᠡᠲᠡᠯ᠎ᠡ ᠬᠡᠷᠡᠢᠳ ᠠᠢᠮᠠᠭ ᠤ᠋ᠨ ᠬᠡᠢᠮᠣᠷᠢ ᠯᠤᠨᠳᠠᠭ᠎ᠠ ᠲᠦᠳᠡ ᠦᠭᠡᠢ ᠰᠠᠨᠠᠭᠳᠠᠵᠠᠢ᠃ ᠶᠡᠷᠦ ᠮᠠᠷᠬᠤᠰ ᠪᠣᠶᠣᠷᠤᠭ ᠯᠠ ᠡᠯ᠎ᠡ ᠠᠢᠮᠠᠭ ᠵᠤᠨ ᠢ᠋ ᠥᠩᠭᠡ ᠲᠡᠢ᠂ ᠥᠭᠡᠳᠡ ᠲᠡᠢ ᠠᠪᠴᠤ ᠶᠠᠪᠤᠭᠰᠠᠨ ᠮᠡᠲᠦ ᠲᠡᠭᠦᠨ ᠢ᠋ ᠮᠣᠳᠣᠨ ᠡᠯᠵᠢᠭᠡᠨ ᠳ᠋ᠦ᠍ ᠬᠠᠳᠠᠭᠤᠯᠵᠤ ᠦᠬᠦᠭᠦᠯᠦᠭᠰᠡᠨ ᠭᠤᠨᠢᠭᠲᠤ ᠶᠠᠪᠤᠳᠠᠯ ᠠ᠋ᠴᠠ ᠬᠣᠢᠰᠢ ᠡᠳᠦᠷ ᠢᠷᠡᠬᠦ ᠲᠣᠰᠤᠮ ᠭᠤᠨᠳᠠᠵᠤ ᠪᠥᠯᠥᠭᠡ᠃ ᠬᠣᠷᠵᠠᠬᠤᠰ ᠪᠣᠶᠣᠷᠤᠭ ᠭᠤᠴᠢᠨ ᠲᠠᠲᠠᠪᠤᠷᠢ ᠬᠠᠲᠤᠨ ᠢ᠋ᠶ᠋ᠠᠨ ᠨᠤᠲᠤᠭ ᠳᠠᠶᠠᠭᠠᠷ ᠬᠦᠷᠢᠶ᠎ᠡ ᠪᠣᠯᠭᠠᠨ ᠲᠠᠷᠠᠭᠠᠵᠤ ᠪᠠᠭᠤᠯᠭᠠᠭᠠᠳ ᠰᠠᠷ᠎ᠠ ᠳ᠋ᠠᠭᠠᠨ ᠨᠢᠭᠡ ᠡᠷᠭᠢᠵᠦ ᠬᠣᠨᠣᠭᠯᠠᠵᠤ ᠶᠠᠪᠤᠳᠠᠭ ᠪᠠᠢᠪᠠ᠃ ᠡᠪᠦᠭᠡᠨ ᠨᠠᠰᠤᠲᠠᠢ ᠵᠣᠯᠭᠠᠭᠰᠠᠨ ᠬᠡᠳᠦᠢ ᠴᠦ᠍《ᠰᠢᠷ᠎ᠠ ᠰᠡᠮᠡᠵᠡᠯᠡᠭᠰᠡᠨ》 ᠭᠡᠬᠦ ᠨᠡᠷ᠎ᠡ ᠲᠤᠭᠤᠯᠤᠨ ᠵᠢᠳᠬᠦᠵᠦ ᠵᠠᠯᠠᠭᠤ ᠲᠠᠲᠠᠪᠤᠷᠢ ᠬᠠᠲᠤᠨ ᠨᠡᠮᠡᠵᠦ ᠲᠣᠳᠣᠷᠠᠭᠤᠯᠤᠭᠰᠠᠭᠠᠷ ᠶᠠᠪᠤᠵᠤ ᠪᠥᠯᠥᠭᠡ᠃ ᠡᠢᠨ ᠬᠠᠮᠤᠭ ᠰᠡᠭᠦᠯᠴᠢ ᠶ᠋ᠢᠨ ᠭᠤᠸ᠎ᠠ ᠡᠮ᠎ᠡ ᠶ᠋ᠢ ᠭᠤᠷᠪᠠᠨ ᠮᠡᠷᠭᠢᠳ ᠡᠴᠡ ᠲᠣᠳᠣᠷᠠᠭᠤᠯᠵᠤ᠂ ᠦᠷᠭᠦᠭᠰᠡᠨ ᠵᠡᠭᠡᠷ᠎ᠡ ᠶ᠋ᠢᠨ ᠢᠨᠵᠠᠭ᠎ᠠ ᠮᠡᠲᠦ ᠪᠦᠯᠲᠡᠭᠡᠨᠡᠬᠦ ᠲᠡᠷᠡ ᠠᠮᠢᠲᠠᠨ ᠤ᠋ ᠪᠠᠨ ᠪᠦᠯᠢᠶᠡᠨ ᠡᠪᠦᠳᠦᠭ ᠢ᠋ ᠳᠡᠷᠡᠯᠡᠨ ᠥᠭᠡᠳᠡ ᠪᠣᠯᠵᠠᠢ᠃ ᠠᠮᠢᠰᠬᠤᠯ ᠣᠳᠬᠣᠯᠠᠬᠤ ᠳ᠋ᠤ᠌ ᠲᠠᠢ ᠲᠡᠮᠦᠷ᠂ ᠪᠤᠬ᠎ᠠ ᠲᠡᠮᠦᠷ ᠬᠣᠶᠠᠷ ᠬᠦᠦ ᠨᠢ ᠴᠦ᠍᠂ ᠬᠠᠮᠤᠭ ᠤ᠋ᠨ ᠬᠠᠢᠷᠠᠲᠠᠢ ᠲᠣᠷᠯᠣᠭ ᠲᠣᠭᠣᠷᠢᠯ ᠬᠥᠪᠡᠭᠦᠨ ᠴᠣ ᠪᠠᠢᠭᠰᠠᠨ ᠦᠭᠡᠢ ᠠᠵᠢ᠃ ᠡᠢᠨ ᠬᠠᠮᠤᠭ ᠮᠣᠩᠭᠣᠯ ᠤ᠋ᠨ ᠬᠠᠶᠠᠭ᠎ᠠ ᠨᠡᠢᠯᠡᠵᠦ ᠣᠷᠣᠰᠢᠳᠠᠭ ᠡᠷᠲᠡᠨ ᠦ᠌ ᠬᠣᠯᠪᠣᠭᠠᠲᠠᠨ ᠲᠡᠦᠬᠡᠲᠦ ᠬᠡᠷᠡᠢᠳ ᠦ᠋ᠨ ᠲᠣᠯᠣᠭᠠᠢᠯᠠᠭᠴᠢ ᠪᠣᠶᠣᠷᠣᠭ᠋ ᠦᠭᠡᠢ ᠪᠣᠯᠪᠠ᠃ ᠬᠡᠷᠡᠢᠳ ᠳᠠᠶᠠᠭᠠᠷ ᠪᠦᠲᠦᠨ ᠰᠠᠷ᠎ᠠ ᠣᠢ ᠵᠠᠷᠯᠠᠵᠤ ᠡᠮᠡᠰ ᠦᠰᠦ ᠪᠡᠨ ᠡᠰᠡ ᠰᠦᠯᠵᠢᠵᠦ᠂ ᠪᠦᠰᠡ ᠪᠡᠨ ᠡᠰᠡ ᠪᠦᠰᠡᠯᠡᠵᠦ ᠭᠠᠰᠢᠭᠤᠳᠠᠪᠠ᠃ ᠬᠢᠯᠢ ᠵᠠᠯᠭᠠᠭ᠎ᠠ ᠠᠢᠮᠠᠭ ᠬᠣᠰᠢᠭᠤᠳ ᠠ᠋ᠴᠠ ᠡᠯ᠎ᠡ ᠣᠢ ᠶ᠋ᠢ ᠬᠤᠪᠢᠶᠠᠬᠤ ᠶᠡᠬᠡᠰ ᠦ᠋ᠨ ᠦᠷᠡᠰ ᠬᠤᠷᠠᠨ ᠮᠣᠷᠢᠯᠠᠨ ᠠᠪᠠᠢ᠃ ᠬᠠᠭᠠᠨ ᠨᠠᠰᠤᠨ ᠠ᠋ᠴᠠ ᠨᠥᠭᠴᠢᠭᠰᠡᠨ ᠦ᠌ ᠤᠴᠢᠷ ᠬᠠᠶᠠᠭ᠎ᠠ ᠠᠢᠮᠠᠭ ᠤ᠋ᠨ ᠬᠠᠭᠠᠳ ᠡᠰᠡ ᠢᠷᠡᠬᠦ ᠵᠠᠶᠢᠭ ᠪᠣᠢ ᠶᠤᠮ᠃ ᠡᠯ᠎ᠡ ᠵᠣᠪᠠᠯᠠᠩ ᠬᠠᠭᠠᠨ ᠳ᠋ᠤ᠌ ᠪᠤᠰᠤ᠂ ᠬᠠᠨ ᠬᠥᠪᠡᠭᠦᠨ ᠳ᠋ᠦ᠍ ᠨᠢᠭᠤᠷᠯᠠᠭᠰᠠᠨ ᠭᠠᠢ ᠭᠠᠮᠰᠢᠭ ᠭᠡᠮᠡᠨ ᠦᠵᠡᠬᠦ ᠪᠢᠴᠢᠭᠳᠡᠭᠡ ᠦᠭᠡᠢ ᠬᠠᠤᠯᠢ ᠪᠠᠢᠬᠤ ᠠᠭᠠᠳ ᠡᠨᠡ ᠶᠣᠰᠣ ᠪᠠᠨ ᠳᠠᠭᠠᠵᠤ ᠨᠠᠢ᠍ᠮᠠᠨ ᠤ᠋ ᠵᠠᠯᠠᠭᠤ ᠳᠠᠶᠠᠨ᠂ ᠮᠡᠷᠭᠢᠳ ᠡᠴᠡ ᠲᠣᠬᠲᠣᠭ᠎ᠠ ᠪᠡᠬᠢ ᠬᠦᠷᠦᠯᠴᠡᠨ ᠢᠷᠡᠵᠡᠢ᠃ ᠲᠡᠳᠡ ᠲᠡᠢ ᠲᠡᠮᠦᠷ᠂ ᠪᠤᠬ᠎ᠠ ᠲᠡᠮᠦᠷ ᠬᠣᠶᠠᠷ ᠤ᠋ᠨ ᠣᠢ ᠭᠠᠰᠢᠭᠤ ᠶ᠋ᠢ ᠬᠤᠪᠢᠶᠠᠬᠤ ᠪᠠᠷ ᠢᠷᠡᠭᠰᠡᠨ ᠤᠤ᠂ ᠲᠣᠷᠯᠣᠭ ᠲᠣᠭᠣᠷᠢᠯ ᠭᠡᠮᠡᠨ ᠵᠣᠪᠠᠨᠢᠵᠤ ᠵᠣᠷᠢᠪᠠ ᠤᠤ ᠭᠡᠵᠦ ᠠᠬᠢᠨ ᠳᠠᠩᠳᠠᠬᠤ ᠬᠥᠮᠦᠨ ᠴᠥᠭᠡᠨ ᠦᠭᠡᠢ ᠪᠣᠯᠠᠢ᠃ ᠶᠢᠰᠦᠭᠡᠢ ᠴᠣ ᠥᠪᠡᠷ ᠢ᠋ᠶ᠋ᠡᠨ ᠳᠣᠲᠣᠷ᠎ᠠ ᠪᠠᠨ ᠡᠢᠨ ᠪᠣᠳᠣᠵᠤ᠂ ᠰᠠᠮ ᠠᠵᠢᠭᠯᠠᠵᠤ ᠵᠣᠭᠰᠣᠪᠠ᠃ ᠲᠡᠷᠡ ᠪᠡᠷ ᠲᠣᠷᠯᠣᠭ ᠲᠣᠭᠣᠷᠢᠯ ᠤ᠋ᠨ ᠨᠥᠬᠥᠷ ᠭᠡᠮᠡᠨ ᠢᠷᠡᠭᠰᠡᠨ ᠶᠦ᠍ᠮ᠃ ᠬᠠᠶᠠᠭ᠎ᠠ ᠬᠠᠳᠬᠤᠭᠰᠠᠨ ᠤᠯᠤᠰ ᠤ᠋ᠨ ᠬᠠᠨ ᠬᠥᠪᠡᠭᠦᠳ ᠬᠡᠨ ᠦ᠌ ᠬᠢᠨᠢ ᠣᠢ ᠭᠠᠰᠢᠭᠤ ᠳ᠋ᠤ᠌ ᠲᠦᠯᠬᠢᠭᠦᠦ ᠢᠷᠡᠵᠦ ᠪᠣᠢ ᠭᠡᠵᠦ ᠪᠢᠲᠡᠭᠦᠬᠡᠨ ᠠᠵᠢᠭᠯᠠᠬᠤ ᠨᠢ ᠢᠷᠡᠭᠡᠳᠦᠢ ᠶ᠋ᠢᠨ ᠶᠡᠬᠡ ᠣᠷᠣ ᠰᠠᠭᠤᠬᠤ ᠡᠵᠡᠨ ᠢ᠋ ᠰᠡᠮᠬᠡᠨ ᠲᠣᠳᠣᠷᠠᠭᠤᠯᠵᠤ ᠪᠣᠢ ᠭᠡᠰᠡᠨ ᠦᠭᠡ ᠶᠦ᠍ᠮ᠃ ᠡᠨᠡ ᠬᠢᠷᠢ ᠨᠠᠢ᠍ᠮᠠᠨ ᠤ᠋ ᠳᠠᠶᠠᠨ᠂ 
       — ᠨᠠᠷᠭᠢᠰᠢ ᠳᠠᠶᠠᠨ ᠡᠴᠢᠭᠡ ᠶ᠋ᠢᠨ ᠵᠠᠷᠯᠢᠭ ᠢ᠋ᠶ᠋ᠠᠷ ᠲᠣᠷᠯᠣᠭ ᠲᠣᠭᠣᠷᠢᠯ ᠲᠠᠨ ᠳ᠋ᠤ᠌ ᠭᠡᠵᠦ ᠢᠷᠡᠯ᠎ᠡ᠁ᠭᠡᠮᠡᠨ ᠠᠢᠯᠠᠳᠬᠠᠵᠤ᠂ ᠮᠡᠷᠭᠢᠳ ᠦ᠋ᠨ ᠳᠣᠲᠣᠷ ᠪᠢᠯᠭᠡ ᠨᠣᠶᠠᠨ᠂ 
       — ᠲᠣᠷᠯᠣᠭ ᠲᠣᠭᠣᠷᠢᠯ ᠪᠢᠳᠡ ᠭᠤᠷᠪᠠ ᠴᠢᠨ ᠲᠣᠯᠣᠭᠠᠢ ᠶ᠋ᠢᠨ ᠥᠪᠥᠷ ᠪᠠᠯ ᠳ᠋ᠤ᠌᠂ ᠶᠧᠯᠢᠦᠢ ᠳᠠᠰᠢ ᠶ᠋ᠢᠨ ᠲᠣᠭᠣᠰᠣᠨ ᠳᠣᠲᠣᠷ᠎ᠠ ᠲᠣᠭᠯᠠᠵᠤ ᠲᠠᠨᠢᠯᠴᠠᠭᠰᠠᠨ ᠤᠯᠤᠰ! ᠲᠡᠢᠮᠦ ᠪᠢᠵᠡ᠂ ᠬᠠᠲᠠᠭᠠᠨ ᠠᠨᠳᠠ ᠠ᠋! ᠭᠡᠵᠦ ᠨᠤᠲᠠᠯᠠᠵᠠᠢ᠃ ᠠᠮᠪᠠᠭᠠᠢ ᠬᠠᠭᠠᠨ ᠬᠥᠪᠡᠭᠦᠨ ᠬᠠᠲᠠᠭᠠᠨ ᠢ᠋ᠶ᠋ᠠᠨ ᠪᠠᠰᠠ ᠬᠦ᠌ ᠣᠢ ᠬᠤᠪᠢᠶᠠᠯᠴᠠ! ᠭᠡᠮᠡᠨ ᠢᠷᠡᠭᠦᠯᠦᠭᠰᠡᠨ ᠶᠦᠮ ᠰᠠᠨᠵᠠᠢ᠃ ᠶᠡᠷᠦ ᠮᠡᠷᠭᠢᠳ ᠦ᠋ᠨ ᠠᠭᠡ ᠨᠣᠶᠠᠨ ᠳᠣᠲᠣᠷ ᠪᠢᠯᠭᠡ᠂ ᠬᠠᠮᠤᠭ ᠮᠣᠩᠭᠣᠯ ᠤ᠋ᠨ ᠬᠠᠭᠠᠨ ᠠᠮᠪᠠᠭᠠᠢ ᠶ᠋ᠢᠨ ᠬᠠᠲᠠᠭᠠᠨ ᠬᠥᠪᠡᠭᠦᠨ ᠬᠣᠶᠠᠷ ᠣᠷᠣᠪᠠᠴᠤ ᠭᠠᠷᠪᠠᠴᠤ ᠬᠠᠮᠲᠤ ᠶᠠᠪᠤᠬᠤ ᠪᠥᠯᠥᠭᠡ᠃ ᠡᠨᠡ ᠤᠳᠠᠭ᠎ᠠ ᠴᠤ᠌ ᠲᠡᠷᠡ ᠪᠡᠷ ᠭᠤᠷᠪᠠᠨ ᠮᠡᠷᠭᠢᠳ ᠦ᠋ᠨ ᠢᠨᠠᠨᠴᠢ ᠪᠢᠯᠭᠡ ᠬᠠᠨ ᠤ᠋ ᠳ᠋ᠤ᠌ ᠡᠪᠦᠯ ᠦ᠋ᠨ ᠠᠪᠠ ᠬᠣᠮᠣᠷᠭ᠎ᠠ ᠳ᠋ᠤ᠌ ᠣᠷᠣᠯᠴᠠᠬᠤ ᠨᠡᠷ᠎ᠡ ᠪᠡᠷ ᠨᠠᠮᠤᠷ ᠣᠴᠢᠭᠠᠳ ᠯᠠ ᠬᠠᠭᠠᠨ ᠡᠴᠢᠭᠡ ᠳ᠋ᠡᠭᠡᠨ ᠬᠠᠷᠢᠵᠤ ᠣᠴᠢᠯ ᠦᠭᠡᠢ ᠡᠨᠡ ᠪᠣᠯᠵᠠᠢ᠃ ᠬᠠᠭᠠᠨ ᠬᠥᠪᠡᠭᠦᠳ ᠡᠢᠨ ᠬᠤᠷᠠᠨ ᠮᠣᠷᠢᠯᠠᠭᠰᠠᠨ ᠨᠢ ᠲᠣᠷᠯᠣᠭ ᠲᠤᠭᠤᠷᠢᠯ ᠤ᠋ᠨ ᠬᠤᠪᠢ ᠳ᠋ᠤ᠌ ᠪᠠᠶᠠᠷ ᠪᠠᠢᠪᠠ᠃ ᠬᠠᠷᠢᠨ ᠲᠠᠢ ᠲᠡᠮᠦᠷ᠂ ᠪᠤᠬ᠎ᠠ ᠲᠡᠮᠦᠷ ᠬᠣᠶᠠᠷ ᠤ᠋ᠨ ᠨᠡᠷ᠎ᠡ ᠵᠢᠭᠠᠬᠤ ᠬᠠᠨ ᠬᠥᠪᠡᠭᠦᠳ ᠡᠰᠡ ᠣᠯᠳᠠᠵᠠᠢ᠃ ᠪᠠᠰᠤᠳ ᠬᠢᠭᠡᠳ ᠣᠯᠬᠤᠨᠤᠳ᠂ ᠬᠣᠩᠭᠢᠷᠠᠳ ᠬᠢᠭᠡᠳ ᠪᠠᠭᠠᠷᠢᠨ ᠣᠪᠣᠭᠲᠠᠨ ᠲᠣᠮᠣ ᠠᠢᠮᠠᠭ ᠤ᠋ᠨ ᠠᠮᠠ ᠳᠠᠭᠠᠭᠤᠯᠵᠤ᠂ ᠬᠤᠢᠯᠠᠭ᠎ᠠ ᠶ᠋ᠢᠨ ᠨᠠᠢᠷ ᠢ᠋ ᠴᠢᠮᠡᠭᠡ ᠦᠭᠡᠢ ᠥᠨᠳᠥᠷᠯᠡᠬᠦ ᠶ᠋ᠢ ᠡᠷᠬᠢᠮ ᠳ᠋ᠦ᠍ ᠦᠵᠡᠵᠦ ᠠᠪᠠᠢ᠃ ᠲᠤᠤᠯᠠ ᠶ᠋ᠢᠨ ᠬᠠᠷ᠎ᠠ ᠰᠢᠭᠤᠢ ᠠ᠋ᠴᠠ ᠦᠷ ᠢ᠋ᠶ᠋ᠡᠷ ᠬᠥᠳᠡᠯᠦᠭᠰᠡᠨ ᠬᠤᠢᠯᠠᠭ᠎ᠠ ᠶ᠋ᠢᠨ ᠶᠡᠬᠡ ᠴᠤᠪᠤᠭᠠᠨ ᠤ᠋ ᠲᠡᠷᠢᠭᠦᠨ ᠳ᠋ᠦ᠍ ᠵᠠᠢᠷᠠᠩ ᠪᠡᠶ᠎ᠡ ᠪᠡᠷ ᠵᠠᠯᠠᠷᠠᠵᠤ ᠪᠢᠯᠡ᠃ ᠲᠡᠭᠦᠨ ᠦ᠌ ᠳᠠᠷᠠᠭ᠎ᠠ ᠡᠬᠡ ᠡᠴᠡ ᠪᠡᠨ ᠲᠥᠷᠥᠭᠰᠡᠨ ᠪᠡᠶ᠎ᠡ ᠪᠡᠨ ᠦᠵᠡᠭᠦᠯᠵᠦ᠂ ᠡᠷ᠎ᠡ ᠶ᠋ᠢᠨ ᠠᠮᠢᠰᠬᠤᠭ᠎ᠠ ᠠᠩᠬ᠎ᠠ ᠮᠡᠳᠡᠷᠡᠭᠰᠡᠨ ᠶᠡᠬᠡ ᠬᠠᠲᠤᠨ ᠢᠯᠮ᠎ᠠ ᠠᠰᠬᠠᠷᠠᠲᠠᠯ᠎ᠠ ᠤᠬᠢᠯᠠᠵᠤ᠂ ᠬᠠᠷᠢ ᠠ᠋ᠴᠠ ᠳᠠᠭᠠᠵᠤ ᠢᠷᠡᠭᠰᠡᠨ ᠡᠯᠵᠢᠭᠡᠳᠡᠢ ᠨᠣᠶᠠᠨ᠂ 
       一 ᠬᠠᠲᠤᠨ ᠲᠠ ᠰᠡᠳᠬᠢᠯ ᠢ᠋ᠶ᠋ᠡᠨ ᠪᠡᠷᠢ! ᠭᠡᠮᠡᠨ ᠲᠣᠬᠣᠢ ᠲᠦᠰᠢᠵᠦ ᠶᠠᠪᠤᠪᠠ᠃ ᠬᠥᠮᠦᠰ ᠦ᠋ᠨ ᠬᠡᠯᠡᠯᠴᠡᠬᠦ ᠨᠢ ᠬᠠᠭᠠᠨ ᠬᠣᠷᠵᠠᠬᠤᠰ ᠠᠮᠢᠰᠬᠤᠯ ᠣᠳᠬᠣᠯᠠᠭ᠎ᠠ ᠦᠭᠡᠢ ᠪᠠᠢᠬᠤ ᠳ᠋ᠤ᠌ ᠳᠡᠷ᠎ᠡ ᠨᠡᠢᠯᠡᠭᠰᠡᠨ ᠤᠯᠤᠰ ᠬᠡᠮᠡᠨ᠎ᠡ᠃ ᠭᠡᠪᠡᠴᠦ ᠰᠣᠨᠢᠨ ᠪᠣᠯᠭᠠᠨ ᠶᠠᠷᠢᠬᠤ ᠠ᠋ᠴᠠ ᠪᠤᠰᠤ ᠢᠯᠮ᠎ᠠ ᠬᠠᠲᠤᠨ ᠢ᠋ ᠵᠦᠬᠡᠭᠰᠡᠨ ᠵᠠᠨᠤᠭᠰᠠᠨ᠂ ᠡᠯᠵᠢᠭᠡᠳᠡᠢ ᠨᠣᠶᠠᠨ ᠢ᠋ ᠬᠠᠷᠢᠶᠠᠭᠰᠠᠨ᠂ ᠡᠨᠳᠡ ᠱᠣᠣ ᠦᠵᠡᠭᠰᠡᠨ ᠠᠶᠠᠯᠭᠤ ᠦᠭᠡᠢ ᠠᠵᠢ᠃ ᠡᠨᠡ ᠨᠢ ᠲᠩᠷᠢ ᠪᠣᠯᠤᠭᠠᠴᠢ ᠪᠣᠶᠣᠷᠤᠭ ᠬᠠᠭᠠᠨ ᠤ᠋ ᠲᠠᠲᠠᠪᠤᠷᠢ ᠡᠮᠡᠰ ᠦ᠋ᠨ ᠲᠣᠭ᠎ᠠ ᠠᠯᠳᠠᠭᠰᠠᠨ ᠲᠠᠢ ᠴᠤ᠌ ᠬᠣᠯᠪᠣᠭ᠎ᠠ ᠲᠠᠢ ᠪᠠᠢᠵᠤ ᠮᠡᠳᠡᠬᠦ ᠪᠥᠯᠥᠭᠡ᠃ ᠮᠥᠨᠥᠬᠡᠨ ᠬᠣᠶᠠᠷ ᠤ᠋ᠨ ᠠᠷᠤ ᠠ᠋ᠴᠠ ᠬᠡᠨ ᠨᠢ ᠴᠦ᠍ ᠶᠡᠬᠡ ᠣᠷᠣ ᠰᠠᠭᠤᠵᠤ ᠪᠦᠷᠢᠨ᠎ᠡ ᠪᠣᠯᠬᠤ ᠭᠤᠷᠪᠠᠨ ᠬᠠᠨ ᠬᠥᠪᠡᠭᠦᠳ ᠢᠵᠢᠯᠢ ᠵᠢᠰᠦᠮ ᠦ᠋ᠨ ᠮᠣᠷᠢ ᠲᠠᠢ ᠰᠠᠵᠢᠯᠠᠵᠤ ᠶᠠᠪᠤᠪᠠ᠃ ᠡᠢᠨ ᠬᠡᠯᠲᠦᠷᠢᠬᠦ ᠨᠢ ᠭᠤᠨᠢᠭ ᠲᠤ᠌ ᠠᠪᠲᠠᠭᠰᠠᠨ ᠤ᠋ ᠬᠢ ᠪᠤᠰᠤ᠂ ᠪᠣᠳᠣᠯ ᠳ᠋ᠤ᠌ ᠳᠠᠷᠤᠭᠳᠠᠭᠰᠠᠨ ᠤ᠋ ᠬᠢ ᠪᠢᠵᠡ᠃ ᠲᠤᠯᠭ᠎ᠠ ᠶ᠋ᠢᠨ ᠭᠤᠷᠪᠠᠨ ᠴᠢᠯᠠᠭᠤ ᠰᠢᠭ᠋ ᠠᠬ᠎ᠠ ᠳᠡᠭᠦᠦᠰ ᠦ᠋ᠨ ᠰᠢᠯᠢ ᠳᠠᠷᠤᠨ ᠶᠣᠰᠣᠯᠠᠵᠤ ᠠᠪᠤᠭᠰᠠᠨ ᠶᠢᠰᠦᠨ ᠬᠠᠲᠤᠨ᠂ ᠲᠡᠭᠡᠭᠡᠳ ᠡᠩᠭᠡᠷ ᠵᠥᠷᠢᠭᠦᠯᠡᠵᠦ ᠴᠡᠩᠭᠡᠯ ᠡᠳ᠋ᠯᠡᠳᠡᠭ ᠭᠠᠵᠠᠷ ᠭᠠᠵᠠᠷ ᠤ᠋ᠨ ᠲᠠᠲᠠᠪᠤᠷᠢ ᠡᠮᠡᠰ ᠦ᠋ᠨ ᠴᠤᠪᠤᠭ᠎ᠠ ᠦᠷᠭᠦᠯᠵᠢᠯᠡᠬᠦ ᠠᠪᠠᠢ᠃ ᠬᠣᠷᠵᠠᠬᠤᠰ ᠪᠣᠶᠣᠷᠤᠭ ᠮᠠᠨᠠᠨ ᠮᠡᠲᠦ ᠣᠯᠠᠨ ᠡᠮ᠎ᠡ ᠲᠡᠢ᠂ ᠪᠤᠳᠠᠩ ᠮᠡᠲᠦ ᠣᠯᠠᠨ ᠦᠷ᠎ᠡ ᠲᠡᠢ ᠭᠡᠳᠡᠭ ᠣᠷᠣ ᠲᠠᠢ ᠦᠭᠡ ᠪᠠᠢᠪᠠ᠃  ᠵᠠᠢᠷᠠᠩ ᠲᠣᠯᠣᠭᠠᠢᠯᠠᠭᠰᠠᠨ ᠬᠤᠢᠯᠠᠭ᠎ᠠ ᠶ᠋ᠢᠨ ᠶᠡᠬᠡ ᠴᠤᠪᠤᠭ᠎ᠠ ᠶᠡᠬᠡ ᠦᠳᠡ ᠶ᠋ᠢᠨ ᠠᠯᠲᠠ ᠳ᠋ᠤ᠌ ᠲᠡᠷᠢᠭᠦᠨ ᠥᠨᠳᠥᠷᠯᠢᠭ ᠦ᠋ᠨ ᠣᠷᠣᠢ ᠳ᠋ᠤ᠌ ᠭᠠᠷᠴᠤ ᠢᠷᠡᠯ᠎ᠡ᠃ ᠡᠪᠦᠯ ᠦ᠋ᠨ ᠡᠳᠦᠷ ᠪᠣᠭᠣᠨᠢᠬᠠᠨ ᠲᠤᠯᠠ ᠨᠠᠷᠠ ᠪᠠᠷᠠᠭᠤᠨ᠎ᠠ ᠬᠡᠯᠪᠡᠢᠵᠦ᠂ ᠣᠷᠣᠢ ᠶ᠋ᠢᠨ ᠵᠢᠪᠠᠷ ᠬᠠᠴᠠᠷ ᠠᠯᠠᠭᠠᠳᠠᠬᠤ ᠵᠢᠪᠡᠭᠦᠨ ᠳ᠋ᠦ᠍ ᠣᠮᠣᠭᠲᠤ ᠪᠣᠶᠣᠷᠤᠭ ᠤ᠋ᠨ ᠱᠠᠷᠢᠯ ᠢ᠋ ᠬᠠᠭᠤᠷᠠᠢ ᠮᠥᠴᠢᠷ ᠴᠤᠭᠯᠠᠭᠤᠯᠵᠤ ᠪᠡᠯᠡᠳᠦᠭᠰᠡᠨ ᠳᠠᠢᠯᠭ᠎ᠠ ᠶ᠋ᠢᠨ ᠣᠪᠤᠭᠠᠨ᠎ᠠ ᠲᠠᠯᠪᠢᠪᠠ᠃ ᠴᠢᠩᠭᠢᠭᠡᠳ ᠨᠠᠷᠠ ᠵᠥᠪ ᠭᠤᠷᠪᠠ ᠲᠣᠭᠣᠷᠢᠨ ᠰᠠᠯᠬᠤ ᠶᠣᠰᠣ ᠬᠢᠭᠡᠳ ᠰᠠᠯᠬᠢᠨ ᠳᠡᠭᠡᠷ᠎ᠡ ᠨᠢ ᠭᠠᠷᠴᠤ ᠪᠦᠭᠦᠳᠡ ᠴᠢᠮᠡᠭᠡ ᠦᠭᠡᠢ ᠰᠥᠭᠥᠳᠴᠦ ᠠᠪᠠᠢ᠃ ᠡᠢᠨ ᠨᠠᠮ ᠭᠦᠮ ᠪᠣᠯᠬᠤ ᠳ᠋ᠤ᠌ ᠵᠠᠢᠷᠠᠩ ᠪᠥᠬᠡ ᠶ᠋ᠢᠨ ᠬᠡᠴᠡ ᠬᠡᠩᠭᠡᠷᠭᠡ ᠰᠦᠷᠳᠡᠶ᠎ᠡ ᠨᠦᠷᠭᠢᠯᠡᠨ ᠬᠠᠳᠠ ᠳᠠᠮᠵᠢᠨ ᠴᠤᠤᠷᠢᠶᠠᠯᠠᠵᠤ᠂ 
            ᠬᠥᠮᠦᠨ ᠦ᠌ ᠮᠢᠬᠠᠨ 
            ᠬᠦᠨᠡᠰᠦᠲᠡᠨ ᠨᠦ᠍ᠭᠦᠳ 
            ᠬᠦᠷᠡᠯ ᠴᠢᠯᠠᠭᠤᠨ  
            ᠵᠢᠷᠦᠬᠡᠲᠡᠨ ᠨᠦ᠍ᠭᠦᠳ 
            ᠤᠯᠠᠭᠠᠨ ᠴᠢᠰᠤᠨ 
            ᠤᠮᠳᠠᠲᠠᠨ ᠨᠤᠭᠤᠳ 
            ᠤᠷᠤᠭ ᠰᠠᠳᠤᠨ 
            ᠢᠳᠡᠰᠢᠲᠡᠨ ᠨᠦ᠍ᠭᠦᠳ 
            ᠲᠠᠨᠢᠵᠤ ᠬᠠᠢᠷᠠᠯᠠ 
            ᠳᠠᠭᠠᠵᠤ ᠬᠠᠢᠷᠠᠯᠠ 
            ᠰᠣᠯᠢᠵᠤ ᠬᠠᠢᠷᠠᠯᠠ 
            ᠰᠣᠶᠣᠷᠬᠠᠵᠤ ᠬᠠᠢᠷᠠᠯᠠ 
            ᠬᠠᠨᠠᠲᠤ ᠭᠡᠷ ᠲᠦ᠍ ᠲᠥᠷᠥᠪᠡ ᠭᠡᠨ᠎ᠡ 
            ᠬᠠᠳᠠᠨ ᠭᠡᠷ ᠲᠦ᠍ ᠬᠠᠷᠢᠪᠠ ᠭᠡᠨ᠎ᠡ 
            ᠴᠢᠰᠤ ᠠᠳᠬᠤᠵᠤ ᠲᠥᠷᠥᠪᠡ ᠭᠡᠨ᠎ᠡ 
            ᠭᠠᠯ ᠬᠥᠯᠭᠡᠯᠡᠵᠦ ᠪᠤᠴᠠᠪᠠ ᠭᠡᠨ᠎ᠡ 
            ᠡᠷᠭᠢᠵᠦ ᠢᠷᠡᠭᠦᠯ! 
            ᠡᠯᠪᠡᠵᠦ ᠲᠥᠷᠥᠭᠦᠯ! 
            ᠠᠷᠢᠭᠤᠰᠤᠨ ᠶᠠᠪᠤᠭᠤᠯ! 
            ᠠᠬᠢᠵᠤ ᠳᠦᠷᠦᠭᠦᠯ! 
            ᠴᠡᠴᠡᠨ ᠨᠣᠶᠠᠨ 
            ᠢᠷᠡᠬᠦ ᠦᠭᠡᠢ ᠪᠣᠯ 
            ᠴᠡᠴᠡᠭᠲᠦ ᠠᠭᠤᠯᠠ ᠶ᠋ᠢᠨ 
            ᠴᠡᠭᠡᠵᠢ ᠪᠡᠲᠡᠭᠢᠷᠡᠨ᠎ᠡ 
            ᠤᠬᠠᠭᠠᠨᠲᠤ ᠨᠣᠶᠠᠨ 
            ᠲᠥᠷᠥᠬᠦ ᠦᠭᠡᠢ ᠪᠣᠯ 
            ᠰᠦᠵᠢᠭᠲᠦ ᠣᠯᠠᠨ ᠤ᠋ 
            ᠰᠡᠭᠦᠳᠡᠷ ᠪᠡᠲᠡᠭᠢᠷᠡᠨ᠎ᠡ 
            ᠢᠷᠡᠭᠦᠯ ᠢᠷᠡᠭᠦᠯ ᠲᠥᠷᠥᠭᠦᠯ ᠲᠥᠷᠥᠭᠦᠯ᠁ ᠭᠡᠮᠡᠨ ᠬᠥᠬᠡ ᠴᠢᠯᠠᠭᠤ ᠢᠯᠢᠨ ᠰᠡᠪᠡᠯᠵᠡᠬᠦ ᠰᠠᠯᠬᠢᠨ ᠳᠤᠮᠳᠠ ᠬᠥᠬᠡ ᠳᠠᠢᠯᠭ᠎ᠠ ᠣᠯᠢᠵᠤ ᠳᠠᠭᠤᠳᠠᠪᠠ ᠠ᠋᠃ ᠡᠨᠡ ᠬᠢᠷᠢ ᠵᠠᠢᠷᠠᠩ ᠬᠥᠬᠡ ᠴᠠᠬᠢᠭᠤᠷ ᠴᠠᠬᠢᠵᠤ ᠣᠴᠢ ᠬᠦᠷᠭᠡᠬᠦ ᠳ᠋ᠦ᠍ ᠬᠠᠭᠤᠷᠠᠢ ᠮᠥᠴᠢᠷ ᠳᠦᠷᠡᠯᠵᠡᠨ ᠠᠰᠠᠵᠤ᠂ ᠭᠠᠯ ᠬᠦᠯᠦᠭᠯᠡᠭᠰᠡᠨ ᠬᠣᠷᠵᠠᠬᠤᠰ ᠪᠤᠶᠤᠷᠣᠭ᠋ ᠬᠥᠬᠡ ᠲᠡᠭᠷᠢ ᠥᠭᠡᠳᠡ ᠣᠳᠬᠤ ᠨᠢ ᠡᠨᠡ ᠪᠥᠯᠥᠭᠡ᠃ ᠬᠣᠩᠭᠣᠷ ᠴᠠᠰᠤᠨ ᠳᠡᠭᠡᠷ᠎ᠡ ᠰᠥᠬᠥᠷᠡᠨ ᠰᠠᠭᠤᠭᠰᠠᠨ ᠣᠯᠠᠨ᠂ 
       — ᠬᠤᠷᠤᠢ᠁ ᠬᠤᠷᠤᠢ᠁ ᠬᠤᠷᠤᠢ᠁ ᠭᠡᠵᠦ ᠳᠠᠭᠤ ᠨᠡᠢᠯᠡᠨ ᠠᠬᠤᠢ ᠳ᠋ᠤ᠌ ᠶᠡᠬᠡ ᠭᠠᠯ ᠤ᠋ᠨ ᠳᠡᠷᠭᠡᠳᠡ ᠬᠦᠯᠦᠭ ᠢ᠋ ᠨᠢ ᠣᠩᠭᠣᠯᠠᠵᠤ᠂ ᠪᠠᠰᠠ ᠬᠦ᠌ ᠦᠰᠦ ᠪᠡᠨ ᠥᠭᠲᠡᠭᠡᠨ ᠴᠢᠷᠠᠯᠠᠬᠤ ᠭᠤᠷᠪᠠᠨ ᠵᠠᠯᠠᠭᠤ ᠥᠬᠢᠨ ᠢ᠋ ᠳᠠᠢᠯᠭ᠎ᠠ ᠲᠠᠭᠠᠯᠠᠵᠤ᠂ ᠲᠩᠷᠢ ᠶ᠋ᠢᠨ ᠣᠷᠣᠨ ᠳ᠋ᠤ᠌ ᠬᠠᠭᠠᠨ ᠤ᠋ ᠰᠢᠪᠡᠭᠴᠢᠨ ᠢ᠋ᠶ᠋ᠡᠷ ᠢᠯᠡᠭᠡᠵᠦ ᠠᠪᠠᠢ᠃ ᠬᠡᠷᠡᠢᠳ ᠶᠡᠷᠦ ᠲᠣᠭᠰᠢᠨ ᠲᠦᠮᠡᠨ ᠶᠦ᠍ᠮ᠃ ᠲᠡᠷᠡ ᠬᠦ᠌ ᠠᠳᠠᠪᠠᠰᠢ ᠴᠢᠨᠠᠷ ᠨᠢ ᠬᠤᠢᠯᠠᠭ᠎ᠠ᠂ ᠳᠠᠢᠯᠭ᠎ᠠ ᠶ᠋ᠢᠨ ᠨᠠᠢᠷ ᠠ᠋ᠴᠠ ᠴᠤ᠌ ᠬᠠᠷᠠᠭᠳᠠᠬᠤ ᠪᠣᠯᠠᠢ᠃ ᠡᠢᠨ ᠠᠵᠢᠭᠯᠠᠵᠤ ᠵᠣᠭᠰᠣᠬᠤ ᠳ᠋ᠤ᠌ ᠲᠡᠷᠡ ᠬᠦ ᠭᠠᠯ ᠳᠥᠯᠥ᠂ ᠭᠠᠰᠢᠭᠤᠳᠠᠯ ᠣᠢ ᠠ᠋ᠴᠠ ᠲᠣᠷᠯᠣᠭ ᠲᠤᠭᠤᠷᠢᠯ ᠤ᠋ᠨ ᠬᠢᠯᠢᠩᠲᠦ ᠨᠢᠳᠦ᠂ ᠲᠡᠢ ᠲᠡᠮᠦᠷ ᠦ᠋ᠨ ᠬᠡᠮᠡᠯᠢᠬᠦ ᠤᠷᠤᠭᠤᠯ᠂ ᠪᠤᠬ᠎ᠠ ᠲᠡᠮᠦᠷ ᠦ᠋ᠨ ᠲᠠᠰᠤ ᠵᠠᠩᠭᠢᠳᠤᠭᠰᠠᠨ ᠭᠠᠷ ᠠ᠋ᠴᠠ ᠴᠡᠭᠡᠵᠢᠨ ᠳ᠋ᠦ᠍ ᠪᠤᠴᠠᠯᠵᠤ ᠪᠣᠢ ᠲᠣᠭᠰᠢᠨ ᠠᠶᠢᠭ ᠵᠠᠩ ᠢ᠋ ᠮᠡᠳᠡᠷᠡᠵᠦ ᠪᠣᠯᠬᠤ ᠪᠣᠯᠠᠢ᠃ ᠶᠢᠰᠦᠭᠡᠢ ᠬᠡᠷᠡᠢᠳ ᠦ᠋ᠨ ᠨᠤᠲᠤᠭ ᠠ᠋ᠴᠠ ᠰᠡᠳᠬᠢᠯ ᠬᠠᠷ᠎ᠠ ᠲᠠᠢ᠂ ᠵᠣᠪᠬᠢ ᠤᠷᠤᠭᠤ ᠪᠠᠨ ᠢᠷᠡᠵᠡᠢ᠃ ᠪᠣᠶᠣᠷᠣᠭ᠋ ᠡᠴᠢᠭᠡ ᠳ᠋ᠦ᠍ ᠵᠠᠶᠠᠭᠠᠭᠰᠠᠨ ᠲᠤᠯᠭ᠎ᠠ ᠶ᠋ᠢᠨ ᠴᠢᠯᠠᠭᠤ ᠰᠢᠭ᠋ ᠭᠤᠷᠪᠠᠨ ᠰᠠᠢᠬᠠᠨ ᠬᠥᠪᠡᠭᠦᠨ ᠨᠢ ᠲᠠᠩᠭᠠᠷᠢᠭ ᠲᠠᠰᠤᠷᠠᠵᠤ ᠮᠡᠳᠡᠬᠦ ᠨᠢ ᠠ᠋᠃ ᠡᠯ᠎ᠡ ᠪᠣᠳᠣᠯ ᠶᠢᠰᠦᠭᠡᠢ ᠶ᠋ᠢ ᠵᠣᠪᠠᠭᠠᠵᠤ《ᠪᠢᠳᠡ ᠪᠦᠷ ᠵᠢᠷᠭᠤᠭᠤᠯᠠ ᠪᠢᠯᠡ》ᠭᠡᠬᠦ ᠲᠦᠭᠰᠢᠯ ᠥᠷᠭᠥᠭᠡ ᠭᠡᠷ ᠦ᠋ᠨ ᠵᠦᠭ ᠶᠠᠭᠠᠷᠠᠨ ᠰᠠᠨᠳᠤᠷᠤᠨ ᠵᠢᠯᠣᠭᠣ ᠵᠠᠯᠠᠬᠤ ᠳ᠋ᠤ᠌ ᠬᠦᠷᠭᠡᠵᠡᠢ᠃ 
       ᠪᠠᠷᠠᠳᠠᠨᠪᠠᠭᠠᠲᠤᠷ ᠨᠣᠶᠠᠨ ᠤ᠋ ᠬᠦᠷᠢᠶ᠎ᠡ ᠬᠡᠷᠡᠢᠳ ᠨᠤᠲᠤᠭ ᠤ᠋ᠨ ᠬᠠᠶᠠᠭ᠎ᠠ ᠰᠢᠬᠠᠵᠤ᠂ ᠬᠡᠷᠦᠯᠦᠨ ᠦ᠌ ᠳᠣᠣᠷᠠᠲᠤ ᠤᠷᠤᠭᠤ᠂ ᠪᠤᠷᠬᠠᠨ ᠬᠠᠯᠳᠤᠨ ᠠᠭᠤᠯᠠ ᠶ᠋ᠢᠨ ᠪᠠᠷᠠᠭᠤᠨ ᠬᠣᠷᠮᠣᠢ ᠳᠠᠷᠤᠵᠤ ᠡᠪᠦᠯᠵᠢᠭᠰᠡᠨ ᠪᠥᠯᠥᠭᠡ᠃ ᠡᠴᠢᠭᠡ ᠨᠣᠶᠠᠨ ᠤ᠋ ᠬᠦᠷᠢᠶ᠎ᠡ ᠪᠠᠭᠤᠴᠠᠨ ᠤ᠋ ᠪᠠᠷ᠎ᠠ ᠬᠠᠷᠠᠭᠳᠠᠬᠤ ᠳ᠋ᠤ᠌ ᠮᠣᠷᠢᠨ ᠤ᠋ ᠵᠢᠯᠣᠭᠣ ᠲᠠᠲᠠᠰᠬᠢᠨ ᠬᠡᠯᠲᠦᠷᠢᠭᠦᠯᠪᠡ᠃ ᠬᠥᠯᠳᠡᠭᠦᠦ ᠭᠠᠵᠠᠷ ᠪᠥᠮᠪᠥᠷᠳᠡᠵᠦ ᠠᠭᠰᠠᠨ ᠣᠯᠠᠨ ᠮᠣᠷᠢᠳ ᠤ᠋ᠨ ᠲᠤᠭᠤᠷᠠᠢ ᠶ᠋ᠢᠨ ᠴᠢᠮᠡᠭᠡ ᠨᠠᠮᠳᠠᠬᠤ ᠦᠶᠡᠰ ᠠᠮᠪᠠᠭᠠᠢ ᠬᠠᠭᠠᠨ ᠤ᠋ ᠳᠠᠭᠤᠨ ᠠᠬᠢᠨ ᠰᠣᠨᠣᠰᠳᠠᠵᠤ᠂ 
       — ᠠᠭᠤᠤ ᠶᠡᠬᠡ ᠰᠦᠯᠳᠡ ᠬᠡᠢ ᠮᠣᠷᠢ ᠠᠢᠰᠤᠢ ᠶ᠋ᠢ ᠪᠢ ᠮᠡᠳᠡᠷᠡᠵᠦ ᠪᠠᠢᠨ᠎ᠠ! ᠭᠡᠮᠡᠨ ᠥᠭᠦᠯᠡᠵᠦ ᠠᠪᠠᠢ᠃ ᠶᠡᠷᠦ ᠥᠬᠢᠨᠪᠠᠷᠬᠠᠭ ᠠᠪᠠᠭ᠎ᠠ ᠶ᠋ᠢᠨ ᠱᠠᠷᠢᠯ ᠤ᠋ᠨ ᠳᠡᠷᠭᠡᠳᠡ ᠰᠣᠨᠣᠰᠤᠭᠰᠠᠨ ᠡᠨᠡ ᠦᠭᠡ ᠵᠡᠭᠦᠳᠦᠨ ᠳ᠋ᠦ᠍ᠨᠢ ᠬᠠᠷᠠᠭᠳᠠᠵᠤ᠂ ᠴᠢᠬᠢᠨ ᠳ᠋ᠦ᠍ᠨᠢ ᠰᠣᠨᠣᠰᠳᠠᠨ ᠪᠠᠢᠬᠤ ᠪᠣᠯᠵᠠᠢ᠃ 
       — ᠠᠭᠤᠤ ᠶᠡᠬᠡ ᠰᠦᠯᠳᠡ ᠬᠡᠢ ᠮᠣᠷᠢ ᠠᠢᠰᠤᠢ ᠶ᠋ᠢ ᠪᠢ ᠮᠡᠳᠡᠷᠡᠵᠦ ᠪᠠᠢᠨ᠎ᠠ᠃ 
       ᠡᠴᠢᠭᠡ ᠨᠣᠶᠠᠨ᠂ ᠶᠢᠰᠦᠭᠡᠢ ᠬᠦᠦ ᠳ᠋ᠡᠭᠡᠨ ᠲᠤᠰᠬᠠᠢ ᠥᠷᠭᠥᠭᠡ ᠪᠠᠢᠭᠤᠯᠵᠤ᠂ ᠥᠭᠡᠯᠦᠨ ᠦᠵᠢᠨ ᠲᠡᠢ ᠳᠡᠷ᠎ᠡ ᠨᠢᠭᠡᠳᠬᠦ ᠶ᠋ᠢᠨ ᠬᠤᠷᠢᠮ ᠬᠢᠵᠦ ᠬᠠᠮᠤᠭ ᠮᠣᠩᠭᠣᠯ ᠤ᠋ᠨ ᠬᠠᠭᠠᠳ ᠨᠣᠶᠠᠳ ᠬᠤᠷᠠᠨ ᠴᠢᠭᠤᠯᠵᠤ ᠶᠣᠰᠣᠯᠠᠭᠰᠠᠨ ᠨᠢ ᠪᠣᠢ᠃ ᠬᠠᠷᠢᠨ ᠬᠠᠯᠠᠭᠤᠨ ᠨᠠᠮᠤᠷ ᠢ᠋ᠶ᠋ᠠᠷ ᠶᠢᠰᠦᠨ ᠲᠠᠲ᠋ᠠᠷ ᠢ᠋ ᠳᠠᠢᠯᠠᠷ᠎ᠠ ᠮᠣᠷᠳᠠᠭᠰᠠᠨ ᠬᠤᠲᠤᠭᠲᠤ ᠮᠣᠩᠬᠣᠷ ᠬᠦᠷᠦᠯᠴᠡᠨ ᠢᠷᠡᠵᠦ ᠡᠰᠡ ᠴᠢᠳᠠᠭᠰᠠᠨ ᠠᠵᠤᠭᠤ᠃ ᠲᠡᠭᠦᠨ ᠦ᠌ ᠴᠡᠷᠢᠭ ᠦ᠋ᠳ ᠶᠡᠬᠡ ᠡᠯᠡᠰᠦᠨ ᠦ᠌ ᠨᠠᠭᠠᠨ᠎ᠠ ᠬᠣᠷᠣᠭᠠᠯᠠᠨ ᠰᠢᠪᠡᠭᠡᠯᠡᠵᠦ᠂ ᠬᠦᠯᠦᠭ ᠮᠣᠷᠢᠳ ᠢ᠋ᠶ᠋ᠠᠨ ᠠᠮᠠᠷᠠᠭᠠᠵᠤ᠂ ᠬᠦᠯᠦᠭ ᠪᠠᠭᠠᠲᠤᠷ ᠤ᠋ᠳ ᠢ᠋ᠶ᠋ᠠᠨ ᠲᠡᠩᠬᠡᠷᠡᠭᠦᠯᠵᠦ ᠪᠣᠢ ᠰᠠᠨᠵᠠᠢ᠃ ᠬᠠᠷᠢᠨ ᠵᠡᠭᠦᠨ ᠭᠠᠷ ᠢ᠋ ᠲᠡᠷᠢᠭᠦᠯᠡᠨ ᠮᠣᠷᠳᠠᠭᠰᠠᠨ ᠬᠤᠯᠠᠨ ᠠᠪᠠᠭ᠎ᠠ ᠴᠡᠷᠢᠭ ᠢ᠋ᠶ᠋ᠡᠨ ᠲᠠᠲᠠᠵᠤ ᠲᠦᠩᠬᠡᠯᠢᠭ ᠭᠣᠷᠤᠬᠠᠨ᠎ᠠ ᠬᠦᠷᠢᠶ᠎ᠡ ᠡᠭᠦᠰᠬᠡᠨ ᠪᠠᠭᠤᠳᠠᠯᠯᠠᠵᠤ ᠠᠪᠠᠢ᠃ ᠪᠠᠷᠠᠭᠤᠨ ᠭᠠᠷ ᠤ᠋ᠨ ᠴᠡᠷᠢᠭ ᠢ᠋ ᠠᠬᠠᠯᠠᠨ ᠮᠣᠷᠳᠠᠭᠰᠠᠨ ᠵᠠᠯᠠᠭᠤ ᠲᠣᠳᠣᠢᠨ ᠶᠡᠬᠡ ᠡᠯᠡᠰᠦ ᠶ᠋ᠢ ᠭᠠᠲᠤᠯᠵᠤ᠂ ᠶᠢᠰᠦᠨ ᠲᠠᠲ᠋ᠠᠷ ᠤ᠋ᠨ ᠪᠣᠱᠣᠭ᠎ᠠ ᠵᠦᠭ ᠲᠦ᠍ ᠡᠪᠦᠯᠵᠢᠵᠦ ᠪᠣᠢ ᠭᠡᠯᠴᠡᠨ᠎ᠡ᠃ ᠭᠡᠪᠡᠴᠦ ᠲᠥᠷᠥᠭᠰᠡᠨ ᠳᠡᠭᠦᠦ ᠡᠴᠡ ᠰᠤᠷᠠᠭ ᠠᠵᠢᠭ ᠦᠭᠡᠢ ᠳ᠋ᠦ᠍ ᠡᠴᠢᠭᠡ ᠦᠨᠡᠨ ᠰᠡᠳᠬᠢᠯ ᠲᠠᠪᠠ ᠦᠭᠡᠢᠷᠬᠡᠨ᠂ ᠴᠠᠭ ᠤ᠋ᠨ ᠴᠠᠭ ᠲᠤ᠌ ᠤᠴᠠᠭᠠᠷ ᠪᠠᠢᠬᠤ ᠪᠣᠯᠵᠠᠢ᠃ ᠲᠡᠷᠡ ᠪᠡᠷ ᠶᠡᠬᠡ ᠦᠷᠭᠦᠭᠡᠨ ᠡᠴᠡ ᠴᠤᠬᠤᠢᠬᠤ ᠨᠢ ᠴᠦ᠍ ᠬᠣᠪᠣᠷ ᠪᠣᠯᠵᠤ᠂ ᠶᠡᠷᠦ ᠬᠠᠷᠯᠢ ᠺᠤ ᠡᠵᠢ ᠳ᠋ᠦ᠍ ᠣᠴᠢᠵᠤ ᠵᠣᠯᠭᠠᠭᠰᠠᠨ ᠠ᠋ᠴᠠ ᠬᠣᠢᠰᠢ ᠭᠡᠷ ᠡᠴᠡ ᠴᠤᠬᠤᠢᠭᠰᠠᠨ ᠦᠭᠡᠢ᠃ ᠬᠠᠷ᠎ᠠ ᠲᠣᠯᠣᠭᠠᠢ ᠲᠠᠢ ᠨᠣᠶᠠᠨ ᠠ᠋ᠴᠠ ᠴᠠᠭᠠᠨ ᠲᠡᠷᠢᠭᠦᠨ ᠲᠡᠢ ᠪᠣᠯᠲᠠᠯ᠎ᠠ ᠬᠠᠮᠤᠭ ᠮᠣᠩᠭᠣᠯ ᠤ᠋ᠨ ᠲᠥᠯᠥᠭᠡ ᠵᠢᠳᠬᠦᠭᠰᠡᠨ ᠡᠪᠦᠭᠡᠨ ᠨᠣᠶᠠᠨ ᠤ᠋ ᠴᠢᠬᠢᠨ ᠳ᠋ᠦ᠍᠂ 
       — ᠠᠭᠤᠤ ᠶᠡᠬᠡ ᠰᠦᠯᠳᠡ ᠬᠡᠢ ᠮᠣᠷᠢ ᠠᠢᠰᠤᠢ ᠶ᠋ᠢ ᠪᠢ ᠮᠡᠳᠡᠷᠡᠵᠦ ᠪᠠᠢᠨ᠎ᠠ! ᠭᠡᠬᠦ ᠦᠭᠡ ᠰᠣᠨᠣᠰᠳᠠᠭᠰᠠᠭᠠᠷ ᠴᠤ᠌ ᠬᠡᠯᠡ ᠠᠮᠠ ᠪᠠᠨ ᠦᠯᠦ ᠣᠯᠤᠯᠴᠠᠭᠰᠠᠨ ᠠᠬᠠᠨ ᠲᠡᠭᠦᠰ ᠢᠷᠡᠵᠦ ᠶᠠᠪᠤᠭ᠎ᠠ ᠰᠠᠢᠨ ᠴᠠᠭ ᠢ᠋ ᠦᠷᠭᠦᠭᠡᠴᠢᠬᠡᠬᠦ ᠭᠡᠳ ᠪᠠᠢᠬᠤ ᠰᠢᠭ᠋ ᠰᠠᠨᠠᠭᠳᠠᠵᠠᠢ᠃ ᠶᠢᠰᠦᠭᠡᠢ ᠳ᠋ᠦ᠍ ᠴᠦ᠍ ᠪᠠᠰᠠ ᠡᠢᠮᠦ ᠪᠣᠳᠣᠯ ᠲᠥᠷᠥᠭᠰᠡᠨ ᠨᠢ ᠪᠣᠢ᠃ ᠶᠢᠰᠦᠨ ᠲᠠᠲ᠋ᠠᠷ ᠬᠢᠭᠡᠳ ᠠᠯᠲᠠᠨ ᠤᠯᠤᠰ ᠠ᠋ᠴᠠ ᠢᠯᠡᠭᠦᠦ ᠳᠣᠲᠣᠭᠠᠳᠤ ᠶ᠋ᠢᠨ ᠦᠢᠮᠡᠭᠡᠨ ᠰᠠᠮᠠᠭᠤᠨ᠂ ᠪᠤᠰᠤᠷᠮᠠᠭ ᠰᠠᠨᠠᠭ᠎ᠠ ᠥᠪᠡᠷ ᠢ᠋ ᠪᠡᠨ ᠶᠡᠭᠦᠳᠬᠡᠬᠦ ᠨᠢ ᠬᠠᠯᠠᠭ ᠪᠣᠯᠤᠭᠠᠳ ᠪᠠᠢᠪᠠ᠃  


               7 

       ᠠᠮᠪᠠᠭᠠᠢ ᠬᠠᠭᠠᠨ ᠤ᠋ ᠵᠣᠷᠢᠮᠠᠭ ᠰᠢᠢᠳ ᠪᠦᠭᠦᠳᠡ ᠶ᠋ᠢ ᠰᠣᠴᠢᠭᠠᠪᠠ᠃ ᠮᠥᠨᠥᠬᠡᠨ ᠳᠡᠯᠡᠬᠡᠢ ᠳᠡᠯᠡᠩᠨᠡᠭᠰᠡᠨ ᠬᠤᠷ᠎ᠠ ᠲᠠᠢ ᠵᠤᠨ ᠤ᠋ ᠬᠡᠰᠢᠭ ᠭᠡᠮᠡᠨ ᠤᠷᠤᠭᠤᠯ ᠴᠢᠮᠴᠢᠭᠡᠨᠡᠭᠰᠡᠨ ᠡᠰᠦᠭ ᠵᠠᠯᠭᠢᠯᠠᠵᠤ᠂ ᠤᠬᠠᠭᠠᠨ ᠰᠡᠯᠪᠢᠬᠦ ᠬᠣᠣᠷᠠᠵᠠ ᠠᠮᠰᠠᠨ ᠢᠨᠢᠶᠡᠳᠦ ᠬᠥᠷ ᠪᠣᠯᠵᠤ ᠠᠭᠰᠠᠨ ᠶᠡᠬᠡᠰ ᠳᠡᠭᠡᠳᠦᠰ ᠪᠦᠯᠡᠬᠡ ᠵᠠᠯᠭᠢᠭᠰᠠᠨ ᠮᠡᠲᠦ ᠪᠣᠯᠵᠠᠢ᠂ ᠳᠡᠯᠭᠡᠷ ᠤᠯᠠᠷᠢᠯ ᠤ᠋ᠨ ᠴᠡᠴᠡᠭ ᠦ᠋ᠨ ᠳᠤᠮᠳᠠ ᠭᠠᠳᠠᠭᠠᠯᠠᠵᠤ᠂ ᠳᠡᠨᠵᠢ ᠳᠡᠪᠰᠡᠭ ᠳᠡᠭᠡᠷ᠎ᠡ ᠢᠯᠡ ᠵᠠᠰᠠᠭᠰᠠᠨ ᠢᠳᠡᠭᠡ ᠪᠤᠳᠠᠭ᠎ᠠ᠂ ᠠᠮᠲᠠᠲᠤ ᠵᠢᠮᠢᠰ ᠲᠡᠷᠢᠭᠦᠲᠡᠨ ᠳ᠋ᠦ᠍ ᠰᠢᠯᠦᠩᠭᠢᠲᠦᠨ ᠬᠣᠷᠭᠣᠳᠠᠵᠤ ᠳᠦᠩᠭᠢᠨᠡᠨ ᠡᠷᠭᠢᠯᠳᠦᠬᠦ ᠢᠯᠠᠭᠠᠨ ᠤ᠋ ᠴᠢᠮᠡᠭᠡᠨ ᠡᠴᠡ ᠥᠭᠡᠷ᠎ᠡ ᠠᠨᠢᠷ ᠦᠭᠡᠢ ᠠᠵᠢ᠃ ᠠᠮᠪᠠᠭᠠᠢ ᠬᠠᠭᠠᠨ ᠲᠥᠷᠥᠭᠦᠯᠵᠦ ᠥᠰᠬᠡᠭᠰᠡᠨ ᠭᠤᠷᠪᠠᠨ ᠬᠦᠦ ᠪᠣᠢ ᠠᠲᠠᠯ᠎ᠠ᠂ ᠲᠡᠭᠦᠨ ᠦ᠌ ᠳᠤᠮᠳᠠ ᠠ᠋ᠴᠠ ᠲᠡᠪᠡᠷᠢᠵᠦ ᠥᠰᠬᠡᠭᠰᠡᠨ ᠬᠠᠲᠠᠭᠠᠨ ᠬᠥᠪᠡᠭᠦᠨ ᠪᠠᠢᠬᠤ ᠠᠲᠠᠯ᠎ᠠ ᠦᠰᠦ ᠪᠡᠨ ᠬᠠᠭᠠᠯᠵᠤ ᠬᠠᠷᠢ ᠳ᠋ᠤ᠌ ᠣᠴᠢᠬᠤ᠂ ᠡᠪᠦᠷ ᠢ᠋ᠶ᠋ᠡᠨ ᠨᠡᠭᠡᠭᠡᠵᠦ ᠬᠥᠮᠦᠨ ᠳ᠋ᠦ᠍ ᠣᠴᠢᠬᠤ ᠭᠦᠩᠵᠦ ᠪᠡᠨ ᠥᠪᠡᠷ ᠦ᠋ᠨ ᠪᠡᠶ᠎ᠡ ᠪᠡᠷ ᠬᠦᠷᠭᠡᠵᠦ ᠥᠭᠰᠦ ᠬᠡᠮᠡᠵᠡᠢ᠃ ᠵᠣᠷᠢᠭ ᠨᠢ ᠰᠠᠢᠬᠠᠨ ᠶᠤᠮ᠃ ᠭᠡᠪᠡᠴᠦ ᠡᠷᠲᠡᠨ ᠦ᠌ ᠥᠰᠲᠦ ᠶᠢᠰᠦᠨ ᠲᠠᠲ᠋ᠠᠷ ᠬᠠᠮᠤᠭ ᠮᠣᠩᠭᠣᠯ ᠤ᠋ᠨ ᠬᠠᠭᠠᠨ ᠠᠮᠪᠠᠭᠠᠢ ᠶ᠋ᠢ ᠤᠷᠤᠭ ᠪᠠᠷᠢᠯᠳᠤᠪᠠ ᠭᠡᠮᠡᠨ ᠤᠷᠢᠵᠤ ᠠᠪᠠᠴᠢᠭᠠᠳ ᠠᠮᠢᠳᠤ ᠶᠠᠪᠤᠭᠤᠯᠬᠤ ᠨᠢ ᠶᠠᠭᠤ ᠯᠠ ᠪᠣᠯ ᠭᠡᠮᠡᠨ ᠡᠷᠡᠭᠡᠯᠵᠡᠵᠦ ᠠᠪᠠᠢ᠃ ᠾᠦᠩᠨᠦ ᠭᠦᠷᠦᠨ ᠦ᠌ ᠶᠡᠬᠡ ᠪᠠᠭᠤᠷᠢᠨ ᠳᠡᠭᠡᠷ᠎ᠡ ᠴᠣᠭ ᠲᠠᠢ ᠨᠣᠷᠮ᠎ᠠ ᠶ᠋ᠢ ᠨᠢ ᠲᠣᠭᠣᠷᠢᠨ ᠲᠣᠭᠯᠠᠵᠤ ᠦᠯᠡᠳᠡᠭᠰᠡᠨ ᠬᠡᠳᠦᠨ ᠬᠡᠦᠬᠡᠳ ᠰᠢᠭ ᠴᠥᠭᠡᠪᠦᠷᠢ ᠨᠢᠯᠬ᠎ᠠ ᠠᠢᠮᠠᠭ ᠨᠢᠭᠡᠨ ᠶᠠᠷᠢᠶᠠᠨ ᠦᠭᠡᠢ ᠲᠠᠲ᠋ᠠᠷ ᠠᠢᠮᠠᠭ ᠮᠥᠨ ᠪᠢᠯᠡ᠃ ᠭᠡᠪᠡᠴᠦ ᠥᠰᠴᠦ ᠥᠨᠳᠡᠢᠬᠦ ᠴᠠᠭ ᠲᠤ᠌ ᠬᠠᠶᠠᠭ᠎ᠠ ᠪᠠᠨ ᠬᠠᠳᠤᠷᠴᠤ᠂ ᠵᠠᠶᠢᠭ ᠪᠤᠳᠠᠩᠲᠤᠭᠤᠯᠵᠤ ᠠᠬ᠎ᠠ ᠳᠡᠭᠦᠦ ᠠᠢᠮᠠᠭ ᠲᠠᠭᠠᠨ ᠠᠳᠠ ᠪᠣᠯᠵᠤ ᠪᠤᠢᠷ ᠨᠠᠭᠤᠷ ᠤ᠋ᠨ ᠰᠣᠯᠣᠩᠭᠣᠳ ᠲᠡᠢᠰᠢ ᠨᠤᠲᠤᠭ ᠭᠤᠶᠤᠵᠤ ᠣᠴᠢᠬᠤ ᠳ᠋ᠤ᠌ ᠬᠦᠷᠦᠭᠰᠡᠨ ᠵᠤᠨ ᠶᠤᠮ᠃ ᠶᠡᠷᠦ ᠶᠠᠮᠠᠷ ᠰᠠᠢᠨ ᠳ᠋ᠠᠭᠠᠨ ᠲᠠᠲᠠᠪᠤᠷᠢ ᠡᠷ᠎ᠡ ᠬᠡᠮᠡᠬᠦ ᠮᠠᠭᠤ ᠨᠡᠷ᠎ᠡ ᠵᠡᠭᠦᠪᠡ ᠭᠡᠵᠦ᠃ ᠮᠥᠨᠥᠬᠡᠨ ᠲᠤᠯᠭ᠎ᠠ ᠪᠠᠨ ᠠᠴᠢᠵᠤ ᠲᠤᠭᠤᠷᠭ᠎ᠠ ᠪᠠᠨ ᠡᠪᠬᠡᠵᠦ ᠲᠤᠭᠤᠷᠠᠢ ᠲᠠᠢ ᠪᠣᠯᠲᠠᠯ᠎ᠠ ᠶᠠᠪᠠᠭᠠᠨ ᠨᠢᠴᠦᠭᠦᠨ ᠮᠠᠴᠤᠨ ᠣᠴᠢᠭᠰᠠᠨ ᠲᠠᠲᠠᠪᠤᠷᠢ ᠡᠷᠡᠰ ᠲᠦ᠍ ᠵᠦᠷᠴᠢᠳ ᠴᠦ᠍᠂ ᠰᠣᠯᠣᠩᠭᠣᠳ ᠠᠢᠮᠠᠭ ᠴᠤ᠌ ᠨᠢᠭᠤᠷ ᠥᠭᠭᠦᠭᠰᠡᠨ ᠦᠭᠡᠢ ᠭᠡᠬᠦ ᠪᠥᠯᠥᠭᠡ᠃ ᠰᠠᠭᠤᠬᠤ ᠨᠤᠲᠤᠭ ᠪᠠᠭᠤᠬᠤ ᠭᠠᠵᠠᠷ ᠵᠢᠭᠠᠵᠤ ᠥᠭᠬᠦ ᠨᠢ ᠪᠠᠢᠲᠤᠭᠠᠢ ᠠᠶᠠᠭᠠᠨ ᠤ᠋ ᠠᠮᠠᠰᠠᠷ ᠵᠠᠭᠤᠯᠭᠠᠭ᠎ᠠ ᠦᠭᠡᠢ ᠤᠤᠭᠠᠯ ᠣᠯᠠᠨ ᠳ᠋ᠤ᠌ ᠲᠠᠲᠠᠪᠤᠷᠢ ᠡᠷᠡᠰ ᠭᠣᠮᠣᠳᠠᠨ ᠴᠥᠬᠥᠬᠦ ᠳ᠋ᠡᠭᠡᠨ ᠠᠯᠲᠠᠨ ᠤᠯᠤᠰ ᠲᠤ᠌ ᠬᠠᠨᠳᠤᠭᠰᠠᠨ ᠭᠡᠳᠡᠭ ᠶᠦᠮ᠃ ᠡᠷᠲᠡᠨ ᠦ᠌ ᠤᠳᠤᠮᠲᠤ ᠶᠡᠬᠡ ᠭᠦᠷᠦᠨ ᠳᠣᠯᠣᠭ᠎ᠠ ᠨᠤᠭᠤᠯᠤᠨ ᠪᠣᠳᠣᠵᠤ ᠭᠠᠭᠴᠠᠬᠠᠨ ᠪᠣᠯᠵᠣᠯ ᠲᠠᠯᠪᠢᠭᠰᠠᠨ ᠶᠤᠮ ᠰᠠᠨᠵᠢ᠃ ᠲᠦᠮᠡᠨ ᠱᠠᠯᠠᠭᠠᠨ ᠳ᠋ᠤ᠌ ᠣᠷᠣᠨ᠎ᠠ ᠭᠡᠮᠡᠨ ᠲᠦᠭᠰᠢᠵᠦ ᠠᠭᠰᠠᠨ ᠲᠠᠲᠠᠪᠤᠷᠢ ᠡᠷᠡᠰ ᠲᠦ᠍ ᠬᠠᠨᠳᠤᠨ᠂ 
       — ᠪᠢᠳᠡ ᠭᠠᠭᠴᠠᠬᠠᠨ ᠪᠣᠯᠵᠣᠯ ᠲᠠᠯᠪᠢᠨ᠎ᠠ᠃ ᠲᠡᠭᠦᠨ ᠢ᠋ ᠦᠶ᠎ᠡ ᠶ᠋ᠢᠨ ᠦᠶ᠎ᠡ ᠳ᠋ᠦ᠍᠂ ᠦᠷ᠎ᠡ ᠳ᠋ᠦ᠍ ᠪᠡᠶᠡᠯᠡᠭᠦᠯᠵᠦ ᠠᠪᠠᠰᠤ ᠡᠵᠡᠮᠰᠢᠨ ᠰᠠᠭᠤᠬᠤ ᠨᠤᠲᠤᠭ᠂ ᠡᠷᠡᠮᠰᠢᠨ ᠥᠨᠳᠡᠢᠬᠦ ᠬᠡᠷᠬᠡᠮ ᠵᠡᠷᠭᠡ ᠣᠯᠭᠣᠰᠤᠭᠠᠢ ᠬᠡᠮᠡᠵᠡᠢ᠃ ᠲᠠᠲᠠᠪᠤᠷᠢ ᠡᠷ᠎ᠡ ᠶ᠋ᠢᠨ ᠬᠢᠨ ᠪᠡᠶᠡᠰᠦᠨ ᠳᠠᠭᠠᠵᠤ ᠰᠥᠰᠥᠯᠡᠨ ᠮᠥᠷᠭᠥᠵᠦ ᠰᠣᠨᠣᠰᠪᠠᠯ᠂ 
       — ᠬᠠᠮᠤᠭ ᠮᠣᠩᠭᠣᠯ ᠤ᠋ᠨ ᠬᠠᠭᠠᠳ ᠢ᠋ ᠪᠠᠷᠢᠨ ᠠᠪᠴᠢᠷᠠᠵᠤ᠂ ᠠᠯᠠᠨ ᠲᠤᠰᠢᠶᠠᠵᠤ ᠪᠠᠢᠰᠤᠭᠠᠢ ᠭᠡᠵᠦ ᠭᠠᠭᠴᠠ ᠯᠠ ᠪᠣᠯᠵᠣᠯ ᠲᠤᠯᠭᠠᠭᠰᠠᠨ ᠭᠡᠬᠦ ᠪᠢᠯᠡ᠃ ᠡᠯ᠎ᠡ ᠬᠠᠲᠠᠭᠤ ᠱᠠᠯᠠᠭ᠎ᠠ ᠶ᠋ᠢ ᠡᠰᠡ ᠳᠠᠭᠠᠵᠤ ᠬᠡᠮᠡᠨ᠎ᠡ ᠬᠠᠨ᠎ᠠ ᠰᠢᠭᠢᠷᠡᠯᠡᠬᠦ ᠪᠠᠭᠤᠷᠢ ᠦᠭᠡᠢ᠂ ᠬᠠᠶᠠᠭ᠎ᠠ ᠪᠠᠨ ᠴᠣᠨᠳᠣᠭᠯᠠᠬᠤ ᠪᠤᠷᠭᠠᠰᠤ ᠦᠭᠡᠢ ᠪᠣᠯᠴᠢᠬᠠᠬᠤ ᠭᠡᠳ ᠪᠠᠢᠵᠠᠢ᠃ ᠡᠢᠨ ᠠᠮᠢ ᠵᠢᠭᠤᠬᠤ ᠶ᠋ᠢᠨ ᠡᠷᠬᠡᠨ ᠳ᠋ᠦ᠍ ᠡᠷᠲᠡᠨ ᠦ᠌ ᠶᠡᠬᠡ ᠭᠦᠷᠦᠨ ᠠᠯᠲᠠᠨ ᠤᠯᠤᠰ ᠤ᠋ᠨ ᠴᠢᠰᠤ ᠲᠠᠢ ᠪᠣᠯᠵᠣᠯ ᠢ᠋ ᠲᠣᠯᠣᠭᠠᠢ ᠭᠣᠳᠣᠢᠨ ᠳᠠᠭᠠᠬᠤ ᠪᠣᠯᠤᠭᠰᠠᠨ ᠦᠦᠬᠡ ᠲᠡᠦᠬᠡ ᠪᠣᠢ ᠶᠤᠮ᠃ ᠬᠥᠩᠬᠥᠷ ᠬᠣᠷᠴᠢ ᠡᠢᠨ ᠬᠤᠨ ᠬᠤᠭᠤᠷ ᠤ᠋ᠨ ᠴᠢᠪᠠᠭᠳᠠᠰᠤ ᠲᠡᠮᠲᠡᠷᠢᠨ ᠳᠣᠮᠣᠭ ᠪᠡᠳᠡᠷᠢᠵᠦ《ᠶᠠᠷᠢ ᠭᠡᠪᠡᠯ ᠶᠠᠷᠢᠰᠤ》 ᠭᠡᠮᠡᠨ ᠦᠭᠡ ᠪᠡᠨ ᠬᠦᠯᠬᠦᠨ ᠡᠪᠯᠡᠭᠦᠯᠵᠦ ᠰᠠᠭᠤᠲᠠᠯ᠎ᠠ ᠬᠤᠲᠤᠭᠲᠤ ᠮᠣᠩᠬᠣᠷ᠂ 
       — ᠬᠠᠭᠠᠨ ᠲᠠ ᠥᠬᠢᠨ ᠢ᠋ᠶ᠋ᠡᠨ ᠥᠭᠭᠦᠶ᠎ᠡ ᠭᠡᠵᠦ ᠭᠤᠶᠤᠭᠰᠠᠨ ᠶᠤᠮ ᠤᠤ? ᠭᠡᠯ᠎ᠡ᠃ ᠪᠠᠰᠠ ᠴᠤ᠌ ᠬᠡᠯᠡᠬᠦ ᠯᠡ ᠦᠭᠡ ᠪᠠᠢᠪᠠ᠃ ᠶᠢᠰᠦᠨ ᠲᠠᠲ᠋ᠠᠷ ᠭᠦᠩᠵᠦ ᠶ᠋ᠢ ᠨᠢ ᠠᠪᠤᠶ᠎ᠠ ᠭᠡᠵᠦ ᠭᠤᠶᠤᠭᠰᠠᠨ ᠪᠣᠯ ᠢᠷᠡᠵᠦ ᠵᠠᠯᠠᠬᠤ ᠶᠣᠰᠣᠲᠠᠢ ᠰᠠᠨᠠᠭᠳᠠᠨ᠎ᠠ᠃ ᠬᠠᠷᠢᠨ ᠬᠠᠭᠠᠨ ᠠᠮᠪᠠᠭᠠᠢ ᠥᠪᠡᠷ ᠢ᠋ᠶ᠋ᠡᠨ ᠬᠠᠲᠤᠨ ᠰᠠᠭᠤᠳᠠᠯ ᠳ᠋ᠤ᠌ ᠴᠢᠨᠢ ᠡᠵᠡᠨ ᠪᠣᠯᠭᠠᠶ᠎ᠠ ᠭᠡᠵᠦ ᠭᠤᠶᠤᠭᠰᠠᠨ ᠪᠣᠯ ᠥᠬᠢᠨ ᠢ᠋ᠶ᠋ᠡᠨ ᠬᠦᠷᠭᠡᠵᠦ ᠥᠭᠬᠦ ᠨᠢ ᠵᠥᠪ ᠪᠣᠳᠣᠭᠳᠠᠨ᠎ᠠ᠃ 
       — ᠬᠤᠲᠤᠭᠲᠤ ᠬᠥᠪᠡᠭᠦᠨ ᠲᠠ ᠪᠣᠯᠭᠣᠭᠠᠨ ᠰᠣᠶᠣᠷᠬ᠎ᠠ! ᠶᠢᠰᠦᠨ ᠲᠠᠲ᠋ᠠᠷ ᠤ᠋ᠨ ᠬᠤᠳᠤᠨ ᠪᠠᠷᠠᠭ ᠨᠣᠶᠠᠨ ᠤ᠋ ᠠᠮᠢᠨ ᠰᠢᠳᠠᠷ᠂ ᠵᠠᠯᠢᠪᠤᠬ᠎ᠠ ᠵᠠᠩᠵᠤᠨ ᠤ᠋ ᠰᠠᠳᠤᠨ ᠰᠦᠯᠪᠡᠭᠡ ᠢᠯᠭᠤᠮᠵᠢ ᠪᠠᠭᠠᠲᠤᠷ ᠢᠷᠡᠵᠦ ᠭᠤᠶᠤᠭᠠᠳ ᠶᠠᠪᠤᠭᠰᠠᠨ ᠪᠢᠯᠡ᠃ ᠮᠢᠨᠦ ᠪᠣᠳᠣᠬᠤ ᠳ᠋ᠤ᠌ ᠣᠴᠢᠬᠤ ᠨᠢ ᠵᠥᠪ ᠶᠦᠮ᠃ 
       — ᠡᠨᠡ ᠶᠡᠬᠡ ᠵᠣᠷᠢᠭ ᠮᠥᠨ ᠪᠢᠯᠡ᠃  
       — ᠲᠡᠨᠡᠭ ᠬᠥᠮᠦᠨ ᠦ᠌ ᠵᠣᠷᠢᠭ ᠨᠢ ᠶᠡᠬᠡ ᠭᠡᠳᠡᠭ ᠢ᠋ ᠭᠠᠳᠠᠷᠯᠠᠨ᠎ᠠ᠃ ᠭᠡᠪᠡᠴᠦ ᠬᠠᠪᠤᠯ ᠰᠡᠴᠡᠨ ᠬᠠᠭᠠᠨ ᠤ᠋ ᠡᠶ᠎ᠡ ᠪᠡᠷ ᠵᠠᠰᠠᠬᠤ ᠤᠬᠠᠭᠠᠨ ᠢ᠋ ᠶᠡᠬᠡᠳᠡ ᠳᠡᠭᠡᠳᠦᠯᠡᠳᠡᠭ ᠦ᠋ᠨ ᠤᠴᠢᠷ ᠬᠥᠯ ᠳ᠋ᠦ᠍ᠨᠢ ᠰᠠᠭᠤᠬᠤ ᠨᠡᠭᠦᠳᠡᠯ ᠬᠢᠵᠦ ᠪᠠᠢᠭ᠎ᠠ ᠶᠤᠮ᠃ 
       — ᠬᠠᠭᠠᠨᠲᠠᠨ ᠮᠢᠨᠢ᠂ ᠥᠬᠢᠨ ᠦ᠌ ᠪᠡᠨ ᠠᠮᠢᠨ ᠳᠡᠭᠡᠷ᠎ᠡ ᠥᠪᠡᠷ ᠦ᠋ᠨ ᠢ᠋ᠶ᠋ᠡᠨ ᠨᠡᠮᠡᠵᠦ ᠠᠯᠳᠠᠪᠠ ᠳᠠ᠂ ᠪᠢ ᠥᠭᠡᠷ᠎ᠡ ᠶᠠᠭᠤ ᠬᠡᠯᠡᠬᠦ ᠪᠣᠢ? 
       — ᠪᠤᠲᠠ ᠬᠠᠶᠠᠵᠤ ᠨᠡᠭᠦᠬᠦ ᠳ᠋ᠦ᠍ ᠬᠣᠵᠢᠯ ᠣᠢᠷ᠎ᠠ ᠪᠠᠢᠳᠠᠭ ᠶᠣᠰᠣ ᠴᠤ᠌ ᠪᠣᠢ᠃ ᠮᠢᠨᠦ ᠪᠣᠳᠣᠬᠤ ᠳ᠋ᠤ᠌ ᠠᠯᠲᠠᠨ ᠤᠯᠤᠰ ᠤ᠋ᠨ ᠠᠷᠭ᠎ᠠ ᠶ᠋ᠢ ᠥᠪᠡᠷ ᠲᠦ᠋ᠨᠢ ᠡᠷᠭᠢᠭᠦᠯᠵᠦ ᠬᠡᠷᠡᠭᠯᠡᠵᠦ ᠪᠣᠢ ᠨᠢ ᠵᠥᠪ ᠮᠡᠲᠦ ᠰᠠᠨᠠᠭᠳᠠᠨ᠎ᠠ ᠭᠡᠳ ᠠᠮᠪᠠᠭᠠᠢ ᠬᠠᠭᠠᠨ ᠥᠪᠡᠷ ᠦ᠋ᠨ ᠪᠣᠳᠣᠯ ᠳ᠋ᠤ᠌ ᠨᠤᠲᠠ ᠪᠠᠲᠤ ᠢᠲᠡᠭᠡᠭᠰᠡᠨ ᠬᠥᠮᠦᠨ ᠦ᠌ ᠲᠠᠯᠪᠢᠭᠤᠨ ᠴᠢᠷᠠᠢ ᠪᠠᠷ ᠪᠦᠭᠦᠳᠡ ᠶ᠋ᠢ ᠲᠣᠭᠣᠷᠢᠭᠤᠯᠤᠨ ᠬᠠᠷᠠᠵᠤ᠂ 
       — ᠲᠦᠮᠡᠨ ᠵᠢᠯ ᠦ᠋ᠨ ᠲᠡᠷᠲᠡᠭᠡ ᠲᠥᠷᠥᠭᠰᠡᠨ ᠪᠡᠶ᠎ᠡ ᠶ᠋ᠢᠨ ᠮᠢᠨᠢ ᠬᠡᠯᠲᠡᠷᠬᠡᠢ ᠶᠢᠰᠦᠨ ᠲᠠᠲ᠋ᠠᠷ ᠲᠠᠢ ᠪᠢᠳᠡ ᠦᠭᠡᠰᠡᠨ ᠨᠢᠭᠡᠳᠴᠦ ᠪᠣᠯᠬᠤ ᠦᠭᠡᠢ ᠨᠢ ᠶᠠᠭᠤ ᠪᠢᠯᠡ᠃ ᠬᠠᠷᠢ ᠬᠣᠯᠠ ᠶ᠋ᠢᠨ ᠠᠯᠲᠠᠨ ᠤᠯᠤᠰ᠂ ᠬᠠᠷ᠎ᠠ ᠡᠯᠢᠭᠡ ᠶ᠋ᠢᠨ ᠰᠠᠭᠤᠷᠢᠨ ᠢᠷᠭᠡᠳ ᠬᠠᠮᠢᠶᠠᠲᠠᠨ ᠰᠠᠳᠤᠨ ᠳ᠋ᠤ᠌ ᠮᠢᠨᠢ ᠢᠯᠳᠦ ᠪᠠᠷᠢᠭᠤᠯᠤᠭᠠᠳ ᠬᠠᠮᠤᠭ ᠮᠣᠩᠭᠣᠯ ᠤ᠋ᠨ ᠡᠰᠡᠷᠭᠦ ᠲᠤᠷᠬᠢᠷᠠᠭᠠᠳ ᠪᠠᠢᠨ᠎ᠠ ᠪᠤᠰᠤ ᠤᠤ? ᠭᠡᠯ᠎ᠡ᠃ 
       ᠬᠠᠭᠠᠨ ᠬᠥᠪᠡᠭᠦᠳ ᠪᠡᠶ᠎ᠡ ᠪᠡᠶ᠎ᠡ ᠪᠡᠨ ᠪᠦᠷᠢᠳᠬᠡᠬᠦ ᠮᠡᠲᠦ ᠬᠠᠷᠠᠪᠠ᠃ ᠬᠤᠲᠤᠭᠲᠤ ᠮᠣᠩᠬᠣᠷ᠂ 
       — ᠳᠣᠯᠣᠭᠤᠯᠠ ᠲᠥᠷᠥᠭᠡᠳ ᠪᠢᠳᠡ ᠲᠠᠪᠤᠭᠤᠯᠠ ᠦᠯᠡᠳᠡᠵᠡᠢ! ᠭᠡᠲᠡᠯ᠎ᠡ ᠠᠮᠪᠠᠭᠠᠢ ᠬᠠᠭᠠᠨ ᠥᠪᠡᠷ ᠦ᠋ᠨ ᠰᠠᠨᠠᠭ᠎ᠠ ᠵᠥᠪ ᠲᠦ᠍ ᠡᠷᠡᠭᠡᠯᠵᠡᠬᠦ ᠶ᠋ᠢ ᠪᠣᠯᠢᠵᠤ᠂ 
       — ᠬᠠᠮᠤᠭ ᠮᠣᠩᠭᠣᠯ ᠤ᠋ᠨ ᠬᠠᠭᠠᠳ ᠪᠢᠳᠡ ᠪᠣᠳᠣᠯ ᠲᠠᠮᠤᠵᠤ᠂ ᠰᠠᠨᠠᠭ᠎ᠠ ᠰᠦᠯᠵᠢᠵᠦ ᠶᠢᠰᠦᠨ ᠲᠠᠲ᠋ᠠᠷ ᠲᠤ᠌ ᠪᠠᠷᠢᠭᠤᠯᠬᠤ ᠪᠤᠭᠤᠢᠯᠢ ᠪᠠᠨ ᠬᠢᠬᠦ ᠴᠠᠭ ᠪᠣᠯᠤᠭᠰᠠᠨ ᠰᠠᠨᠠᠭᠳᠠᠨ᠎ᠠ᠃ ᠴᠢᠰᠤᠨ ᠤᠷᠤᠭ ᠤ᠋ᠨ ᠲᠡᠳᠡᠨ ᠢ᠋ ᠤᠰᠤᠨ ᠲᠥᠷᠥᠯ ᠦ᠋ᠨ ᠬᠢᠲᠠᠳ ᠢᠷᠭᠡᠳ ᠠᠰᠢᠭᠯᠠᠭᠠᠳ ᠪᠠᠢᠬᠤ ᠳ᠋ᠤ᠌ ᠪᠢᠳᠡ ᠶᠠᠭᠤᠨ ᠳᠤᠲᠠᠬᠤ ᠪᠢᠯᠡ᠃ ᠭᠦᠩᠵᠦ ᠪᠡᠨ ᠬᠠᠨ ᠬᠥᠪᠡᠭᠦᠨ ᠳ᠋ᠦ᠍ ᠥᠭᠬᠦ ᠪᠣᠯᠤᠭᠰᠠᠨ ᠮᠢᠨᠢ ᠡᠪᠦᠭᠡᠨ ᠬᠠᠭᠠᠨ ᠤ᠋ ᠦᠭᠡ ᠪᠡᠷ ᠨᠢᠭᠤᠷ ᠦᠭᠡᠢ ᠬᠦᠦ ᠲᠦᠯᠬᠢᠵᠦ ᠪᠣᠢ ᠬᠡᠷᠡᠭ᠃ ᠥᠪᠡᠷ ᠢ᠋ᠶ᠋ᠡᠨ ᠠᠷᠤ ᠠ᠋ᠴᠠ ᠨᠢ ᠬᠥᠰᠬᠡᠯᠡᠨ ᠮᠣᠷᠳᠠᠵᠤ ᠪᠠᠢᠭ᠎ᠠ ᠮᠢᠨᠢ ᠪᠡᠷᠰᠡ ᠬᠥᠳᠡᠯᠵᠦ ᠪᠣᠢ ᠬᠡᠷᠡᠭ᠃ ᠡᠢᠨ ᠴᠠᠭ ᠤ᠋ᠨ ᠰᠠᠯᠬᠢ ᠨᠠᠭᠠᠰᠢ ᠪᠠᠨ ᠡᠷᠭᠢᠪᠡᠰᠦ ᠶᠢᠰᠦᠨ ᠲᠠᠲ᠋ᠠᠷ ᠤ᠋ᠳ ᠠᠯᠲᠠᠨ ᠤᠯᠤᠰ ᠤ᠋ᠨ ᠬᠠᠭᠠᠳ ᠢ᠋ ᠪᠤᠭᠤᠢᠯᠢᠳᠠᠨ ᠠᠪᠴᠢᠷᠠᠵᠤ ᠰᠥᠭᠦᠳᠦᠭᠦᠯᠵᠦ ᠥᠭᠬᠦ ᠪᠤᠰᠤ ᠤᠤ? ᠮᠢᠨᠦ ᠨᠡᠭᠦᠳᠡᠯ ᠡᠢᠨ ᠪᠢᠯᠡ᠃ ᠮᠡᠷᠭᠡᠳ ᠥᠪᠡᠷᠰᠡᠳ ᠢ᠋ᠶ᠋ᠡᠨ ᠲᠤᠩᠭᠠᠭᠲᠤᠨ! ᠭᠡᠪᠡ᠃ ᠬᠤᠷᠠᠯᠳᠠᠢ ᠴᠢᠭᠤᠯᠤᠭᠰᠠᠨ ᠶᠡᠬᠡ ᠲᠠᠯ᠎ᠠ ᠳ᠋ᠤ᠌ ᠨᠠᠮ ᠬᠦᠮᠬᠡᠨ ᠪᠣᠯᠵᠤ᠂ ᠠᠬᠢᠭᠠᠳ ᠠᠮᠲᠠᠲᠠᠨ ᠤ᠋ ᠳᠡᠭᠡᠵᠢ᠂ ᠠᠷᠢᠬᠢᠨ ᠤ᠋ ᠳᠡᠭᠡᠳᠦ ᠠᠯᠠᠭᠯᠠᠬᠤ ᠰᠢᠷᠡᠭᠡᠨ᠎ᠡ ᠡᠷᠬᠢᠮᠰᠦᠨ ᠬᠣᠷᠭᠣᠳᠠᠬᠤ ᠢᠯᠠᠭᠠᠨ ᠤ᠋ ᠳᠠᠭᠤ ᠳᠦᠩᠭᠢᠨᠡᠵᠦ ᠡᠬᠢᠯᠡᠪᠡ᠃ ᠠᠮᠪᠠᠭᠠᠢ ᠬᠠᠭᠠᠨ ᠥᠪᠡᠷ ᠦ᠋ᠨ ᠰᠢᠳᠡᠷ᠎ᠡ ᠶ᠋ᠢ ᠳᠡᠯᠭᠡᠵᠦ ᠪᠡᠷᠰᠡ ᠬᠥᠯ ᠲᠡᠢ ᠪᠡᠷᠢ ᠶ᠋ᠢᠨ ᠨᠡᠭᠦᠳᠡᠯ ᠢ᠋ᠶ᠋ᠡᠨ ᠲᠠᠢᠯᠤᠨ ᠠᠢᠯᠠᠳᠬᠠᠯ᠎ᠠ᠃ ᠬᠠᠨ ᠬᠥᠪᠡᠭᠦᠳ ᠳᠣᠣᠷ᠎ᠠ ᠳᠣᠣᠷ᠎ᠠ ᠪᠠᠨ ᠪᠣᠳᠣᠯ ᠳ᠋ᠤ᠌ ᠠᠪᠲᠠᠪᠠ᠃ ᠶᠡᠷᠦ ᠬᠤᠷᠠᠯᠲᠠᠢ ᠳ᠋ᠤ᠌ ᠬᠤᠷᠠᠵᠤ᠂ ᠬᠤᠪᠢ ᠲᠠᠢ ᠲᠥᠷᠥ ᠶ᠋ᠢᠨ ᠪᠠᠭᠠᠨ᠎ᠠ ᠳ᠋ᠤ᠌ ᠦᠭᠡ ᠢᠪᠡᠵᠦ ᠦᠵᠡᠭᠡ ᠦᠭᠡᠢ ᠲᠣᠳᠣᠢᠨ ᠣᠳᠴᠢᠬᠢᠨ᠂ 
       — ᠬᠠᠭᠠᠨ ᠠᠬ᠎ᠠ ᠶ᠋ᠢᠨ ᠵᠥᠪ ᠰᠠᠨᠵᠠᠢ! ᠭᠡᠯ᠎ᠡ᠃ ᠴᠢᠩᠭᠢᠭᠡᠳ ᠲᠥᠷᠥ ᠶ᠋ᠢᠨ ᠬᠤᠷᠠᠯᠲᠠᠢ ᠳ᠋ᠤ᠌ ᠥᠪᠡᠷ ᠦ᠋ᠨ ᠦᠭᠡ ᠶ᠋ᠢ ᠬᠡᠯᠡᠭᠰᠡᠨ ᠳ᠋ᠡᠭᠡᠨ ᠪᠠᠶᠠᠷ ᠲᠠᠢ ᠬᠠᠩᠬᠠᠯᠵᠠᠨ ᠡᠰᠦᠭ ᠰᠢᠮᠡᠵᠦ᠂ ᠴᠢᠪᠠᠭ᠎ᠠ ᠠᠮᠲᠠᠷᠬᠠᠵᠤ ᠰᠠᠭᠤᠪᠠ᠃ ᠬᠠᠷᠯᠢ ᠺᠤ  ᠢᠵᠢᠢ ᠦᠬᠦᠵᠦ ᠦᠬᠦᠵᠦ ᠦᠯᠡᠳᠡᠭᠰᠡᠨ ᠲᠠᠪᠤᠨ ᠬᠦᠦ ᠪᠡᠨ ᠪᠦᠷᠢᠳᠬᠡᠬᠦ ᠮᠡᠲᠦ ᠨᠢᠳᠦ ᠭᠦᠶᠦᠯᠭᠡᠨ ᠬᠠᠷᠠᠵᠤ᠂ 
       — ᠮᠢᠨᠦ ᠪᠣᠳᠣᠬᠤ ᠳ᠋ᠤ᠌ ᠬᠠᠭᠠᠨ ᠲᠠᠨ ᠤ᠋ ᠵᠥᠪ ᠮᠡᠲᠦ ᠠ᠋! ᠬᠠᠷᠢᠨ ᠭᠦᠩᠵᠦ ᠬᠡᠮᠡᠨ᠎ᠡ ᠭᠦᠩᠵᠦ ᠪᠡᠨ ᠶᠠᠪᠤᠭᠤᠯᠬᠤ ᠤᠤ? ᠭᠡᠵᠦ ᠠᠰᠠᠭᠤᠯ᠎ᠠ᠃《ᠢᠵᠢᠢ ᠬᠠᠲᠤᠨ ᠶᠠᠭᠤ ᠬᠡᠯᠡᠴᠢᠬᠡᠪᠡ》 ᠭᠡᠰᠡᠨ ᠰᠢᠭ ᠬᠠᠨ ᠬᠥᠪᠡᠭᠦᠳ ᠰᠡᠷᠲᠡᠰᠬᠢᠨ ᠬᠠᠷᠠᠵᠤ᠂ ᠬᠠᠶᠠᠭ᠎ᠠ ᠨᠡᠢᠯᠡᠭᠰᠡᠨ ᠨᠤᠲᠤᠭ ᠵᠠᠶᠠᠭ᠎ᠠ ᠨᠢᠭᠡᠳᠦᠭᠰᠡᠨ ᠪᠠᠢᠳᠠᠭ ᠭᠡᠮᠡᠨ ᠬᠤᠷᠠᠯᠲᠠᠢ ᠳ᠋ᠤ᠌ ᠮᠣᠷᠢᠯᠠᠳᠠᠭ ᠳᠣᠲᠣᠷ ᠪᠢᠯᠭᠡ ᠨᠣᠶᠠᠨ᠂ ᠳᠠᠶᠠᠨ ᠬᠠᠨ᠂ ᠲᠣᠷᠯᠣᠭ ᠲᠣᠭᠣᠷᠢᠯ ᠭᠤᠷᠪᠠ ᠳᠡᠮᠡᠢ ᠯᠡ ᠪᠡᠶ᠎ᠡ ᠪᠡᠶ᠎ᠡ ᠶ᠋ᠢ ᠭᠠᠢᠬᠠᠨ ᠰᠢᠷᠲᠡᠵᠡᠢ᠃ ᠪᠦᠭᠦᠳᠡ ᠶ᠋ᠢᠨ ᠭᠠᠢᠬᠠᠰᠢ ᠲᠠᠲᠠᠭᠰᠠᠨ ᠬᠠᠷᠯᠢ ᠺᠤ ᠬᠠᠲᠤᠨ᠂ 
       — ᠬᠥᠩᠬᠥᠷ ᠬᠣᠷᠴᠢ ᠠ᠋᠂ ᠬᠤᠨ ᠬᠤᠭᠤᠷ ᠤ᠋ᠨ ᠤᠴᠢᠷᠯᠠᠯ ᠢ᠋ ᠰᠣᠨᠣᠰᠬᠠᠵᠤ ᠬᠠᠢᠷᠠᠯᠠ ᠭᠡᠵᠦ ᠨᠠᠮᠪᠠᠭ᠎ᠠ ᠲᠠᠢ ᠥᠭᠦᠯᠡᠪᠡ᠃ ᠴᠡᠴᠡᠭ ᠦ᠋ᠨ ᠳᠤᠮᠳᠠᠬᠢ ᠡᠷᠢᠶᠡᠨ ᠣᠯᠪᠣᠭ ᠲᠤ᠌ ᠵᠠᠯᠠᠭᠰᠠᠨ ᠬᠤᠨ ᠬᠤᠭᠤᠷ ᠢ᠋ᠶ᠋ᠠᠨ ᠠᠪᠴᠤ ᠡᠪᠦᠳᠦᠭ ᠳᠡᠭᠡᠷ᠎ᠡ ᠪᠡᠨ ᠲᠠᠯᠪᠢᠭᠠᠳ᠂ 
       — ᠵᠠ᠁ ᠭᠡᠰᠡᠨ ᠢ᠋ᠶ᠋ᠡᠨ ᠬᠥᠪᠴᠢ ᠶ᠋ᠢ ᠨᠢ ᠲᠡᠳᠡᠨ᠂ ᠴᠢᠪᠬᠠᠳᠠᠰᠤᠨ ᠳᠡᠭᠡᠭᠦᠷ ᠬᠡᠳᠦᠨᠲᠡ ᠳᠡᠭᠳᠡᠰᠬᠢᠯᠭᠡᠳ ᠲᠩᠷᠢ ᠶ᠋ᠢᠨ ᠬᠠᠶᠠᠭ᠎ᠠ ᠰᠢᠷᠳᠡᠪᠡ᠃ ᠲᠡᠨᠳᠡ ᠡᠴᠡ ᠶᠡᠬᠡ ᠬᠡᠢᠮᠣᠷᠢ ᠶ᠋ᠢᠨ ᠡᠭᠦᠯᠡᠨ ᠠᠢᠰᠤᠨ ᠶᠠᠪᠤᠬᠤ ᠰᠢᠭ᠋ ᠰᠠᠨᠠᠭᠳᠠᠵᠤ ᠠᠪᠠᠢ᠃ ᠬᠣᠷᠴᠢ ᠬᠣᠭᠣᠯᠠᠢ ᠪᠠᠨ ᠵᠠᠰᠠᠨ ᠨᠢᠳᠦ ᠪᠡᠨ ᠠᠨᠢᠰᠬᠢᠨ ᠠᠶᠠᠯᠭᠤᠯᠪᠠ ᠠ᠋᠃  

            ᠨᠠᠷᠠᠨ ᠰᠠᠷᠠᠨ ᠲᠠᠢ ᠡᠩ ᠵᠢᠨᠳᠠᠭᠠᠷᠬᠠᠵᠤ 
            ᠨᠠᠢ᠍ᠮᠠᠨ ᠵᠣᠪᠬᠢᠰ ᠤ᠋ᠨ ᠵᠢᠯᠣᠭᠣ ᠠᠳᠬᠤᠭᠰᠠᠨ 
            ᠮᠣᠳᠣᠨ ᠴᠡᠨ ᠢᠦᠢ ᠶᠡᠷᠦ ᠬᠦᠴᠦᠷᠬᠡᠭ 
            ᠮᠣᠷᠢᠲᠠᠨ ᠠᠯᠪᠠᠲᠤ ᠨᠤᠭᠤᠳ ᠪᠦᠷ ᠬᠦᠴᠦᠷᠬᠡᠭ  

            ᠬᠦᠴᠦᠷᠬᠡᠭ ᠦ᠋ᠨ ᠡᠮᠦᠨ᠎ᠡ ᠮᠥᠷᠭᠥᠵᠦ ᠳᠠᠭᠠᠭᠰᠠᠨ 
            ᠾᠦᠩᠨᠦ ᠡᠪᠦᠳᠦᠭ ᠲᠦ᠍ ᠰᠥᠭᠥᠳᠴᠦ ᠳᠠᠭᠠᠭᠰᠠᠨ 
            ᠬᠠᠨ ᠤᠯᠤᠰ ᠬᠠᠷ᠎ᠠ ᠬᠣᠣᠷ ᠢ᠋ ᠢᠰᠬᠡᠪᠡ 
            ᠬᠠᠷᠢ ᠲᠥᠷᠥ ᠬᠠᠳᠠᠨ ᠨᠤᠮᠤ ᠶ᠋ᠢ ᠥᠰᠬᠡᠪᠡ  

            ᠲᠠᠪᠤᠨ ᠰᠠᠭᠠᠬᠠᠯᠲᠠ ᠶ᠋ᠢᠨ ᠭᠠᠵᠠᠷ ᠠ᠋ᠴᠠ ᠭᠡᠲᠡᠯ᠎ᠡ 
            ᠲᠠᠯᠪᠢᠭᠰᠠᠨ ᠰᠤᠮᠤ ᠰᠢᠭ᠋ ᠡᠯᠴᠢ ᠢᠷᠡᠪᠡ 
            ᠶᠢᠰᠦᠨ ᠣᠪᠣᠭᠠᠨ ᠤ᠋ ᠳᠠᠢᠲᠠᠢ ᠭᠡᠲᠡᠯ᠎ᠡ 
            ᠢᠷᠦᠭᠡᠯ ᠦ᠋ᠨ ᠶᠡᠬᠡ ᠪᠡᠯᠡᠭ ᠢᠷᠡᠪᠡ᠃  

            ᠥᠯᠵᠡᠢ ᠲᠡᠭᠦᠰ ᠮᠡᠷᠭᠡᠨ ᠴᠠᠨ ᠢᠦᠢ ᠶ᠋ᠢᠨ 
            ᠥᠯᠮᠡᠢ ᠶᠠᠭᠤᠨ ᠳ᠋ᠤ᠌ ᠰᠥᠬᠥᠷᠡᠨ ᠪᠠᠢᠵᠤ 
            ᠭᠦᠷᠦᠨ ᠲᠡᠷᠢᠭᠦᠯᠡᠭᠰᠡᠨ ᠮᠣᠳᠣᠨ ᠲᠠᠨ᠎ᠠ 
            ᠭᠦᠩᠵᠦ ᠪᠡᠨ ᠦᠵᠡᠭᠦᠯᠦᠶ᠎ᠡ! ᠭᠡᠵᠦ ᠭᠤᠶᠤᠪᠠ ᠭᠡᠨ᠎ᠡ

            ᠮᠡᠨᠲᠦ ᠶ᠋ᠢᠨ ᠰᠢᠯᠦᠭ ᠲᠡᠢ ᠴᠡᠴᠡᠨ ᠲᠦᠰᠢᠮᠡᠯ 
            ᠮᠡᠯᠮᠡᠢ ᠶ᠋ᠢᠨ ᠬᠢᠨᠢ ᠡᠮᠦᠨ᠎ᠡ ᠰᠥᠭᠥᠳᠦᠨ ᠰᠠᠭᠤᠵᠤ 
            ᠡᠳᠦᠷ ᠦ᠋ᠨ ᠰᠣᠯᠣᠩᠭ᠎ᠠ ᠰᠢᠭ᠋ ᠠᠮᠢᠲᠠᠨ ᠲᠠᠨ ᠳ᠋ᠤ᠌ 
            ᠡᠪᠦᠷ ᠢ᠋ᠶ᠋ᠡᠨ ᠨᠡᠭᠡᠭᠡᠨ᠎ᠡ! ᠭᠡᠵᠦ ᠱᠠᠯᠠᠪᠠ ᠭᠡᠨ᠎ᠡ

            ᠳᠡᠪᠡᠯ ᠦ᠋ᠨ ᠪᠠᠷᠢᠨᠲᠠᠭ ᠲᠠᠢ ᠪᠤᠷᠬᠠᠳ ᠰᠢᠭ᠋ 
            ᠳᠡᠷᠭᠡᠳᠡ ᠶ᠋ᠢᠨ ᠨᠣᠶᠠᠳ ᠬᠠᠷᠠᠭᠰᠠᠭᠠᠷ ᠠᠲᠠᠯ᠎ᠠ 
            ᠴᠡᠩᠭᠡᠯ ᠲᠡᠢ ᠰᠢᠳᠠᠷᠯᠠᠭᠰᠠᠨ ᠮᠣᠳᠣᠨ 
            ᠴᠡᠴᠡᠭ ᠲᠡᠢ ᠢᠬᠡᠷᠡᠯᠡᠭᠰᠡᠨ ᠭᠦᠩᠵᠦ ᠶ᠋ᠢ ᠬᠠᠷᠠᠪᠠ  

            ᠬᠠᠩᠭᠠᠢ ᠶ᠋ᠢᠨ ᠰᠤᠭᠤ ᠰᠢᠭ᠋ ᠭᠦᠩᠵᠦ ᠴᠦ᠍ ᠪᠣᠢ 
            ᠬᠠᠷᠠᠭᠠᠳ ᠠᠪᠤᠶ᠎ᠠ ᠭᠡᠵᠦ ᠰᠠᠨᠠᠪᠠ ᠭᠡᠨ᠎ᠡ 
            ᠲᠠᠯ᠎ᠠ ᠶ᠋ᠢᠨ ᠢᠨᠵᠠᠭ᠎ᠠ ᠰᠢᠭ᠋ ᠥᠬᠢᠳ ᠣᠯᠠᠨ ᠴᠦ᠍ 
            ᠳᠠᠭᠠᠯᠠᠭᠠᠳ ᠦᠵᠡᠶ᠎ᠡ ᠭᠡᠵᠦ ᠪᠣᠳᠣᠪᠠ ᠭᠡᠨ᠎ᠡ  

            ᠬᠠᠨ ᠤᠯᠤᠰ ᠤ᠋ᠨ ᠬᠠᠭᠠᠳ ᠪᠠᠶᠠᠷᠯᠠᠵᠤ 
            ᠬᠠᠲᠤᠨ ᠵᠢᠶᠣᠤᠰᠡ ᠶ᠋ᠢ ᠳᠠᠷᠬᠠᠯᠠᠪᠠ ᠭᠡᠨ᠎ᠡ 
            ᠲᠥᠷᠥ ᠶ᠋ᠢᠨ ᠭᠦᠩᠵᠦ ᠪᠡᠨ ᠵᠠᠯᠠᠨ᠎ᠠ ᠭᠡᠵᠦ 
            ᠲᠦᠮᠡᠨ ᠣᠯᠠᠨ ᠳ᠋ᠠᠭᠠᠨ ᠵᠠᠷᠯᠠᠪᠠ ᠭᠡᠨ᠎ᠡ  

            ᠴᠠᠭᠠᠨ ᠬᠡᠷᠡᠮ ᠦ᠋ᠨ ᠴᠠᠭᠠᠨ᠎ᠠ ᠠ᠋ᠴᠠ 
            ᠴᠢᠷᠠᠢ ᠵᠢᠰᠦ ᠶ᠋ᠢ ᠨᠢ ᠮᠠᠭᠲᠠᠪᠠ ᠭᠡᠨ᠎ᠡ 
            ᠨᠤᠭᠤᠨ ᠦᠷᠡᠰ ᠦ᠋ᠨ ᠴᠢᠬᠢ ᠳᠡᠯᠡᠰᠲᠡᠯ᠎ᠡ 
            ᠨᠢᠷᠤᠭᠤ ᠳᠣᠷᠣᠭᠣ ᠶ᠋ᠢ ᠨᠢ ᠱᠠᠭᠰᠢᠪᠠ ᠭᠡᠨ᠎ᠡ  

            ᠬᠦᠰᠡᠵᠦ ᠶᠠᠳᠠᠭᠰᠠᠨ ᠴᠠᠨ ᠢᠦᠢ ᠮᠣᠳᠣᠨ 
            ᠬᠦᠯᠢᠶᠡᠵᠦ ᠴᠥᠬᠥᠷᠡᠲᠡᠯ᠎ᠡ ᠱᠠᠭᠰᠢᠪᠠ ᠭᠡᠨ᠎ᠡ 
            ᠳᠠᠰᠤᠨ ᠶᠠᠳᠠᠭᠰᠠᠨ ᠮᠣᠳᠣᠨ ᠴᠡᠨ ᠢᠦᠢ 
            ᠲᠡᠪᠡᠷᠢᠵᠦ ᠵᠡᠭᠦᠳᠦᠯᠡᠲᠡᠯ᠎ᠡ ᠮᠠᠭᠲᠠᠪᠠ ᠭᠡᠨ᠎ᠡ  

            ᠲᠡᠭᠡᠵᠦ ᠲᠡᠭᠡᠵᠦ ᠨᠠᠮᠤᠷ ᠤ᠋ᠨ ᠥᠷᠯᠥᠭᠡ 
            ᠲᠩᠷᠢ ᠶ᠋ᠢᠨ ᠭᠦᠩᠵᠦ ᠰᠢᠭ ᠵᠠᠯᠠᠷᠠᠪᠠ ᠭᠡᠨ᠎ᠡ 
            ᠠᠭᠤᠯᠠᠰ ᠳᠠᠭᠠᠵᠤ ᠴᠤᠪᠤᠮᠠᠷ 
            ᠤᠷᠲᠤ ᠶ᠋ᠢᠨ ᠤᠷᠲᠤ ᠵᠢᠩ ᠢᠷᠡᠵᠦ ᠭᠡᠨ᠎ᠡ  

            ᠢᠩᠭᠢᠵᠦ ᠢᠩᠭᠢᠵᠦ ᠨᠠᠮᠤᠷ ᠤ᠋ᠨ ᠥᠷᠯᠥᠭᠡ 
            ᠢᠵᠢᠢ ᠲᠩᠷᠢ ᠰᠢᠭ ᠵᠠᠯᠠᠷᠠᠪᠠ ᠭᠡᠨ᠎ᠡ 
            ᠤᠯᠤᠰ ᠳᠠᠭᠠᠵᠤ ᠴᠤᠪᠤᠮᠠᠷ 
            ᠤᠶᠠᠩᠭ᠎ᠠ ᠳᠠᠭᠤ ᠲᠠᠢ ᠵᠢᠩ ᠢᠷᠡᠪᠡ ᠭᠡᠨ᠎ᠡ  

            ᠵᠢᠷᠭᠠᠯ ᠲᠠᠢ ᠵᠣᠯᠭᠠᠭᠰᠠᠨ ᠮᠣᠳᠣᠨ ᠬᠠᠭᠠᠨ 
            ᠵᠢᠪᠠᠷ ᠲᠠᠢ ᠲᠩᠷᠢ ᠶ᠋ᠢᠨ ᠡᠭᠦᠯᠡᠨ ᠳᠣᠣᠷ᠎ᠠ 
            ᠶᠠᠭᠠᠨ ᠳᠠᠭᠢᠨᠢ ᠪᠠᠨ ᠬᠠᠷᠠᠪᠠ ᠭᠡᠨ᠎ᠡ 
            ᠢᠨᠠᠭ ᠤ᠋ᠨ ᠪᠥᠵᠢᠭ ᠢ᠋ᠶ᠋ᠡᠨ ᠲᠢᠭᠯᠡᠪᠡ ᠭᠡᠨ᠎ᠡ  

            ᠵᠠᠭᠠᠮ᠎ᠠ ᠶ᠋ᠢᠨ ᠲᠣᠪᠴᠢ ᠪᠠᠨ ᠲᠠᠢᠯᠬᠤ ᠳ᠋ᠤ᠌ 
            ᠽᠠᠮᠪᠤᠯᠢᠩ ᠤ᠋ᠨ ᠴᠡᠴᠡᠭᠡᠰ ᠢᠴᠢᠮᠡᠷ ᠭᠡᠨ᠎ᠡ 
            ᠡᠩᠭᠡᠷ ᠦ᠋ᠨ ᠲᠣᠪᠴᠢ ᠪᠠᠨ ᠲᠠᠢᠯᠬᠤ ᠳ᠋ᠤ᠌ 
            ᠲᠡᠭᠷᠢ ᠶ᠋ᠢᠨ ᠣᠳᠣ ᠭᠢᠯᠪᠠᠮᠠᠷ ᠭᠡᠨ᠎ᠡ  

            ᠲᠠᠰᠢᠶᠠᠨ ᠤ᠋ ᠲᠣᠪᠴᠢ ᠪᠠᠨ ᠮᠤᠯᠲᠤᠯᠬᠤ ᠳ᠋ᠤ᠌ 
            ᠲᠠᠯ᠎ᠠ ᠶ᠋ᠢᠨ ᠲᠤᠯᠤᠭᠠᠳ ᠱᠠᠭᠰᠢᠷᠠᠵᠤ ᠭᠡᠨ᠎ᠡ 
            ᠰᠣᠪᠤᠳᠤᠨ ᠳᠠᠷᠤᠭᠤᠯᠭ᠎ᠠ ᠪᠠᠨ ᠠᠪᠬᠤ ᠳ᠋ᠤ᠌   
            ᠰᠠᠭᠰᠠᠷᠠᠭᠰᠠᠨ ᠦᠰᠦ ᠨᠢ ᠠᠰᠬᠠᠷᠠᠵᠤ ᠭᠡᠨ᠎ᠡ  

            ᠵᠤᠯᠵᠠᠭᠠᠨ ᠤᠬᠠᠭᠠᠨ ᠢ᠋ ᠨᠢ ᠲᠦᠰᠢᠵᠦ ᠥᠰᠬᠡᠭᠰᠡᠨ 
            ᠵᠢᠭᠤᠷᠠᠭᠠᠨ ᠦᠭᠡ ᠦᠭᠡᠢ ᠮᠡᠷᠭᠡᠨ ᠲᠦᠰᠢᠮᠡᠯ 
            —ᠬᠠᠭᠠᠨ ᠣᠷᠳᠣᠨ ᠳ᠋ᠤ᠌ ᠡᠢᠮᠦ ᠥᠬᠢᠨ 
            ᠬᠠᠮᠢᠭ᠎ᠠ ᠠ᠋ᠴᠠ ᠵᠠᠶᠠᠭᠠᠬᠤ ᠪᠣᠢ ᠳᠠ ᠭᠡᠪᠡ ᠭᠡᠨ᠎ᠡ ᠁  

            ᠢᠰᠢᠭᠡᠨ ᠨᠠᠰᠤᠨ ᠠ᠋ᠴᠠ ᠨᠢ ᠡᠪᠡᠢᠯᠡᠵᠦ ᠪᠣᠰᠬᠠᠭᠰᠠᠨ 
            ᠢᠯᠡᠭᠦᠦ ᠦᠭᠡ ᠦᠭᠡᠢ ᠴᠡᠴᠡᠨ ᠲᠦᠰᠢᠮᠡᠯ 
            — ᠭᠦᠩᠵᠦ ᠶ᠋ᠢᠨ ᠵᠠᠶᠠᠭᠠᠨ ᠠ᠋ᠴᠠ ᠢᠯᠡᠭᠦᠦ ᠲᠥᠷᠥᠭᠰᠡᠨ 
            ᠭᠦᠶᠦᠬᠦ ᠤᠬᠠᠭᠠᠨ ᠲᠠᠢ ᠥᠬᠢᠨ ᠪᠠᠢᠨ᠎ᠠ᠁ ᠭᠡᠪᠡ ᠭᠡᠨ᠎ᠡ  

            ᠵᠢᠷᠭᠠᠯ ᠠᠮᠰᠠᠭᠰᠠᠨ ᠴᠠᠨ ᠢᠦᠢ ᠨᠣᠶᠠᠨ 
            ᠵᠠᠩᠵᠤᠨ ᠰᠠᠢᠳ ᠢ᠋ᠶ᠋ᠠᠨ ᠪᠤᠷᠤᠭᠤᠳᠬᠠᠵᠤ 
            ᠴᠠᠭᠠᠵᠠ ᠲᠠᠢ ᠲᠥᠷᠥ ᠶ᠋ᠢᠨ ᠬᠠᠭᠠᠨ ᠡᠷᠬᠡ ᠪᠡᠷ 
            ᠴᠠᠭᠠᠰᠢ ᠨᠢ ᠬᠠᠷᠠᠭᠤᠯᠵᠤ ᠰᠠᠨᠠᠭ᠎ᠠ ᠠᠮᠠᠷᠠᠪᠠ  

            ᠦᠨᠡᠨᠴᠢ ᠰᠢᠳᠠᠷ ᠤ᠋ᠨ ᠢ᠋ᠶ᠋ᠠᠨ ᠪᠤᠯᠠᠰᠢᠨ ᠳᠡᠭᠡᠷ᠎ᠡ  
            ᠦᠵᠡᠰᠬᠦᠯᠡᠩᠲᠦ ᠭᠦᠩᠵᠦ ᠪᠡᠨ ᠲᠡᠪᠡᠷᠢᠨ ᠬᠣᠴᠣᠷᠴᠤ 
            ᠾᠦᠩᠨᠦ ᠭᠦᠷᠦᠨ ᠦ᠌ ᠬᠣᠢᠮᠣᠷ ᠵᠢᠷᠭᠠᠪᠠ 
            ᠬᠦᠰᠡᠯ ᠪᠦᠬᠦᠨ ᠢ᠋ᠶ᠋ᠡᠨ ᠭᠦᠢᠴᠡᠭᠡᠵᠦ ᠴᠡᠩᠭᠡᠪᠡ  

            ᠨᠣᠣᠯᠠᠨ ᠨᠣᠣᠯᠠᠨ ᠵᠢᠷᠭᠠᠬᠤ ᠳ᠋ᠤᠨᠢ 
            ᠨᠣᠮᠣᠬᠠᠨ ᠲᠤᠯᠤᠭᠠᠳ ᠭᠠᠰᠠᠯᠵᠤ ᠪᠠᠢᠪᠠ 
            ᠥᠩᠭᠡᠨ ᠥᠩᠭᠡᠨ ᠲᠤᠰᠢᠶᠠᠬᠤ ᠳ᠋ᠤ᠌ ᠬᠠᠷᠢᠨ 
            ᠦᠨᠡᠭᠡᠨ ᠲᠦᠰᠢᠮᠡᠳ ᠪᠡᠶᠡᠰᠴᠦ ᠪᠠᠢᠪᠠ  

            ᠬᠠᠨ ᠤᠯᠤᠰ ᠤᠬᠠᠭᠠᠨ ᠭᠦᠶᠦᠯᠭᠡᠵᠦ 
            ᠬᠠᠷᠠᠴᠤ ᠶ᠋ᠢᠨ ᠥᠬᠢᠨ ᠲᠡᠪᠡᠷᠢᠭᠦᠯᠦᠭᠰᠡᠨ ᠪᠢᠯᠡ 
            ᠬᠠᠷ᠎ᠠ ᠮᠥᠷ ᠦ᠋ᠨ ᠨᠢᠭᠦᠯ ᠱᠦᠭᠯᠡᠵᠦ 
            ᠬᠠᠭᠠᠨ ᠰᠦᠯᠳᠡ ᠭᠤᠳᠤᠢᠭᠰᠠᠨ ᠭᠡᠳᠡᠭ ᠪᠢᠯᠡ  

            ᠵᠢᠷᠣᠭ᠎ᠠ ᠶᠠᠪᠤᠲᠠᠯᠳᠤ ᠬᠠᠨ ᠭᠦᠩᠵᠦ 
            ᠵᠢᠯᠣᠭᠣ ᠶᠠᠭᠤ ᠶ᠋ᠢ ᠨᠢ ᠠᠳᠬᠤᠭᠰᠠᠨ ᠴᠠᠭ ᠠ᠋ᠴᠠ 
            ᠬᠠᠳᠠ ᠰᠠᠭᠤᠭᠰᠠᠨ ᠾᠦᠩᠨᠦ ᠤᠬᠠᠭᠠᠨ 
            ᠬᠠᠵᠠᠭᠠᠷ ᠲᠠᠢ ᠮᠣᠷᠢ ᠰᠢᠭ᠋ ᠪᠣᠯᠤᠭᠰᠠᠨ ᠪᠢᠯᠡ  

            ᠦᠯᠡᠮᠵᠢ ᠬᠦᠴᠦᠷᠬᠡᠭ ᠦ᠋ᠨ ᠵᠠᠶᠠᠭ᠎ᠠ ᠰᠣᠶᠣᠷᠬᠠᠭᠰᠠᠨ 
            ᠡᠭᠦᠳᠡᠨ ᠰᠦᠯᠳᠡ ᠭᠣᠳᠣᠢᠨ ᠭᠣᠳᠣᠢᠭᠰᠠᠭᠠᠷ 
            ᠲᠡᠮᠡᠴᠡᠵᠦ ᠪᠣᠰᠤᠭᠰᠠᠨ ᠾᠦᠩᠨᠦ ᠭᠦᠷᠦᠨ ᠦ᠌ 
            ᠲᠩᠷᠢ ᠨᠢ ᠬᠡᠭᠡᠷ᠎ᠡ ᠬᠣᠨᠣᠭᠰᠠᠨ ᠪᠢᠯᠡ ᠁  

       ᠬᠤᠭᠤᠷ ᠤ᠋ᠨ ᠠᠶᠠᠯᠭᠤ ᠵᠤᠭᠤᠤᠬᠠᠨ ᠰᠠᠷᠨᠢᠵᠤ᠂ ᠨᠠᠮᠳᠠᠭᠤᠬᠠᠨ ᠠᠨᠢᠷᠯᠠᠪᠠ᠃ ᠬᠥᠩᠬᠥᠷ ᠬᠣᠷᠴᠢ ᠶ᠋ᠢᠨ ᠡᠪᠦᠷ ᠳᠡᠭᠡᠷᠡᠬᠢ ᠬᠤᠨ ᠬᠤᠭᠤᠷ ᠤ᠋ᠨ ᠴᠢᠪᠬᠠᠳᠠᠰᠤᠨ᠎ᠠ ᠬᠥᠪᠴᠢ ᠨᠢ ᠨᠤᠲᠤᠭ ᠭᠦᠶᠦᠭᠰᠡᠨ ᠬᠦᠯᠦᠭ ᠮᠣᠷᠢ ᠰᠢᠭ᠋ ᠳᠡᠭᠳᠡᠰᠬᠢᠭᠡᠳ ᠵᠣᠭᠰᠣᠯ᠎ᠠ᠃ ᠶᠡᠬᠡ ᠬᠤᠷᠠᠯᠲᠠᠢ ᠴᠢᠭᠤᠯᠵᠤ ᠠᠭᠰᠠᠨ ᠬᠣᠷᠬᠤᠨᠤᠭ ᠵᠢᠪᠦᠷ  ᠦ᠋ᠨ ᠠᠭᠤᠳᠠᠮ ᠬᠥᠨᠳᠡᠢ ᠬᠡᠨ ᠨᠢ ᠶᠠᠭᠤ ᠬᠡᠯᠡᠬᠦ ᠶ᠋ᠢ ᠴᠢᠩᠨᠠᠬᠤ ᠮᠡᠲᠦ ᠨᠠᠮ ᠬᠦᠮᠬᠡᠨ ᠪᠣᠯᠤᠯ᠎ᠠ᠃ ᠪᠠᠷᠠᠳᠠᠨᠪᠠᠭᠠᠲᠤᠷ ᠤ᠋ᠨ ᠴᠡᠯ ᠪᠤᠭᠤᠷᠤᠯ ᠦᠰᠦ ᠰᠠᠯᠬᠢᠨ ᠳ᠋ᠤ᠌ ᠨᠠᠮᠢᠷᠠᠵᠤ᠂ ᠬᠤᠲᠤᠭᠲᠤ ᠮᠣᠩᠭᠣᠷ ᠤ᠋ᠨ ᠳᠡᠪᠡᠯ ᠦ᠋ᠨ ᠮᠥᠩᠭᠥᠨ ᠲᠣᠪᠴᠢ ᠡᠳᠦᠷ ᠦ᠋ᠨ ᠣᠳᠣ ᠰᠢᠭ᠋ ᠪᠣᠳᠣᠯᠭᠠᠰᠢᠷᠠᠨ ᠭᠢᠯᠠᠯᠵᠠᠵᠤ ᠪᠠᠢᠪᠠ᠃ ᠬᠣᠲᠣᠯᠠ᠂ ᠬᠠᠭᠠᠨ ᠡᠵᠡᠨ ᠦ᠌ ᠪᠣᠳᠣᠯ ᠤ᠋ᠨ ᠨᠡᠭᠦᠳᠡᠯ ᠳ᠋ᠦ᠍ ᠵᠥᠪ ᠢ᠋ ᠥᠭᠴᠦ ᠡᠰᠡ ᠵᠢᠷᠦᠬᠡᠯᠡᠨ ᠰᠠᠭᠤᠯ᠎ᠠ᠃ ᠠᠮᠠ ᠨᠡᠭᠡᠭᠡᠬᠦ ᠬᠥᠮᠦᠨ ᠡᠰᠡ ᠣᠯᠳᠠᠨ᠎ᠠ᠃ ᠬᠤᠯᠠᠨ ᠪᠠᠭᠠᠲᠤᠷ ᠬᠡᠦᠬᠡᠳ ᠨᠠᠰᠤ ᠪᠠᠨ ᠰᠠᠨᠠᠭᠠᠯᠵᠠᠬᠤ ᠮᠡᠲᠦ ᠪᠡᠭᠡᠪᠡᠩ ᠪᠠᠭᠠᠪᠠᠩ ᠲᠠᠰᠤᠯᠤᠨ ᠡᠮᠬᠦᠯᠡᠪᠡᠴᠦ ᠰᠠᠨᠠᠭ᠎ᠠ ᠨᠢ ᠣᠭᠲᠣ ᠥᠭᠡᠷ᠎ᠡ ᠭᠠᠵᠠᠷ ᠣᠳᠤᠭᠰᠠᠨ ᠮᠡᠲᠦ ᠠᠭᠠᠳ ᠲᠣᠳᠣᠢᠨ ᠣᠳᠴᠢᠬᠢᠨ ᠲᠣᠮᠣ ᠬᠤᠯᠤ ᠲᠠᠢ ᠴᠡᠭᠡ ᠰᠢᠮᠡᠵᠦ ᠵᠤᠭᠠᠴᠠᠨ ᠰᠠᠭᠤᠪᠠ᠃ ᠬᠠᠷᠯᠢ ᠺᠤ ᠡᠬᠡ ᠲᠠᠪᠤᠨ ᠬᠦᠦ ᠡᠴᠡ ᠪᠡᠨ ᠬᠠᠷᠢᠭᠤ ᠬᠦᠯᠢᠶᠡᠨ ᠲᠡᠪᠴᠢᠶᠡᠷᠢ ᠲᠡᠢ ᠰᠢᠷᠲᠡᠬᠦ ᠠᠪᠠᠢ᠃ ᠶᠢᠰᠦᠭᠡᠢ ᠡᠯ᠎ᠡ ᠲᠦᠭᠰᠢᠭᠦᠷᠢᠲᠦ ᠨᠠᠮ ᠭᠦᠮ ᠦ᠋ᠨ ᠳᠤᠮᠳᠠ᠂ ᠮᠥᠨᠥᠬᠡᠨ ᠬᠣᠯᠠ ᠶ᠋ᠢᠨ ᠬᠣᠯᠠ ᠳ᠋ᠤ᠌ ᠲᠩᠷᠢ ᠶ᠋ᠢᠨ ᠬᠠᠶᠠᠭᠠᠨ ᠠ᠋ᠴᠠ ᠠᠢᠰᠤᠬᠤ ᠬᠡᠢ ᠮᠣᠷᠢ ᠶ᠋ᠢᠨ ᠴᠠᠭᠠᠨ ᠡᠭᠦᠯᠡ ᠶ᠋ᠢ ᠥᠨᠳᠡᠯᠵᠡᠨ ᠬᠠᠷᠠᠭᠠᠴᠢᠯᠠᠵᠤ ᠰᠠᠭᠤᠪᠠ᠃ ᠴᠢᠩᠭᠢᠲᠡᠯ᠎ᠡ ᠭᠡᠨᠡᠳᠲᠡ ᠨᠠᠮ ᠭᠦᠮ ᠢ᠋ ᠮᠣᠷᠢᠨ ᠲᠦᠪᠡᠷᠭᠡᠨ ᠴᠣᠴᠢᠭᠠᠵᠤ᠂ ᠡᠨᠡ ᠰᠠᠴᠠᠭᠤ᠂ 
       一 ᠬᠣᠲᠣᠯᠠ᠁ ᠬᠠᠨ ᠬᠣᠲᠣᠯᠠ ᠰᠣᠶᠣᠷᠬ᠎ᠠ! ᠲᠠᠲᠠᠪᠤᠷᠢ ᠬᠠᠲᠤᠨ ᠲᠠᠨᠢ ᠨᠢᠷᠠᠢᠯᠠᠬᠤ ᠨᠢ᠁ ᠭᠡᠬᠦ ᠳᠠᠭᠤᠨ ᠬᠡᠢ ᠮᠣᠷᠢ ᠶ᠋ᠢᠨ ᠴᠠᠭᠠᠨ ᠡᠭᠦᠯᠡ ᠬᠡᠢᠰᠦᠨ ᠨᠡᠭᠦᠬᠦ ᠮᠥᠩᠬᠡ ᠲᠡᠭᠷᠢ ᠶ᠋ᠢᠨ ᠳᠣᠣᠭᠤᠷ ᠴᠤᠤᠷᠢᠶ᠎ᠠ ᠲᠠᠲᠠᠭᠤᠯᠤᠨ ᠰᠣᠨᠣᠰᠳᠠᠪᠠ ᠠ᠋᠃  

              ᠦᠰᠦᠭ ᠠᠮᠢᠯᠠᠭᠤᠯᠤᠭᠴᠢ᠄ ᠤᠷᠠᠨᠴᠢᠮᠡᠭ᠂ ᠡᠩᠬᠡᠪᠠᠲᠤ᠂ ᠡᠷᠳᠡᠨᠢᠭᠤᠸ᠎ᠠ᠂ 
                               ᠮᠥᠩᠭᠥᠨ᠂ ᠣᠶᠤᠨᠴᠢᠮᠡᠭ᠂ ᠠᠯᠲᠠᠨᠴᠡᠴᠡᠭ᠂ ᠬᠡᠷᠡᠢᠳ ᠵᠣᠯ᠂ 
                               ᠬᠡᠷᠡᠢᠳ ᠮᠥᠩᠬᠡᠨᠠᠰᠤᠨ᠂ ᠨᠠᠷᠠᠨᠲᠤᠶᠠᠭ᠎ᠠ᠂ ᠡᠭᠦᠯᠡᠩᠬᠤᠸᠠᠷ᠂ 
                               ᠬᠡᠯᠰᠤᠶᠤᠯ᠂ ᠣᠶᠤᠨᠪᠢᠯᠢᠭ᠌᠂ ᠬᠠᠨ ᠱᠢ ᠵᠢᠶᠦ᠋ᠨ᠂ ᠳᠡᠭᠦᠦᠳᠠᠭᠤᠯᠠ 
                   ᠬᠢᠨᠠᠭᠴᠢ᠄ ᠣᠳᠬᠠᠨᠰᠣ᠎ᠠ᠂ ᠭᠠᠷᠮ᠎ᠠ᠂ ᠬᠡᠷᠡᠢᠳ·ᠵᠣᠯ᠂ ᠡᠭᠦᠯᠡᠩᠬᠤᠸᠠᠷ᠂ ᠪᠠᠯ